ᠮᠠᠰᠢᠨ ᠲᠡᠷᠬᠡ ᠵᠢᠯᠤᠭᠤᠳᠬᠤ ᠳᠠᠭᠠᠨ ᠠᠶᠤᠯ ᠦᠬᠡᠢ ᠪᠦᠰᠡ ᠪᠦᠰᠡᠯᠡᠬᠦ ︵ᠪᠤᠶᠤ ᠳᠤᠭᠤᠯᠠᠭ᠎ᠠ ᠵᠡᠬᠦᠬᠦ︶᠂ ᠬᠤᠷᠳᠤᠴᠠ ᠬᠡᠳᠤᠷᠡᠬᠦᠯᠬᠦ ᠦᠬᠡᠢ ᠪᠠᠶᠢᠬᠤ ᠶᠢ | ᠠᠩᠬᠠᠷᠴᠤ᠂ ᠠᠷᠢᠬᠢ ᠤᠤᠭᠤᠪᠠᠯ ᠮᠠᠰᠢᠨ ᠵᠢᠯᠤᠭᠤᠳᠬᠤ ᠦᠬᠡᠢ ᠪᠠᠶᠢᠬᠤ ᠨᠢ ᠵᠠᠮ ᠬᠠᠷᠢᠯᠴᠠᠭᠠᠨ ᠤ ᠰᠢᠷᠬᠠᠳᠤᠯ ᠬᠡᠮᠳᠤᠯ ᠢ ᠦᠨᠡᠡ ᠬᠦ ᠴᠦᠬᠡᠳᠬᠡᠵᠤ ᠲᠡᠶᠢᠯᠳᠡᠭ᠃ | ᠪᠦᠬᠦ ᠲᠡᠯᠡᠬᠡᠢ ᠶᠢᠨ ᠵᠢᠯ ᠪᠤᠯᠭᠠᠨ ᠤ ᠠᠶᠠᠨ ᠵᠠᠮ ᠳᠠᠭᠠᠨ ᠮᠠᠰᠢᠨ ᠲᠡᠷᠬᠡ ᠮᠦᠷᠬᠦᠯᠳᠦᠭᠰᠡᠡ ᠠᠴᠠ ᠪᠤᠯᠵᠤ ᠠᠮᠢ ᠪᠠᠨ ᠬᠤᠷᠤᠭᠠᠭᠰᠠᠠ ᠬᠦᠮᠤᠨ ᠤ ᠳᠤᠭ᠎ᠠ | ᠪᠠᠷᠤᠭ 120 ᠲᠦᠮᠨ ᠳᠤ ᠬᠦᠷᠳᠡᠭ᠃ ᠡᠨᠡ ᠨᠢ ᠪᠦᠬᠦ ᠲᠡᠯᠡᠬᠡᠢ ᠶᠢᠨ ᠦᠬᠦᠵᠤ ᠠᠳᠡᠭᠰᠡᠡ ᠬᠦᠮᠤᠨ ᠤ ᠶᠠᠷᠤᠩᠬᠡᠢ ᠳᠤᠭᠠᠨ ᠤ 2.1% ᠶᠢ ᠡᠵᠡᠯᠡᠵᠤ ᠪᠤᠢ᠃ | ᠡᠬᠦᠨ ᠠᠴᠠ ᠭᠠᠳᠠᠨ᠎ᠠ ᠪᠠᠰᠠ ᠬᠡᠳᠤᠨ ᠵᠠᠭᠤᠨ ᠲᠦᠮᠡᠨ ᠬᠦᠮᠤᠨ ᠵᠠᠮ ᠬᠠᠷᠢᠯᠴᠠᠭᠠᠨ ᠤ ᠠᠳᠡᠯ ᠠᠴᠠ ᠪᠤᠯᠵᠤ ᠰᠢᠷᠬᠠᠳᠤᠨ ᠬᠡᠮᠳᠤᠳᠡᠭ᠂ ᠵᠠᠮ ᠬᠠᠷᠢᠯᠴᠠᠭᠠᠨ ᠤ | ᠠᠳᠡᠯ ᠠᠴᠠ ᠪᠤᠯᠤᠭᠰᠠᠠ ᠰᠢᠷᠬᠠᠳᠤᠯ ᠬᠡᠮᠳᠤᠯ ᠨᠢ 5 — 25 ᠨᠠᠰᠤᠨ ᠤ ᠬᠤᠭᠤᠷᠤᠨᠳᠤᠬᠢ ᠬᠦᠮᠤᠰ ᠤᠨ ᠦᠬᠦᠵᠤ ᠰᠦᠢᠳᠬᠦ ᠠᠶᠤᠯ ᠤᠨ ᠬᠤᠶᠠᠳᠤᠭᠠᠷ ᠶᠡᠭᠡ | ᠰᠢᠯᠳᠠᠭᠠᠨ ᠪᠤᠯᠤᠭᠠᠳ ᠪᠠᠶᠢᠨ᠎ᠠ᠃ | ᠵᠠᠮ ᠬᠠᠷᠢᠯᠴᠠᠭᠠᠨ ᠤ ᠠᠳᠡᠯ ᠠᠴᠠ ᠮᠤᠯᠳᠤᠷᠠᠨ ᠵᠠᠶᠢᠯᠠᠵᠤ ᠪᠤᠯᠳᠠᠭ᠃ ᠮᠠᠰᠢ ᠤᠯᠠᠨ ᠤᠯᠤᠰ ᠤᠨ ᠬᠢᠨ ᠵᠠᠩᠬᠢᠯᠠᠭ᠎ᠠ ᠶᠢᠨ ᠠᠰᠠᠭᠤᠳᠠᠯ ᠢ ᠰᠶᠢᠳᠪᠤᠷᠢᠯᠡᠬᠦ ᠪᠠᠷ | ᠲᠠᠮᠵᠢᠨ ᠠᠳᠡᠯ ᠭᠠᠷᠬᠤ ᠳᠤᠭ᠎ᠠ ᠬᠡᠮᠵᠢᠶ᠎ᠠ᠂ ᠲᠡᠪᠳᠡᠮᠵᠢ ᠪᠤᠯᠤᠨ ᠬᠦᠨᠳᠤ ᠨᠤᠴᠢᠳᠠᠢ ᠴᠢᠨᠠᠷ ᠢ ᠮᠡᠳᠡᠭᠳᠡᠬᠦ᠋ᠴᠠ ᠪᠠᠭᠤᠷᠠᠭᠤᠯᠤᠭᠰᠠᠠ ᠪᠠᠶᠢᠳᠠᠭ᠃ ᠬᠠᠮᠢᠶ᠎ᠠ ᠪᠦᠬᠦᠢ | ᠮᠠᠲᠤᠷᠢᠶᠠᠯ ᠳᠤ ᠳᠤᠳᠤᠷᠬᠠᠶᠢᠯᠠᠭᠰᠠᠠ ᠢ ᠦᠨᠳᠤᠰᠤᠯᠠᠪᠠᠯ᠂ ᠮᠠᠰᠢᠨ ᠲᠡᠷᠬᠡ ᠵᠢᠯᠤᠭᠤᠳᠬᠤ ᠪᠤᠶᠤ ᠮᠠᠰᠢᠨ ᠲᠡᠷᠬᠡᠨ ᠳᠤ ᠰᠠᠭᠤᠬᠤ ᠳᠠᠭᠠᠨ ᠠᠶᠤᠯ ᠦᠬᠡᠢ ᠪᠦᠰᠡ ᠶᠢ | ᠪᠦᠰᠡᠯᠡᠪᠡᠯ ᠰᠢᠷᠬᠠᠳᠤᠵᠤ ᠬᠡᠮᠳᠤᠬᠦ ᠠᠶᠤᠯ ᠢ 4% — 5% ᠪᠠᠷ ᠪᠠᠭᠤᠷᠠᠭᠤᠯᠵᠤ ᠪᠤᠯᠬᠤ ᠪᠦᠬᠡᠳ ᠦᠬᠦᠵᠤ ᠰᠦᠢᠳᠬᠦ ᠠᠶᠤᠯ ᠢ 4% — 6% ᠪᠠᠷ | ᠴᠦᠬᠡᠳᠬᠡᠵᠤ ᠲᠡᠶᠢᠯᠳᠡᠭ᠃ | ᠲᠤᠭᠤᠯᠠᠭ᠎ᠠ ᠵᠡᠬᠦᠬᠦ ᠨᠢ ᠤᠨᠤᠵᠤ ᠪᠠᠶᠢᠬᠤ ᠮᠤᠲ᠋ᠤᠷ ᠬᠢᠬᠡᠳ ᠳᠤᠭᠤᠢ ᠲᠡᠷᠬᠡ ᠮᠦᠷᠬᠦᠯᠳᠤᠵᠤ ᠳᠤᠯᠤᠭᠠᠢ ᠶᠢᠨ ᠬᠡᠰᠡᠭ ᠰᠢᠷᠬᠠᠳᠤᠵᠤ ᠬᠡᠮᠳᠤᠬᠦ ᠶᠢ | ᠴᠦᠬᠡᠳᠬᠡᠵᠤ ᠪᠤᠯᠬᠤ ᠬᠠᠮᠤᠭ ᠪᠦᠳᠤᠮᠵᠢᠳᠡᠢ ᠠᠷᠭ᠎ᠠ ᠬᠡᠯᠪᠡᠷᠢ ᠪᠤᠯᠤᠨ᠎ᠠ᠃ ᠮᠤᠲ᠋ᠤᠷ ᠤᠨᠤᠬᠤ ᠳᠤ ᠳᠤᠭᠤᠯᠠᠭ᠎ᠠ ᠵᠡᠬᠦᠪᠡᠯ ᠳᠤᠯᠤᠭᠠᠢ ᠶᠢᠨ ᠬᠡᠰᠡᠭ ᠲᠤ ᠰᠢᠷᠬᠠᠳᠤᠯ | ᠬᠡᠮᠳᠤᠯ ᠭᠠᠷᠬᠤ ᠪᠠ ᠲᠡᠬᠦᠨ ᠠᠴᠠ ᠪᠤᠯᠵᠤ ᠬᠦᠨᠳᠤ ᠬᠡᠴᠡᠬᠦᠤ ᠪᠠᠶᠢᠳᠠᠯ ᠡᠬᠦᠰᠬᠦ ᠶᠢ ᠪᠠᠷᠤᠭ 70% ᠪᠠᠷ ᠴᠦᠬᠡᠳᠬᠡᠵᠤ ᠲᠡᠶᠢᠯᠳᠡᠭ ᠪᠦᠬᠡᠳ ᠦᠬᠦᠵᠤ ᠰᠦᠢᠳᠬᠦ | ᠠᠶᠤᠯ ᠢ 39% ᠪᠠᠷ ᠪᠠᠭᠤᠷᠠᠭᠤᠯᠵᠤ ᠪᠤᠯᠳᠠᠭ᠃ | ᠬᠡᠳᠤ ᠬᠤᠷᠳᠤᠴᠠ ᠪᠠᠷ ᠮᠠᠰᠢᠨ ᠲᠡᠷᠬᠡ ᠵᠢᠯᠤᠭᠤᠳᠬᠤ ᠪᠤᠯ ᠵᠠᠮ ᠬᠠᠷᠢᠯᠴᠠᠭᠠᠨ ᠤ ᠰᠢᠷᠬᠠᠳᠤᠯ ᠬᠡᠮᠳᠤᠯ ᠭᠠᠷᠴᠤ ᠪᠠᠶᠢᠬᠤ ᠶᠢᠨ ᠭᠤᠤᠯ ᠰᠢᠯᠳᠠᠭᠠᠨ ᠪᠤᠯᠤᠨ᠎ᠠ᠃ | ᠪᠤᠳᠠᠳᠤ ᠪᠠᠶᠢᠳᠠᠯ ᠬᠡᠷᠡᠴᠢᠯᠡᠭᠰᠡᠡ ᠨᠢ᠂ ᠮᠠᠰᠢᠨ ᠲᠡᠷᠬᠡᠨ ᠤ ᠲᠠᠪᠬᠢᠬᠤ ᠬᠤᠷᠳᠤᠴᠠ ᠶᠢ ᠲᠡᠭᠰᠢᠳᠬᠡᠬᠡᠳ ᠴᠠᠭ ᠪᠦᠷᠢ ᠳᠤ 1 ᠺᠢᠯᠤᠮᠧᠲᠷ ᠤᠳᠠᠭᠠᠰᠢᠷᠠᠭᠤᠯᠪᠠᠯ ᠮᠠᠰᠢᠨ | ᠲᠡᠷᠬᠡᠨ ᠠᠴᠠ ᠪᠤᠯᠬᠤ ᠦᠬᠦᠯ ᠤᠨ ᠠᠶᠤᠯ ᠢ 4% — 5% ᠪᠠᠷ ᠴᠦᠬᠡᠳᠬᠡᠵᠤ ᠪᠤᠯᠳᠠᠭ᠃ ᠮᠠᠰᠢᠨ ᠲᠡᠷᠬᠡᠨ ᠤ ᠲᠠᠪᠬᠢᠬᠤ ᠬᠤᠷᠳᠤᠴᠠ ᠶᠢ ᠤᠳᠠᠭᠠᠰᠢᠷᠠᠭᠤᠯᠪᠠᠯ | ᠶᠠᠪᠠᠭᠠᠨ ᠬᠦᠮᠤᠨ ᠢ ᠪᠠᠰᠠ ᠠᠶᠤᠯ ᠠᠴᠠ ᠬᠡᠯᠳᠤᠷᠢᠬᠦᠯᠵᠤ ᠪᠤᠯᠳᠠᠭ᠃ ᠲᠡᠶᠢᠮᠤ ᠪᠤᠯᠬᠤᠷ ᠮᠠᠰᠢᠨ ᠲᠡᠷᠬᠡᠨ ᠤ ᠵᠢᠯᠤᠭᠤᠴᠢᠳ ᠡᠷᠬᠡᠪᠰᠢ ᠮᠠᠰᠢᠨ ᠲᠡᠷᠬᠡᠨ ᠤ ᠲᠠᠪᠬᠢᠬᠤ | ᠬᠤᠷᠳᠤᠴᠠ ᠶᠢ ᠬᠢᠵᠠᠭᠠᠷᠯᠠᠬᠤ ᠲᠦᠷᠢᠮ ᠢ ᠴᠢᠩᠭ᠎ᠠ ᠵᠢᠷᠤᠮᠯᠠᠨ ᠲᠠᠭᠠᠬᠤ ᠬᠡᠷᠡᠭᠳᠡᠢ᠃ | ᠠᠷᠢᠬᠢ ᠤᠤᠭᠤᠭᠰᠠᠠ ᠪᠠᠶᠢᠳᠠᠯ ᠳᠤᠤᠷ᠎ᠠ ᠠᠳᠡᠯ ᠭᠠᠷᠬᠤ ᠪᠤᠯᠤᠮᠵᠢ ᠤᠯᠠᠰᠢᠷᠠᠬᠤ ᠪᠦᠬᠡᠳ ᠰᠢᠷᠬᠠᠳᠤᠯ ᠬᠡᠮᠳᠤᠯ ᠢ ᠬᠦᠨᠳᠤᠷᠠᠬᠦᠯᠬᠦ ᠨᠢ ᠶᠠᠷᠢᠶᠠᠨ ᠦᠬᠡᠢ᠂ | ᠠᠷᠢᠬᠢ ᠤᠤᠭᠤᠭᠠᠳ ᠮᠠᠰᠢᠨ ᠲᠡᠷᠬᠡ ᠵᠢᠯᠤᠭᠤᠳᠤᠭᠰᠠᠠ ᠵᠢᠯᠤᠭᠤᠴᠢ ᠶᠢᠨ ᠠᠮᠢᠨ ᠳᠤ ᠳᠤᠯᠤᠭᠰᠠᠠ ᠠᠶᠤᠯ ᠪᠦᠬᠦᠢ ᠲᠡᠷᠬᠡᠨ ᠠᠳᠡᠯ ᠭᠠᠷᠭᠠᠬᠤ ᠨᠢ ᠰᠫᠢᠷᠲ ᠤᠨ | ᠬᠤᠤᠷ ᠨᠦᠯᠦᠬᠡ ᠶᠢ ᠦᠯᠤ ᠬᠦᠷᠳᠡᠭᠰᠡᠡ ᠵᠢᠯᠤᠭᠤᠴᠢ ᠶᠢᠨ ᠲᠡᠷᠬᠡᠨ ᠠᠳᠡᠯ ᠭᠠᠷᠭᠠᠭᠰᠠᠠ ᠤ 17 ᠲᠠᠬᠢᠨ ᠪᠠᠶᠢᠳᠠᠭ᠃ | ᠬᠤᠯᠠ ᠵᠠᠮ ᠮᠠᠰᠢᠨ ᠲᠡᠷᠬᠡ ᠵᠢᠯᠤᠭᠤᠳᠤᠨ ᠠᠶᠠᠨ ᠬᠦᠬᠡᠬᠡᠬᠦ᠂ ᠵᠠᠮ ᠲᠠᠭᠠᠤ ᠡᠯᠤᠢ ᠬᠤᠯᠤᠢ ᠪᠠᠶᠢᠳᠠᠯ ᠲᠠᠢ ᠪᠠᠶᠢᠬᠤ᠂ ᠵᠠᠮ ᠤᠨ ᠪᠠᠶᠢᠴᠠ ᠶᠢ ᠰᠠᠶᠢᠨ ᠮᠡᠳᠡᠬᠦ | ᠦᠬᠡᠢ᠂ ᠠᠭᠤᠷ ᠠᠮᠢᠰᠬᠤᠯ ᠤᠨ ᠪᠠᠶᠢᠳᠠᠯ ᠮᠠᠭᠤ ᠪᠠᠶᠢᠬᠤ᠂ ᠨᠢᠬᠡ ᠡᠳᠤᠷ ᠤᠨ ᠤᠨᠳᠠᠭᠰᠠᠠ ᠴᠠᠭ ᠨᠢ 5 ᠴᠠᠭ ᠲᠤ ᠬᠦᠷᠤᠬᠡ ᠦᠬᠡᠢ᠂ ᠶᠠᠷᠤᠳᠠ ᠶᠢᠨ ᠤᠨᠳᠠᠬᠤ | ᠶᠤᠰᠤᠳᠠᠢ ᠴᠠᠭ ᠲᠤ ᠮᠠᠰᠢᠨ ᠲᠡᠷᠬᠡ ᠵᠢᠯᠤᠭᠤᠳᠬᠤ ᠵᠡᠷᠬᠡ ᠳᠤᠬᠢᠶᠠᠯᠳᠤᠯ ᠳᠤ ᠵᠢᠯᠤᠭᠤᠴᠢ ᠶᠢᠨ ᠪᠠᠶ᠎ᠠ ᠳᠤ ᠬᠢᠯᠪᠠᠷᠬᠠᠨ ᠢᠶᠠᠷ ᠶᠠᠳᠡᠷᠡᠵᠤ ᠵᠦᠳᠡᠷᠡᠭᠰᠡᠡ ᠪᠠᠶᠢᠳᠠᠯ | ᠢᠯᠡᠷᠡᠳᠡᠭ᠂ ᠶᠢᠮᠤ ᠶᠠᠳᠠᠷᠠᠵᠤ ᠵᠦᠳᠡᠷᠡᠭᠰᠡᠡ ᠪᠠᠶᠢᠳᠠᠯ ᠳᠤ ᠮᠠᠰᠢᠨ ᠲᠡᠷᠬᠡ ᠵᠢᠯᠤᠭᠤᠳᠪᠠᠯ ᠲᠡᠷᠬᠡᠨ ᠠᠳᠡᠯ ᠯᠠᠪ ᠭᠠᠷᠤᠨ᠎ᠠ᠃ ᠵᠢᠯᠤᠭᠤᠴᠢ ᠪᠤᠯᠤᠭᠰᠠᠳ ᠮᠠᠰᠢᠨ | ᠲᠡᠷᠬᠡ ᠪᠠᠨ ᠦᠷᠬᠦᠯᠵᠢᠯᠡᠬᠦᠯᠤᠨ 4 ᠴᠠᠭ ᠵᠢᠯᠤᠭᠤᠳᠤᠭᠰᠠᠠ ᠤ ᠲᠠᠷᠠᠭ᠎ᠠ ᠲᠡᠷᠬᠡ ᠪᠠᠨ ᠵᠤᠭᠰᠤᠭᠠᠵᠤ᠂ ᠪᠠᠶ᠎ᠠ ᠮᠠᠬᠠᠪᠤᠳ ᠪᠡ ᠰᠡᠳᠬᠢᠯ ᠰᠠᠨᠠᠭ᠎ᠠ ᠪᠠᠨ ᠰᠡᠷᠬᠦᠬᠡᠨ | ᠠᠮᠠᠷᠠᠭᠠᠬᠤ ᠬᠡᠷᠡᠭᠳᠡᠢ᠃ | ᠬᠡᠤᠬᠡᠳ ᠲᠤ ᠵᠤᠷᠢᠭᠤᠯᠤᠭᠰᠠᠠ ᠰᠡᠷᠬᠡᠶᠢᠯᠡᠨ ᠬᠠᠮᠠᠭᠠᠯᠠᠯᠳᠠ ᠪᠦᠬᠦᠢ ᠳᠤᠨᠤᠭ ᠲᠦᠬᠦᠬᠡᠷᠤᠮᠵᠢ᠂ ᠳᠤᠬᠠᠶᠢᠯᠠᠪᠠᠯ ᠨᠢᠯᠬ᠎ᠠ ᠬᠡᠤᠬᠡᠳ ᠪᠡ ᠦᠬᠡᠯᠡᠢ ᠬᠡᠤᠬᠡᠳ ᠲᠤ | ᠵᠤᠷᠢᠭᠤᠯᠤᠭᠰᠠᠠ ᠰᠠᠭᠤᠳᠠᠯ ᠨᠢ ᠵᠠᠮ ᠬᠠᠷᠢᠯᠴᠠᠭᠠᠨ ᠤ ᠠᠳᠡᠯ ᠭᠠᠷᠬᠤ ᠦᠶᠠᠰ ᠨᠢᠯᠬ᠎ᠠ ᠬᠡᠤᠬᠡᠳ ᠪᠠ ᠦᠬᠡᠯᠡᠢ ᠬᠡᠤᠬᠡᠳ ᠲᠤ ᠪᠦᠳᠤᠮᠵᠢᠳᠡᠢ ᠬᠠᠮᠠᠭᠠᠯᠠᠬᠤ ᠤᠶᠢᠯᠠᠳᠤᠯ | ᠦᠵᠡᠬᠦᠯᠳᠡᠭ᠃ ᠮᠠᠰᠢᠨ ᠲᠡᠷᠬᠡ ᠮᠦᠷᠬᠦᠯᠳᠤᠬᠦ ᠦᠶᠠᠰ ᠲᠤ ᠬᠡᠤᠬᠡᠳ ᠲᠤ ᠵᠤᠷᠢᠭᠤᠯᠤᠭᠰᠠᠠ ᠰᠡᠷᠬᠡᠶᠢᠯᠡᠨ ᠬᠠᠮᠠᠭᠠᠯᠠᠯᠳᠠ ᠶᠢᠨ ᠳᠤᠨᠤᠭ ᠲᠦᠬᠦᠬᠡᠷᠤᠮᠵᠢ ᠨᠢ | 71% ᠶᠢᠨ ᠨᠢᠯᠬ᠎ᠠ ᠬᠡᠤᠬᠡᠳ᠂ 54% ᠶᠢᠨ ᠦᠬᠡᠯᠡᠢ ᠬᠡᠤᠬᠡᠳ ᠤᠨ ᠦᠬᠦᠵᠤ ᠰᠦᠢᠳᠬᠦ ᠠᠶᠤᠯ ᠢ ᠪᠠᠭᠠᠰᠬᠠᠳᠠᠭ ᠪᠠᠶᠢᠨ᠎ᠠ᠃ ᠲᠡᠶᠢᠮᠤ ᠪᠤᠯᠬᠤᠷ ᠮᠠᠰᠢᠨ | ᠲᠡᠷᠬᠡᠨ ᠤ ᠳᠤᠳᠤᠷ᠎ᠠ ᠬᠡᠤᠬᠡᠳ ᠲᠤ ᠵᠤᠷᠢᠭᠤᠯᠤᠭᠰᠠᠠ ᠰᠡᠷᠬᠡᠶᠢᠯᠡᠨ ᠬᠠᠮᠠᠭᠠᠯᠠᠯᠳᠠ ᠶᠢᠨ ᠳᠤᠨᠤᠭ ᠲᠦᠬᠦᠬᠡᠷᠤᠮᠵᠢ ᠶᠢ ᠤᠭᠰᠠᠷᠠᠨ ᠲᠠᠭᠠᠷᠠᠭᠤᠯᠪᠠᠯ ᠵᠤᠬᠢᠨ᠎ᠠ᠃ | ᠶᠠᠪᠠᠭᠠᠨ ᠬᠦᠮᠤᠨ ᠪᠠ ᠮᠠᠰᠢᠨ ᠬᠦᠳᠡᠯᠬᠡᠬᠦᠷ ᠦᠬᠡᠢ ᠲᠡᠷᠬᠡᠨ ᠤ ᠵᠢᠯᠤᠭᠤᠴᠢ ᠴᠤ ᠵᠠᠮ ᠬᠠᠷᠢᠯᠴᠠᠭᠠᠨ ᠤ ᠬᠠᠤᠯᠢ ᠳᠤᠭᠳᠠᠭᠠᠯ ᠢ ᠤᠬᠠᠮᠰᠠᠷ ᠠᠴᠠ ᠪᠠᠨ ᠰᠠᠬᠢᠨ | ᠵᠢᠷᠤᠮᠯᠠᠬᠤ ᠬᠡᠷᠡᠭᠳᠡᠢ᠃ ᠵᠠᠮ ᠤᠭᠳᠤᠯᠵᠤ ᠭᠠᠷᠬᠤ ᠳᠠᠭᠠᠨ ᠵᠠᠪᠠᠯ ᠬᠦᠨᠳᠡᠯᠡᠨ ᠵᠢᠷᠤᠭᠠᠰᠤ ᠲᠠᠢ ᠭᠠᠵᠡᠷ ᠢᠶᠠᠷ ᠶᠠᠪᠤᠵᠤ᠂ ᠭᠠᠷ ᠤᠳᠠᠰᠤ ᠪᠠᠨ ᠦᠵᠡᠬᠦ ᠪᠤᠶᠤ | ᠰᠤᠨᠤᠰᠤᠭᠤᠷ ᠢᠶᠠᠷ ᠶᠠᠭᠤᠮ᠎ᠠ ᠰᠤᠨᠤᠰᠴᠤ ᠠᠩᠬᠠᠷᠤᠯ ᠲᠦᠪᠯᠡᠷᠡᠬᠦ ᠦᠬᠡᠢ ᠪᠠᠶᠢᠳᠠᠯ ᠭᠠᠷᠬᠤ ᠠᠴᠠ ᠬᠡᠷᠰᠡᠤᠯᠡᠬᠦ ᠬᠡᠷᠡᠭᠳᠡᠢ᠃ ᠪᠠᠭ᠎ᠠ ᠰᠤᠷᠭᠠᠭᠤᠯᠢ ᠶᠢᠨ ᠰᠤᠷᠤᠭᠴᠢᠳ | ᠪᠤᠯᠤᠨ ᠴᠡᠪᠡᠷᠯᠡᠭᠡ ᠶᠢᠨ ᠠᠵᠢᠯᠴᠢᠳ ᠬᠡᠷᠡᠯ ᠤᠶᠢᠯᠭᠠᠬᠤ ᠴᠢᠨᠠᠷᠳᠡᠢ ᠪᠤᠶᠤ ᠦᠩᠬᠡ ᠪᠤᠳᠤᠭ ᠨᠢ ᠬᠡᠷᠡᠯ ᠬᠢᠯᠪᠠᠭ᠎ᠠ ᠲᠠᠢ ᠬᠤᠪᠴᠠᠰᠤ ᠡᠮᠤᠰᠬᠦ ᠪᠤᠶᠤ ᠫᠠᠶᠢᠰᠠ ᠲᠡᠮᠳᠡᠭ | ᠵᠡᠬᠦᠬᠦ ᠬᠡᠷᠡᠭᠳᠡᠢ᠃ ᠳᠤᠬᠠᠶᠢᠯᠠᠪᠠᠯ᠂ ᠪᠠᠭ᠎ᠠ ᠰᠤᠷᠭᠠᠭᠤᠯᠢ ᠶᠢᠨ ᠰᠤᠷᠤᠭᠴᠢᠳ ᠰᠢᠷ᠎ᠠ ᠮᠠᠯᠠᠭᠠᠢ ᠵᠡᠬᠦᠵᠡᠬᠡᠬᠦ ᠨᠢ ᠮᠠᠰᠢᠨ ᠲᠡᠷᠬᠡᠨ ᠤ ᠵᠢᠯᠤᠭᠤᠴᠢ ᠳᠤ ᠨᠡᠩ ᠢᠯᠠ | ᠳᠤᠳᠤᠷᠬᠠᠢ ᠬᠠᠷᠠᠭᠳᠠᠳᠠᠭ ᠪᠤᠯᠬᠤᠷ ᠡᠬᠦᠨ ᠤ ᠤᠯᠠᠮ ᠢᠶᠠᠷ ᠦᠪᠡᠷ ᠤᠨ ᠪᠠᠶ᠎ᠠ ᠪᠠᠨ ᠬᠠᠮᠠᠭᠠᠯᠠᠬᠤ ᠤᠶᠢᠯᠠᠳᠤᠯ ᠭᠠᠷᠭᠠᠵᠤ ᠪᠠᠶᠢᠳᠠᠭ᠃ | ᠵᠠᠮ ᠬᠠᠷᠢᠯᠴᠠᠭᠠᠨ ᠤ ᠠᠳᠡᠯ ᠳᠤᠮᠳᠠ ᠦᠬᠦᠭᠰᠡᠡ᠂ ᠰᠢᠷᠬᠠᠳᠤᠭᠰᠠᠠ ᠪᠠ ᠵᠡᠮᠳᠡᠭ ᠪᠤᠯᠤᠭᠰᠠᠠ ᠭᠤᠤᠯ ᠪᠤᠯᠬᠤᠶᠢᠴᠠ ᠬᠦᠮᠤᠰ ᠨᠢ ᠬᠡᠤᠬᠡᠳ᠂ ᠵᠠᠯᠠᠭᠤᠴᠤᠳ | ᠪᠠᠭᠠᠴᠤᠳ ᠪᠠᠶᠢᠳᠠᠭ᠃ ᠬᠡᠬᠦ ᠳᠡᠭᠡᠨ ᠲᠡᠳᠡᠨ ᠤ ᠳᠤᠳᠤᠷ᠎ᠠ ᠶᠠᠪᠠᠭᠠᠨ ᠶᠠᠪᠤᠭᠴᠢ᠂ ᠳᠤᠭᠤᠢ ᠤᠨᠤᠭᠴᠢ᠂ ᠮᠤᠲ᠋ᠤᠷ ᠤᠨᠤᠭᠴᠢ᠂ ᠮᠠᠰᠢᠨ ᠲᠡᠷᠬᠡᠨ ᠤ ᠰᠢᠨ᠎ᠠ | ᠵᠢᠯᠤᠭᠤᠴᠢ ᠶᠤᠮ ᠤᠤ ᠮᠠᠰᠢᠨ ᠲᠡᠷᠬᠡᠨ ᠳᠤ ᠰᠠᠭᠤᠭᠴᠢ ᠠᠯᠢ ᠠᠯᠢ ᠨᠢ ᠪᠦᠷ ᠪᠠᠶᠢᠯᠴᠠᠳᠠᠭ᠃ ᠡᠶᠢᠮᠤ ᠪᠠᠶᠢᠳᠠᠯ ᠤᠨ ᠪᠤᠢ ᠪᠤᠯᠤᠭᠰᠠᠠ ᠨᠢ ᠬᠡᠤᠬᠡᠳ᠂ | ᠵᠠᠯᠠᠭᠤᠴᠤᠳ ᠤᠨ ᠮᠠᠬᠠᠪᠤᠳ ᠤᠨ ᠪᠠ ᠰᠡᠳᠬᠢᠴᠠ ᠶᠢᠨ ᠤᠨᠴᠠᠯᠢᠬ ᠲᠠᠢ ᠬᠤᠯᠪᠤᠭ᠎ᠠ ᠲᠠᠢ ᠪᠠᠶᠢᠳᠠᠭ᠃ ᠪᠤᠳᠠᠳᠠᠢ ᠪᠠᠷ ᠬᠡᠯᠡᠪᠡᠯ᠂ ᠲᠠᠳᠡᠨᠤᠰ ᠶᠠᠷᠤ ᠨᠢ ᠠᠪ ᠠᠮᠠᠷᠬᠠᠨ | ᠬᠦᠬᠡᠷᠤᠨ ᠬᠦᠭᠰᠡᠳᠡᠭ ᠪᠦᠬᠡᠳ ᠳᠤᠷᠰᠢᠯᠭ᠎ᠠ ᠲᠠᠩᠴᠤ ᠮᠡᠬᠦᠰ ᠪᠠᠶᠢᠳᠠᠭ᠃ ᠡᠴᠢᠬᠡ ᠡᠬᠡ ᠪᠤᠯᠤᠭᠰᠠᠳ ᠪᠠᠶ᠎ᠠ ᠪᠠᠷ ᠢᠶᠠᠨ ᠬᠡᠪ ᠲᠦᠷᠢᠮ ᠦᠵᠡᠬᠦᠯᠵᠤ᠂ | ᠬᠡᠤᠬᠡᠳ ᠤᠨ ᠢᠶᠠᠨ ᠵᠠᠮ ᠬᠠᠷᠢᠯᠴᠠᠭᠠᠨ ᠤ ᠠᠮᠤᠷ ᠮᠠᠨᠳᠤ ᠶᠢᠨ ᠲᠠᠯ᠎ᠠ ᠪᠠᠷ ᠬᠢ ᠰᠤᠷᠭᠠᠨ ᠬᠦᠮᠤᠵᠢᠯ ᠢ ᠴᠢᠩᠭᠠᠳᠬᠠᠵᠤ᠂ ᠲᠡᠳᠡᠨ ᠢ ᠵᠢᠭᠠᠨ ᠵᠢᠯᠤᠭᠤᠳᠴᠤ ᠵᠠᠮ | ᠬᠠᠷᠢᠯᠴᠠᠭᠠᠨ ᠤ ᠬᠠᠤᠯᠢ ᠲᠤᠭᠳᠠᠭᠠᠯ ᠢ ᠵᠢᠷᠤᠮᠯᠠᠨ ᠰᠡᠬᠢᠭᠤᠯᠬᠤ ᠬᠡᠷᠡᠭᠳᠡᠢ᠃ | |