ᠠᠪᠤ ᠭᠡᠮᠡᠬᠦ ᠰᠢᠲᠦᠭᠡᠨ ᠠᠭᠤᠯᠠ
ᠨᠡᠶᠢᠲᠡᠯᠡᠭᠰᠡᠨ ᠴᠠᠭ᠄
2025/6/13
      ᠮᠠᠨ ᠤ ᠠᠶᠢᠯ ᠪᠣᠯ ᠵᠡᠬᠦᠨ ᠪᠠᠭᠠᠷᠢᠨ ᠤ ᠪᠠᠶᠠᠨ ᠨᠢᠷᠣᠭᠤ ᠬᠠᠨ ᠠᠭᠤᠯᠠ ᠶᠢᠨ ᠡᠩᠭᠡᠷ᠂ ᠡᠮᠡᠭᠡᠯ ᠤᠨ ᠲᠣᠪᠣᠷᠣᠣ ᠭᠡᠮᠡᠷ ᠰᠢᠬᠢᠳᠭᠡᠭᠲᠡᠭᠰᠡᠨ ᠨᠠᠮᠬᠠᠨ ᠬᠡᠳᠦᠨ ᠲᠣᠯᠣᠭᠠᠳ ᠤᠨ ᠲᠣᠮᠲᠠ ᠪᠠᠶᠢᠷᠢᠯᠠᠲᠠᠬ᠃ ᠠᠶᠢᠯ ᠤᠨ ᠪᠠᠷᠠᠭᠤᠨᠲᠠᠢ ᠦᠩ ᠰᠢᠮᠡᠯᠢᠭ ᠵᠠᠬ᠎ᠠ ᠶᠢᠨ ᠲᠠᠯ᠎ᠠ᠂ ᠣᠰᠣ ᠪᠡᠯᠴᠢᠭᠡᠷ ᠰᠠᠶᠢᠲᠠᠢ ᠲᠠᠷᠪᠣᠯᠵᠢ᠂ ᠣᠭᠤᠷᠴᠤᠬ᠂ ᠪᠠᠶᠠᠨ ᠡᠩᠭᠡᠷ ᠨᠡᠷᠡᠲᠦ ᠬᠦᠨᠳᠡᠢ ᠵᠢᠯᠠᠭ᠎ᠠ ᠲᠠᠢ᠂ ᠶᠡᠬᠡᠯ᠎ᠡ ᠠᠭᠤᠵᠢᠭᠤ ᠠᠮᠢᠲᠣᠷᠠᠲᠠᠬ ᠨᠣᠲᠤᠬ ᠶᠣᠮ᠃ ᠠᠶᠢᠯ ᠤᠨ ᠵᠡᠬᠦᠨᠲᠡᠬᠦᠷ ᠬᠦᠨᠳᠡᠯᠡᠨ ᠬᠦᠭᠡᠮᠲᠦᠭ ᠪᠠᠶᠠᠨ ᠨᠢᠷᠣᠭᠤ ᠠᠴᠠ ᠡᠬᠢ ᠠᠪᠣᠬᠰᠠᠨ ᠪᠠᠶᠠᠨ ᠭᠤᠣᠯ — ᠣᠯᠠᠭᠠᠨᠪᠠᠶᠢᠴᠠ ᠶᠢᠨ ᠭᠤᠣᠯ ᠦᠯᠵᠡᠶᠢᠮᠦ᠋ᠷᠡᠨ ᠤ ᠨᠢᠭᠡᠨ ᠴᠢᠳᠬᠤᠯᠠᠩ ᠪᠣᠯᠣᠨ ᠦᠶᠡᠯᠵᠡᠨ ᠣᠭᠠᠯᠵᠠᠯᠠᠨ ᠣᠷᠣᠰᠲᠠᠬ᠃ ᠪᠢ ᠮᠡᠳᠡᠭᠡ ᠣᠷᠣᠵᠦ ᠠᠯᠬᠤᠵᠦ ᠴᠢᠲᠠᠬᠤ ᠪᠣᠯᠣᠮᠠᠬᠴᠠ ᠡᠨᠡ ᠬᠦ ᠭᠤᠣᠯ ᠤᠨ ᠣᠰᠣᠨ ᠳᠤᠨᠢ ᠣᠮᠪᠠᠨ᠂ ᠮᠦᠰᠦᠨ ᠳᠤᠨᠢ ᠲᠡᠰᠢᠵᠦ ᠵᠢᠭᠠᠰᠣ ᠵᠢᠷᠠᠭᠠᠬᠠᠢ ᠪᠠᠷ ᠨᠢ ᠲᠣᠬᠯᠠᠨ ᠦᠰᠦᠭᠰᠡᠨ ᠪᠢᠯᠡ᠃ ᠡᠨᠡ ᠭᠤᠣᠯ ᠢ ᠦᠭᠰᠦᠨ ᠮᠠᠨᠠᠶᠢᠬᠢᠨ ᠦᠨᠢᠶ᠎ᠡ ᠲᠣᠭᠤᠯ ᠲᠠᠢ ᠪᠠᠨ ᠵᠣᠰᠠᠵᠦ ᠪᠠᠶᠢᠯ᠎ᠠ᠃ ᠡᠨᠡ ᠭᠤᠣᠯ ᠤᠨ ᠣᠰᠣ ᠶᠢ ᠲᠠᠮᠨᠠᠨ ᠣᠣᠭᠤᠵᠦ ᠢᠲᠡᠵᠦ ᠠᠮᠢᠲᠣᠷᠠᠳᠠᠭ ᠪᠠᠶᠢᠯ᠎ᠠ᠃       ᠲᠡᠷᠡ ᠦᠶ᠎ᠡ ᠳᠤ ᠣᠯᠠᠭᠠᠨᠪᠠᠶᠢᠴᠠ ᠠᠶᠢᠯ ᠨᠢ ᠲᠦᠴᠢᠭᠡᠳ ᠯᠡ ᠡᠷᠦᠬᠡ ᠪᠠᠶᠢᠬᠰᠠᠨ ᠶᠣᠮ᠃ ᠮᠠᠨ ᠤ ᠬᠢ ᠬᠤᠶᠠᠷ ᠠᠪᠠᠭ᠎ᠠ ᠶᠢᠨ ᠬᠢ ᠲᠠᠢ ᠬᠠᠮᠲᠣ ᠠᠶᠢᠯ ᠤᠨ ᠵᠡᠬᠦᠨ ᠵᠠᠬ᠎ᠠ᠂ ᠭᠤᠣᠯ ᠤᠨ ᠪᠠᠷᠠᠭᠤᠨ ᠲᠠᠯ᠎ᠠ ᠳᠤ ᠠᠬᠢ ᠬᠦᠵᠢ ᠡᠪᠡᠰᠦ᠂ ᠬᠢᠯᠭᠠᠨ᠎ᠠ ᠣᠷᠭᠤᠲᠠᠬ ᠬᠢᠮᠦᠰᠦᠨ ᠴᠡᠴᠡᠭ᠂ ᠣᠯᠠᠭᠠᠢ᠂ ᠰᠡᠷᠡᠨ᠎ᠡ ᠴᠡᠴᠡᠭ ᠶᠡᠬᠡᠯ᠎ᠡ ᠲᠡᠯᠭᠡᠷᠡᠲᠡᠭ ᠰᠡᠶᠢᠷᠮᠡᠭ ᠴᠢᠯᠠᠭᠤᠳ ᠲᠠᠢ ᠪᠤᠮᠪᠠᠭᠠᠷ ᠬᠤᠸᠠ ᠶᠢᠨ ᠡᠩᠭᠡᠷ ᠨᠣᠲᠣᠬᠯᠠᠵᠦ ᠪᠠᠶᠢᠪᠠ᠃ ᠲᠡᠷᠡ ᠨᠠᠮᠬᠠᠨ ᠬᠤᠸᠠ ᠴᠢᠨᠢ ᠨᠠᠮᠠᠢᠢ ᠬᠠᠮᠤᠬ ᠠᠩᠬ᠎ᠠ ᠲᠡᠭᠷᠢ ᠳᠤ ᠣᠶᠢᠷᠠᠲᠣᠭᠤᠯᠣᠬᠰᠠᠨ ︽ᠲᠣᠮᠣ ᠠᠭᠤᠯᠠ︾᠂ ᠰᠣᠮᠣ ᠣᠷᠣᠬᠰᠠᠨ ᠠᠪᠤ ᠠᠴᠠ ᠪᠠᠨ ᠰᠢᠬᠢᠷ ᠭᠤᠷᠢᠳᠠᠨ ᠬᠦᠯᠢᠶᠡᠳᠡᠭ ᠪᠠᠶᠢᠬᠰᠠᠨ ︽ᠲᠠᠬᠲᠣ ᠠᠭᠤᠯᠠ︾᠂ ᠰᠣᠷᠭᠠᠭᠤᠯᠢ ᠬᠦᠷᠲᠡᠯᠡᠬᠢ ᠵᠠᠮ ᠳᠤ ᠬᠦᠯᠢᠶᠡᠵᠦ ᠦᠵᠡᠭᠲᠡᠲᠡᠭ ︽ᠱᠠᠲᠣ ᠠᠭᠤᠯᠠ︾ ᠶᠤᠮ᠃       ᠮᠠᠨ ᠤ ᠬᠢ ᠬᠤᠷᠤᠭ᠎ᠠ ᠬᠠᠰᠢᠶ᠎ᠠ ᠴᠦᠬᠡᠨ ᠪᠣᠯᠪᠠᠴᠣ ᠠᠷᠭᠠᠯ ᠤᠨ ᠰᠢᠪᠡᠭᠡ ᠪᠠᠨ ᠪᠣᠯ ᠠᠯᠲᠠ ᠬᠢᠷᠢᠲᠡᠢ ᠦᠷᠭᠡᠨ ᠲᠠᠯᠠ ᠭᠠᠷᠣᠢ ᠮᠤᠲᠷ ᠣᠷᠲᠣ ᠪᠠᠷᠢᠲᠠᠬ᠃ ᠨᠠᠷᠢᠨ ᠴᠠᠷᠠᠰᠣᠨ ᠮᠣᠲᠦ ᠪᠠᠷ ᠰᠦᠯᠵᠢᠨ ᠰᠢᠪᠡᠭᠡᠯᠡᠭᠰᠡᠨ ᠡᠨᠡ ᠬᠦ ᠰᠢᠪᠡᠭᠡ ᠶᠢ ᠪᠣᠯ ᠠᠪᠤ ᠬᠦᠷᠦᠨ ᠪᠠᠷᠢᠳᠠᠭ᠃ ᠨᠠᠮᠣᠷ ᠲᠠᠭᠠᠨ ᠠᠪᠤ ᠪᠣᠷᠭᠠᠰᠣ ᠪᠣᠶᠣ ᠲᠡᠯᠡᠳᠦᠨ ᠰᠦᠭᠡᠭ ᠢᠢᠡᠷ ᠠᠲᠠᠭᠠᠷ᠂ ᠠᠷᠤᠬ᠂ ᠪᠦᠮᠪᠦᠭᠡᠨ ᠣᠷᠣᠢ ᠲᠠᠢ ᠬᠦᠮᠦᠷᠭᠡ ᠬᠦᠷᠦᠵᠦ᠂ ᠡᠪᠡᠰᠦ ᠬᠠᠲᠣᠬᠤ ᠣᠶᠢᠷᠠᠲᠣᠪᠠᠯ ᠠᠭᠤᠯᠠᠨ ᠳᠤ ᠭᠠᠷᠴᠣ ᠣᠯᠢᠶᠠᠰᠣᠨ ᠮᠣᠲᠣᠨ ᠰᠠᠨᠲᠣᠣ ᠶᠢᠨ ᠡᠰᠢ ᠰᠣᠩᠭᠤᠵᠦ᠂ ᠴᠠᠭᠠᠯᠠᠵᠦ ᠡᠰᠢᠯᠡᠵᠦ ᠬᠦᠯᠢᠶᠡᠲᠡᠭ᠃ ᠬᠠᠶᠠ ᠪᠠᠰᠠ ᠬᠢᠯᠪᠡᠷ ᠪᠦᠲᠦᠬᠦᠯᠢᠭ ᠰᠢᠷᠡᠭᠡ ᠰᠠᠨᠲᠠᠯᠢ ᠬᠢᠬᠦ᠂ ᠲᠡᠷᠭᠡᠨ ᠠᠷᠠᠯ ᠴᠠᠪᠴᠢᠨ ᠬᠢᠷᠦᠭᠡᠲᠡᠵᠦ᠂ ᠬᠠᠷᠠᠭᠤᠯᠲᠠᠨ ᠣᠬᠰᠠᠷᠠᠬᠤ᠂ ᠠᠨᠵᠢᠰᠣ ᠰᠠᠪᠠᠷ ᠁ ᠭᠡᠬᠦᠴᠢᠯᠡᠨ ᠭᠠᠷ ᠵᠠᠭᠤᠷ᠎ᠠ ᠶᠢᠨ ᠬᠡᠷᠡᠭᠰᠡᠯ ᠳᠤ ᠶᠠᠭᠠᠷᠠᠵᠦ ᠯᠡ ᠪᠠᠶᠢᠲᠠᠬ᠃ ᠠᠪᠤ ᠲᠠᠮᠠᠬᠢ ᠲᠠᠲᠠᠲᠠᠬ ᠦᠭᠡᠢ᠂ ᠠᠷᠢᠬᠢ ᠶᠢ ᠪᠣᠯ ᠲᠦᠴᠢ ᠵᠢᠰᠦᠨ ᠨᠠᠰᠣᠨ ᠠᠴᠠ ᠡᠬᠢᠯᠡᠵᠦ ᠬᠦᠷᠲᠡᠯ᠎ᠡ ᠭᠡᠲᠡᠭ᠃       ᠡᠪᠦᠯ ᠤᠨ ᠬᠦᠢᠲᠡᠨ ᠳᠤ ᠠᠬ᠎ᠠ ᠲᠡᠬᠦᠦ ᠪᠢᠳᠡ ᠬᠡᠲᠦᠬᠦᠯᠡ ᠡᠷᠳᠡᠯᠡᠨ ᠪᠣᠰᠣᠯ ᠦᠭᠡᠢ ᠬᠦᠨᠵᠢᠯᠡ ᠳᠡᠭᠡᠨ ᠪᠣᠯᠲᠠᠯᠵᠠᠵᠦ ᠠᠲᠣᠯᠵᠡᠵᠦ ᠪᠠᠶᠢᠲᠠᠯ᠎ᠠ ᠡᠵᠢ ᠭᠠᠯ ᠲᠦᠯᠡᠨ ᠭᠡᠷ ᠲᠣᠯᠠᠭᠠᠯᠠᠵᠦ᠂ ᠴᠠᠢ ᠪᠣᠴᠠᠯᠬᠤ ᠶᠢᠨ ᠬᠢᠨᠢ ᠦᠶ᠎ᠡ ᠪᠠᠷ ᠴᠠᠭᠠᠨ ᠣᠲᠣᠮᠠᠯ ᠬᠤᠨᠢᠨ ᠠᠷᠠᠰᠣᠨ ᠲᠡᠪᠡᠯ ᠲᠠᠢ ᠠᠪᠤ ᠮᠢᠨᠢ ᠰᠠᠬᠠᠯ ᠳᠠᠭᠠᠨ ᠮᠦᠰᠦ ᠲᠠᠢ᠂ ᠮᠦᠷᠦ ᠲᠠᠯᠣᠨ ᠳᠠᠭᠠᠨ ᠡᠪᠡᠰᠦ ᠬᠤᠮᠠᠬ ᠨᠠᠭᠠᠯᠲᠣᠭᠤᠯᠣᠨ ᠣᠷᠣᠵᠦ ᠢᠷᠡᠭᠡᠳ ᠲᠡᠪᠡᠯ ᠢᠢᠡᠨ ᠬᠦᠪᠢᠨ ᠰᠡᠭᠰᠦᠷᠴᠦ ᠪᠠᠶᠢᠲᠠᠬ᠃ ᠬᠤᠵᠢᠮ ᠨᠢ ᠮᠡᠳᠡᠬᠦ ᠳᠤ ᠠᠪᠤ ᠮᠢᠨᠢ ᠦᠷᠯᠦᠭᠡ ᠪᠣᠯᠭᠠᠨ ᠭᠡᠭᠡᠷ᠎ᠡ ᠭᠠᠷᠴᠣ ᠬᠡᠳᠦᠨ ᠠᠷᠤᠬ ᠠᠷᠭᠠᠯ ᠲᠡᠬᠦᠨ ᠣᠪᠣᠭᠠᠯᠠᠭᠠᠳ ᠬᠠᠷᠢᠵᠦ ᠢᠷᠡᠬᠦ ᠳᠡᠭᠡᠨ ᠨᠢᠭᠡ ᠠᠷᠤᠬ ᠠᠷᠭᠠᠯ ᠡᠬᠦᠷᠴᠦ ᠢᠷᠡᠲᠡᠭ ᠪᠠᠶᠢᠵᠠᠢ᠃ ᠠᠪᠤ ᠶᠢᠨ ᠮᠢᠨᠢ ᠬᠦᠴᠦ ᠪᠠᠷ ᠭᠤᠯᠤᠮᠳᠠ ᠶᠢᠨ ᠮᠢᠨᠢ ᠭᠠᠯ ᠲᠦᠯᠦ ᠠᠰᠠᠨ ᠲᠦᠷᠡᠯᠵᠡᠵᠦ ᠪᠠᠶᠢᠲᠠᠬ ᠰᠠᠨ᠃       ᠮᠠᠨ ᠤ ᠬᠢ ᠡᠪᠦᠯ ᠤᠨ ᠰᠡᠬᠦᠯ ᠭᠡᠬᠦ ᠳᠤ ᠯᠡ ᠠᠷᠭᠠᠯ ᠤᠨ ᠬᠠᠰᠢᠶ᠎ᠠ ᠪᠠᠨ ᠲᠦᠬᠦᠷᠭᠡᠬᠦ ᠪᠠᠷ ᠪᠠᠷᠠᠬᠤ ᠦᠭᠡᠢ᠂ ᠬᠦᠯᠲᠡᠬᠦᠰᠦ ᠶᠢ ᠨᠢ ᠭᠠᠲᠠᠭᠤᠷ ᠨᠢ ᠵᠡᠷᠭᠡᠯᠡᠨ ᠵᠢᠵᠢᠭ ᠠᠷᠭᠠᠯ ᠤᠳ ᠢ ᠨᠢ ᠲᠣᠲᠣᠷ᠎ᠠ ᠨᠢ ᠴᠢᠳᠬᠤᠵᠦ ᠣᠷᠲᠣᠬᠠᠨ ᠲᠠᠯᠠᠩ ᠲᠠᠢ᠂ ᠣᠷᠠᠨ ᠪᠠᠷᠢᠯᠭ᠎ᠠ ᠬᠡᠮᠡᠷ ᠶᠠᠭᠤᠮ᠎ᠠ ᠪᠣᠰᠬᠠᠲᠠᠬ᠃ ᠪᠢ ᠶᠡᠷᠦ ᠠᠴᠠ ᠠᠪᠤ ᠶᠢᠨ ᠢᠢᠡᠨ ᠠᠵᠢᠯ ᠶᠠᠪᠣᠲᠠᠯ ᠦᠭᠡᠢ ᠵᠠᠯᠬᠠᠭᠤᠷᠠᠨ ᠬᠡᠪᠲᠡᠲᠡᠭ ᠢ ᠨᠢ ᠦᠵᠡᠭᠡ ᠦᠭᠡᠢ᠃ ᠮᠠᠨᠠᠶᠢᠬᠢᠨ ᠵᠢᠷᠭᠤᠭᠠᠨ ᠠᠮᠠ ᠬᠦᠮᠦᠨ ᠪᠣᠯᠪᠠᠴᠣ ᠭᠠᠴᠢᠬ ᠵᠢᠯ ᠤᠳ ᠴᠦ ᠭᠡᠲᠡᠰᠦ ᠲᠣᠮᠲᠠᠭᠤᠷ᠂ ᠬᠤᠪᠴᠠᠰᠣ ᠴᠣᠭᠤᠷᠬᠠᠢ ᠶᠠᠪᠣᠭ᠎ᠠ ᠦᠭᠡᠢ᠃ ᠠᠪᠤ ᠮᠢᠨᠢ ᠠᠶᠢᠯ ᠭᠡᠷ ᠢᠢᠡᠨ ᠲᠣᠲᠣᠮᠲᠠᠵᠦ ᠶᠠᠪᠣᠬᠤ ᠣᠬᠠᠭᠠᠨ ᠲᠠᠢ ᠪᠣᠯᠪᠠᠴᠣ ᠲᠣᠮᠣᠬᠠᠨ ᠬᠦᠰᠡᠯᠡᠩ ᠲᠠᠢ ᠨᠢᠭᠡᠨ ᠪᠢᠰᠢ ᠶᠣᠮ᠃ ᠪᠠᠭ᠎ᠠ ᠳᠠᠭᠠᠨ ᠯᠠᠮᠠ ᠪᠣᠯᠵᠦ ᠰᠦᠮ᠎ᠡ ᠳᠤ ᠱᠠᠪᠢᠯᠠᠬᠰᠠᠨ ᠭᠡᠲᠡᠭ ᠴᠦ ᠨᠣᠮ ᠢ ᠨᠢ ᠭᠠᠯᠲᠠᠵᠦ ᠲᠠᠬᠢᠯ ᠢ ᠨᠢ ᠨᠣᠷᠠᠭᠠᠴᠢᠬᠠᠬᠤ ᠪᠠᠷ ᠠᠶᠢᠯ ᠪᠦᠯᠢ ᠪᠣᠯᠵᠦ ᠪᠢᠳᠡᠨ ᠢ ᠲᠦᠷᠦᠬᠦᠯᠦᠨ ᠦᠰᠭᠡᠭᠰᠡᠨ ᠠᠵᠢ᠃       ᠮᠠᠨ ᠤ ᠠᠶᠢᠯ ᠠᠴᠠ ᠬᠦᠮᠪᠦᠮ᠂ ᠯᠾᠠᠰᠠ ᠬᠦᠷᠲᠡᠯ᠎ᠡ ᠠᠯᠲᠠᠷᠰᠢᠬᠰᠠᠨ ᠡᠷᠳᠡᠮᠲᠡᠢ ᠯᠠᠮᠠ ᠭᠠᠷᠣᠬᠰᠠᠨ ᠭᠡᠲᠡᠭ᠃ ᠭᠡᠪᠡᠴᠦ ᠠᠶᠢᠯ ᠳᠠᠭᠠᠨ ᠠᠮᠢᠲᠣᠷᠠᠲᠠᠬ ᠬᠠᠭᠤᠴᠢᠨ ᠬᠦᠮᠦᠰ ᠤᠨ ᠲᠣᠲᠣᠷ᠎ᠠ ᠠᠴᠠ ᠮᠣᠩᠭᠤᠯ ᠲᠦᠪᠡᠳ ᠬᠡᠯᠡ ᠶᠢ ᠭᠠᠶᠢᠭᠤᠢ ᠮᠡᠳᠡᠳᠡᠭ ᠨᠢ ᠬᠡᠳᠦᠬᠡᠨ ᠵᠢᠯ ᠮᠠᠮᠠ ᠪᠣᠯᠣᠬᠰᠠᠨ ᠠᠪᠤ ᠮᠢᠨᠢ ᠶᠣᠮ᠃ ︽ᠭᠤᠷᠪᠠᠨ ᠣᠯᠣᠰ ᠤᠨ ᠦᠯᠢᠭᠡᠷ︾ ︽ᠡᠷᠳᠡᠨᠢ ᠶᠢᠨ ᠰᠠᠩ ᠰᠣᠪᠠᠰᠢᠲᠢ︾ ︽ᠨᠢᠭᠡᠨ ᠲᠠᠪᠬᠤᠷ ᠠᠰᠠᠷ︾ ︽ᠬᠤᠶᠢᠲᠣ ᠯᠢᠶᠣᠣ ᠣᠯᠣᠰ ᠤᠨ ᠦᠯᠢᠭᠡᠷ︾ ᠁ ᠵᠡᠷᠭᠡ ᠶᠢ ᠣᠩᠰᠢᠵᠦ ᠪᠠᠶᠢᠬᠰᠠᠨ ᠯᠠ ᠳ᠋ᠠ᠃ ᠨᠠᠶᠠᠨ ᠨᠠᠰᠣᠯᠠᠴᠢᠬᠠᠭᠠᠳ ︽ᠲᠡᠯᠡᠬᠡᠢ ᠶᠢᠨ ᠣᠳᠬ᠎ᠠ ᠵᠣᠬᠢᠶᠠᠯ︾ ᠰᠡᠳᠬᠦᠯ ᠢ ᠠᠮᠲᠠᠷᠬᠠᠨ ᠣᠩᠰᠢᠵᠦ ᠪᠠᠶᠢᠯ᠎ᠠ᠃       ᠠᠪᠤ ᠮᠠᠨᠣᠰ ᠤᠨ ᠪᠢᠴᠢᠭ ᠰᠣᠷᠬᠤ ᠶᠢ ᠲᠡᠮᠵᠢᠲᠡᠭ ᠪᠣᠯᠪᠠᠴᠣ ᠲᠡᠷᠢᠬᠦᠯᠡᠬᠦ ᠪᠣᠶᠣ ᠣᠨᠴᠠ ᠳ᠋ᠦᠩ ᠠᠪᠬᠤ ᠮᠡᠲᠦ ᠶᠢᠨ ᠱᠠᠭᠠᠷᠲᠠᠯᠭ᠎ᠠ ᠲᠠᠯᠪᠢᠲᠠᠬ ᠦᠭᠡᠢ᠃ ᠬᠠᠷᠢᠨ ︽ᠬᠦᠮᠦᠨ ᠪᠣᠯᠪᠠᠯ ᠰᠣᠷᠲᠠᠯ ᠰᠣᠷᠭᠠᠯ ᠲᠠᠢ ᠠᠮᠢᠲᠣᠷᠠᠬᠤ ᠶᠣᠮ ᠰᠢᠦ︕︾ ᠭᠡᠲᠡᠭ᠃ ᠵᠠᠯᠬᠠᠭᠤᠷᠠᠬᠤ᠂ ᠬᠤᠲᠠᠯ ᠬᠡᠯᠡᠬᠦ᠂ ᠮᠡᠬᠡᠯᠡᠬᠦ᠂ ᠬᠤᠨᠵᠢᠬᠤ᠂ ᠯᠠᠷᠵᠢᠶᠠᠯᠠᠬᠤ᠂ ᠬᠤᠯᠠᠭᠠᠢ ᠬᠢᠬᠦ ᠶᠢ ᠮᠠᠰᠢ ᠵᠢᠭᠰᠢᠲᠡᠭ ᠪᠢᠯᠡ᠃       ᠮᠢᠨᠦ ᠠᠪᠤ ᠪᠣᠯ ᠦᠨᠡᠨ ᠢᠢᠡᠨ ᠬᠡᠯᠡᠭᠡᠳ ᠦᠪᠡᠷ ᠤᠨ ᠴᠣᠬᠯᠠᠭᠤᠯᠣᠬᠰᠠᠨ ᠬᠦᠷᠦᠩᠭᠡ ᠪᠠᠨ ᠢᠲᠡᠭᠡᠳ ᠠᠮᠢᠲᠣᠷᠠᠬᠰᠠᠨ ᠰᠢᠲᠣᠷᠭᠤ ᠬᠦᠮᠦᠨ ᠶᠣᠮ᠃ ᠦᠪᠡᠷ ᠢᠢᠡᠨ ᠰᠢᠷᠡᠭᠡᠨ ᠲᠦᠷᠪᠡᠨ ᠬᠦᠯ ᠮᠡᠲᠦ ᠲᠦᠷᠪᠡᠨ ᠬᠦᠦ ᠲᠠᠢ ᠪᠠᠶᠢᠲᠠᠯ᠎ᠠ ᠠᠯᠢ ᠨᠢᠭᠡ ᠭᠡᠷ ᠤᠨ ᠠᠬᠠᠮᠠᠳ ᠨᠢ ᠦᠬᠢᠨ ᠢᠢᠡᠨ ᠬᠠᠷᠢ ᠳᠤ ᠮᠣᠷᠲᠠᠭᠤᠯᠬᠤ ᠪᠣᠶᠣ ᠪᠠᠷᠢ ᠪᠠᠭᠤᠯᠭᠠᠪᠠᠯ ᠬᠡᠦᠬᠡᠨ ᠲᠠᠨᠢᠭᠤᠯᠣᠨ᠎ᠠ ᠭᠡᠲᠡᠯ᠎ᠡ ᠮᠦᠷᠬᠦᠬᠦᠯᠦᠨ᠎ᠡ ᠭᠡᠳ ᠠᠷᠢᠬᠢ ᠪᠣᠣᠪᠤ ᠲᠠᠢ ᠢᠷᠡᠲᠡᠭ᠃ ᠭᠤᠶᠣᠯᠭᠠᠨ ᠱᠠᠯᠠᠭᠤᠯᠣᠬᠰᠠᠭᠠᠷ ᠪᠠᠶᠢᠵᠦ ᠭᠤᠷᠪᠠᠨ ᠮᠦᠷᠬᠦᠬᠦᠯᠦᠭᠰᠡᠨ ᠦᠬᠢᠨ ᠲᠠᠢ ᠪᠣᠯᠴᠢᠬᠠᠬᠤ ᠪᠠᠷ ᠪᠢᠳᠡ ᠠᠷᠠᠢ ᠭᠡᠵᠦ ᠬᠡᠯᠡᠵᠦ ᠢᠳᠬᠠᠵᠦ ᠪᠠᠶᠢᠭᠠᠳ ᠵᠣᠬᠰᠣᠭᠠᠬᠰᠠᠨ ᠶᠣᠮ᠃ ᠲᠡᠶᠢᠮᠦ ᠪᠢᠰᠢ ᠪᠣᠯ ᠬᠡᠳᠦᠨ ᠴᠦ ᠦᠬᠢᠨ ᠲᠠᠢ ᠪᠣᠯᠬᠤ ᠶᠢ ᠪᠣᠣ ᠮᠡᠳᠡ᠃       ᠠᠪᠤ ᠵᠣᠭᠤᠬ ᠢ ᠰᠢᠮᠡᠲᠡᠢ ᠶᠠᠷᠢᠲᠠᠬ ᠪᠣᠯᠪᠠᠴᠣ ᠮᠡᠷᠭᠡᠯᠡᠲᠡᠭ ᠦᠭᠡᠢ᠃ ᠴᠡᠴᠡᠨ ᠮᠡᠷᠭᠡᠨ ᠦᠭᠡ ᠶᠢ ᠴᠡᠭᠡᠵᠢᠯᠡᠭᠰᠨᠨ ᠪᠣᠯᠪᠠᠴᠣ ᠰᠠᠶᠢᠬᠠᠨ ᠦᠭᠡ ᠶᠢᠨ ᠣᠷᠣᠨ ᠳᠤ ᠵᠠᠷᠣᠲᠠᠬ ᠦᠭᠡᠢ ᠪᠢᠯᠡ᠃ ᠰᠢᠨ᠎ᠡ ᠵᠢᠯ ᠴᠠᠭᠠᠨ ᠰᠠᠷ᠎ᠠ ᠰᠠᠲᠣᠨ ᠲᠦᠷᠦᠯ᠂ ᠠᠶᠢᠯ ᠠᠶᠢᠮᠠᠬ ᠤᠨ ᠬᠢᠨ ᠵᠣᠯᠭᠠᠯᠲᠠ ᠪᠠᠷ ᠢᠷᠡᠭᠡᠳ ᠮᠦᠷᠬᠦᠪᠡᠯ ︽ᠰᠡᠳᠬᠢᠯ ᠠᠮᠣᠷ ᠶᠠᠪᠤ ᠡ︕︾ ᠭᠡᠮᠡᠨ ᠢᠷᠦᠭᠡᠲᠡᠭ᠃       ᠠᠪᠤ ᠮᠢᠨᠢ ᠰᠢᠮ᠎ᠡ ᠵᠢᠷᠲᠢᠨᠴᠦ ᠳᠤ ᠨᠠᠶᠠᠨ ᠵᠢᠷᠭᠤᠭᠠᠨ ᠨᠠᠰᠣ ᠶᠢ ᠵᠣᠭᠤᠬᠯᠠᠵᠦ ᠲᠦᠷᠰᠦ ᠶᠢᠨ ᠵᠢᠷᠲᠢᠨᠴᠦ ᠳᠤ ᠶᠠᠪᠣᠴᠢᠬᠠᠯ᠎ᠠ᠃ ᠠᠪᠤ ᠮᠢᠨᠢ ᠠᠯᠲᠠᠷ ᠴᠣᠣᠲᠣ ᠬᠦᠮᠦᠨ ᠪᠢᠰᠢ᠂ ᠡᠭᠡᠯ ᠵᠢᠷ ᠤᠨ ᠮᠠᠯᠴᠢᠨ ᠬᠦᠮᠦᠨ ᠶᠣᠮ ᠡ᠃ ᠠᠮᠢᠲᠣ ᠳᠠᠭᠠᠨ ᠠᠶᠢᠯ ᠭᠡᠷ ᠤᠨ ᠢᠢᠡᠨ ᠲᠦᠰᠢᠭ᠂ ᠦᠷ᠎ᠡ ᠬᠡᠦᠬᠡᠳ ᠤᠨ ᠢᠢᠡᠨ ᠦᠮᠦᠭ — ᠠᠭᠤᠯᠠ ᠪᠠᠶᠢᠬᠰᠠᠨ᠃ ᠠᠶᠠᠷᠯᠠᠯ᠎ᠠ ᠴᠦ ᠭᠡᠳ ᠰᠡᠳᠬᠢᠯ ᠳᠤ ᠨᠡᠬᠦᠭᠡᠳ ᠨᠠᠷᠠ ᠵᠦᠪ ᠠᠮᠢᠲᠣᠷᠠᠬᠤ ᠶᠢᠨ ᠵᠦᠭᠯᠡᠬᠦᠷ ᠪᠣᠯᠣᠬᠰᠠᠨ ᠰᠢᠲᠦᠭᠡᠨ ᠠᠭᠤᠯᠠ ᠪᠢᠯᠡ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