ᠮᠠᠨ ᠤ ᠤᠯᠤᠰ ᠲᠤ ᠬᠡᠬᠡᠷ᠎ᠡ ᠶᠢᠨ ᠴᠠᠭᠠᠨ ᠳᠤᠷᠤᠭ ᠪᠤᠭᠤ ᠠᠩᠬ᠎ᠠ ᠢᠯᠡᠷᠡᠵᠡᠢ
ᠨᠡᠶᠢᠲᠡᠯᠡᠭᠰᠡᠨ ᠴᠠᠭ᠄
2017/11/12
         ᠮᠠᠨ ᠤ ᠤᠯᠤᠰ ᠲᠤ ᠬᠡᠬᠡᠷ᠎ᠡ ᠶᠢᠨ ᠴᠠᠭᠠᠨ ᠳᠤᠷᠤᠭ ᠪᠤᠭᠤ ᠠᠩᠬ᠎ᠠ ᠢᠯᠡᠷᠡᠵᠡᠢ          ᠤᠶᠢᠷ᠎ᠠ ᠶᠢᠨ ᠡᠳᠦᠷ᠂ ᠬᠦᠬᠡᠨᠠᠭᠤᠷ ᠤᠨ ᠢᠤᠢ ᠱᠦ ᠶᠢᠨ ᠳᠦᠪᠡᠳ ᠦᠨᠳᠦᠰᠦᠳᠡᠨ ᠤ ᠦᠪᠡᠷᠳᠡᠬᠡᠨ ᠵᠠᠰᠠᠬᠤ ᠵᠧᠤ ᠵᠢᠨ‌ᠨᠠᠩᠴᠢᠶᠠᠨ ᠰᠢᠶᠠᠨ ᠤ ᠵᠠᠰᠠᠭ ᠤᠨ ᠤᠷᠳᠤᠨ ᠮᠡᠳᠡᠭᠡ  ᠨᠡᠶᠢᠳᠡᠯᠡᠵᠤ᠂  ᠳᠤᠰ  ᠰᠢᠶᠠᠨ ᠤ  ᠠᠮᠢ  ᠠᠬᠤᠢ ᠶᠢᠨ ᠬᠠᠮᠠᠭᠠᠯᠠᠯᠳᠠ ᠵᠢᠨ‌ᠠᠵᠢᠯᠳᠠᠨ ᠠᠭᠤᠯᠠ ᠴᠠᠭᠳᠠᠬᠤ ᠵᠠᠮ ᠳᠠᠭᠠᠨ 4 ᠴᠠᠭᠠᠨ ᠲᠤᠷᠤᠭ ᠪᠤᠭᠤ ᠤᠯᠵᠤ ᠬᠠᠷᠠᠭᠰᠠᠨ ᠮᠦᠷᠳᠡᠬᠡᠨ ᠵᠢᠷᠤᠭᠯᠠᠵᠤ ᠠᠪᠤᠭᠰᠠᠨ᠂ᠡᠨᠡ ᠨᠢ ᠳᠤᠬᠠᠢ ᠶᠢᠨ ᠤᠷᠤᠨ ᠳᠤ ᠮᠠᠰᠢ ᠬᠤᠪᠤᠷ ᠳᠤᠬᠢᠶᠠᠯᠳᠤᠳᠠᠭ᠂ ᠤᠷᠤᠭ ᠰᠠᠭᠠᠷᠠᠯ ᠲᠤᠷᠤᠭ ᠪᠤᠭᠤ ᠨᠤᠭᠤᠳ ᠤᠨ ᠳᠤᠮᠳᠠ ᠴᠦᠬᠡᠨ ᠬᠡᠳᠦᠨ ᠴᠠᠭᠠᠨ ᠳᠤᠷᠤᠭ ᠪᠤᠭᠤ ᠮᠠᠰᠢ ᠢᠯᠡ ᠬᠠᠷᠠᠭᠳᠠᠵᠤ ᠪᠠᠶᠢᠭᠰᠠᠨ ᠬᠡᠵᠡᠢ᠃ ᠬᠡᠬᠡᠷ᠎ᠡ ᠶᠢᠨ ᠠᠮᠢᠳᠠᠳ ᠤᠨ ᠰᠤᠳᠤᠯᠭᠠᠨ ᠤ  ᠮᠡᠷᠬᠡᠵᠢᠯᠳᠡᠳ ᠤᠨ  ᠦᠵᠡᠬᠦ ᠪᠠᠷ᠂ ᠴᠠᠭᠠᠨ ᠵᠢᠰᠦᠮ ᠤᠨ ᠬᠡᠬᠡᠷ᠎ᠡ ᠵᠢᠨ‌ᠠᠮᠢᠳᠠᠨ ᠮᠠᠰᠢ ᠬᠤᠪᠤᠷ ᠪᠠᠶᠢᠳᠠᠭ ᠨᠢ ᠬᠧᠨ ᠤ ᠬᠤᠪᠢᠷᠠᠯᠳᠠ ᠶᠢᠨ ᠱᠠᠭᠠᠷᠳᠠᠯᠭ᠎ᠠ ᠠᠴᠠ ᠡᠬᠦᠰᠬᠦ ᠪᠤᠯᠤᠯᠴᠠᠭ᠎ᠠ ᠲᠠᠢ᠂ ᠡᠰᠡᠪᠡᠯ ᠠᠮᠢ‌ᠬᠠᠮᠠᠭᠠᠯᠠᠬᠤ ᠦᠩᠬᠡ ᠪᠠᠨ ᠠᠯᠳᠠᠵᠤ ᠪᠠᠶᠢᠭ᠎ᠠ ᠶᠢᠨ ᠢᠯᠡᠷᠡᠯ᠂ ᠡᠬᠦᠨ ᠤ ᠤᠯᠠᠮ ᠠᠴᠠ ᠤᠰᠠᠳᠬᠤ ᠠᠶᠤᠯ ᠲᠠᠢ ᠬᠡᠵᠡᠢ᠃                                                                                ᠢᠷᠡᠯᠲᠡ᠄ ᠰᠢᠨᠬᠤᠸᠠ ᠮᠣᠩᠭᠤᠯ ᠨᠧᠲ
 
ᠢᠷᠡᠯᠲᠡ᠄ ᠰᠢᠨᠬᠤᠸᠠ ᠮᠣᠩᠭᠤᠯ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号