ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠣᠭᠡᠷ ᠲᠤᠮᠳᠠᠳᠤ ᠰᠣᠷᠭᠠᠭᠤᠯᠢ ᠠᠴᠠ ︽ᠨᠤᠮ ᠤᠨ ᠴᠠᠭᠠᠨ ᠪᠤᠶᠠᠨ ᠲᠡᠯᠭᠡᠷᠡᠳᠣᠭᠡᠢ︾ ᠭᠡᠭᠦ ᠭᠤᠤᠯ ᠰᠡᠳᠣᠪᠳᠣ ᠨᠤᠮ ᠬᠠᠨᠳᠢᠪᠯᠠᠬᠤ ᠭᠥᠳᠡᠯᠭᠡᠭᠡᠨ ᠥᠷᠨᠢᠭᠦᠯᠤᠭ᠍ᠰᠡᠨ
ᠨᠡᠶᠢᠲᠡᠯᠡᠭᠰᠡᠨ ᠴᠠᠭ᠄
2017/11/13
   ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠣᠭᠡᠷ ᠲᠤᠮᠳᠠᠳᠤ ᠰᠣᠷᠭᠠᠭᠤᠯᠢ ᠠᠴᠠ ︽ᠨᠤᠮ ᠤᠨ ᠴᠠᠭᠠᠨ ᠪᠤᠶᠠᠨ ᠲᠡᠯᠭᠡᠷᠡᠳᠣᠭᠡᠢ︾ ᠭᠡᠭᠦ ᠭᠤᠤᠯ ᠰᠡᠳᠣᠪᠳᠣ ᠨᠤᠮ ᠬᠠᠨᠳᠢᠪᠯᠠᠬᠤ ᠭᠥᠳᠡᠯᠭᠡᠭᠡᠨ ᠥᠷᠨᠢᠭᠦᠯᠤᠭ᠍ᠰᠡᠨ                                                                     ᠰᠣᠷᠪᠤᠯᠵᠢᠯᠠᠭᠴᠢ  ᠰᠣᠯᠣᠩᠭᠤᠸ᠎ᠠ   ᠪᠠᠢ ᠭᠥᠸᠧ ᠵᠢᠶᠥ᠋ᠨ    11ᠰᠠᠷᠠᠶᠢᠨ13 ᠤ ᠡᠳᠣᠷ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠣᠭᠡᠷ ᠲᠤᠮᠳᠠᠳᠤ ᠰᠣᠷᠭᠠᠭᠤᠯᠢ ᠶᠢᠨ ᠪᠠᠶ᠎ᠠ ᠲᠠᠮᠢᠷ ᠤᠨ ᠤᠷᠳᠤᠨ ᠳᠤ᠂ ︽ᠨᠤᠮ ᠤᠨ ᠴᠠᠭᠠᠨ ᠪᠤᠶᠠᠨ ᠲᠡᠯᠭᠡᠷᠡᠳᠣᠭᠡᠢ︾  ᠭᠡᠭᠦ ᠭᠤᠤᠯ ᠰᠡᠳᠣᠪᠳᠣ ᠨᠤᠮ ᠬᠠᠨᠳᠢᠪᠯᠠᠬᠤ ᠭᠥᠳᠡᠯᠭᠡᠭᠡᠨ‌‍ᠶᠠᠪᠤᠭᠳᠠᠵᠤ᠂  ᠬᠦᠯᠤᠨ ᠪᠤᠶᠢᠷ ᠬᠤᠳᠠ ᠶᠢᠨ ᠵᠢᠭᠠᠬᠤ ᠶᠢ ᠰᠣᠳᠣᠯᠬᠤ ᠲᠥᠪ᠂ ᠰᠢᠨ᠎ᠡ ᠪᠠᠷᠭᠤ ᠪᠠᠷᠠᠭᠤᠨ ᠬᠤᠰᠢᠭᠤᠨ ᠤ ᠰᠣᠷᠭᠠᠨ ᠭᠥᠮᠤᠵᠢᠯ ᠤᠨ ᠲᠤᠪᠴᠢᠶ᠎ᠠ᠂ ᠬᠤᠰᠢᠭᠤᠨ ᠤ ᠵᠢᠭᠠᠬᠤ ᠶᠢ ᠰᠣᠳᠣᠯᠬᠤ ᠲᠥᠪ ᠤᠨ ᠰᠣᠳᠣᠯᠤᠭᠴᠢ ᠪᠠᠭᠰᠢ ᠵᠢᠴᠢ ᠨᠢᠭᠡᠳᠣᠭᠡᠷ ᠲᠤᠮᠳᠠᠳᠤ ᠰᠣᠷᠭᠠᠭᠤᠯᠢ ᠶᠢᠨ ᠪᠥᠭᠦ ᠪᠠᠭᠰᠢ ᠰᠣᠷᠣᠭᠴᠢᠳ ᠲᠤᠰ ᠤᠳᠠᠭᠠᠨ ᠤ ᠭᠥᠳᠡᠯᠭᠡᠭᠡᠨ ᠳᠤ ᠤᠷᠤᠯᠴᠠᠪᠠ᠃    ᠰᠠᠷ᠎ᠠ ᠪᠤᠯᠭᠠᠨ ᠤ ᠬᠤᠶᠠᠳᠣᠭᠠᠷ ᠭᠠᠷᠠᠭ ᠤᠨ ᠨᠢᠭᠡᠳᠤᠭᠡᠷ ᠡᠳᠣᠷ ᠪᠤᠯ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠣᠭᠡᠷ ᠲᠤᠮᠳᠠᠳᠤ ᠰᠣᠷᠭᠠᠭᠤᠯᠢ ᠶᠢᠨ ᠮᠤᠩᠭᠤᠯ ᠢᠶᠠᠷ  ᠢᠶᠠᠨ ᠭᠤᠶᠤᠯᠠᠬᠤ ᠡᠳᠣᠷ ᠪᠤᠯᠤᠨ᠎ᠡ᠂  ᠥᠨᠤᠳᠤᠷ ᠨᠢᠭᠡᠳᠣᠭᠡᠷ ᠲᠤᠮᠳᠠᠳᠤ ᠰᠣᠷᠭᠠᠭᠤᠯᠢ ᠶᠢᠨ ᠪᠥᠭᠦ ᠪᠠᠭᠰᠢ ᠰᠣᠷᠣᠭᠴᠢᠳ ᠠᠴᠠ ᠮᠤᠩᠭᠤᠯ ᠦᠨᠳᠤᠰᠤᠳᠠᠨ ᠤ ᠤᠯᠠᠵᠢᠯᠠᠯᠳᠤ ᠬᠤᠪᠴᠠᠰᠣ ᠵᠠᠰᠠᠯ  ᠢᠶᠠᠷ  ᠢᠶᠠᠨ ᠭᠤᠶᠤᠯᠠᠵᠤ᠂  ︽ᠨᠤᠮ ᠤᠨ ᠴᠠᠭᠠᠨ ᠪᠤᠶᠠᠨ ᠲᠡᠯᠭᠡᠷᠡᠳᠣᠭᠡᠢ︾  ᠭᠡᠭᠦ ᠭᠤᠤᠯ ᠰᠡᠳᠣᠪᠳᠣ ᠨᠤᠮ ᠬᠠᠨᠳᠢᠪᠯᠠᠬᠤ ᠭᠥᠳᠡᠯᠭᠡᠭᠡᠨ ᠳᠤ ᠤᠷᠤᠯᠴᠠᠵᠤ᠂  ᠰᠣᠷᠭᠠᠭᠤᠯᠢ  ᠶᠢᠨ ᠨᠤᠮ ᠤᠨ ᠰᠠᠩ ᠳᠠᠭᠠᠨ ᠤᠯᠠᠨ ᠲᠦᠷᠤᠯ ᠤᠨ ᠨᠤᠮ ᠲᠡᠪᠳᠡᠷ ᠬᠠᠨᠳᠢᠪᠯᠠᠭᠰᠠᠨ ᠪᠠᠶᠢᠨ᠎ᠠ  ᠃    ᠭᠥᠳᠡᠯᠭᠡᠭᠡᠨ ᠨᠢ ᠨᠤᠮ ᠬᠠᠨᠳᠢᠪᠯᠠᠬᠤ ᠵᠢᠴᠢ ᠭᠠᠷ ᠤᠨ ᠥᠰᠣᠭ᠌ ᠵᠢᠷᠤᠬᠤ ᠠᠭᠤᠯᠭ᠎ᠠ ᠪᠠᠷ  ᠶᠠᠪᠤᠭᠳᠠᠵᠤ᠂ ᠭᠥᠳᠡᠯᠭᠡᠭᠡᠨ ᠤ ᠶᠠᠪᠤᠴᠠ ᠳᠤ᠂  ᠨᠢᠭᠡᠳᠣᠭᠡᠷ ᠲᠤᠮᠳᠠᠳᠤ ᠰᠣᠷᠭᠠᠭᠤᠯᠢ ᠶᠢᠨ ᠪᠠᠭᠰᠢ ᠰᠣᠷᠣᠭᠴᠢᠳ  ᠠᠴᠠ 100 ᠭᠠᠷᠣᠢ ᠲᠡᠪᠳᠡᠷ ᠨᠤᠮ ᠬᠠᠨᠳᠢᠪᠯᠠᠭᠰᠠᠨ ᠪᠠᠶᠢᠨ᠎ᠠ᠃ ᠲᠤᠰ ᠤᠳᠠᠭᠠᠨ ᠤ ᠨᠤᠮ ᠬᠠᠨᠳᠢᠪᠯᠠᠬᠤ  ᠭᠥᠳᠡᠯᠭᠡᠭᠡᠨ ᠪᠤᠯ ᠲᠤᠰ ᠰᠣᠷᠭᠠᠭᠤᠯᠢ ᠶᠢᠨ ᠪᠢᠴᠢᠭ ᠤᠨ ᠰᠣᠷᠪᠤᠯᠵᠢᠳᠣ ᠰᠣᠷᠭᠠᠭᠤᠯᠢ ᠶᠢᠨ ᠭᠥᠷᠢᠶ᠎ᠠ ᠶᠢ ᠪᠥᠳᠣᠭᠡᠨ ᠪᠠᠶᠢᠭᠤᠯᠬᠤ  ᠭᠥᠳᠡᠯᠭᠡᠭᠡᠨ  ᠤ ᠨᠢᠭᠡ ᠠᠭᠤᠯᠭ᠎ᠠ ᠪᠤᠯᠤᠨ᠎ᠡ᠃    ᠡᠨᠡᠭᠦ ᠭᠥᠳᠡᠯᠭᠡᠭᠡᠨ  ᠢᠶᠠᠷ ᠲᠠᠮᠵᠢᠵᠤ᠂  ᠰᠣᠷᠣᠭᠴᠢᠳ ᠤᠨ ᠨᠤᠮ ᠤᠨ ᠲᠤᠬᠠᠢ ᠲᠠᠨᠢᠯᠳᠠ ᠶᠢ ᠨᠡᠮᠡᠭᠳᠡᠭᠦᠯᠵᠤ᠂  ︽ᠨᠤᠮ ᠲᠠᠢ ᠨᠥᠭᠦᠷᠯᠡᠵᠤ ᠨᠤᠮ ᠤᠨ ᠰᠠᠶᠢᠨ ᠨᠠᠶᠢᠵᠠ ᠪᠤᠯᠤᠶ᠎ᠠ︾᠂ ︽ᠡᠳᠣᠷ ᠪᠥᠷᠢ ᠨᠤᠮ ᠤᠩᠰᠢᠵᠤ᠂ ᠥᠯᠠᠮᠵᠢ ᠮᠡᠳᠡᠯᠭᠡ ᠲᠠᠢ ᠪᠤᠯᠤᠶ᠎ᠠ︾ ᠭᠡᠵᠤ  ᠥᠷᠭᠡᠨ ᠢᠶᠠᠷ ᠤᠷᠢᠶᠠᠯᠠᠭᠰᠠᠨ ᠪᠠᠶᠢᠨ᠎ᠠ᠃
 
ᠢᠷᠡᠯᠲᠡ᠄ ᠰᠤᠷᠭᠠᠨ ᠬᠦᠮᠦᠵᠢᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号