ᠬᠤᠣᠰ ᠳ᠋ᠣᠺᠲ᠋ᠣᠷ ᠤᠨ ᠴᠣᠯᠠ ᠬᠠᠮᠠᠭᠠᠯᠠᠭᠰᠠᠨ ᠠᠯᠳᠠᠷᠲᠤ ᠡᠷᠳᠡᠮᠲᠡᠨ ᠮᠠᠩᠯᠠᠢ ᠫᠷᠣᠹᠧᠰᠰᠣᠷ ︽ᠪᠣᠯᠣᠷ ᠡᠷᠢᠬᠡ︾ ᠲᠠᠪᠴᠠᠩ ᠳᠤ ᠢᠯᠡᠳᠬᠡᠯ ᠲᠠᠶᠢᠯᠤᠨ ᠬᠢᠪᠡ
ᠨᠡᠶᠢᠲᠡᠯᠡᠭᠰᠡᠨ ᠴᠠᠭ᠄
2017/11/12
         ᠬᠤᠣᠰ ᠳ᠋ᠣᠺᠲ᠋ᠣᠷ ᠤᠨ ᠴᠣᠯᠠ ᠬᠠᠮᠠᠭᠠᠯᠠᠭᠰᠠᠨ ᠠᠯᠳᠠᠷᠲᠤ ᠡᠷᠳᠡᠮᠲᠡᠨ ᠮᠠᠩᠯᠠᠢ ᠫᠷᠣᠹᠧᠰᠰᠣᠷ ︽ᠪᠣᠯᠣᠷ ᠡᠷᠢᠬᠡ︾ ᠲᠠᠪᠴᠠᠩ ᠳᠤ ᠢᠯᠡᠳᠬᠡᠯ ᠲᠠᠶᠢᠯᠤᠨ ᠬᠢᠪᠡ           11 ᠰᠠᠷ᠎ᠠ ᠶᠢᠨ 7 ᠤ ᠡᠳᠦᠷ᠂ ᠪᠠᠭᠠᠷᠢᠨ ᠪᠠᠷᠠᠭᠤᠨ ᠬᠤᠰᠢᠭᠤᠨ ᠤ ᠠᠷᠠᠳ   ᠤᠨ  ᠵᠠᠰᠠᠭ   ᠤᠨ  ᠤᠷᠳᠤᠨ  ᠡᠴᠠ‌ᠭᠤᠤᠯᠯᠠᠨ ᠡᠷᠬᠢᠯᠡᠵᠤ᠂ ᠳ᠋ᠠᠪᠠᠨ ᠨᠢᠭᠡᠳᠦᠭᠡᠷ ᠲᠤᠮᠳᠠᠳᠤ ᠰᠤᠷᠭᠠᠭᠤᠯᠢ ᠠᠴᠠ ᠲᠠᠭᠠᠭᠠᠴᠢᠯᠠᠨ ᠡᠷᠬᠢᠯᠡᠵᠤ ᠪᠠᠶᠢᠭ᠎ᠠ ︽ᠪᠤᠯᠤᠷ ᠡᠷᠢᠬᠡ︾ᠰᠢᠯᠭᠠᠷᠠᠭᠰᠠᠨ ᠡᠷᠳᠡᠮᠳᠡᠳ ᠤᠨ ᠰᠤᠩᠭᠤᠳᠠᠭ  ᠢᠯᠡᠳᠭᠡᠯ   ᠤᠨ  ᠲᠠᠪᠴᠠᠩ ᠤᠨ  ᠠᠷᠪᠠᠳᠠᠭᠢ  ᠬᠤᠭᠤᠴᠠᠭᠠᠨ ᠳᠤ  ᠲᠥᠷᠥ ᠵᠢᠨ‌‍ᠶᠠᠪᠤᠳᠠᠯ ᠤᠨ ᠬᠤᠷᠢᠶᠠᠨ ᠤ ᠣᠨᠴᠠ ᠰᠣᠶᠣᠷᠬᠠᠯᠲᠤ ᠲᠤᠰᠬᠠᠢ  ᠮᠡᠷᠭᠡᠵᠢᠯᠲᠡᠨ᠂  ᠠᠯᠳᠠᠷᠲᠤ  ᠡᠷᠳᠡᠮᠲᠡᠨ  ᠮᠠᠩᠯᠠᠢ  ᠫᠷᠣᠹᠧᠰᠰᠣᠷ‌ᠤᠷᠢᠭᠳᠠᠨ ᠰᠠᠭᠠᠲᠠᠵᠤ᠂ ᠢᠯᠡᠳᠬᠡᠯ ᠲᠠᠶᠢᠯᠤᠨ ᠬᠢᠭᠰᠡᠨ ᠮᠥᠷᠲᠡᠭᠡᠨ ᠳ᠋ᠠᠪᠠᠨ ᠨᠢᠭᠡᠳᠦᠭᠡᠷ  ᠲᠤᠮᠳᠠᠳᠤ  ᠰᠤᠷᠭᠠᠭᠤᠯᠢ ᠳᠤ  ︽ᠲᠠᠯ᠎ᠠ‌ᠨᠤᠲᠤᠭ ᠤᠨ ᠲᠡᠭᠷᠢᠯᠢᠭ ᠬᠥᠯᠥᠭ︾ ︽ᠶᠡᠭᠡ ᠡᠷᠢᠯ ᠤᠨ ᠵᠢᠯᠣᠭᠤ︾ ︽ᠮᠣᠷᠢᠨ ᠵᠢᠯ ᠳᠤ  ᠠᠳᠤᠭᠤ  ᠥᠭᠦᠯᠡᠭᠰᠡᠨ   ᠨᠢ︾  ᠵᠡᠷᠭᠡ ᠥᠪᠡᠷ ᠤᠨ ᠪᠦᠲᠦᠭᠡᠯ ᠢᠶᠠᠨ ᠬᠦᠷᠭᠡᠵᠦ᠂ ᠨᠣᠮ ᠤᠨ ᠴᠠᠭᠠᠨ ᠪᠤᠶᠠᠨ ᠳᠡᠯᠭᠡᠷᠡᠭᠦᠯᠵᠡᠢ᠃            ᠮᠠᠩᠯᠠᠢ ᠫᠷᠣᠹᠧᠰᠰᠣᠷ ︽ᠬᠤᠣᠰ ᠳ᠋ᠣᠺᠲ᠋ᠣᠷ ᠤᠨ ᠵᠡᠷᠭᠡ ᠬᠦᠷᠲᠡᠭᠰᠡᠨ ᠮᠠᠯᠴᠢᠨ ᠤ ᠬᠥᠪᠡᠭᠦᠨ ᠤ ᠡᠷᠳᠡᠮ ᠤᠨ ᠡᠷᠢᠯ ‍ᠦᠨ‌ᠠᠶᠠᠨ︾ ᠬᠡᠮᠡᠬᠦ ᠭᠠᠷᠴᠠᠭ ᠢᠶᠠᠷ ᠢᠯᠡᠳᠬᠡᠯ ᠲᠠᠶᠢᠯᠤᠨ  ᠬᠢᠵᠦ᠂  ᠥᠪᠡᠷ ᠤᠨ  ᠤᠨᠠᠭᠠᠨ  ᠪᠠᠭ᠎ᠠ  ᠨᠠᠰᠤᠨ ᠠᠴᠠ ᠪᠠᠨ  ᠮᠣᠷᠢᠨ‌ᠨᠢᠷᠤᠭᠤᠨ ᠳᠡᠭᠡᠷ᠎ᠡ ᠰᠤᠷᠭᠠᠭᠤᠯᠢ ᠰᠣᠶᠣᠯ ᠤᠨ ᠵᠠᠮ ᠢ ᠬᠥᠭᠡᠭᠡᠵᠦ ᠡᠬᠢᠯᠡᠭᠰᠡᠨ ᠠᠴᠠ ᠬᠤᠣᠰ ᠳ᠋ᠣᠺᠲ᠋ᠣᠷ ᠤᠨ ᠴᠣᠯᠨ ᠬᠠᠮᠠᠭᠠᠯᠠᠬᠤ ᠬᠦᠷᠲᠡᠯᠡᠬᠢ ᠬᠤᠷᠢ ᠶᠢᠰᠦᠨ ᠵᠢᠯ ᠤᠨ ᠰᠢᠷᠭᠠᠭᠤ ᠰᠤᠷᠤᠯᠴᠠᠯᠭ᠎ᠠ ᠶᠢᠨ ᠥᠩᠭᠡᠷᠡᠯᠲᠡ᠂ ᠬᠠᠲᠠᠭᠤᠵᠢᠨ  ᠴᠢᠷᠮᠠᠶᠢᠵᠤ  ᠬᠦᠯᠢᠴᠡᠩᠭᠦᠢ‌ᠠᠵᠢᠯᠯᠠᠭᠰᠠᠨ ᠠᠮᠵᠢᠯᠲᠠ  ᠪᠦᠲᠦᠭᠡᠯ ᠤᠳ ᠢᠶᠠᠨ  ᠡᠷᠭᠢᠴᠡᠭᠦᠯᠦᠨ᠂  ᠢᠯᠡᠳᠬᠡᠯ  ᠰᠣᠨᠣᠰᠤᠭᠰᠠᠨ ᠰᠤᠷᠤᠭᠴᠢ  ᠨᠥᠬᠦᠳ  ᠲᠣ᠋‌ᠵᠣᠷᠢᠭᠤᠯᠤᠨ ᠥᠨᠳᠥᠷ ᠳᠤᠮᠳᠠᠳᠤ ᠶᠢᠨ  ᠬᠤᠭᠤᠴᠠᠭᠠᠨ ᠳᠤ ᠬᠡᠷᠬᠢᠨ  ᠰᠤᠷᠤᠯᠴᠠᠬᠤ᠂  ᠶᠠᠭᠤ ᠶᠢ  ᠭᠤᠣᠯ  ᠠᠩᠬᠠᠷᠬᠤ  ᠵᠡᠷᠭᠡ‌‍ᠲ᠋ᠠᠯ᠎ᠠ ᠪᠠᠷ ᠨᠠᠨᠳᠢᠨ ᠰᠠᠨᠠᠭᠤᠯᠭ᠎ᠠ ᠥᠭᠭᠦᠭᠰᠡᠨ ᠪᠠᠶᠢᠨ᠎ᠠ᠃ ᠮᠠᠩᠯᠠᠢ ᠫᠷᠣᠹᠧᠰᠰᠣᠷ ᠤᠨ ᠶᠦᠮᠦᠷᠯᠢᠭ ᠠᠮᠢᠳᠤᠯᠢᠭ ᠬᠡᠯᠡ ᠶᠠᠷᠢᠶ᠎ᠠ ᠨᠢ‌‍ᠰᠣᠨᠣᠰᠤᠭᠴᠢ  ᠤᠯᠠᠨ ᠳᠤ  ᠲᠠᠭᠠᠰᠢᠶᠠᠭᠳᠠᠨ ᠠᠩᠬᠠᠷᠤᠯ ᠢ   ᠨᠢ  ᠰᠢᠵᠢᠮᠳᠡᠵᠦ᠂  ᠦᠶ᠎ᠡ  ᠦᠶ᠎ᠡ   ᠨᠢᠵᠢᠭᠢᠨᠡᠭᠰᠡᠨ   ᠠᠯᠠᠭ᠎ᠠ‌‍ᠲ᠋ᠠᠰᠢᠯᠲᠠ ᠶᠢᠨ ᠳᠠᠭᠤᠨ ᠳᠤ ︽ᠦᠯᠡᠮᠵᠢ  ᠭᠡᠭᠡᠷᠡᠯ︾  ᠲᠢᠩᠬᠢᠮ ᠬᠥᠷ  ᠪᠠᠶᠠᠰᠤᠯ ᠢᠶᠠᠷ  ᠪᠢᠯᠬᠠᠨ᠎ᠠ᠃  ᠥᠨᠳᠥᠷ  ᠵᠡᠷᠭᠡ ᠵᠢᠨ‌‍ᠲ᠋ᠤᠮᠳᠠᠳᠤ  ᠰᠤᠷᠭᠠᠭᠤᠯᠢ ᠳᠤ ᠰᠤᠷᠤᠯᠴᠠᠬᠤ ᠶᠢᠨ  ᠠᠴᠢ  ᠬᠤᠯᠪᠣᠭᠳᠠᠯ ᠢ  ᠶᠠᠷᠢᠬᠤ ᠳᠠᠭᠠᠨ᠂  ᠡᠨᠡᠷᠢᠯᠲᠦ  ᠪᠠᠭᠰᠢ ᠶᠢᠨ  ᠠᠴᠢ‌ᠭᠠᠪᠢᠶ᠎ᠠ ᠶᠢ ᠰᠠᠨᠠᠵᠤ ᠣᠶᠢᠯᠠᠭᠠᠨ ᠬᠢᠴᠢᠶᠡᠯ ᠢᠶᠠᠨ ᠠᠩᠬᠠᠷᠤᠯ   ᠲᠠᠢ  ᠰᠣᠨᠣᠰᠴᠤ᠂  ᠥᠪᠡᠷ ᠤᠨ  ᠪᠡᠶ᠎ᠡ ᠳᠡᠭᠡᠨ  ᠲᠣᠬᠢᠷᠠᠭᠰᠠᠨ ᠰᠤᠷᠤᠯᠴᠠᠬᠤ ᠠᠷᠭ᠎ᠠ ᠶᠢ ᠡᠵᠡᠮᠰᠢᠨ᠂ ᠴᠠᠭ ᠢ ᠠᠮᠵᠢᠨ ᠲᠣᠬᠢᠶᠠᠯ ᠢ  ᠡᠵᠡᠮᠳᠡᠨ  ᠰᠤᠷᠤᠯᠴᠠᠵᠤ᠂  ᠪᠡᠶ᠎ᠡ ᠳᠡᠭᠡᠨ  ᠢᠲᠡᠭᠡᠯ   ᠲᠠᠢ᠂ᠰᠤᠷᠤᠯᠴᠠᠬᠤ ᠲᠥᠯᠥᠪᠯᠡᠭᠡ ᠲᠠᠢ᠂ ᠢᠷᠡᠭᠡᠳᠦᠢ ᠶᠢᠨ ᠬᠠᠷᠠᠯᠲᠠ ᠲᠠᠢ ᠪᠠᠶᠢᠬᠤ ᠬᠡᠷᠡᠭᠲᠡᠢ ᠭᠡᠵᠡᠢ᠃ ᠥᠨᠳᠥᠷ ᠵᠡᠷᠭᠡ ᠶᠢᠨ ᠳᠤᠮᠳᠠᠳᠤ‌‍ᠰᠤᠷᠭᠠᠭᠤᠯᠢ ᠶᠢᠨ ᠱᠠᠲᠤᠨ ᠳᠤ ᠠᠩᠬᠠᠷᠬᠤ ᠴᠢᠬᠤᠯᠠ ᠲᠠᠢ ᠠᠰᠠᠭᠤᠳᠠᠯ ᠤᠨ ᠲᠤᠬᠠᠢ  ᠶᠠᠷᠢᠬᠤ ᠳᠠᠭᠠᠨ᠂  ᠦᠵᠡᠯ  ᠪᠣᠳᠣᠯ ᠵᠶ᠋ᠠᠨ‌‍ᠴᠢᠯᠦᠭᠡᠯᠡᠨ᠂ ᠪᠠᠭᠰᠢ ᠰᠤᠷᠤᠭᠴᠢ ᠶᠢᠨ ᠬᠠᠷᠢᠴᠠᠭ᠎ᠠ᠂ ᠰᠤᠷᠤᠭᠴᠢ ᠨᠥᠬᠦᠳ ᠤᠨ ᠬᠤᠭᠤᠷᠣᠨᠳᠤᠬᠢ ᠬᠠᠷᠢᠴᠠᠭ᠎ᠠ᠂ ᠰᠤᠷᠤᠭᠴᠢ  ᠪᠠ‌‍ᠰᠤᠷᠭᠠᠭᠤᠯᠢ ᠶᠢᠨ ᠬᠤᠭᠤᠷᠣᠨᠳᠤᠬᠢ ᠬᠠᠷᠢᠴᠠᠭ᠎ᠠ᠂ ᠰᠤᠷᠤᠭᠴᠢ ᠪᠠ ᠵᠢᠭᠠᠨ  ᠰᠤᠷᠭᠠᠯᠲᠠ ᠶᠢᠨ  ᠬᠤᠭᠤᠷᠣᠨᠳᠤᠬᠢ ᠬᠠᠷᠢᠴᠠᠭ᠎ᠠ ᠶᠢ ᠵᠣᠬᠢᠰᠲᠠᠢ ᠲᠣᠬᠢᠷᠠᠭᠤᠯᠬᠤ ᠬᠡᠷᠡᠭᠲᠡᠢ ᠭᠡᠰᠡᠨ ᠪᠠᠶᠢᠨ᠎ᠠ᠃ ᠡᠵᠡᠮᠰᠢᠬᠦ ᠴᠢᠬᠤᠯᠠ   ᠲᠠᠢ  ᠰᠤᠷᠤᠯᠴᠠᠬᠤ  ᠤᠷ᠎ᠠ  ᠲᠠᠮ ᠤᠨ  ᠲᠤᠬᠠᠢ‌‍ᠶᠠᠷᠢᠬᠤ ᠳᠠᠭᠠᠨ᠂ ᠵᠣᠬᠢᠰᠲᠠᠢ ᠪᠠᠷ ᠤᠷᠢᠳᠴᠢᠯᠠᠨ ᠰᠤᠷᠴᠤ᠂ ᠳᠡᠭᠡᠳᠦ ᠳᠤᠮᠳᠠᠳᠤ ᠶᠢᠨ ᠰᠤᠷᠤᠯᠴᠠᠯᠭ᠎ᠠ ᠶᠢᠨ ᠲᠦᠷᠭᠡᠨ ᠬᠡᠮᠨᠡᠯ  ᠲᠠᠢ‌ᠵᠣᠬᠢᠴᠠᠬᠤ ᠬᠡᠷᠡᠭᠲᠡᠢ᠂ ᠠᠰᠠᠭᠤᠯᠲᠠ ᠲᠠᠢ ᠪᠠᠷ ᠬᠢᠴᠢᠶᠡᠯ ᠰᠣᠨᠣᠰᠴᠤ ᠴᠠᠭ ᠲᠤᠬᠠᠢ ᠳᠤᠨᠢ  ᠪᠠᠭᠰᠢ ᠠᠴᠠ  ᠠᠰᠠᠭᠤᠨ  ᠰᠤᠷᠴᠤ᠂ᠬᠢᠴᠢᠶᠡᠯᠯᠡᠭᠡ ᠶᠢ ᠨᠡᠩ ᠥᠨᠳᠥᠷ ᠦᠷ᠎ᠡ  ᠪᠦᠲᠦᠮᠵᠢ   ᠲᠠᠢ  ᠪᠣᠯᠭᠠᠬᠤ  ᠬᠡᠷᠡᠭᠲᠡᠢ᠂ ᠬᠢᠴᠢᠶᠡᠯ ᠤᠨ ᠳᠠᠷᠠᠭᠠᠬᠢ  ᠪᠣᠯᠪᠠᠰᠤᠷᠠᠯ ᠢ‌‍ᠴᠢᠩᠭᠠᠳᠬᠠᠨ ᠰᠤᠷᠤᠭᠰᠠᠨ ᠮᠡᠳᠡᠯᠭᠡ ᠪᠠᠨ ᠪᠠᠲᠤᠳᠬᠠᠬᠤ ᠬᠡᠷᠡᠭᠲᠡᠢ᠂  ᠠᠮᠢᠳᠤᠯᠢᠭ  ᠰᠤᠷᠤᠯᠴᠠᠬᠤ ᠶᠢ  ᠠᠩᠬᠠᠷᠴᠤ᠂  ᠨᠢᠭᠡ ᠡᠴᠡ‌ᠤᠯᠠᠨ ᠢ ᠵᠦᠢᠴᠢᠯᠡᠨ ᠰᠤᠷᠬᠤ ᠬᠡᠷᠡᠭᠲᠡᠢ᠂ ᠠᠵᠢᠯᠯᠠᠵᠤ ᠰᠤᠷᠤᠯᠴᠠᠬᠤ ᠴᠠᠭ ᠢᠶᠠᠨ ᠵᠣᠬᠢᠰᠲᠠᠢ ᠲᠣᠬᠢᠷᠠᠭᠤᠯᠵᠤ᠂ ᠡᠳᠦᠷ  ᠪᠦᠷᠢ ᠵᠢᠨ‌‍ᠰᠤᠷᠤᠯᠴᠠᠯᠭ᠎ᠠ ᠶᠢᠨ ᠲᠥᠰᠥᠪ ᠶᠣᠰᠣᠭᠠᠷ ᠲᠣᠭᠲᠠᠭᠰᠠᠨ ᠴᠠᠭ ᠲᠤ ᠡᠭᠦᠷᠭᠡ ᠪᠠᠨ ᠪᠡᠶᠡᠯᠡᠭᠦᠯᠵᠦ ᠰᠤᠷᠬᠤ ᠬᠡᠷᠡᠭᠲᠡᠢ᠂ ᠬᠢᠴᠢᠶᠡᠯ ‍ᠦᠨ‌ᠠᠭᠤᠯᠭ᠎ᠠ ᠪᠠᠨ ᠰᠠᠶᠢᠲᠤᠷ ᠡᠵᠡᠮᠰᠢᠬᠦ ᠠᠴᠠ ᠭᠠᠳᠠᠨ᠎ᠠ ᠶᠡᠷᠦᠩᠬᠡᠶᠢᠯᠡᠭᠰᠡᠨ ᠮᠡᠳᠡᠯᠭᠡ ᠬᠤᠷᠠᠮᠳᠤᠭᠤᠯᠬᠤ ᠶᠢ ᠪᠠᠷᠢᠮᠲᠠᠯᠠᠨ  ᠥᠪᠡᠷ ‍ᠦᠨ‌‍ᠪᠡᠶ᠎ᠡ ᠶᠢᠨ ᠪᠦᠬᠦ  ᠲᠠᠯ᠎ᠠ ᠶᠢᠨ  ᠬᠥᠭᠵᠢᠯᠲᠡ ᠳᠤ  ᠰᠠᠭᠤᠷᠢ  ᠲᠠᠯᠪᠢᠬᠤ  ᠬᠡᠷᠡᠭᠲᠡᠢ᠂  ᠦᠷᠭᠦᠯᠵᠢ  ᠪᠡᠶ᠎ᠡ   ᠳᠡᠭᠡᠨ  ᠠᠰᠠᠭᠤᠯᠲᠠ‌‍ᠲ᠋ᠤᠷᠠᠳᠤᠨ᠂ ᠰᠤᠷᠤᠭᠰᠠᠨ ᠮᠡᠳᠡᠯᠭᠡ ᠪᠠᠨ ᠦᠨᠡᠩᠬᠦ ᠡᠵᠡᠮᠰᠢᠵᠦ  ᠪᠠᠲᠤᠳᠬᠠᠬᠤ  ᠪᠣᠯᠪᠠᠰᠤᠷᠠᠯ  ᠬᠢᠬᠦ  ᠬᠡᠷᠡᠭᠲᠡᠢ︔  ᠥᠭᠭᠢᠶᠡᠮᠦᠷ‌‍ᠲ᠋ᠤᠰᠠᠴᠢ ᠪᠠᠶᠢᠵᠤ᠂ ᠬᠥᠮᠥᠨ ᠤ ᠬᠤᠭᠤᠷᠣᠨᠳᠤᠬᠢ ᠬᠠᠷᠢᠴᠠᠭ᠎ᠠ ᠶᠢ ᠵᠥᠪ ᠰᠢᠢᠳᠪᠦᠷᠢᠯᠡᠨ᠂ ᠪᠠᠶᠠᠰᠤᠩᠭᠤᠢ ᠣᠪᠣᠷ ᠢᠶᠠᠷ  ᠠᠮᠢᠳᠤᠷᠠᠯ‌‍ᠰᠤᠷᠤᠯᠭ᠎ᠠ  ᠳᠠᠭᠠᠨ ᠬᠠᠨᠳᠤᠬᠤ ᠬᠡᠷᠡᠭᠲᠡᠢ ᠰᠢᠣ ᠭᠡᠮᠡᠨ ᠬᠠᠶᠢᠷ᠎ᠡ ᠬᠦᠰᠡᠯ ᠢᠶᠠᠨ ᠲᠠᠯᠪᠢᠭᠰᠠᠨ ᠪᠠᠶᠢᠨ᠎ᠠ᠃ ᠠᠯᠳᠠᠷᠲᠤ ᠡᠷᠳᠡᠮᠲᠡᠨ ᠮᠠᠩᠯᠠᠢ ᠫᠷᠣᠹᠧᠰᠰᠣᠷ᠂ 1962 ᠣᠨ ᠤ 8 ᠰᠠᠷ᠎ᠠ ᠶᠢᠨ 9 ᠳᠤ ᠰᠢᠯᠢᠩᠭᠤᠣᠯ ᠠᠶᠢᠮᠠᠭ  ‍ᠤᠨ‌‍ᠬᠦ᠋ᠪᠡᠭᠡᠳᠣ ᠰᠢᠷ᠎ᠡ ᠬᠤᠰᠢᠭᠤᠨ   ᠤ  ᠮᠠᠯᠴᠢᠨ   ᠤ  ᠭᠡᠷ   ᠲᠤ  ᠲᠦᠷᠦᠪᠡ᠃  ᠦᠪᠦᠷ  ᠮᠣᠩᠭᠤᠯ ᠣᠷᠣᠨ   ᠤ ᠠᠩᠬᠠᠳᠠᠭᠴᠢ ᠲᠠᠷᠢᠶᠠᠯᠠᠩ ᠤᠨ ᠤᠬᠠᠭᠠᠨ ᠤ ᠳ᠋ᠣᠺᠲ᠋ᠣᠷ᠂ ᠮᠠᠯ ᠡᠮᠨᠡᠯᠭᠡ ᠶᠢᠨ ᠤᠬᠠᠭᠠᠨ ᠤ ᠳ᠋ᠣᠺᠲ᠋ᠣᠷ  ᠵᠡᠷᠭᠡ  ᠬᠤᠣᠰ  ᠳ᠋ᠣᠺᠲ᠋ᠣᠷ ᠤᠨ  ᠴᠣᠯᠠ‌ᠬᠠᠮᠠᠭᠠᠯᠠᠭᠴᠢ ᠮᠦᠨ᠃ ᠲᠡᠷᠡᠪᠡᠷ ᠲᠥᠷᠥ ᠶᠢᠨ ᠶᠠᠪᠤᠳᠠᠯ ᠤᠨ ᠬᠤᠷᠢᠶᠠᠨ ᠤ ᠣᠨᠴᠠ ᠰᠣᠶᠣᠷᠬᠠᠯᠲᠤ  ᠲᠤᠰᠬᠠᠢ  ᠮᠡᠷᠭᠡᠵᠢᠯᠲᠡᠨ᠂ᠮᠣᠩᠭᠤᠯ ᠤᠯᠤᠰ ᠤᠨ ︽ᠡᠷᠳᠡᠨᠢ ᠶᠢᠨ  ᠸᠴᠢᠷ  ᠣᠳᠣᠨ︾  