ᠭ᠊ · ᠴᠡᠷᠡᠨᠬᠠᠨᠳᠠ ︵ᠮᠣᠩᠭᠤᠯ︶ | ᠪᠠᠷᠭᠤ ᠮᠣᠩᠭᠤᠯᠴᠤᠳ ᠢ ᠰᠤᠳᠤᠯᠬᠤ | ᠤᠭᠰᠠᠭᠠᠲᠠᠨ ᠤ ᠵᠦᠢ ᠶᠢᠨ ᠠᠰᠠᠭᠤᠳᠠᠯ ᠳᠤ | ᠮᠣᠩᠭᠤᠯ ᠤᠭᠰᠠᠭᠠᠲᠠᠨ ᠤ ᠲᠡᠦᠬᠡ ᠶᠢ ᠡᠷᠳᠡᠮᠲᠡᠳ ᠤᠨ ᠰᠤᠳᠤᠯᠭᠠᠨ ᠤ ᠪᠦᠲᠦᠭᠡᠯ ᠤᠳ ᠠᠴᠠ | ᠨᠢᠭᠡᠳᠬᠡᠨ ᠦᠵᠡᠪᠡᠯ᠂ ᠤᠳᠤᠮ ᠭᠠᠷᠪᠠᠯᠢ ᠨᠢᠭᠡᠲᠡᠢ ᠣᠮᠤᠭ ᠶᠠᠰᠤ᠂ ᠤᠭᠰᠠᠭᠠᠨ ᠤ ᠪᠦᠯᠦᠭ ᠪᠤᠶᠤ ᠶᠠᠰᠤᠲᠠᠨ ᠨᠢ | ᠲᠡᠦᠬᠡᠨ ᠬᠥᠭᠵᠢᠯ ᠤᠨ ᠶᠠᠪᠤᠴᠠ ᠳᠤ ᠪᠠᠨ ᠣᠭᠲᠤ ᠥᠭᠡᠷᠡᠴᠢᠯᠡᠭᠳᠡᠬᠦ ᠦᠭᠡᠢ ᠨᠢᠭᠡ ᠶᠠᠩᠵᠤ ᠪᠠᠶᠢᠬᠤ ᠨᠢ ᠬᠡᠵᠢᠶ᠎ᠡ | ᠴᠦ ᠦᠭᠡᠢ ᠬᠡᠮᠡᠨ ᠳ᠋ᠦᠩᠨᠡᠳᠡᠭ ᠶᠠᠪᠤᠳᠠᠯ ᠲᠤᠬᠠᠢ ᠶᠢᠨ ᠤᠭᠰᠠᠭᠠᠲᠠᠨ ᠤ ᠡᠭᠦᠰᠦᠯ᠂ ᠲᠦᠯᠦᠪᠰᠢᠯ᠂ ᠵᠠᠳᠠᠷᠠᠯ᠂ | ᠰᠡᠷᠭᠦᠯᠲᠡ ᠵᠡᠷᠭᠡ ᠶᠢ ᠬᠠᠮ ᠲᠤᠰᠬᠠᠭᠰᠠᠨ ᠣᠶᠢᠯᠠᠭᠠᠯᠲᠠ ᠭᠡᠵᠤ ᠪᠣᠯᠤᠨ᠎ᠠ᠃ ᠤᠴᠢᠷ ᠡᠶᠢᠮᠦ ᠳᠤ ᠲᠡᠦᠬᠡᠨ | ᠤᠭᠰᠠᠭᠠᠲᠠᠨ ᠤ ᠵᠦᠢ ᠶᠢ ᠰᠤᠳᠤᠯᠬᠤ ᠳᠤ ᠶᠠᠭᠤᠨ ᠤ ᠡᠮᠦᠨ᠎ᠡ ᠨᠢᠭᠡ ᠳᠤ᠂ ᠮᠣᠩᠭᠤᠯ ᠤᠭᠰᠠᠭᠠᠲᠠᠨ ᠤ ᠡᠬᠢᠯᠡᠯ | ᠪᠦᠷᠢᠯᠳᠦᠨ ᠲᠥᠯᠥᠪᠰᠢᠭᠰᠡᠨ ᠲᠡᠷᠡ ᠦᠶ᠎ᠡ ᠠᠴᠠ ᠡᠬᠢᠯᠡᠨ ᠣᠷᠴᠢᠨ ᠴᠠᠭ ᠢ ᠬᠦᠷᠲᠡᠯ᠎ᠡ ᠲᠤᠭᠤᠯᠵᠤ ᠢᠷᠡᠭᠰᠡᠨ | ᠣᠯᠠᠨ ᠵᠠᠭᠤᠨ ᠤ ᠡᠭᠡᠳᠡᠷᠡᠭᠡ ᠲᠠᠢ ᠦᠢᠯᠡ ᠶᠠᠪᠤᠴᠠ ᠶᠢ ᠤᠯᠠᠷᠢᠭᠤᠯᠤᠨ ᠬᠠᠷᠠᠵᠤ᠂ ᠤᠭᠰᠠᠭᠠᠲᠠᠨ ᠤ ᠰᠢᠨ᠎ᠡ | ᠨᠡᠶᠢᠲᠡᠯᠢᠭ ᠡᠭᠦᠰᠬᠦ ᠰᠢᠯᠲᠠᠭᠠᠨ᠂ ᠤᠭᠰᠠᠭ᠎ᠠ ᠪᠦᠯᠦᠭ ᠤᠳ ᠤᠨ ᠬᠤᠭᠤᠷᠤᠨᠳᠤ ᠶᠢᠨ ᠢᠵᠢᠯᠢᠰᠢᠯ ᠪᠠ ᠨᠢᠭᠡᠳᠬᠦ | ᠰᠠᠯᠬᠤ ᠦᠢᠯᠡ ᠶᠠᠪᠤᠴᠠ ᠬᠡᠷᠬᠢᠨ ᠶᠠᠪᠤᠭᠳᠠᠳᠠᠭ ᠵᠦᠢ ᠲᠣᠭᠲᠠᠯ ᠵᠡᠷᠭᠡ ᠠᠰᠠᠭᠤᠳᠠᠯ ᠢ ᠣᠨᠤᠯ ᠤᠨ ᠡᠭᠦᠳᠡᠨ ᠠᠴᠠ | ᠰᠢᠢᠳᠪᠦᠷᠢᠯᠡᠬᠦ ᠶᠠᠪᠤᠳᠠᠯ ᠪᠣᠯᠤᠨ᠎ᠠ᠃ ᠬᠤᠶᠠᠷ ᠲᠤ᠂ ᠪᠠᠷᠭᠤ ᠮᠣᠩᠭᠤᠯᠴᠤᠳ ᠤᠨ ᠨᠡᠭᠦᠳᠡᠯ ᠤᠨ ᠰᠣᠶᠤᠯ ᠢᠷᠭᠡᠨᠰᠢᠯ | ᠳᠤ ᠣᠷᠤᠭᠤᠯᠤᠭᠰᠠᠨ ᠬᠤᠪᠢ ᠨᠡᠮᠡᠷᠢ ᠪᠣᠯᠤᠨ ᠠᠵᠤ ᠠᠬᠤᠢ — ᠰᠣᠶᠤᠯ ᠤᠨ ᠬᠡᠪ ᠮᠠᠶ᠋ᠢᠭ᠂ ᠲᠡᠭᠦᠨ ᠤ ᠨᠡᠶᠢᠲᠡᠯᠢᠭ | ᠪᠠ ᠥᠪᠡᠷᠮᠢᠴᠡ ᠲᠠᠯ᠎ᠠ ᠶᠢ ᠣᠨᠴᠠᠭᠠᠶᠢᠯᠠᠨ ᠠᠪᠴᠤ ᠦᠵᠡᠬᠦ᠃ ᠭᠤᠷᠪᠠ ᠳᠤ᠂ ᠮᠣᠩᠭᠤᠯ ᠲᠦᠮᠡᠨ ᠤ ᠨᠡᠶᠢᠭᠡᠮ᠂ | ᠤᠯᠤᠰ ᠲᠥᠷᠥ ᠶᠢᠨ ᠦᠢᠯᠡ ᠶᠠᠪᠤᠴᠠ ᠶᠢᠨ ᠨᠥᠯᠥᠭᠡ᠂ ᠨᠥᠯᠥᠭᠡᠯᠡᠯ ᠤᠭᠰᠠᠭ᠎ᠠ ᠪᠦᠯᠦᠭ ᠤᠳ ᠤᠨ ᠦᠦᠬᠡ ᠲᠡᠦᠬᠡ | ᠶᠢ ᠲᠠᠶᠢᠯᠬᠤ ᠭᠤᠣᠯ ᠦᠵᠡᠭᠦᠯᠦᠯᠲᠡ ᠪᠣᠯᠬᠤ ᠶᠢ ᠬᠠᠷᠠᠭᠠᠯᠵᠠᠨ ᠮᠣᠩᠭᠤᠯ ᠤᠭᠰᠠᠭᠠᠲᠠᠨ ᠤ ᠪᠢᠴᠢᠯ ᠨᠡᠶᠢᠲᠡᠯᠡᠯ | ᠪᠣᠯᠬᠤ ᠪᠠᠷᠭᠤ ᠭᠡᠬᠦ ᠳᠤ ︽ᠪᠢᠳᠡ︾ ᠬᠡᠨ ᠪᠣᠢ ᠬᠡᠮᠡᠨ ᠣᠶᠢᠯᠠᠭᠠᠬᠤ ᠥᠪᠡᠷᠰᠡᠳ ᠤᠨ ᠤᠬᠠᠮᠰᠠᠷ ᠲᠤ | ᠬᠠᠳᠠᠭᠳᠠᠭᠰᠠᠨ ᠨᠡᠷ᠎ᠡ ︽ᠨᠡᠷᠡᠰᠢᠯ︾᠂ ᠰᠣᠶᠤᠯ᠂ ᠵᠠᠩ ᠦᠢᠯᠡ ᠶᠢᠨ ᠤᠯᠪᠠᠭ᠎ᠠ᠂ ᠣᠶᠤᠨ ᠰᠡᠳᠬᠢᠯᠭᠡᠨ ᠤ | ᠥᠪᠡᠷᠮᠢᠴᠡ ᠪᠠᠶᠢᠳᠠᠯ ᠵᠡᠷᠭᠡ ᠨᠢ ᠲᠡᠦᠬᠡᠨ ᠤᠷᠲᠤ ᠬᠤᠭᠤᠴᠠᠭᠠᠨ ᠳᠤ ᠦᠷᠭᠦᠯᠵᠢᠯᠡᠭᠰᠡᠨ ᠪᠥᠭᠡᠳ ᠲᠡᠭᠦᠨ ᠢ | ᠭᠦᠨᠵᠡᠭᠡᠶᠢᠷᠡᠭᠦᠯᠬᠦ ᠶᠠᠪᠤᠳᠠᠯ ᠴᠢᠬᠤᠯᠠ ᠶᠤᠮ᠃ ᠪᠠᠷᠭᠤ ᠨᠢ ᠡᠷᠲᠡᠨ ᠤ ᠮᠣᠩᠭᠤᠯ ᠬᠡᠯᠡᠲᠡᠨ ᠤ ᠶᠠᠮᠠᠷ ᠣᠮᠤᠭ ᠶᠠᠰᠤᠨ | ᠠᠴᠠ ᠡᠭᠦᠳᠦᠯ ᠲᠠᠢ ᠪᠣᠯᠬᠤ᠂ ᠤᠤᠭᠠᠯ ᠡᠬᠡ ᠨᠤᠲᠤᠭ ᠨᠢ ᠤᠭᠰᠠᠭᠠᠲᠠᠨ ᠤ ᠨᠢᠭᠡᠳᠦᠯ ᠢ ᠡᠭᠦᠰᠬᠡᠬᠦ ᠣᠪᠶᠧᠺᠲ᠋ᠢᠪ | ᠨᠥᠬᠦᠴᠡᠯ ᠢ ᠪᠦᠷᠢᠳᠦᠭᠦᠯᠦᠭᠰᠡᠨ ᠡᠰᠡᠬᠦ ᠭᠡᠬᠦ ᠮᠡᠲᠦ ᠤᠭᠰᠠᠭᠠᠨ ᠤ ᠵᠦᠢ ᠶᠢᠨ ᠴᠢᠬᠤᠯᠠ ᠰᠡᠳᠦᠪ ᠤᠳ ᠢ | ᠲᠤᠳᠤᠳᠬᠠᠬᠤ ᠶᠢᠨ ᠵᠡᠷᠭᠡᠴᠡᠭᠡ ᠪᠠᠷ ᠡᠷᠲᠡᠨ ᠠᠴᠠ ᠤᠯᠠᠮᠵᠢᠯᠠᠵᠤ ᠢᠷᠡᠭᠰᠡᠨ ᠬᠡᠯᠡ ᠠᠶᠠᠯᠭᠤ ᠪᠣᠯᠤᠨ ᠳᠤᠮᠳᠠᠳᠤ | ᠵᠠᠭᠤᠨ ᠤ ᠠᠷᠭᠧᠯᠣᠬᠢ ᠶᠢᠨ ᠳᠤᠷᠠᠰᠬᠠᠯ ᠤᠳ ᠠᠴᠠ ᠣᠯᠳᠠᠵᠤ ᠪᠣᠢ ᠡᠳ᠋ ᠦᠯᠦᠭ ᠤᠨ ᠰᠣᠶᠤᠯ ᠳᠤ ᠬᠠᠮᠢᠶᠠᠷᠬᠤ | ᠪᠠᠷᠭᠤ ᠪᠤᠷᠢᠶᠠᠳ ᠡᠬᠡᠨᠡᠷ ᠳᠡᠪᠡᠯ ᠤᠨ ᠬᠡᠪ ᠮᠠᠶ᠋ᠢᠭ ᠲᠤ ᠬᠤᠯᠪᠤᠭᠳᠠᠬᠤ ᠬᠤᠨᠢᠶᠠᠰᠤ ︽ᠲᠠᠲᠠᠭᠠᠰᠤᠨ︾ ᠤ ᠪᠠᠶᠢᠳᠠᠯ | ᠣᠯᠠᠨ ᠢᠶᠠᠷ ᠣᠯᠳᠠᠵᠤ ᠪᠠᠶᠢᠭ᠎ᠠ ᠨᠢ ᠪᠠᠷᠭᠤ ᠨᠠᠷ ᠤᠨ ᠡᠪᠦᠭᠡ ᠳᠡᠭᠡᠳᠦᠰ ᠤᠨ ᠤᠭᠰᠠᠭ᠎ᠠ ᠰᠣᠶᠤᠯ ᠤᠨ ᠨᠡᠶᠢᠳᠡᠯᠢᠭ | ᠨᠡᠩ ᠡᠷᠲᠡᠨ ᠠᠴᠠ ᠲᠥᠯᠥᠪᠰᠢᠵᠦ ᠪᠠᠶᠢᠭᠰᠠᠨ ᠢ ᠢᠯᠡᠳᠬᠡᠬᠦ ᠪᠣᠳᠠᠲᠤ ᠬᠡᠷᠡᠭᠯᠡᠭᠳᠡᠭᠦᠨ ᠭᠡᠯᠲᠡᠢ᠃ ᠡᠶᠢᠨ ᠬᠦ | ᠤᠭᠰᠠᠭ᠎ᠠ — ᠪᠦᠯᠦᠭ ᠤᠨ ᠨᠤᠲᠤᠭ ᠤᠨ ᠣᠨᠴᠠᠯᠢᠭ ᠲᠤ ᠵᠣᠬᠢᠴᠠᠭᠤᠯᠤᠨ ᠪᠦᠲᠦᠭᠡᠭᠰᠡᠨ ᠰᠣᠶᠤᠯ ᠶᠠᠭᠤᠲᠠᠢ ᠴᠦ | ᠵᠦᠢᠷᠯᠡᠰᠢ ᠦᠭᠡᠢ ᠦᠨ᠎ᠡ ᠲᠠᠢ ᠥᠪ ᠪᠣᠯᠵᠤ᠂ ᠲᠡᠭᠦᠨ ᠢ ᠪᠠᠶᠠᠵᠢᠭᠤᠯᠳᠠᠭ ᠨᠢ ᠡᠭᠦᠨ ᠠᠴᠠ ᠲᠣᠳᠤᠷᠬᠠᠢ | ᠬᠠᠷᠠᠭᠳᠠᠵᠤ ᠪᠠᠶᠢᠭ᠎ᠠ ᠶᠢ ᠲᠡᠮᠳᠡᠭᠯᠡᠵᠦ ᠪᠣᠯᠬᠤ ᠪᠠᠶᠢᠨ᠎ᠠ᠃ | ᠡᠷᠲᠡᠨ ᠤ ᠪᠠ ᠳᠤᠮᠳᠠᠳᠤ ᠦᠶ᠎ᠡ ᠶᠢᠨ ᠮᠣᠩᠭᠤᠯ ᠬᠡᠯᠡᠨ ᠤ ᠠᠮᠠᠨ ᠠᠶᠠᠯᠭᠤᠨ ᠤ ᠣᠨᠴᠠᠯᠢᠭ ᠰᠡᠭᠦᠯ ᠦᠶ᠎ᠡ | ᠬᠦᠷᠲᠡᠯ᠎ᠡ ᠤᠯᠠᠮᠵᠢᠯᠠᠭᠳᠠᠵᠤ ᠪᠠᠶᠢᠭ᠎ᠠ ᠠᠴᠠ ᠰᠡᠳᠦᠪᠯᠡᠨ ᠮᠣᠩᠭᠤᠯᠴᠤᠳ ᠤᠨ ᠳᠤᠲᠤᠷᠠᠬᠢ ᠤᠭᠰᠠᠭ᠎ᠠ ᠪᠦᠯᠦᠭ ᠤᠨ | ᠲᠠᠷᠬᠠᠯᠲᠠ᠂ ᠢᠵᠢᠯᠢᠰᠢᠯ ᠵᠡᠷᠭᠡ ᠤᠭᠰᠠᠭᠠᠲᠠᠨ ᠤ ᠬᠥᠭᠵᠢᠯ ᠤᠨ ᠲᠡᠦᠬᠡᠨ ᠶᠠᠪᠤᠴᠠ ᠶᠢ ᠲᠣᠳᠤᠷᠠᠭᠤᠯᠬᠤ ᠳᠤ | ᠴᠢᠭᠯᠡᠭᠳᠡᠭᠰᠡᠨ ᠵᠠᠷᠢᠮ ᠳ᠋ᠦᠩᠨᠡᠯᠲᠡ ᠳᠤ ᠬᠦᠷᠬᠦ ᠪᠣᠯᠤᠮᠵᠢᠲᠠᠢ᠃ ᠮᠣᠩᠭᠤᠯ ᠤᠨ ᠲᠡᠦᠬᠡ ᠶᠢᠨ ᠶᠠᠩᠵᠤ ᠪᠦᠷᠢ ᠶᠢᠨ | ᠦᠶ᠎ᠡ ᠲᠠᠢ ᠤᠶᠠᠯᠳᠤᠨ ᠲᠥᠯᠥᠪᠰᠢᠭᠰᠡᠨ ᠤᠭᠰᠠᠭ᠎ᠠ — ᠪᠦᠯᠦᠭ ᠤᠳ ᠤᠨ ᠬᠤᠪᠢ ᠵᠠᠶᠠᠭᠠᠨ ᠤ ᠣᠨᠴᠠᠯᠢᠭ | ᠬᠥᠭᠵᠢᠯ ᠤᠨ ᠣᠯᠠᠨ ᠲᠠᠯᠠᠲᠤ ᠦᠢᠯᠡ ᠶᠠᠪᠤᠴᠠ ᠳᠤ ᠮᠡᠳᠡᠷᠡᠭᠳᠡᠭᠴᠢ ᠬᠡᠯᠡ ᠠᠶᠠᠯᠭᠤᠨ ᠤ ᠤᠯᠠᠮᠵᠢᠯᠠᠯᠲᠤ ᠦᠭᠡ | ᠬᠡᠯᠡᠯᠭᠡᠨ ᠳᠤ ᠠᠩᠬᠠᠷᠤᠯ ᠬᠠᠨᠳᠤᠭᠤᠯᠬᠤ ᠶᠠᠪᠤᠳᠠᠯ ᠴᠢᠬᠤᠯᠠ ᠶᠤᠮ᠃ ᠳᠤᠮᠳᠠᠳᠤ ᠦᠶ᠎ᠡ ᠶᠢᠨ ᠮᠣᠩᠭᠤᠯ ᠬᠡᠯᠡᠨ ᠠᠴᠠ | ᠪᠠᠷᠭᠤ ᠪᠤᠷᠢᠶᠠᠳ ᠬᠡᠯᠡ ᠠᠶᠠᠯᠭᠤ ᠬᠠᠳᠠᠭᠠᠯᠠᠭᠳᠠᠬᠤ ᠶᠢᠨ ᠵᠡᠷᠭᠡᠴᠡᠭᠡ ᠪᠠᠷ ᠲᠡᠭᠦᠨ ᠤᠷᠤᠭᠤ ᠦᠢᠷ᠎ᠠ ᠲᠥᠰᠲᠡᠢ ᠠᠮᠠᠨ | ᠠᠶᠠᠯᠭᠤᠨ ᠤ ᠦᠭᠡᠰ ᠳᠠᠷᠬᠠᠳ᠂ ᠲᠤᠸᠠ᠂ ᠣᠶᠢᠷᠠᠳ ᠤᠨ ᠳᠤᠮᠳᠠ ᠶᠠᠪᠤᠭᠤᠯᠤᠭᠰᠠᠨ ᠪᠢᠳᠡᠨ ᠤ ᠤᠭᠰᠠᠭᠠᠲᠠᠨ ᠤ | ᠵᠦᠢ ᠶᠢᠨ ᠰᠤᠳᠤᠯᠭᠠᠨ ᠤ ᠦᠶ᠎ᠡ ᠳᠤ ᠲᠣᠳᠤ ᠠᠵᠢᠭᠯᠠᠭᠳᠠᠳᠠᠭ᠃ ᠡᠭᠦᠨ ᠠᠴᠠ ᠤᠯᠪᠠᠭᠠᠯᠠᠨ ᠬᠡᠯᠡ ᠠᠶᠠᠯᠭᠤᠨ ᠤ | ᠣᠨᠴᠠᠯᠢᠭ ᠢ ᠰᠤᠳᠤᠯᠤᠭᠰᠠᠨ ᠢᠶᠠᠷ ᠲᠤᠬᠠᠢ ᠶᠢᠨ ᠠᠷᠠᠳ ᠲᠦᠮᠡᠨ ᠤ ᠰᠡᠳᠬᠢᠬᠦᠢ ᠶᠢᠨ ᠮᠥᠨ ᠴᠢᠨᠠᠷ᠂ ᠤᠭᠰᠠᠭ᠎ᠠ | ᠲᠡᠦᠬᠡ ᠶᠢ ᠨᠢᠭᠲᠠᠯᠠᠬᠤ ᠳᠤ ᠡᠷᠳᠡᠮ ᠰᠢᠨᠵᠢᠯᠡᠭᠡᠨ ᠤ ᠴᠢᠬᠤᠯᠠ ᠠᠴᠢ ᠬᠤᠯᠪᠤᠭᠳᠠᠯ ᠲᠠᠢ ᠪᠣᠯᠤᠨ᠎ᠠ᠃ | ᠮᠣᠩᠭᠤᠯ ᠤᠭᠰᠠᠭᠠᠲᠠᠨ ᠤ ᠲᠦᠷᠬᠦ ᠪᠠᠶᠢᠳᠠᠯ᠂ ᠰᠡᠳᠬᠢᠯ ᠣᠶᠤᠨ ᠤ ᠣᠨᠴᠠᠯᠢᠭ ᠨᠢ ᠬᠡᠳᠦᠶᠢᠪᠡᠷ ᠣᠯᠠᠨ | ᠮᠢᠩᠭᠠᠨ ᠤ ᠲᠡᠷᠲᠡᠭᠡ ᠠᠴᠠ ᠤᠯᠠᠮᠵᠢᠯᠠᠨ ᠤᠳᠤᠮᠰᠢᠵᠤ ᠢᠷᠡᠭᠰᠡᠨ ᠭᠧᠨᠧᠲ᠋ᠢᠺ ᠦᠨᠳᠦᠰᠦᠯᠡᠯ ᠲᠠᠢ ᠬᠡᠳᠦᠢ ᠴᠦ ᠭᠠᠵᠠᠷ | ᠵᠦᠢ ᠶᠢᠨ ᠣᠷᠴᠢᠨ᠂ ᠨᠡᠶᠢᠭᠡᠮ ᠲᠡᠦᠬᠡ ᠶᠢᠨ ᠶᠠᠩᠵᠤ ᠪᠦᠷᠢ ᠶᠢᠨ ᠦᠶ᠎ᠡ ᠳᠤ ᠬᠠᠮᠢᠶᠠᠷᠬᠤ ᠥᠭᠡᠷᠡᠴᠢᠯᠡᠯᠲᠡ | ᠬᠤᠪᠢᠰᠤᠯ ᠢ ᠲᠤᠰᠬᠠᠨ ᠲᠥᠯᠥᠪᠰᠢᠵᠦ ᠢᠷᠡᠭᠰᠡᠨ ᠲᠡᠦᠬᠡ ᠲᠠᠢ᠃ ᠡᠶᠢᠮᠦ ᠠᠴᠠ ᠤᠭᠰᠠᠭᠠᠲᠠᠨ ᠤ ᠪᠠ ᠤᠭᠰᠠᠭ᠎ᠠ | ᠨᠢᠭᠡᠴᠢ ᠶᠢ ᠲᠣᠳᠤᠷᠠᠭᠤᠯᠬᠤ ᠬᠡᠪ ᠰᠢᠨᠵᠢ ᠤᠳ ᠬᠥᠭᠵᠢᠯ ᠤᠨ ᠲᠡᠦᠬᠡᠨ ᠦᠶ᠎ᠡ ᠪᠦᠷᠢ ᠳᠤ ᠬᠠᠷᠢᠯᠴᠠᠨ ᠠᠳᠠᠯᠢ | ᠦᠭᠡᠢ᠂ ᠥᠭᠡᠷ᠎ᠡ ᠪᠠᠷ ᠬᠡᠯᠡᠪᠡᠯ ᠤᠭᠰᠠᠭ᠎ᠠ — ᠪᠦᠯᠦᠭ ᠤᠨ ᠥᠪᠡᠷᠮᠢᠴᠡ ᠣᠨᠴᠠᠯᠢᠭ ᠨᠢ ᠲᠤᠬᠠᠢ ᠶᠢᠨ ᠬᠥᠭᠵᠢᠯ | ᠤᠨ ᠦᠶ᠎ᠡ ᠳᠤ ᠪᠦᠬᠦᠯᠢ ᠳᠤ ᠪᠠᠨ ᠪᠠᠶᠢᠬᠤ ᠠᠯᠪᠠ ᠦᠭᠡᠢ ᠪᠥᠭᠡᠳ ᠨᠡᠶᠢᠭᠡᠮ᠂ ᠤᠯᠤᠰ ᠲᠥᠷᠥ ᠶᠢᠨ ᠦᠢᠯᠡ | ᠶᠠᠪᠤᠴᠠ ᠲᠠᠢ ᠤᠶᠠᠯᠳᠤᠨ ᠣᠷᠤᠨ ᠵᠠᠢ᠂ ᠴᠠᠭ ᠬᠤᠭᠤᠴᠠᠭ᠎ᠠ᠂ ᠤᠯᠠᠮᠵᠢᠯᠠᠯ ᠢᠶᠠᠨ ᠥᠪᠯᠡᠬᠦ ᠪᠤᠶᠤ ᠳᠠᠮᠵᠢᠭᠤᠯᠵᠤ | ᠢᠷᠡᠭᠰᠡᠨ ᠪᠠᠶᠢᠳᠠᠯ ᠠᠴᠠ ᠰᠢᠯᠲᠠᠭᠠᠯᠠᠨ ᠨᠡᠷᠡᠯᠡᠭᠳᠡᠵᠦ ᠪᠣᠢ ᠨᠡᠷ᠎ᠡ᠂ ᠬᠡᠯᠡ ᠰᠣᠶᠤᠯ᠂ ᠵᠠᠩ ᠵᠠᠩᠰᠢᠯ᠂ ᠵᠠᠩ ᠦᠢᠯᠡ | ᠶᠢᠨ ᠲᠠᠯ᠎ᠠ ᠪᠠᠷ ᠬᠢ ᠣᠶᠢᠯᠠᠭᠠᠯᠲᠠ ᠤᠬᠠᠮᠰᠠᠷ ᠤᠨ ᠠᠯᠢ ᠨᠢᠭᠡ ᠪᠠᠷ ᠢᠯᠭᠠᠭᠳᠠᠵᠤ ᠪᠠᠶᠢᠳᠠᠭ ᠢ ᠤᠭᠰᠠᠭᠠᠲᠠᠨ ᠤ | ᠣᠨᠤᠯ ᠤᠨ ᠡᠭᠦᠳᠡᠨ ᠠᠴᠠ ᠥᠭᠦᠯᠡᠬᠦ ᠪᠦᠷᠢᠨ ᠦᠨᠳᠦᠰᠦᠯᠡᠯ ᠲᠠᠢ ᠶᠢ ᠲᠡᠮᠳᠡᠭᠯᠡᠬᠦ ᠬᠡᠷᠡᠭᠲᠡᠢ ᠶᠤᠮ᠃ ᠲᠡᠭᠦᠨ ᠲᠠᠢ | ᠤᠶᠠᠯᠳᠤᠭᠤᠯᠤᠨ ᠠᠪᠴᠤ ᠦᠵᠡᠪᠡᠯ ᠡᠳᠦᠭᠡ ᠮᠣᠩᠭᠤᠯ ᠤᠭᠰᠠᠭᠠᠲᠠᠨ ᠤ ᠳᠣᠲᠤᠷᠠᠬᠢ ᠠᠷᠪᠠ ᠭᠠᠷᠤᠢ ᠤᠭᠰᠠᠭ᠎ᠠ — | ᠪᠦᠯᠦᠭ ᠲᠡᠦᠬᠡᠨ ᠨᠡᠶᠢᠲᠡᠯᠢᠭ ᠤᠳ ᠤᠨ ᠶᠡᠬᠡᠩᠬᠢ ᠨᠢ ᠬᠥᠭᠵᠢᠯ ᠤᠨ ᠡᠭᠡᠳᠡᠷᠡᠭᠡᠨᠲᠡᠢ ᠵᠠᠮ ᠢ ᠲᠤᠭᠤᠯᠵᠤ᠂ | ᠥᠪᠡᠷᠰᠡᠳ ᠤᠨ ᠤᠬᠠᠮᠰᠠᠷ ᠲᠤ ᠰᠢᠩᠭᠡᠭᠡᠭᠰᠡᠨ ︽ᠡᠲᠨᠣᠨᠢᠮ︾ ᠨᠡᠷ᠎ᠡ᠂ ᠥᠪᠡᠷ ᠤᠨ ᠪᠦᠲᠦᠭᠡᠭᠰᠡᠨ ᠡᠳ᠋ ᠦᠯᠦᠭ᠂ | ᠣᠶᠤᠨ ᠤ ᠰᠣᠶᠤᠯ ᠤᠨ ᠥᠪᠡᠷᠮᠢᠴᠡ ᠪᠠᠶᠢᠳᠠᠯ ᠢᠶᠠᠨ ᠬᠠᠳᠠᠭᠠᠯᠠᠭᠰᠠᠭᠠᠷ ᠢᠷᠡᠭᠰᠡᠨ ᠪᠢᠯᠡ᠃ ᠪᠠᠷᠭᠤ ᠮᠣᠩᠭᠤᠯᠴᠤᠳ | ᠭᠡᠬᠦ ᠳᠤ ᠯᠡ ᠡᠷᠲᠡᠨ ᠤ ᠡᠪᠦᠭᠡ ᠳᠡᠭᠡᠳᠦᠰ ᠠᠴᠠ ᠤᠳᠤᠮ ᠭᠠᠷᠪᠠᠯᠢ ᠢᠶᠠᠨ ᠥᠪᠯᠡᠨ ᠬᠠᠳᠠᠭᠠᠯᠠᠵᠤ᠂ ᠠᠮᠢᠳᠤᠷᠠᠬᠤ | ᠣᠷᠴᠢᠨ ᠤ ᠨᠥᠯᠥᠭᠡ ᠪᠠᠷ ᠪᠠᠶᠢᠭᠠᠯᠢ ᠴᠠᠭ ᠠᠭᠤᠷ ᠲᠠᠢ ᠪᠠᠨ ᠵᠣᠬᠢᠴᠠᠨ ᠠᠵᠤ ᠠᠬᠤᠢ᠂ ᠰᠣᠶᠤᠯ ᠤᠨ ᠤᠯᠠᠮᠵᠢᠯᠠᠯ | ᠢᠶᠠᠨ ᠡᠷᠬᠢᠮᠯᠡᠵᠦ ᠪᠣᠢ ᠨᠢ ᠤᠭᠰᠠᠭᠠᠲᠠᠨ ᠤ ᠬᠥᠭᠵᠢᠯ ᠤᠨ ᠲᠡᠦᠬᠡᠨ ᠶᠠᠪᠤᠴᠠ ᠶᠢᠨ ᠲᠣᠳᠤᠷᠬᠠᠢ ᠵᠢᠱᠢᠶ᠎ᠡ ᠪᠣᠯᠤᠨ᠎ᠠ᠃ | ᠪᠠᠷᠢᠮᠲᠠ ᠪᠣᠯᠭᠠᠨ ᠳᠤᠷᠠᠳᠪᠠᠯ᠂ ᠨᠡᠭᠦᠳᠡᠯᠴᠢᠳ ᠤᠨ ᠳᠤᠮᠳᠠ ᠲᠡᠷᠭᠡ ᠡᠭᠦᠰᠦᠭᠰᠡᠨ ᠶᠠᠪᠤᠳᠠᠯ ᠣᠯᠠᠨ ᠵᠠᠭᠤᠨ ᠤ | ᠲᠡᠦᠬᠡ ᠲᠠᠢ᠃ ᠡᠨᠡ ᠨᠢ ᠶᠠᠭᠤᠨ ᠤ ᠡᠮᠦᠨ᠎ᠡ ᠵᠢᠳᠬᠦᠬᠦ ᠬᠦᠴᠦᠨ ᠤ ᠮᠠᠯ ᠢ ᠡᠳ᠋ᠯᠡᠭᠡᠨ ᠳᠤ ᠬᠡᠷᠡᠭᠯᠡᠬᠦ ᠪᠣᠯᠤᠭᠰᠠᠨ | ᠦᠶ᠎ᠡ ᠲᠠᠢ ᠰᠢᠭᠤᠳ ᠬᠤᠯᠪᠤᠭ᠎ᠠ ᠲᠠᠢ ᠭᠡᠵᠤ ᠦᠵᠡᠵᠦ ᠪᠣᠯᠤᠨ᠎ᠠ᠃ ᠱᠠᠷ ᠦᠬᠡᠷ᠂ ᠲᠠᠮᠡᠭᠡᠨ ᠳᠤ ᠲᠣᠬᠢᠷᠠᠭᠤᠯᠤᠨ | ᠲᠣᠨᠤᠭ ᠬᠡᠷᠡᠭᠰᠡᠯ᠂ ᠭᠡᠷ ᠲᠡᠷᠭᠡ ᠪᠦᠲᠦᠭᠡᠨ᠎ᠡ ᠭᠡᠳᠡᠭ ᠲᠤᠬᠠᠢ ᠶᠢᠨ ᠦᠶ᠎ᠡ ᠶᠢᠨ ᠨᠡᠭᠦᠳᠡᠯ ᠤᠨ ᠠᠵᠤ ᠲᠥᠷᠥᠬᠦ | ᠣᠨᠴᠠᠯᠢᠭ᠂ ᠠᠮᠢᠳᠤᠷᠠᠬᠤ ᠨᠥᠬᠦᠴᠡᠯ ᠢ ᠲᠤᠰᠬᠠᠭᠰᠠᠨ ᠮᠣᠩᠭᠤᠯᠴᠤᠳ ᠤᠨ ᠰᠣᠶᠤᠯ ᠤᠨ ᠥᠪ ᠪᠢᠯᠡ᠃ ᠭᠡᠷ | ᠲᠡᠷᠭᠡᠨ ᠤ ᠬᠤᠪᠢᠰᠤᠯ ᠲᠡᠦᠬᠡᠨ ᠤᠷᠲᠤ ᠤᠳᠠᠭᠠᠨ ᠬᠤᠭᠤᠴᠠᠭᠠᠨ ᠳᠤ ᠶᠠᠪᠤᠭᠳᠠᠭᠰᠠᠨ ᠨᠢ ᠣᠶᠢᠯᠠᠭᠠᠮᠵᠢᠲᠠᠢ᠃ | ᠮᠣᠩᠭᠤᠯ ᠭᠠᠵᠠᠷ ᠣᠷᠤᠰᠢᠨ ᠠᠮᠢᠳᠤᠷᠠᠵᠤ ᠪᠠᠶᠢᠭᠰᠠᠨ ᠣᠪᠤᠭ ᠠᠶᠢᠮᠠᠭ᠂ ᠤᠭᠰᠠᠭ᠎ᠠ — ᠪᠦᠯᠦᠭ ᠤᠳ ᠠᠵᠤ | ᠠᠬᠤᠢ ᠳᠤ ᠪᠠᠨ ᠲᠡᠷᠭᠡ ᠬᠡᠷᠡᠭᠯᠡᠬᠦ ᠪᠣᠯᠤᠭᠰᠠᠨ ᠨᠢ ᠨᠢᠷᠤᠭᠤ ᠠᠴᠢᠬᠤ ᠲᠡᠭᠡᠭᠡᠪᠦᠷᠢ ᠠᠴᠠ ᠮᠠᠯ ᠢ ᠬᠥᠯᠯᠡᠭᠡᠨ ᠤ | ᠵᠣᠷᠢᠭᠤᠯᠤᠯᠲᠠ ᠪᠠᠷ ᠠᠰᠢᠭᠯᠠᠬᠤ ᠲᠠᠢ ᠬᠤᠯᠪᠤᠭᠳᠠᠬᠤ ᠶᠤᠮ᠃ ᠲᠡᠷᠭᠡ ᠶᠢ ᠾᠦᠩᠨᠦ ᠨᠠᠷ ᠬᠡᠷᠡᠭᠯᠡᠵᠦ ᠪᠠᠶᠢᠭᠰᠠᠨ | ᠲᠤᠬᠠᠢ ᠥᠭᠦᠯᠡᠭᠳᠡᠵᠢ᠃ ᠮᠥᠨ ᠵᠤᠵᠠᠨᠴᠤᠳ ᠭᠡᠷ ᠲᠡᠷᠭᠡ ᠪᠠᠷ ᠨᠡᠭᠦᠳᠡᠭ ᠪᠠᠶᠢᠭᠰᠠᠨ ᠲᠠᠯ᠎ᠠ ᠪᠠᠷ ᠬᠢ ᠵᠠᠷᠢᠮ ᠮᠡᠳᠡᠭᠡ | ᠶᠢ ᠳᠤᠷᠠᠳᠪᠠᠯ᠂ 429 ᠣᠨ ᠤ ᠦᠶ᠎ᠡ ᠳᠤ ᠲᠤᠸᠠ ᠤᠯᠤᠰ ᠤᠨ ᠭᠡᠨᠡᠳᠲᠡ ᠶᠢᠨ ᠳᠣᠪᠲᠤᠯᠭᠠᠨ ᠠᠴᠠ ᠰᠠᠮᠭᠠᠷᠳᠠᠨ | ᠵᠤᠵᠠᠨ ᠤ ᠳ᠋ᠠᠲ᠋ᠠᠨ ᠬᠠᠭᠠᠨ ᠣᠷᠤᠨ ᠪᠠᠶᠢᠷᠢ ᠪᠠᠨ ᠰᠢᠲᠠᠭᠠᠨ ᠤᠰᠠᠳᠬᠠᠭᠠᠳ ᠥᠪᠡᠷ ᠢᠶᠠᠨ ᠭᠡᠷ ᠲᠡᠷᠭᠡᠨ ᠳᠤ | ᠰᠠᠭᠤᠵᠤ᠂ ᠬᠡᠳᠦᠨ ᠵᠠᠭᠤᠨ ᠢᠷᠭᠡᠳ ᠤᠨ ᠬᠠᠮᠲᠤ ᠭᠠᠷᠴᠤ ᠡᠮᠦᠨ᠎ᠡ ᠵᠦᠭ ᠵᠢᠭᠤᠲᠠᠭᠰᠠᠨ ᠭᠡᠵᠡᠢ᠃ ᠡᠭᠦᠨ ᠠᠴᠠ | ᠦᠵᠡᠬᠦ ᠳᠤ ᠭᠡᠷ ᠢᠶᠠᠨ ᠲᠡᠷᠭᠡᠨ ᠳᠡᠭᠡᠷ᠎ᠡ ᠪᠠᠷᠢᠭᠰᠠᠨ ᠬᠡᠪ ᠢᠶᠠᠷ ᠨᠡᠭᠦᠳᠡᠭ ᠶᠠᠪᠤᠳᠠᠯ ᠨᠡᠯᠢᠶᠡᠳ ᠳᠡᠯᠭᠡᠷ ᠪᠠᠶᠢᠭᠰᠠᠨ | ᠮᠡᠲᠦ᠃ | ᠡᠷᠲᠡ ᠦᠶ᠎ᠡ ᠳᠤ ᠮᠣᠩᠭᠤᠯᠴᠤᠳ ᠤᠨ ᠭᠡᠷ ᠲᠡᠷᠭᠡ ᠨᠢ ᠤᠨᠤᠭ᠎ᠠ ᠴᠦ ᠪᠣᠯᠳᠠᠭ᠂ ᠰᠠᠭᠤᠴᠠ ᠴᠦ ᠪᠣᠯᠳᠠᠭ | ᠢᠶᠠᠷ ᠢᠶᠠᠨ ᠣᠨᠴᠠᠯᠢᠭ ᠪᠠᠶᠢᠵᠤ᠂ ᠭᠡᠷ ᠲᠡᠷᠭᠡ ᠶᠢ ᠾᠦᠩᠨᠦ ᠶᠢᠨ ᠦᠶ᠎ᠡ ᠠᠴᠠ ᠤᠯᠠᠮᠵᠢᠯᠠᠨ ᠬᠤᠵᠢᠮ ᠢᠶᠠᠨ ᠣᠯᠠᠨ | ᠵᠠᠭᠤᠨ ᠵᠢᠯ ᠤᠨ ᠲᠤᠷᠰᠢ ᠪᠣᠯᠪᠠᠰᠤᠷᠠᠩᠭᠤᠢ ᠪᠣᠯᠤᠭᠰᠠᠭᠠᠷ ᠶᠡᠭᠡ ᠮᠣᠩᠭᠤᠯ ᠤᠯᠤᠰ ᠤᠨ ᠦᠶ᠎ᠡ ᠳᠤ ᠰᠣᠩᠭᠤᠳᠠᠭ | ᠬᠡᠯᠪᠡᠷᠢ ᠪᠠᠨ ᠣᠯᠤᠭᠰᠠᠨ ᠭᠡᠵᠤ ᠪᠣᠯᠬᠤ ᠪᠢᠯᠡ᠃ ᠭᠡᠷ — ᠲᠡᠷᠭᠡᠨ ᠤ ᠲᠠᠯ᠎ᠠ ᠪᠠᠷ ᠭ᠊ · ᠷᠣᠪᠷᠤᠺ ᠰᠣᠨᠢᠷᠬᠠᠯᠲᠠᠢ | ᠲᠡᠮᠳᠡᠭᠯᠡᠯ ᠦᠯᠡᠳᠡᠭᠡᠵᠡᠢ᠃ ︽᠁ ᠪᠢ ᠨᠢᠭᠡ ᠤᠳᠠᠭ᠎ᠠ ᠭᠡᠷ ᠲᠡᠷᠭᠡᠨ ᠤ ᠳᠤᠭᠤᠢ ᠶᠢᠨ ᠬᠤᠭᠤᠷᠤᠨᠳᠤ ᠶᠢᠨ ᠵᠠᠢ | ᠶᠢ ᠬᠡᠮᠵᠢᠵᠦ ᠦᠵᠡᠭᠰᠡᠨ ᠳᠤ ᠬᠤᠷᠢᠨ ᠠᠯᠬᠤᠮ ᠪᠠᠶᠢᠭᠰᠠᠨ ᠪᠥᠭᠡᠳ ᠲᠡᠷᠭᠡᠨ ᠳᠡᠭᠡᠷ᠎ᠡ ᠪᠣᠰᠬᠠᠭᠰᠠᠨ ᠭᠡᠷ ᠨᠢ | ᠬᠠᠮᠢᠭᠠᠰᠢ ᠬᠠᠮᠢᠭᠠᠰᠢ ᠪᠠᠨ ᠲᠠᠪᠤᠨ ᠠᠯᠬᠤᠮ ᠠᠴᠠ ᠢᠯᠡᠭᠦᠦ ᠭᠠᠷᠴᠤ ᠪᠠᠶᠢᠪᠠ᠃ ᠨᠢᠭᠡ ᠭᠡᠷ — ᠲᠡᠷᠭᠡᠨ ᠳᠤ | ᠬᠥᠯᠯᠡᠭᠰᠡᠨ ᠦᠬᠡᠷ ᠢ ᠲᠣᠭᠠᠯᠠᠵᠤ ᠦᠵᠡᠬᠦ ᠳᠤ ᠬᠤᠷᠢᠨ ᠬᠤᠶᠠᠷ ᠬᠦᠷᠦᠭᠰᠡᠨ ᠠᠭᠠᠳ ᠠᠷᠪᠠᠨ ᠨᠢᠭᠡ ᠠᠷᠪᠠᠨ ᠨᠢᠭᠡ | ᠪᠠᠷ ᠨᠢ ᠬᠤᠶᠠᠷ ᠡᠩᠨᠡᠭᠡ ᠪᠣᠯᠭᠠᠨ ᠬᠥᠯᠯᠡᠭᠰᠡᠨ ᠪᠠᠶᠢᠯ᠎ᠠ᠃ ᠲᠡᠷᠭᠡᠨ ᠤ ᠲᠡᠩᠭᠡᠯᠢᠭ ᠨᠢ ᠬᠥᠯᠭᠡ ᠣᠩᠭᠤᠴᠠᠨ ᠤ | ᠱᠤᠷᠠᠭ ᠰᠢᠭ᠋ ᠪᠦᠲᠦᠭᠦᠨ᠂ ᠨᠢᠭᠡ ᠬᠥᠮᠥᠨ ᠲᠡᠷᠭᠡᠨ ᠳᠡᠭᠡᠷ᠎ᠡ ᠭᠡᠷ ᠤᠨ ᠪᠣᠱᠤᠭᠠᠨ ᠤ ᠡᠮᠦᠨ᠎ᠡ ᠵᠣᠭᠰᠤᠭ᠎ᠠ ᠪᠠᠷ | ᠬᠥᠯᠯᠡᠭᠰᠡᠨ ᠦᠬᠡᠷ ᠢ ᠲᠠᠭᠤᠳᠠᠭ︾ ᠲᠤᠬᠠᠢ ᠪᠢᠴᠢᠵᠡᠢ᠃ ᠲᠡᠭᠦᠨ ᠠᠴᠠ ᠭᠠᠳᠠᠨ᠎ᠠ ᠴᠢᠩᠬᠡᠯᠢᠭ ︵ᠰᠢᠩᠭᠡᠯᠢᠭ︶ | ᠲᠡᠷᠭᠡᠨ ᠤ ᠲᠤᠬᠠᠢ ᠥᠭᠦᠯᠡᠬᠦ ᠳᠤ ᠪᠠᠨ ︽ᠲᠠᠲ᠋ᠠᠷ ᠤᠳ ᠨᠠᠷᠢᠨ ᠰᠦᠯᠵᠢᠮᠡᠯ ᠮᠣᠳᠤ ᠪᠠᠷ ︵ᠪᠤᠷᠭᠠᠰᠤ ᠪᠣᠯᠤᠯᠲᠠᠢ︶ | ᠲᠣᠮᠤ ᠠᠪᠳᠠᠷ᠎ᠠ ᠶᠢᠨ ᠣᠪᠤᠷ ᠬᠡᠮᠵᠢᠶᠡᠲᠡᠢ ᠳᠥᠷᠪᠡᠯᠵᠢᠨ ᠴᠢᠩᠭᠡᠯᠢᠭ ᠬᠢᠬᠦ ᠪᠥᠭᠡᠳ ᠲᠡᠭᠡᠳᠦ ᠲᠠᠯ᠎ᠠ ᠶᠢ ᠨᠢ ᠮᠥᠨ | ᠶᠠᠩᠵᠤ ᠪᠠᠷ ᠦᠢᠯᠡᠳᠦᠭᠰᠡᠨ ᠬᠠᠭᠠᠯᠲᠠ ᠪᠠᠷ ᠲᠡᠭᠡᠪᠦᠷᠯᠡᠳᠡᠭ ᠠᠵᠠᠢ᠃ ᠴᠢᠩᠭᠡᠯᠢᠭ ᠤᠨ ᠤᠷᠲᠤ ᠲᠠᠯ᠎ᠠ ᠳᠤ ᠡᠭᠦᠳᠡ | ᠭᠠᠷᠭᠠᠨ᠎ᠠ᠃ ᠲᠡᠭᠡᠭᠡᠳ ᠡᠨᠡ ᠴᠢᠩᠭᠡᠯᠢᠭ ᠪᠤᠶᠤ ᠪᠢᠴᠢᠬᠠᠨ ᠪᠠᠶᠢᠰᠢᠩ ᠢᠶᠠᠨ ᠤᠰᠤ ᠪᠣᠷᠤᠭ᠎ᠠ ᠨᠡᠪᠲᠡᠷᠡᠬᠦ ᠠᠴᠠ | ᠬᠠᠮᠠᠭᠠᠯᠠᠵᠤ᠂ ᠥᠭᠡᠬᠦ ᠶᠤᠮ ᠦᠦ ᠬᠤᠨᠢᠨ ᠤ ᠰᠦ ︵ᠱᠠᠪᠰᠢᠵᠤ︶ ᠰᠢᠩᠭᠡᠭᠡᠭᠰᠡᠨ ᠬᠠᠷ᠎ᠠ ᠢᠰᠡᠭᠡᠢ ᠪᠠᠷ ᠪᠦᠷᠢᠳᠡᠭ᠃ | ᠭᠡᠷ ᠶᠤᠭᠠᠨ ᠴᠢᠮᠡᠭᠯᠡᠬᠦ ᠶᠢᠨ ᠠᠳᠠᠯᠢ ᠲᠡᠷᠡ ᠴᠢᠩᠭᠡᠯᠢᠭ ᠢᠶᠠᠨ ᠬᠡ ᠤᠭᠠᠯᠵᠠ᠂ ᠥᠩᠭᠡ ᠥᠩᠭᠡ ᠶᠢᠨ ᠤᠷᠠᠨ | ᠬᠠᠳᠬᠤᠮᠠᠯ ᠢᠶᠠᠷ ᠭᠤᠶᠤᠳᠠᠭ᠃ ᠡᠨᠡ ᠬᠦ ᠴᠢᠩᠭᠡᠯᠢᠭ ᠲᠤ ᠲᠠᠲ᠋ᠠᠷ ᠤᠳ ᠣᠶᠢᠷ᠎ᠠ ᠵᠠᠭᠤᠷ᠎ᠠ ᠶᠢᠨ ᠪᠦᠬᠦᠶᠢᠯᠡ ᠬᠡᠷᠡᠭᠯᠡᠯ | ᠂ ᠰᠠᠪᠠ ᠰᠠᠭᠤᠯᠠᠭ᠎ᠠ᠂ ᠦᠨᠡᠲᠦ ᠡᠳ᠋ᠯᠡᠯ ᠢᠶᠠᠨ ᠠᠭᠤᠯᠳᠠᠭ ᠠᠭᠠᠳ ᠭᠤᠣᠯ ᠮᠥᠷᠡᠨ ᠲᠤᠭᠤᠯᠬᠤ ᠳᠤ ᠤᠨᠠᠬᠤ ᠠᠴᠠ | ᠪᠣᠯᠭᠤᠮᠵᠢᠯᠠᠨ ᠲᠡᠮᠡᠭᠡᠨ ᠳᠤ ᠬᠥᠯᠯᠡᠳᠡᠭ ᠥᠨᠳᠦᠷ ᠲᠡᠷᠭᠡᠨ ᠳᠡᠭᠡᠷ᠎ᠡ ᠪᠠᠨ ᠪᠠᠲᠤ ᠪᠠᠬᠢ ᠪᠠᠭᠯᠠᠳᠠᠭ᠃ ᠴᠢᠩᠭᠡᠯᠢᠭ ᠢ | ᠲᠡᠷᠭᠡᠨ ᠠᠴᠠ ᠪᠠᠭᠤᠯᠭᠠᠳᠠᠭ ᠦᠭᠡᠢ᠃ ᠲᠡᠳᠡ ᠭᠡᠷ — ᠲᠡᠷᠭᠡ ᠪᠠᠨ ᠵᠣᠭᠰᠤᠭᠠᠬᠤ ᠳᠤ ᠪᠠᠨ ᠭᠡᠷ ᠤᠨ ᠡᠭᠦᠳᠡ ᠶᠢ | ᠢᠮᠠᠭᠲᠠ ᠡᠮᠦᠨ᠎ᠡ ᠵᠦᠭ ᠬᠠᠷᠠᠭᠤᠯᠳᠠᠭ᠃ ᠲᠡᠶᠢᠨ ᠬᠦ ᠴᠢᠩᠭᠡᠯᠢᠭ ᠲᠡᠷᠭᠡ ᠨᠦᠭᠦᠳ ᠢᠶᠠᠨ ᠭᠡᠷ ᠤᠨ ᠢᠶᠠᠨ ᠬᠤᠶᠠᠷ | ᠲᠠᠯ᠎ᠠ ᠪᠠᠷ ᠁ ᠬᠡᠷᠡᠮ ᠠᠶᠠᠲᠠᠢ ᠤᠭᠰᠠᠷᠠᠭᠤᠯᠤᠨ ᠵᠣᠭᠰᠤᠭᠠᠳᠠᠭ︾ ᠭᠡᠵᠡᠢ᠃ | ᠣᠯᠠᠨ ᠵᠠᠭᠤᠨ ᠵᠢᠯ ᠤᠨ ᠲᠡᠷᠲᠡᠭᠡ ᠮᠣᠩᠭᠤᠯ ᠨᠡᠭᠦᠳᠡᠯ ᠤᠨ ᠰᠣᠶᠤᠯ ᠪᠤᠶᠤ ᠭᠡᠷ — ᠲᠡᠷᠭᠡᠨ ᠤ | ᠬᠤᠪᠢᠰᠤᠯ ᠢ ᠪᠠᠷᠭᠤ ᠮᠣᠩᠭᠤᠯᠴᠤᠳ ᠤᠨ ᠳᠤᠮᠳᠠ ᠰᠡᠭᠦᠯ ᠤᠨ ᠦᠶ᠎ᠡ ᠬᠦᠷᠲᠡᠯ᠎ᠡ ᠤᠯᠠᠮᠵᠢᠯᠠᠭᠰᠠᠭᠠᠷ ᠢᠷᠡᠭᠰᠡᠨ | ᠨᠡᠭᠦᠳᠡᠯ ᠪᠣᠯᠤᠨ ᠠᠯᠤᠰ ᠤᠨ ᠵᠠᠮ ᠳᠤ ᠰᠠᠭᠤᠵᠤ ᠶᠠᠪᠤᠬᠤ ᠵᠣᠷᠢᠭᠤᠯᠤᠯᠲᠠ ᠲᠠᠢ ︽ᠮᠤᠬᠤᠯᠢᠭ︾ ᠲᠡᠷᠭᠡ᠂ ᠠᠶᠢᠯ | ᠤᠨ ᠡᠳ᠋ ᠪᠠᠷᠠᠭ᠎ᠠ ᠶᠢ ᠬᠠᠳᠠᠭᠠᠯᠠᠬᠤ ︽ᠬᠦᠯᠢᠶᠡ︾ ᠲᠡᠷᠭᠡ᠂ ᠬᠤᠣᠰ ᠱᠠᠷ ᠬᠥᠯᠯᠡᠳᠡᠭ ᠳᠥᠷᠪᠡᠨ ᠲᠤᠭᠤᠢ ᠲᠠᠢ | ᠲᠡᠷᠭᠡ᠂ ᠠᠷᠭᠠᠯ ᠤᠨ ᠲᠡᠷᠭᠡ ᠵᠡᠷᠭᠡ ᠪᠠᠷ ᠲᠥᠰᠥᠭᠡᠯᠡᠨ ᠲᠣᠳᠤᠷᠠᠭᠤᠯᠬᠤ ᠪᠣᠯᠤᠮᠵᠢᠲᠠᠢ ᠮᠡᠲᠦ ᠰᠠᠨᠠᠭᠳᠠᠯ᠎ᠠ᠃ ᠪᠠᠷᠭᠤ | ᠠᠶᠢᠯ ᠭᠡᠬᠦ ᠳᠤ ᠶᠡᠬᠡᠪᠴᠢᠯᠡᠨ ᠠᠷᠪᠠ ᠭᠠᠷᠤᠢ ᠲᠡᠷᠭᠡ ᠲᠠᠢ᠂ ᠲᠡᠷᠭᠡ ᠪᠦᠷᠢ ᠲᠤᠰ ᠲᠤᠰ ᠤᠨ ᠵᠣᠷᠢᠭᠤᠯᠤᠯᠲᠠ ᠲᠠᠢ | ᠠᠵᠠᠢ᠃ ᠡᠭᠦᠨ ᠳᠤ᠂ ᠨᠢᠭᠡᠳᠦᠭᠡᠷ ᠲᠤ᠂ ᠨᠡᠭᠦᠳᠡᠯ ᠤᠨ ᠦᠶ᠎ᠡ ᠳᠤ ᠪᠣᠯᠤᠨ ᠠᠶᠠᠨ ᠵᠢᠩ ᠲᠡᠭᠡᠭᠡᠬᠦ᠂ ᠪᠠᠶᠠᠷ | ᠨᠠᠭᠠᠳᠤᠮ ᠳᠤ ᠶᠠᠪᠤᠬᠤ ᠲᠡᠷᠭᠡ ᠪᠠᠨ ︽ᠮᠤᠬᠤᠯᠢᠭ︾ ᠭᠡᠳᠡᠭ᠃ ᠡᠨᠡ ᠲᠡᠷᠭᠡᠨ ᠳᠡᠭᠡᠷ᠎ᠡ ᠲᠣᠬᠢᠷᠠᠭᠤᠯᠤᠨ | ᠬᠤᠰᠤ ᠮᠣᠳᠤ ᠪᠠᠷ ᠪᠥᠮᠪᠥᠭᠡᠷᠳᠡᠭᠦᠦ ᠨᠢᠷᠤᠭᠤ ᠬᠢᠵᠦ ᠢᠰᠡᠭᠡᠢ ᠪᠠᠷ ᠪᠦᠷᠢᠭᠰᠡᠨ ᠪᠢᠲᠡᠭᠦᠦ ᠰᠠᠭᠤᠴᠠ ᠪᠥᠭᠡᠳ ᠰᠠᠯᠬᠢ | ᠵᠢᠪᠠᠷ᠂ ᠨᠠᠷᠠ᠂ ᠪᠣᠷᠤᠭᠠᠨ ᠠᠴᠠ ᠬᠠᠮᠠᠭᠠᠯᠠᠭᠰᠠᠨ ᠪᠠᠶᠢᠳᠠᠭ ᠢᠶᠠᠷ ᠢᠶᠠᠨ ᠣᠨᠴᠠᠯᠢᠭ ᠶᠤᠮ᠃ ᠠᠶᠢᠯ ᠳᠤ ᠮᠤᠬᠤᠯᠢᠭ | ᠬᠤᠶᠠᠷ ᠠᠴᠠ ᠳᠣᠭᠤᠭᠰᠢ ᠦᠭᠡᠢ ᠪᠠᠶᠢᠭᠰᠠᠨ ᠠᠵᠠᠢ᠃ ᠮᠤᠬᠤᠯᠢᠭ ᠤᠨ ᠮᠣᠳᠤ ᠶᠢ ᠪᠦᠷᠢᠭᠰᠡᠨ ᠢᠰᠡᠭᠡᠢ ᠳᠤ ᠬᠠᠷ᠎ᠠ | ᠳᠡᠭᠡᠰᠦᠨ ᠬᠤᠰᠢᠯᠠᠩ ︵ᠨᠠᠷᠢᠨ ᠳᠡᠭᠡᠰᠦ ᠶᠢ ᠬᠤᠣᠰᠯᠠᠭᠤᠯᠤᠨ ᠣᠶᠤᠵᠤ ᠬᠢᠳᠡᠭ︶ ᠢᠶᠠᠷ ᠠᠷᠤ ᠥᠪᠥᠷ ᠳᠡᠭᠡᠭᠦᠷ ᠨᠢ | ᠪᠦᠭᠲᠡᠷᠡᠨ ᠵᠡᠭᠡᠭ᠂ ᠤᠭᠠᠯᠵᠠ ᠲᠠᠯᠪᠢᠵᠤ ᠣᠶᠤᠨ᠎ᠠ᠃ ᠤᠷᠳᠤ ᠬᠤᠶᠢᠲᠤ ᠲᠠᠯ᠎ᠠ ᠳᠤ ᠨᠢ ᠮᠣᠩᠭᠤᠯ ᠭᠡᠷ ᠤᠨ ᠢᠰᠡᠭᠡᠢ | ᠡᠭᠦᠳᠡ ᠮᠡᠲᠦ ᠡᠭᠦᠳᠡ ᠬᠢᠵᠦ ᠮᠤᠬᠤᠯᠢᠭ ᠤᠨ ᠨᠢᠷᠤᠭᠤᠨ ᠠᠴᠠ ᠲᠣᠭᠤᠭᠰᠢ ᠤᠨᠵᠢᠭᠤᠯᠤᠨ ᠪᠦᠷᠢᠶᠡᠰᠦᠨ ᠳᠤ | ᠪᠠᠷᠢᠵᠤ ᠣᠶᠤᠨ᠎ᠠ᠃ ᠣᠶᠤᠳᠠᠯ ᠦᠭᠡᠢ ᠦᠯᠡᠳᠡᠭᠰᠡᠨ ᠬᠡᠰᠡᠭ ᠤᠨ ᠢᠷᠮᠡᠭ ᠢ ᠮᠥᠨ ᠳᠡᠭᠡᠰᠦ ᠪᠠᠷ ᠵᠡᠭᠡᠭᠯᠡᠵᠦ᠂ | ᠪᠣᠷᠤᠭ᠎ᠠ ᠬᠤᠷ᠎ᠠ ᠦᠭᠡᠢ ᠦᠶ᠎ᠡ ᠳᠤ ᠳᠣᠲᠤᠷ᠎ᠠ ᠨᠢ ᠨᠠᠷᠢᠨ ᠮᠣᠳᠤ ᠪᠠᠷᠢᠵᠤ ᠬᠤᠶᠢᠯᠠᠨ ᠳᠡᠭᠡᠭᠰᠢ ᠰᠢᠭᠤᠭᠠᠳ ᠬᠤᠶᠠᠷ | ᠣᠭᠤᠰᠤᠷ ᠢᠶᠠᠷ ᠴᠢᠭᠲᠠᠯᠠᠨ ᠲᠣᠭᠲᠠᠭᠠᠬᠤ ᠪᠠ ᠮᠤᠬᠤᠯᠢᠭ ᠤᠨ ᠱᠠᠯᠠ ᠨᠢᠮᠭᠡᠨ ᠪᠠᠩᠵᠠ ᠪᠠᠶᠢᠳᠠᠭ᠃ ᠡᠩ ᠤᠨ ᠦᠶ᠎ᠡ | ᠳᠤ ᠮᠤᠬᠤᠯᠢᠭ ᠲᠤ ᠡᠮᠡᠭᠡᠯ ᠬᠠᠵᠠᠭᠠᠷ᠂ ᠲᠠᠲᠠᠯᠭ᠎ᠠ ᠵᠡᠷᠭᠡ ᠶᠢ ᠨᠣᠷᠬᠤ ᠠᠴᠠ ᠬᠠᠮᠠᠭᠠᠯᠠᠵᠤ ᠲᠦᠷ ᠬᠠᠳᠠᠭᠠᠯᠠᠳᠠᠭ ᠪᠠ | ᠲᠡᠷᠡᠴᠢᠯᠡᠨ ᠬᠤᠨᠢ ᠮᠠᠯ ᠢᠶᠠᠨ ᠮᠠᠨᠠᠵᠤ ᠪᠠᠶᠢᠭ᠎ᠠ ᠬᠥᠮᠥᠰ ᠤᠨᠲᠠᠵᠤ ᠠᠮᠠᠷᠠᠬᠤ ᠪᠣᠯᠤᠨ ᠮᠠᠯ ᠣᠲᠤᠷᠯᠠᠬᠤ ᠦᠶ᠎ᠡ ᠳᠤ | ᠨᠡᠭᠦᠳᠡᠯ ᠤᠨ ᠰᠠᠭᠤᠴᠠ ᠪᠤᠶᠤ ︽ᠭᠡᠷ︾ ᠲᠡᠷᠭᠡ ᠮᠠᠶ᠋ᠢᠭ ᠢᠶᠠᠷ ᠠᠰᠢᠭᠯᠠᠵᠤ ᠪᠠᠶᠢᠵᠠᠢ᠃ ᠬᠤᠶᠠᠳᠤᠭᠠᠷ ᠲᠤ᠂ ᠠᠶᠢᠯ | ᠤᠨ ᠬᠥᠮᠥᠰ ᠤᠨ ᠬᠤᠪᠴᠠᠰᠤ᠂ ᠡᠳ᠋ ᠪᠠᠷᠠᠭ᠎ᠠ ᠶᠢ ᠬᠠᠳᠠᠭᠠᠯᠠᠬᠤ ᠵᠣᠷᠢᠭᠤᠯᠤᠯᠲᠠ ᠪᠦᠬᠦᠢ ᠲᠡᠷᠭᠡ ᠶᠢ ︽ᠬᠦᠯᠢᠶᠡ︾ | ᠭᠡᠨ᠎ᠡ᠃ ᠬᠦᠯᠢᠶᠡ ᠶᠢ ᠲᠡᠷᠭᠡᠨ ᠳᠡᠭᠡᠷ᠎ᠡ ᠨᠢᠮᠭᠡᠨ ᠪᠠᠩᠵᠠ ᠪᠠᠷ ᠮᠤᠵᠢᠯᠠᠵᠤ ᠪᠠᠬᠢᠯᠡᠭᠡᠳ ᠴᠠᠭᠠᠨ ᠢᠰᠡᠭᠡᠢ ᠪᠠᠷ | ᠪᠦᠷᠢᠵᠦ᠂ ᠬᠠᠷ᠎ᠠ ᠬᠢᠯᠭᠠᠰᠤ ᠪᠠᠷ ᠵᠡᠭᠡᠭ ᠣᠶᠤᠨ᠎ᠠ᠃ ᠬᠠᠵᠠᠭᠤ ᠲᠠᠯ᠎ᠠ ᠳᠤ ᠨᠢ ᠡᠭᠦᠳᠡ ᠭᠠᠷᠭᠠᠨ᠎ᠠ᠃ ᠭᠠᠳᠠᠨᠠᠬᠢ | ᠪᠠᠶᠢᠳᠠᠯ ᠢᠶᠠᠷ ᠢᠶᠠᠨ ᠴᠢᠩᠭᠡᠯᠢᠭ ᠲᠠᠢ ᠲᠦᠰᠲᠠᠢ᠃ ᠱᠠᠷ ᠬᠥᠯᠯᠡᠭᠰᠡᠨ ᠬᠦᠯᠢᠶᠡ ᠲᠠᠢ ᠬᠤᠪᠴᠠᠰᠤ ᠥᠬᠢᠨ ᠤ ᠢᠨᠵᠢ | ᠳᠤ ᠢᠷᠡᠬᠦ ᠪᠠ ᠶᠡᠷᠦ ᠨᠢ ᠬᠡᠦᠬᠡᠨ ᠤ ᠬᠤᠪᠴᠠᠰᠤ ᠭᠤᠣᠯᠳᠠᠭᠤ ᠬᠦᠯᠢᠶᠡ ᠳᠤ ᠠᠭᠤᠯᠤᠭᠳᠠᠨ᠎ᠠ᠃ ᠬᠦᠯᠢᠶᠡ ᠶᠢᠨ | ᠲᠤᠭ᠎ᠠ ᠪᠠᠶᠠᠨ ᠠᠶᠢᠯ ᠳᠤ 5 — 6᠂ ᠵᠢᠷ ᠤᠨ ᠠᠶᠢᠯ ᠳᠤ 2 — 3 ᠪᠠᠶᠢᠵᠠᠢ᠃ ᠭᠤᠷᠪᠠᠳᠤᠭᠠᠷ ᠲᠤ᠂ | ᠪᠠᠷᠭᠤᠴᠤᠳ ᠲᠠᠯ᠎ᠠ ᠭᠠᠵᠠᠷ ᠤᠨ ᠶᠡᠭᠡ ᠴᠠᠰᠤᠨ ᠳᠤ ᠵᠣᠬᠢᠮᠵᠢ ᠪᠦᠬᠦᠢ ᠥᠨᠳᠦᠷ ᠲᠡᠷᠭᠡ ᠬᠡᠷᠡᠭᠯᠡᠬᠦ ᠨᠢ ᠨᠡᠯᠢᠶᠡᠳ | ᠳᠡᠯᠭᠡᠷ ᠪᠠᠶᠢᠪᠠ᠃ ᠡᠨᠡ ᠬᠦ ᠥᠨᠳᠦᠷ ᠲᠡᠷᠭᠡ ᠨᠢ ᠴᠠᠰᠤ ᠬᠤᠩᠭᠠᠷ ᠲᠤ ᠲᠡᠩᠭᠡᠯᠢᠭ ᠲᠤ ᠪᠠᠨ ᠬᠦᠷᠲᠡᠯ᠎ᠡ ᠰᠠᠭᠤᠬᠤ | ᠦᠭᠡᠢ᠂ ᠥᠳᠬᠡᠨ ᠡᠪᠡᠰᠦᠨ ᠳᠤ ᠴᠦ ᠦᠯᠦ ᠲᠣᠷᠬᠤ ᠰᠠᠶᠢᠨ ᠲᠠᠯ᠎ᠠ ᠲᠠᠢ ᠶᠢᠨ ᠳᠡᠭᠡᠷ᠎ᠡ ᠵᠢᠳᠬᠦᠬᠦ ᠬᠦᠴᠦᠨ ᠳᠤ | ᠬᠥᠩᠭᠡᠨ ᠪᠠᠶᠢᠳᠠᠭ ᠣᠨᠴᠠᠯᠢᠭ ᠲᠠᠢ᠃ ᠪᠠᠷᠭᠤ ᠨᠤᠲᠤᠭ ᠲᠤ ᠡᠭᠦᠨ ᠢ ︽ᠪᠤᠳᠬᠠᠨ︾ ᠰᠢᠷ᠎ᠠ ᠪᠤᠯᠤᠲᠤ ᠭᠡᠵᠤ | ᠨᠡᠷᠡᠯᠡᠨ᠎ᠡ᠃ ᠪᠤᠯᠤ ᠪᠣᠯᠤᠨ ᠬᠢᠭᠡᠰᠦ ᠶᠢ ᠴᠠᠷᠠᠰᠤ ᠮᠣᠳᠤ ᠪᠠᠷ ᠬᠢᠨ᠎ᠡ᠃ ᠪᠤᠯᠤ ᠶᠢ ᠨᠣᠶᠢᠲᠠᠨ ᠪᠠᠶᠢᠬᠤ ᠳᠤ ᠨᠢ | ᠲᠡᠩᠭᠡᠯᠢᠭ ᠤᠨ ᠪᠣᠯᠤᠨ ᠰᠠᠷᠬᠢᠶᠠᠭ ᠤᠨ ᠨᠥᠬᠡ ᠤᠬᠤᠳᠠᠭ ᠤᠴᠢᠷ ᠬᠠᠭᠠᠷᠠᠵᠤ ᠴᠠᠪᠠ ᠭᠠᠷᠴᠤ ᠬᠠᠲᠠᠬᠤ ᠠᠴᠠ | ᠪᠣᠯᠭᠤᠮᠵᠢᠯᠠᠨ ᠭᠠᠳᠠᠭᠤᠷ ᠨᠢ ᠰᠢᠷ᠎ᠠ ᠥᠩᠭᠡᠲᠡᠢ ᠮᠠᠭᠠᠵᠢᠩ ᠢᠶᠠᠷ ᠪᠣᠳᠤᠳᠠᠭ ᠪᠠᠶᠢᠭᠰᠠᠨ ᠠᠴᠠ ᠡᠶᠢᠮᠦ ᠨᠡᠷ᠎ᠡ ᠲᠠᠢ | ᠪᠣᠯᠤᠭᠰᠠᠨ ᠪᠠᠶᠢᠵᠤ ᠮᠠᠭᠠᠳ᠃ ᠥᠨᠳᠦᠷ ᠲᠡᠷᠭᠡᠨ ᠤ ᠬᠢᠴᠡ ︽ᠢᠮᠠᠭᠠᠨ︾ ᠲᠡᠷᠭᠡ ᠲᠠᠢ ᠢᠵᠢᠯ᠃ ᠭᠠᠭᠴᠠ ᠬᠦ | ᠮᠠᠰᠢ ᠥᠨᠳᠦᠷ᠂ ᠡᠶᠢᠮᠦ ᠲᠡᠷᠭᠡᠨ ᠤ ᠬᠢᠭᠡᠰᠦ 70 — 80 ᠰᠠᠨᠲ᠋ᠢᠮᠧᠲᠷ᠂ ᠪᠤᠯᠤ ᠶᠢᠨ ᠬᠦᠨᠳᠡᠯᠡᠨ 30 — | 40 ᠰᠠᠨᠲ᠋ᠢᠮᠧᠲᠷ ᠪᠠᠶᠢᠬᠤ ᠤᠴᠢᠷ ᠲᠡᠷᠭᠡᠨ ᠤ ᠥᠨᠳᠦᠷ 180 — 190 ᠰᠠᠨᠲ᠋ᠢᠮᠧᠲᠷ ᠪᠠᠶᠢᠵᠠᠢ᠃ ᠬᠠᠰᠠᠭ | ᠲᠡᠷᠭᠡᠨ ᠤ ᠬᠢᠭᠡᠰᠦ ᠪᠤᠰᠤᠳ ᠲᠡᠷᠭᠡᠨ ᠤ ᠬᠢ ᠠᠴᠠ ᠪᠣᠭᠤᠨᠢ᠂ ᠠᠷᠠᠯ ᠨᠢ ᠪᠦᠳᠦᠭᠦᠨ ᠬᠦᠨᠳᠦ᠂ ᠰᠢᠨᠡᠰᠦ ᠮᠣᠳᠤ ᠪᠠᠷ | ᠬᠢᠭᠰᠡᠨ ᠪᠠᠶᠢᠳᠠᠭ ᠠᠴᠠ ᠵᠢᠳᠬᠦᠬᠦ ᠬᠦᠴᠦᠨ ᠳᠤ ᠨᠦᠰᠡᠷ ᠪᠣᠯᠪᠠᠴᠤ ᠨᠠᠮᠬᠠᠨ ᠲᠤᠯᠠ ᠠᠭᠤᠯᠠᠷᠬᠠᠭ ᠨᠤᠲᠤᠭ ᠲᠤ ᠨᠡᠩ | ᠲᠣᠬᠢᠷᠠᠮᠵᠢᠲᠠᠢ ᠪᠠᠶᠢᠵᠠᠢ᠃ ᠪᠠᠷᠭᠤ ︽ᠢᠮᠠᠭᠠᠨ︾ ᠲᠡᠷᠭᠡ ᠨᠡᠯᠢᠶᠡᠳ ᠬᠡᠷᠡᠭᠯᠡᠭᠳᠡᠳᠡᠭ ᠪᠠᠶᠢᠵᠤ᠂ ᠡᠨᠡ ᠲᠡᠷᠭᠡᠨ ᠤ | ᠮᠤᠬᠤᠷ ᠪᠤᠯᠤ ᠶᠢ ᠴᠠᠷᠠᠰᠤ ᠮᠣᠳᠤ ᠪᠠᠷ ᠬᠢᠭᠡᠰᠦ ᠨᠢᠷᠤᠭᠤ ᠶᠢ ᠶᠡᠬᠡᠪᠴᠢᠯᠡᠨ ᠬᠤᠰᠤ ᠪᠠᠷ ᠬᠢᠳᠡᠭ ᠨᠢ ᠵᠢᠳᠬᠦᠬᠦ ᠮᠠᠯ | ᠳᠤ ᠬᠥᠩᠭᠡᠨ ᠪᠠ ︽ᠢᠮᠠᠭᠠᠨ︾ ᠲᠡᠷᠭᠡᠨ ᠤ ᠬᠢᠭᠡᠰᠦ ᠬᠠᠰᠠᠭ ᠲᠡᠷᠭᠡᠨ ᠤ ᠬᠢ ᠠᠴᠠ ᠤᠷᠲᠤ ᠤᠴᠢᠷ ᠲᠡᠭᠦᠨ ᠠᠴᠠ | ᠠᠷᠠᠢ ᠥᠨᠳᠦᠷ ᠲᠡᠷᠭᠡᠨ ᠤ ᠲᠣᠭᠠᠨ ᠳᠤ ᠣᠷᠤᠳᠠᠭ ᠠᠵᠠᠢ᠃ ᠳᠥᠷᠪᠡᠳᠦᠭᠡᠷ ᠲᠤ᠂ ᠠᠷᠭᠠᠯ ᠤᠨ ᠲᠡᠷᠭᠡ ᠪᠤᠶᠤ | ᠴᠢᠩᠭᠡᠯᠢᠭ ᠲᠤ ᠣᠳᠤ ᠶᠢᠨ ᠬᠡᠯᠡᠯᠭᠡ ᠪᠠᠷ ᠠᠷᠭᠠᠯ ᠲᠦᠯᠡᠰᠢ ᠬᠢᠵᠦ ᠠᠴᠢᠵᠤ ᠶᠠᠪᠤᠬᠤ ᠳᠤ ᠵᠣᠷᠢᠭᠤᠯᠤᠭᠳᠠᠨ᠎ᠠ᠃ | ᠨᠢᠭᠡ ᠠᠶᠢᠯ ᠳᠤ ᠬᠤᠶᠠᠷ ᠠᠴᠠ ᠳᠣᠭᠤᠭᠰᠢ ᠦᠭᠡᠢ ᠴᠢᠩᠭᠡᠯᠢᠭ ᠪᠠᠶᠢᠭᠰᠠᠨ ᠪᠠ 4 — 5 ᠴᠢᠩᠭᠡᠯᠢᠭ ᠲᠠᠢ ᠴᠦ | ᠠᠶᠢᠯ ᠪᠠᠶᠢᠵᠤ᠂ ᠡᠪᠦᠯ ᠤᠨ ᠣᠲᠤᠷ ᠠᠴᠠ ᠬᠠᠪᠤᠷᠵᠢᠶᠠᠨ ᠳᠤ ᠨᠡᠭᠦᠬᠦ ᠦᠶ᠎ᠡ ᠳᠤ ᠬᠤᠷᠠᠭ᠎ᠠ ᠢᠰᠢᠭᠡ ᠪᠠᠨ ᠴᠢᠩᠭᠡᠯᠢᠭ | ᠲᠤ ᠠᠴᠢᠬᠤ ᠪᠠ ᠱᠠᠭᠠᠷᠳᠠᠯᠭ᠎ᠠ ᠭᠠᠷᠪᠠᠯ ᠴᠢᠩᠭᠡᠯᠢᠭ ᠢᠶᠠᠨ ᠵᠠᠳᠠᠯᠤᠨ ᠬᠤᠷᠠᠭ᠎ᠠ ᠢᠰᠢᠭᠡᠨ ᠤ ᠬᠠᠰᠢᠶ᠎ᠠ ᠪᠣᠯᠭᠠᠳᠠᠭ | ᠪᠠᠶᠢᠪᠠ᠃ ᠬᠥᠯᠯᠡᠭᠡᠨ ᠤ ᠮᠠᠯ ᠳᠤ ᠬᠥᠩᠭᠡᠨ ᠢ ᠪᠣᠳᠤᠵᠤ ᠶᠡᠬᠡᠪᠴᠢᠯᠡᠨ ᠨᠠᠷᠠᠰᠤ ᠮᠣᠳᠤ ᠪᠠᠷ ᠬᠢᠵᠦ ᠠᠳᠠᠶᠢᠷ ᠲᠠᠢ | ᠲᠡᠷᠭᠡᠨ ᠳᠡᠭᠡᠷ᠎ᠡ ᠤᠭᠰᠤᠷᠠᠨ ᠲᠡᠭᠡᠰᠦᠨ ᠤᠶᠠᠭ᠎ᠠ ᠬᠦᠯᠢᠭ ᠢᠶᠠᠷ ᠤᠶᠠᠵᠤ ᠪᠠᠬᠢᠯᠡᠳᠡᠭ᠃ ᠲᠠᠪᠤᠳᠤᠭᠠᠷ ᠲᠤ᠂ ᠤᠰᠤᠨ | ᠤ ᠭᠠᠩ ᠵᠠᠷᠢᠮ ᠭᠠᠵᠠᠷ ᠲᠤ ᠲᠠᠶᠢᠯᠤ ᠭᠡᠵᠤ ᠨᠡᠷᠡᠯᠡᠳᠡᠭ ᠪᠠ ᠭᠠᠩ ᠢ ᠤᠰᠤᠨ ᠳᠤ ᠠᠮᠠᠷᠬᠠᠨ ᠢᠯᠵᠠᠷᠠᠳᠠᠭ ᠦᠭᠡᠢ | ᠰᠢᠨᠠᠰᠤ ᠮᠣᠳᠤ ᠪᠠᠷ 3 — 4 ᠪᠦᠰᠡᠯᠡᠭᠦᠷ ᠲᠠᠢ ᠵᠤᠤᠪᠠᠩ ᠳᠤᠭᠤᠢ ᠪᠣᠰᠤᠭ᠎ᠠ ᠬᠡᠯᠪᠡᠷᠢ ᠲᠠᠢ ᠬᠢᠳᠡᠭ ᠪᠠᠶᠢᠵᠠᠢ᠃ | ᠬᠤᠶᠠᠷ ᠬᠠᠵᠠᠭᠤ ᠪᠠᠩᠵᠠ ᠶᠢ ᠥᠷᠭᠡᠨ ᠬᠢᠵᠦ ᠳᠡᠭᠡᠳᠦ ᠦᠵᠦᠭᠦᠷ ᠠᠴᠠ ᠳᠡᠭᠡᠭᠰᠢ ᠭᠠᠷᠤᠭᠰᠠᠨ ᠬᠡᠰᠡᠭ ᠢ ᠴᠢᠬᠢ | ᠭᠡᠨ᠎ᠡ᠃ ᠭᠠᠩ ᠢ ᠶᠡᠬᠡᠪᠴᠢᠯᠡᠨ ᠠᠳᠠᠶᠢᠷ ᠦᠭᠡᠢ ᠲᠡᠷᠭᠡᠨ ᠳᠡᠭᠡᠷ᠎ᠡ ᠲᠤᠰᠬᠠᠢ ᠪᠡᠯᠡᠳᠬᠡᠭᠰᠡᠨ ᠰᠠᠭᠤᠷᠢ ᠬᠢᠵᠦ ᠬᠤᠶᠠᠷ | ᠴᠢᠬᠢᠨ ᠠᠴᠠ ᠰᠤᠷ ᠪᠤᠶᠤ ᠬᠢᠯᠭᠠᠰᠤᠨ ᠳᠡᠭᠡᠰᠦ ᠪᠠᠷ ᠣᠭᠤᠰᠤᠷᠯᠠᠵᠤ ᠲᠡᠷᠭᠡᠨ ᠤ ᠬᠤᠶᠠᠷ ᠨᠢᠷᠤᠭᠤ ᠪᠠᠷ ᠣᠷᠤᠭᠤᠯᠤᠨ | ᠮᠣᠳᠤ ᠪᠠᠷ ᠡᠷᠡᠵᠦ ᠪᠠᠬᠢᠯᠡᠳᠡᠭ᠃ ᠭᠠᠩ ᠤᠨ ᠤᠷᠳᠤ ᠬᠤᠶᠢᠨ᠎ᠠ ᠨᠢ ᠤᠰᠤ ᠠᠪᠴᠤ ᠶᠠᠪᠤᠭ᠎ᠠ ᠬᠥᠮᠥᠨ ᠰᠠᠭᠤᠬᠤ ᠪᠠ | ᠨᠡᠭᠦᠳᠡᠯ ᠳᠤ ᠠᠶᠢᠷᠠᠭ ᠤᠨ ᠭᠠᠩ᠂ ᠤᠰᠤᠨ ᠤ ᠠᠭᠠᠷᠤ ᠵᠡᠷᠭᠡ ᠶᠢ ᠪᠠᠬᠢᠯᠡᠵᠦ ᠤᠶᠠᠬᠤ ᠳᠤ ᠵᠣᠷᠢᠭᠤᠯᠵᠤ ᠬᠠᠪᠲᠠᠰᠤ | ᠳᠠᠯᠪᠢᠭᠰᠠᠨ ᠪᠠᠶᠢᠳᠠᠭ ᠲᠤᠬᠠᠢ ᠤᠭᠰᠠᠭᠠᠲᠠᠨ ᠤ ᠵᠦᠢ ᠶᠢᠨ ᠮᠠᠲ᠋ᠧᠷᠢᠶᠠᠯ ᠳᠤ ᠲᠤᠰᠬᠠᠭᠳᠠᠭᠰᠠᠨ ᠪᠣᠯᠤᠨ᠎ᠠ᠃ | ᠡᠨᠡ ᠪᠦᠬᠦᠨ ᠠᠴᠠ ᠦᠵᠡᠬᠦ ᠳᠤ᠂ ᠭᠡᠷ — ᠲᠡᠷᠭᠡᠨ ᠤ ᠤᠯᠠᠮᠵᠢᠯᠠᠯ ᠢ ᠬᠤᠶᠠᠷ ᠬᠡᠯᠪᠡᠷᠢ ᠪᠠᠷ ᠠᠩᠭᠢᠯᠡᠵᠤ | ᠪᠣᠯᠬᠤ ᠶᠤᠮ᠃ ᠡᠷᠲᠡ ᠦᠶ᠎ᠡ ᠳᠤ ᠪᠠᠨ ᠮᠣᠩᠭᠤᠯ ᠨᠡᠭᠦᠳᠡᠯᠴᠢᠳ ᠭᠡᠷ ᠢᠶᠠᠨ ᠲᠡᠷᠭᠡᠨ ᠳᠤ ᠪᠠᠬᠢᠯᠡᠵᠦ ᠪᠠᠷᠢᠭᠠᠳ | ᠪᠠᠭᠤᠯᠭᠠᠬᠤ ᠦᠭᠡᠢ ᠨᠥᠬᠦᠴᠡᠯ ᠢ ᠪᠦᠷᠢᠳᠦᠭᠦᠯᠵᠦ ᠲᠣᠬᠢᠷᠠᠭᠤᠯᠤᠭᠰᠠᠨ ᠮᠠᠯ ᠠᠵᠤ ᠠᠬᠤᠶᠢᠲᠠᠨ ᠤ ᠰᠣᠶᠤᠯ ᠤᠨ | ᠣᠨᠴᠠᠯᠢᠭ ᠢ ᠡᠭᠦᠰᠬᠡᠵᠦ ᠪᠠᠶᠢᠭᠰᠠᠨ ᠪᠣᠯ ᠤᠭᠰᠠᠭ᠎ᠠ — ᠲᠡᠦᠬᠡ ᠶᠢᠨ ᠬᠥᠭᠵᠢᠯ ᠤᠨ ᠶᠠᠪᠤᠴᠠ ᠳᠤ ᠲᠡᠷᠡ ᠨᠢ | ᠨᠡᠭᠦᠳᠡᠯ ᠠᠮᠢᠳᠤᠷᠠᠯ ᠳᠤ ᠵᠣᠬᠢᠴᠠᠨ ᠬᠤᠪᠢᠰᠴᠤ ᠠᠬᠤᠢ ᠶᠢᠨ ᠵᠣᠷᠢᠭᠤᠯᠤᠯᠲᠠ ᠪᠠᠷ ᠢᠶᠠᠨ ᠬᠥᠰᠬᠡ ᠲᠡᠷᠭᠡᠨ ᠤ | ᠲᠥᠷᠥᠯ ᠪᠣᠯᠤᠨ ᠲᠥᠯᠥᠪᠰᠢᠵᠦ ᠨᠡᠭᠦᠳᠡᠯ ᠢᠷᠭᠡᠨᠰᠢᠯ ᠤᠨ ᠲᠣᠳᠤᠷᠬᠠᠢ ᠲᠡᠦᠬᠡᠨ ᠵᠢᠱᠢᠶ᠎ᠡ ᠪᠣᠯᠵᠤ ᠢᠷᠡᠵᠡᠢ᠃ | ᠨᠡᠭᠦᠳᠡᠯ ᠢᠷᠭᠡᠨᠰᠢᠯ ᠲᠠᠢ ᠮᠠᠯ ᠠᠵᠤ ᠠᠬᠤᠢ ᠡᠷᠬᠢᠯᠡᠭᠰᠡᠨ ᠮᠣᠩᠭᠤᠯ ᠬᠡᠯᠡᠲᠡᠨ ᠠᠷᠠᠳ ᠲᠦᠮᠡᠨ ᠤ ᠤᠭᠰᠠᠭ᠎ᠠ | ᠰᠣᠶᠤᠯ ᠤᠨ ᠤᠯᠪᠠᠭ᠎ᠠ ᠨᠡᠶᠢᠲᠡᠯᠢᠭ ᠬᠡᠳᠦᠢ ᠪᠣᠯᠪᠠᠴᠤ ᠲᠠᠯ᠎ᠠ ᠨᠤᠲᠤᠭ ᠤᠨ ᠣᠨᠴᠠᠯᠢᠭ ᠢ ᠲᠤᠰᠬᠠᠭᠰᠠᠨ ᠪᠠᠷᠭᠤᠴᠤᠳ | ᠤᠨ ᠰᠣᠶᠤᠯ᠂ ᠵᠠᠩ ᠵᠠᠩᠰᠢᠯ ᠤᠨ ᠤᠯᠠᠮᠵᠢᠯᠠᠯ ᠥᠪᠡᠷ ᠤᠨ ᠭᠡᠬᠦ ᠣᠨᠴᠠᠯᠢᠭ ᠢ ᠠᠭᠤᠯᠵᠤ ᠢᠷᠡᠭᠰᠡᠨ ᠨᠢ | ᠤᠭᠰᠠᠭᠠᠲᠠᠨ ᠤ ᠵᠦᠢ ᠶᠢᠨ ᠡᠬᠢ ᠬᠡᠷᠡᠭᠯᠡᠭᠳᠡᠬᠦᠨ ᠢᠶᠠᠷ ᠢᠯᠡᠷᠬᠡᠢ ᠪᠣᠯᠵᠤ ᠮᠣᠩᠭᠤᠯ ᠤᠭᠰᠠᠭᠠᠲᠠᠨ ᠤ ᠲᠡᠦᠬᠡᠨ | ᠶᠠᠪᠤᠴᠠ ᠶᠢ ᠪᠠᠶᠠᠵᠢᠭᠤᠯᠤᠭᠰᠠᠭᠠᠷ ᠪᠠᠶᠢᠭ᠎ᠠ ᠪᠢᠯᠡ᠃ ᠮᠣᠩᠭᠤᠯᠴᠤᠳ ᠤᠨ ᠤᠭᠰᠠᠭ᠎ᠠ ᠰᠣᠶᠤᠯ ᠤᠨ ᠥᠪ᠂ ᠨᠡᠶᠢᠭᠡᠮ | ᠂ ᠲᠡᠦᠬᠡ ᠶᠢᠨ ᠦᠢᠯᠡ ᠶᠠᠪᠤᠴᠠ ᠳᠤ ᠬᠤᠪᠢᠰᠤᠨ ᠥᠭᠡᠷᠡᠴᠢᠯᠡᠭᠳᠡᠭᠰᠡᠭᠡᠷ ᠢᠷᠡᠭᠰᠡᠨ ᠨᠢ ᠵᠦᠢ ᠲᠣᠭᠲᠠᠯ ᠭᠡᠵᠤ ᠪᠣᠯᠬᠤ | ᠪᠣᠯᠪᠠᠴᠤ ᠲᠡᠭᠦᠨ ᠤ ᠲᠣᠳᠤᠷᠬᠠᠢ ᠦᠨᠡᠨ ᠢ ᠣᠯᠵᠤ ᠬᠠᠷᠠᠬᠤ᠂ ᠢᠯᠠᠩᠭᠤᠶ᠎ᠠ ᠪᠠᠷᠭᠤᠴᠤᠳ ᠤᠨ ᠮᠡᠳᠡᠯᠭᠡ ᠤᠬᠠᠭᠠᠨ | ᠤ ᠠᠭᠤᠤ ᠤᠯᠠᠮᠵᠢᠯᠠᠯ ᠢ ᠬᠤᠶᠢᠴᠢ ᠦᠶ᠎ᠡ ᠳᠤ ᠪᠠᠨ ᠲᠠᠨᠢᠨ ᠮᠡᠳᠡᠭᠦᠯᠬᠦ ᠶᠠᠪᠤᠳᠠᠯ ᠤᠭᠰᠠᠭ᠎ᠠ ᠵᠦᠢ ᠶᠢᠨ ᠰᠢᠨᠵᠢᠯᠡᠬᠦ | ᠤᠬᠠᠭᠠᠨ ᠤ ᠡᠷᠬᠢᠮ ᠵᠣᠷᠢᠯᠭ᠎ᠠ ᠬᠤᠶᠢᠰᠢᠯᠠᠭᠤᠯᠤᠰᠢ ᠦᠭᠡᠢ ᠡᠭᠦᠷᠭᠡ ᠪᠢᠯᠡ᠃ ᠮᠣᠩᠭᠤᠯ ᠬᠡᠯᠡᠲᠡᠨ ᠠᠶᠢᠮᠠᠭ | ᠣᠪᠤᠭᠲᠠᠨ ᠤ ᠤᠭᠰᠠᠭ᠎ᠠ — ᠨᠡᠶᠢᠲᠡᠯᠢᠭ ᠤᠳ ᠤᠨ ᠲᠡᠦᠬᠡᠨ ᠶᠠᠪᠤᠴᠠ ᠡᠭᠡᠳᠡᠷᠡᠭᠡ ᠲᠠᠢ ᠪᠥᠭᠡᠳ ᠮᠣᠩᠭᠤᠯ ᠲᠡᠦᠬᠡ | ᠶᠢᠨ ᠡᠷᠲᠡ᠂ ᠳᠤᠮᠳᠠᠳᠤ᠂ ᠡᠳᠦᠭᠡ ᠦᠶ᠎ᠡ ᠶᠢ ᠪᠠᠭᠲᠠᠭᠠᠭᠰᠠᠨ ᠪᠠᠶᠢᠳᠠᠭ ᠲᠤ ᠣᠷᠤᠰᠢᠬᠤ ᠤᠴᠢᠷ ᠠᠮᠠᠨ ᠲᠡᠦᠬᠡ᠂ | ᠰᠤᠷᠪᠤᠯᠵᠢ ᠪᠢᠴᠢᠭ᠂ ᠳᠣᠮᠤᠭ ᠤᠨ ᠲᠠᠶᠢᠯᠤᠯ ᠵᠡᠷᠭᠡ ᠶᠢ ᠠᠩᠬᠠᠷᠴᠤ ᠣᠯᠠᠨ ᠲᠠᠯ᠎ᠠ ᠠᠴᠠ ᠨᠢᠭᠲᠠᠯᠠᠬᠤ ᠱᠠᠭᠠᠷᠳᠠᠯᠭ᠎ᠠ | ᠲᠠᠢ ᠪᠠ ᠨᠡᠶᠢᠭᠡᠮ ᠰᠣᠶᠤᠯ ᠤᠨ ᠬᠥᠮᠥᠨ ᠰᠤᠳᠤᠯᠤᠯ ᠤᠨ ᠣᠨᠤᠯ ᠤᠨ ᠦᠵᠡᠯ ᠪᠠᠷᠢᠮᠲᠠᠯᠠᠯ ᠤᠨ ᠴᠢᠭᠯᠡᠯ ᠳᠤ | ᠦᠨᠳᠦᠰᠦᠯᠡᠬᠦ ᠨᠢ ᠴᠢᠬᠤᠯᠠ ᠪᠣᠯᠤᠨ᠎ᠠ᠃ | ︵ᠦ᠊ · ᠰᠧᠪᠡᠯ ᠺᠢᠷᠢᠯ ᠦᠰᠦᠭ ᠠᠴᠠ ᠪᠠᠭᠤᠯᠭᠠᠪᠠ︶ |