ᠶᠠᠫᠣᠨ ᠤ ᠰᠢᠨ᠎ᠡ ᠰᠣᠳᠣᠯᠣᠯᠲᠠᠤᠯᠵᠦ ᠮᠡᠳᠡᠭᠰᠡᠨ ᠢᠶᠠᠷ ᠮᠣᠷᠢ ᠤᠨᠤᠬᠤ ᠨᠢ ᠬᠡᠥᠬᠡᠳ ᠢ ᠨᠡᠩ ᠰᠡᠴᠡᠨ | ᠰᠡᠷᠭᠦᠯᠡᠩ ᠪᠤᠯᠭᠠᠳᠠᠭ | ᠠᠯᠢ ᠨᠢᠭᠡ ᠭᠡᠷ ᠤᠨᠠᠬᠠᠮᠠᠳ ᠴᠦ ᠭᠡᠳᠦᠪᠡᠷ ᠤᠨ ᠬᠡᠥᠬᠡᠳ ᠢᠶᠠᠨ ᠤᠯᠠᠮ ᠰᠡᠴᠡᠨ ᠰᠡᠷᠭᠦᠯᠡᠩ ᠥᠰᠬᠡᠵᠦ᠂ | ᠰᠡᠭᠦᠯᠡᠷ ᠨᠡᠩᠰᠠᠶᠢᠨ ᠶᠡᠭᠡ ᠰᠣᠷᠭᠠᠭᠤᠯᠢ ᠳᠤ ᠰᠢᠯᠭᠠᠨ ᠤᠷᠤᠭᠤᠯᠬᠤ ᠶᠢ ᠪᠣᠳᠣᠳᠠᠭ᠃ ᠠᠩᠭ᠍ᠯᠢ ᠶᠢᠨ ︽ᠡᠳᠦᠷ | ᠪᠣᠯᠭᠠᠨ ᠤ ᠰᠢᠤᠳᠠᠨ ᠰᠣᠨᠢᠨ︾ᠣᠷᠴᠢᠮ ᠤᠨ ᠡᠳᠦᠷ ᠮᠡᠳᠡᠭᠡᠯᠡᠭᠰᠡᠨ ᠢᠶᠠᠷ᠂ ᠮᠣᠷᠢ ᠣᠨᠣᠬᠤ ᠨᠢ ᠬᠡᠥᠬᠡᠳ ᠤᠨ | ᠰᠣᠷᠬᠤ ᠴᠢᠳᠠᠮᠵᠢ ᠶᠢ ᠳᠡᠭᠡᠭᠰᠢᠯᠡᠭᠦᠯᠵᠣ᠂ ᠬᠡᠥᠬᠡᠳ ᠢᠤᠯᠠᠮ ᠰᠡᠴᠡᠨ ᠰᠡᠷᠭᠦᠯᠡᠩ ᠪᠣᠯᠭᠠᠳᠠᠭ ᠢ ᠶᠠᠫᠣᠨ ᠤ ᠰᠢᠨ᠎ᠡ | ᠰᠤᠳᠤᠯᠤᠯ ᠢᠯᠡᠷᠡᠭᠦᠯᠵᠡᠢ ᠭᠡᠵᠦ ᠠᠮᠧᠷᠢᠺᠡ ᠶᠢᠨ ︽ᠤᠯᠠᠨ ᠨᠡᠶᠢᠲᠡ ᠵᠢᠨᠡᠷᠡᠭᠦᠯ ᠬᠠᠮᠠᠭᠠᠯᠠᠯ ᠤᠨ ᠡᠮᠤᠨ᠎ᠡ ᠹᠷᠤᠨᠲ︾ | ᠰᠡᠳᠭᠦᠯ ᠨᠡᠶᠢᠲᠡᠯᠡᠵᠡᠢ᠃ ᠶᠠᠫᠣᠨ ᠤ ᠲᠣᠣᠺᠢᠣ᠋ ᠲᠠᠷᠢᠶᠠᠯᠠᠩ ᠤᠨ ᠶᠡᠭᠡ ᠰᠣᠷᠭᠠᠭᠤᠯᠢ ᠶᠢᠨ ᠰᠣᠳᠣᠯᠭᠠᠲᠠᠨ ᠮᠢᠲᠰᠦᠺᠢ | ᠥᠾᠲᠠ ᠫᠷᠣᠹᠧᠰᠰᠣᠷ ᠪᠣᠯᠣᠨᠲ᠋ᠡᠭᠦᠨ ᠤ ᠰᠣᠳᠣᠯᠭᠠᠨ ᠤ ᠪᠥᠯᠬᠦᠮ ᠤᠨ ᠬᠢᠨ ᠮᠣᠷᠢ ᠣᠨᠣᠬᠤ ᠨᠢ ᠬᠡᠥᠬᠡᠳ ᠤᠨ | ᠰᠣᠷᠬᠤ ᠴᠢᠳᠠᠪᠤᠷᠢ ᠳᠤ ᠦᠵᠡᠭᠦᠯᠬᠦ ᠨᠦᠯᠦᠭᠡᠨ ᠣᠲ᠋ᠣᠬᠠᠢ ᠰᠣᠳᠣᠯᠭᠠᠨ ᠬᠢᠪᠡ᠃ ᠲᠣᠷᠰᠢᠯᠲᠠ ᠳᠤ ᠣᠷᠣᠯᠴᠠᠭᠰᠠᠨ | ᠬᠡᠥᠬᠡᠳ ᠲᠤ ᠮᠣᠷᠢ ᠣᠨᠣᠬᠤ ᠶᠢᠨ ᠡᠮᠦᠨ᠎ᠡ ᠬᠤᠶᠢᠨᠠᠬᠢ ᠪᠠᠶᠢᠳᠠᠯ ᠳ᠋ᠥᠲ᠋ᠣᠰ ᠲᠣᠰ ᠲᠥᠭᠦᠮ ᠬᠠᠷᠢᠭᠤ | ᠲᠣᠰᠬᠠᠯᠲᠠ ᠶᠢᠨ ᠬᠡᠮᠵᠢᠯᠲᠡ ᠪᠣᠯᠣᠨ ᠲᠤᠭ᠎ᠠ ᠪᠣᠳᠣᠯᠭ᠎ᠠ ᠶᠢᠨ ᠬᠡᠮᠵᠢᠯᠲᠡ ᠬᠢᠪᠡ᠃ ᠰᠣᠳᠣᠯᠣᠭᠴᠢᠳᠪᠠᠰᠠ | ᠣᠷᠣᠯᠴᠠᠭᠰᠠᠨ ᠬᠡᠥᠬᠡᠳ ᠤᠨ ᠮᠣᠷᠢ ᠣᠨᠣᠬᠤ ᠦᠶ᠎ᠡ ᠶᠢᠨ ᠵᠢᠷᠦᠬᠡᠨ ᠴᠣᠬᠢᠯᠭ᠎ᠠ ᠳᠤ ᠬᠡᠮᠵᠢᠯᠲᠡ ᠬᠢᠵᠡᠢ᠃ ᠡᠭᠦᠨ ᠤ | ᠳ᠋ᠥᠩ ᠳᠤ᠂ ᠮᠣᠷᠢ ᠣᠨᠣᠬᠤ ᠨᠢ ᠬᠡᠥᠬᠡᠳ ᠤᠨ ᠠᠵᠢᠯᠯᠠᠭᠠᠨ ᠤ ᠴᠢᠳᠠᠪᠤᠷᠢ ᠶᠢ ᠢᠯᠡᠳᠲᠡ ᠳᠡᠭᠡᠭᠰᠢᠯᠡᠭᠦᠯᠵᠦ᠂ | ᠬᠡᠥᠬᠡᠳ ᠤᠨ ᠲᠠᠨᠢᠨ ᠮᠡᠳᠡᠬᠦᠢᠴᠢᠳᠠᠪᠣᠷᠢ ᠶᠢ ᠰᠠᠶᠢᠵᠢᠷᠠᠭᠤᠯᠳᠠᠭ ᠢ ᠤᠯᠵᠦ ᠮᠡᠳᠡᠪᠡ᠃ ᠭᠡᠲᠡᠯ᠎ᠡ ᠮᠣᠷᠢ ᠣᠨᠣᠬᠤ ᠨᠢ | ᠲᠣᠷᠰᠢᠯᠲᠠ ᠳᠤ ᠣᠷᠣᠯᠴᠠᠭᠰᠠᠨ ᠬᠡᠥᠬᠡᠳ ᠦᠨᠲ᠋ᠤᠭᠠ ᠪᠣᠳᠣᠯᠭ᠎ᠠ ᠶᠢᠨ ᠴᠢᠳᠠᠪᠣᠷᠢ ᠶᠢᠨ ᠲᠠᠯ᠎ᠠ ᠳᠤ ᠬᠢ ᠨᠥᠯᠦᠭᠡ | ᠲᠡᠳᠦᠢ ᠢᠯᠡᠷᠭᠡᠢ ᠪᠢᠰᠢ ᠪᠠᠶᠢᠯ᠎ᠠ᠃ ᠮᠢᠲᠰᠦᠺᠢ ᠥᠾᠲᠠ ᠬᠡᠯᠡᠬᠦ ᠳᠤ ᠪᠠᠨ᠄ ᠮᠣᠷᠢᠨ ᠤ ᠠᠯᠬᠤᠳᠠᠯ ᠤᠨ ᠨᠢᠭᠡ | ᠣᠨᠴᠠᠭᠠᠢ ᠣᠨᠴᠠᠯᠢᠭ ᠪᠣᠯ ᠭᠤᠷᠪᠠᠨ ᠬᠡᠮᠵᠢᠯᠲᠦ ᠬᠤᠷᠳᠣᠴᠠ ᠭᠠᠷᠭᠠᠬᠤ ᠪᠣᠯᠣᠨ᠎ᠠ᠃ ᠮᠣᠷᠢᠨ ᠨᠢᠷᠣᠭᠤᠨ ᠤ | ᠳᠣᠷᠭᠢᠯᠲᠠ ᠨᠢ ᠬᠡᠥᠬᠡᠳ ᠤᠨ ᠶᠡᠭᠡ ᠲᠡᠷᠢᠬᠢᠨ ᠤ ᠰᠣᠷᠬᠤ ᠪᠠ ᠴᠡᠭᠡᠵᠢᠯᠡᠬᠦ ᠶᠢ ᠬᠠᠷᠢᠭᠤᠴᠠᠳᠠᠭ ᠰᠢᠰᠲ᠋ᠧᠮ | ︵ᠰᠣᠯᠪᠢᠭᠤ ᠮᠡᠳᠡᠷᠡᠯ ᠤᠨ ᠰᠢᠰᠲ᠋ᠧᠮ︶ ᠢ ᠤᠷᠮᠠᠰᠢᠭᠤᠯᠵᠦ᠂ ᠡᠭᠦᠨ ᠤᠯᠠᠮ ᠠᠴᠠ ᠮᠣᠷᠢ ᠣᠨᠣᠬᠤ ᠨᠢ ᠬᠡᠥᠬᠡᠳ ᠤᠨ | ᠶᠡᠭᠡ ᠲᠠᠷᠢᠬᠢᠨ ᠤ ᠲᠠᠨᠢᠨ ᠮᠡᠳᠡᠷᠡᠬᠦ ᠴᠢᠳᠠᠪᠣᠷᠢ ᠵᠢᠲ᠋ᠡᠭᠡᠭᠰᠢᠯᠡᠭᠦᠯᠳᠡᠭ ᠪᠠᠶᠢᠨ᠎ᠠ ᠭᠡᠵᠡᠢ᠃ ︵ᠴᠧᠩ ᠰᠢ︶ | | ᠢᠷᠡᠯᠲᠡ᠄ ︽ᠠᠮᠢ ᠨᠠᠰᠤᠨ ᠤ ᠴᠠᠭ ᠤᠨᠰᠣᠨᠢᠨ︾ |