ᠱᠠᠩᠨᠠᠯ᠂  ᠪᠦᠬᠦ  ᠤᠯᠤᠰ ᠤᠨ  ᠪᠠᠭᠰᠢ ᠶᠢᠨ  ᠮᠣᠷᠠᠯ ᠤᠨ 10 ᠭᠤᠣᠯᠳᠠᠯᠭᠠᠲᠤ ᠰᠤᠷᠲᠠᠯᠴᠢᠯᠠᠭᠳᠠᠭᠴᠢ ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠭᠠᠷᠮᠠᠭᠠᠢ ᠵᠠᠯᠠᠭᠤ ᠂ᠥᠪᠥᠷ  ᠮᠣᠩᠭᠤᠯ ᠤᠨ  ᠥᠪᠡᠷᠲᠡᠭᠡᠨ  ᠵᠠᠰᠠᠬᠤ  ᠣᠷᠣᠨ ᠤ  ᠭᠠᠳᠠᠭᠠᠳᠤ ᠳᠤ  ᠰᠤᠷᠤᠯᠴᠠᠵᠤ  ᠤᠯᠤᠰ   ᠲᠠᠭᠠᠨ  ᠪᠤᠴᠠᠭᠰᠠᠨ‌‍ᠰᠢᠯᠢᠳᠡᠭᠴᠦᠦᠯ᠂ ᠳᠤᠮᠳᠠᠳᠤ ᠤᠯᠤᠰ ᠤᠨ ᠠᠳᠤᠭᠤᠨ ᠦᠢᠯᠡᠰ ᠤᠨ ᠨᠡᠶᠢᠭᠡᠮᠯᠢᠭ ᠤᠨ ᠨᠠᠷᠢᠨ  ᠪᠢᠴᠢᠭ ᠤᠨ  ᠳᠠᠷᠤᠭ᠎ᠠ᠂  ᠥᠪᠥᠷ‌ᠮᠣᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠠᠳᠤᠭᠤᠨ ᠦᠢᠯᠡᠰ ᠤᠨ ᠰᠤᠳᠤᠯᠬᠤ ᠲᠥᠪ ᠤᠨ ᠲᠡᠷᠢᠭᠦᠨ ᠰᠠᠭᠤᠳᠠᠯᠲᠦ‌‍ᠲ᠋ᠤᠰᠬᠠᠢ ᠮᠡᠷᠭᠡᠵᠢᠯᠲᠡᠨ ᠵᠡᠷᠭᠡ ᠠᠰᠤᠷᠤ ᠤᠯᠠᠨ ᠢᠷᠠᠭᠤ ᠠᠯᠳᠠᠷ ᠢ ᠲᠥᠷᠥ ᠲᠦᠮᠡᠨ ᠠᠴᠠ ᠪᠠᠨ ᠬᠦᠯᠢᠶᠡᠬᠦ ᠶᠢᠨ ᠬᠠᠮᠲᠤ ᠲᠤᠰᠬᠠᠢ‌‍ᠰᠤᠳᠤᠯᠭᠠᠨ ᠤ ᠪᠦᠲᠦᠭᠡᠯ 18 ᠨᠣᠮ᠂ ᠵᠢᠭᠠᠬᠤ ᠮᠠᠲ᠋ᠧᠷᠢᠶᠠᠯ 10 ᠨᠣᠮ ᠵᠡᠷᠭᠡ  ᠣᠯᠠᠨ  ᠪᠣᠳᠢ  ᠪᠢᠴᠢᠭ  ᠵᠢᠴᠢ  ᠮᠣᠩᠭᠤᠯ᠂ᠬᠢᠲᠠᠳ᠂ ᠶᠠᠫᠤᠨ᠂ ᠠᠩᠭ᠍ᠯᠢ ᠬᠡᠯᠡᠨ᠎ᠡ 332 ᠡᠷᠳᠡᠮ ᠰᠢᠨᠵᠢᠯᠡᠭᠡᠨ ᠤ ᠥᠭᠦᠯᠡᠯ  ᠨᠡᠶᠢᠲᠡᠯᠡᠭᠦᠯᠦᠨ᠂  ᠳᠡᠯᠡᠬᠡᠢ  ᠨᠡᠶᠢᠲᠡ  ᠤᠯᠤᠰ‌ᠦᠨᠳᠦᠰᠦᠲᠡᠨ ᠤ ᠪᠠᠨ ᠰᠢᠨᠵᠢᠯᠡᠬᠦ ᠤᠬᠠᠭᠠᠨ ᠰᠤᠳᠤᠯᠭᠠᠨ ᠤ ᠰᠠᠩ ᠳᠤ ᠥᠪᠡᠷ ᠤᠨ ᠣᠶᠣᠨ ᠤ  ᠥᠪ   ᠢᠶᠠᠨ  