ᠱᠤᠬ ᠵᠢᠷᠤᠬᠴᠢᠨ ᠪᠠ᠊ ᠊ ᠪᠢᠯᠢᠭ ᠤᠨ ᠪᠦᠲᠦᠬᠡᠯ ᠲᠠᠬᠢᠨᠲᠠ ᠤᠯᠠᠨ ᠤᠯᠤᠰ ᠤᠨ ᠦᠵᠡᠰᠬᠦᠯᠡᠩ ᠤᠨ ᠲᠡᠷᠢᠬᠦᠨ ᠱᠠᠩᠨᠠᠯ ᠲᠤᠰᠤᠯ᠎ᠠ
ᠨᠡᠶᠢᠲᠡᠯᠡᠭᠰᠡᠨ ᠴᠠᠭ᠄
2017/11/12
        ᠱᠤᠬ ᠵᠢᠷᠤᠬᠴᠢᠨ ᠪᠠ᠊ ᠊ ᠪᠢᠯᠢᠭ ᠤᠨ ᠪᠦᠲᠦᠬᠡᠯ ᠲᠠᠬᠢᠨᠲᠠ ᠤᠯᠠᠨ ᠤᠯᠤᠰ ᠤᠨ ᠦᠵᠡᠰᠬᠦᠯᠡᠩ ᠤᠨ ᠲᠡᠷᠢᠬᠦᠨ  ᠱᠠᠩᠨᠠᠯ ᠲᠤᠰᠤᠯ᠎ᠠ         2017 ᠤᠨ ᠤ ᠷᠤᠮᠠᠨᠢᠶ᠎ᠠ ᠤᠯᠤᠰ ᠤᠨ  ᠭᠤᠷᠪᠠᠳᠤᠭᠠᠷ  ᠬᠤᠭᠤᠴᠠᠭᠠᠨ ᠤ  ︽ᠲᠠᠪᠤᠰᠤ  ᠪᠤᠶᠤ  ᠬᠤᠤᠵᠤᠤ︾︵salt& pepper︶ ᠰᠡᠲᠤᠪᠲᠤ ᠤᠯᠠᠨ ᠤᠯᠤᠰ ᠤᠨ  ᠬᠤᠱᠤᠩ  ᠱᠤᠬ  ᠵᠢᠷᠤᠭ ᠤᠨ  ᠦᠵᠡᠰᠭᠦᠯᠡᠩ ᠨᠢ  2  ᠳ᠋ᠤᠭᠠᠷ ᠰᠠᠷ᠎ᠠ ᠶᠢᠨ 15 ᠤ ᠡᠳᠦᠷ ᠠᠴᠠ ᠡᠬᠢᠯᠡᠨ ᠤᠷᠤᠯᠳᠤᠭᠠᠨ ᠤ ᠪᠦᠲᠦᠭᠡᠯ ᠢᠶᠠᠨ ᠡᠯᠰᠡᠵᠦ᠂ 4 ᠳ᠋ᠤᠭᠡᠷ ᠰᠠᠷ᠎ᠠ ᠶᠢᠨ 30 ᠤ  ᠡᠳᠦᠷ ᠪᠤᠯᠲᠠᠯ᠎ᠠ 52 ᠤᠯᠤᠰ ᠤᠨ ᠱᠤᠬ ᠵᠢᠷᠤᠬᠴᠢᠨ ᠤ ᠪᠦᠲᠦᠬᠡᠯ ᠢ ᠬᠦᠯᠢᠶᠡᠨ ᠠᠪᠴᠤ᠂ 134 ᠵᠢᠷᠤᠬᠴᠢᠨ ᠤ 281 ᠵᠢᠷᠤᠬ ᠨᠢ ᠬᠢᠷᠢ ᠳᠤ ᠬᠦᠷᠦᠭᠰᠡᠨ ᠪᠦᠲᠦᠬᠡᠯ ᠪᠤᠯᠵᠤ ᠴᠢᠳᠠᠬᠰᠠᠨ ᠪᠠᠶᠢᠨ᠎ᠠ᠃  ᠪᠧᠯᠬᠢ᠂ ᠦᠺᠷᠠᠶᠢᠨ᠂ ᠷᠤᠮᠠᠨᠢᠶ᠎ᠠ ᠪᠤᠯᠤᠨ ᠪᠤᠯᠭᠠᠷᠢᠶ᠎ᠠ ᠵᠡᠷᠬᠡ ᠤᠯᠤᠰ ᠤᠨ 6 ᠤᠷᠠᠯᠢᠬᠴᠢᠨ᠂ ᠱᠤᠬ ᠵᠢᠷᠤᠬᠴᠢᠨ ᠵᠶ᠋ᠠᠷ‌‍ᠪᠦ᠋ᠷᠢᠯᠳᠦᠭᠰᠡᠨ ᠤᠯᠠᠨ ᠤᠯᠤᠰ ᠤᠨ ᠰᠢᠭᠦᠭᠴᠢ ᠨᠠᠷ ᠤᠨ ᠬᠠᠮᠤᠭ ᠰᠡᠬᠦᠯᠴᠢ ᠶᠢᠨ ᠰᠢᠭᠦᠯᠲᠡ ᠶᠢᠨ  ᠳ᠋ᠦᠩ ᠳᠤ  ᠮᠤᠩᠭᠤᠯ‌ᠦᠨᠳᠦᠰᠦᠲᠡᠨ ᠤ ᠱᠤᠬ ᠵᠢᠷᠤᠬᠴᠢᠨ ᠪᠠ᠊ ᠊ ᠪᠢᠯᠢᠭ ᠤᠨ ︽ᠳᠠᠪᠤᠰᠤᠨ ᠤ ᠠᠶᠠᠨ ᠪᠤᠶᠤ ᠲᠡᠮᠡᠬᠡᠨ ᠵᠢᠩ︾ ᠢᠶᠠᠷ  ᠰᠡᠳᠦᠪᠯᠡᠰᠡᠨ‌ᠦᠪᠡᠷᠮᠢᠴᠡ ᠮᠤᠩᠭᠤᠯ ᠠᠬᠤᠢ ᠠᠮᠢᠳᠤᠷᠠᠯ ᠤᠨ ᠬᠡᠪ ᠰᠢᠨᠵᠢᠯᠢᠭ  ᠵᠢᠷᠤᠭ ᠢᠶᠠᠷ ᠢᠶᠠᠨ ᠲᠡᠷᠢᠬᠦᠨ ᠱᠠᠩᠨᠠᠯ ᠢᠶᠠᠷ  ᠮᠢᠯᠢᠶᠠᠯᠭᠠᠵᠠᠢ᠃ ᠬᠤᠶᠠᠷ᠂ ᠭᠤᠷᠪᠠᠳᠤᠭᠠᠷ ᠪᠠᠶᠢᠷᠢᠨ ᠳᠤ ᠤᠷᠤᠰ ᠪᠤᠯᠤᠨ ᠮᠤᠨᠲ᠋ᠧᠩᠷᠤᠤ ᠤᠯᠤᠰ ᠤᠨ  ᠵᠢᠷᠤᠬᠴᠢᠨ ᠤ  ᠪᠦᠲᠦᠬᠡᠯ ᠲᠤᠳᠤᠷᠠᠬᠰᠠᠨ ᠪᠢᠯᠡ᠃ ᠱᠤᠬ ᠵᠢᠷᠤᠬᠴᠢᠨ ᠪᠠ᠊ ᠊ ᠪᠢᠯᠢᠭ ᠤᠨ  ᠬᠤᠪᠢ ᠳᠤ  ᠲᠤᠰ ᠤᠳᠠᠭᠠᠨ ᠤ  ᠱᠠᠩᠨᠠᠯ  ᠪᠤᠯ ᠲᠡᠬᠦᠨ ᠤ ᠲᠤᠯᠤᠳᠠᠬᠢ‌ᠤᠳᠠᠭ᠎ᠠ ᠪᠠᠨ ᠮᠢᠯᠢᠶᠠᠯᠭᠠᠵᠤ ᠪᠠᠶᠢᠭ᠎ᠠ ᠤᠯᠠᠨ ᠤᠯᠤᠰ ᠤᠨ ᠱᠤᠬ ᠵᠢᠷᠤᠭ ᠤᠨ ᠤᠷᠤᠯᠳᠤᠭᠠᠨ ᠤ ᠲᠡᠷᠢᠬᠦᠨ ᠱᠠᠩᠨᠠᠯ ᠪᠤᠯᠤᠨ᠎ᠠ᠃ ᠲᠡᠬᠦᠨ ᠤ ᠪᠦᠲᠦᠬᠡᠯ ᠤᠳ ᠠᠴᠠ ᠨᠠᠷᠠᠨ ᠳᠤ ᠬᠡᠵᠢᠬᠡ ᠬᠦᠷᠦᠭᠰᠡᠨ ᠷᠤᠮᠠᠨᠲ᠋ᠢᠬ ᠪᠢᠯᠢᠭ᠂ ᠴᠢᠯᠠᠭᠤ  ᠠᠳᠬᠤᠵᠤ ᠦᠬᠡᠷ᠎ᠡ ᠭᠠᠷᠠᠭ ᠤᠨ ᠬᠦᠮᠦᠨ ᠢ  ᠤᠬᠲᠤᠵᠤ  ᠪᠤᠢ  ᠱᠤᠬᠯᠢᠬ  ᠪᠢᠯᠢᠭ᠂  ᠠᠤᠲ᠋ᠦ᠋ᠪᠤᠰ ᠤᠨ  ᠡᠭᠦᠳᠡ ᠪᠠᠷ  ᠭᠠᠷᠴᠤ  ᠪᠠᠭᠤᠬᠤ ᠳᠤ ᠪᠠᠨ‌ᠠᠮᠢᠳᠤᠷᠠᠯ ᠢ ᠤᠬᠠᠭᠠᠷᠠᠬᠰᠠᠨ ᠬᠦᠨ ᠤᠬᠠᠭᠠᠨ ᠤ ᠪᠢᠯᠢᠭ᠂ ᠲᠤᠯᠢᠨ ᠠᠴᠠ ᠤᠰᠤ ᠡᠷᠢᠭᠰᠡᠨ ᠬᠠᠷᠢᠭᠤᠴᠠᠯᠭᠠᠲᠤ  ᠤᠬᠠᠮᠰᠠᠷ ᠲᠠᠢ ᠪᠢᠯᠢᠭ᠂ ᠳᠠᠪᠤᠰᠤᠨ ᠠᠶᠠᠨ ᠠᠴᠠ ᠪᠤᠴᠠᠨ ᠶᠠᠪᠤᠭ᠎ᠠ ᠭᠠᠨᠵᠤᠭ᠎ᠠ ᠲᠦᠬᠦᠷᠡᠩ ᠪᠢᠯᠢᠭ ᠢ ᠪᠢᠳᠡ ᠤᠯᠵᠤ ᠦᠵᠡᠳᠡᠭ ᠰᠠᠨ᠃  ᠮᠤᠩᠭᠤᠯ ᠰᠤᠶᠤᠯ ᠢᠶᠠᠨ ᠳᠡᠯᠡᠬᠡᠢ ᠶᠢᠨ ᠲᠦᠪᠰᠢᠨ ᠳᠤ ᠡᠷᠬᠦᠵᠦ  ᠶᠠᠪᠤᠭ᠎ᠠ ᠤᠷᠠᠯᠢᠬᠴᠢᠨ  ᠪᠠᠭᠰᠢ ᠳᠤ ᠪᠠᠨ  ᠪᠠᠶᠠᠷ‌‍ᠭᠦ᠋ᠷᠬᠡᠶ᠎ᠡ᠃ ᠪᠠ᠊ ᠊ ᠪᠢᠯᠢᠭ  ᠳᠡᠯᠡᠬᠡᠢ ᠶᠢᠨ  ᠱᠤᠬ  ᠵᠢᠷᠤᠬᠴᠢᠳ ᠤᠨ  ᠬᠤᠯᠪᠤᠭᠠᠨ ᠤ  ᠲᠤᠮᠲᠠᠲᠤ  ᠤᠯᠤᠰ ᠲᠤ ᠬᠢ  ᠬᠤᠯᠪᠤᠭᠠᠨ ‍ᠤ‌‍ᠬᠡᠰᠢᠬᠦᠨ᠂ ᠦᠪᠦᠷ ᠮᠤᠩᠭᠤᠯ ᠤᠨ ᠤᠷᠠᠨ ᠵᠢᠷᠤᠬᠴᠢᠳ ᠤᠨ ᠨᠡᠶᠢᠬᠡᠮᠯᠢᠭ ᠤᠨ  ᠱᠤᠬ  ᠵᠢᠷᠤᠭ ᠤᠨ  ᠵᠦᠪᠯᠡᠯ ᠤᠨ  ᠡᠷᠬᠢᠯᠡᠭᠴᠢ᠂ᠰᠢᠯᠢ ᠶᠢᠨ ᠭᠤᠤᠯ ᠠᠶᠢᠮᠠᠬ ᠤᠨ ᠤᠷᠠᠨ ᠵᠢᠷᠤᠬᠴᠢᠳ ᠤᠨ ᠨᠡᠶᠢᠬᠡᠮᠯᠢᠭ ᠤᠨ ᠱᠤᠬ ᠵᠢᠷᠤᠭ  ᠬᠡᠤᠬᠡᠯᠲᠡᠢ  ᠵᠢᠷᠤᠬ ᠤᠨ ᠵᠦᠪᠯᠡᠯ ‍ᠤᠨ‌ᠡᠷᠬᠢᠯᠡᠭᠴᠢ᠂ ᠰᠢᠯᠢ ᠶᠢᠨ ᠭᠤᠤᠯ ᠠᠶᠢᠮᠠᠬ ᠤᠨ ᠱᠤᠬ ᠵᠢᠷᠤᠭᠴᠢᠨ ᠤ ᠨᠡᠶᠢᠢᠭᠡᠮᠯᠢᠭ ᠤᠨ ᠳᠠᠷᠤᠭ᠎ᠠ᠂ ᠳᠡᠯᠡᠬᠡᠢ ᠶᠢᠨ  ᠱᠤᠬ  ᠵᠢᠷᠤᠭ ‍ᠤᠨ‌ᠦᠵᠡᠰᠬᠦᠯᠡᠩ ᠤᠨ ᠠᠯᠲᠠᠨ ᠮᠧᠲᠠᠯ ᠤᠨ ᠱᠠᠩᠨᠠᠯᠲᠤ᠂ ᠲᠤᠮᠲᠠᠲᠤ ᠤᠯᠤᠰ ᠤᠨ ᠱᠤᠬ ᠵᠢᠷᠤᠭ ᠤᠨ ︽ᠠᠯᠲᠠᠨ ᠪᠡᠴᠢᠨ︾ ᠱᠠᠩᠨᠠᠯᠲᠤ‌‍ᠱᠤᠬ ᠵᠢᠷᠤᠭᠠᠴᠢ᠃ ᠰᠦᠨᠢᠳ ᠵᠡᠭᠦᠨ ᠬᠤᠰᠢᠭᠤᠨ ᠤ ᠬᠤᠩᠭᠤᠷ ᠰᠤᠮᠤᠨ ᠤ ᠤᠤᠭᠠᠯ᠃ ᠤᠳᠤ ᠰᠢᠯᠢ ᠶᠢᠨ ᠭᠤᠤᠯ ᠠᠶᠢᠮᠠᠬ ‍ᠤᠨ‌ᠠᠵᠢᠯ ᠮᠡᠷᠬᠡᠵᠢᠯ ᠤᠨ ᠳᠡᠭᠡᠳᠤ ᠰᠤᠷᠭᠠᠭᠤᠯᠢ ᠳᠤ ᠪᠠᠭᠰᠢᠯᠠᠵᠤ ᠪᠤᠢ᠃ ᠲᠡᠷᠡ ᠪᠠᠷ ᠠᠮᠧᠷᠢᠺᠠ᠂ ᠡᠨᠡᠳᠭᠡᠭ᠂ ᠢᠰᠷᠧᠯ᠂ ᠢᠷᠡᠨ᠂ ᠢᠨᠳᠦ᠋ᠨᠧᠰᠢᠶ᠎ᠠ᠂ ᠢᠰᠫᠠᠨᠢ᠂ ᠢᠲ᠋ᠠᠯᠢ ᠵᠡᠷᠬᠡ ᠳᠡᠯᠡᠬᠡᠢ ᠶᠢᠨ 50 ᠤᠯᠤᠰ ᠤᠷᠤᠨ ᠨᠤᠭᠤᠳ ᠲᠤ᠋ ᠪᠤᠯᠳᠠᠬ ᠦᠵᠡᠰᠬᠦᠯᠡᠩ ᠤᠷᠤᠯᠳᠤᠭᠠᠨ ᠳᠤ ᠤᠳᠠᠭ᠎ᠠ ᠳᠠᠷᠠᠭᠠᠯᠠᠨ ᠤᠷᠤᠯᠴᠠᠵᠤ᠂ 200  ᠭᠠᠷᠤᠢ‌ᠤᠳᠠᠭ᠎ᠠ ᠱᠠᠩᠨᠠᠯ  ᠬᠦᠷᠲᠡᠵᠡᠢ᠃  ᠲᠡᠷᠡ  ᠪᠠᠰᠠ  FCW  ᠰᠦᠯᠵᠢᠶᠡᠨ ᠤ  2007᠂ 2008᠂  2009  ᠤᠨ ‍ᠤ‌‍ᠲ᠋ᠡᠯᠡᠬᠡᠢ ᠶᠢᠨ  ᠱᠤᠬ  ᠵᠢᠷᠤᠬ ᠤᠨ  ᠲᠡᠮᠡᠴᠡᠬᠡᠨ ᠤ  ᠲᠤᠮᠲᠠᠲᠤ  ᠤᠯᠤᠰ ᠤᠨ ᠠᠷᠪᠠᠨ  ᠰᠢᠯᠢᠳᠡᠭ  ᠵᠢᠷᠤᠬᠴᠢᠨ ᠤ  ᠨᠢᠬᠡ ᠪᠠᠷ ᠦᠨᠡᠯᠡᠭᠳᠡᠵᠠᠢ᠃
 
ᠢᠷᠡᠯᠲᠡ᠄ ᠠᠷᠠᠣᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号