ᠲᠣᠶᠢᠰᠤᠮ ᠤᠨ ᠭᠠᠯᠰᠠᠩ ︵ᠮᠣᠩᠭᠤᠯ︶ | ᠪᠠᠯᠵᠢᠨ ᠬᠠᠲᠤᠨ ᠤ ᠳᠤᠮᠤᠭ ᠲᠠᠬᠢ ︽ᠠᠯᠲᠠᠨ ᠡᠮᠡᠭᠡᠯ︾ | ︽ ᠬᠠᠷ᠎ᠠ ᠮᠣᠷᠢ ︾ ᠲᠡᠦᠬᠡᠨ᠎ᠡ ᠬᠤᠯᠪᠤᠭᠳᠠᠬᠤ ᠨᠢ | ︽ᠬᠠᠭᠠᠨ ᠡᠴᠢᠭᠡ ᠶᠢᠨ ᠵᠠᠷᠯᠢᠭ ᠢ ᠳᠠᠪᠠᠭ᠋ᠤ ᠤᠴᠢᠷ ᠦᠭᠡᠢ ᠲᠤᠯᠠ ᠪᠠᠯᠵᠢᠨ ᠬᠠᠲᠤᠨ ᠪᠡᠶ᠎ᠡ ᠪᠠᠨ | ᠲᠤᠰᠢᠶᠠᠬᠤᠢ ᠳᠤᠷ ᠡᠯᠴᠢ ᠴᠡᠷᠢᠭ ᠤᠳ ᠲᠡᠭᠦᠨ ᠤ ᠪᠠᠷᠠᠭᠤᠨ ᠬᠥᠬᠦ ᠶᠢ ᠨᠢ ᠣᠭᠲᠤᠯᠵᠤ ᠬᠤᠷᠤᠭᠠᠭᠠᠳ᠂ ᠲᠤᠯᠤᠭᠠᠢ | ᠶᠢ ᠨᠢ ᠲᠣᠯᠤᠭᠠᠢ ᠮᠡᠲᠦ ᠭᠠᠵᠠᠷ ᠲᠤ᠂ ᠭᠠᠷ ᠬᠥᠯ ᠢ ᠨᠢ ᠮᠥᠨ ᠲᠡᠭᠦᠨᠴᠢᠯᠡᠨ ᠲᠠᠷᠠᠭᠠᠵᠤ ᠣᠷᠬᠢᠪᠠᠢ᠃︾ ᠲᠣᠯᠤᠭᠠᠢ | ᠶᠢ ᠨᠢ ᠣᠷᠬᠢᠭᠰᠠᠨ ᠭᠠᠵᠠᠷ ᠥᠨᠥ ᠬᠦᠷᠲᠡᠯ᠎ᠡ ︽ᠪᠠᠯᠵᠢᠨ ᠲᠣᠯᠤᠭᠠᠢ︾ ᠨᠡᠷ᠎ᠡ ᠲᠠᠢ ᠠᠭᠤᠯᠠ ᠪᠣᠢ᠃ ᠬᠠᠲᠤᠨ ᠤ | ᠭᠤᠶᠤᠯ ᠤᠨ ᠶᠤᠳᠠᠷ ᠣᠷᠬᠢᠭᠰᠠᠨ ᠭᠠᠵᠠᠷ ︽ᠠᠯᠲᠠᠨ ᠶᠣᠳᠠᠷᠲᠤ︾᠂ ᠲᠣᠭᠤᠭ᠎ᠠ ᠶᠢ ᠨᠢ ᠬᠠᠶᠠᠭᠰᠠᠨ | ᠭᠠᠵᠠᠷ ︽ᠲᠣᠭᠤᠭᠠᠲᠤ︾᠂ ᠮᠣᠷᠢ ᠶᠢ ᠨᠢ ᠣᠷᠬᠢᠭᠰᠠᠨ ᠭᠤᠣᠯ ᠢ ︽ᠬᠠᠷ᠎ᠠ ᠮᠣᠷᠢᠲᠤ︾᠂ ᠠᠯᠲᠠᠨ ᠡᠮᠡᠭᠡᠯ ᠢ ᠨᠢ | ᠲᠠᠯᠪᠢᠭᠰᠠᠨ ᠨᠢ ︽ᠠᠯᠲᠠᠨ ᠡᠮᠡᠭᠡᠯᠲᠦ︾ ᠭᠡᠭᠳᠡᠬᠦ ᠪᠣᠯᠪᠠ ᠭᠡᠬᠦ᠃ ᠪᠠᠯᠵᠢᠨ ᠬᠠᠲᠤᠨ ᠠᠯᠲᠠᠨ ᠡᠮᠡᠭᠡᠯᠲᠦ ᠬᠠᠷ᠎ᠠ | ᠮᠣᠷᠢ ᠲᠠᠢ ᠪᠠᠶᠢᠭᠰᠠᠨ ᠲᠤᠬᠠᠢ ᠮᠡᠳᠡᠭᠡ ᠤᠤᠯ ᠳᠣᠮᠤᠭ ᠤᠨ ᠪᠤᠰᠤᠳ ᠬᠤᠪᠢᠯᠪᠤᠷᠢ ᠳᠤ ᠤᠯᠠᠮᠵᠢᠯᠠᠭᠳᠠᠭᠰᠠᠨ ᠲᠡᠳᠦᠢ | ᠦᠭᠡᠢ ︽ᠰᠢᠯᠳᠠᠢ ᠵᠠᠩᠭᠢ ᠶᠢᠨ ᠳᠣᠮᠤᠭ︾ ᠲᠤ ᠨᠤᠲᠤᠭ ᠤᠰᠤᠨ ᠤ ᠨᠡᠷ᠎ᠡ ᠪᠣᠯᠤᠨ ᠲᠥᠯᠥᠪᠰᠢᠭᠰᠡᠨ ᠬᠡᠯᠪᠡᠷᠢ | ᠪᠠᠷ ᠭᠠᠷᠴᠤ ᠪᠠᠶᠢᠨ᠎ᠠ᠃ ᠲᠣᠪᠴᠢᠯᠠᠨ ᠥᠭᠦᠯᠡᠪᠡᠰᠦ᠄ ᠣᠷᠤᠰ ᠮᠠᠨᠵᠤ ᠶᠢᠨ ᠬᠢᠯᠢ ᠲᠠᠯᠪᠢᠬᠤᠢ ᠴᠢᠮᠡᠭᠡᠨ ᠢᠶᠠᠷ ᠪᠠᠷᠭᠤ | ᠮᠤᠩᠭᠤᠯ ᠤᠨ ᠨᠤᠲᠤᠭ ᠲᠤ ᠨᠡᠭᠦᠳᠡᠯᠯᠡᠨ ᠰᠠᠭᠤᠵᠤ ᠠᠭᠰᠠᠨ ᠰᠢᠯᠳᠠᠢ ᠵᠠᠩᠭᠢ ᠲᠤᠬᠠᠢ ᠶᠢᠨ ᠦᠶ᠎ᠡ ᠳᠤ ᠬᠤᠷᠢ | ᠪᠤᠷᠢᠶᠠᠳ ᠤᠨ ᠲᠡᠷᠢᠭᠦᠨ ᠠᠭᠰᠠᠨ ᠪᠠᠳᠠᠩ ᠲᠤᠷᠠᠬᠢᠨ ︵бадан тураахин︶ ᠬᠡᠮᠡᠬᠦ | ᠥᠪᠡᠷ ᠤᠨ ᠣᠶᠢᠷ᠎ᠠ ᠲᠥᠷᠥᠯ ᠳᠡᠭᠡᠨ ᠡᠯᠴᠢ ᠢᠯᠡᠭᠡᠵᠦ ᠦᠭᠡ ᠪᠠᠷᠢᠭᠤᠯᠤᠭᠰᠠᠨ ᠭᠡᠳᠡᠭ᠃ ᠡᠯᠴᠢ ᠨᠢ ︽ᠤᠨᠤᠶ᠎ᠠ | ᠭᠡᠪᠡᠯ ᠵᠢᠷᠭᠤᠭᠠᠨ ᠬᠠᠷ᠎ᠠ ᠮᠣᠷᠢ᠂ ᠲᠤᠬᠤᠶᠠ ᠭᠡᠪᠡᠯ ᠠᠯᠲᠠᠨ ᠡᠮᠡᠭᠡᠯ ᠢᠶᠠᠨ ᠠᠪᠤᠭᠠᠷᠠᠢ︾ ᠭᠡᠰᠡᠨ ᠦᠭᠡ ᠶᠢ ᠪᠦᠷᠢᠨ | ᠪᠦᠲᠦᠨ ᠳᠠᠮᠵᠢᠭᠤᠯᠤᠭᠰᠠᠨ ᠬᠡᠳᠦᠢ ᠴᠦ ᠪᠤᠷᠢᠶᠠᠳ ᠨᠣᠶᠠᠨ ᠰᠢᠯᠳᠠᠢ ᠵᠠᠩᠭᠢ ᠶᠢᠨ ᠬᠡᠯᠡᠭᠰᠡᠨ ᠦᠭᠡ ᠶᠢᠨ ᠤᠳᠬ᠎ᠠ | ᠶᠢ ᠣᠯᠵᠤ ᠪᠠᠷᠢᠵᠤ ᠴᠢᠳᠠᠭ᠎ᠠ ᠦᠭᠡᠢ ︽ᠪᠢᠳᠡᠨ ᠳᠤ ᠪᠠᠶᠠᠷᠬᠠᠵᠤ ᠬᠡᠯᠡᠭᠰᠡᠨ ᠦᠭᠡ︾ ᠬᠡᠮᠡᠨ ᠰᠡᠳᠬᠢᠵᠦ | ᠬᠠᠶᠢᠬᠤᠷᠤᠮᠵᠢ ᠦᠭᠡᠢ ᠬᠠᠨᠳᠤᠭᠰᠠᠨ ᠭᠡᠳᠡᠭ᠃ ᠤᠤᠯ ᠨᠢ ᠵᠠᠩᠭᠢᠲᠠᠨ ᠤ ︽ᠵᠢᠷᠭᠤᠭᠠᠨ ᠬᠠᠷ᠎ᠠ ᠮᠣᠷᠢ︾᠂ ︽ | ᠠᠯᠲᠠᠨ ᠡᠮᠡᠭᠡᠯ︾ ᠭᠡᠳᠡᠭ ᠭᠠᠵᠠᠷ ᠢᠶᠠᠷ ᠬᠢᠯᠢ ᠲᠠᠲᠠᠭᠤᠯᠪᠠᠯ ᠠᠬᠠᠨ ᠳᠠᠭᠦᠦ ᠨᠢᠭᠡ ᠵᠠᠬᠢᠷᠭᠠᠨ ᠳᠤ ᠨᠠᠶᠢᠯᠡᠨ ᠣᠷᠤᠬᠤ | ᠶᠤᠮ ᠭᠡᠰᠡᠨ ᠡᠭᠦᠳᠡᠨ ᠠᠴᠠ ᠡᠶᠢᠨ ᠬᠡᠯᠡᠭᠦᠯᠦᠭᠰᠡᠨ ᠪᠠᠶᠢᠵᠠᠢ᠃ ᠡᠬᠢᠨ ᠤ ᠳᠣᠮᠤᠭ ᠲᠤ ᠬᠡᠷᠬᠢᠨ ᠶᠠᠮᠠᠷ ᠰᠢᠯᠲᠠᠭᠠᠨ | ᠢᠶᠠᠷ ᠳᠡᠭᠡᠷᠡᠬᠢ ᠨᠤᠲᠤᠭ ᠤᠰᠤ ︽ᠠᠯᠲᠠᠨ ᠡᠮᠡᠭᠡᠯ︾᠂ ︽ᠬᠠᠷ᠎ᠠ ᠮᠣᠷᠢ︾ ᠭᠡᠵᠤ ᠨᠡᠷᠡᠯᠡᠬᠦ ᠪᠣᠯᠤᠭᠰᠠᠨ ᠢ | ᠥᠭᠦᠯᠡᠭᠰᠡᠨ ᠪᠣᠯ᠂ ᠤᠳᠠᠭᠠᠬᠢ ᠳᠤᠮᠤᠭ ᠤᠤᠯ ᠨᠡᠷ᠎ᠡ ᠲᠠᠢ ᠨᠤᠲᠤᠭ ᠤᠰᠤ ᠬᠠᠮᠢᠭ᠎ᠠ ᠪᠠᠶᠢᠭ᠎ᠠ ᠶᠢ ᠦᠵᠡᠭᠦᠯᠵᠦ | ᠪᠠᠶᠢᠨ᠎ᠠ᠃ 1727 ᠣᠨ ᠳᠤ ᠳᠡᠭᠡᠷᠡᠬᠢ ᠨᠡᠷ᠎ᠡ ᠭᠠᠵᠠᠷ ᠤᠰᠤᠨ ᠤ ᠨᠡᠷ᠎ᠡ ᠪᠣᠯᠤᠨ ᠨᠢᠭᠡᠨᠲᠡ ᠬᠡᠪᠰᠢᠭᠰᠡᠨ ᠪᠠᠶᠢᠵᠠᠢ᠃ | ︽ᠠᠯᠲᠠᠨ ᠡᠮᠡᠭᠡᠯ︾᠂ ︽ᠬᠠᠷ᠎ᠠ ᠮᠣᠷᠢ︾ ᠨᠡᠷᠡᠲᠦ ᠭᠠᠵᠠᠷ 1727 ᠣᠨ ᠠᠴᠠ ᠬᠤᠶᠢᠰᠢ ᠮᠠᠨᠵᠤ ᠶᠢᠨ ᠡᠵᠡᠮᠰᠢᠯ | ᠳᠤ ᠣᠷᠤᠭᠰᠠᠨ ᠪᠣᠯᠬᠤ ᠨᠢ ᠨᠢᠭᠡᠨᠲᠡ ᠲᠣᠳᠤᠷᠬᠠᠢ ᠪᠠᠶᠢᠨ᠎ᠠ᠃ ᠭᠡᠬᠦᠯᠡᠷ ᠣᠳᠤ ᠶᠢᠨ ᠥᠪᠥᠷ ᠮᠣᠩᠭᠤᠯ ᠤᠨ ᠬᠥᠯᠥᠨ | ᠪᠣᠶᠢᠷ ᠠᠶᠢᠮᠠᠭ ᠤᠨ ᠰᠢᠨ᠎ᠡ ᠪᠠᠷᠭᠤ ᠪᠠᠷᠠᠭᠤᠨ ᠬᠤᠰᠢᠭᠤᠨ ᠤ ᠲᠥᠪ ︽ᠠᠯᠲᠠᠨ ᠡᠮᠡᠭᠡᠯ︾ ᠪᠠᠶᠢᠬᠤ ᠭᠡᠵᠤ ᠪᠣᠳᠤᠵᠤ | ᠪᠠᠶᠢᠨ᠎ᠠ᠃ ᠲᠡᠭᠦᠨ ᠠᠴᠠ ᠨᠠᠭᠠᠰᠢ ︽ᠬᠠᠷ᠎ᠠ ᠮᠣᠷᠢᠲᠤ︾ ᠭᠤᠣᠯ ᠪᠣᠢ᠃ ᠡᠨᠡ ᠭᠤᠣᠯ ᠤᠨ ᠰᠠᠪᠠ ᠭᠠᠵᠠᠷ ᠢ ᠲᠡᠦᠬᠡ | ᠳᠣᠮᠤᠭ ᠲᠤ ᠪᠠᠯᠵᠢᠨ ᠨᠤᠲᠤᠭ ᠬᠡᠮᠡᠨ ᠨᠡᠷᠡᠶᠢᠳᠦᠭᠰᠡᠭᠡᠷ ᠢᠷᠡᠵᠡᠢ᠃ ᠥᠭᠡᠷ᠎ᠡ ᠬᠤᠪᠢᠯᠪᠤᠷᠢ ᠳᠤ ︽ᠬᠠᠷ᠎ᠠ ᠮᠣᠷᠢ᠂ | ᠮᠥᠩᠭᠦᠨ ᠡᠮᠡᠭᠡᠯ︾ ᠭᠡᠰᠡᠨ ᠴᠦ ᠪᠠᠶᠢᠳᠠᠭ᠃ ᠡᠭᠦᠨ ᠯᠦᠭᠡ ᠬᠤᠯᠪᠤᠭ᠎ᠠ ᠲᠠᠢ ᠮᠣᠩᠭᠤᠯ ᠳᠤᠮᠤᠭ ᠴᠦ ᠪᠣᠢ᠃ | ᠴᠢᠩᠭᠢᠰ ᠬᠠᠭᠠᠨ ᠮᠣᠷᠢ ᠪᠠᠨ ᠦᠭᠦᠭᠦᠯᠵᠦ᠂ ᠡᠮᠡᠭᠡᠯ ᠢᠶᠠᠨ ᠣᠷᠬᠢᠭᠰᠠᠨ ᠤᠴᠢᠷ ᠪᠠᠷᠭᠤ ᠶᠢᠨ ᠨᠠᠭᠠᠳᠤ ᠵᠠᠬ᠎ᠠ | ᠨᠤᠲᠤᠭ ᠲᠤ ︽ᠠᠯᠲᠠᠨ ᠡᠮᠡᠭᠡᠯ︾᠂ ︽ᠠᠷᠳᠠᠭ ᠬᠦᠷᠡᠩ︾ ᠬᠡᠮᠡᠬᠦ ᠠᠭᠤᠯᠠ ᠪᠣᠢ ᠭᠡᠵᠤ ᠭᠠᠷᠳᠠᠭ᠃ ᠳᠡᠭᠡᠷ᠎ᠡ | ᠥᠭᠦᠯᠡᠵᠦ ᠪᠣᠢ ︽ᠠᠯᠲᠠᠨ ᠡᠮᠡᠭᠡᠯ︾᠂ ︽ᠬᠠᠷ᠎ᠠ ᠮᠣᠷᠢᠲᠤ︾ ᠴᠥᠮ ᠨᠢᠭᠡ ᠨᠤᠲᠤᠭ ᠤᠰᠤᠨ ᠤ ᠨᠡᠷ᠎ᠡ ᠪᠣᠯᠬᠤ ᠨᠢ | ᠭᠠᠵᠠᠷ ᠵᠦᠢ ᠶᠢᠨ ᠲᠠᠯ᠎ᠠ ᠠᠴᠠ ᠮᠡᠷᠭᠤᠭᠠᠨ ᠦᠭᠡᠢ ᠪᠠᠶᠢᠨ᠎ᠠ᠃ ᠬᠠᠷᠢᠨ ᠢᠯᠭᠠᠭ᠎ᠠ ᠲᠠᠢ ᠨᠢ ᠴᠢᠩᠭᠢᠰ ᠬᠠᠭᠠᠨ | ᠬᠢᠭᠡᠳ ᠪᠠᠯᠵᠢᠨ ᠬᠠᠲᠤᠨ ᠬᠤᠶᠠᠷ ᠲᠠᠢ ᠬᠤᠯᠪᠤᠭᠰᠠᠨ ᠳᠤ ᠣᠷᠤᠰᠢᠨ᠎ᠠ᠃ ᠴᠢᠩᠭᠢᠪᠡᠰᠦ ᠲᠡᠦᠬᠡ ᠰᠡᠬᠦᠵᠦ ᠦᠵᠡᠶ᠎ᠡ | ︽᠁ ᠢᠳᠦᠷᠬᠡᠨ ᠬᠠᠯᠢᠭᠤᠳᠠᠷ᠂ ᠴᠠᠭᠤᠷᠬᠠᠨ ᠬᠤᠶᠠᠷ ᠤᠨ ᠬᠠᠮᠲᠤ ᠦᠭᠡ ᠪᠣᠯᠵᠤᠭᠰᠠᠨ ᠠᠷᠭᠠᠯᠵᠢ — ᠬᠤᠬᠢ | ᠭᠡᠳᠡᠭ ᠭᠠᠵᠠᠷ ᠬᠦᠷᠴᠦ ᠢᠷᠡᠭᠡᠳ ᠶᠡᠭᠡ ᠪᠠᠷ᠎ᠠ ︵ᠣᠯᠠᠨ ᠬᠥᠮᠥᠨ᠂ ᠮᠠᠯ︶ ᠶᠢ ᠦᠵᠡᠵᠦ ᠢᠳᠦᠷᠬᠡᠨ ᠡᠯᠴᠢ | ᠰᠡᠵᠢᠭᠯᠡᠵᠦ ᠪᠤᠴᠠᠨ ᠲᠤᠲᠠᠭᠠᠪᠠ᠃ ᠬᠠᠯᠢᠭᠤᠳᠠᠷ ᠤᠨ ᠮᠣᠷᠢ ᠬᠤᠷᠳᠤᠨ ᠲᠤᠯᠠ ᠳᠠᠷᠤᠢ ᠨᠡᠭᠡᠵᠦ ᠭᠦᠢᠴᠡᠪᠡᠴᠦ | ᠪᠠᠷᠢᠵᠤ ᠴᠢᠳᠠᠬᠤ ᠦᠭᠡᠢ ᠡᠮᠦᠨ᠎ᠡ ᠬᠤᠶᠢᠨ᠎ᠠ ᠨᠢ ᠣᠷᠤᠵᠤ ᠶᠠᠪᠤᠬᠤ ᠳᠤ ᠴᠠᠭᠤᠷᠬᠠᠨ ᠤ ᠮᠣᠷᠢ ᠤᠳᠠᠭᠠᠨ ᠲᠤᠯᠠ | ᠬᠤᠶᠢᠨ᠎ᠠ ᠠᠴᠠ ᠨᠢ ᠠᠷᠠᠢ ᠰᠤᠮᠤ ᠬᠦᠷᠬᠦ ᠭᠠᠵᠠᠷ ᠢᠷᠡᠵᠦ ᠢᠳᠦᠷᠬᠡᠨ ᠤ ᠠᠯᠲᠠᠨ ᠡᠮᠡᠭᠡᠯᠲᠦ ᠬᠠᠷ᠎ᠠ ᠮᠣᠷᠢᠨ ᠤ | ᠭᠤᠶᠠᠨ ᠤ ᠤᠭ ᠢ ᠬᠤᠶᠢᠰᠢ ᠤᠨᠠᠲᠠᠯ᠎ᠠ ᠬᠠᠷᠪᠤᠵᠠᠢ︾ ︵184 ᠳ᠋ᠤᠭᠡᠷ︶ ᠭᠡᠵᠤ ᠪᠣᠢ᠃ ᠡᠶᠢᠮᠦ ᠳᠤ ︽ᠪᠠᠯᠵᠢᠨ | ᠬᠠᠲᠤᠨ ᠤ ᠳᠣᠮᠤᠭ︾ ᠤᠨ ︽ᠠᠯᠲᠠᠨ ᠡᠮᠡᠭᠡᠯ᠂ ᠬᠠᠷ᠎ᠠ ᠮᠣᠷᠢ︾ ᠲᠠᠢ ᠬᠤᠯᠪᠤᠭ᠎ᠠ ᠲᠠᠢ ᠤᠤ︖ ᠭᠡᠰᠡᠨ | ᠠᠰᠠᠭᠤᠯᠲᠠ ᠭᠠᠷᠴᠤ ᠪᠠᠶᠢᠨ᠎ᠠ᠃ 18 ᠳ᠋ᠤᠭᠠᠷ ᠵᠠᠭᠤᠨ ᠤ ᠦᠶ᠎ᠡ ᠶᠢᠨ ᠪᠤᠷᠢᠶᠠᠳ ᠤᠨ ᠲᠡᠦᠬᠡᠴᠢᠳ ᠮᠡᠳᠡᠭᠡᠯᠡᠵᠦ | ᠪᠠᠶᠢᠭ᠎ᠠ ᠪᠠᠷ᠂ ᠪᠠᠯᠵᠢᠨ ᠬᠠᠲᠤᠨ 1613 ᠣᠨ ᠳᠤ ᠴᠠᠭᠠᠵᠠᠯᠠᠭᠤᠯᠤᠭᠰᠠᠨ᠂ ᠢᠳᠦᠷᠬᠡᠨ ᠡᠯᠴᠢ 1203 ᠣᠨ ᠤ | ᠣᠷᠴᠢᠮ ᠬᠠᠰᠠᠷ ᠲᠤ ᠴᠠᠪᠴᠢᠭᠤᠯᠤᠭᠰᠠᠨ ᠣᠨ ᠴᠠᠭ ᠤᠨ ᠬᠤᠪᠢ ᠳᠤ 400 ᠵᠢᠯ ᠤᠨ ᠵᠠᠢ ᠲᠠᠢ ᠪᠣᠯᠪᠠᠴᠤ | ᠬᠡᠷᠦᠯᠦᠨ ᠮᠥᠷᠡᠨ ᠤ ᠠᠷᠭᠠᠯᠵᠢ ᠬᠤᠬᠢ ︵ᠠᠷᠤᠬᠠᠰᠢᠶᠠᠲᠤ︶᠂ ᠣᠳᠤ ᠶᠢᠨ ᠮᠣᠩᠭᠤᠯ ᠬᠢᠲᠠᠳ ᠤᠨ ᠬᠢᠯᠢ ᠶᠢᠨ | ᠪᠣᠭᠤᠮᠲᠠ ᠭᠠᠵᠠᠷ ︵ᠠᠯᠲᠠᠨ ᠡᠮᠡᠭᠡᠯ᠂ ᠲᠡᠮᠡᠭᠡᠨ ᠬᠤᠭᠤᠯᠠᠢ︶ ᠬᠡᠮᠡᠬᠦ ᠭᠠᠵᠠᠷ ᠤᠰᠤ ᠡᠳᠦᠭᠡ ᠬᠠᠶᠠᠭ᠎ᠠ ᠵᠠᠯᠭᠠᠨ | ᠪᠠᠶᠢᠭ᠎ᠠ ᠶᠢ ᠠᠩᠬᠠᠷᠪᠠᠰᠤ ᠦᠢᠯᠡ ᠶᠠᠪᠤᠳᠠᠯ ᠤᠨ ᠥᠷᠨᠢᠭᠰᠡᠨ ᠣᠷᠤᠨ ᠵᠠᠢ ᠨᠢᠭᠡ ᠪᠠᠶᠢᠭ᠎ᠠ ᠭᠡᠵᠤ ᠦᠵᠡᠵᠦ ᠪᠣᠯᠤᠨ᠎ᠠ᠃ | ᠡᠭᠦᠨ ᠠᠴᠠ ᠣᠯᠤᠭᠰᠠᠨ ᠨᠢ᠄ | ⒈ᠲᠡᠦᠬᠡᠨ ᠬᠥᠮᠥᠨ ︽ᠢᠳᠦᠷᠬᠡᠨ ᠡᠯᠴᠢ︾ ᠶᠢᠨ ︽ᠠᠯᠲᠠᠨ ᠡᠮᠡᠭᠡᠯᠲᠦ ᠬᠠᠷ᠎ᠠ ᠮᠣᠷᠢ︾ ᠠᠩᠬᠠᠳᠠᠭᠴᠢ | ᠪᠣᠯᠵᠤ ᠪᠠᠶᠢᠨ᠎ᠠ᠃ ᠪᠠᠯᠵᠢᠨ ᠬᠠᠲᠤᠨ ᠤ ︽ᠠᠯᠲᠠᠨ ᠡᠮᠡᠭᠡᠯᠲᠦ ᠬᠠᠷ᠎ᠠ ᠮᠣᠷᠢ︾ ᠬᠤᠶᠠᠳᠠᠭᠴᠢ ᠪᠣᠯᠵᠤ ᠪᠠᠶᠢᠨ᠎ᠠ᠃ | ⒉ᠢᠳᠦᠷᠬᠡᠨ ᠡᠯᠴᠢ ᠴᠢᠩᠭᠢᠰ ᠬᠠᠭᠠᠨ ᠤ ᠵᠠᠷᠯᠢᠭ ᠢᠶᠠᠷ ᠠᠯᠠᠭᠳᠠᠭᠰᠠᠨ ᠪᠣᠯ ᠪᠠᠯᠵᠢᠨ ᠬᠠᠲᠤᠨ ᠪᠦᠪᠡᠢ | ᠪᠡᠶᠢᠯᠡ ᠬᠠᠭᠠᠨ ᠤ ᠵᠠᠷᠯᠢᠭ ᠢ ᠡᠰᠡ ᠳᠠᠪᠠᠭᠰᠠᠨ ᠪᠢᠯᠡ᠃ ᠳᠡᠭᠡᠷ᠎ᠡ ᠥᠭᠦᠯᠡᠭᠰᠡᠨ ᠬᠤᠪᠢᠯᠪᠤᠷᠢ ᠳᠤ ︽ᠴᠢᠩᠭᠢᠰ | ᠬᠠᠭᠠᠨ ᠠᠯᠲᠠᠨ ᠡᠮᠡᠭᠡᠯ ᠢᠶᠠᠨ ᠣᠷᠬᠢᠭᠰᠠᠨ᠂ ᠮᠣᠷᠢ ᠪᠠᠨ ᠦᠬᠦᠭᠦᠯᠦᠭᠰᠡᠨ ᠤᠴᠢᠷ ᠲᠠᠶᠢᠨ ᠨᠡᠷᠡᠯᠡᠭᠰᠡᠨ︾ ᠬᠡᠮᠡᠬᠦ ᠨᠢ | ᠪᠠᠰᠠ ᠦᠨ᠎ᠡ ᠲᠠᠢ ᠮᠡᠳᠡᠭᠡᠯᠡᠯ ᠠᠵᠠᠢ᠃ ᠬᠠᠰᠠᠷ ᠤᠨ ᠬᠤᠷᠤᠭᠠᠭᠰᠠᠨ ︽ᠢᠳᠦᠷᠬᠡᠨ ᠵᠠᠭᠠᠷᠢᠨ ᠤ ᠠᠯᠲᠠᠨ ᠡᠮᠡᠭᠡᠯ︾ | ᠶᠡᠷᠦ ᠨᠢ ᠢᠳᠦᠷᠬᠡᠨ ᠤ ︽ᠬᠠᠷ᠎ᠠ ᠮᠣᠷᠢ︾᠂ ︽ᠠᠯᠲᠠᠨ ᠡᠮᠡᠭᠡᠯ︾ ᠠᠴᠠ ᠡᠭᠦᠳᠦᠨ ᠤᠤᠯ ᠬᠡᠷᠡᠭ ᠶᠠᠪᠤᠳᠠᠯ | ᠪᠣᠯᠤᠭᠰᠠᠨ ᠠᠭᠤᠯᠠ᠂ ᠤᠰᠤ ᠶᠢ ᠲᠡᠶᠢᠨ ᠨᠡᠷᠡᠶᠢᠳᠦᠭᠰᠡᠨ ᠪᠣᠯᠵᠤ ᠲᠠᠭᠠᠷᠠᠯ᠎ᠠ᠃ ᠢᠳᠦᠷᠬᠡᠨ ᠤ ᠮᠣᠷᠢ᠂ ᠡᠮᠡᠭᠡᠯ ᠢ | ᠡᠶᠢᠨ ᠣᠩᠭᠤᠯᠠᠨ ᠳᠠᠭᠡᠳᠦᠯᠡᠬᠦ ᠪᠣᠯᠤᠭᠰᠠᠨ ᠨᠢ ᠲᠡᠷᠡ ᠪᠠᠷ ᠶᠡᠭᠡ ᠡᠷᠲᠡᠨ ᠤ ᠰᠤᠷᠪᠤᠯᠵᠢᠲᠤ ᠵᠠᠭᠠᠷᠢᠨ ᠮᠥᠨ | ᠪᠠᠶᠢᠭᠰᠠᠨ ᠢ ᠬᠡᠯᠡᠵᠦ ᠪᠠᠶᠢᠨ᠎ᠠ᠃ ᠲᠡᠷᠡ ᠪᠠᠷ ᠰᠡᠵᠢᠭᠯᠡᠨ ᠲᠤᠲᠠᠭᠠᠵᠤ ᠶᠠᠪᠤᠬᠤ ᠳᠠᠭᠠᠨ ᠬᠠᠯᠢᠭᠤᠳᠠᠷ ᠲᠠᠢ ᠣᠭᠲᠤ | ᠡᠰᠡ ᠬᠠᠷᠪᠤᠯᠳᠤᠭᠰᠠᠨ ᠢ ᠪᠣᠳᠤᠬᠤᠯ᠎ᠠ ᠠᠭᠰᠠᠭᠰᠠᠨ ᠵᠡᠪᠰᠡᠭ ᠦᠭᠡᠢ ᠪᠠᠶᠢᠭᠰᠠᠨ ᠨᠢ ᠢᠯᠡᠳᠲᠡ ᠪᠦᠭᠡᠳ ᠡᠨᠡ ᠬᠦ | ᠳᠦᠷᠢ ᠪᠠᠶᠢᠳᠠᠯ ᠨᠢ ᠢᠳᠦᠷᠬᠡᠨ ᠤ ᠬᠡᠨ ᠪᠣᠯᠬᠤ ᠶᠢ ᠬᠡᠯᠡᠵᠦ ᠪᠠᠶᠢᠬᠤ ᠮᠡᠲᠦ᠃ ᠡᠯᠴᠢ ᠮᠠᠨᠢ ᠣᠶᠤᠨ ᠪᠢᠯᠢᠭ ᠤᠨ | ᠠᠯᠪᠠ ᠬᠠᠰᠢᠳᠠᠭ᠂ ᠨᠢᠭᠡ ᠶᠣᠰᠤᠨ ᠤ ︽ᠪᠢᠯᠢᠭ ᠪᠠᠭᠠᠲᠤᠷ ᠪᠣᠯ ᠲᠦᠮᠡᠨ ᠢ ᠳᠠᠭᠠᠭᠤᠯᠤᠮᠤᠢ︾ ᠬᠡᠮᠡᠨ ᠰᠡᠳᠬᠢᠭᠴᠢ | ︽ᠵᠠᠭᠠᠷᠢᠨ︾ ᠬᠥᠮᠥᠨ ᠪᠠᠶᠢᠵᠠᠢ᠃ ᠯᠤᠪᠰᠠᠩᠳᠠᠩᠽᠠᠩ ᠤᠨ ︽ᠠᠯᠲᠠᠨ ᠲᠣᠪᠴᠢ︾ ᠳᠤ ︽ᠮᠣᠩᠭᠤᠯ ᠤᠨ | ᠨᠢᠭᠤᠴᠠ ᠲᠣᠪᠴᠢᠶᠠᠨ︾ ᠤ ᠡᠯ᠎ᠡ ᠦᠢᠯᠡ ᠶᠠᠪᠤᠳᠠᠯ ᠣᠷᠤ ᠲᠠᠰᠤ ᠣᠷᠬᠢᠭᠳᠠᠭᠰᠠᠨ ︵184 ᠳ᠋ᠤᠭᠡᠷ ᠦᠯᠢᠭᠡᠷ︶ | ᠨᠢ 1660 ᠊ᠭᠠᠳ ᠣᠨ ᠤ ᠦᠶ᠎ᠡ ᠠᠴᠠ ᠵᠣᠬᠢᠶᠠᠭᠴᠢ ᠨᠢ ︽ᠬᠠᠷ᠎ᠠ ᠶᠢᠨ ᠵᠦᠭ ᠤᠨ ᠪᠥᠭᠡ ᠵᠠᠭᠠᠷᠢᠨ ᠨᠠᠷ ᠤᠨ | ᠲᠠᠯ᠎ᠠ ᠪᠠᠷ︾ ᠰᠤᠷᠪᠤᠯᠵᠢ ᠲᠡᠦᠬᠡᠨ᠎ᠡ ᠲᠡᠮᠳᠡᠭᠯᠡᠨ ᠦᠯᠡᠳᠡᠭᠡᠬᠦ ᠰᠣᠨᠢᠷᠬᠠᠯ ᠦᠭᠡᠢ ᠶᠢᠨ ᠤᠯᠠᠮ ᠠᠴᠠ ᠵᠣᠷᠢᠭᠤᠳᠠ | ᠬᠤᠶᠢᠰᠢ ᠲᠠᠯᠪᠢᠭᠰᠠᠨ ᠪᠣᠯᠬᠤ ᠶᠢ ᠭᠡᠷᠡᠴᠢᠯᠡᠵᠦ᠂ ᠪᠠᠰᠠ ᠢᠳᠦᠷᠬᠡᠨ ᠬᠡᠷᠡᠶᠢᠳ ᠤᠨ ᠶᠡᠭᠡ ᠵᠠᠭᠠᠷᠢᠲᠠᠨ ᠪᠠᠶᠢᠭᠰᠠᠨ ᠢ | ᠳᠠᠪᠬᠤᠷ ᠨᠣᠲᠠᠯᠠᠵᠤ ᠪᠠᠶᠢᠨ᠎ᠠ᠃ | ⒊ᠢᠳᠦᠷᠬᠡᠨ ᠲᠠᠢ ᠬᠤᠯᠪᠤᠭᠳᠠᠬᠤ ᠦᠢᠯᠡ ᠶᠠᠪᠤᠳᠠᠯ ᠪᠥᠭᠡ ᠮᠥᠷᠭᠦᠯ ᠤᠨ ᠳᠠᠭᠤᠳᠠᠯᠭ᠎ᠠ᠂ ᠳᠣᠮᠤᠭ ᠲᠤ | ᠤᠯᠠᠮᠵᠢᠯᠠᠭᠳᠠᠨ ᠢᠷᠡᠭᠰᠡᠨ ︽ᠬᠡᠳᠡᠷᠬᠡᠨ︾᠂ ︽хэтэрхэн︾᠂ ︽ᠡᠲᠶ᠋ᠢᠷᠺᠧᠨ︾᠂ ︽ | ᠰᠡᠳᠡᠷᠬᠡᠨ︾ ᠬᠡᠮᠡᠨ ᠨᠡᠷᠡᠯᠡᠭᠳᠡᠬᠦ ᠲᠡᠷᠡ ᠪᠠᠷ ᠶᠡᠬᠡᠪᠴᠢᠯᠡᠨ ︽ᠢᠳᠤᠭᠠᠨ︾ ᠪᠢᠯᠡ᠃ ᠴᠢᠩᠭᠢᠬᠦᠯᠡᠷ᠂ ᠪᠠᠯᠵᠢᠨ | ᠬᠠᠲᠤᠨ ︽ᠳᠠᠯᠠᠨ ᠨᠢᠭᠡᠨ ᠬᠤᠪᠢᠯᠭᠠᠨ ᠡᠷᠳᠡᠮ︾ ᠲᠠᠢ ᠪᠠᠶᠢᠭᠰᠠᠨ᠃ ︽ᠤᠰᠤ᠂ ᠴᠠᠰᠤ︾ ᠪᠣᠯᠤᠨ ᠬᠤᠪᠢᠷᠠᠳᠠᠭ | ᠪᠠᠶᠢᠭᠰᠠᠨ ᠪᠣᠯᠬᠤᠷ ᠢᠳᠦᠷᠬᠡᠨ ᠲᠠᠢ ᠲᠡᠩᠴᠡᠬᠦ ᠡᠷᠳᠡᠮ ᠲᠠᠢ ᠪᠠᠶᠢᠨ᠎ᠠ᠃ ᠡᠶᠢᠮᠦ ᠳᠤ ᠬᠤᠶᠠᠷ ᠪᠠᠭᠠᠲᠤᠷ ᠮᠠᠨᠢ ︽ | ᠠᠵᠢᠯ ᠮᠡᠷᠭᠡᠵᠢᠯ ᠤᠨ ᠴᠢᠭᠯᠡᠯ︾ ᠨᠢᠭᠡ ︽ᠵᠠᠭᠠᠷᠢᠨ︾᠂ ︽ᠢᠳᠤᠭᠠᠨ︾ ᠶᠤᠮ᠃ | ᠠᠳᠡ ᠠᠴᠠ ︽ᠢᠳᠦᠷᠬᠡᠨ ᠡᠯᠴᠢ︾ ᠦᠨᠡᠬᠡᠷ ᠵᠠᠭᠠᠷᠢᠨ ᠬᠥᠮᠥᠨ ᠪᠠᠶᠢᠭᠰᠠᠨ ᠢ ︽ᠪᠠᠯᠵᠢᠨ ᠬᠠᠲᠤᠨ ᠤ ᠳᠤᠮᠤᠭ︾ | ᠤᠨ ᠪᠠᠯᠵᠢᠨ ᠬᠠᠲᠤᠨ ᠤ ᠳᠦᠷᠢ ᠪᠠᠰᠠ ᠳᠠᠪᠬᠤᠷ ᠪᠠᠲᠤᠯᠠᠵᠤ ᠥᠭᠴᠦ ᠪᠠᠶᠢᠨ᠎ᠠ᠃ | ⒋ᠪᠠᠯᠵᠢᠨ ᠬᠠᠲᠤᠨ ᠪᠤᠷᠬᠠᠨ ᠤ ᠱᠠᠰᠢᠨ ᠳᠡᠯᠭᠡᠷᠡᠭᠰᠡᠨ ᠣᠷᠴᠢᠨ ᠳᠤ ᠲᠥᠷᠦᠵᠦ ᠬᠥᠮᠥᠵᠢᠭᠰᠡᠨ ᠮᠣᠩᠭᠤᠯ ᠤᠨ | 17 ᠳ᠋ᠤᠭᠠᠷ ᠵᠠᠭᠤᠨ ᠤ ᠦᠶ᠎ᠡ ᠶᠢᠨ ᠬᠠᠭᠠᠳ ᠤᠨ ᠠᠯᠲᠠᠨ ᠤᠷᠤᠭ ᠤᠨ ᠲᠥᠯᠥᠭᠡᠯᠡᠭᠴᠢ ᠮᠥᠨ ᠤ ᠬᠤᠪᠢ ᠳᠤ | ᠪᠤᠶᠠᠨ ᠨᠣᠮ ᠤᠨ ᠦᠢᠯᠡ ᠶᠢ ᠡᠷᠬᠢᠮᠯᠡᠨ ᠳᠡᠭᠡᠳᠦᠯᠡᠳᠡᠭ ᠢᠶᠠᠷ ᠢᠶᠠᠨ 13 ᠳ᠋ᠤᠭᠠᠷ ᠵᠠᠭᠤᠨ ᠤ ᠦᠶ᠎ᠡ ᠶᠢᠨ ᠬᠠᠷ᠎ᠠ ᠶᠢᠨ | ᠵᠦᠭ ᠤᠨ ᠪᠥᠭᠡ ᠮᠥᠷᠭᠦᠯᠲᠡᠨ ᠠᠴᠠ ᠡᠷᠡᠰ ᠢᠯᠭᠠᠭ᠎ᠠ ᠲᠠᠢ ᠶᠤᠮ᠃ ᠬᠠᠷᠢᠨ ᠬᠤᠷᠢ ᠪᠤᠷᠢᠶᠠᠳ ᠨᠠᠷ ︽ᠪᠠᠯᠵᠢᠨ | ᠬᠠᠲᠤᠨ ᠤ ᠳᠤᠮᠤᠭ︾ ᠲᠠᠭᠠᠨ ︽ᠨᠢᠭᠤᠴᠠ ᠲᠣᠪᠴᠢᠶᠠᠨ︾ ᠳᠤ ᠪᠢᠴᠢᠭᠡᠰᠦ ᠲᠠᠢ ᠪᠣᠢ᠃ ᠠᠮᠠ ᠪᠠᠷ | ᠤᠯᠠᠮᠵᠢᠯᠠᠭᠳᠠᠨ ᠢᠷᠡᠭᠰᠡᠨ ᠭᠠᠵᠠᠷ ᠤᠰᠤᠨ ᠤ ᠨᠡᠷ᠎ᠡ ᠪᠣᠯᠤᠨ ᠳᠤᠮᠤᠭᠰᠢᠭᠰᠠᠨ ᠢᠳᠦᠷᠬᠡᠨ ᠤ ︽ᠠᠯᠲᠠᠨ ᠡᠮᠡᠭᠡᠯ︾᠂ | ︽ᠬᠠᠷ᠎ᠠ ᠮᠣᠷᠢ︾ ᠶᠢ ᠰᠢᠭᠢᠳᠬᠡᠭᠡ ᠪᠣᠯᠭᠠᠨ ᠠᠰᠢᠭᠯᠠᠭᠰᠠᠨ ᠨᠢ ᠠᠯᠢᠪᠠ ᠳᠤᠮᠤᠭ ᠤᠷᠢᠳ ᠬᠤᠵᠢᠳ ᠤᠨ ᠪᠡᠯᠡᠨ | ᠰᠡᠴᠡᠨ ᠤᠷᠠᠨ ᠰᠠᠶᠢᠬᠠᠨ ᠤ ᠳᠦᠷᠰᠦᠯᠡᠯ ᠢᠶᠠᠷ ᠢᠮᠠᠭᠲᠠ ᠪᠠᠶᠠᠵᠢᠵᠤ ᠪᠠᠶᠢᠳᠠᠭ ᠲᠠᠢ ᠬᠤᠯᠪᠤᠭ᠎ᠠ ᠲᠠᠢ ᠭᠡᠵᠤ ᠦᠵᠡᠮᠡᠷ | ᠪᠠᠶᠢᠨ᠎ᠠ᠃ ᠤᠷᠠᠨ ᠰᠠᠶᠢᠬᠠᠨ ᠤ ᠰᠢᠭᠢᠳᠬᠡᠬᠡ ᠣᠨ ᠴᠠᠭ ᠤᠨ ᠤᠷᠲᠤ ᠳᠤ ᠤᠯᠠᠮ ᠤᠯᠠᠮ ᠢᠶᠠᠷ ᠥᠩᠭᠡᠵᠢᠨ | ᠪᠣᠯᠪᠠᠰᠤᠷᠠᠵᠤ ᠰᠢᠨ᠎ᠡ ᠰᠢᠨ᠎ᠡ ᠳᠤᠮᠤᠭᠲᠤ ᠪᠠᠭᠠᠲᠤᠷ ᠤᠳ ᠤᠨ ᠴᠢᠮᠡᠭ ᠪᠣᠯᠤᠨ ᠰᠢᠵᠢᠷᠯᠡᠨ ᠪᠠᠶᠢᠬᠤ ᠵᠢᠮ ᠲᠠᠢ ᠠᠵᠠᠢ | ᠃ | ⒌ᠲᠡᠦᠬᠡ ᠳᠤᠮᠤᠭ ᠬᠤᠶᠠᠷ ᠲᠤ ᠪᠣᠢ ︽ᠬᠠᠷ᠎ᠠ ᠮᠣᠷᠢ︾᠂ ︽ᠠᠯᠲᠠᠨ ᠡᠮᠡᠭᠡᠯ︾ ᠨᠢᠭᠡᠨ ᠦᠢᠯᠡ ᠶᠠᠪᠤᠳᠠᠯ | ᠠᠴᠠ ᠡᠭᠦᠳᠦᠯ ᠲᠠᠢ ᠨᠢᠭᠡ ᠵᠦᠢᠯ ᠪᠥᠭᠡᠳ 13 ᠳ᠋ᠤᠭᠠᠷ ᠵᠠᠭᠤᠨ ᠤ ᠦᠶ᠎ᠡ ᠶᠢᠨ ᠬᠡᠷᠡᠶᠢᠳ ᠤᠯᠤᠰ ᠤᠨ ᠲᠣᠭᠤᠷᠢᠯ | ᠬᠠᠨ ︵ᠸᠠᠩ︶ ᠲᠡᠭᠦᠨ ᠤ ᠲᠣᠭᠤᠷᠢᠨ ᠬᠦᠷᠢᠶᠡᠯᠡᠭᠴᠢᠳ ︵ᠢᠳᠦᠷᠬᠡᠨ᠂ ᠢᠪᠠᠭ᠎ᠠ ᠪᠠᠬᠢ︶ ᠲᠡᠦᠬᠡᠨ | ᠦᠢᠯᠡ ᠬᠡᠷᠡᠭ ᠬᠤᠷᠢ ᠪᠤᠷᠢᠶᠠᠳ ᠤᠨ ᠳᠤᠮᠳᠠ ᠳᠤᠷᠠᠳᠤᠭᠰᠠᠨ ᠪᠠᠶᠢᠳᠠᠯ ᠢᠶᠠᠷ ᠤᠯᠠᠮᠵᠢᠯᠠᠭᠳᠠᠨ ᠢᠷᠡᠭᠰᠡᠨ ᠢᠨᠣᠲᠠᠯᠠᠵᠤ | ᠥᠭᠴᠦ ᠪᠠᠶᠢᠨ᠎ᠠ᠃ ᠡᠭᠦᠨ ᠳᠤ᠄ | ⑴ᠸᠠᠩ ᠬᠠᠨ ᠤ ᠲᠡᠷᠢᠭᠦᠨ ᠢ ᠬᠤᠷᠢ ᠪᠤᠷᠢᠶᠠᠳ ᠨᠠᠷ ᠡᠳᠦᠭᠡ ᠬᠦᠷᠲᠡᠯ᠎ᠡ ᠲᠠᠬᠢᠳᠠᠭ᠃ ᠢᠩᠭᠢᠭᠰᠡᠨ ᠢᠶᠠᠷ ᠬᠡᠷᠡᠶᠢᠳ | ᠬᠠᠨ ᠢ ᠰᠢᠲᠦᠭᠡᠨ ᠪᠣᠯᠭᠠᠭᠰᠠᠨ᠃ | ⑵ᠢᠳᠦᠷᠬᠡᠨ ︵ᠡᠲ᠋ᠢᠷᠺᠠᠨ᠂ ᠬᠡᠳᠡᠷᠬᠡᠨ᠂ ᠰᠡᠳᠡᠷᠬᠡᠨ︶ ᠵᠠᠭᠠᠷᠢᠨ ᠤ ᠣᠩᠭᠤ ᠳᠠᠭᠤᠳᠠᠳᠠᠭ᠃ ᠲᠤᠬᠠᠢ ᠶᠢᠨ ᠴᠠᠭ | ᠦᠶ᠎ᠡ ᠳᠡᠭᠡᠨ ︵1203 ᠣᠨ︶ ᠶᠡᠭᠡ ᠵᠠᠭᠠᠷᠢᠨ ᠠᠭᠰᠠᠨ ᠲᠡᠭᠦᠨ ᠢ ᠬᠤᠷᠢ ᠪᠤᠷᠢᠶᠠᠳ ᠨᠠᠷ ᠤᠨ ᠪᠥᠭᠡ ᠢᠳᠤᠭᠠᠨ | ᠬᠥᠮᠥᠰ ᠤᠷᠢᠨ ᠳᠠᠭᠤᠳᠠᠨ ᠬᠡᠯᠡᠯᠴᠡᠳᠡᠭ᠃ ᠢᠩᠭᠢᠭᠰᠡᠨ ᠢᠶᠠᠷ ᠬᠡᠷᠡᠶᠢᠳ ᠤᠨ ᠪᠥᠭᠡ ᠮᠥᠷᠭᠦᠯ ᠤᠨ ᠵᠠᠩ ᠦᠢᠯᠡ ᠶᠢ | ᠵᠦᠢ ᠶᠣᠰᠤ ᠪᠠᠷ ᠬᠠᠳᠠᠭᠠᠯᠠᠵᠤ ᠢᠷᠡᠭᠰᠡᠨ᠃ | ⑶ᠸᠠᠩ ᠬᠠᠨ ᠤ ᠲᠤᠬᠠᠢ ︽ᠠᠪᠠᠭᠠᠯᠳᠠᠢ ᠶᠢᠨ ᠳᠤᠮᠤᠭ︾ ᠡᠳᠦᠭᠡ ᠬᠦᠷᠲᠡᠯ᠎ᠡ ᠬᠡᠯᠡᠯᠴᠡᠨ ᠪᠣᠢ᠃ ︵ᠲᠣᠭᠤᠷᠢᠯ | ᠬᠠᠨ᠂ ᠢᠳᠦᠷᠬᠡᠨ᠂ ᠢᠪᠠᠭ᠎ᠠ ᠬᠠᠲᠤᠨ᠂ ᠠᠯᠲᠠᠨ ᠡᠮᠡᠭᠡᠯ᠂ ᠬᠠᠷ᠎ᠠ ᠮᠣᠷᠢ᠂ ᠊ᠭ᠊᠂ ᠮ᠊︶ | ⑷17 ᠳ᠋ᠤᠭᠠᠷ ᠵᠠᠭᠤᠨ ᠤ ᠦᠶ᠎ᠡ ᠠᠴᠠ ᠵᠣᠬᠢᠶᠠᠭᠳᠠᠭᠰᠠᠨ ︽ᠪᠠᠯᠵᠢᠨ ᠬᠠᠲᠤᠨ ᠤ ᠳᠤᠮᠤᠭ︾ ᠨᠢ 13 ᠳ᠋ᠤᠭᠠᠷ | ᠵᠠᠭᠤᠨ ᠤ ᠲᠡᠦᠬᠡᠨ ᠡᠭᠦᠳᠦᠯᠲᠡ ᠲᠠᠢ ᠳᠣᠮᠤᠭ ᠠᠴᠠ ᠵᠣᠬᠢᠶᠠᠮᠵᠢ᠂ ᠤᠷᠠᠨ ᠰᠠᠶᠢᠬᠠᠨ ᠤ ᠰᠢᠮ᠎ᠡ ᠠᠪᠴᠤ | ᠪᠠᠶᠠᠵᠢᠭᠰᠠᠨ ᠪᠠᠶᠢᠨ᠎ᠠ᠃ | ︽ᠪᠤᠷᠢᠶᠠᠳ ᠤᠨ ᠢᠵᠠᠭᠤᠷ ᠳᠤᠮᠤᠭ ᠤᠨ ᠲᠣᠪᠴᠢᠶᠠᠨ︾ | ᠬᠡᠮᠡᠬᠦ ᠨᠣᠮ ᠠᠴᠠ ᠫᠦ᠊ · ᠪᠠᠽᠠᠷᠳᠢᠪᠢ ᠪᠠᠭᠤᠯᠭᠠᠪᠠ | 2012 ᠣᠨ ᠤ 12 ᠰᠠᠷ᠎ᠠ ᠶᠢᠨ 12 ᠤᠨ ᠡᠳᠦᠷ | |