ᠮ᠊ · ᠣᠶᠤᠨ | ᠮᠣᠩᠭᠤᠯ ᠵᠦᠢᠷ ᠰᠡᠴᠡᠨ ᠦᠭᠡ ᠶᠢᠨ ᠭᠦᠨ ᠤᠬᠠᠭᠠᠯᠢᠭ | ᠰᠢᠨᠵᠢ ᠬᠢᠭᠡᠳ ᠠᠬᠤᠶᠢᠴᠢ ᠠᠴᠢ ᠬᠤᠯᠪᠤᠭᠳᠠᠯ | ᠠᠭᠤᠯᠭ᠎ᠠ ᠶᠢᠨ ᠲᠣᠪᠴᠢ᠄ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠪᠣᠯ | ᠮᠣᠩᠭᠤᠯᠴᠤᠳ ᠤᠨ ᠦᠢᠯᠡᠳᠪᠦᠷᠢᠯᠡᠯ ᠠᠮᠢᠳᠤᠷᠠᠯ ᠳᠤ ᠰᠠᠭᠤᠷᠢᠯᠠᠵᠤ᠂ ᠪᠠᠶᠢᠭᠠᠯᠢ ᠶᠢᠨ ᠵᠢᠮ᠎ᠡ᠂ ᠨᠡᠶᠢᠭᠡᠮ ᠤᠨ | ᠦᠵᠡᠭᠳᠡᠯ᠂ ᠪᠤᠰᠤᠳᠴᠢ ᠠᠬᠤᠢ ᠬᠢᠭᠡᠳ ᠪᠡᠶᠡᠴᠢ ᠤᠬᠠᠮᠰᠠᠷ ᠢ ᠣᠷᠭᠠᠨᠢᠭ ᠢᠶᠠᠷ ᠤᠶᠠᠯᠳᠤᠭᠤᠯᠤᠭᠰᠠᠨ ᠬᠥᠮᠥᠰ ᠤᠨ | ᠰᠡᠷᠡᠯ ᠳᠤ ᠮᠡᠳᠡᠷᠡᠭᠳᠡᠵᠦ᠂ ᠣᠶᠤᠨ ᠢᠶᠠᠷ ᠲᠤᠩᠭᠠᠭᠳᠠᠭᠰᠠᠨ ᠠᠪᠢᠶᠠᠰᠯᠢᠭ ᠪᠦᠲᠦᠭᠡᠯ ᠮᠥᠨ᠃ ᠲᠡᠭᠦᠨ ᠳᠤ ᠭᠦᠨ | ᠤᠬᠠᠭᠠᠨ ᠤ ᠤᠳᠬ᠎ᠠ ᠰᠠᠨᠠᠭ᠎ᠠ ᠭᠦᠨᠵᠡᠭᠡᠢ ᠠᠭᠤᠯᠤᠭᠳᠠᠵᠤ᠂ ᠬᠥᠮᠥᠰ ᠤᠨ ᠠᠵᠢᠯ ᠠᠮᠢᠳᠤᠷᠠᠯ ᠳᠤ ᠵᠢᠯᠣᠭᠤᠳᠤᠯᠭ᠎ᠠ | ᠪᠣᠯᠵᠤ ᠪᠠᠶᠢᠳᠠᠭ᠃ | ᠵᠠᠩᠭᠢᠯᠠᠭ᠎ᠠ ᠦᠭᠡ᠄ ᠮᠣᠩᠭᠤᠯᠴᠤᠳ᠂ ᠵᠦᠢᠷ ᠰᠡᠴᠡᠨ ᠦᠭᠡ᠂ ᠭᠦᠨ ᠤᠬᠠᠭᠠᠨ ᠤ ᠣᠳᠬ᠎ᠠ ᠰᠠᠨᠠᠭ᠎ᠠ | ᠮᠣᠩᠭᠤᠯ ᠵᠦᠢᠷ ᠰᠡᠴᠡᠨ ᠦᠭᠡ ᠶᠢᠨ ᠡᠭᠦᠰᠦᠯ ᠢᠷᠡᠯ ᠪᠣᠯᠤᠨ ᠢᠯᠡᠷᠡᠵᠦ ᠪᠠᠶᠢᠭ᠎ᠠ ᠬᠡᠯᠪᠡᠷᠢ ᠠᠴᠠ | ᠦᠵᠡᠪᠡᠯ ᠶᠠᠷᠢᠶᠠᠨ ᠦᠭᠡᠢ ᠠᠷᠠᠳ ᠤᠨ ᠠᠮᠠᠨ ᠵᠣᠬᠢᠶᠠᠯ ᠤᠨ ᠴᠢᠬᠤᠯᠠ ᠪᠦᠷᠢᠯᠳᠦᠬᠦᠨ ᠪᠣᠯᠬᠤ ᠶᠤᠮ᠃ ᠵᠠᠷᠢᠮ | ᠡᠷᠳᠡᠮᠲᠡᠳ ᠪᠠᠰᠠ ᠠᠮᠠᠨ ᠵᠣᠬᠢᠶᠠᠯ ᠤᠨ ᠡᠪᠦᠭᠡ ᠭᠡᠵᠤ ᠦᠵᠡᠳᠡᠭ ᠪᠢᠯᠡ᠃ ᠲᠡᠭᠡᠪᠡᠯ ᠮᠣᠩᠭᠤᠯ ᠵᠦᠢᠷ ᠰᠡᠴᠡᠨ ᠦᠭᠡ | ᠨᠢ ᠠᠷᠠᠳ ᠤᠨ ᠳᠤᠮᠳᠠ ᠥᠨᠢ ᠤᠳᠠᠭᠠᠨ ᠤᠯᠠᠮᠵᠢᠯᠠᠭᠳᠠᠵᠤ᠂ ᠠᠵᠤ ᠠᠮᠢᠳᠤᠷᠠᠯ ᠳᠤᠨᠢ ᠥᠷᠭᠡᠨ ᠬᠡᠷᠡᠭᠯᠡᠭᠳᠡᠵᠦ | ᠢᠷᠡᠭᠰᠡᠨ ᠤ ᠰᠢᠯᠲᠠᠭᠠᠨ ᠪᠣᠯ ᠲᠡᠭᠦᠨ ᠤ ᠦᠨ᠎ᠡ ᠴᠡᠨ᠎ᠡ᠂ ᠲᠦᠭᠡᠮᠡᠯ ᠦᠢᠯᠡᠳᠦᠯ ᠪᠣᠯᠤᠨ ᠠᠬᠤᠶᠢᠴᠢ ᠠᠴᠢ | ᠬᠤᠯᠪᠤᠭᠳᠠᠯ ᠳᠤ ᠪᠣᠢ ᠭᠡᠵᠤ ᠬᠡᠯᠡᠵᠦ ᠪᠣᠯᠤᠨ᠎ᠠ᠃ ᠨᠡᠩ ᠣᠨᠤᠪᠴᠢᠲᠠᠢ ᠬᠡᠯᠡᠪᠡᠯ ᠲᠡᠭᠦᠨ ᠤ ᠭᠦᠨ ᠤᠬᠠᠭᠠᠯᠢᠭ ᠴᠢᠨᠠᠷ | ᠲᠤ ᠣᠷᠤᠰᠢᠨ᠎ᠠ᠃ ᠡᠨᠡ ᠲᠤᠬᠠᠢ ᠮᠣᠩᠭᠤᠯ ᠤᠯᠤᠰ ᠤᠨ ᠮᠣᠩᠭᠤᠯᠴᠢ ᠡᠷᠳᠡᠮᠲᠡᠨ ᠫᠠ᠊ · ᠬᠤᠷᠯᠸ᠎ᠠ᠄ ︽ᠣᠶᠤᠨ | ᠰᠠᠨᠠᠭᠠᠨ ᠤ ᠳᠡᠭᠡᠳᠦ ᠢᠯᠡᠷᠬᠡᠶᠢᠯᠡᠯ ᠨᠢ ᠶᠠᠭᠤᠨ ᠤ ᠲᠦᠷᠦᠭᠦᠨ ︿ᠭᠦᠨ ᠤᠬᠠᠭᠠᠨ ᠤ ᠰᠡᠳᠬᠢᠯᠭᠡ﹀ ᠶᠤᠮ᠃ | ᠪᠠᠶᠢᠭᠠᠯᠢ ᠶᠢᠷᠲᠢᠨᠴᠦ᠂ ᠦᠵᠡᠭᠳᠡᠯ ᠶᠠᠭᠤᠮᠠᠰ ᠢ ᠲᠠᠨᠢᠨ ᠮᠡᠳᠡᠬᠦ ᠪᠣᠯᠤᠨ ᠨᠡᠶᠢᠭᠡᠮ ᠤᠨ ᠬᠥᠭᠵᠢᠯ ᠤᠨ ᠲᠣᠭᠲᠠᠯ ᠢ | ᠣᠶᠢᠯᠠᠭᠠᠬᠤ ᠭᠦᠨ ᠤᠬᠠᠭᠠᠨ ᠤ ᠣᠶᠢᠯᠠᠭᠠᠯᠲᠠ ᠶᠢ ᠠᠷᠠᠳ ᠤᠨ ᠠᠮᠠᠨ ᠵᠣᠬᠢᠶᠠᠯ ᠤᠨ ᠪᠣᠭᠤᠨᠢ ᠬᠡᠯᠪᠡᠷᠢ ᠲᠥᠷᠥᠯ | ᠵᠦᠢᠯ ᠬᠠᠮᠤᠭ ᠤᠨ ᠲᠣᠳᠤ ᠳᠦᠷᠰᠦᠯᠡᠵᠦ ᠭᠤᠴᠤ ᠮᠡᠷᠭᠡᠨ ᠢᠶᠠᠷ ᠨᠡᠶᠢᠲᠡ ᠳᠤ ᠬᠦᠷᠭᠡᠳᠡᠭ︾① ᠭᠡᠵᠡᠢ᠃ ᠳᠠᠷᠤᠢ | ᠵᠦᠢᠷ ᠰᠡᠴᠡᠨ ᠦᠭᠡ ᠨᠢ ᠬᠥᠮᠥᠰ ᠤᠨ ᠣᠶᠤᠨ ᠤ ᠲᠠᠨᠢᠯᠲᠠ ᠶᠢᠨ ᠦᠷ᠎ᠡ ᠪᠦᠲᠦᠭᠡᠯ ᠪᠣᠯᠤᠭᠰᠠᠨ ᠤ ᠬᠤᠪᠢ ᠳᠤ | ᠠᠷᠠᠳ ᠤᠨ ᠭᠦᠨ ᠤᠬᠠᠭᠠᠨ ᠤ ᠰᠡᠳᠬᠢᠯᠭᠡ ᠶᠢ ᠬᠤᠷᠴᠠ ᠲᠣᠳᠤ ᠲᠤᠰᠬᠠᠳᠠᠭ ᠢᠶᠠᠷ ᠢᠶᠠᠨ ᠠᠵᠤ ᠠᠮᠢᠳᠤᠷᠠᠯ ᠤᠨ | ᠵᠦᠭᠯᠡᠭᠦᠷ᠂ ᠣᠶᠤᠨ ᠰᠠᠨᠠᠭᠠᠨ ᠤ ᠲᠠᠵᠢᠭᠡᠯ ᠪᠣᠯᠤᠭᠰᠠᠭᠠᠷ ᠢᠷᠡᠭᠰᠡᠨ ᠶᠤᠮ᠃ ᠤᠬᠠᠭᠳᠠᠬᠤᠨ ᠤ ᠲᠠᠯ᠎ᠠ ᠪᠠᠷ ︽ | ᠨᠡᠶᠢᠭᠡᠮ ᠤᠨ ᠠᠮᠢᠳᠤᠷᠠᠯ᠂ ᠲᠡᠭᠦᠨ ᠢ ᠦᠵᠡᠬᠦ ᠦᠵᠡᠯ ᠢ ᠣᠨᠤᠭᠠᠵᠤ᠂ ᠰᠢᠭᠤᠳ ᠮᠡᠷᠭᠡᠨ ᠢᠶᠠᠷ ᠬᠡᠯᠡᠭᠰᠡᠨ ᠬᠤᠯᠪᠤᠭ᠎ᠠ | ᠦᠭᠡ ᠶᠢ ︿ᠰᠡᠴᠡᠨ ᠦᠭᠡ﹀᠂ ᠳᠡᠳᠡᠭᠡᠷ ᠤᠨ ᠲᠤᠷᠰᠢᠯᠭ᠎ᠠ ᠶᠢ ᠵᠢᠱᠢᠵᠦ ᠣᠨᠤᠭᠠᠭᠰᠠᠨ ᠬᠤᠯᠪᠤᠭ᠎ᠠ ᠦᠭᠡᠰ ᠢ ︿ | ᠵᠦᠢᠷ ᠦᠭᠡ﹀ ᠭᠡᠵᠤ ᠢᠯᠭᠠᠳᠠᠭ ᠶᠤᠮ᠃ ᠁ ᠰᠡᠴᠡᠨ ᠦᠭᠡᠰ ᠢ ︿ᠰᠢᠭᠤᠳ ᠣᠨᠤᠭᠠᠭᠰᠠᠨ﹀ ᠬᠡᠯᠪᠡᠷᠢ ᠪᠠᠷ᠂ | ᠵᠦᠢᠷ ᠦᠭᠡᠰ ᠢ ︿ᠵᠢᠱᠢᠨ ᠵᠦᠢᠷᠯᠡᠭᠰᠡᠨ﹀ ᠬᠡᠯᠪᠡᠷᠢ ᠪᠠᠷ ᠪᠦᠲᠦᠭᠡᠵᠡᠢ᠃︾② ᠡᠨᠡ ᠬᠦ ᠲᠠᠶᠢᠯᠪᠤᠷᠢᠯᠠᠯᠲᠠ | ᠬᠢᠭᠡᠳ ᠠᠮᠢᠳᠤᠷᠠᠯ ᠳᠤ ᠬᠡᠷᠡᠭᠯᠡᠭᠳᠡᠵᠦ ᠪᠠᠶᠢᠭ᠎ᠠ ᠤᠳᠬ᠎ᠠ ᠰᠠᠨᠠᠭ᠎ᠠ ᠶᠢ ᠭᠦᠨ ᠤᠬᠠᠭᠠᠨ ᠤ ᠡᠭᠦᠳᠡᠨ ᠠᠴᠠ | ᠠᠵᠢᠭᠯᠠᠪᠠᠯ ᠬᠡᠷᠡᠭ ᠪᠣᠳᠠᠰ ᠤᠨ ᠤᠭ ᠴᠢᠨᠠᠷ᠂ ᠵᠢᠮ᠎ᠡ ᠶᠣᠰᠤ ᠶᠢ ᠲᠤᠰᠬᠠᠭᠰᠠᠨ ᠬᠡᠶᠢᠰᠪᠦᠷᠢ ᠰᠡᠳᠬᠢᠬᠦᠢ ᠪᠠᠷ | ᠢᠯᠡᠳᠬᠡᠳᠡᠭ ᠦᠭᠡ ᠨᠢ ᠰᠡᠴᠡᠨ ᠦᠭᠡ ᠪᠠᠶᠢᠵᠤ᠂ ᠰᠡᠷᠡᠯ ᠳᠤ ᠮᠡᠳᠡᠷᠡᠭᠳᠡᠬᠦ ᠳᠦᠷᠰᠦᠯᠢᠭ ᠰᠢᠨᠵᠢ ᠪᠠᠷ ᠢᠯᠡᠷᠡᠬᠦ | ᠦᠭᠡ ᠨᠢ ᠵᠦᠢᠷ ᠦᠭᠡ ᠪᠣᠯᠤᠨ᠎ᠠ᠃ ᠥᠭᠡᠷ᠎ᠡ ᠪᠠᠷ ᠬᠡᠯᠡᠪᠡᠯ ᠵᠦᠢᠷ ᠰᠡᠴᠡᠨ ᠦᠭᠡ ᠪᠣᠯ ᠰᠡᠷᠡᠯ ᠤᠨ ᠲᠠᠨᠢᠯᠲᠠ | ᠪᠣᠯᠤᠨ ᠣᠶᠤᠨ ᠤ ᠲᠠᠨᠢᠯᠲᠠ ᠶᠢᠨ ᠣᠷᠭᠠᠨᠢᠭ ᠨᠢᠭᠡᠳᠦᠯ ᠮᠥᠨ᠃ | ᠨᠢᠭᠡ᠂ ᠮᠣᠩᠭᠤᠯ ᠵᠦᠢᠷ ᠰᠡᠴᠡᠨ ᠦᠭᠡ ᠳᠠᠬᠢ ᠭᠦᠨ ᠤᠬᠠᠭᠠᠨ ᠤ ᠤᠳᠬ᠎ᠠ ᠰᠠᠨᠠᠭ᠎ᠠ | ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡᠨ ᠳᠤ ᠪᠠᠶᠢᠭᠠᠯᠢ ᠶᠢᠨ ᠵᠢᠮ᠎ᠡ᠂ ᠨᠡᠶᠢᠭᠡᠮ | ᠤᠨ ᠦᠵᠡᠭᠳᠡᠯ᠂ ᠪᠤᠰᠤᠳᠴᠢ ᠠᠬᠤᠢ ᠬᠢᠭᠡᠳ ᠪᠡᠶᠡᠴᠢ ᠤᠬᠠᠮᠰᠠᠷ ᠢ ᠣᠷᠭᠠᠨᠢᠭ ᠢᠶᠠᠷ ᠤᠶᠠᠯᠳᠤᠭᠤᠯᠵᠤ᠂ ᠠᠭᠤᠯᠭ᠎ᠠ | ᠪᠠ ᠬᠡᠯᠪᠡᠷᠢ᠂ ᠲᠤᠰᠬᠠᠢ ᠪᠣᠯᠤᠨ ᠶᠡᠷᠦᠩᠬᠡᠢ᠂ ᠥᠪᠡᠷᠮᠢᠴᠡ ᠬᠢᠭᠡᠳ ᠲᠦᠭᠡᠮᠡᠯ᠂ ᠲᠠᠨᠢᠯᠲᠠ ᠪᠣᠯᠤᠨ ᠦᠢᠯᠡᠳᠦᠯᠭᠡ ᠶᠢ | ᠬᠤᠪᠢᠰᠤᠩᠭᠤᠢ ᠪᠠᠷ ᠨᠢᠭᠡᠳᠦᠭᠦᠯᠵᠦ᠂ ᠬᠡᠷᠡᠭ ᠪᠣᠳᠠᠰ᠂ ᠦᠵᠡᠭᠳᠡᠯ ᠤᠨ ᠰᠢᠨᠵᠢ ᠴᠢᠨᠠᠷ᠂ ᠵᠢᠮ᠎ᠡ ᠶᠣᠰᠤ ᠶᠢ ᠮᠠᠰᠢ | ᠣᠨᠣᠪᠴᠢᠲᠠᠢ ᠬᠤᠷᠢᠶᠠᠩᠭᠤᠶᠢᠯᠠᠨ ᠳ᠋ᠦᠩᠨᠡᠵᠦ᠂ ᠣᠶᠤᠨᠴᠢ ᠴᠢᠨᠠᠷ ᠢᠶᠠᠷ ᠥᠨᠳᠦᠷ ᠪᠠᠶᠢᠳᠠᠭ ᠪᠣᠯᠬᠤᠷ ᠭᠦᠨ ᠤᠬᠠᠭᠠᠨ | ᠤ ᠤᠳᠬ᠎ᠠ ᠰᠠᠨᠠᠭ᠎ᠠ ᠪᠢᠯᠬᠠᠮ᠎ᠠ ᠪᠠᠶᠢᠵᠤ᠂ ᠬᠥᠮᠥᠰ ᠤᠨ ᠬᠡᠶᠢᠰᠪᠦᠷᠢ ᠰᠡᠳᠬᠢᠬᠦᠢ ᠶᠢᠨ ᠴᠢᠳᠠᠪᠤᠷᠢ ᠶᠢ ᠠᠮᠢᠳᠤᠯᠢᠭ | ᠢᠶᠠᠷ ᠢᠯᠡᠳᠬᠡᠵᠦ ᠪᠠᠶᠢᠳᠠᠭ ᠶᠤᠮ᠃ | ︵ᠨᠢᠭᠡ︶ ᠠᠯᠢᠪᠠ ᠪᠦᠬᠦᠨ ᠳᠤ ᠪᠣᠳᠠᠲᠠᠢ ᠠᠴᠠ ᠡᠭᠦᠰᠴᠦ᠂ ᠪᠡᠶᠡᠴᠢ ᠦᠵᠡᠯ ᠤᠬᠠᠮᠰᠠᠷ ᠢᠶᠠᠨ ᠪᠤᠰᠤᠳᠴᠢ | ᠠᠬᠤᠢ ᠳᠤ ᠨᠡᠶᠢᠴᠡᠭᠦᠯᠬᠦ ᠶᠢ ᠡᠷᠬᠢᠮᠯᠡᠳᠡᠭ ᠪᠣᠳᠠᠰᠴᠢ ᠦᠵᠡᠯ ᠤᠨ ᠤᠳᠬ᠎ᠠ ᠰᠠᠨᠠᠭ᠎ᠠ ᠶᠢ ᠢᠯᠡᠳᠬᠡᠭᠰᠡᠨ ︽ᠲᠤᠭᠤᠯ | ᠤᠨ ᠬᠢᠷᠢ ᠪᠠᠷ ᠵᠡᠯ᠎ᠡ ᠪᠠᠨ ᠲᠠᠳᠠ᠂ ᠲᠠᠤᠯᠠᠢ ᠶᠢᠨ ᠬᠢᠷᠢ ᠪᠠᠷ ᠨᠤᠮᠤ ᠪᠠᠨ ᠲᠠᠲᠠ︾᠂ ︽ᠮᠠᠨᠢ ᠲᠣᠭᠠᠯᠠᠬᠤ ᠪᠠᠷ᠂ | ᠮᠠᠯ ᠢᠶᠠᠨ ᠤᠰᠤᠯᠠ︾ ᠭᠡᠬᠦ ᠦᠭᠡᠨ ᠳᠤ ᠮᠠᠯᠵᠢᠬᠤ ᠠᠮᠢᠳᠤᠷᠠᠯ ᠤᠨ ᠪᠣᠳᠠᠲᠤ ᠬᠡᠷᠡᠭᠴᠡᠭᠡ ᠶᠢ ᠵᠥᠪ ᠢᠶᠠᠷ ᠲᠠᠨᠢᠵᠤ᠂ | ᠪᠡᠶᠡᠴᠢ ᠠᠵᠢᠯᠯᠠᠭ᠎ᠠ ᠪᠠᠨ ᠪᠤᠰᠤᠳᠴᠢ ᠪᠣᠳᠠᠲᠤ ᠪᠠᠶᠢᠳᠠᠯ ᠳᠤ ᠨᠡᠶᠢᠴᠡᠭᠦᠯᠵᠦ᠂ ᠬᠡᠢ ᠬᠤᠭᠤᠰᠤᠨ ᠵᠦᠢᠯ ᠢᠶᠠᠷ ᠡᠳᠦᠷ | ᠥᠩᠭᠡᠷᠡᠭᠦᠯᠬᠦ ᠶᠢ ᠰᠡᠷᠭᠡᠶᠢᠯᠡᠵᠦ᠂ ᠠᠬᠤᠶᠢᠴᠢ ᠠᠴᠢ ᠬᠤᠯᠪᠤᠭᠳᠠᠯ ᠢ ᠴᠢᠬᠤᠯᠠᠴᠢᠯᠠᠳᠠᠭ ᠨᠢ ᠲᠣᠳᠤᠷᠬᠠᠢ ᠬᠠᠷᠠᠭᠳᠠᠵᠤ | ᠂ ᠪᠦᠬᠦ ᠲᠠᠯ᠎ᠠ ᠪᠠ ᠬᠡᠰᠡᠭ ᠲᠠᠯ᠎ᠠ ᠶᠢᠨ ᠬᠠᠷᠢᠴᠠᠭᠠᠨ ᠤ ᠠᠰᠠᠭᠤᠳᠠᠯ ᠳᠡᠭᠡᠷ᠎ᠡ ᠪᠦᠬᠦᠯᠢ ᠴᠣᠭᠴᠠ ᠶᠢᠨ ᠡᠭᠦᠳᠡᠨ ᠠᠴᠠ | ︽ᠡᠬᠡ ᠶᠢ ᠨᠢ ᠡᠴᠡᠭᠡᠬᠦ ᠦᠭᠡᠢ᠂ ᠲᠤᠭᠤᠯ ᠢ ᠨᠢ ᠲᠤᠷᠠᠭᠠᠬᠤ ᠦᠭᠡᠢ ᠪᠠᠶᠢᠬᠤ︾ ᠶᠢ ᠬᠢᠴᠢᠶᠡᠵᠦ᠂ ᠪᠦᠬᠦ ᠲᠠᠯ᠎ᠠ ᠶᠢ | ᠬᠠᠷᠠᠭᠠᠯᠵᠠᠬᠤ ᠣᠪᠤᠷ ᠢ ᠠᠪᠳᠠᠭ᠃ ᠡᠨᠡ ᠪᠣᠯ ᠪᠣᠳᠠᠰᠴᠢ ᠦᠵᠡᠯ ᠤᠨ ᠦᠨᠳᠦᠰᠦᠨ ᠵᠣᠷᠢᠭ ᠰᠠᠨᠠᠭ᠎ᠠ ᠮᠥᠨ᠃ | ︵ᠬᠤᠶᠠᠷ︶ ᠠᠰᠠᠭᠤᠳᠠᠯ ᠢ ᠬᠤᠪᠢᠷᠠᠯᠲᠠ ᠬᠥᠭᠵᠢᠯᠲᠡ ᠶᠢᠨ ᠪᠠᠶᠢᠳᠠᠯ ᠢᠶᠠᠷ ᠰᠢᠨᠵᠢᠵᠦ᠂ ᠪᠤᠰᠤᠳᠴᠢ | ᠶᠢᠷᠲᠢᠨᠴᠦ ᠪᠣᠯ ᠵᠥᠷᠢᠴᠡᠯ ᠢᠶᠠᠷ ᠳᠦᠭᠦᠷᠴᠦ ᠪᠠᠶᠢᠳᠠᠭ ᠭᠡᠬᠦ ᠬᠤᠪᠢᠰᠤᠩᠭᠤᠢ ᠠᠷᠭ᠎ᠠ ᠶᠢᠨ ᠦᠵᠡᠯ ᠰᠠᠨᠠᠭ᠎ᠠ ᠲᠣᠳᠤ | ᠬᠠᠷᠠᠭᠳᠠᠳᠠᠭ᠃ ᠵᠢᠱᠢᠶᠡᠯᠡᠪᠡᠯ᠄ ︽ᠬᠤᠷᠮᠤᠰᠲᠠ ᠲᠡᠭᠷᠢ ᠪᠦᠷᠬᠦᠭ ᠲᠠᠢ ᠲᠤᠩᠭᠠᠯᠠᠭ ᠲᠠᠢ᠂ ᠬᠤᠷᠸ᠎ᠠ ᠶᠢᠨ ᠶᠠᠪᠤᠳᠠᠯ | ᠭᠤᠨᠢᠭᠲᠠᠢ ᠪᠠᠶᠠᠷᠲᠠᠢ︾᠂ ︽ᠠᠪᠤ ᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠬᠦ ᠮᠡᠲᠦ | ᠪᠠᠷ ᠬᠡᠷᠡᠭ ᠪᠣᠳᠠᠰ᠂ ᠦᠵᠡᠭᠳᠡᠯ ᠤᠨ ᠪᠤᠳᠤᠯᠢᠶᠠᠨᠲᠤ ᠪᠠᠶᠢᠳᠠᠯ ᠢ ᠰᠡᠷᠭᠡᠭ ᠢᠶᠠᠷ ᠲᠠᠨᠢᠬᠤ ᠶᠢ ᠠᠩᠬᠠᠷᠤᠭᠤᠯᠵᠤ ᠪᠠᠶᠢᠬᠤ | ᠪᠠᠷ ᠪᠠᠷᠠᠬᠤ ᠦᠭᠡᠢ ᠪᠠᠰᠠ ᠪᠣᠳᠠᠲᠤ ᠠᠰᠠᠭᠤᠳᠠᠯ ᠳᠤ ᠪᠣᠳᠠᠲᠠᠢ ᠵᠠᠳᠠᠯᠤᠯᠲᠠ ᠬᠢᠵᠦ᠂ ᠵᠥᠷᠢᠴᠡᠯ ᠤᠨ ᠰᠢᠨᠵᠢ ᠴᠢᠨᠠᠷ | ᠢ ᠦᠨᠳᠦᠰᠦᠯᠡᠵᠦ᠂ ᠵᠦᠢ ᠵᠣᠬᠢᠰᠲᠠᠢ ᠰᠢᠢᠳᠪᠦᠷᠢᠯᠡᠬᠦ ᠠᠷᠭ᠎ᠠ ᠶᠢᠨ ᠤᠬᠠᠭᠠᠨ ᠤ ᠤᠭ ᠶᠣᠰᠤ ᠶᠢ ᠢᠯᠡᠳᠬᠡᠭᠰᠡᠨ ︽ | ᠳᠤᠲᠠᠭᠳᠠᠯ ᠢ ᠰᠢᠭᠦᠮᠵᠢᠯᠡᠯ ᠢᠶᠠᠷ᠂ ᠲᠤᠷᠰᠢᠯᠭ᠎ᠠ ᠶᠢ ᠠᠵᠢᠯ ᠢᠶᠠᠷ︾᠂ ︽ᠠᠷᠪᠢᠯᠠᠬᠤ ᠶᠢ ᠠᠮᠠᠰᠠᠷ ᠠᠴᠠ ᠨᠢ᠂ | ᠠᠰᠬᠠᠬᠤ ᠶᠢ ᠢᠷᠤᠭᠠᠯ ︵ᠢᠷᠤᠭᠠᠷ︶ ᠠᠴᠠ ᠨᠢ︾ ᠭᠡᠬᠦ ᠦᠭᠡ ᠨᠢ ᠠᠳᠠᠯᠢ ᠪᠤᠰᠤ ᠠᠰᠠᠭᠤᠳᠠᠯ ᠢ ᠴᠢᠳᠠᠮᠠᠭᠠᠢ ᠪᠠᠷ | ᠰᠢᠢᠳᠪᠦᠷᠢᠯᠡᠬᠦ ᠠᠮᠢᠳᠤᠯᠢᠭ ᠴᠢᠨᠠᠷ ᠢ ᠬᠠᠷᠠᠭᠤᠯᠪᠠ᠃ | ︵ᠭᠤᠷᠪᠠ︶ ᠣᠯᠠᠨ ᠤ ᠮᠡᠳᠡᠭᠡᠵᠢ ᠪᠠᠷ᠂ ᠪᠣᠳᠠᠰᠴᠢ ᠬᠤᠪᠢᠰᠤᠩᠭᠤᠢ ᠠᠷᠭ᠎ᠠ ᠶᠢᠨ ᠲᠣᠭᠲᠠᠯᠴᠠᠭ᠎ᠠ ᠪᠣᠢ | ᠪᠣᠯᠬᠤ ᠠᠴᠠ ᠡᠮᠦᠨ᠎ᠡ᠂ ᠣᠨᠴᠠᠭᠠᠶᠢᠯᠠᠨ ᠹᠸᠦᠳᠠᠯ ᠨᠡᠶᠢᠭᠡᠮ ᠳᠤ ᠰᠡᠳᠬᠢᠯᠴᠢ ᠦᠵᠡᠯ ᠨᠢ ᠬᠥᠮᠥᠰ ᠤᠨ ᠣᠶᠤᠨ | ᠰᠠᠨᠠᠭ᠎ᠠ ᠶᠢ ᠤᠷᠲᠤ ᠬᠤᠭᠤᠴᠠᠭ᠎ᠠ ᠪᠠᠷ ᠨᠣᠶᠠᠷᠬᠠᠵᠤ ᠪᠠᠶᠢᠭᠰᠠᠨ ᠶᠤᠮ᠃ ᠲᠤᠬᠠᠢ ᠶᠢᠨ ᠦᠶ᠎ᠡ ᠳᠤ ᠨᠡᠶᠢᠭᠡᠮ ᠤᠨ | ᠦᠢᠯᠡᠳᠪᠦᠷᠢᠯᠡᠯ ᠤᠨ ᠬᠦᠴᠦᠨ ᠤ ᠬᠢᠷᠢ ᠲᠦᠪᠰᠢᠨ ᠳᠣᠣᠷ᠎ᠠ᠂ ᠦᠢᠯᠡᠳᠪᠦᠷᠢᠯᠡᠯ ᠤᠨ ᠬᠡᠪᠴᠢᠶ᠎ᠡ ᠢᠪᠴᠤᠤ᠂ | ᠦᠢᠯᠡᠳᠪᠦᠷᠢᠯᠡᠯ ᠤᠨ ᠠᠷᠭ᠎ᠠ ᠮᠠᠶ᠋ᠢᠭ ᠨᠢ ᠬᠠᠷᠢᠴᠠᠩᠭᠤᠢ ᠳᠠᠩ ᠴᠤᠯᠭᠤᠢ ᠪᠠᠶᠢᠵᠤ᠂ ᠬᠥᠮᠥᠰ ᠪᠤᠳᠤᠯᠢᠶᠠᠨᠲᠠᠢ | ᠠᠰᠠᠭᠤᠳᠠᠯ ᠢ ᠪᠡᠶ᠎ᠡ ᠪᠠᠨ ᠳᠠᠭᠠᠭᠠᠵᠤ ᠰᠢᠨᠵᠢᠯᠡᠬᠦ ᠤᠬᠠᠭᠠᠨᠴᠢ ᠪᠠᠷ ᠲᠠᠶᠢᠯᠪᠤᠷᠢᠯᠠᠵᠤ ᠴᠢᠳᠠᠬᠤ ᠦᠭᠡᠢ ᠪᠣᠯᠬᠤᠷ ᠶᠠᠮᠠᠷ | ᠨᠢᠭᠡᠨ ᠪᠠᠶᠢᠭᠠᠯᠢ ᠠᠴᠠ ᠳᠠᠪᠠᠭᠰᠠᠨ ᠳᠠᠯᠲᠠ ᠶᠢᠨ ᠢᠳᠡ ᠬᠦᠴᠦᠨ ᠢ ᠰᠢᠲᠦᠨ ᠪᠢᠰᠢᠷᠡᠵᠦ᠂ ᠬᠡᠢ ᠬᠤᠭᠤᠰᠤᠨ | ᠬᠦᠰᠡᠯ ᠪᠣᠳᠤᠯ ᠢᠶᠠᠷ ᠥᠪᠡᠷ ᠤᠨ ᠰᠠᠨᠠᠭ᠎ᠠ ᠪᠣᠳᠤᠯ ᠢᠶᠠᠨ ᠲᠠᠶᠢᠳᠬᠤᠷᠠᠭᠤᠯᠳᠠᠭ ᠪᠠᠶᠢᠪᠠ᠃ ᠡᠨᠡ ᠬᠦ ᠣᠶᠤᠨ | ᠰᠠᠨᠠᠭᠠᠨ ᠤ ᠬᠦᠴᠦᠨ ᠢᠶᠠᠷ ᠶᠢᠷᠲᠢᠨᠴᠦ ᠶᠢ ᠵᠠᠬᠢᠷᠤᠭᠤᠯᠬᠤ ᠶᠢ ᠵᠣᠷᠢᠵᠤ᠂ ᠬᠤᠪᠢ ᠵᠠᠶᠠᠭᠠᠨ ᠳᠠᠭᠠᠨ ᠲᠦᠰᠢᠭᠯᠡᠭᠰᠡᠨ | ᠰᠡᠳᠬᠢᠯᠴᠢ ᠦᠵᠡᠯ ᠢ ᠢᠯᠡᠳᠬᠡᠭᠰᠡᠨ ᠤᠳᠬ᠎ᠠ ᠲᠠᠢ ᠦᠭᠡ ᠠᠴᠠ ᠳᠤᠷᠠᠳᠪᠠᠯ ︽ᠰᠦᠵᠢᠭ ᠪᠠᠶᠢᠪᠠᠯ ᠪᠤᠷᠬᠠᠨ | ᠬᠤᠯᠠᠳᠠᠬᠤ ᠦᠭᠡᠢ᠂ ᠦᠢᠯᠡ ᠪᠠᠶᠢᠪᠠᠯ ᠲᠠᠮᠤ ᠬᠤᠯᠠᠳᠠᠬᠤ ᠦᠭᠡᠢ︾᠂ ︽ᠪᠤᠷᠬᠠᠨ ᠪᠣᠯᠬᠤ ᠰᠠᠨᠠᠭ᠎ᠠ ᠪᠠᠷ᠂ ᠪᠠᠶᠠᠨ | ᠪᠣᠯᠬᠤ ᠵᠠᠶᠠᠭ᠎ᠠ ᠪᠠᠷ︾ ᠭᠡᠬᠦᠴᠢᠯᠡᠨ ᠠᠬᠤᠢ ᠠᠮᠢᠳᠤᠷᠠᠯ ᠳᠤᠮᠳᠠ ᠪᠣᠳᠠᠲᠤ ᠦᠨᠳᠦᠰᠦ ᠪᠠᠷᠢᠮᠲᠠ ᠦᠭᠡᠢ ᠵᠦᠢᠯ ᠳᠤ | ᠰᠦᠰᠦᠭᠯᠡᠨ ᠪᠢᠰᠢᠷᠡᠵᠦ᠂ ᠪᠡᠶᠡᠴᠢ ᠵᠣᠷᠢᠭ ᠰᠠᠨᠠᠭ᠎ᠠ ᠪᠠᠷ ᠢᠶᠠᠨ ᠰᠣᠬᠤᠷ ᠪᠠᠯᠠᠢ ᠠᠵᠢᠯᠯᠠᠭ᠎ᠠ ᠬᠢᠬᠦ ᠦᠵᠡᠭᠳᠡᠯ ᠴᠦ | ᠵᠦᠩᠳᠡᠭᠡᠨ ᠪᠠᠶᠢᠳᠠᠭ᠃ | ︵ᠳᠥᠷᠪᠡ︶ ᠪᠤᠰᠤᠳᠴᠢ ᠬᠡᠷᠡᠭ ᠪᠣᠳᠠᠰ᠂ ᠦᠵᠡᠭᠳᠡᠯ ᠢ ᠭᠠᠭᠴᠠᠭᠠᠷᠳᠠᠮᠠᠯ᠂ ᠵᠣᠭᠰᠤᠩᠬᠢ᠂ ᠥᠷᠦᠭᠡᠰᠦᠯ | ᠢᠶᠠᠷ ᠦᠵᠡᠵᠦ᠂ ᠠᠯᠢᠪᠠ ᠪᠦᠬᠦᠨ ᠢ ᠴᠥᠮ ᠬᠤᠪᠢᠷᠠᠰᠢ ᠦᠭᠡᠢ ᠭᠡᠵᠤ ᠦᠵᠡᠳᠡᠭ ᠵᠣᠭᠰᠤᠩᠭᠤᠢ ᠠᠷᠭ᠎ᠠ ᠶᠢᠨ | ᠦᠵᠡᠯ ᠰᠠᠨᠠᠭ᠎ᠠ ᠪᠣᠯ ᠪᠣᠳᠠᠲᠤ ᠪᠠᠶᠢᠳᠠᠯ ᠳᠤ ᠪᠣᠳᠠᠲᠠᠢ ᠵᠠᠳᠠᠯᠤᠯᠲᠠ ᠬᠢᠬᠦ ᠦᠭᠡᠢ᠂ ᠪᠣᠳᠠᠲᠤ ᠨᠥᠬᠦᠴᠡᠯ ᠢ | ᠬᠠᠶᠢᠬᠤᠷᠬᠤ ᠦᠭᠡᠢ ᠪᠠᠷ ᠦᠬᠦᠮᠡᠯ ᠲᠣᠮᠢᠶ᠎ᠠ ᠪᠠᠨ ᠭᠠᠵᠠᠷ ᠪᠣᠯᠭᠠᠨ ᠳᠤ ᠬᠡᠷᠡᠭᠯᠡᠨ ᠨᠡᠶᠢᠭᠡᠮ ᠤᠨ ᠠᠮᠢᠳᠤᠷᠠᠯ ᠳᠤᠮᠳᠠ | ᠬᠡᠪᠰᠢᠮᠡᠯ ᠦᠵᠡᠯ ᠪᠣᠯᠵᠤ ᠢᠯᠡᠷᠡᠳᠡᠭ᠃ ᠡᠨᠡ ᠬᠦ ᠢᠪᠴᠤᠤ ᠲᠤᠷᠰᠢᠯᠭ᠎ᠠ ᠶᠢ ᠲᠤᠰᠬᠠᠭᠰᠠᠨ ᠵᠣᠬᠢᠰ ᠦᠭᠡᠢ ᠦᠭᠡ | ᠠᠴᠠ ᠡᠰᠢ ᠲᠠᠲᠠᠪᠠᠯ ︽ᠬᠤᠶᠢᠲᠤ ᠡᠬᠡ ᠶᠢ ᠡᠬᠡ ᠳᠤ ᠪᠣᠳᠤᠬᠤ ᠦᠭᠡᠢ᠂ ᠬᠤᠳᠤᠭᠠᠳᠤ ᠲᠠᠢ ᠴᠢᠰᠦ ᠶᠢ ᠬᠤᠭᠤᠯᠠᠨ | ᠳᠤ ᠪᠣᠳᠤᠬᠤ ᠦᠭᠡᠢ︾᠂ ︽ᠮᠠᠭᠤ ᠨᠡᠷ᠎ᠡ ᠶᠢ ᠬᠤᠰᠤᠭᠠᠳ ᠭᠠᠷᠬᠤ ᠦᠭᠡᠢ᠂ ᠰᠠᠶᠢᠨ ᠨᠡᠷ᠎ᠡ ᠶᠢ ᠬᠦᠰᠡᠭᠡᠳ ᠣᠯᠬᠤ | ᠦᠭᠡᠢ︾ ᠭᠡᠬᠦ ᠮᠡᠲᠦ ᠪᠠᠷ ᠵᠣᠭᠰᠤᠩᠭᠤᠢ ᠠᠷᠭ᠎ᠠ ᠶᠢᠨ ᠬᠡᠪᠰᠢᠮᠡᠯ ᠪᠠᠶᠢᠳᠠᠯ ᠢ ᠢᠯᠡᠳᠬᠡᠭᠰᠡᠨ ᠪᠠᠶᠢᠳᠠᠭ᠃ | ᠠᠩᠬᠠᠷᠤᠭᠤᠰᠢᠲᠠᠢ ᠨᠢ ᠡᠳᠡᠭᠡᠷ ᠬᠡᠯᠡᠯᠭᠡ ᠨᠢ ᠬᠡᠳᠦᠶᠢᠪᠡᠷ ᠬᠡᠯᠪᠡᠶᠢᠭᠦᠦ᠂ ᠬᠡᠲᠦ ᠲᠣᠶᠢᠯᠰᠢᠷᠠᠭᠰᠠᠨ ᠤᠳᠬ᠎ᠠ ᠲᠠᠢ | ᠪᠣᠯᠪᠠᠴᠤ ᠲᠡᠷᠡ ᠬᠦ ᠴᠠᠭ ᠦᠶ᠎ᠡ ᠶᠢᠨ ᠲᠦᠭᠡᠮᠡᠯ ᠦᠵᠡᠭᠳᠡᠯ ᠢ ᠦᠨᠡᠨ ᠮᠥᠨ ᠢᠶᠠᠷ᠂ ᠣᠨᠣᠪᠴᠢᠲᠠᠢ ᠲᠤᠰᠬᠠᠵᠤ | ᠪᠠᠶᠢᠭ᠎ᠠ ᠲᠤᠯᠠ ᠮᠥᠨ ᠴᠦ ᠨᠢᠭᠡᠨ ᠴᠢᠳᠠᠮᠭᠠᠢ ᠲᠠᠨᠢᠯᠲᠠ ᠪᠣᠯᠬᠤ ᠶᠤᠮ᠃ | ︵ᠲᠠᠪᠤ︶ ᠲᠠᠨᠢᠯᠲᠠ ᠶᠢᠨ ᠣᠨᠤᠯ ᠤᠨ ᠡᠭᠦᠳᠡᠨ ᠠᠴᠠ ᠠᠪᠴᠤ ᠬᠡᠯᠡᠪᠡᠯ᠂ ᠦᠨᠡᠨ ᠶᠣᠰᠤ ᠪᠠ ᠭᠠᠵᠢᠭᠤ | ᠪᠤᠷᠤᠭᠤ ᠪᠣᠯ ᠠᠳᠠᠯᠢᠳᠬᠠᠯ ᠲᠠᠢ ᠪᠠᠷ ᠣᠷᠤᠰᠢᠵᠤ᠂ ᠠᠮᠢᠳᠤᠷᠠᠯ ᠳᠤᠮᠳᠠ ᠦᠨᠡᠨ ᠪᠠ ᠬᠤᠳᠠᠯ᠂ ᠵᠥᠪ ᠪᠠ ᠪᠤᠷᠤᠭᠤ | ᠡᠰᠡᠷᠭᠦ ᠲᠡᠰᠡᠷᠬᠦ ᠪᠠᠶᠢᠳᠠᠭ ᠪᠢᠯᠡ᠃ ᠡᠶᠢᠮᠦ ᠪᠠᠶᠢᠳᠠᠯ ᠢ ︽ᠡᠷᠢᠵᠦ ᠢᠳᠡᠪᠡᠯ ᠡᠮ ᠪᠣᠯᠵᠤ᠂ ᠬᠤᠯᠠᠭᠠᠶᠢᠯᠠᠵᠤ ᠢᠳᠡᠪᠡᠯ | ᠬᠤᠣᠷ ᠪᠣᠯᠬᠤ︾᠂ ︽ᠠᠳᠤᠭᠤᠨ ᠤ ᠠᠯᠠᠭ ᠰᠠᠶᠢᠬᠠᠨ᠂ ᠠᠶᠠᠭᠠᠨ ᠤ ᠠᠯᠠᠭ ᠮᠠᠭᠤᠬᠠᠢ︾ ᠭᠡᠬᠦ ᠮᠡᠲᠦ ᠪᠠᠷ ᠵᠦᠢ | ᠶᠣᠰᠤᠨ ᠳᠤ ᠨᠡᠶᠢᠴᠡᠭᠰᠡᠨ ᠠᠵᠢᠯᠯᠠᠭ᠎ᠠ ᠬᠢᠭᠡᠳ ᠵᠦᠢ ᠪᠤᠰᠤ ᠶᠢᠨ ᠠᠵᠢᠯᠯᠠᠭ᠎ᠠ ᠶᠢ ᠬᠠᠷᠢᠴᠠᠭᠤᠯᠤᠨ ᠢᠯᠡᠳᠬᠡᠳᠡᠭ᠃ | ᠢᠯᠠᠩᠭᠤᠶ᠎ᠠ ᠦᠢᠯᠡᠳᠦᠯᠭᠡ ᠪᠣᠯ ᠲᠠᠨᠢᠯᠲᠠ ᠶᠢᠨ ᠰᠠᠭᠤᠷᠢ ᠪᠣᠯᠬᠤ ᠤᠳᠬ᠎ᠠ ᠰᠠᠨᠠᠭ᠎ᠠ ᠶᠢ ︽ᠬᠢᠭᠰᠡᠭᠡᠷ ᠭᠢᠭᠰᠡᠭᠡᠷ | ᠬᠠᠰᠢᠷᠵᠢᠵᠤ᠂ ᠬᠡᠯᠡᠭᠰᠡᠭᠡᠷ ᠬᠡᠯᠡᠭᠰᠡᠭᠡᠷ ᠴᠠᠭᠠᠷᠠᠬᠤ︾᠂ ︽ᠵᠤᠷ ᠮᠡᠳᠡᠬᠦ ᠦᠭᠡᠢ ᠯᠠᠮᠠ ᠠᠴᠠ᠂ ᠵᠣᠪᠠᠯᠠᠩ ᠦᠵᠡᠭᠰᠡᠨ | ᠴᠢᠪᠠᠭᠠᠨᠴᠠ ᠳᠡᠭᠡᠷ᠎ᠡ︾ ᠭᠡᠵᠤ ᠬᠥᠮᠥᠰ ᠤᠨ ᠲᠠᠨᠢᠯᠲᠠ᠂ ᠮᠡᠳᠡᠯᠭᠡ᠂ ᠴᠢᠳᠠᠪᠤᠷᠢ ᠪᠣᠯ ᠰᠢᠭᠤᠳ ᠲᠤᠷᠰᠢᠯᠭ᠎ᠠ ᠠᠴᠠ | ᠢᠷᠡᠳᠡᠭ ᠭᠡᠬᠦ ᠪᠣᠳᠠᠰᠴᠢ ᠦᠵᠡᠯ ᠤᠨ ᠦᠢᠯᠡᠳᠦᠯᠭᠡ ᠶᠢᠨ ᠦᠵᠡᠯᠲᠡ ᠶᠢ ᠪᠠᠷᠢᠮᠲᠠᠯᠠᠳᠠᠭ ᠪᠠᠶᠢᠨ᠎ᠠ᠃ | ︵ᠵᠢᠷᠭᠤᠭ᠎ᠠ︶ ᠬᠥᠮᠥᠰ ᠤᠨ ᠬᠥᠳᠡᠯᠮᠦᠷᠢ ᠦᠢᠯᠡᠳᠪᠦᠷᠢᠯᠡᠯ ᠤᠨ ᠶᠠᠪᠤᠴᠠ ᠵᠢᠴᠢ ᠨᠡᠶᠢᠭᠡᠮ ᠤᠨ ᠬᠠᠷᠢᠴᠠᠭᠠᠨ ᠤ | ᠳᠤᠮᠳᠠ ᠨᠡᠶᠢᠭᠡᠮ ᠲᠡᠦᠬᠡ ᠶᠢᠨ ᠦᠵᠡᠯᠲᠡ ᠪᠦᠷᠢᠯᠳᠦᠳᠡᠭ ᠶᠤᠮ᠃ ᠮᠣᠩᠭᠤᠯᠴᠤᠳ ᠨᠡᠶᠢᠭᠡᠮ ᠲᠡᠦᠬᠡ ᠶᠢᠨ | ᠠᠰᠠᠭᠤᠳᠠᠯ ᠳᠡᠭᠡᠷ᠎ᠡ ᠶᠡᠷᠦᠩᠬᠡᠢ ᠳᠡᠭᠡᠨ ᠪᠣᠳᠠᠰᠴᠢ ᠲᠡᠦᠬᠡ ᠶᠢᠨ ᠦᠵᠡᠯᠲᠡ ᠶᠢ ᠪᠠᠷᠢᠮᠲᠠᠯᠠᠵᠤ᠂ ᠬᠥᠳᠡᠯᠮᠦᠷᠢᠴᠢᠨ | ᠠᠷᠠᠳ ᠲᠦᠮᠡᠨ ᠤ ᠲᠡᠦᠬᠡ ᠶᠢ ᠡᠭᠦᠳᠦᠨ ᠪᠦᠲᠦᠭᠡᠭᠴᠢ ᠦᠢᠯᠡᠳᠦᠯ ᠢ ᠵᠥᠪᠰᠢᠶᠡᠷᠡᠳᠡᠭ᠃ ᠡᠨᠡ ᠬᠦ ᠣᠶᠢᠯᠠᠭᠠᠯᠲᠠ | ᠠᠴᠠ ᠡᠭᠦᠰᠴᠦ ︽ᠦᠨᠡᠨ ᠬᠦᠴᠦ ᠲᠠᠢ᠂ ᠣᠯᠠᠨ ᠠᠴᠢᠲᠠᠢ︾᠂ ︽ᠤᠰᠤᠨ ᠤ ᠡᠬᠢ ᠨᠢ ᠪᠤᠯᠠᠭ᠂ ᠤᠯᠤᠰ ᠤᠨ | ᠡᠬᠢ ᠨᠢ ᠠᠷᠠᠳ︾ ᠭᠡᠳᠡᠭ ᠪᠥᠭᠡᠳ ᠮᠥᠯᠵᠢᠭᠴᠢ ᠠᠩᠭᠢ ᠨᠣᠶᠠᠷᠬᠠᠵᠤ ᠪᠠᠶᠢᠭᠰᠠᠨ ᠲᠥᠷᠥ ᠶᠢᠨ ᠬᠤᠳᠠᠯ ᠬᠠᠭᠤᠷᠮᠠᠭ | ᠴᠢᠨᠠᠷ᠂ ᠪᠢᠯᠳᠠᠤᠴᠢ ᠠᠵᠢᠯᠯᠠᠭ᠎ᠠ ᠶᠢ ︽ᠨᠣᠶᠠᠨ ᠤᠷᠪᠠᠭᠠᠴᠢ᠂ ᠨᠣᠬᠠᠢ ᠰᠢᠷᠪᠠᠭᠠᠴᠢ︾᠂ ︽ᠣᠷᠳᠤᠨ ᠳᠤ ᠲᠠᠨᠢᠯ | ᠲᠠᠢ ᠪᠣᠯ᠂ ᠣᠳᠤᠭ᠎ᠠ ᠵᠢᠩᠰᠡ ᠵᠡᠭᠦᠨ᠎ᠡ︾ ᠬᠡᠮᠡᠨ ᠵᠦᠢᠷᠯᠡᠨ ᠬᠥᠮᠥᠰ ᠲᠤ ᠨᠡᠶᠢᠭᠡᠮ ᠢ ᠲᠠᠨᠢᠭᠤᠯᠵᠤ᠂ ᠲᠠᠦᠬᠡ ᠶᠢ | ᠣᠶᠢᠯᠠᠭᠠᠭᠤᠯᠳᠠᠭ ᠪᠠᠶᠢᠨ᠎ᠠ᠃ ᠨᠡᠩ ᠴᠦ ᠹᠸᠦᠳᠠᠯ ᠨᠣᠶᠠᠷᠬᠠᠭᠴᠢᠳ ᠤᠨ ᠰᠡᠳᠬᠢᠯᠴᠢ ᠦᠵᠡᠯ ᠤᠨ ᠬᠤᠪᠢ ᠵᠠᠶᠠᠭᠠᠨ | ᠤ ᠣᠨᠤᠯ ᠢ ᠰᠤᠷᠲᠠᠯᠴᠢᠯᠠᠵᠤ ᠬᠥᠮᠥᠰ ᠤᠨ ᠣᠶᠤᠨ ᠰᠠᠨᠠᠭ᠎ᠠ ᠶᠢ ᠮᠤᠩᠬᠠᠷᠠᠭᠤᠯᠤᠨ ᠠᠷᠠᠳ ᠲᠦᠮᠡᠨ ᠢ ᠮᠡᠬᠡᠯᠡᠨ | ᠳᠠᠷᠤᠯᠠᠵᠤ ᠪᠠᠶᠢᠭᠰᠠᠨ ᠦᠨᠡᠨ ᠳᠦᠷᠢ ᠶᠢ ᠢᠯᠡᠴᠢᠯᠡᠨ ︽ᠵᠠᠶᠠᠭ᠎ᠠ ᠪᠣᠳᠤᠭᠴᠢ ᠵᠢᠷᠠᠨ ᠬᠤᠳᠠᠯᠴᠢ᠂ ᠲᠦᠯᠭᠡ | ᠦᠵᠡᠭᠴᠢ ᠲᠦᠮᠡᠨ ᠬᠤᠳᠠᠯᠴᠢ︾᠂ ︽ᠪᠤᠶᠠᠨ ᠢᠶᠠᠨ ᠬᠦᠯᠢᠶᠡᠪᠡᠯ ᠦᠭᠡᠶᠢᠷᠡᠬᠦ ᠶᠢᠨ ᠲᠡᠮᠳᠡᠭ᠂ ᠪᠤᠷᠬᠠᠨ ᠢᠶᠠᠨ | ᠢᠲᠡᠭᠡᠪᠡᠯ ᠦᠬᠦᠬᠦ ᠶᠢᠨ ᠲᠡᠮᠳᠡᠭ︾ ᠭᠡᠵᠤ ᠵᠦᠢᠷᠯᠡᠭᠰᠡᠨ ᠪᠠᠶᠢᠳᠠᠭ᠃ | ᠬᠤᠶᠠᠷ᠂ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠶᠢᠨ ᠣᠨᠴᠠᠯᠢᠭ | ᠮᠣᠩᠭᠤᠯᠴᠤᠳ ᠤᠰᠤᠨ ᠤ ᠲᠤᠩᠭᠠᠯᠠᠭ᠂ ᠡᠪᠡᠰᠦᠨ ᠤ ᠰᠣᠷᠭᠤᠭ ᠢ ᠰᠣᠩᠭᠤᠵᠤ ᠮᠠᠯᠵᠢᠯ ᠦᠢᠯᠡᠳᠪᠦᠷᠢᠯᠡᠯ | ᠡᠷᠬᠢᠯᠡᠬᠦ ᠶᠠᠪᠤᠴᠠ ᠳᠠᠭᠠᠨ ᠪᠠᠶᠢᠭᠠᠯᠢ ᠣᠷᠴᠢᠨ ᠲᠠᠢ ᠪᠠᠨ ᠵᠣᠬᠢᠴᠠᠨ ᠣᠷᠤᠰᠢᠬᠤ ᠭᠦᠨ ᠤᠬᠠᠭᠠᠨ ᠰᠢᠩᠭᠡᠭᠰᠡᠨ | ᠨᠡᠭᠦᠳᠡᠯ ᠰᠣᠶᠤᠯ ᠢ ᠡᠭᠦᠳᠦᠭᠰᠡᠨ ᠶᠤᠮ᠃ ᠡᠨᠡ ᠬᠦ ᠨᠡᠭᠦᠳᠡᠯ ᠰᠣᠶᠤᠯ ᠨᠢ ᠪᠠᠶᠢᠭᠠᠯᠢ ᠶᠢ ᠠᠵᠢᠭᠯᠠᠵᠤ᠂ ᠨᠡᠶᠢᠭᠡᠮ ᠢ | ᠰᠢᠨᠵᠢᠯᠡᠬᠦ ᠲᠠᠯ᠎ᠠ ᠪᠠᠷ ᠬᠢ ᠴᠢᠯᠦᠭᠡᠲᠦ ᠰᠡᠳᠬᠢᠬᠦᠢ ᠪᠣᠯᠤᠨ ᠠᠭᠤᠵᠢᠮ ᠪᠠᠭᠲᠠᠭᠠᠮᠵᠢᠲᠠᠢ ᠵᠠᠩ ᠴᠢᠨᠠᠷ ᠢ | ᠪᠦᠷᠢᠯᠳᠦᠭᠦᠯᠵᠦ᠂ ᠡᠳᠡᠭᠡᠷ ᠣᠨᠴᠠᠯᠢᠭ ᠨᠢ ᠵᠦᠢᠷ ᠰᠡᠴᠡᠨ ᠦᠭᠡᠨ ᠳᠤ ᠲᠣᠳᠤ ᠬᠠᠷᠠᠭᠳᠠᠵᠤ ᠪᠠᠶᠢᠳᠠᠭ ᠪᠢᠯᠡ᠃ | ︵ᠨᠢᠭᠡ︶ ᠪᠤᠰᠤᠳᠴᠢ ᠴᠢᠨᠠᠷ᠂ ᠲᠦᠭᠡᠮᠡᠯ ᠵᠢᠮ᠎ᠡ ᠶᠣᠰᠤ ᠶᠢ ᠲᠣᠪᠴᠢ ᠠᠪᠰᠠᠷᠬᠠᠨ ᠢᠯᠡᠳᠬᠡᠵᠦ᠂ ᠭᠦᠨ | ᠤᠬᠠᠭᠠᠯᠢᠭ ᠰᠢᠨᠵᠢᠲᠡᠢ ᠪᠠᠶᠢᠳᠠᠭ᠃ ᠮᠣᠩᠭᠤᠯᠴᠤᠳ ᠶᠡᠷᠦ ᠨᠢ ᠤᠴᠢᠷ ᠶᠠᠪᠤᠳᠠᠯ ᠢ ᠠᠵᠢᠭᠯᠠᠬᠤ ᠳᠠᠭᠠᠨ | ᠬᠥᠳᠡᠯᠭᠡᠭᠡᠨᠲᠦ ᠪᠠᠶᠢᠳᠠᠯ᠂ ᠬᠤᠪᠢᠷᠠᠯᠲᠠᠲᠤ ᠴᠢᠨᠠᠷ ᠠᠴᠠ ᠡᠭᠦᠰᠴᠦ᠂ ᠪᠠᠶᠢᠭᠠᠯᠢ ᠶᠢᠨ ᠵᠢᠮ᠎ᠡ᠂ ᠨᠡᠶᠢᠭᠡᠮ ᠤᠨ | ᠦᠵᠡᠭᠳᠡᠯ ᠢ ᠬᠤᠷᠢᠶᠠᠩᠭᠤᠶᠢᠯᠠᠨ ᠳ᠋ᠦᠩᠨᠡᠵᠦ ︽ᠣᠬᠤᠷ ᠠᠪᠰᠠᠷᠬᠠᠨ ᠭᠦᠨ ᠤᠳᠬ᠎ᠠ ᠲᠠᠢ︾ ᠳᠥᠭᠦᠮ | ᠣᠶᠢᠯᠠᠭᠠᠮᠵᠢᠲᠠᠢ ᠵᠦᠢᠷ ᠰᠡᠴᠡᠨ ᠦᠭᠡ ᠶᠢ ᠬᠡᠷᠡᠭᠯᠡᠵᠦ᠂ ᠬᠥᠮᠥᠰ ᠲᠤ ᠤᠴᠢᠷ ᠶᠣᠰᠤ ᠶᠢ ᠠᠮᠢᠳᠤᠯᠢᠭ ᠢᠶᠠᠷ | ᠲᠠᠨᠢᠭᠤᠯᠳᠠᠭ ᠪᠣᠯᠬᠤᠷ ᠬᠠᠭᠤᠴᠢᠷᠠᠵᠤ ᠴᠠᠭ ᠠᠴᠠ ᠥᠩᠭᠡᠷᠡᠬᠦ ᠤᠴᠢᠷ ᠦᠭᠡᠢ᠂ ᠲᠦᠭᠡᠮᠡᠯ ᠬᠡᠷᠡᠭᠯᠡᠭᠡᠨ ᠤ ᠠᠴᠢ | ᠬᠤᠯᠪᠤᠭᠳᠠᠯ ᠲᠠᠢ ᠪᠠᠶᠢᠳᠠᠭ᠃ ᠡᠶᠢᠮᠦ ᠦᠭᠡᠨ ᠠᠴᠠ ᠡᠰᠢ ᠲᠠᠲᠠᠪᠠᠯ ︽ᠴᠠᠭ ᠴᠠᠭ ᠢᠶᠠᠷ ᠢᠶᠠᠨ ᠪᠠᠶᠢᠳᠠᠭ ᠦᠭᠡᠢ᠂ | ᠴᠠᠬᠢᠯᠳᠠᠭ ᠬᠥᠬᠡ ᠪᠠᠷ ᠢᠶᠠᠨ ᠪᠠᠶᠢᠳᠠᠭ ᠦᠭᠡᠢ︾᠂ ︽ᠥᠭᠡᠳᠡᠯᠡᠬᠦ ᠠᠶᠢᠯ ᠤᠨ ᠦᠭᠡ ᠨᠢᠭᠡ᠂ ᠥᠰᠬᠦ ᠮᠠᠯ ᠤᠨ | ᠵᠢᠰᠦ ᠨᠢᠭᠡ︾᠂ ︽ᠳᠤᠤᠭᠠᠷᠪᠠᠯ ᠳᠠᠭᠤ ᠨᠢᠭᠡᠲᠡᠢ᠂ ᠲᠤᠭᠲᠤᠷᠠᠪᠠᠯ ᠬᠦᠴᠦ ᠨᠢᠭᠡᠲᠡᠢ︾ ᠭᠡᠬᠦᠴᠢᠯᠡᠨ ᠨᠡᠶᠢᠭᠡᠮ ᠤᠨ | ᠬᠠᠷᠢᠴᠠᠭ᠎ᠠ᠂ ᠡᠳᠦᠷ ᠲᠤᠲᠤᠮ ᠤᠨ ᠠᠮᠢᠳᠤᠷᠠᠯ ᠪᠣᠯᠤᠨ ᠡᠯ᠎ᠡ ᠵᠦᠢᠯ ᠤᠨ ᠦᠢᠯᠡ ᠬᠡᠷᠡᠭ ᠢ ᠪᠠᠭᠲᠠᠭᠠᠭᠰᠠᠨ ᠲᠦᠭᠡᠮᠡᠯ | ᠤᠳᠬ᠎ᠠ ᠰᠠᠨᠠᠭ᠎ᠠ ᠶᠢ ᠴᠥᠭᠡᠨ ᠦᠭᠡ ᠪᠠᠷ ᠲᠣᠪᠴᠢᠯᠠᠨ ᠢᠯᠡᠳᠬᠡᠵᠦ᠂ ᠣᠶᠢᠯᠠᠭᠠᠬᠤ ᠳᠤ ᠠᠮᠠᠷᠬᠠᠨ᠂ ᠠᠰᠢᠭᠯᠠᠵᠤ | ᠬᠡᠷᠡᠭᠯᠡᠬᠦ ᠳᠤ ᠳᠥᠭᠦᠮ ᠪᠠᠶᠢᠳᠠᠭ ᠪᠥᠭᠡᠳ ᠢᠯᠠᠩᠭᠤᠶ᠎ᠠ ᠣᠳᠤᠬᠠᠨ ᠤ ᠴᠠᠭ ᠦᠶ᠎ᠡ ᠲᠠᠢ ᠵᠡᠷᠭᠡ ᠪᠠᠷ ᠤᠷᠤᠭᠰᠢᠯᠠᠬᠤ᠂ | ᠬᠥᠮᠥᠨ ᠪᠠᠶᠢᠭᠠᠯᠢ ᠶᠢᠨ ᠡᠶ᠎ᠡ ᠵᠣᠬᠢᠴᠠᠯ᠂ ᠬᠥᠮᠥᠨ ᠨᠡᠶᠢᠭᠡᠮ ᠤᠨ ᠡᠶ᠎ᠡ ᠵᠣᠬᠢᠴᠠᠯ᠂ ᠡᠶ᠎ᠡ ᠨᠠᠶᠢᠷᠠᠮᠳᠠᠭᠤ ᠨᠡᠶᠢᠭᠡᠮ ᠢ | ᠪᠠᠶᠢᠭᠤᠯᠬᠤ ᠤᠬᠠᠮᠰᠠᠷ ᠮᠣᠩᠭᠤᠯᠴᠤᠳ ᠤᠨ ᠳᠤᠮᠳᠠ ᠠᠯᠢ ᠡᠷᠲᠡ ᠠᠴᠠ ᠪᠦᠷᠢᠯᠳᠦᠭᠰᠡᠨ ᠢ ᠬᠠᠷᠠᠭᠤᠯᠵᠤ ᠪᠠᠶᠢᠨ᠎ᠠ᠃ | ︵ᠬᠤᠶᠠᠷ︶ ᠨᠡᠭᠦᠳᠡᠯ ᠰᠣᠶᠤᠯ ᠤᠨ ᠥᠪ ᠠᠭᠤᠰᠴᠤ᠂ ᠢᠯᠡ ᠲᠣᠳᠤ ᠣᠷᠤᠨ ᠨᠤᠲᠤᠭ ᠤᠨ ᠰᠢᠨᠵᠢᠲᠡᠢ | ᠪᠠᠶᠢᠳᠠᠭ᠃ ᠶᠡᠷᠦ ᠨᠢ ᠵᠦᠢᠷ ᠰᠡᠴᠡᠨ ᠦᠭᠡ ᠪᠣᠯ ︽ᠪᠠᠶᠢᠭᠠᠯᠢ ᠣᠷᠴᠢᠨ ᠳᠤ ᠡᠭᠦᠰᠴᠦ ᠪᠦᠷᠢᠯᠳᠦᠵᠦ᠂ | ᠬᠥᠭᠵᠢᠭᠰᠡᠨ ᠠᠮᠢᠳᠤᠷᠠᠬᠤᠢ ᠶᠢᠨ ᠤᠬᠠᠭᠠᠨ᠂ ᠣᠷᠤᠨ ᠨᠤᠲᠤᠭ ᠤᠨ ᠴᠢᠨᠠᠷ ᠪᠦᠬᠦᠢ ᠮᠡᠳᠡᠯᠭᠡ ᠶᠢᠨ ᠰᠢᠰᠲ᠋ᠧᠮ︾③ | ᠮᠥᠨ᠃ ᠡᠶᠢᠮᠦ ᠠᠴᠠ ᠣᠷᠤᠨ ᠪᠠᠶᠢᠭᠠᠯᠢ ᠶᠢᠨ ᠣᠨᠴᠠᠯᠢᠭ᠂ ᠠᠮᠢᠳᠤᠷᠠᠯ ᠠᠬᠤᠢ ᠶᠢᠨ ᠬᠡᠷᠡᠭᠴᠡᠭᠡ ᠳᠤ ᠨᠡᠶᠢᠴᠡᠭᠰᠡᠨ | ︽ᠦᠨᠡᠰᠦ ᠪᠠᠨ ᠪᠢᠲᠡᠭᠡᠢ ᠭᠠᠯ ᠲᠠᠢ ᠬᠠᠶᠠ᠂ ᠦᠬᠡᠷ ᠢᠶᠠᠨ ᠪᠢᠲᠡᠭᠡᠢ ᠡᠵᠡᠨ ᠦᠭᠡᠢ ᠵᠠᠯ᠎ᠠ︾᠂ ︽ᠬᠤᠵᠢᠷ ᠲᠠᠢ | ᠤᠰᠤ ᠪᠠᠷ ᠴᠠᠢ ᠪᠣᠣ ᠴᠢᠨᠠ᠂ ᠬᠤᠳᠠᠯᠴᠢ ᠬᠥᠮᠥᠨ ᠢᠶᠠᠷ ᠭᠡᠷᠡᠴᠢ ᠪᠣᠣ ᠬᠢ︾ ᠬᠡᠮᠡᠨ ᠰᠠᠨᠠᠭᠤᠯᠤᠮᠵᠢ ᠥᠭᠳᠡᠭ | ᠪᠥᠭᠡᠳ ᠥᠪᠡᠷᠰᠡᠳ ᠤᠨ ᠠᠵᠤ ᠠᠮᠢᠳᠤᠷᠠᠯ ᠳᠤ ᠬᠤᠯᠪᠤᠭᠳᠠᠬᠤ ᠵᠦᠢᠯᠡᠰ ᠢᠶᠠᠷ ᠳᠦᠷᠰᠦᠯᠡᠨ ︽ᠶᠡᠭᠡ ᠰᠠᠨᠠᠭ᠎ᠠ ᠪᠡᠶ᠎ᠡ | ᠳᠤ ᠵᠣᠬᠢᠬᠤ ᠦᠭᠡᠢ᠂ ᠢᠰᠡᠭᠡᠢ ᠬᠠᠪᠲᠠᠭ᠎ᠠ ᠲᠠᠰᠢᠶᠠᠨ ᠳᠤ ᠵᠣᠬᠢᠬᠤ ᠦᠭᠡᠢ︾᠂ ︽ᠡᠮᠡᠭᠡᠯ ᠲᠠᠢ ᠮᠣᠷᠢ ᠬᠠᠵᠠᠭᠠᠷ | ᠲᠠᠢ ᠨᠢ ᠳᠡᠭᠡᠷ᠎ᠡ᠂ ᠡᠷᠬᠡ ᠲᠠᠢ ᠬᠥᠮᠥᠨ ᠬᠢᠵᠠᠭᠠᠷ ᠲᠠᠢ ᠨᠢ ᠳᠡᠭᠡᠷ᠎ᠡ︾᠂ ︽ᠦᠷ᠎ᠡ ᠦᠭᠡᠢ ᠬᠥᠮᠥᠨ ᠦᠬᠦᠬᠦ ᠳᠡᠭᠡᠨ | ᠂ ᠦᠬᠡᠷ ᠦᠭᠡᠢ ᠠᠶᠢᠯ ᠨᠡᠭᠦᠬᠦ ᠳᠡᠭᠡᠨ︾ ᠭᠡᠬᠦᠴᠢᠯᠡᠨ ᠭᠠᠵᠠᠷ ᠣᠷᠤᠨ ᠤ ᠦᠢᠯᠡᠳᠪᠦᠷᠢᠯᠡᠯ ᠤᠨ ᠪᠠᠶᠢᠳᠠᠯ᠂ | ᠠᠮᠢᠳᠤᠷᠠᠯ ᠤᠨ ᠵᠠᠩ ᠳᠠᠳᠬᠠᠯ᠂ ᠬᠡᠷᠡᠭᠴᠡᠭᠡᠲᠦ ᠮᠡᠳᠡᠯᠭᠡ᠂ ᠶᠣᠰᠤ ᠰᠤᠷᠲᠠᠬᠤᠨ ᠤ ᠪᠠᠷᠢᠮᠵᠢᠶ᠎ᠠ ᠶᠢ ᠠᠮᠠᠨ ᠶᠠᠷᠢᠶᠠᠨ ᠤ | ᠬᠡᠯᠡᠯᠭᠡ ᠪᠠᠷ ᠢᠯᠡᠳᠬᠡᠭᠰᠡᠨ ᠪᠣᠯᠬᠤᠷ ᠣᠶᠢᠯᠠᠭᠠᠮᠵᠢᠲᠠᠢ ᠪᠥᠭᠡᠳ ᠠᠮᠢᠳᠤᠯᠢᠭ ᠲᠥᠷᠥᠭᠳᠡᠯ ᠥᠭᠬᠦ ᠶᠢᠨ ᠬᠠᠮᠲᠤᠳᠠ | ᠬᠥᠮᠥᠰ ᠤᠨ ᠲᠠᠨᠢᠯᠲᠠ ᠵᠥᠪ᠂ ᠤᠬᠠᠮᠰᠠᠷ ᠥᠨᠳᠦᠷ ᠪᠠᠶᠢᠬᠤ ᠶᠢ ᠴᠢᠬᠤᠯᠠᠴᠢᠯᠠᠵᠠᠢ᠃ | ︵ᠭᠤᠷᠪᠠ︶ ᠣᠶᠤᠨᠴᠢ ᠴᠢᠨᠠᠷ ᠢᠶᠠᠷ ᠥᠨᠳᠦᠷ᠂ ᠰᠤᠷᠭᠠᠯ ᠴᠡᠭᠡᠷᠯᠡᠯ ᠤᠨ ᠰᠢᠨᠵᠢᠲᠡᠢ ᠪᠠᠶᠢᠳᠠᠭ᠃ | ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠠᠮᠢᠳᠤᠷᠠᠯ ᠠᠬᠤᠢ ᠶᠢᠨ ᠦᠨᠡᠨ ᠪᠠᠶᠢᠳᠠᠯ᠂ | ᠪᠦᠬᠦ ᠲᠠᠯ᠎ᠠ ᠶᠢ ᠲᠤᠰᠬᠠᠵᠤ᠂ ᠬᠥᠮᠥᠰ ᠤᠨ ᠨᠡᠶᠢᠭᠡᠮ ᠤᠨ ᠬᠠᠷᠢᠴᠠᠭ᠎ᠠ᠂ ᠠᠮᠢᠳᠤᠷᠠᠯ ᠳᠤ ᠬᠠᠨᠳᠤᠬᠤ ᠣᠪᠤᠷ ᠪᠣᠯᠤᠨ | ᠥᠷᠲᠡᠭ ᠤᠨ ᠦᠵᠡᠯᠲᠡ ᠵᠡᠷᠭᠡ ︽ᠥᠷᠭᠡᠨ ᠠᠭᠤᠯᠭ᠎ᠠ᠂ ᠣᠯᠠᠨ ᠤᠳᠬ᠎ᠠ ᠶᠢ ᠢᠯᠡᠷᠡᠭᠦᠯᠵᠦ︾ ᠬᠡᠷᠡᠭ ᠪᠣᠳᠠᠰ᠂ | ᠦᠵᠡᠭᠳᠡᠯ ᠢ ᠨᠣᠲᠠᠯᠠᠬᠤ ᠪᠤᠶᠤ ᠦᠭᠡᠶᠢᠰᠬᠡᠬᠦ᠂ ᠳ᠋ᠦᠩᠨᠡᠵᠦ ᠴᠡᠭᠡᠷᠯᠡᠬᠦ᠂ ᠤᠷᠮᠠᠰᠢᠭᠤᠯᠤᠨ ᠵᠣᠷᠢᠭᠵᠢᠭᠤᠯᠬᠤ᠂ | ᠬᠥᠲᠦᠯᠦᠨ ᠵᠢᠯᠣᠭᠤᠳᠬᠤ ᠵᠡᠷᠭᠡ ᠠᠭᠤᠯᠭ᠎ᠠ ᠪᠠᠷ ᠪᠠᠶᠠᠯᠢᠭ᠂ ᠤᠳᠬ᠎ᠠ ᠰᠠᠨᠠᠭ᠎ᠠ ᠭᠦᠨᠵᠡᠭᠡᠢ ᠦᠭᠡ ᠨᠦᠭᠦᠳ ᠪᠡᠯᠡᠨ | ᠪᠠᠶᠢᠵᠤ᠂ ᠥᠪᠡᠷᠰᠡᠳ ᠤᠨ ᠣᠷᠴᠢᠨ ᠪᠠᠶᠢᠳᠠᠯ᠂ ᠠᠬᠤᠢ ᠨᠥᠬᠦᠴᠡᠯ ᠳᠡᠭᠡᠨ ᠲᠣᠬᠢᠷᠠᠬᠤ ᠠᠭᠤᠯᠭ᠎ᠠ ᠪᠦᠬᠦᠢ ᠦᠭᠡ | ᠶᠢ ᠰᠣᠩᠭᠤᠨ ᠬᠡᠷᠡᠭᠯᠡᠬᠦ ᠳᠤ ᠳᠥᠭᠦᠮ ᠪᠠᠶᠢᠳᠠᠭ᠃ ᠡᠳᠡᠭᠡᠷ ᠵᠦᠢᠷ ᠰᠡᠴᠡᠨ ᠦᠭᠡᠨ ᠠᠴᠠ ᠡᠰᠢ ᠲᠠᠲᠠᠪᠠᠯ᠄ | ᠨᠤᠲᠠᠯᠠᠬᠤ ᠦᠭᠡᠶᠢᠰᠬᠡᠬᠦ ᠤᠳᠬ᠎ᠠ ᠲᠠᠢ ︽ᠪᠦᠯᠬᠦᠮᠳᠡᠪᠡᠯ ᠢᠯᠠᠬᠤ ᠶᠢᠨ ᠲᠡᠮᠳᠡᠭ᠂ ᠪᠦᠯᠦᠭᠴᠢᠯᠡᠪᠡᠯ ᠬᠠᠭᠠᠴᠠᠬᠤ ᠶᠢᠨ | ᠲᠡᠮᠳᠡᠭ︾᠂ ︽ᠬᠠᠵᠢᠨ ᠬᠥᠮᠥᠨ ᠬᠠᠨᠢ ᠦᠭᠡᠢ᠂ ᠬᠠᠮᠬᠤᠤᠯ ᠡᠪᠡᠰᠦ ᠰᠢᠮ᠎ᠡ ᠦᠭᠡᠢ︾ ᠭᠡᠵᠤ ᠡᠶ᠎ᠡ ᠨᠢᠭᠲᠠᠷᠠᠯ ᠢ | ᠡᠷᠬᠢᠮᠯᠡᠨ ᠡᠪᠳᠡᠷᠡᠯ ᠬᠠᠭᠠᠴᠠᠯ ᠢ ᠬᠢᠴᠢᠶᠡᠳᠡᠭ᠂ ᠳ᠋ᠦᠩᠨᠡᠬᠦ ᠪᠤᠶᠤ ᠴᠡᠭᠡᠷᠯᠡᠬᠦ ᠤᠳᠬ᠎ᠠ ᠲᠠᠢ ︽ᠥᠭᠡᠳᠡ ᠦᠭᠡᠢ | ᠪᠣᠳᠤᠯ᠂ ᠥᠪᠡᠷ ᠤᠨ ᠪᠡᠶ᠎ᠡ ᠳᠤ ᠬᠤᠣᠷ︾᠂ ︽ᠡᠪᠯᠡᠪᠡᠯ ᠪᠦᠲᠦᠨ᠎ᠡ᠂ ᠬᠤᠪᠯᠠᠪᠠᠯ ᠭᠤᠲᠤᠨ᠎ᠠ︾ ᠭᠡᠵᠤ | ᠰᠤᠷᠭᠠᠮᠵᠢᠯᠠᠨ ᠨᠥᠬᠦᠳ ᠵᠠᠭᠤᠷ᠎ᠠ ᠶᠢᠨ ᠬᠠᠷᠢᠴᠠᠭ᠎ᠠ ᠶᠢ ᠵᠣᠬᠢᠴᠠᠭᠤᠯᠤᠨ ᠲᠣᠬᠢᠷᠠᠭᠤᠯᠵᠤ ᠡᠮᠬᠢ ᠳᠢᠭᠯᠢᠮ ᠢ | ᠪᠠᠲᠤᠯᠠᠳᠠᠭ᠂ ᠤᠷᠮᠠᠰᠢᠭᠤᠯᠤᠨ ᠵᠣᠷᠢᠭᠵᠢᠭᠤᠯᠬᠤ ᠤᠳᠬ᠎ᠠ ᠲᠠᠢ ︽ᠡᠷ᠎ᠡ ᠥᠰᠴᠦ᠂ ᠢᠰᠡᠭᠡᠢ ᠰᠤᠨᠤᠳᠠᠭ︾᠂ ︽ | ᠳᠠᠬᠤ ᠶᠢᠨ ᠳᠣᠣᠷ᠎ᠠ ᠡᠷ᠎ᠡ᠂ ᠲᠠᠬᠢ ᠶᠢᠨ ᠳᠣᠣᠷ᠎ᠠ ᠬᠥᠯᠥᠭ︾ ᠬᠡᠮᠡᠨ ᠣᠶᠤᠨ ᠰᠠᠨᠠᠭᠠᠨ ᠤ ᠬᠥᠳᠡᠯᠭᠡᠭᠴᠢ ᠬᠥᠴᠦᠨ | ᠢᠶᠠᠷ ᠬᠥᠮᠥᠰ ᠤᠨ ᠨᠤᠭᠤᠷᠠᠯ ᠪᠦᠳᠦᠷᠢᠯ ᠢ ᠢᠯᠠᠭᠤᠯᠬᠤ ᠵᠣᠷᠢᠭ ᠰᠥᠰᠦ ᠶᠢ ᠬᠥᠮᠥᠵᠢᠭᠦᠯᠳᠡᠭ᠂ ᠬᠥᠲᠦᠯᠦᠨ | ᠳᠠᠭᠠᠭᠤᠯᠬᠤ ᠤᠳᠬ᠎ᠠ ᠲᠠᠢ ︽ᠠᠵᠢᠯ ᠬᠢᠵᠦ ᠬᠥᠮᠥᠨ ᠪᠣᠯᠳᠠᠭ᠂ ᠠᠷᠤ ᠶᠢ ᠳᠠᠪᠠᠵᠤ ᠬᠥᠯᠥᠭ ᠪᠣᠯᠳᠠᠭ︾᠂ ︽ᠡᠳ᠋ | ᠢᠶᠠᠷ ᠪᠡᠶ᠎ᠡ ᠪᠠᠨ ᠴᠢᠮᠡᠬᠦ ᠪᠠᠷ᠂ ᠡᠷᠳᠡᠮ ᠢᠶᠠᠷ ᠪᠡᠶ᠎ᠡ ᠪᠠᠨ ᠴᠢᠮ᠎ᠡ︾ ᠵᠡᠷᠭᠡ ᠬᠡᠯᠡᠬᠦ ᠳᠤ ᠤᠷᠤᠰᠤᠮ᠎ᠠ᠂ ᠴᠡᠭᠡᠵᠢᠯᠡᠬᠦ ᠳᠤ | ᠬᠢᠯᠪᠠᠷ ᠦᠭᠡ ᠪᠠᠷ ᠬᠥᠮᠥᠰ ᠤᠨ ᠦᠢᠯᠡ ᠠᠵᠢᠯᠯᠠᠭ᠎ᠠ ᠳᠤ ᠶᠣᠰᠤ ᠰᠤᠷᠲᠠᠬᠤᠨ ᠤ ᠬᠡᠪ ᠳᠦᠷᠢᠮᠵᠢᠯ ᠪᠣᠯᠤᠨ | ᠪᠠᠷᠢᠮᠵᠢᠶ᠎ᠠ ᠶᠢ ᠲᠣᠭᠲᠠᠭᠠᠵᠤ᠂ ᠮᠠᠭᠤ ᠮᠠᠭᠤᠬᠠᠢ ᠶᠢ ᠵᠢᠭᠰᠢᠨ᠂ ᠡᠮᠵᠡᠭ ᠲᠠᠢ ᠵᠦᠢᠯ᠂ ᠵᠣᠬᠢᠰ ᠦᠭᠡᠢ ᠦᠵᠡᠭᠳᠡᠯ ᠢ | ᠰᠢᠭᠦᠮᠵᠢᠯᠡᠨ ᠲᠠᠶᠠᠭᠳᠠᠭᠤᠯᠵᠤ᠂ ᠪᠣᠯᠪᠠᠰᠤᠨ ᠵᠠᠩ ᠰᠤᠷᠲᠠᠬᠤᠨ ᠢ ᠡᠷᠬᠢᠮᠯᠡᠨ ᠬᠥᠮᠥᠨ ᠪᠣᠯᠬᠤ ᠶᠢᠨ ᠤᠴᠢᠷ ᠶᠣᠰᠤ | ᠶᠢ ᠲᠠᠨᠢᠭᠤᠯᠤᠨ ᠰᠤᠷᠭᠠᠮᠵᠢᠯᠠᠵᠤ᠂ ᠥᠰᠪᠦᠷᠢ ᠪᠠᠭᠠᠴᠤᠳ ᠤᠨ ᠵᠠᠮ ᠠᠴᠠ ᠪᠠᠨ ᠭᠠᠵᠢᠬᠤ ᠶᠢ ᠰᠡᠷᠡᠮᠵᠢᠯᠡᠭᠦᠯᠦᠨ | ᠰᠡᠷᠭᠡᠶᠢᠯᠡᠵᠦ᠂ ᠰᠡᠩᠬᠡᠷᠡᠭᠦᠯᠦᠯ ᠤᠨ ᠬᠦᠴᠦᠨ ᠢᠶᠠᠷ ᠴᠢᠩᠭ᠎ᠠ ᠪᠠᠶᠢᠳᠠᠭ᠃ | ︵ᠳᠥᠷᠪᠡ︶ ᠨᠡᠶᠢᠭᠡᠮ ᠤᠨ ᠳᠠᠪᠰᠢᠯᠲᠠ᠂ ᠴᠠᠭ ᠡᠷᠡᠨ ᠤ ᠬᠡᠷᠡᠭᠴᠡᠭᠡ ᠲᠠᠢ ᠵᠣᠬᠢᠴᠠᠨ ᠨᠡᠭᠡᠭᠡᠯᠲᠡᠲᠦ ᠰᠢᠨᠵᠢᠲᠡᠢ | ᠪᠠᠶᠢᠳᠠᠭ᠃ ︽ᠬᠥᠮᠥᠰ ᠵᠥᠪᠬᠡᠨ ᠪᠠᠶᠢᠭᠠᠯᠢ᠂ ᠣᠷᠴᠢᠨ ᠠᠬᠤᠢ ᠲᠠᠢ ᠵᠣᠬᠢᠴᠠᠬᠤ ᠲᠡᠳᠦᠢ ᠪᠢᠰᠢ᠂ ᠨᠡᠩ ᠴᠢᠬᠤᠯᠠ | ᠨᠢ ᠴᠠᠭ ᠦᠶ᠎ᠡ᠂ ᠨᠡᠶᠢᠭᠡᠮ ᠲᠠᠢ ᠵᠣᠬᠢᠴᠠᠬᠤ ᠬᠡᠷᠡᠭᠲᠡᠢ︾④ ᠶᠤᠮ᠃ ᠣᠨᠤᠯ ᠤᠨ ᠡᠭᠦᠳᠡᠨ ᠠᠴᠠ ᠥᠪᠡᠷ ᠤᠨ | ᠦᠵᠡᠯ ᠤᠬᠠᠮᠰᠠᠷ ᠢᠶᠠᠨ ᠪᠤᠰᠤᠳ ᠤᠨ ᠬᠢ ᠳᠤ ᠬᠢᠯᠪᠠᠷᠬᠠᠨ ᠵᠣᠬᠢᠴᠠᠭᠤᠯᠤᠨ ᠬᠤᠪᠢᠷᠠᠭᠤᠯᠬᠤ ᠶᠢ ᠨᠡᠭᠡᠭᠡᠯᠲᠡᠲᠦ | ᠴᠢᠨᠠᠷ ᠲᠠᠢ ᠰᠣᠶᠤᠯ ᠭᠡᠵᠤ᠂ ᠪᠤᠰᠤᠳ ᠤᠨ ᠦᠵᠡᠯ ᠤᠬᠠᠮᠰᠠᠷ ᠢ ᠥᠪᠡᠷ ᠤᠨ ᠬᠢ ᠳᠡᠭᠡᠨ ᠵᠣᠬᠢᠴᠠᠭᠤᠯᠤᠨ | ᠬᠤᠪᠢᠷᠠᠭᠤᠯᠬᠤ ᠶᠢ ᠪᠢᠲᠡᠭᠦᠮᠵᠢᠯᠡᠯ ᠤᠨ ᠴᠢᠨᠠᠷᠲᠠᠢ ᠰᠣᠶᠤᠯ ᠭᠡᠳᠡᠭ᠃ ᠬᠠᠷᠢᠴᠠᠩᠭᠤᠢ ᠪᠠᠷ ᠬᠡᠯᠡᠪᠡᠯ ︽ᠮᠣᠩᠭᠤᠯ | ᠦᠨᠳᠦᠰᠦᠲᠡᠨ ᠤ ᠰᠣᠶᠤᠯ ᠪᠣᠯ ᠨᠡᠭᠡᠭᠡᠯᠲᠡᠲᠦ ᠴᠢᠨᠠᠷᠲᠠᠢ ᠰᠣᠶᠤᠯ ᠮᠥᠨ᠃ ᠁ ᠲᠡᠦᠬᠡᠨ ᠳᠡᠭᠡᠷ᠎ᠡ ᠮᠣᠩᠭᠤᠯ | ᠰᠣᠶᠤᠯ ᠨᠢ ᠣᠨᠳᠤᠤ ᠰᠣᠶᠤᠯ ᠳᠤ ᠶᠡᠬᠡᠬᠡᠨ ᠬᠡᠮᠵᠢᠶᠡᠨ ᠳᠡᠭᠡᠷ᠎ᠡ ᠪᠠᠭᠲᠠᠭᠠᠬᠤ ᠣᠪᠤᠷ ᠢ ᠠᠪᠳᠠᠭ︾⑤ ᠪᠠᠶᠢᠭᠰᠠᠨ | ᠪᠥᠭᠡᠳ ᠦᠢᠯᠡᠳᠦᠯᠭᠡ ᠶᠢᠨ ᠥᠷᠭᠡᠵᠢᠯ᠂ ᠲᠠᠨᠢᠯᠲᠠ ᠶᠢᠨ ᠭᠦᠨᠵᠡᠭᠡᠶᠢᠷᠡᠯ ᠢ ᠳᠠᠭᠠᠯᠳᠤᠨ ᠮᠣᠩᠭᠤᠯᠴᠤᠳ ᠴᠠᠭ ᠡᠷᠡᠨ | ᠤ ᠱᠠᠭᠠᠷᠳᠠᠯᠭ᠎ᠠ ᠶᠢ ᠲᠤᠰᠬᠠᠭᠰᠠᠨ ᠰᠢᠨ᠎ᠡ ᠰᠣᠷᠭᠤᠭ ᠠᠭᠤᠯᠭ᠎ᠠ ᠲᠠᠢ ᠵᠦᠢᠷ ᠰᠡᠴᠡᠨ ᠦᠭᠡ ᠵᠣᠬᠢᠶᠠᠬᠤ ᠪᠤᠶᠤ | ᠬᠦᠯᠢᠶᠡᠨ ᠠᠪᠴᠤ᠂ ᠠᠭᠤᠯᠭ᠎ᠠ ᠨᠢ ᠤᠯᠠᠮ ᠢᠶᠠᠷ ᠪᠠᠶᠠᠯᠢᠭᠵᠢᠵᠤ ᠪᠠᠶᠢᠳᠠᠭ᠃ ᠵᠢᠱᠢᠶᠡᠯᠡᠪᠡᠯ᠄ ︽ᠡᠷᠳᠡᠮ ᠢ | ᠬᠦᠰᠡᠪᠡᠯ ᠪᠢᠴᠢᠭ ᠰᠤᠷ᠂ ᠡᠷᠡᠭᠦᠯ ᠢ ᠬᠦᠰᠡᠪᠡᠯ ᠴᠡᠪᠡᠷ ᠶᠠᠪᠤ︾᠂ ︽ᠨᠠᠮ ᠤᠨ ᠪᠣᠳᠤᠯᠭ᠎ᠠ ᠨᠡᠶᠢᠲᠡ ᠳᠤ᠂ ᠲᠥᠷᠥ | ᠶᠢᠨ ᠪᠣᠳᠤᠯᠭ᠎ᠠ ᠲᠦᠮᠡᠨ ᠳᠤ︾ ᠭᠡᠬᠦ ᠵᠡᠷᠭᠡ ᠪᠠᠷ ᠨᠡᠶᠢᠭᠡᠮ ᠤᠨ ᠬᠥᠭᠵᠢᠯᠲᠡ ᠶᠢ ᠳᠠᠭᠠᠯᠳᠤᠨ᠂ ᠴᠠᠭ ᠦᠶ᠎ᠡ ᠲᠠᠢ | ᠵᠡᠷᠭᠡ ᠪᠠᠷ ᠤᠷᠤᠭᠰᠢᠯᠠᠳᠠᠭ ᠨᠡᠭᠡᠭᠡᠯᠲᠡᠲᠦ ᠰᠣᠶᠤᠯ ᠤᠨ ᠬᠦᠴᠦᠷᠬᠡᠭ ᠶᠡᠭᠡ ᠠᠮᠢᠯᠠᠯ ᠤᠨ ᠬᠦᠴᠦᠨ ᠢ | ᠬᠠᠷᠠᠭᠤᠯᠤᠭᠰᠠᠨ ᠪᠠᠶᠢᠨ᠎ᠠ᠃ | ᠭᠤᠷᠪᠠ᠂ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠶᠢᠨ ᠠᠬᠤᠶᠢᠴᠢ ᠠᠴᠢ | ᠬᠤᠯᠪᠤᠭᠳᠠᠯ | ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠪᠣᠳᠠᠲᠠᠢ ᠳᠤ ᠰᠠᠭᠤᠷᠢᠯᠠᠭᠰᠠᠨ ︽ | ᠠᠵᠤ ᠲᠥᠷᠥᠬᠦ ᠶᠣᠰᠤᠨ ᠤ ᠨᠡᠶᠢᠲᠡᠯᠢᠭ ᠰᠢᠨᠵᠢ︾ ᠪᠣᠯᠤᠨ ᠢᠷᠡᠭᠡᠳᠦᠢ ᠳᠤ ᠬᠠᠨᠳᠤᠬᠤ ᠢᠳᠡᠪᠬᠢᠲᠦ ᠣᠪᠤᠷ ᠢ | ᠢᠯᠡᠳᠬᠡᠵᠦ᠂ ︽ᠦᠶ᠎ᠡ ᠶᠢᠨ ᠦᠶ᠎ᠡ ᠳᠡᠭᠡᠨ ᠤᠯᠠᠮᠵᠢᠯᠠᠵᠤ᠂ ᠶᠠᠪᠤᠬᠤ ᠲᠤᠲᠤᠮ ᠪᠠᠶᠠᠯᠢᠭᠵᠢᠨ ᠬᠥᠭᠵᠢᠭᠰᠡᠨ ᠵᠦᠢᠷ | ᠰᠡᠴᠡᠨ ᠦᠭᠡ ᠪᠣᠯ ᠮᠣᠩᠭᠤᠯᠴᠤᠳ ᠤᠨ ᠠᠮᠢᠳᠤᠷᠠᠯ ᠤᠨ ᠲᠣᠯᠢ ᠪᠣᠯᠬᠤ ᠪᠠᠷ ᠦᠯᠦ ᠪᠠᠷᠠᠨ ᠠᠮᠢᠳᠤᠷᠠᠬᠤᠢ ᠶᠢᠨ | ᠤᠬᠠᠭᠠᠨ ᠤ ᠬᠤᠷᠢᠶᠠᠩᠭᠤᠢ︾⑥ ᠪᠣᠯᠵᠤ᠂ ᠠᠷᠠᠳ ᠤᠨ ᠳᠤᠮᠳᠠ ᠳᠡᠯᠭᠡᠷᠡᠨ ᠲᠦᠭᠡᠮᠡᠯᠵᠢᠵᠦ᠂ ᠬᠥᠮᠥᠰ ᠲᠤ ᠠᠵᠤ | ᠠᠮᠢᠳᠤᠷᠠᠯ ᠤᠨ ᠵᠦᠭᠯᠡᠭᠦᠷ᠂ ᠠᠵᠢᠯ ᠦᠢᠯᠡᠰ ᠤᠨ ᠬᠢᠨᠢ ᠵᠢᠯᠣᠭᠤᠳᠤᠯᠭ᠎ᠠ ᠪᠣᠯᠵᠤ᠂ ᠥᠷᠭᠡᠨ ᠳᠡᠯᠭᠡᠷ ᠦᠢᠯᠡᠳᠦᠯ | ᠬᠢᠭᠡᠳ ᠭᠦᠨ ᠬᠦᠨᠵᠡᠭᠡᠢ ᠠᠴᠢ ᠬᠤᠯᠪᠤᠭᠳᠠᠯ ᠲᠠᠢ ᠶᠤᠮ᠃ | ︵ᠨᠢᠭᠡ︶ ᠮᠡᠳᠡᠯᠭᠡ ᠤᠯᠠᠮᠵᠢᠯᠠᠬᠤ ᠠᠴᠢ ᠬᠤᠯᠪᠤᠭᠳᠠᠯᠲᠠᠢ᠃ ᠮᠣᠩᠭᠤᠯ ᠵᠦᠢᠷ ᠰᠡᠴᠡᠨ ᠦᠭᠡ ᠪᠣᠯ | ᠮᠣᠩᠭᠤᠯᠴᠤᠳ ᠤᠨ ᠠᠮᠢᠳᠤᠷᠠᠯ ᠲᠡᠮᠡᠴᠡᠯ ᠤᠨ ᠲᠤᠷᠰᠢᠯᠭ᠎ᠠ ᠶᠢ ᠬᠤᠷᠢᠶᠠᠩᠭᠤᠶᠢᠯᠠᠨ ᠳ᠋ᠦᠩᠨᠡᠭᠰᠡᠨ ᠮᠡᠳᠡᠯᠭᠡ ᠶᠢᠨ ᠰᠠᠩ | ᠮᠥᠨ᠃ ︽ᠮᠣᠩᠭᠤᠯ ᠤᠨ ᠭᠦᠨ ᠤᠬᠠᠭᠠᠨ ᠤ ᠦᠵᠡᠯ ᠰᠠᠨᠠᠭ᠎ᠠ ᠤᠷᠲᠤ ᠵᠣᠬᠢᠶᠠᠯ ᠤᠷᠤᠰᠤᠮ᠎ᠠ ᠶᠠᠷᠢᠶ᠎ᠠ ᠪᠠᠷ | ᠢᠯᠡᠷᠡᠭᠰᠡᠨ ᠪᠢᠰᠢ᠂ ᠬᠠᠷᠢᠨ ᠣᠬᠤᠷ ᠠᠪᠰᠠᠷᠬᠠᠨ᠂ ᠭᠦᠨ ᠤᠳᠬ᠎ᠠ ᠲᠠᠢ ᠪᠢᠯᠢᠭ ᠰᠤᠷᠭᠠᠯ ᠤᠨ ᠬᠡᠯᠪᠡᠷᠢ ᠪᠠᠷ | ᠢᠯᠡᠷᠡᠵᠦ︾⑦ ᠣᠶᠤᠨ ᠪᠢᠯᠢᠭ ᠢ ᠨᠡᠭᠡᠭᠡᠭᠳᠡᠭᠦᠯᠵᠦ᠂ ᠦᠰᠦᠭ ᠪᠢᠴᠢᠭ ᠳᠡᠯᠭᠡᠷᠡᠭᠡᠳᠦᠢ ᠦᠶ᠎ᠡ ᠳᠤ ᠬᠥᠮᠥᠰ ᠲᠤ | ᠣᠶᠤᠨ ᠤ ᠰᠢᠮ᠎ᠡ ᠶᠢ ᠬᠦᠷᠲᠡᠭᠡᠵᠦ᠂ ᠮᠡᠳᠡᠯᠭᠡ ᠤᠯᠠᠮᠵᠢᠯᠠᠬᠤ᠂ ᠮᠡᠳᠡᠯᠭᠡ ᠰᠤᠷᠬᠤ ᠲᠣᠯᠢ ᠪᠢᠴᠢᠭ ᠤᠨ ᠦᠢᠯᠡᠳᠦᠯ | ᠦᠵᠡᠭᠦᠯᠵᠦ ᠪᠠᠶᠢᠪᠠ᠃ ᠲᠤᠬᠠᠶᠢᠯᠠᠪᠠᠯ᠄ ︽ᠤᠰᠤ ᠮᠡᠳᠡᠬᠦ ᠦᠭᠡᠢ ᠬᠥᠮᠥᠨ ᠴᠤᠪᠤᠭ᠎ᠠ ᠳᠠᠭ᠎ᠠ᠂ ᠨᠤᠲᠤᠭ ᠮᠡᠳᠡᠬᠦ | ᠦᠭᠡᠢ ᠬᠥᠮᠥᠨ ᠬᠦᠷᠦᠭᠡᠰᠦ ᠳᠠᠭ᠎ᠠ︾ ᠬᠡᠮᠡᠨ ᠠᠮᠢᠳᠤᠷᠠᠯ ᠤᠨ ᠮᠡᠳᠡᠯᠭᠡ ᠪᠠᠨ ᠤᠯᠠᠮᠵᠢᠯᠠᠳᠠᠭ ᠪᠠᠶᠢᠨ᠎ᠠ᠃ ᠡᠭᠦᠨ ᠢᠶᠠᠷ | ᠪᠠᠷᠠᠬᠤ ᠦᠭᠡᠢ ᠨᠡᠶᠢᠭᠡᠮ ᠤᠨ ᠡᠷᠢᠶᠡᠨ ᠪᠠᠷᠠᠭᠠᠨ ᠢ ᠲᠠᠨᠢᠭᠤᠯᠵᠤ᠂ ︽ᠭᠡᠭᠡᠨ ᠤ ᠠᠮᠠ ᠲᠡᠭᠰᠢ᠂ ᠭᠡᠯᠦᠩ ᠤᠨ ᠠᠮᠠ | ᠬᠡᠯᠲᠡᠭᠡᠢ︾ ᠭᠡᠵᠤ᠂ ᠠᠮᠢᠳᠤᠷᠠᠯ ᠤᠨ ᠬᠦᠴᠢᠷ ᠪᠡᠷᠬᠡ ᠶᠢ ᠣᠶᠢᠯᠠᠭᠠᠭᠤᠯᠬᠤ ᠡᠭᠦᠳᠡᠨ ᠠᠴᠠ ︽ᠡᠷ᠎ᠡ ᠬᠥᠮᠥᠨ | ᠲᠤᠭ ᠴᠦ ᠪᠠᠷᠢᠳᠠᠭ᠂ ᠲᠤᠭᠤᠯ ᠴᠦ ᠬᠠᠷᠢᠭᠤᠯᠳᠠᠭ︾ ᠭᠡᠬᠦ ᠵᠦᠢᠷ ᠰᠡᠴᠡᠨ ᠦᠭᠡ ᠪᠠᠷ ᠰᠠᠶᠢᠨ ᠮᠠᠭᠤ᠂ ᠰᠠᠶᠢᠬᠠᠨ | ᠮᠠᠭᠤᠬᠠᠢ᠂ ᠦᠨᠡᠨ ᠬᠤᠳᠠᠯ ᠢ ᠲᠣᠳᠤᠷᠠᠭᠤᠯᠤᠨ ᠴᠢᠬᠤᠯᠠᠲᠠᠢ ᠬᠥᠮᠥᠵᠢᠯ ᠢ ᠴᠠᠭ ᠲᠤᠬᠠᠢ ᠳᠤᠨᠢ ᠲᠣᠬᠢᠶᠠᠯᠳᠤᠭᠤᠯᠤᠨ | ᠬᠡᠷᠡᠭᠯᠡᠵᠦ ᠴᠢᠳᠠᠭᠰᠠᠨ ᠠᠴᠠ ᠵᠣᠬᠢᠬᠤ ᠠᠴᠢ ᠬᠤᠯᠪᠤᠭᠳᠠᠯ ᠳᠡᠭᠡᠷ᠎ᠡ ᠪᠠᠨ ᠪᠣᠳᠠᠲᠤ ᠠᠮᠢᠳᠤᠷᠠᠯ ᠠᠴᠠ ᠵᠠᠶᠢᠳᠠᠭᠤ | ᠪᠠᠶᠢᠭ᠎ᠠ ᠬᠢᠴᠢᠶᠡᠯ ᠤᠨ ᠭᠡᠷ ᠲᠤ ᠬᠡᠶᠢᠰᠪᠦᠷᠢ ᠣᠨᠤᠯ ᠢ ᠦᠬᠦᠮᠡᠯ ᠢᠶᠠᠷ ᠴᠡᠭᠡᠵᠢᠯᠡᠭᠦᠯᠦᠭᠰᠡᠨ ᠠᠴᠠ ᠦᠷ᠎ᠡ ᠳ᠋ᠦᠩ ᠨᠢ | ᠰᠠᠶᠢᠨ ᠪᠠᠶᠢᠵᠤ᠂ ᠬᠡᠦᠬᠡᠳ ᠪᠠᠭᠠᠴᠤᠳ ᠤᠨ ᠣᠶᠤᠨ ᠢ ᠨᠡᠭᠡᠭᠡᠭᠳᠡᠭᠦᠯᠵᠦ᠂ ᠤᠬᠠᠭᠠᠨ ᠢ ᠲᠡᠯᠡᠵᠦ᠂ ᠰᠡᠳᠬᠢᠴᠡ ᠶᠢᠨ | ᠬᠦᠷᠢᠶ᠎ᠡ ᠶᠢ ᠥᠷᠭᠡᠵᠢᠭᠦᠯᠵᠦ᠂ ᠤᠴᠢᠷ ᠶᠣᠰᠤ ᠶᠢ ᠲᠠᠨᠢᠬᠤ ᠪᠠ ᠰᠢᠨᠵᠢᠯᠡᠬᠦ ᠤᠬᠠᠭᠠᠨᠴᠢ ᠶᠢᠷᠲᠢᠨᠴᠦ ᠶᠢᠨ ᠦᠵᠡᠯᠲᠡ᠂ | ᠵᠥᠪ ᠣᠨᠤᠪᠴᠢᠲᠡᠢ ᠠᠮᠢᠳᠤᠷᠠᠬᠤᠢ ᠶᠢᠨ ᠦᠵᠡᠯᠲᠡ ᠪᠣᠯᠤᠨ ᠥᠷᠲᠡᠭ ᠤᠨ ᠦᠵᠡᠯᠲᠡ ᠶᠢ ᠪᠣᠢ ᠪᠣᠯᠭᠠᠬᠤ ᠳᠤᠨᠢ | ᠲᠤᠰᠠ ᠳᠡᠮᠵᠢᠯᠭᠡ ᠪᠣᠯᠵᠤ ᠠᠴᠢ ᠬᠤᠯᠪᠤᠭᠳᠠᠯ ᠢᠶᠠᠷ ᠥᠨᠳᠦᠷ ᠪᠠᠶᠢᠳᠠᠭ᠃ ᠡᠶᠢᠮᠦᠷᠬᠦᠦ ᠴᠢᠯᠦᠭᠡᠲᠡᠢ ᠬᠥᠮᠥᠵᠢᠯ ᠨᠢ | ᠵᠣᠬᠢᠬᠤ ᠤᠳᠬ᠎ᠠ ᠳᠡᠭᠡᠷ᠎ᠡ ᠪᠠᠨ ᠠᠯᠪᠠᠳᠠᠯᠭ᠎ᠠ ᠶᠢᠨ ᠴᠢᠨᠠᠷᠲᠠᠢ ᠰᠤᠷᠭᠠᠨ ᠬᠥᠮᠥᠵᠢᠯ ᠠᠴᠠ ᠵᠠᠶᠢᠯᠠᠰᠬᠢᠬᠤ | ᠪᠦᠲᠦᠮᠵᠢᠲᠡᠢ ᠠᠷᠭ᠎ᠠ ᠪᠣᠯᠤᠨ᠎ᠠ᠃ | ︵ᠬᠤᠶᠠᠷ︶ ᠲᠠᠨᠢᠯᠲᠠ ᠶᠢᠨ ᠠᠴᠢ ᠬᠤᠯᠪᠤᠭᠳᠠᠯᠲᠠᠢ ᠪᠠᠶᠢᠳᠠᠭ᠃ ᠰᠡᠳᠬᠢᠬᠦᠢ ᠶᠢᠨ ᠡᠭᠦᠳᠡᠨ ᠠᠴᠠ ᠲᠠᠨᠢᠯᠲᠠ | ᠶᠢ ᠯᠣᠭᠢᠭᠴᠢ ᠴᠢᠨᠠᠷᠲᠠᠢ ᠲᠠᠨᠢᠯᠲᠠ ᠪᠣᠯᠤᠨ ᠲᠤᠷᠰᠢᠯᠭ᠎ᠠ ᠶᠢᠨ ᠴᠢᠨᠠᠷᠲᠠᠢ ᠲᠠᠨᠢᠯᠲᠠ ᠭᠡᠵᠤ ᠬᠤᠶᠠᠷ ᠲᠥᠷᠥᠯ ᠳᠤ | ᠬᠤᠪᠢᠶᠠᠳᠠᠭ᠃ ᠯᠣᠬᠢᠭᠴᠢ ᠴᠢᠨᠠᠷᠲᠠᠢ ᠲᠠᠨᠢᠯᠲᠠ ᠪᠣᠯ ᠪᠦᠷᠢᠨ ᠪᠦᠲᠦᠨ ᠴᠢᠨᠠᠷ ᠪᠠ ᠬᠡᠶᠢᠰᠪᠦᠷᠢ ᠴᠢᠨᠠᠷᠲᠠᠢ ᠪᠠᠶᠢᠵᠤ᠂ | ᠲᠤᠷᠰᠢᠯᠭ᠎ᠠ ᠶᠢᠨ ᠴᠢᠨᠠᠷᠲᠠᠢ ᠲᠠᠨᠢᠯᠲᠠ ᠪᠣᠯ ᠡᠭᠦᠳᠦᠨ ᠪᠦᠲᠦᠭᠡᠯᠲᠡᠲᠦ ᠴᠢᠨᠠᠷ ᠪᠠ ᠨᠡᠭᠡᠭᠡᠯᠲᠡᠲᠦ ᠴᠢᠨᠠᠷᠲᠠᠢ ᠪᠠᠶᠢᠳᠠᠭ | ᠶᠤᠮ᠃ ᠮᠣᠩᠭᠤᠯᠴᠤᠳ ᠤᠨ ᠰᠡᠳᠬᠢᠬᠦᠢ ᠶᠢᠨ ᠣᠨᠴᠠᠯᠢᠭ ᠲᠤ ᠡᠨᠡ ᠬᠤᠶᠠᠷ ᠲᠠᠯ᠎ᠠ ᠶᠢ ᠴᠥᠮ ᠪᠠᠭᠲᠠᠭᠠᠵᠤ᠂ ᠰᠡᠷᠡᠯ | ᠤᠨ ᠲᠤᠷᠰᠢᠯᠭ᠎ᠠ ᠠᠴᠠ ᠣᠶᠤᠨ ᠤ ᠬᠡᠶᠢᠰᠪᠦᠷᠢᠯᠡᠯ ᠳᠤ ᠬᠦᠷᠦᠭᠰᠡᠨ ᠪᠠᠶᠢᠳᠠᠯ ᠵᠦᠢᠷ ᠰᠡᠴᠡᠨ ᠦᠭᠡᠨ ᠳᠤᠨᠢ | ᠲᠣᠳᠤᠷᠬᠠᠢ ᠲᠤᠰᠬᠠᠭᠳᠠᠵᠤ ᠪᠠᠶᠢᠳᠠᠭ᠃ ᠲᠤᠬᠠᠶᠢᠯᠠᠪᠠᠯ᠄ ︽ᠬᠥᠮᠥᠨ ᠤ ᠡᠷᠢᠶᠡᠨ ᠳᠣᠲᠤᠷ᠎ᠠ ᠪᠠᠨ᠂ ᠮᠣᠭᠠᠢ ᠶᠢᠨ | ᠡᠷᠢᠶᠡᠨ ᠭᠠᠳᠠᠨ᠎ᠠ ᠪᠠᠨ︾᠂ ︽ᠰᠠᠶᠢᠨ ᠳᠤ ᠰᠠᠳᠤᠨ ᠣᠶᠢᠷ᠎ᠠ᠂ ᠮᠠᠭᠤ ᠳᠤ ᠨᠥᠬᠦᠷ ᠬᠤᠯᠠ︾ ᠭᠡᠬᠦ ᠮᠡᠲᠦ ᠪᠠᠷ | ᠨᠢᠳᠦᠨ ᠳᠤ ᠦᠵᠡᠭᠳᠡᠬᠦ ᠳᠦᠷᠰᠦᠯᠡᠯ ᠤᠨ ᠠᠷᠤ ᠳᠤ ᠮᠠᠰᠢ ᠭᠦᠨ ᠳᠠᠯᠳᠠ ᠤᠳᠬ᠎ᠠ ᠰᠠᠨᠠᠭ᠎ᠠ ᠠᠭᠤᠯᠤᠭᠳᠠᠵᠤ᠂ ᠡᠨᠡ | ᠶᠠᠮᠠᠷ ᠤᠳᠬ᠎ᠠ ᠰᠠᠨᠠᠭ᠎ᠠ ᠲᠠᠢ ᠪᠣᠢ︖ ᠬᠡᠮᠡᠨ ᠰᠡᠳᠬᠢᠭᠦᠯᠬᠦ ᠶᠢᠨ ᠬᠠᠮᠲᠤᠳᠠ ᠠᠰᠠᠭᠤᠳᠠᠯ ᠳᠤ ᠬᠠᠨᠳᠤᠬᠤ ᠣᠪᠤᠷ᠂ | ᠰᠢᠢᠳᠪᠦᠷᠢᠯᠡᠬᠦ ᠠᠷᠭ᠎ᠠ ᠶᠢ ᠪᠣᠳᠤᠯᠬᠢᠯᠠᠭᠤᠯᠵᠤ᠂ ᠬᠥᠮᠥᠰ ᠤᠨ ᠰᠡᠳᠬᠢᠬᠦᠢ ᠶᠢ ᠠᠮᠢᠳᠤᠯᠢᠭᠵᠢᠭᠤᠯᠳᠠᠭ ᠪᠠᠶᠢᠨ᠎ᠠ᠃ | ︵ᠭᠤᠷᠪᠠ︶ ᠰᠤᠷᠭᠠᠨ ᠬᠥᠮᠥᠵᠢᠭᠦᠯᠬᠦ ᠠᠴᠢ ᠬᠤᠯᠪᠤᠭᠳᠠᠯᠲᠠᠢ᠃ ︽ᠵᠦᠢᠷ ᠰᠡᠴᠡᠨ ᠦᠭᠡᠨ ᠳᠤ | ᠬᠡᠶᠢᠰᠪᠦᠷᠢ ᠰᠠᠨᠠᠭᠠᠨ ᠤ ᠡᠭᠦᠳᠡᠨ ᠠᠴᠠ ᠬᠤᠭᠤᠰᠤᠨ ᠰᠡᠴᠡᠷᠬᠡᠬᠦ ᠴᠢᠭᠯᠡᠯ ᠣᠭᠲᠤ ᠦᠭᠡᠢ᠂ ᠢᠮᠠᠭᠲᠠ ᠠᠮᠢᠳᠤᠷᠠᠯ | ᠤᠨ ᠦᠨᠡᠨ ᠢ ᠬᠡᠯᠡᠵᠦ᠂ ᠬᠤᠷᠸ᠎ᠠ ᠶᠢᠨ ᠥᠩᠭᠡ ᠨᠢᠭᠤᠷ ᠢ ᠲᠠᠨᠢᠬᠤ᠂ ᠬᠥᠮᠥᠨ ᠤ ᠠᠵᠤ ᠠᠮᠢᠵᠢᠷᠠᠭᠠᠨ ᠤ ᠰᠠᠨᠠᠭ᠎ᠠ | ᠰᠡᠬᠡᠭᠡ ᠠᠪᠤᠭᠤᠯᠤᠨ᠂ ᠰᠠᠶᠢᠨ ᠢ ᠳᠠᠭᠠᠵᠤ᠂ ᠮᠠᠭᠤ ᠶᠢ ᠵᠢᠭᠰᠢᠭᠦᠯᠬᠦ ᠰᠤᠷᠭᠠᠯ ᠢᠶᠠᠷ ᠳᠦᠭᠦᠷᠡᠩ︾⑧ ᠪᠠᠶᠢᠵᠤ᠂ | ᠪᠠᠶᠢᠭᠠᠯᠢ ᠶᠢ ᠲᠠᠨᠢᠵᠤ᠂ ᠨᠡᠶᠢᠭᠡᠮ ᠢ ᠣᠶᠢᠯᠠᠭᠠᠬᠤ ᠲᠥᠯᠬᠢᠭᠦᠷ ᠪᠣᠯᠵᠤ᠂ ᠬᠥᠮᠥᠰ ᠢ ᠰᠠᠶᠢᠨ ᠰᠠᠶᠢᠬᠠᠨ ᠲᠡᠶᠢᠰᠢ | ᠬᠥᠲᠥᠯᠦᠨ ᠳᠠᠭᠠᠭᠤᠯᠵᠤ᠂ ᠠᠵᠤ ᠠᠮᠢᠳᠤᠷᠠᠯ ᠤᠨ ᠬᠢᠨᠢ ᠵᠦᠭᠯᠡᠭᠦᠷ᠂ ᠠᠵᠢᠯ ᠦᠢᠯᠡᠰ ᠤᠨ ᠬᠢᠨᠢ ᠵᠢᠯᠣᠭᠤᠳᠤᠯᠭ᠎ᠠ | ᠪᠣᠯᠳᠠᠭ ᠪᠠᠶᠢᠨ᠎ᠠ᠃ ᠡᠶᠢᠮᠦ ᠦᠭᠡ ᠠᠴᠠ ᠳᠤᠷᠠᠳᠪᠠᠯ᠄ ︽ᠪᠤᠷᠮ᠎ᠠ ᠪᠠᠷ ᠲᠡᠵᠢᠭᠡᠬᠦ ᠪᠠᠷ᠂ ᠤᠷᠮ᠎ᠠ ᠪᠠᠷ ᠲᠡᠵᠢᠭᠡ︾᠂ | ︽ᠪᠤᠯᠢᠬᠠᠶᠢᠯᠠᠵᠤ ᠣᠯᠤᠭᠰᠠᠨ ᠣᠯᠵᠠ ᠠᠴᠠ᠂ ᠪᠤᠷᠬᠠᠨ ᠰᠡᠳᠬᠢᠯ ᠤᠨ ᠭᠠᠷᠤᠵᠠ ᠳᠡᠭᠡᠷ᠎ᠡ︾ ᠭᠡᠬᠦ ᠮᠡᠲᠦ ᠰᠤᠷᠭᠠᠯ | ᠴᠡᠭᠡᠷᠯᠡᠯ ᠤᠨ ᠦᠭᠡ ᠪᠠᠷ ᠬᠥᠮᠥᠵᠢᠯ ᠬᠢᠵᠦ᠂ ᠶᠠᠭᠤ ᠶᠢ ᠡᠷᠬᠢᠮᠯᠡᠬᠦ᠂ ᠶᠠᠭᠤ ᠶᠢ ᠪᠤᠷᠤᠭᠤᠰᠢᠶᠠᠬᠤ ᠲᠤᠬᠠᠢ ᠦᠵᠡᠯᠲᠡ | ᠲᠠᠨᠢᠯᠲᠠ ᠶᠢ ᠨᠢ ᠵᠢᠯᠣᠭᠤᠳᠳᠠᠭ ᠪᠢᠯᠡ᠃ ᠮᠥᠨ ᠴᠦ ᠨᠡᠶᠢᠭᠡᠮ ᠤᠨ ᠠᠮᠢᠳᠤᠷᠠᠯ ᠪᠣᠯ ᠪᠤᠳᠤᠯᠢᠶᠠᠨᠲᠠᠢ ᠪᠠᠶᠢᠵᠤ | ᠠᠮᠢᠳᠤᠷᠠᠯ ᠤᠨ ᠵᠠᠮ ᠳᠤ ᠬᠦᠴᠢᠷ ᠪᠡᠷᠬᠡᠰᠢᠶᠡᠯ ᠲᠣᠬᠢᠶᠠᠯᠳᠤᠳᠠᠭ ᠲᠤᠯᠠ ︽ᠮᠠᠶᠢᠯᠠᠭᠰᠠᠭᠠᠷ ᠮᠠᠶᠢᠯᠠᠭᠰᠠᠭᠠᠷ ᠮᠠᠯ | ᠪᠣᠯᠵᠤ᠂ ᠤᠬᠢᠯᠠᠭᠰᠠᠭᠠᠷ ᠤᠬᠢᠯᠠᠭᠰᠠᠭᠠᠷ ᠬᠥᠮᠥᠨ ᠪᠣᠯᠳᠠᠭ︾ ᠭᠡᠰᠡᠨ ᠶᠣᠰᠤ ᠤᠴᠢᠷ ᠢ ᠰᠠᠨᠠᠭᠤᠯᠵᠤ ︽ᠡᠷᠬᠡ ᠶᠢ | ᠰᠤᠷᠬᠤ ᠪᠠᠷ᠂ ᠪᠡᠷᠬᠡ ᠶᠢ ᠰᠤᠷ︾ ᠭᠡᠵᠤ ᠬᠡᠦᠬᠡᠳ ᠪᠠᠭᠠᠴᠤᠤᠯ ᠤᠨ ᠰᠡᠳᠬᠢᠯ ᠤᠨ ᠳᠠᠭᠠᠭᠠᠴᠠ ᠶᠢ | ᠪᠣᠯᠪᠠᠰᠤᠷᠠᠭᠤᠯᠵᠤ᠂ ᠲᠡᠰᠪᠦᠷᠢ ᠬᠠᠲᠠᠭᠤᠵᠢᠯ ᠢ ᠬᠥᠮᠥᠵᠢᠭᠦᠯᠳᠡᠭ ᠪᠠᠶᠢᠨ᠎ᠠ᠃ | ︵ᠳᠥᠷᠪᠡ︶ ᠠᠷᠭ᠎ᠠ ᠶᠢᠨ ᠤᠬᠠᠭᠠᠨ ᠤ ᠠᠴᠢ ᠬᠤᠯᠪᠤᠭᠳᠠᠯᠲᠠᠢ ᠪᠠᠶᠢᠳᠠᠭ᠃ ᠬᠥᠮᠥᠨ ᠲᠥᠷᠥᠯᠬᠢᠲᠡᠨ | ᠠᠴᠠ ᠶᠢᠷᠲᠢᠨᠴᠦ ᠶᠢ ᠲᠠᠨᠢᠬᠤ ᠶᠢᠨ ᠵᠣᠷᠢᠯᠭ᠎ᠠ ᠪᠣᠯ ᠶᠢᠷᠲᠢᠨᠴᠦ ᠶᠢ ᠥᠭᠡᠷᠡᠴᠢᠯᠡᠬᠦ ᠳᠤ ᠪᠠᠶᠢᠳᠠᠭ᠃ ᠨᠡᠭᠦᠳᠡᠯᠴᠢᠨ | ᠮᠣᠩᠭᠤᠯᠴᠤᠳ ᠤᠨ ᠠᠵᠤ ᠠᠮᠢᠳᠤᠷᠠᠯ ᠤᠨ ᠱᠠᠭᠠᠷᠳᠠᠯᠭ᠎ᠠ ᠠᠴᠠ ᠪᠦᠷᠢᠯᠳᠦᠭᠰᠡᠨ ᠳᠥᠭᠦᠮ ᠠᠪᠰᠠᠷᠬᠠᠨ ᠨᠢᠭᠡ | ᠶᠠᠭᠤᠮ᠎ᠠ ᠪᠠᠷ ᠣᠯᠠᠨ ᠶᠠᠭᠤᠮ᠎ᠠ ᠶᠢ ᠣᠷᠤᠯᠠᠭᠤᠯᠬᠤ ᠵᠠᠩᠰᠢᠯ ᠬᠢᠭᠡᠳ ᠨᠡᠯᠢᠶᠡᠳ ᠲᠦᠪᠡᠭᠲᠡᠢ ᠤᠴᠢᠷ ᠢ ᠳᠥᠭᠦᠮ | ᠬᠢᠯᠪᠠᠷᠬᠠᠨ ᠰᠢᠢᠳᠪᠦᠷᠢᠯᠡᠳᠡᠭ ᠴᠢᠳᠠᠪᠤᠷᠢ ᠨᠢ ᠵᠦᠢᠷ ᠰᠡᠴᠡᠨ ᠦᠭᠡᠨ ᠳᠤ ᠲᠤᠰᠬᠠᠭᠳᠠᠵᠤ᠂ ᠲᠣᠪᠴᠢ ᠠᠪᠰᠠᠷᠬᠠᠨ | ᠨᠢᠭᠡ ᠠᠭᠤᠯᠭ᠎ᠠ ᠪᠠᠷ ᠣᠯᠠᠨ ᠤᠳᠬ᠎ᠠ ᠶᠢ ᠢᠯᠡᠳᠬᠡᠵᠦ᠂ ᠠᠳᠠᠯᠢ ᠪᠤᠰᠤ ᠪᠠᠶᠢᠳᠠᠯ ᠳᠤ ᠲᠣᠬᠢᠷᠠᠭᠤᠯᠤᠨ ᠬᠡᠷᠡᠭᠯᠡᠵᠦ | ᠪᠣᠯᠳᠠᠭ ᠠᠮᠢᠳᠤᠯᠢᠭ ᠴᠢᠨᠠᠷ ᠪᠣᠯᠤᠨ ᠬᠤᠪᠢᠰᠤᠩᠭᠤᠢ ᠴᠢᠨᠠᠷ ᠪᠣᠯᠤᠨ ᠢᠯᠡᠷᠡᠳᠡᠭ᠃ ᠮᠣᠩᠭᠤᠯᠴᠤᠳ ᠠᠵᠤ ᠠᠮᠢᠳᠤᠷᠠᠯ | ᠤᠨ ᠶᠠᠪᠤᠴᠠ ᠳᠠᠭᠠᠨ ᠠᠳᠠᠯᠢ ᠪᠤᠰᠤ ᠠᠰᠠᠭᠤᠳᠠᠯ ᠢ ᠠᠳᠠᠯᠢ ᠪᠤᠰᠤ ᠠᠷᠭ᠎ᠠ ᠪᠠᠷ ᠰᠢᠢᠳᠪᠦᠷᠢᠯᠡᠬᠦ ᠡᠭᠦᠳᠡᠨ ᠠᠴᠠ | ᠲᠣᠬᠢᠶᠠᠯᠳᠤᠭᠰᠠᠨ ᠬᠡᠷᠡᠭ ᠶᠠᠪᠤᠳᠠᠯ ᠢ ᠵᠦᠢ ᠵᠣᠬᠢᠰᠲᠠᠢ ᠰᠢᠢᠳᠪᠦᠷᠢᠯᠡᠳᠡᠭ ᠪᠠᠶᠢᠳᠠᠯ ᠢ ᠢᠯᠡᠳᠬᠡᠭᠰᠡᠨ ︽ | ᠣᠷᠤᠭ᠎ᠠ ᠮᠣᠷᠢ ᠶᠢ ᠤᠷᠭ᠎ᠠ ᠪᠠᠷ᠂ ᠠᠭᠤᠷ ᠲᠠᠢ ᠬᠥᠮᠥᠨ ᠢ ᠠᠷᠭ᠎ᠠ ᠪᠠᠷ︾᠂ ︽ᠡᠷᠢᠯ ᠢ ᠰᠤᠷᠠᠭ ᠢᠶᠠᠷ᠂ ᠡᠷᠳᠡᠮ ᠢ | ᠬᠢᠴᠢᠶᠡᠯ ᠢᠶᠠᠷ︾ ᠭᠡᠬᠦ ᠠᠷᠭ᠎ᠠ ᠶᠢᠨ ᠤᠬᠠᠭᠠᠨ ᠰᠢᠩᠭᠡᠭᠰᠡᠨ ᠵᠦᠢᠷ ᠰᠡᠴᠡᠨ ᠦᠭᠡ ᠣᠯᠠᠨ ᠪᠠᠶᠢᠳᠠᠭ ᠪᠥᠭᠡᠳ | ᠪᠤᠳᠤᠯᠢᠶᠠᠨᠲᠠᠢ ᠵᠥᠷᠢᠴᠡᠯ ᠤᠨ ᠳᠤᠮᠳᠠ ᠭᠤᠣᠯᠳᠠᠯᠭ᠎ᠠ ᠶᠢ ᠠᠳᠬᠤᠵᠤ᠂ ᠠᠵᠢᠯ ᠢᠶᠠᠨ ᠠᠮᠵᠢᠯᠲᠠ ᠲᠠᠢ ᠪᠡᠶᠡᠯᠡᠭᠦᠯᠬᠦ | ᠶᠢ ᠢᠯᠡᠳᠬᠡᠭᠰᠡᠨ ︽ᠭᠤᠣᠯ ᠭᠠᠲᠤᠯᠬᠤ ᠳᠤ ᠣᠯᠤᠮ ᠢ ᠡᠷᠢ᠂ ᠭᠤᠣᠯᠴᠢ ᠶᠠᠷᠢᠬᠤ ᠳᠤ ᠶᠣᠰᠤ ᠶᠢ ᠪᠠᠷᠢ︾᠂ ︽ | ᠶᠠᠷ᠎ᠠ ᠲᠠᠢ ᠮᠣᠳᠤᠨ ᠤ ᠶᠠᠷ᠎ᠠ ᠳᠡᠭᠡᠷ᠎ᠡ ᠨᠢ ᠴᠣᠬᠢ᠂ ᠶᠠᠷᠳᠠᠭ ᠨᠣᠬᠠᠢ ᠶᠢᠨ ᠰᠢᠯᠢᠨ ᠳᠡᠭᠡᠷ᠎ᠡ ᠨᠢ ᠴᠣᠬᠢ︾ ᠭᠡᠬᠦ | ᠵᠡᠷᠭᠡ ᠦᠭᠡ ᠶᠢ ᠪᠦᠲᠦᠭᠡᠯᠴᠢ ᠪᠠᠷ ᠰᠣᠩᠭᠤᠨ ᠬᠡᠷᠡᠭᠯᠡᠵᠦ᠂ ᠠᠰᠠᠭᠤᠳᠠᠯ ᠢ ᠵᠥᠪ ᠲᠠᠨᠢᠵᠤ᠂ ᠵᠦᠢᠲᠡᠢ | ᠰᠢᠢᠳᠪᠦᠷᠢᠯᠡᠬᠦ ᠳᠤ ᠦᠨᠳᠦᠰᠦᠨ ᠴᠢᠭᠯᠡᠯ ᠬᠢᠭᠡᠳ ᠵᠠᠷᠴᠢᠮ ᠢ ᠬᠠᠩᠭᠠᠵᠤ ᠪᠠᠶᠢᠳᠠᠭ ᠶᠤᠮ᠃ ᠶᠡᠷᠦ ᠨᠢ ᠵᠦᠢᠷ ᠰᠡᠴᠡᠨ | ᠦᠭᠡᠨ ᠳᠤ ︽ᠣᠷᠴᠢᠯᠠᠩ ᠤᠨ ᠲᠤᠬᠠᠢ ᠭᠦᠨ ᠤᠬᠠᠭᠠᠨ ᠤ ᠣᠨᠤᠯ ᠪᠣᠳᠤᠷᠤᠤᠯ ᠠᠴᠠ ᠡᠳᠦᠷ ᠲᠤᠲᠤᠮ ᠤᠨ ᠠᠵᠢᠯ | ᠶᠠᠪᠤᠳᠠᠯ ᠬᠦᠷᠲᠡᠯᠡᠬᠢ ᠵᠦᠢᠯᠡᠰ ᠴᠥᠮ ᠢᠶᠠᠷ ᠪᠠᠭᠲᠠᠵᠤ︾ ⑨ᠭᠦᠨ ᠤᠬᠠᠭᠠᠨ ᠤ ᠤᠳᠬ᠎ᠠ ᠰᠠᠨᠠᠭ᠎ᠠ ᠬᠡᠳᠦᠢ ᠭᠦᠨ | ᠠᠭᠤᠯᠤᠭᠳᠠᠬᠤ ᠳᠤᠲᠤᠮ ᠬᠡᠷᠡᠭᠯᠡᠭᠳᠡᠬᠦ ᠬᠡᠪᠴᠢᠶ᠎ᠡ ᠲᠡᠳᠦᠢ ᠥᠷᠭᠡᠨ᠂ ᠤᠯᠠᠮᠵᠢᠯᠠᠭᠳᠠᠬᠤ ᠬᠤᠭᠤᠴᠠᠭ᠎ᠠ ᠨᠢ ᠳᠡᠳᠦᠢ | ᠤᠷᠲᠤ ᠪᠠᠶᠢᠵᠤ᠂ ᠠᠴᠢ ᠬᠤᠯᠪᠤᠭᠳᠠᠯ ᠨᠢ ᠴᠦ ᠨᠡᠩ ᠶᠡᠭᠡ ᠪᠠᠶᠢᠳᠠᠭ ᠶᠤᠮ᠃ | ᠶᠡᠷᠦᠩᠬᠡᠶᠢᠯᠡᠭᠡᠳ ᠬᠡᠯᠡᠪᠡᠯ᠂ ᠮᠣᠩᠭᠤᠯᠴᠤᠳ ᠤᠨ ᠪᠠᠶᠢᠩᠭᠤ ᠬᠡᠷᠡᠭᠯᠡᠳᠡᠭ ᠵᠦᠢᠷ ᠰᠡᠴᠡᠨ ᠦᠭᠡ ᠨᠢ ᠪᠣᠳᠠᠲᠤ | ᠠᠮᠢᠳᠤᠷᠠᠯ ᠤᠨ ᠲᠤᠷᠰᠢᠯᠭ᠎ᠠ ᠰᠤᠷᠭᠠᠮᠵᠢ᠂ ᠨᠡᠶᠢᠭᠡᠮ ᠲᠡᠦᠬᠡ ᠶᠢᠨ ᠦᠵᠡᠯᠲᠡ ᠲᠠᠨᠢᠯᠲᠠ᠂ ᠶᠣᠰᠤ ᠰᠤᠷᠲᠠᠬᠤᠨ ᠤ | ᠬᠡᠪ ᠪᠠᠷᠢᠮᠵᠢᠶ᠎ᠠ ᠶᠢ ᠲᠣᠪᠴᠢ ᠲᠣᠳᠤᠷᠠᠭᠤᠨ᠂ ᠳᠥᠭᠦᠮ ᠠᠪᠰᠠᠷᠬᠠᠨ᠂ ᠤᠷᠠᠨ ᠳᠦᠷᠰᠦᠯᠢᠭ ᠢᠶᠠᠷ ᠢᠯᠡᠳᠬᠡᠵᠦ᠂ | ᠪᠠᠶᠢᠭᠠᠯᠢ ᠶᠢᠨ ᠵᠢᠮ᠎ᠡ᠂ ᠨᠡᠶᠢᠭᠡᠮ ᠤᠨ ᠦᠵᠡᠭᠳᠡᠯ ᠢ ᠬᠤᠷᠢᠶᠠᠩᠭᠤᠶᠢᠯᠠᠨ ᠲᠤᠰᠬᠠᠭᠰᠠᠨ ᠤ ᠬᠤᠪᠢ ᠳᠤ ᠣᠶᠤᠨᠴᠢ | ᠴᠢᠨᠠᠷ ᠢᠶᠠᠷ ᠥᠨᠳᠦᠷ ᠪᠠᠶᠢᠵᠤ᠂ ︽ᠮᠣᠩᠭᠤᠯᠴᠤᠳ ᠤᠨ ᠠᠮᠢᠳᠤᠷᠠᠯ ᠤᠨ ᠪᠦᠷᠢᠨ ᠲᠣᠯᠢ᠂ ᠲᠠᠨᠢᠯᠲᠠ | ᠰᠡᠳᠬᠢᠬᠦᠢ ᠶᠢᠨ ᠣᠬᠢ ᠰᠢᠮ᠎ᠡ᠂ ᠠᠮᠠᠨ ᠶᠠᠷᠢᠶᠠᠨ ᠤ ᠭᠦᠨ ᠤᠬᠠᠭᠠᠨ ᠪᠣᠯᠵᠤ︾⑩ ᠶᠢᠷᠲᠢᠨᠴᠦ ᠶᠢᠨ ᠦᠵᠡᠯᠲᠡ ᠪᠠ | ᠠᠷᠭ᠎ᠠ ᠶᠢᠨ ᠣᠨᠤᠯ ᠤᠨ ᠠᠴᠢ ᠬᠤᠯᠪᠤᠭᠲᠠᠯ ᠲᠠᠢ ᠶᠤᠮ᠃ ᠡᠶᠢᠮᠦ ᠠᠴᠠ ᠬᠤᠶᠢᠰᠢᠳᠠ ᠲᠡᠭᠦᠨ ᠤ ᠭᠦᠨ ᠤᠬᠠᠭᠠᠯᠢᠭ | ᠴᠢᠨᠠᠷ ᠢ ᠰᠢᠨᠵᠢᠯᠡᠨ ᠰᠤᠳᠤᠯᠬᠤ ᠶᠠᠪᠤᠳᠠᠯ ᠪᠣᠯ ︽ᠳᠠᠪᠰᠢᠭᠰᠠᠨ ᠰᠣᠶᠤᠯ ᠤᠨ ᠤᠷᠤᠭᠰᠢᠯᠠᠬᠤ ᠴᠢᠭᠯᠡᠯ ᠢ | ᠲᠥᠯᠥᠭᠡᠯᠡᠵᠦ︾ ᠦᠨᠳᠦᠰᠦᠨ ᠤ ᠰᠣᠶᠤᠯ ᠤᠨ ᠳᠠᠪᠠᠭᠤᠯᠢᠭ ᠢᠶᠠᠨ ᠪᠠᠳᠠᠷᠠᠭᠤᠯᠵᠤ᠂ ᠰᠣᠶᠤᠯ ᠤᠨ ᠲᠣᠮᠤ ᠣᠷᠤᠨ ᠢ | ᠪᠦᠲᠦᠭᠡᠨ ᠪᠠᠶᠢᠭᠤᠯᠬᠤ ᠳᠤ ᠮᠠᠰᠢ ᠴᠢᠬᠤᠯᠠ ᠦᠢᠯᠡᠳᠦᠯ ᠲᠠᠢ ᠶᠤᠮ᠃ | ᠵᠡᠭᠦᠯᠲᠡ᠄ | ⒈①② ᠫᠠ᠊ · ᠬᠤᠷᠯᠸ᠎ᠠ ︵ᠮᠣᠩᠭᠤᠯ ᠤᠯᠤᠰ︶ ︽ᠮᠣᠩᠭᠤᠯ ᠠᠮᠠᠨ ᠵᠣᠬᠢᠶᠠᠯ ᠳᠠᠬᠢ ᠠᠷᠠᠳ ᠤᠨ ᠭᠦᠨ | ᠤᠬᠠᠭᠠᠨ ᠤ ᠰᠡᠳᠬᠢᠯᠭᠡ︾ ︵ᠦᠨᠳᠦᠰᠦᠲᠡᠨ ᠤ ᠬᠡᠪᠯᠡᠯ ᠤᠨ ᠬᠤᠷᠢᠶ᠎ᠠ︶ 2002 ᠣᠨ 3 , 4 ᠳ᠋ᠤᠭᠡᠷ ᠨᠢᠭᠤᠷ | ⒉④⑩ ᠲ᠊ · ᠡᠷᠳᠡᠨᠢᠲᠤᠭᠲᠠᠬᠤ ︽ᠭᠦᠨ ᠤᠬᠠᠭᠠᠨ︾ ︵ᠥᠪᠥᠷ ᠮᠣᠩᠭᠤᠯ ᠤᠨ ᠬᠡᠪᠯᠡᠯ ᠤᠨ ᠬᠤᠷᠢᠶ᠎ᠠ︶ | 2003 ᠣᠨ 26 , 404 ᠳ᠋ᠤᠭᠡᠷ ᠨᠢᠭᠤᠷ | ⒊⑦ ᠬᠡ᠊ · ᠮᠥᠩᠭᠡ ︽ᠮᠣᠩᠭᠤᠯ ᠤᠨ ᠭᠦᠨ ᠤᠬᠠᠭᠠᠨ ᠤ ᠲᠡᠦᠬᠡ︾ ︵ᠥᠪᠥᠷ ᠮᠣᠩᠭᠤᠯ ᠤᠨ ᠠᠷᠠᠳ ᠤᠨ | ᠬᠡᠪᠯᠡᠯ ᠤᠨ ᠬᠤᠷᠢᠶ᠎ᠠ︶ 1996 ᠣᠨ 209 ᠳ᠋ᠤᠭᠡᠷ ᠨᠢᠭᠤᠷ | ⒋③⑧⑨ ︽ᠳᠤᠮᠳᠠᠳᠤ ᠤᠯᠤᠰ ᠤᠨ ᠮᠣᠩᠭᠤᠯ ᠤᠨ ᠰᠤᠳᠤᠯᠤᠯ︾ 2006 ᠣᠨ 3 ᠳ᠋ᠤᠭᠠᠷ ᠬᠤᠭᠤᠴᠠᠭ᠎ᠠ | 63 , 38 , 33 ᠳ᠋ᠤᠭᠠᠷ ᠨᠢᠭᠤᠷ | ⒌⑤⑥ ᠣᠶᠤᠨᠪᠠᠲᠤ᠂ ᠭᠡᠭᠡᠨᠭᠤᠸᠠ ︽ᠮᠣᠩᠭᠤᠯ ᠦᠨᠳᠦᠰᠦᠲᠡᠨ ᠤ ᠤᠯᠠᠮᠵᠢᠯᠠᠯᠲᠤ ᠰᠣᠶᠤᠯ ᠤᠨ ᠣᠨᠤᠯ︾ ︵ | ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶ 2003 ᠣᠨ 306 , 426 ᠳ᠋ᠤᠭᠠᠷ ᠨᠢᠭᠤᠷ | |