ᠨᠡᠮᠡᠷᠢᠯᠡᠵᠡᠢ᠃ᠮᠠᠩᠯᠠᠢ  ᠫᠷᠣᠹᠧᠰᠰᠣᠷ᠂  ᠣᠳᠣ  ᠥᠪᠥᠷ  ᠮᠣᠩᠭᠤᠯ ᠤᠨ  ᠲᠠᠷᠢᠶᠠᠯᠠᠩ ᠤᠨ  ᠶᠡᠭᠡ   ᠰᠤᠷᠭᠠᠭᠤᠯᠢ ᠶᠢᠨ  ᠳ᠋ᠣᠺᠲ᠋ᠣᠷᠠᠨᠲ ‍ᠤᠨ‌ᠵᠢᠯᠣᠭᠤᠳᠤᠭᠴᠢ ᠪᠠᠭᠰᠢ᠂ ᠡᠷᠳᠡᠮ ᠰᠢᠨᠵᠢᠯᠡᠭᠡᠨ ᠤ ᠺᠣᠮᠢᠰ ᠤᠨ ᠪᠠᠶᠢᠩᠭᠤ ᠶᠢᠨ ᠳᠡᠳ᠋ ᠡᠷᠬᠢᠯᠡᠭᠴᠢ᠂ ᠡᠷᠳᠡᠮ ᠤᠨ ᠴᠣᠯᠠ  ᠰᠢᠯᠭᠠᠨ‌‍ᠲ᠋ᠣᠭᠲᠠᠭᠠᠬᠤ ᠺᠣᠮᠢᠰ ᠤᠨ ᠳᠡᠳ᠋ ᠡᠷᠬᠢᠯᠡᠭᠴᠢ᠂ ᠰᠢᠨᠵᠢᠯᠡᠬᠦ ᠮᠡᠷᠭᠡᠵᠢᠯ ᠪᠠ ᠡᠳ᠋ ᠤᠨ  ᠶᠠᠪᠤᠳᠠᠯ ᠢ  ᠬᠤᠪᠢᠳᠠᠨ ᠬᠠᠮᠢᠶᠠᠷᠬᠤ  ᠳᠡᠳ᠋‌ᠵᠠᠬᠢᠷᠤᠯ ᠤᠨ ᠲᠤᠰᠢᠶᠠᠯ ᠢ ᠡᠭᠦᠷᠭᠡᠯᠡᠵᠦ ᠪᠠᠶᠢᠨ᠎ᠠ᠃ ᠡᠷᠳᠡᠮᠲᠡᠨ ᠪᠠᠭᠰᠢ ᠶᠢᠨ ᠳᠡᠯᠡᠬᠡᠢ ᠳᠤ ᠠᠩᠬᠠᠳᠤᠭᠠᠷ ᠤᠳᠠᠭ᠎ᠠ ᠠᠳᠤᠭᠤᠨ ᠤ ᠲᠥᠪᠥᠩᠬᠡᠢ ᠶᠢᠨ ᠤᠭᠤᠲᠠᠨ ᠤ ᠵᠠᠭᠪᠤᠷ ᠢ‌‍ᠬᠢᠵᠦ ᠭᠠᠷᠭᠠᠨ ᠲᠡᠭᠦᠨ ᠤ ᠲᠤᠬᠠᠢ ᠰᠤᠳᠤᠯᠭᠠᠨ ᠬᠢᠭᠰᠡᠨ᠂ ᠬᠤᠪᠢ ᠬᠥᠮᠥᠨ ᠪᠡᠯᠡ ᠣᠷᠣᠭᠤᠯᠵᠤ  ᠬᠤᠰᠢᠭᠤ  ᠨᠤᠲᠤᠭ  ᠲᠠᠭᠠᠨ‌ᠵᠠᠯᠠᠭᠤ ᠪᠠᠭᠠᠴᠤᠳ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢ ᠲᠦᠭᠡᠮᠡᠯᠵᠢᠭᠦᠯᠬᠦ ᠬᠡᠪ ᠴᠢᠨᠠᠷ ᠤᠨ ᠰᠤᠷᠭᠠᠨ  ᠬᠥᠮᠥᠵᠢᠯ ‍ᠦᠨ‌‍ᠰᠠᠭᠤᠷᠢᠨ ᠭᠠᠵᠠᠷ ᠢ  ᠪᠠᠶᠢᠭᠤᠯᠤᠭᠰᠠᠨ᠂  ᠰᠤᠷᠭᠠᠭᠤᠯᠢ  ᠰᠣᠶᠣᠯ ᠤᠨ  ᠵᠠᠮ ᠳᠠᠬᠢ  ᠠᠴᠢᠲᠤ  ᠪᠠᠭᠰᠢ  ᠠᠨᠳᠠ  ᠨᠥᠬᠦᠳ ‍ᠦᠨ‌‍ᠲ᠋ᠤᠰᠠᠯᠠᠮᠵᠢ ᠳᠡᠮᠵᠢᠯᠭᠡ ᠶᠢ ᠳᠤᠷᠠᠰᠤᠨ ᠰᠠᠨᠠᠭᠠᠯᠵᠠᠭᠰᠠᠨ  ᠶᠠᠷᠢᠶ᠎ᠠ ᠶᠢ  