ᠢᠪᠡᠭᠡᠯ ᠤᠨ ᠭᠡᠭᠡᠨ ᠲᠡᠭᠷᠢ
ᠨᠡᠶᠢᠲᠡᠯᠡᠭᠰᠡᠨ ᠴᠠᠭ᠄
2017/10/29
ᠯᠾ᠊ · ᠠᠯᠲᠠᠨᠴᠡᠴᠡᠭ    ᠢᠪᠡᠭᠡᠯ ᠤᠨ ᠭᠡᠭᠡᠨ ᠲᠡᠭᠷᠢ ᠬᠤᠷᠭᠤᠯ ᠲᠠᠢ ᠬᠥᠬᠡ ᠪᠠᠭᠤᠴᠠᠨ ᠳᠡᠭᠡᠷ᠎ᠡ ᠬᠦᠢ ᠲᠠᠰᠤᠷᠠᠨ ᠤᠬᠢᠯᠠᠵᠤ ᠤᠨᠠᠭᠰᠠᠨ ᠶᠤᠮ ᠤᠲᠤᠭ᠎ᠠ ᠲᠠᠢ ᠪᠣᠷᠤ ᠭᠡᠷ ᠤᠨ ᠭᠤᠯᠤᠮᠲᠠᠨ ᠤ ᠵᠠᠬ᠎ᠠ ᠳᠤ ᠬᠥᠮᠥᠨ ᠪᠣᠯᠤᠭᠰᠠᠨ ᠶᠤᠮ ᠱᠠᠩᠳᠠᠭᠤᠨ ᠰᠢᠷᠭᠠᠯ ᠤᠭᠤᠷᠠᠭ ᠢ ᠨᠢ ᠰᠢᠮᠠᠨ ᠰᠢᠮᠠᠨ ᠵᠢᠷᠭᠠᠵᠤ ᠥᠰᠥᠭᠰᠡᠨ ᠶᠤᠮ ᠴᠠᠩ ᠲᠠᠢ ᠮᠥᠩᠭᠦᠨ ᠡᠪᠦᠯ ᠢ ᠬᠠᠶᠢᠷ᠎ᠠ ᠶᠢᠨ ᠭᠠᠯ ᠳᠤ ᠨᠢ ᠮᠠᠷᠲᠠᠵᠤ ᠦᠳᠡᠭᠰᠡᠨ ᠶᠤᠮ ᠰᠠᠭᠠᠯᠢ ᠶᠢᠨ ᠦᠨᠦᠷ ᠲᠠᠢ ᠬᠤᠷᠮᠤᠢ ᠳᠤ ᠨᠢ ᠪᠥᠭᠡᠴᠡᠶᠢᠯᠡᠭᠳᠡᠵᠦ ᠳᠤᠯᠠᠭᠠᠬᠠᠨ ᠦᠰᠦᠭᠰᠡᠨ ᠶᠤᠮ ᠰᠠᠭᠠᠷᠢ ᠲᠠᠢ ᠪᠤᠨᠲᠤᠭᠤᠷ ᠬᠠᠴᠠᠷ ᠢᠶᠠᠨ ᠦᠨᠦᠰᠦᠭᠦᠯᠵᠦ ᠵᠣᠷᠭᠤ ᠪᠠᠷ ᠢᠶᠠᠨ ᠲᠣᠷᠨᠢᠭᠰᠠᠨ ᠶᠤᠮ ᠱᠠᠩᠨᠠᠯ ᠤᠨ ᠮᠧᠳᠠᠯ ᠠᠴᠠ ᠴᠦ ᠢᠯᠡᠭᠦᠦ ᠰᠠᠶᠢᠬᠠᠨ ᠰᠤᠷᠭᠠᠯ ᠳᠤ ᠨᠢ ᠤᠬᠠᠭᠠᠷᠠᠭᠰᠠᠨ ᠶᠤᠮ ᠰᠠᠷᠠᠭᠤᠯ ᠲᠠᠯ᠎ᠠ ᠶᠢᠨ ᠡᠯᠢᠭᠡᠨ ᠠᠴᠠ ᠰᠠᠶᠢᠨ ᠤ ᠢᠷᠦᠭᠡᠯ ᠢᠶᠠᠨ ᠢᠯᠡᠭᠡᠭᠰᠡᠨ ᠶᠤᠮ ᠰᠦᠨ ᠰᠠᠴᠤᠯᠢ ᠳᠤ ᠨᠢ ᠬᠤᠯᠠ ᠶᠢᠨ ᠵᠠᠮ ᠴᠠᠭᠠᠬᠠᠨ ᠰᠤᠨᠤᠯᠵᠠᠵᠤ ᠪᠠᠶᠢᠭᠰᠠᠨ ᠶᠤᠮ ᠭᠦᠨ ᠬᠠᠶᠢᠷ᠎ᠠ ᠳᠤ ᠨᠢ ᠬᠤᠵᠢᠮ ᠤᠨ ᠢᠷᠡᠭᠡᠳᠦᠢ ᠰᠠᠷᠠᠭᠤᠯᠬᠠᠨ ᠴᠡᠩᠬᠡᠷᠯᠡᠵᠦ ᠪᠠᠶᠢᠭᠰᠠᠨ ᠶᠤᠮ ᠰᠡᠳᠬᠢᠯ ᠲᠡᠨᠢᠭᠦᠨ ᠭᠦᠦ ᠶᠢᠨ ᠴᠢᠨᠢ ᠪᠣᠳᠤᠯ ᠦᠶᠦᠭ ᠲᠠᠪᠠᠲᠠᠢ ᠪᠠᠶᠢᠭᠰᠠᠨ ᠶᠤᠮ ᠰᠡᠷᠵᠢᠮ ᠡᠷᠭᠦᠭᠰᠡᠨ ᠡᠵᠢ ᠶᠢᠨ ᠮᠢᠨᠢ ᠪᠠᠷ᠎ᠠ ᠰᠠᠨᠠᠭᠠᠨ ᠳᠤ ᠲᠣᠳᠤᠬᠠᠨ ᠬᠠᠷᠠᠭᠳᠠᠬᠤ ᠶᠤᠮ ᠡᠩᠬᠡ ᠶᠢᠨ ᠪᠡᠯᠭᠡᠲᠦ ᠣᠷᠴᠢᠯᠠᠩ ᠳᠤ ᠮᠥᠩᠬᠡ ᠶᠢᠨ ᠪᠦᠪᠡᠢ ᠠᠶᠠᠯᠤᠭᠰᠠᠨ ᠢᠪᠡᠭᠡᠯ ᠤᠨ ᠭᠡᠭᠡᠨ ᠲᠡᠭᠷᠢ ᠡᠵᠢ ᠬᠥᠮᠥᠨ ᠭᠡᠳᠡᠭ ᠴᠢᠨᠢ ᠵᠢᠷᠦᠬᠡᠨ ᠲᠣᠯᠳᠤᠨ ᠠᠴᠠ ᠤᠨᠳᠤᠷᠤᠭᠰᠠᠨ ᠬᠠᠶᠢᠷ᠎ᠠ ᠶᠢᠨ ᠠᠷᠢᠭᠤᠨ ᠮᠥᠷᠡᠨ ᠵᠡᠭᠦᠳᠦᠨ ᠭᠤᠪᠢ ᠠᠴᠠ ᠮᠠᠨᠳᠤᠭᠰᠠᠨ ᠠᠴᠢᠯᠠᠯ ᠤᠨ ᠠᠯᠲᠠᠨ ᠨᠠᠷᠠᠨ ᠵᠦᠩ ᠪᠢᠯᠢᠭ ᠠᠴᠠ ᠤᠶᠠᠭᠳᠠᠭᠰᠠᠨ ᠰᠠᠯᠵᠤ ᠤᠴᠠᠷᠠᠬᠤ ᠲᠠᠪᠢᠯᠠᠩ ᠵᠥᠭᠡᠯᠡᠨ ᠠᠯᠠᠭ ᠽᠠᠮᠪᠤᠯᠢᠩ ᠤᠨ ᠰᠠᠨᠠᠵᠤ ᠲᠦᠰᠢᠬᠦ ᠵᠠᠶᠠᠭ᠎ᠠ ᠠᠮᠢᠳᠤ ᠶᠠᠪᠤᠭ᠎ᠠ ᠨᠠᠰᠤᠨ ᠳᠤ ᠪᠠᠨ ᠮᠠᠷᠲᠠᠵᠤ ᠴᠢᠳᠠᠬᠤ ᠦᠭᠡᠢ ᠶᠡᠭᠡ ᠠᠴᠢᠲᠠᠨ ᠠᠬᠢᠭᠠᠳ ᠵᠠᠯᠭᠠᠵᠤ ᠥᠪᠯᠡᠬᠦ ᠮᠣᠩᠭᠤᠯ ᠬᠥᠮᠥᠨ ᠤ ᠭᠦᠨ ᠤᠬᠠᠭᠠᠨ ᠠᠮᠤᠭᠤᠯᠠᠩ ᠪᠤᠭᠤᠷᠤᠯ ᠬᠤᠷᠸ᠎ᠠ ᠳᠤ ᠬᠠᠷᠢᠭᠤᠯᠵᠤ ᠲᠡᠶᠢᠯᠬᠦ ᠦᠭᠡᠢ ᠠᠭᠤᠤ ᠡᠨᠡᠷᠢᠯ ᠠᠰᠢᠳᠠ ᠶᠢᠨ ᠪᠤᠷᠬᠠᠨ ᠵᠠᠶᠠᠭᠠᠨ ᠳᠤ ᠰᠦᠭᠦᠳᠴᠦ ᠮᠥᠷᠭᠦᠬᠦ ᠭᠠᠭᠴᠠᠬᠠᠨ ᠰᠢᠲᠦᠭᠡᠨ᠃                            ᠵᠣᠬᠢᠶᠠᠭᠴᠢ ᠶᠢᠨ ᠬᠠᠶ᠋ᠢᠭ  ᠄  ᠰᠢᠨ᠎ᠡ  ᠪᠠᠷᠭᠤ  ᠪᠠᠷᠠᠭᠤᠨ                           ᠬᠤᠰᠢᠭᠤᠨ ᠤ ᠬᠡᠷᠦᠯᠦᠨ ᠰᠤᠮᠤᠨ ᠤ ᠨᠠᠶᠢᠷᠠᠮᠳᠠᠯ ᠭᠠᠴᠠᠭ᠎ᠠ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号