ᠮᠤᠩᠭᠤᠯ ᠵᠠᠩ ᠦᠢᠯᠡ ᠱᠠᠰᠢᠨ ᠤ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠬᠦᠬᠡᠬᠤᠲᠠ ᠳᠤ ᠪᠤᠯᠪᠠ
ᠨᠡᠶᠢᠲᠡᠯᠡᠭᠰᠡᠨ ᠴᠠᠭ᠄
2019/4/3
     ᠰᠢᠨᠬᠤᠧᠠ ᠮᠣᠩᠭᠤᠯ ᠨᠧᠲ ᠬᠦᠬᠡᠬᠤᠲᠠ ᠶᠢᠨ 10 ᠰᠠᠷ᠎ᠠ ᠶᠢᠨ 28 ᠤ ᠡᠲᠦᠷ ᠤᠨ ᠴᠠᠬᠢᠯᠭᠠᠨ ᠮᠡᠲᠡᠭᠡ ︵ᠬ᠊· ᠦᠵᠡᠰᠬᠦᠯᠡᠩ︶ ᠬᠤᠶᠠᠲᠤᠭᠠᠷ ᠤᠲᠠᠭᠠᠨ ᠤ ᠪᠦᠬᠦ ᠤᠯᠤᠰ ᠤᠨ ᠮᠤᠩᠭᠤᠯ ᠵᠠᠩ ᠦᠢᠯᠡ ᠱᠠᠰᠢᠨ ᠤ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ 10 ᠰᠠᠷ᠎ᠠ ᠶᠢᠨ 28 ᠤ ᠡᠲᠦᠷ ᠦᠪᠦᠷ ᠮᠣᠩᠭᠤᠯ ᠤᠨ ᠶᠡᠭᠡ ᠰᠤᠷᠭᠠᠭᠤᠯᠢ ᠳᠤ ᠪᠤᠯᠪᠠ᠃ ᠤᠭ ᠬᠤᠷᠠᠯ ᠤᠨ ᠦᠶ᠎ᠡ ᠪᠠᠷ ᠪᠡᠭᠡᠵᠢᠩ᠂ ᠭᠠᠨᠰᠦ᠂ ᠰᠢᠨᠵᠢᠶᠠᠩ ᠵᠡᠷᠭᠡ ᠭᠠᠵᠠᠷ ᠤᠷᠤᠨ ᠤ ᠡᠷᠲᠡᠮᠲᠠᠨ ᠰᠤᠲᠤᠯᠤᠭᠠᠴᠢᠳ ᠤᠷᠤᠯᠴᠠᠭᠰᠠᠨ ᠠᠴᠠ ᠭᠠᠲᠠᠨ᠎ᠠ ᠦᠪᠦᠷ ᠮᠣᠩᠭᠤᠯ ᠤᠨ ᠶᠡᠭᠡ ᠰᠤᠷᠭᠠᠭᠤᠯᠢ᠂ ᠦᠪᠦᠷ ᠮᠣᠩᠭᠤᠯ ᠤᠨ ᠪᠠᠭᠰᠢ ᠶᠡᠭᠡ ᠰᠤᠷᠭᠠᠭᠤᠯᠢ᠂ ᠦᠪᠦᠷ ᠮᠣᠩᠭᠤᠯ ᠤᠨ ᠦᠨᠳᠦᠰᠦᠲᠡᠨ ᠤ ᠶᠡᠭᠡ ᠰᠤᠷᠭᠠᠭᠤᠯᠢ᠂ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠶᠢᠨ ᠵᠠᠩ ᠦᠢᠯᠡ ᠱᠠᠰᠢᠨ ᠤ ᠰᠤᠶᠤᠯ ᠤᠨ ᠰᠤᠲᠤᠯᠤᠭᠠᠴᠢ᠂ ᠲᠦᠩᠯᠢᠶᠤᠤ᠂ ᠤᠯᠠᠭᠠᠨᠬᠠᠲᠠ᠂ ᠠᠯᠠᠱᠠ ᠵᠡᠷᠭᠡ ᠭᠠᠵᠠᠷ ᠤᠷᠤᠨ ᠤ ᠡᠷᠲᠡᠮᠲᠡᠳ ᠴᠤ ᠤᠷᠤᠯᠴᠠᠭᠰᠠᠨ ᠪᠠᠶᠢᠨ᠎ᠠ᠃      ᠲᠤᠰ ᠤᠲᠠᠭᠠᠨ ᠤ ᠬᠤᠷᠠᠯ ᠤᠨ ᠭᠤᠤᠯ ᠰᠡᠳᠦᠪ ᠨᠢ ᠮᠣᠩᠭᠤᠯ ᠵᠠᠩ ᠦᠢᠯᠡ ᠰᠤᠶᠤᠯ ᠪᠠ ᠱᠠᠰᠢᠨ ᠰᠤᠷᠲᠠᠬᠤᠨ ᠤ ᠰᠤᠶᠤᠯ ᠤᠨ ᠬᠤᠶᠠᠷ ᠶᠡᠭᠡ ᠬᠦᠷᠢᠶ᠎ᠠ ᠶᠢ ᠬᠠᠮᠤᠷᠴᠤ ᠪᠠᠶᠢᠨ᠎ᠠ᠃ ᠡᠨᠡ ᠨᠢ ᠮᠣᠩᠭᠤᠯ ᠰᠤᠲᠤᠯᠤᠯ ᠤᠨ ᠰᠢᠨᠵᠢᠯᠡᠭᠡᠨ ᠤ ᠭᠤᠤᠯ ᠰᠡᠳᠦᠪ ᠤᠳ ᠪᠤᠯᠬᠤ ᠪᠦᠭᠡᠳ ᠮᠣᠩᠭᠤᠯ ᠰᠤᠲᠤᠯᠤᠯ ᠤᠨ ᠬᠦᠷᠢᠶ᠎ᠡ ᠦᠷᠭᠡᠵᠢᠨ ᠲᠡᠯᠡᠭᠰᠡᠨ ᠢ ᠬᠠᠷᠠᠭᠤᠯᠵᠤ ᠪᠠᠶᠢᠨ᠎ᠠ᠃ ᠮᠣᠩᠭᠤᠯ ᠵᠠᠩ ᠦᠢᠯᠡ ᠶᠢᠨ ᠬᠡᠪᠴᠢᠶᠠᠨ ᠳᠤ ᠵᠠᠩ ᠦᠢᠯᠡ ᠵᠦᠢ᠂ ᠠᠮᠠᠨ ᠵᠤᠬᠢᠶᠠᠯ ᠪᠤᠯᠤᠨ ᠪᠠᠶᠠᠲᠤ ᠪᠤᠰᠤ ᠰᠤᠶᠤᠯ᠂ ᠮᠣᠩᠭᠤᠯ ᠦᠨᠳᠦᠰᠦᠲᠡᠨ ᠤ ᠤᠯᠠᠮᠵᠢᠯᠠᠯᠲᠤ ᠰᠤᠶᠤᠯ᠂ ᠮᠣᠩᠭᠤᠯ ᠦᠨᠳᠦᠰᠦᠲᠡᠨ ᠤ ᠨᠡᠬᠦᠲᠡᠯ ᠰᠤᠶᠤᠯ ᠪᠠ ᠲᠠᠷᠢᠶᠠᠯᠠᠩ ᠰᠤᠶᠤᠯ ᠭᠡᠬᠦ ᠮᠡᠲᠦ ᠠᠰᠠᠭᠤᠲᠠᠯ ᠤᠳ ᠢ ᠪᠠᠭᠲᠠᠭᠠᠵᠤ ᠪᠤᠢ᠃ ᠮᠣᠩᠭᠤᠯ ᠱᠠᠰᠢᠨ ᠤ ᠰᠤᠶᠤᠯ ᠤᠨ ᠬᠦᠷᠢᠶᠡᠨ ᠳᠤ ᠮᠠᠷᠺᠰ ᠤᠨ ᠦᠵᠡᠯ ᠤᠨ ᠱᠠᠰᠢᠨ ᠤ ᠤᠨᠤᠯ ᠪᠤᠯᠤᠨ ᠨᠠᠮ ᠤᠨ ᠱᠠᠰᠢᠨ ᠤ ᠲᠦᠷᠦ ᠶᠢᠨ ᠪᠤᠲᠤᠯᠭ᠎ᠠ᠂ ᠮᠣᠩᠭᠤᠯ ᠦᠨᠳᠦᠰᠦᠲᠡᠨ ᠤ ᠱᠠᠰᠢᠨ ᠤ ᠰᠤᠷᠪᠤᠯᠵᠢ ᠪᠢᠴᠢᠭ ᠪᠤᠯᠤᠨ ᠠᠷᠠᠳ ᠤᠨ ᠰᠢᠲᠦᠯᠭᠡ ᠶᠢᠨ ᠰᠤᠲᠤᠯᠤᠯ ᠵᠡᠷᠭᠡ ᠠᠰᠠᠭᠤᠲᠠᠯ ᠢ ᠪᠠᠭᠲᠠᠭᠠᠭᠰᠠᠨ ᠪᠠᠶᠢᠨ᠎ᠠ ᠭᠡᠵᠦ ᠦᠪᠦᠷ ᠮᠣᠩᠭᠤᠯ ᠤᠨ ᠵᠠᠩ ᠦᠢᠯᠡ ᠶᠢᠨ ᠨᠡᠶᠢᠭᠡᠮᠯᠢᠭ ᠤᠨ ᠲᠠᠷᠤᠭ᠎ᠠ᠂ ᠫᠷᠤᠹᠧᠰᠰᠤᠷ ᠵᠠᠭᠠᠷ ᠲᠠᠨᠢᠯᠴᠠᠭᠤᠯᠪᠠ᠃      ᠮᠣᠩᠭᠤᠯ ᠵᠠᠩ ᠦᠢᠯᠡ ᠱᠠᠰᠢᠨ ᠤ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠬᠤᠶᠡᠳᠡᠬᠢ ᠤᠲᠠᠭ᠎ᠠ ᠪᠠᠨ ᠦᠪᠦᠷ ᠮᠣᠩᠭᠤᠯ ᠤᠨ ᠶᠡᠭᠡ ᠰᠤᠷᠭᠠᠭᠤᠯᠢ ᠳᠤ ᠵᠤᠬᠢᠶᠠᠨ ᠪᠠᠶᠢᠭᠤᠯᠤᠭᠲᠠᠵᠤ ᠪᠠᠶᠢᠭ᠎ᠠ ᠪᠠᠷ ᠢᠶᠠᠨ ᠠᠴᠢ ᠬᠤᠯᠪᠤᠭᠲᠠᠯ ᠶᠡᠬᠡᠲᠡᠢ᠃ ᠡᠷᠲᠡᠮᠲᠡᠨ ᠰᠤᠲᠤᠯᠤᠭᠠᠴᠢᠳ ᠠᠰᠠᠭᠤᠲᠠᠯ ᠤᠨ ᠲᠤᠭᠤᠷᠢᠨ ᠳᠤ ᠦᠵᠡᠯ ᠪᠤᠲᠤᠯ ᠢᠶᠠᠨ ᠴᠢᠯᠦᠭᠡᠲᠡᠢ ᠲᠡᠯᠭᠡᠨ ᠶᠠᠷᠢᠯᠴᠠᠵᠤ ᠡᠷᠲᠡᠮ ᠰᠢᠨᠵᠢᠯᠡᠭᠡᠨ ᠤ ᠠᠰᠠᠭᠤᠲᠠᠯ ᠤᠨ ᠲᠤᠭᠤᠷᠢᠨ ᠳᠤ ᠬᠠᠯᠠᠭᠤᠨ ᠶᠠᠷᠢᠯᠴᠠᠭ᠎ᠠ ᠪᠤᠯᠬᠤ ᠲᠠᠪᠴᠠᠩ ᠪᠤᠯᠤᠭᠰᠠᠨ ᠢᠶᠠᠷ ᠪᠠᠷᠠᠬᠤ ᠦᠭᠡᠢ ᠲᠤᠰ ᠰᠢᠨᠵᠢᠯᠡᠭᠡᠨ ᠤ ᠰᠠᠯᠠᠭᠠᠨ ᠤ ᠪᠦᠲᠦᠭᠡᠨ ᠪᠠᠶᠢᠭᠤᠯᠤᠯᠲᠠ ᠳᠤ ᠴᠤ ᠠᠰᠢᠭᠲᠠᠢ ᠶᠤᠮ ᠭᠡᠵᠦ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠲᠤᠯᠤᠯ ᠤᠨ ᠲᠡᠭᠡᠳᠦ ᠰᠤᠷᠭᠠᠭᠤᠯᠢ ᠶᠢᠨ ᠲᠡᠳ᠋ ᠵᠠᠬᠢᠷᠤᠯ᠂ ᠮᠤᠩᠭᠤᠯ ᠰᠤᠶᠤᠯ ᠰᠤᠲᠤᠯᠬᠤ ᠭᠠᠵᠠᠷ ᠤᠨ ᠲᠠᠷᠤᠭ᠎ᠠ᠂ ᠫᠷᠤᠹᠧᠰᠰᠤᠷ ᠡᠷᠳᠡᠨᠢᠬᠠᠲᠠ ᠰᠤᠷᠪᠤᠯᠵᠢᠯᠠᠭ᠎ᠠ ᠬᠦᠯᠢᠶᠡᠬᠦ ᠳᠡᠭᠡᠨ ᠶᠠᠷᠢᠪᠠ᠃      ᠬᠤᠶᠠᠲᠤᠭᠠᠷ ᠤᠲᠠᠭᠠᠨ ᠤ ᠪᠦᠬᠦ ᠤᠯᠤᠰ ᠤᠨ ᠮᠤᠩᠭᠤᠯ ᠵᠠᠩ ᠦᠢᠯᠡ ᠱᠠᠰᠢᠨ ᠤ ᠰᠤᠶᠤᠯ ᠤᠨ ᠡᠷᠲᠡᠮ ᠰᠢᠨᠵᠢᠯᠡᠭᠡᠨ ᠤ ᠬᠤᠷᠠᠯ ᠢ ᠦᠪᠦᠷ ᠮᠣᠩᠭᠤᠯ ᠤᠨ ᠶᠡᠭᠡ ᠰᠤᠷᠭᠠᠭᠤᠯᠢ ᠶᠢᠨ ᠮᠣᠩᠭᠤᠯ ᠰᠤᠲᠤᠯᠤᠯ ᠤᠨ ᠲᠡᠭᠡᠳᠦ ᠰᠤᠷᠭᠠᠭᠤᠯᠢ ᠪᠤᠯᠤᠨ ᠦᠪᠦᠷ ᠮᠣᠩᠭᠤᠯ ᠤᠨ ᠵᠠᠩ ᠦᠢᠯᠡ ᠶᠢᠨ ᠨᠡᠶᠢᠭᠡᠮᠯᠢᠭ ᠠᠴᠠ ᠬᠠᠮᠲᠤᠷᠠᠨ ᠵᠤᠬᠢᠶᠠᠨ ᠪᠠᠶᠢᠭᠤᠯᠪᠠ᠃
 
ᠢᠷᠡᠯᠲᠡ᠄ ᠰᠢᠨᠬᠤᠧᠠ ᠮᠣᠩᠭᠤᠯ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号