ᠰᠣᠨᠣᠰᠤᠭᠰᠠᠨ  ᠪᠠᠭᠰᠢ  ᠰᠤᠷᠤᠭᠴᠢ᠂  ᠮᠠᠯᠴᠢᠳ  ᠵᠡᠷᠭᠡ‌ᠨᠡᠶᠢᠭᠡᠮ ᠤᠨ ᠡᠯ᠎ᠡ ᠡᠲᠡᠭᠡᠳ ᠤᠨ ᠬᠢᠨ ᠮᠠᠩᠯᠠᠢ  ᠫᠷᠣᠹᠧᠰᠰᠣᠷ ᠤᠨ  ᠮᠠᠯᠴᠢᠨ  ᠠᠷᠠᠳ   ᠤᠨ  ᠬᠡᠦᠬᠡᠳ   ᠲᠤ  ᠯᠨ  ᠪᠠᠶᠢᠳᠠᠭ‌‍ᠬᠦ᠋ᠯᠢᠴᠡᠩᠭᠦᠢ ᠲᠡᠰᠪᠦᠷᠢ ᠪᠠᠷ ᠠᠵᠢᠯᠯᠠᠵᠤ ᠠᠮᠢᠳᠤᠷᠠᠭᠰᠠᠨ ᠰᠥᠰᠥ  ᠵᠣᠷᠢᠭ᠂  ᠠᠰᠤᠷᠤ  ᠤᠯᠠᠨ  ᠠᠮᠵᠢᠯᠲᠠ  ᠪᠦᠲᠦᠭᠡᠯ ᠢ ᠨᠢ ᠪᠠᠭ᠋ᠠᠷᠬᠠᠨ ᠪᠢᠰᠢᠷᠡᠵᠦ᠂ ᠣᠨᠴᠠᠭᠠᠶᠢᠯᠠᠨ ᠰᠤᠷᠤᠭᠴᠢ ᠨᠥᠬᠦᠳ ᠤᠨ ᠰᠢᠷᠭᠠᠭᠤ ᠰᠤᠷᠤᠯᠴᠠᠨ ᠡᠷᠳᠡᠮ ᠤᠨ ᠣᠷᠭᠢᠯ ᠳᠤ ᠲᠡᠮᠡᠦᠯᠦᠨ᠂ᠰᠢᠯᠢᠳᠡᠭ ᠠᠮᠵᠢᠯᠲᠠ ᠪᠠᠷ ᠢᠶᠠᠨ ᠤᠯᠤᠰ ᠦᠨᠳᠦᠰᠦᠲᠡᠨ  ᠨᠡᠶᠢᠭᠡᠮ  ᠨᠡᠶᠢᠲᠡ ᠳᠤ  ᠲᠤᠰᠠᠴᠢ  ᠶᠠᠪᠤᠬᠤ ᠡᠷᠴᠢ ᠵᠣᠷᠢᠭ ᠢ ᠨᠢ ᠴᠢᠩᠭᠠᠯᠠᠵᠤ᠂ ᠢᠲᠡᠭᠡᠯ ᠬᠦᠴᠦ ᠶᠢ ᠨᠢ ᠬᠥᠪᠴᠢᠯᠡᠵᠡᠢ᠃        ᠪᠠᠭᠠᠷᠢᠨ ᠪᠠᠷᠠᠭᠤᠨ ᠬᠤᠰᠢᠭᠤᠨ ᠤ ᠨᠠᠮ ᠵᠠᠰᠠᠭ ᠤᠨ ᠣᠳᠣᠷᠢᠳᠣᠯᠭ᠎ᠠ ᠬᠠᠰᠮᠦ᠋ᠷᠡᠨ᠂ ᠰᠡᠴᠡᠨᠲᠤ᠂ ᠠᠯᠲᠠᠨᠲᠤᠶᠠᠭ᠎ᠠ ᠨᠠᠷ ᠰᠠᠭᠠᠳᠠᠵᠣ᠂ ᠳ᠋ᠠᠪᠠᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠪᠠᠭᠰᠢ ᠰᠤᠷᠤᠭᠴᠢᠳ ᠪᠠ ᠨᠡᠶᠢᠭᠡᠮ ᠤᠨ  ᠡᠯ᠎ᠡ  ᠡᠲᠡᠭᠡᠳ ᠤᠨ500 ᠭᠠᠷᠤᠢ ᠬᠥᠮᠥᠨ ᠲᠣᠰ ᠤᠳᠠᠭᠠᠨ ᠤ ᠢᠯᠡᠳᠬᠡᠯ ᠲᠠᠶᠢᠯᠤᠨ ᠢ ᠰᠣᠨᠣᠰᠴᠠᠢ᠃ ︵ᠬᠦᠬᠡᠳᠠᠪᠠᠯᠭᠠᠨ᠂ ᠰᠡᠴᠡᠨᠪᠠᠲᠤ︶
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号