ᠨᠡᠬᠡᠶᠢᠲᠦ | ᠬᠤᠷᠤᠭᠤᠴᠠᠬᠤ ᠨᠠᠭᠠᠳᠤᠮ ︵ᠬᠤᠸᠠ ᠬᠤᠸᠠᠯᠠᠬᠤ︶ | ᠮᠠᠨ ᠤ ᠪᠠᠷᠭᠤᠴᠤᠳ ᠳᠡᠭᠡᠷ᠎ᠡ ᠦᠶ᠎ᠡ ᠠᠴᠠ ᠬᠤᠷᠤᠭᠤᠴᠠᠬᠤ ᠲᠣᠭᠯᠠᠭᠠᠮ ᠨᠠᠭᠠᠳᠤᠮ ᠢ ᠬᠤᠷᠠᠯ ᠴᠤᠭᠯᠠᠭᠠᠨ᠂ | ᠬᠤᠷᠢᠮ ᠨᠠᠶᠢᠷ ᠲᠤ ᠠᠭᠤᠯᠵᠠᠵᠤ ᠤᠴᠠᠷᠠᠬᠤ ᠳᠤ ᠪᠠᠨ ᠬᠥᠷ ᠬᠥᠭᠵᠢᠶᠡᠨ ᠪᠣᠯᠭᠠᠵᠤ ᠬᠤᠸᠠ ᠬᠤᠸᠠᠯᠠᠵᠤ | ᠮᠥᠷᠥᠶᠢᠴᠡᠨ ᠨᠠᠭᠠᠳᠳᠠᠭ ᠪᠠᠶᠢᠵᠠᠢ᠃ ᠡᠨᠡ ᠬᠦ ᠨᠠᠭᠠᠳᠤᠮ ᠲᠣᠭᠯᠠᠭᠠᠮ ᠨᠢ ᠲᠤᠭ᠎ᠠ ᠬᠡᠯᠡᠯᠭᠡ ᠨᠢ ᠮᠠᠨᠵᠤ ᠦᠭᠡ᠂ | ᠬᠢᠲᠠᠳ ᠦᠭᠡ ᠣᠯᠠᠨ ᠬᠡᠷᠡᠭᠯᠡᠵᠦ ᠪᠠᠶᠢᠭ᠎ᠠ ᠠᠴᠠ ᠨᠢ ᠦᠵᠡᠪᠡᠯ ᠮᠠᠨᠵᠤ ᠶᠢᠨ ᠦᠶ᠎ᠡ ᠳᠤ ᠡᠭᠦᠰᠴᠦ ᠭᠠᠷᠤᠭᠰᠠᠨ | ᠪᠠᠶᠢᠬ᠎ᠠ ᠭᠡᠵᠤ ᠦᠵᠡᠵᠦ ᠪᠠᠶᠢᠨ᠎ᠠ᠃ ᠡᠨᠡ ᠨᠠᠭᠠᠳᠤᠮ ᠲᠣᠭᠯᠠᠭᠠᠮ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠤ | ᠦᠶ᠎ᠡ ᠪᠠᠷ ᠤᠯᠠᠮᠵᠢᠯᠠᠭᠳᠠᠨ ᠳᠡᠯᠭᠡᠷᠡᠵᠦ ᠬᠤᠷᠠᠯ ᠴᠤᠭᠯᠠᠭᠠᠨ᠂ ᠬᠤᠷᠢᠮ ᠨᠠᠶᠢᠷ ᠲᠤ ᠤᠴᠠᠷᠠᠵᠤ ᠠᠭᠤᠯᠵᠠᠬᠤ ᠪᠠ | ᠠᠵᠢᠯ ᠤᠨ ᠴᠢᠯᠦᠭᠡ᠂ ᠬᠤᠨᠢᠴᠢᠳ ᠮᠠᠯᠴᠢᠳ ᠣᠶᠢᠷ᠎ᠠ ᠣᠷᠴᠢᠮ ᠢᠶᠠᠷ ᠢᠶᠠᠨ ᠨᠠᠭᠠᠳᠴᠤ ᠲᠣᠭᠯᠠᠬᠤ ᠪᠤᠶᠤ | ᠰᠤᠷᠭᠠᠭᠤᠯᠢ ᠶᠢᠨ ᠳᠡᠭᠡᠷ᠎ᠡ ᠠᠩᠭᠢ ᠶᠢᠨ ᠰᠤᠷᠤᠭᠴᠢᠳ ᠴᠦ ᠲᠣᠭᠯᠠᠵᠤ ᠨᠠᠭᠠᠳᠴᠤ ᠪᠠᠶᠢᠵᠠᠢ᠃ 1966 ᠣᠨ ᠤ ︽ | ᠰᠣᠶᠤᠯ ᠤᠨ ᠶᠡᠭᠡ ᠬᠤᠪᠢᠰᠬᠠᠯ︾ ᠤᠨ ᠳᠤᠮᠳᠠ ︽ᠳᠥᠷᠪᠡᠨ ᠬᠠᠭᠤᠴᠢᠨ ᠢ ᠡᠪᠳᠡᠵᠦ ᠳᠥᠷᠪᠡᠨ ᠰᠢᠨ᠎ᠡ ᠶᠢ | ᠪᠠᠶᠢᠭᠤᠯᠬᠤ ᠬᠥᠳᠡᠯᠭᠡᠭᠡᠨ︾ ᠳᠤ ᠣᠷᠬᠢᠭᠳᠠᠭᠠᠳ ᠡᠳᠦᠭᠡ ᠪᠣᠯᠲᠠᠯ᠎ᠠ ᠰᠡᠷᠭᠦᠭᠰᠡᠨ ᠦᠭᠡᠢ᠃ ᠤᠴᠢᠷ ᠨᠢ ᠲᠤᠰ | ᠨᠠᠭᠠᠳᠤᠮ ᠢ ᠮᠡᠳᠡᠬᠦ ᠬᠥᠮᠥᠨ ᠳᠡᠮᠡᠢ ᠦᠭᠡᠢ ᠪᠣᠯᠵᠤ ᠨᠠᠭᠠᠳᠴᠤ ᠲᠣᠭᠯᠠᠬᠤ ᠬᠥᠮᠥᠰ ᠴᠦ ᠲᠣᠩ ᠴᠥᠭᠡᠬᠡᠨ ᠪᠣᠯᠵᠠᠢ᠃ | ᠮᠠᠨ ᠤ ᠡᠪᠦᠭᠡ ᠳᠡᠭᠡᠳᠦᠰ ᠠᠴᠠ ᠤᠯᠠᠮᠵᠢᠯᠠᠵᠤ ᠢᠷᠡᠭᠰᠡᠨ ᠡᠨᠡ ᠬᠦ ᠲᠣᠭᠯᠠᠭᠠᠮ ᠨᠠᠭᠠᠳᠤᠮ ᠢ ᠰᠡᠷᠭᠦᠭᠡᠨ ᠨᠠᠭᠠᠳᠪᠠᠯ | ᠲᠠᠭᠠᠷᠠᠨ᠎ᠠ ᠭᠡᠵᠤ ᠦᠵᠡᠯ᠎ᠡ᠃ | ᠬᠤᠷᠤᠭᠤᠴᠠᠬᠤ ᠨᠠᠭᠠᠳᠤᠮ ᠨᠢ ︽ᠬᠤᠸᠠ︾ ᠬᠤᠸᠠᠯᠠᠬᠤ ᠳᠤ ᠪᠠᠨ ᠬᠤᠶᠠᠷ ᠬᠥᠮᠥᠨ ᠮᠥᠷᠥᠶᠢᠴᠡᠨ | ᠨᠠᠭᠠᠳᠳᠠᠭ ᠶᠤᠮ᠃ ᠬᠤᠶᠠᠷ ᠬᠥᠮᠥᠨ ᠲᠤᠰ ᠪᠦᠷᠢ ᠭᠠᠷ ᠤᠨ ᠲᠠᠪᠤᠨ ᠬᠤᠷᠤᠭᠤ ᠪᠠᠷ ᠲᠤᠭ᠎ᠠ ᠪᠣᠯᠭᠠᠨ ᠭᠠᠷᠭᠠᠵᠤ | ᠬᠤᠶᠠᠷ ᠲᠠᠪᠤᠨ ᠬᠤᠷᠤᠭᠤᠨ ᠤ ᠭᠠᠷᠭᠠᠭᠰᠠᠨ ᠲᠣᠭᠠᠨ ᠤ ᠨᠡᠶᠢᠯᠡᠪᠦᠷᠢ ᠨᠢ ᠬᠡᠨ ᠤ ᠬᠢᠨᠢ ᠬᠡᠯᠡᠭᠰᠡᠨ ᠨᠢ ᠲᠠᠭᠠᠷᠠᠪᠠᠯ | ᠲᠡᠷᠡ ᠨᠢ ᠨᠢᠭᠡ ᠬᠤᠪᠢ ᠣᠯᠵᠤ ᠨᠢᠭᠡ ᠤᠳᠠᠭᠠᠨ ᠤ ᠬᠤᠵᠢᠯ ᠳᠤ ᠲᠠᠪᠤᠨ ᠬᠤᠪᠢ ᠪᠠᠷ ᠮᠥᠷᠥᠶᠢᠴᠡᠨ ᠨᠠᠭᠠᠳᠳᠠᠭ᠃ | ᠬᠤᠷᠤᠭᠤᠴᠠᠬᠤ ᠨᠠᠭᠠᠳᠤᠮ ︽ᠬᠤᠸᠠ︾ ᠨᠢ ᠳ᠋ᠠᠩ ᠬᠤᠸᠠ᠂ ᠳᠠᠪᠬᠤᠷ ᠬᠤᠸᠠ᠂ ᠠᠶᠠᠯᠭᠤ ᠲᠠᠢ ᠬᠤᠸᠠ ᠭᠡᠵᠤ | ᠬᠡᠳᠦᠨ ᠵᠦᠢᠯ ᠪᠠᠶᠢᠳᠠᠭ᠃ | ᠠᠩᠬᠠᠷᠬᠤ ᠨᠢ᠄ ᠮᠣᠩᠭᠤᠯ ᠬᠤᠸᠠ ᠬᠤᠸᠠᠯᠠᠬᠤ ᠳᠤ ᠲᠤᠭ᠎ᠠ ᠭᠠᠷᠭᠠᠪᠠᠯ ᠵᠠᠪᠠᠯ ᠡᠷᠡᠬᠡᠢ ᠬᠤᠷᠤᠭᠤ ᠶᠢ ᠭᠠᠷᠭᠠᠬᠤ | ᠬᠡᠷᠡᠭᠲᠡᠢ᠃ ᠲᠤᠭ᠎ᠠ ᠪᠠᠨ ᠬᠡᠯᠡᠭᠡᠳ ᠬᠤᠷᠤᠭᠤ ᠪᠠᠨ ᠭᠠᠷᠭᠠᠬᠤ ᠳᠤ ᠪᠠᠨ ᠨᠥᠭᠦᠭᠡ ᠲᠠᠯ᠎ᠠ ᠶᠢᠨ ᠬᠥᠮᠥᠨ ᠤ ᠲᠠᠪᠤᠨ | ᠬᠤᠷᠤᠭᠤ ᠲᠠᠢ ᠨᠡᠶᠢᠯᠡᠭᠡᠳ ᠬᠦᠷᠬᠦ ᠲᠤᠭ᠎ᠠ ᠶᠢ ᠭᠠᠷᠭᠠᠬᠤ ᠬᠡᠷᠡᠭᠲᠡᠢ᠃ | ᠠᠷᠪᠠᠨ ᠲᠣᠭᠠᠨ ᠤ ᠨᠡᠷᠡᠶᠢᠳᠦᠯ | ᠨᠢᠭᠡ ᠶᠢ ᠡᠷᠭᠢᠮ ᠢ ᠳ᠋ᠧ︔ ᠬᠤᠶᠠᠷ ᠢ ᠡᠷᠬᠢᠮ ᠢᠯᠴᠡ ︵ᠡᠷᠡᠨᠡ ᠢᠯᠴᠡ︶︔ ᠭᠤᠷᠪᠠ ᠶᠢ ᠭᠤᠷᠪᠠ ᠶᠢᠨ | ᠭᠤᠨᠳᠠ ︵ᠰᠠᠮᠬᠠᠨ ᠰᠠᠩᠲᠸᠦ︶︔ ᠳᠥᠷᠪᠡ ᠶᠢ ᠴᠡᠪᠡᠷᠬᠡᠨ ᠴᠡᠭᠡᠯᠡ︔ ᠲᠠᠪᠤ ᠶᠢ ᠦ᠋ ᠮᠧᠨ ᠲᠠᠪᠤ ︵ᠦ᠋ ᠭᠧᠨ ᠦ᠋ | ᠱᠧ︶ ᠦᠵᠢᠨ ᠲᠠᠪᠤ︔ ᠵᠢᠷᠭᠤᠭ᠎ᠠ ᠶᠢ ᠳ᠋ᠠᠰᠠᠨᠠᠮ ᠯᠢᠦ ᠭᠡ ︵ᠵᠢᠷᠭᠤᠭ᠎ᠠ ᠳ᠋ᠠᠭᠠᠰᠠ︶︔ ᠳᠣᠯᠤᠭ᠎ᠠ ᠶᠢ ᠳᠤᠯᠵᠢᠮ | ᠴᠢ ᠭᠡ ︵ᠳᠣᠬᠢᠭᠤᠷ ᠳᠣᠯᠤᠭ᠎ᠠ︶︔ ᠨᠠᠢᠮᠠ ᠶᠢ ᠪᠠ ᠴᠢ ᠯᠢᠭ ᠪᠠ ᠮᠠ ︵ᠪᠠ ᠭᠡᠯ ᠪᠠ ᠭᠡ︶︔ ᠶᠢᠰᠦ ᠶᠢ ᠳ᠋ᠧ | ᠬᠡᠨ ᠳ᠋ᠧ ᠨᠢ ᠬᠦᠦ︔ ᠠᠷᠪᠠ ᠶᠢ ᠪᠠᠷᠵᠢᠨ ᠲᠠᠯᠪᠢᠨ᠎ᠠ︔ ᠨᠢᠭᠡ ᠴᠦ ᠦᠭᠡᠢ ᠪᠣᠯ ᠪᠢᠲᠡᠭᠦᠦ ᠪᠣᠭᠤᠮ᠎ᠠ ᠭᠡᠵᠤ ᠲᠤᠰ | ᠪᠦᠷᠢ ᠨᠡᠷᠡᠯᠡᠳᠡᠭ ᠪᠠᠶᠢᠨ᠎ᠠ᠃ | ⒈ ᠳ᠋ᠠᠩ ᠬᠤᠸᠠ | ᠬᠤᠶᠠᠷ ᠬᠥᠮᠥᠨ ᠲᠤᠰ ᠪᠦᠷᠢ ᠶᠢᠨ ᠨᠢᠭᠡ ᠭᠠᠷ ᠢᠶᠠᠨ ᠭᠠᠷᠭᠠᠵᠤ ᠬᠤᠶᠠᠭᠤᠯᠠ ᠪᠠᠨ ᠡᠬᠢᠯᠡᠨ ᠠᠶ᠎ᠠ ᠳᠠᠭᠤᠤ | ᠪᠠᠷ ᠦᠵᠡᠯ ᠬᠤᠸᠠ ᠳ᠋ᠠ ᠳ᠋ᠧ ᠭᠧ ᠯᠠ ᠮᠠ ᠳ᠋ᠦ᠋ ᠭᠡᠵᠤ ᠳᠠᠭᠤᠯᠠᠨ ᠥᠪᠡᠷ ᠥᠪᠡᠷ ᠤᠨ ᠲᠤᠭ᠎ᠠ ᠪᠠᠨ ᠬᠡᠯᠡᠵᠦ | ᠮᠥᠷᠥᠶᠢᠴᠡᠨ ᠨᠠᠭᠠᠳᠳᠠᠭ᠃ | ᠵᠢᠱᠢᠶ᠎ᠠ ᠨᠢ᠄ ᠦᠵᠡᠯ ᠬᠤᠸᠠ ᠳ᠋ᠠ ᠳ᠋ᠧ ᠭᠧ ᠯᠠ ᠮᠠ ᠳ᠋ᠥ᠋᠂ ᠡᠷᠬᠢᠮ ᠢ ᠳ᠋ᠧ ᠳ᠋ᠧ ᠭᠧ ᠯᠠ ᠮᠠ ᠳ᠋ᠥ᠋᠂ ᠭᠤᠷᠪᠠ ᠶᠢᠨ | ᠭᠤᠨᠳᠠ ᠳ᠋ᠧ ᠭᠧ ᠯᠠ ᠮᠠ ᠳ᠋ᠥ᠋᠂ ᠦ᠋ ᠮᠧᠨ ᠲᠠᠪᠤ ᠳ᠋ᠠ ᠳ᠋ᠧ ᠭᠧ ᠯᠠ ᠮᠠ ᠳ᠋ᠥ᠋ ᠭᠡᠬᠦ ᠪᠠᠷ ᠦᠷᠭᠦᠯᠵᠢᠯᠡᠭᠦᠯᠦᠨ | ᠳᠠᠭᠤᠯᠠᠵᠤ ᠬᠡᠨ ᠨᠢ ᠲᠠᠪᠤᠨ ᠬᠤᠪᠢ ᠣᠯᠪᠠᠯ ᠬᠤᠵᠢᠯ ᠭᠠᠷᠴᠤ ᠵᠣᠭᠰᠤᠳᠠᠭ᠃ | ⒉ ᠦᠵᠢᠨ ᠲᠠᠪᠤ | ᠦᠵᠢᠨ ᠲᠠᠪᠤ ᠶᠢ ᠮᠢᠨᠢ ᠭᠠᠷᠭᠠᠭᠠᠳ ᠢᠷᠡᠭᠡᠷᠡᠢ᠂ ᠭᠤᠷᠪᠠ ᠶᠢᠨ ᠭᠤᠨᠳᠠ ᠮᠠᠨ ᠤ ᠳᠤ ᠪᠠᠶᠢᠨ᠎ᠠ᠂ ᠴᠡᠪᠡᠷᠬᠡᠨ ᠴᠡᠭᠡᠯᠡ | ᠲᠠᠨ ᠤ ᠳᠤ ᠪᠠᠶᠢᠪᠠᠯ ᠡᠷᠬᠢᠮ ᠢᠯᠴᠡ ᠠᠮᠠᠨ ᠳᠤ ᠪᠣᠯᠵᠠᠢ ᠭᠤᠵᠢ ᠨᠠᠨ ᠠ ᠬᠦᠢ ᠭᠡᠵᠤ ᠳᠠᠭᠤᠯᠠᠵᠤ ᠬᠤᠶᠠᠷ ᠬᠥᠮᠥᠨ | ᠤ ᠲᠤᠰ ᠪᠦᠷᠢ ᠶᠢᠨ ᠲᠠᠪᠤᠨ ᠬᠤᠷᠤᠭᠤᠨ ᠤ ᠲᠣᠭᠠᠨ ᠤ ᠨᠡᠶᠢᠯᠡᠪᠦᠷᠢ ᠠᠴᠠ ᠬᠡᠨ ᠤ ᠬᠢᠨᠢ ᠲᠠᠭᠠᠷᠠᠭᠰᠠᠨ ᠪᠣᠯ ᠲᠡᠷᠡ | ᠨᠢ ᠳᠠᠷᠤᠢ ᠬᠤᠵᠢᠯ ᠣᠯᠤᠨ᠎ᠠ᠃ ᠬᠡᠷᠪᠡ ᠰᠡᠭᠦᠯᠴᠢ ᠲᠤᠭ᠎ᠠ ᠶᠢ ᠳᠠᠬᠢᠨ ᠣᠯᠪᠠᠯ ᠡᠷᠭᠢᠭᠡᠳ ᠢᠷᠡᠯ᠎ᠡ ᠭᠤᠵᠢ ᠨᠠᠨ ᠠ | ᠬᠦᠢ ᠭᠡᠵᠤ ᠳᠠᠭᠤᠯᠠᠵᠤ ᠵᠠᠪᠰᠠᠷᠯᠠᠨ᠎ᠠ᠃ | ⒊ ᠮᠢᠩ ᠲᠢᠶᠠᠨ ᠽᠣᠣ | ᠲᠡᠮᠦᠷ ᠴᠢ ᠶᠣᠣ ᠲᠡᠷᠭᠡ ᠪᠠᠨ ᠬᠥᠯᠯᠡᠭᠡᠳ ᠭᠠᠷᠤᠯ᠎ᠠ ᠬᠦᠢ | ᠲᠦᠰᠢᠶᠡᠲᠦ ᠸᠠᠩ ᠤᠨ ᠬᠤᠰᠢᠭᠤ ᠪᠠᠷ ᠳᠠᠭᠠᠷᠢᠨ ᠢᠷᠡᠯ᠎ᠡ ᠬᠦᠢ | ᠦᠵᠡᠯ ᠬᠤᠸᠠ ᠰᠢᠦ ᠮᠢᠩ ᠲᠢᠶᠠᠨ ᠽᠣᠣ ᠡᠷᠬᠢᠮ ᠢ ᠳ᠋ᠧ᠂ ᠭᠤᠷᠪᠠ ᠶᠢᠨ ᠭᠤᠨᠳᠠ᠂ ᠦ᠋ ᠮᠧᠨ ᠲᠠᠪᠤ ᠬᠦᠢ ᠭᠡᠵᠤ | ᠬᠤᠶᠠᠷ ᠬᠥᠮᠥᠨ ᠬᠤᠣᠰ ᠢᠶᠠᠷ ᠳᠠᠭᠤᠯᠠᠵᠤ ᠲᠤᠰ ᠪᠦᠷᠢ ᠶᠢᠨ ᠲᠠᠪᠤᠨ ᠬᠤᠷᠤᠭᠤ ᠪᠠᠨ ᠭᠠᠷᠭᠠᠨ ᠥᠪᠡᠷ ᠤᠨ ᠬᠡᠯᠡᠬᠦ | ᠲᠤᠭ᠎ᠠ ᠪᠠᠨ ᠬᠡᠯᠡᠵᠦ ᠭᠠᠷᠭᠠᠬᠤ ᠬᠤᠷᠤᠭᠤ ᠪᠠᠨ ᠭᠠᠷᠭᠠᠨ ᠭᠤᠷᠪᠠ ᠤᠳᠠᠭ᠎ᠠ ᠲᠤᠭ᠎ᠠ ᠪᠠᠨ ᠬᠡᠯᠡᠵᠦ ᠥᠪᠡᠷ ᠤᠨ | ᠬᠡᠯᠡᠭᠡᠳ ᠲᠠᠭᠠᠷᠠᠭᠰᠠᠨ ᠬᠤᠵᠢᠯ ᠢᠶᠠᠨ ᠣᠯᠣᠨ᠎ᠠ᠃ | ⒋ ᠦ᠋ ᠢᠨᠳᠡᠷ ᠬᠤᠸᠠ ᠰᠢᠦ | ︽ᠦ᠋ ᠢᠨᠳᠡᠷ ᠬᠤᠸᠠ ᠰᠢᠦ ᠳᠠᠸᠠ ᠢᠨᠳᠡᠷ ᠱᠠᠩᠬᠠᠢ | ᠦ᠋ ᠮᠧᠨ ᠲᠠᠪᠤ ᠮᠠᠨ ᠤ ᠳᠤ ᠪᠣᠯᠵᠠᠢ ᠬᠥᠭᠡᠷᠦᠬᠦᠢ | ᠭᠤᠷᠪᠠ ᠶᠢᠨ ᠭᠤᠨᠳᠠ ᠠᠮᠠᠨ ᠳᠤ ᠪᠣᠯᠵᠠᠢ ᠬᠥᠭᠡᠷᠦᠬᠦᠢ | ᠴᠡᠪᠡᠷᠬᠡᠨ ᠴᠡᠭᠡᠯᠡ ᠳ᠋ᠦᠢ ᠮᠧᠩ ᠪᠣᠯᠵᠠᠢ ᠬᠥᠭᠡᠷᠦᠬᠦᠢ | ᠪᠠ ᠴᠢ ᠯᠢᠭ ᠪᠠ ᠮᠠ ᠲᠠᠨ ᠤ ᠳᠤ ᠪᠣᠯᠵᠠᠢ ᠬᠥᠭᠡᠷᠦᠬᠦᠢ︾ ᠭᠡᠬᠦ ᠮᠡᠲᠦ ᠪᠠᠷ ᠳᠠᠭᠤᠯᠠᠵᠤ ᠬᠡᠨ ᠨᠢ ᠬᠤᠵᠢᠯ ᠣᠯᠪᠠᠯ | ᠵᠣᠭᠰᠤᠳᠠᠭ ᠪᠠᠶᠢᠨ᠎ᠠ᠃ | ᠡᠨᠡ ᠬᠦ ᠬᠤᠸᠠ ᠨᠢ ᠵᠠᠯᠭᠠᠭᠤᠯᠵᠤ ᠳᠠᠭᠤᠯᠠᠭᠠᠳ ᠬᠡᠨ ᠨᠢ ᠲᠠᠪᠤᠨ ᠬᠤᠵᠢᠯ ᠣᠯᠪᠠᠯ ᠬᠤᠵᠢᠯ ᠭᠠᠷᠤᠨ᠎ᠠ᠃ | | ⒌ ᠳ᠋ᠢ ᠳ᠋ᠢ ᠳ᠋ᠢ | ︽ᠦ᠋ ᠮᠧᠨ ᠲᠠᠪᠤ ᠯᠤᠩ ᠲᠣᠣ ᠳ᠋ᠠ ᠳᠣᠲᠤᠬᠠᠨ ᠳ᠋ᠠ ᠳ᠋ᠢ ᠳ᠋ᠢ ᠳ᠋ᠢ | ᠡᠷᠬᠢᠮ ᠢᠯᠴᠠ ᠯᠣᠩ ᠲᠣᠣ ᠳ᠋ᠠ ᠲᠣᠳᠤᠬᠠᠨ ᠳ᠋ᠠ ᠳ᠋ᠢ ᠳ᠋ᠢ ᠳ᠋ᠢ | ᠲᠤᠯᠵᠠᠮ ᠴᠢ ᠭᠡ ᠯᠣᠩ ᠲᠣᠣ ᠳ᠋ᠠ ᠲᠣᠳᠤᠬᠠᠨ ᠳ᠋ᠠ ᠳ᠋ᠢ ᠳ᠋ᠢ ᠳ᠋ᠢ︾ ᠭᠡᠬᠦ ᠮᠡᠲᠦ ᠪᠠᠷ ᠦᠷᠭᠦᠯᠵᠢᠯᠡᠭᠦᠯᠦᠨ ᠬᠤᠶᠠᠷ | ᠬᠥᠮᠥᠨ ᠤ ᠲᠤᠰ ᠪᠦᠷᠢ ᠶᠢᠨ ᠲᠠᠪᠤᠨ ᠬᠤᠷᠤᠭᠤᠨ ᠤ ᠨᠡᠶᠢᠯᠡᠪᠦᠷᠢ ᠶᠢᠨ ᠬᠡᠨ ᠤ ᠬᠢᠨᠢ ᠲᠠᠭᠠᠷᠠᠪᠠᠯ ᠬᠡᠨ ᠨᠢ ᠬᠤᠵᠢᠯ | ᠣᠯᠤᠨ᠎ᠠ᠃ | ᠡᠨᠡ ᠬᠤᠸᠠ ᠬᠡᠨ ᠨᠢ ᠤᠷᠢᠳ ᠢᠶᠠᠷ ᠲᠠᠪᠤᠨ ᠬᠤᠵᠢᠯ ᠣᠯᠪᠠᠯ ᠬᠤᠵᠢᠯ ᠭᠠᠷᠤᠨ᠎ᠠ᠃ | | | ᠬᠤᠷᠤᠭᠤᠴᠠᠬᠤ ᠨᠠᠭᠠᠳᠤᠮ ︵ᠬᠤᠸᠠ ᠬᠤᠸᠠᠯᠠᠬᠤ︶ ᠲᠣᠭᠯᠠᠭᠠᠮ ᠢ ᠨᠠᠶᠢᠷᠠᠭᠤᠯᠤᠨ ᠰᠡᠷᠭᠦᠭᠡᠬᠦ ᠪᠠᠷ ᠤᠤᠯ ᠤᠨ | ᠲᠤᠰ ᠨᠠᠭᠠᠳᠤᠮ ᠲᠣᠭᠯᠠᠭᠠᠮ ᠢ ᠮᠡᠳᠡᠳᠡᠭ ᠬᠡᠰᠡᠭ ᠨᠥᠬᠦᠳ ᠢ ᠴᠤᠭᠯᠠᠭᠤᠯᠤᠨ ᠶᠠᠷᠢᠯᠴᠠᠨ ᠵᠥᠪᠳᠡᠵᠦ ᠨᠠᠶᠢᠷᠠᠭᠤᠯᠤᠨ | ᠪᠢᠴᠢᠭᠯᠡᠯ᠎ᠡ᠃ | ᠭᠤᠣᠯᠴᠢᠯᠠᠨ ᠨᠠᠶᠢᠷᠠᠭᠤᠯᠤᠭᠴᠢ᠄ ᠨᠡᠬᠡᠶᠢᠲᠦ | ᠠᠶ᠎ᠠ ᠠᠶᠠᠯᠭᠤ ᠲᠣᠬᠢᠷᠠᠭᠤᠯᠤᠭᠴᠢ᠄ ᠭᠠᠷᠮᠠᠭᠠᠢ | ᠬᠠᠪᠰᠤᠷᠤᠨ ᠵᠥᠪᠳᠡᠯᠴᠡᠭᠰᠡᠳ᠄ ᠰᠸ᠊ · ᠳᠤᠯᠭᠠᠷ᠂ ᠬᠠᠰᠤᠨᠬᠡᠷᠡᠯ᠂ ᠵᠢᠪᠽᠤᠨᠳᠤᠯᠮᠠ᠂ ᠰᠠᠶᠢᠨᠪᠢᠯᠢᠭ᠌ | ᠵᠣᠬᠢᠶᠠᠭᠴᠢ ᠶᠢᠨ ᠬᠠᠶ᠋ᠢᠭ᠄ ᠰᠢᠨ᠎ᠡ ᠪᠠᠷᠭᠤ ᠪᠠᠷᠠᠭᠤᠨ ᠬᠤᠰᠢᠭᠤᠨ ᠤ ᠶᠠᠳᠠᠭᠤ ᠶᠢ | ᠲᠡᠳᠬᠦᠬᠦ ᠠᠯᠪᠠᠨ ᠭᠡᠷ ᠤᠨ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ | |