ᠳ᠋ᠣᠺᠲ᠋ᠤᠷ᠂ ᠫᠷᠦᠹᠧᠰᠰᠤᠷ ᠭ᠊ · ᠭᠠᠩᠲᠤᠭᠲᠠᠬᠤ ︵ᠮᠣᠩᠭᠤᠯ︶ | ᠪᠠᠷᠭᠤ ᠶᠢᠨ ᠠᠮᠠᠨ ᠠᠶᠠᠯᠭᠤᠨ ᠤ ᠦᠭᠡᠰ ᠤᠨ | ᠰᠠᠩ ᠤᠨ ᠪᠦᠷᠢᠯᠳᠦᠬᠦᠨ ᠤ ᠣᠨᠴᠠᠯᠢᠭ | ᠪᠠᠷᠭᠤ ᠶᠢᠨ ᠠᠮᠠᠨ ᠠᠶᠠᠯᠭᠤ ᠶᠢ ᠪᠠᠷᠭᠤ ᠪᠤᠷᠢᠶᠠᠳ ᠤᠨ ᠠᠶᠠᠯᠭᠤᠨ ᠳᠤ ᠪᠠᠭᠲᠠᠭᠠᠵᠤ ᠰᠤᠳᠤᠯᠤᠭᠰᠠᠭᠠᠷ | ᠢᠷᠡᠭᠰᠡᠨ ᠰᠤᠳᠤᠯᠭᠠᠨ ᠤ ᠤᠯᠠᠮᠵᠢᠯᠠᠯ ᠲᠠᠢ᠃ ᠡᠨᠡ ᠨᠢ ᠦᠦᠬᠡ ᠲᠡᠦᠬᠡ᠂ ᠤᠭᠰᠠᠭ᠎ᠠ ᠭᠠᠷᠪᠠᠯᠢ᠂ ᠥᠪ ᠤᠯᠠᠮᠵᠢᠯᠠᠯ | ᠂ ᠡᠰᠡᠪᠡᠯ ᠠᠶᠠᠯᠭᠤᠨ ᠤ ᠳᠠᠭᠤᠳᠠᠯᠭ᠎ᠠ ᠶᠢᠨ ᠬᠡᠪ ᠰᠢᠨᠵᠢ ᠵᠡᠷᠭᠡ ᠣᠯᠠᠨ ᠲᠠᠯ᠎ᠠ ᠶᠢ ᠬᠠᠮᠤᠷᠤᠭᠰᠠᠨ ᠤᠯᠠ ᠰᠠᠭᠤᠷᠢ | ᠲᠠᠢ ᠠᠩᠭᠢᠯᠠᠯ ᠭᠡᠳᠡᠭ ᠨᠢ ᠮᠠᠷᠭᠤᠭᠠᠨ ᠦᠭᠡᠢ ᠦᠨᠡᠨ᠃ ᠡᠶᠢᠮᠦ ᠤᠴᠢᠷ ᠠᠴᠠ ᠮᠢᠨᠦ ᠪᠡᠶ᠎ᠡ ᠮᠣᠩᠭᠤᠯ ᠤᠯᠤᠰ ᠲᠤ | ᠣᠷᠤᠰᠢᠨ ᠰᠠᠭᠤᠳᠠᠭ ᠳᠣᠷᠤᠨᠠᠳᠤ ᠠᠶᠢᠮᠠᠭ ᠤᠨ ᠭᠤᠷᠪᠠᠨ ᠵᠠᠭᠠᠯ᠂ ᠬᠥᠯᠥᠨ ᠪᠣᠶᠢᠷ᠂ ᠲᠥᠪ ᠠᠶᠢᠮᠠᠭ ᠤᠨ ᠠᠪᠳᠠᠷ᠎ᠠ | ᠪᠠᠶᠠᠨ ᠰᠤᠮᠤᠨ ᠤ ︵ᠬᠠᠭᠤᠴᠢᠨ ᠨᠡᠷ᠎ᠡ︶ ᠪᠠᠷᠭᠤ ᠨᠠᠷ ᠤᠨ ᠶᠠᠷᠢᠯᠴᠠᠬᠤ ᠦᠭᠡ ᠬᠡᠯᠡᠯᠭᠡ ᠶᠢ ᠪᠠᠶᠢᠴᠠᠭᠠᠨ ᠲᠡᠮᠳᠡᠭᠯᠡᠵᠦ | ᠠᠪᠤᠭᠰᠠᠨ ᠢᠶᠠᠨ ︽ᠪᠤᠷᠢᠶᠠᠳ ᠠᠶᠠᠯᠭᠤᠨ ᠤ ᠲᠣᠯᠢ︾ ᠬᠡᠮᠡᠬᠦ ᠨᠣᠮ ᠳᠤ ᠪᠠᠨ ᠪᠠᠷᠭᠤ ᠠᠮᠠᠨ ᠠᠶᠠᠯᠭᠤᠨ ᠤ | ᠥᠪᠡᠷᠮᠢᠴᠡ ᠳᠠᠭᠤᠳᠠᠯᠭ᠎ᠠ ᠲᠠᠢ 1300 ᠣᠷᠴᠢᠮ ᠦᠭᠡ ᠰᠣᠩᠭᠤᠵᠤ ᠣᠷᠤᠭᠤᠯᠤᠭᠰᠠᠨ ᠶᠤᠮ᠃ ᠮᠥᠨ | ᠲᠡᠷᠡᠴᠢᠯᠡᠨ ᠪᠠᠷᠭᠤ ᠶᠢᠨ ᠠᠮᠠᠨ ᠠᠶᠠᠯᠭᠤᠨ ᠤ ᠦᠭᠡᠰ ᠢ ᠲᠡᠮᠳᠡᠭᠯᠡᠭᠰᠡᠨ ᠰᠢᠨ᠎ᠡ ᠪᠠᠷᠭᠤ᠂ ᠬᠠᠭᠤᠴᠢᠨ ᠪᠠᠷᠭᠤ | ᠰᠤᠳᠤᠯᠤᠯ ᠤᠨ ᠦᠭᠡᠰ ᠤᠨ ᠴᠧᠰᠧ ᠶᠢ ︵чэсийг︶ ᠨᠢᠭᠲᠠᠯᠠᠨ ᠥᠪᠡᠷ ᠬᠤᠭᠤᠷᠤᠨᠳᠤ ᠨᠢ | ᠰᠠᠶᠢᠲᠤᠷ ᠬᠠᠷᠢᠴᠠᠭᠤᠯᠤᠨ ᠦᠵᠡᠭᠰᠡᠨ ᠪᠢᠯᠡ᠃ ︵ᠨᠣᠮ ᠵᠦᠢ ᠳᠤ ᠦᠵᠡᠨ᠎ᠡ ᠦᠦ︶ | ᠪᠠᠷᠭᠤ ᠶᠢᠨ ᠠᠮᠠᠨ ᠠᠶᠠᠯᠭᠤ ᠨᠢ ᠳᠠᠩ ᠢᠶᠠᠷ ᠢᠶᠠᠨ ᠴᠢᠪᠴᠢᠨ ᠪᠠᠷᠭᠤ᠂ ᠰᠣᠯᠤᠨ ᠪᠠᠷᠭᠤ᠂ ᠪᠠᠷᠭᠤ ᠪᠤᠷᠢᠶᠠᠳ | ᠭᠡᠳ ᠠᠯᠲᠠᠢ ᠬᠡᠯᠡᠨ ᠤ ᠵᠡᠭᠦᠨ ᠰᠠᠯᠠᠭ᠎ᠠ ᠶᠢ ᠪᠠᠭᠲᠠᠭᠠᠭᠰᠠᠨ ᠮᠣᠩᠭᠤᠯ ᠬᠡᠯᠡᠨ ᠤ ᠥᠪᠡᠷᠮᠢᠴᠡ ᠨᠢᠭᠡᠨ ᠳᠡᠯᠭᠡᠷ ᠪᠠᠶᠠᠨ | ᠠᠮᠠᠨ ᠠᠶᠠᠯᠭᠤ ᠮᠥᠨ ᠪᠥᠭᠡᠳ ᠮᠣᠩᠭᠤᠯ ᠬᠡᠯᠡ ᠰᠤᠳᠤᠯᠤᠭᠠᠴᠢᠳ ᠤᠨ ᠰᠣᠨᠢᠷᠬᠠᠯ ᠢ ᠵᠦᠢ ᠶᠣᠰᠤᠭᠠᠷ ᠲᠠᠲᠠᠭᠰᠠᠭᠠᠷ | ᠢᠷᠡᠭᠰᠡᠨ ᠪᠢᠯᠡ᠃ ᠡᠷᠳᠡᠮᠲᠡᠳ ᠤᠨ ᠰᠣᠨᠢᠷᠬᠠᠯ ᠢ ᠳᠠᠲᠠᠳᠠᠭ ᠭᠤᠣᠯ ᠰᠢᠯᠳᠠᠭᠠᠨ ᠨᠢ ᠶᠠᠭᠤ ᠪᠣᠢ ᠭᠡᠪᠡᠯ ᠪᠠᠷᠭᠤ | ᠠᠮᠠᠨ ᠠᠶᠠᠯᠭᠤᠨ ᠤ ᠦᠭᠡᠰ ᠤᠨ ᠪᠦᠷᠢᠯᠳᠦᠬᠦᠨ ᠤ ᠣᠨᠴᠠᠯᠢᠭ ᠨᠢ ᠶᠤᠮ᠃ | ⒈ᠪᠠᠷᠭᠤ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠤ ᠣᠨᠴᠠᠯᠢᠭ ᠨᠢ ᠶᠠᠭᠤᠨ ᠤ ᠡᠮᠦᠨ᠎ᠡ | ᠡᠷᠲᠡᠨ ᠤ ᠮᠣᠩᠭᠤᠯ ᠬᠡᠯᠡᠨ ᠳᠤ ᠪᠣᠯᠤᠨ ᠳᠤᠮᠳᠠᠳᠤ ᠦᠶ᠎ᠡ ᠶᠢᠨ ᠮᠣᠩᠭᠤᠯ ᠬᠡᠯᠡᠨ ᠳᠤ ᠬᠡᠷᠡᠭᠯᠡᠭᠳᠡᠵᠦ ᠪᠠᠶᠢᠭᠰᠠᠨ | ᠦᠯᠡᠮᠵᠢ ᠠᠷᠪᠢᠨ ᠲᠣᠭᠠᠨ ᠤ ᠦᠭᠡᠰ ᠢ ᠥᠨᠥᠳᠦᠷ 21 ᠳ᠋ᠤᠭᠡᠷ ᠵᠠᠭᠤᠨ ᠳᠤ ᠲᠡᠭᠡᠭᠡᠵᠦ ᠤᠯᠠᠮᠵᠢᠯᠠᠵᠤ ᠢᠷᠡᠭᠰᠡᠨ | ᠬᠤᠪᠤᠷ ᠨᠠᠨᠳᠢᠨ ᠦᠭᠡᠰ ᠤᠨ ᠰᠠᠩ ᠲᠠᠢ᠃ ᠵᠢᠱᠢᠶ᠎ᠡ ᠨᠢ᠄ ᠠᠩᠭᠠᠯᠠᠬᠤ ︵ангаалах︶ ︵ | ᠪᠦᠰᠡᠯᠡᠬᠦ᠂ ᠲᠣᠭᠤᠷᠢᠬᠤ︶᠂ ᠠᠩᠭᠠᠯᠳᠤᠬᠤ ︵ангаалдах︶ ︵ᠲᠠᠯ᠎ᠠ ᠲᠠᠯ᠎ᠠ ᠠᠴᠠ ᠨᠢ | ᠪᠡᠳᠡᠷᠢᠬᠦ ︵ᠡᠷᠢᠬᠦ︶ ᠪᠦᠰᠡᠯᠡᠵᠦ ᠬᠦᠷᠢᠶᠡᠯᠡᠬᠦ︶᠂ ᠪᠠᠳᠠᠭᠠᠨ ︵бадган︶ ︵ᠡᠪᠡᠳᠴᠢᠨ ᠬᠠᠭᠤᠴᠢ︶ | ᠂ ᠪᠤᠭ᠎ᠠ ︵бугаа︶ ︵ᠪᠤᠭᠤᠶᠢᠪᠴᠢ︶᠂ ᠭᠡᠨᠡᠨ ︵гэнэн︶ ︵ᠰᠠᠨᠠᠭᠠᠨ ᠳᠤ ᠦᠭᠡᠢ᠂ | ᠰᠠᠨᠠᠮᠰᠠᠷ ᠦᠭᠡᠢ︶᠂ ᠳᠡᠭᠡᠬᠦ ︵дэхэх︶ ︵ᠳᠠᠪᠢᠷᠠᠬᠤ︶᠂ ᠵᠠᠭᠠᠷᠲᠠᠬᠤ ︵ | заардах︶ ︵ᠮᠣᠷᠢ ᠡᠪᠰᠢᠶᠡᠬᠦ︶᠂ ᠨᠠᠮᠬᠠ ︵намха︶ ︵ᠶᠣᠳᠤᠷ︶᠂ ᠲᠤᠭᠠᠷ | ︵тугаар︶ ︵ᠰᠠᠶ᠋ᠢ︶᠂ ᠲᠠᠷᠱᠠᠬᠠᠢ ︵таршаахий︶ ︵ᠴᠠᠷᠴᠠᠬᠠᠢ︶ | ᠂ ᠣᠩᠭᠤᠷ ︵унгар︶ ︵ᠤᠩᠭᠤᠰᠤ︶᠂ ᠦᠭᠡᠭ ︵үхэг︶ ︵ᠱᠦᠭᠡ᠂ ᠱᠦᠭᠦᠢ︶ | ᠂ ᠠᠭᠤᠳᠠᠬᠢ ︵уудхи︶ ︵ᠠᠭᠤᠰᠬᠢ︶᠂ ᠬᠤᠯᠢᠮᠤᠾᠤ ︵ | холимохуу︶ ︵ᠬᠤᠯᠮᠠᠰ︶᠂ ᠱᠠᠯᠠᠮ ︵шалам︶ ︵ᠣᠯᠣᠮ︶᠂ | ᠡᠲᠡᠷᠬᠡᠬᠦ ︵этэрхэх︶ ︵ᠪᠠᠷᠳᠠᠮᠨᠠᠬᠤ︶᠂ ᠶᠣᠯᠳᠠᠮ ︵юлдам︶ ︵ | ᠢᠯᠳᠠᠮ︶᠂ ᠶᠠᠯᠠᠪᠠᠷᠠᠩ ︵ялбаран︶ ︵ᠶᠠᠩᠭᠤᠴᠢ︶ ᠭᠡᠬᠦ ᠮᠡᠲᠦ᠃ ᠡᠳᠡᠭᠡᠷ ᠨᠢ ᠳᠤᠮᠳᠠᠳᠤ | ᠡᠷᠲᠡᠨ ᠤ ᠲᠣᠯᠢ ᠪᠢᠴᠢᠭ᠂ ᠬᠠᠭᠤᠴᠢᠨ ᠲᠣᠬᠢᠶᠠᠨ ᠤ ᠪᠢᠴᠢᠭ᠂ ᠮᠣᠩᠭᠤᠯ ᠤᠨ ᠨᠢᠭᠤᠴᠠ ᠲᠣᠪᠴᠢᠶᠠᠨ ᠳᠤ ᠪᠤᠬᠠᠭᠤ | ᠪᠤᠷ ᠪᠤᠭ᠎ᠠ ᠶᠢ ᠪᠠᠷ ᠪᠤᠭ᠎ᠠ᠂ ᠮᠣᠩᠭᠤᠯ ᠤᠨ ᠨᠢᠭᠤᠴᠠ ᠲᠣᠪᠴᠢᠶᠠᠨ ᠳᠤ ᠭᠡᠨᠡᠨ᠂ ᠮᠣᠩᠭᠤᠯ ᠤᠨ ᠨᠢᠭᠤᠴᠠ | ᠲᠣᠪᠴᠢᠶᠠᠨ ᠳᠤ ᠲᠤᠭᠠᠷ ᠭᠡᠬᠦ ᠮᠡᠲᠦ ᠪᠣᠢ᠃ ᠪᠠᠷ᠂ ᠤᠩᠭᠤᠷ᠂ ᠪᠤᠷ᠂ ᠤᠩᠭᠤᠾᠠ᠂ ᠮᠣ᠂ ᠤᠩᠭᠤᠯᠤᠨ᠂ ᠨᠤᠸᠠ᠂ | ᠾᠤᠩᠭᠤᠰᠤᠨ ᠡᠷᠲᠡᠨ ᠤ ᠬᠡᠯᠪᠡᠷᠢ ᠶᠢ ᠨᠢ ᠰᠡᠷᠭᠦᠭᠡᠪᠡᠯ ᠾᠤᠩᠭᠤᠷᠰᠤᠨ ᠪᠣᠯᠤᠨ᠎ᠠ᠃ ᠡᠳᠡᠭᠡᠷ ᠬᠤᠪᠤᠷ ᠨᠠᠨᠳᠢᠨ | ᠦᠭᠡᠰ ᠤᠨ ᠰᠠᠩ ᠢ ᠠᠭᠤᠳᠠᠯᠤᠨ ᠢᠯᠡᠷᠡᠭᠦᠯᠵᠦ ᠰᠤᠳᠤᠯᠭᠠᠨ ᠤ ᠡᠷᠭᠢᠯᠲᠡ ᠳᠤ ᠣᠷᠤᠭᠤᠯᠵᠤ᠂ ᠡᠷᠲᠡ ᠴᠠᠭ ᠤᠨ | ᠲᠠᠲ᠋ᠠᠷ ᠮᠣᠩᠭᠤᠯ ᠬᠡᠯᠡ ︵ᠶᠢᠰᠦᠨ ᠲᠠᠲ᠋ᠠᠷ ᠨᠠᠷ︶ ᠶᠠᠭᠠᠬᠢᠵᠤ ᠶᠠᠷᠢᠵᠤ ᠬᠡᠯᠡᠵᠦ ᠪᠠᠶᠢᠵᠤ ᠪᠣᠢ ᠭᠡᠳᠡᠭ ᠢ ᠰᠡᠷᠭᠦᠭᠡᠬᠦ | ᠪᠠᠷᠢᠮᠲᠠ ᠭᠠᠷᠴᠤ ᠢᠷᠡᠬᠦ ᠤᠴᠢᠷ ᠲᠠᠢ ᠶᠤᠮ᠃ ᠡᠶᠢᠮᠦ ᠤᠴᠢᠷ ᠠᠴᠠ ᠬᠠᠭᠤᠴᠢᠨ ᠪᠠᠷᠭᠤ᠂ ᠰᠣᠯᠤᠨ᠂ ᠴᠢᠪᠴᠢᠨ᠂ | ᠰᠢᠨ᠎ᠡ ᠪᠠᠷᠭᠤ᠂ ᠮᠣᠩᠭᠤᠯ ᠤᠯᠤᠰ ᠤᠨ ᠪᠠᠷᠭᠤ ᠨᠠᠷ᠂ ᠪᠠᠷᠭᠤᠵᠢᠨ᠂ ᠬᠤᠷᠢ ᠪᠤᠷᠢᠶᠠᠳ ᠠᠶᠠᠯᠭᠤ ᠶᠢ ᠭᠦᠢ ᠴᠤᠭᠭᠠᠷ | ᠨᠢ ᠡᠪ ᠤᠨ ᠵᠠᠶᠠᠭᠠᠨ ᠳᠤ ᠵᠠᠶᠠᠭᠠᠯᠠᠭᠤᠯᠵᠤ ᠰᠤᠳᠤᠯᠬᠤ ᠨᠢ ᠵᠦᠢᠲᠡᠢ ᠪᠠᠶᠢᠨ᠎ᠠ᠃ ᠡᠪ ᠤᠨ ᠵᠠᠶᠠᠭᠠᠨ ᠳᠤ | ᠵᠠᠶᠠᠭᠠᠯᠠᠭᠤᠯᠵᠤ ᠭᠡᠳᠡᠭ ᠤᠨ ᠤᠴᠢᠷ ᠨᠢ ᠮᠣᠩᠭᠤᠯ — ᠬᠢᠲᠠᠳ — ᠣᠷᠤᠰ ᠭᠤᠷᠪᠠᠨ ᠤᠯᠤᠰ ᠤᠨ ᠡᠷᠳᠡᠮᠲᠡᠨ | ᠰᠤᠳᠤᠯᠤᠭᠠᠴᠢᠳ ᠬᠦᠴᠦ ᠪᠠᠨ ᠨᠢᠭᠡᠳᠬᠡᠨ᠂ ᠪᠠᠷᠭᠤ ᠪᠤᠷᠢᠶᠠᠳ ᠠᠮᠠᠨ ᠠᠶᠠᠯᠭᠤᠨ ᠤ ᠦᠭᠡᠰ ᠤᠨ ᠰᠠᠩ ᠤᠨ | ᠡᠭᠦᠰᠪᠦᠷᠢ ᠪᠦᠷᠢᠯᠳᠦᠬᠦᠨ ᠢ ᠡᠪ ᠡᠶ᠎ᠡ᠂ ᠵᠦᠢ ᠲᠣᠭᠲᠠᠭᠠᠯ ᠢᠶᠠᠷ ᠨᠢ ᠥᠪᠡᠷ ᠲᠤ ᠨᠢ ᠪᠠᠶᠢᠭ᠎ᠠ ᠬᠦᠴᠦᠨ ᠵᠦᠢᠯ ᠢᠶᠠᠷ | ᠢᠷᠠᠭᠤᠯᠤᠨ ᠰᠤᠳᠤᠯᠬᠤ ᠰᠠᠨᠠᠭ᠎ᠠ ᠶᠢ ᠳᠡᠪᠰᠢᠭᠦᠯᠵᠦ ᠪᠠᠶᠢᠨ᠎ᠠ᠃ | ⒉ᠪᠠᠷᠭᠤ ᠮᠣᠩᠭᠤᠯᠴᠤᠳ ᠪᠡᠯᠴᠢᠭᠡᠷ ᠤᠨ ᠮᠠᠯ ᠮᠠᠯᠯᠠᠭ᠎ᠠ ᠪᠠᠨ ᠡᠷᠭᠢᠯᠡᠨ ᠠᠭᠤᠳᠠᠮ ᠰᠠᠶᠢᠬᠠᠨ ᠲᠠᠯ᠎ᠠ | ᠨᠤᠲᠤᠭ ᠲᠤ ᠪᠠᠨ ᠲᠠᠪᠠ ᠪᠠᠷ ᠢᠶᠠᠨ ᠨᠡᠭᠦᠵᠦ ᠪᠤᠶᠠᠨᠲᠤ ᠰᠠᠶᠢᠬᠠᠨ ᠮᠠᠯ ᠰᠦᠷᠦᠭ ᠢᠶᠠᠨ ᠥᠰᠬᠡᠨ ᠦᠷᠡᠵᠢᠭᠦᠯᠵᠦ᠂ | ᠰᠢᠮ᠎ᠡ ᠶᠢ ᠨᠢ ᠪᠣᠯᠪᠠᠰᠤᠷᠠᠭᠤᠯᠵᠤ᠂ ᠣᠯᠠᠨ ᠵᠠᠭᠤᠨ ᠮᠢᠩᠭᠠᠨ ᠢ ᠲᠤᠭᠤᠯᠵᠤ ᠢᠷᠡᠬᠦ ᠳᠤ ᠪᠠᠨ ᠮᠣᠩᠭᠤᠯ ᠠᠵᠤ | ᠲᠥᠷᠥᠬᠦ ᠤᠬᠠᠭᠠᠨ ᠢ ᠴᠣᠭᠴᠠᠯᠠᠨ ᠪᠥᠷᠢᠯᠳᠦᠭᠦᠯᠵᠦ᠂ ᠪᠠᠷᠭᠤ ᠮᠣᠩᠭᠤᠯ ᠬᠡᠪ ᠶᠣᠰᠤ᠂ ᠵᠠᠩ ᠵᠠᠩᠰᠢᠯ᠂ ᠦᠭᠡ | ᠬᠡᠯᠡᠯᠭᠡ ᠶᠢ ᠪᠣᠢ ᠪᠣᠯᠭᠠᠭᠰᠠᠨ ᠲᠡᠷᠡ ᠨᠦᠷᠢ ᠶᠡᠭᠡ ᠬᠦᠴᠦ ᠬᠥᠳᠡᠯᠮᠦᠷᠢ᠂ ᠲᠡᠷᠡ ᠦᠨᠡᠲᠦ ᠰᠠᠶᠢᠬᠠᠨ ᠦᠭᠡ ᠬᠡᠯᠡᠯᠭᠡ | ᠶᠢ ᠰᠢᠨᠵᠢᠭᠡᠴᠢᠳ ᠪᠢᠳᠡ ᠰᠢᠨᠵᠢᠯᠡᠭᠡ ᠰᠤᠳᠤᠯᠭᠠᠨ ᠤ ᠡᠷᠭᠢᠯᠲᠡ ᠳᠤ ᠣᠷᠤᠭᠤᠯᠤᠯ ᠦᠭᠡᠢ ᠪᠠᠶᠢᠭᠰᠠᠭᠠᠷ ᠡᠳᠦᠢ | ᠬᠥᠷᠦᠯᠡ᠃ ᠭᠡᠲᠡᠯ᠎ᠡ ᠪᠠᠷᠭᠤ ᠶᠢᠨ ᠠᠮᠠᠨ ᠠᠶᠠᠯᠭᠤ᠂ ᠪᠡᠯᠴᠢᠭᠡᠷ ᠤᠨ ᠮᠠᠯ ᠮᠠᠯᠯᠠᠭᠠᠨ ᠤ ᠦᠭᠡ ᠬᠡᠯᠡᠯᠭᠡ ᠪᠠᠷ ᠬᠠᠯᠬ᠎ᠠ | ᠮᠣᠩᠭᠤᠯ᠂ ᠣᠶᠢᠷᠠᠳ ᠮᠣᠩᠭᠤᠯ᠂ ᠪᠤᠷᠢᠶᠠᠳ ᠮᠣᠩᠭᠤᠯ᠂ ᠥᠪᠥᠷ ᠮᠣᠩᠭᠤᠯ ᠤᠨ ᠣᠯᠠᠨ ᠠᠶᠠᠯᠭᠤᠨ ᠠᠴᠠ ᠬᠠᠪᠢ | ᠦᠭᠡᠢ ᠣᠯᠠᠨ ᠦᠭᠡ ᠲᠠᠢ ᠰᠢᠭ ᠨᠠᠳᠠ ᠰᠠᠨᠠᠭᠳᠠᠳᠠᠭ ᠶᠤᠮ᠃ ᠶᠠᠭᠠᠬᠢᠭᠠᠳ ᠲᠡᠷᠡ ᠪᠣᠢ ᠭᠡᠪᠡᠯ ᠪᠠᠷᠭᠤ ᠶᠢᠨ ᠠᠮᠠᠨ | ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠨᠢ ᠨᠡᠶᠢᠯᠡᠭ ᠨᠢᠭᠲᠠᠷᠠᠯ ᠰᠠᠶᠢᠲᠠᠢ ᠶᠢᠨ ᠳᠡᠭᠡᠷ᠎ᠡ ᠪᠠᠷᠭᠤ | ᠮᠣᠩᠭᠤᠯᠴᠤᠳ ᠪᠡᠯᠴᠢᠭᠡᠷ ᠤᠨ ᠮᠠᠯ ᠮᠠᠯᠯᠠᠭᠠᠨ ᠤ ᠠᠰᠤᠷᠤ ᠶᠡᠭᠡ ᠲᠤᠷᠰᠢᠯᠭ᠎ᠠ ᠲᠠᠢ ᠠᠷᠠᠳ ᠲᠦᠮᠡᠨ ᠤᠴᠢᠷ ᠠᠴᠠ | ᠪᠠᠶᠠᠨ ᠪᠠᠷᠭᠤ ᠶᠢᠨ ᠮᠠᠯ ᠰᠦᠷᠦᠭ ᠭᠡᠵᠤ ᠬᠤᠯᠠ ᠣᠶᠢᠷ᠎ᠠ ᠳ᠋ᠠᠬᠢᠨ ᠳᠤ ᠶᠡᠭᠡ ᠠᠯᠳᠠᠷᠰᠢᠭᠰᠠᠨ ᠪᠢᠯᠡ᠃ ᠮᠠᠯ | ᠮᠠᠯᠯᠠᠭᠠᠨ ᠤ ᠦᠭᠡ ᠬᠡᠯᠡᠯᠭᠡ ᠭᠡᠬᠦ ᠳᠤ᠂ ᠨᠡᠶᠢᠲᠡ ᠮᠣᠩᠭᠤᠯᠴᠤᠳ ᠤᠨ ᠲᠦᠭᠡᠮᠡᠯ ᠦᠭᠡ ᠬᠡᠯᠡᠯᠭᠡ ᠳᠡᠭᠡᠷ᠎ᠡ ᠪᠠᠷᠭᠤ | ᠠᠮᠠᠨ ᠠᠶᠠᠯᠭᠤᠨ ᠤ ᠦᠪᠡᠷ ᠤᠨ ᠬᠢᠨᠢ ᠦᠭᠡᠰ ᠤᠨ ᠰᠠᠩ ᠤᠨ ᠥᠪᠡᠷᠮᠢᠴᠡ ᠳᠠᠭᠤᠳᠠᠯᠭ᠎ᠠ᠂ ᠤᠳᠬ᠎ᠠ ᠠᠭᠤᠯᠭ᠎ᠠ | ᠲᠠᠢ ᠦᠭᠡᠰ ᠮᠠᠰᠢ ᠠᠷᠪᠢᠨ ᠪᠠᠶᠢᠳᠠᠭ ᠶᠤᠮ ᠪᠢᠯᠡ᠃ ᠪᠢ ᠵᠦᠭᠡᠷ ᠠᠮᠠᠨ ᠠᠴᠠ ᠪᠠᠨ ᠵᠢᠱᠢᠶ᠎ᠡ ᠲᠠᠲᠠᠵᠤ ᠬᠡᠯᠡᠬᠦ ᠳᠤ᠂ | ᠡᠮᠡᠭᠡᠯ ᠳᠡᠭᠡᠷ᠎ᠡ ᠠᠶᠢᠪᠠᠵᠤ ︵айбийж︶ ᠰᠠᠭᠤᠬᠤ᠂ ᠡᠪᠡᠶᠢᠵᠦ ︵ээбийж︶᠂ | ᠪᠡᠭᠡᠪᠡᠶᠢᠵᠦ ︵бээвийж︶᠂ ᠪᠡᠭᠡᠴᠡᠶᠢᠵᠦ ︵бээчийж︶᠂ | ᠪᠡᠭᠽᠡᠶᠢᠵᠦ ︵бэгзийж︶ ᠰᠠᠭᠤᠬᠤ ᠭᠡᠵᠤ ᠪᠣᠢ᠃ ᠮᠠᠯ ᠳᠤ ᠶᠠᠪᠤᠬᠤ ᠳᠤ ᠪᠠᠨ ᠠᠶᠢᠷᠠᠯᠵᠢᠨ ︵ | айралжан︶ ︵ᠠᠯᠮᠠᠢ︶᠂ ᠠᠨᠠᠭ᠎ᠠ ︵анага︶ ᠣᠷᠤᠴᠠ ︵урч︶ ︵ | ᠣᠪᠤᠬᠠᠢ︶ ᠲᠥᠭᠦᠭᠡᠷᠴᠦ ᠣᠳᠤᠷ ᠲᠤ ᠭᠠᠷᠬᠤ᠂ ᠠᠩᠭᠠᠯ ᠪᠣᠶᠢᠭᠠᠨ ᠢᠶᠠᠨ ᠲᠠᠲᠠᠵᠦ ᠨᠡᠭᠦᠬᠦ ᠵᠥᠭᠡᠭᠡᠬᠦ᠂ ᠠᠳᠤᠭᠤ | ᠮᠠᠯ ᠳᠤ ᠶᠠᠪᠤᠨ᠎ᠠ ᠭᠡᠬᠦ ᠠᠴᠠ ᠠᠬᠠᠷᠴᠢᠯᠠᠭᠠᠳ ︵ᠴᠢᠬᠤᠯᠲᠠᠬᠤ︶ ᠭᠠᠷᠬᠤ ᠴᠢᠨᠢ ᠶᠠᠭᠤ ᠪᠣᠢ︖ ᠬᠤᠰᠠ | ᠾᠢᠢᠨᠡᠭ ᠬᠤᠶᠠᠷ ︵ᠬᠤᠴᠠ ᠢᠷᠭᠡ ᠬᠤᠶᠠᠷ︶ ᠨᠡᠭᠦᠳᠡᠯ ᠳᠤ ᠲᠦᠦᠷᠢ ︵туурь︶ ︵ᠲᠠᠭᠤᠪᠤᠷᠢ︶ | ᠳᠠᠭᠤᠬᠤ᠂ ᠲᠠᠩᠵᠢᠵᠦ ︵тэнжиж︶ ᠶᠠᠳᠠᠭᠠᠳ ᠲᠠᠩᠴᠢᠷᠡᠵᠦ ︵тэнчиржэ︶ | ᠪᠠᠶᠢᠨ᠎ᠠ᠃ ᠡᠷ᠎ᠡ ᠬᠥᠮᠥᠨ ᠤ ᠪᠡᠨ᠎ᠡ ︵бэнэ︶ ᠦᠭᠡᠢ᠂ ᠢᠰᠢᠭᠡᠨ ᠲᠡᠭᠡᠨ ᠤ ᠬᠤᠲᠠᠭᠠ ᠦᠭᠡᠢ᠂ ᠮᠠᠯ | ᠤᠨ ᠣᠭᠰᠢᠯ ᠬᠡᠶᠢᠷᠡᠬᠦ ︵гийрэх︶ ︵ᠲᠠᠩᠲᠠᠬᠤ︶ ᠠᠳᠡ ᠾᠧ ︵ | эндэхээ︶ ᠵᠡᠭᠦᠨᠰᠢ ᠪᠠᠨ ᠪᠡᠯᠴᠢᠭᠡᠷ ᠬᠦᠯᠭᠡᠨ ︵гүлгэн︶ ︵ᠨᠡᠯᠦᠩᠬᠢ ᠳᠤ ᠪᠠᠨ | ︶ ᠰᠠᠾᠧ ᠲᠠᠢ ︵сахатий︶ ︵ᠴᠠᠰᠤᠲᠠᠢ︶᠂ ᠮᠡᠩᠭᠢᠨ ᠬᠤᠷᠠᠭ᠎ᠠ᠂ ᠮᠠᠯ ᠳᠤ ᠮᠠᠬᠠᠰᠢᠨ ᠬᠥᠮᠥᠨ | ︵ᠮᠠᠬᠠᠷᠠᠤ︶᠂ ᠲᠤᠭᠤᠯ ᠳᠤ ᠪᠠᠨ ᠮᠡᠬᠡᠢ ︵ᠡᠩᠬᠦᠷᠡᠢ︶᠂ ᠮᠤᠬᠠᠯᠠᠢ ᠦᠨᠢᠶ᠎ᠡ ︵ᠳᠦᠨᠵᠢᠨ︶᠂ ᠳᠡᠯᠭᠡᠷᠢ ︵ | тэлгэри︶ ᠾᠧᠬᠡᠬᠡ ︵хэхэхэ︶᠂ ᠾᠧᠰᠯᠡᠨ ︵ | хэсэлэн︶ ᠮᠠᠯ ︵ᠤᠷᠲᠤ ᠬᠥᠯ ᠢᠶᠠᠨ ᠡᠷᠭᠦᠵᠦ ᠳᠤᠭᠤᠯᠳᠠᠳᠠᠭ︶᠂ ᠲᠥᠬᠦᠷ ︵ | түхир︶ ︵ᠪᠦᠷᠢᠨ︶ ᠬᠡᠷᠡᠭᠯᠡᠯ ᠲᠠᠢ ᠡᠮᠡᠭᠡᠯ᠂ ᠮᠣᠷᠢ ᠤᠷᠭᠠᠯᠠᠬᠤ ᠳᠤ ᠪᠠᠨ ᠳ᠋ᠤᠶᠢᠭᠤᠨ ︵ᠰᠣᠯᠤᠭᠠᠢ︶ | ᠂ ᠲᠤᠩᠭᠢᠷ ᠰᠠᠭᠠᠨ ᠲᠠᠯ᠎ᠠ᠂ ᠲᠡᠪᠡᠭᠬᠡᠲᠦ ︵тэбэгхт︶ ᠰᠠᠱᠰᠠᠭ ᠲᠠᠢ ︵ | сашсагтай︶ ᠤᠯᠠᠭᠠᠨ᠂ ᠮᠠᠯ ᠳᠤ ᠪᠠᠨ ᠰᠣᠯᠤᠭᠢ ᠦᠭᠡᠨ ᠤ ︵ | солоохий үгы︶ ᠬᠥᠮᠥᠨ ᠭᠡᠬᠦ ᠮᠡᠲᠦ᠃ ᠪᠠᠷᠭᠤ ᠠᠮᠠᠨ ᠠᠶᠠᠯᠭᠤᠨ ᠤ ᠮᠠᠯ ᠮᠠᠯᠯᠠᠭᠠᠨ ᠤ | ᠦᠭᠡᠰ ᠢ ᠲᠤᠰᠬᠠᠶᠢᠯᠠᠨ ᠬᠥᠲᠦᠯᠪᠦᠷᠢ ᠪᠣᠯᠪᠠᠰᠤᠷᠠᠭᠤᠯᠵᠤ ᠰᠤᠷᠪᠤᠯᠵᠢᠯᠠᠨ ᠰᠤᠳᠤᠯᠬᠤ ᠨᠢ ᠴᠢᠬᠤᠯᠠ ᠪᠠᠶᠢᠨ᠎ᠠ᠃ | ᠴᠣᠬᠤᠮ ᠳᠤ ᠪᠠᠨ ᠡᠶᠢᠮᠦ ᠰᠤᠳᠤᠯᠭᠠᠨ ᠤ ᠬᠡᠪᠯᠡᠭᠳᠡᠭᠰᠡᠨ ᠮᠠᠲ᠋ᠧᠷᠢᠶᠠᠯ ᠪᠠᠷᠤᠭ ᠦᠭᠡᠢ ᠪᠠᠶᠢᠨ᠎ᠠ᠃ ᠡᠭᠦᠨ ᠢ | ᠰᠤᠳᠤᠯᠬᠤ ᠰᠤᠳᠤᠯᠭᠠᠨ ᠤ ᠲᠠᠯᠠᠪᠤᠷ ᠠᠴᠠ ᠡᠵᠡᠨ ᠢᠶᠠᠨ ᠬᠦᠯᠢᠶᠡᠭᠡᠳ ᠮᠣᠩᠭᠤᠯ ᠤᠯᠤᠰ ᠲᠤ ᠴᠦ ᠲᠡᠷᠡ᠂ ᠬᠢᠲᠠᠳ | ᠤᠯᠤᠰ ᠲᠤ ᠴᠦ ᠲᠡᠷᠡ ᠪᠠᠶᠢᠵᠤ ᠯᠡ ᠪᠠᠶᠢᠨ᠎ᠠ᠃ ᠮᠠᠯ ᠳᠤ ᠰᠣᠯᠣᠭᠤᠬᠠᠢ ᠲᠠᠢ ︵ | солоохйитий︶ ᠨᠢᠳᠦ ᠲᠠᠢ᠂ ᠮᠠᠯ ᠤᠨ ᠲᠥᠷᠥ ᠲᠠᠢ ︵дөртэй︶ | ᠪᠠᠷᠭᠤ ᠶᠢᠨ ᠠᠮᠠᠨ ᠠᠶᠠᠯᠭᠤ ᠰᠤᠳᠤᠯᠤᠭᠠᠴᠢ ᠮᠠᠯ ᠳᠤ ᠴᠦ ᠲᠡᠷᠡ᠂ ᠦᠭᠡᠨ ᠳᠤ ᠴᠦ ᠲᠡᠷᠡ ᠮᠠᠬᠠᠰᠢᠨ ᠵᠠᠯᠠᠭᠤ | ᠬᠦᠪᠡᠭᠦᠳ ᠥᠬᠢᠳ ᠢ ᠪᠡᠯᠡᠳᠬᠡᠬᠦ ᠱᠠᠭᠠᠷᠳᠠᠯᠭ᠎ᠠ ᠲᠠᠢ ᠪᠣᠯᠵᠤ ᠪᠠᠶᠢᠨ᠎ᠠ᠃ | ⒊ᠪᠠᠷᠭᠤ ᠵᠣᠨ ᠤ ᠤᠳᠬ᠎ᠠ ᠰᠣᠶᠤᠯ᠂ ᠬᠡᠪ ᠵᠠᠩᠰᠢᠯ᠂ ᠣᠶᠤᠨ ᠰᠠᠨᠠᠭᠠᠨ ᠤ ᠶᠢᠷᠲᠢᠨᠴᠦ ᠳᠤ ᠪᠥᠭᠡ | ᠮᠥᠷᠭᠦᠯ ᠬᠢᠭᠡᠳ ᠪᠤᠷᠬᠠᠨ ᠱᠠᠰᠢᠨ ᠤ ᠤᠬᠠᠭᠠᠨ ᠤ ᠨᠥᠯᠥᠭᠡᠯᠡᠭᠰᠡᠨ ᠨᠥᠯᠥᠭᠡᠯᠡᠯ ᠴᠠᠭᠯᠠᠰᠢ ᠦᠭᠡᠢ ᠶᠡᠭᠡ ᠲᠤᠯᠠ | ᠪᠠᠷᠭᠤ ᠶᠢᠨ ᠠᠶᠠᠯᠭᠤᠨ ᠤ ᠦᠭᠡᠰ ᠤᠨ ᠰᠠᠩ ᠤᠨ ᠰᠠᠩ ᠣᠨᠴᠠᠭᠠᠢ ᠪᠠᠶᠢᠷᠢ ᠶᠢ ᠡᠵᠡᠯᠡᠨ᠎ᠡ᠃ ᠪᠠᠷᠭᠤ ᠪᠥᠭᠡ ᠶᠢᠨ | ᠦᠭᠡ ᠬᠡᠯᠡᠯᠭᠡ᠂ ᠶᠣᠰᠤ ᠵᠠᠶ᠋ᠢᠭ᠂ ᠬᠡᠪ ᠮᠠᠶ᠋ᠢᠭ ᠨᠢ ᠬᠠᠯᠬ᠎ᠠ᠂ ᠪᠤᠷᠢᠶᠠᠳ᠂ ᠳᠠᠷᠬᠠᠳ᠂ ᠬᠤᠷᠴᠢᠨ᠂ ᠣᠷᠢᠶᠠᠩᠬᠠᠢ | ᠪᠥᠭᠡ ᠠᠴᠠ ᠥᠪᠡᠷᠮᠢᠴᠡ ᠪᠠᠶᠢᠳᠠᠭ ᠨᠢ ᠡᠮᠦᠰᠬᠡᠯ ᠲᠣᠨᠤᠭ ᠤᠨ ᠨᠡᠷ᠎ᠡ᠂ ᠬᠤᠯᠪᠤᠭ᠎ᠠ ᠬᠤᠷᠰᠢᠶ᠎ᠠ ᠦᠭᠡ᠂ ᠬᠡᠯᠡᠴᠡ | ᠬᠡᠯᠡᠯᠭᠡ ᠠᠴᠠ ᠨᠢ ᠦᠵᠡᠬᠦ ᠳᠤ ᠢᠯᠡᠷᠬᠡᠢ᠃ ᠵᠢᠱᠢᠶ᠎ᠡ ᠨᠢ᠄ ᠲᠠᠶᠢᠯᠲᠠᠢ ︵тайлтай︶ ᠪᠥᠭᠡ ︵ | ᠬᠠᠨ︶᠂ ᠲᠠᠬᠢᠯᠭᠠᠲᠠᠢ ᠪᠥᠭᠡ ︵ᠨᠣᠶᠠᠨ︶᠂ ᠲᠡᠷᠡᠭ ︵дэргэ︶ ᠪᠥᠭᠡ ︵ᠱᠠᠪᠢ︶᠂ ᠣᠩᠭᠤ ︵ | ᠣᠩᠭᠤᠳ︶᠂ ᠡᠬᠡ ᠪᠠᠶᠢᠭᠤᠯᠵᠢᠨ ︵ᠠᠷᠬᠠᠯ архаал ᠡᠯᠭᠡᠪᠴᠢᠨ ᠲᠣᠯᠢ︶᠂ ᠶᠡᠭᠡ᠂ ᠳᠤᠮᠳᠠᠳᠤ᠂ | ᠪᠠᠭ᠎ᠠ ᠲᠤᠯᠢ᠂ ᠣᠷᠬᠢᠭᠤᠯᠭᠠ ︵ᠽᠠᠪᠳᠠᠷ завдар︶᠂ ᠬᠦᠷᠡᠩ ᠤᠯᠠᠭᠠᠨ ᠠᠪᠠᠭᠠᠯᠳᠠᠢ᠂ ᠡᠴᠢᠭᠡ | ᠪᠠᠶᠢᠭᠤᠯᠵᠢᠨ ︵ᠠᠪᠠᠭᠠᠯᠳᠠᠢ ᠶᠢᠨ ᠪᠠᠭ︶᠂ ᠮᠠᠶᠢᠬᠤᠭᠤᠵᠢ ︵майхуужи︶︵ᠣᠷᠭᠤᠢ︶᠂ | ᠭᠡᠰᠡ ︵хэсэ︶ ᠳ᠋ᠠᠪᠢᠭᠤᠷ ︵давиур︶᠂ ᠬᠤᠶᠠᠷ ᠬᠤᠷᠪᠢ ︵ᠰᠣᠷᠪᠢ︶ ᠪᠠᠷᠠᠭᠤᠨ | ᠬᠤᠷᠪᠢ ᠠᠵᠢᠷᠭᠠᠨ᠂ ᠵᠡᠭᠦᠨ ᠬᠤᠷᠪᠢ ᠭᠡᠭᠦᠦ ᠲᠣᠯᠤᠭᠠᠢ ᠲᠠᠢ ᠪᠠᠶᠢᠳᠠᠭ᠃ ᠪᠠᠷᠠᠭᠤᠨ ᠬᠤᠷᠪᠢ ᠨᠢ ᠵᠡᠭᠦᠨ ᠬᠤᠷᠪᠢ | ᠠᠴᠠ ᠪᠠᠨ ᠨᠢᠭᠡ ᠪᠠᠷᠢᠮ ᠥᠨᠳᠦᠷ ᠪᠠᠶᠢᠨ᠎ᠠ᠃ ᠳᠦᠷᠪᠡᠨ ᠬᠤᠨᠢᠨ ᠱᠠᠭᠠᠢ᠂ ᠨᠠᠢᠮᠠᠨ ᠾᠤᠭᠤᠳᠠᠯ ︵ | хуудал︶᠂ ᠽᠠᠷᠯᠢᠮ ︵зарлим︶ ︵ᠳᠠᠶᠢᠯᠭ᠎ᠠ︶᠂ ᠲᠡᠯᠡᠳᠡ ︵ | тэлэдэ︶ ᠭᠠᠷᠠᠬ᠎ᠠ ︵ᠡᠴᠢᠭᠡ ᠮᠣᠳᠤᠨ ᠳᠤ ᠠᠪᠠᠷᠢᠬᠤ︶᠂ ᠰᠤᠷᠭᠠᠨᠠᠭ ᠲᠠᠲᠠᠬᠠ ︵ᠰᠤᠮᠨᠠᠷ ᠲᠠᠲᠠᠬᠤ | ︶ ᠲᠧᠯᠡ ᠲᠠᠬᠢᠬᠠ ᠪᠥᠭᠡ ᠶᠢᠨ ᠱᠠᠨᠳᠠᠩ ᠭᠡᠬᠦ ᠮᠡᠲᠦ᠃ ︽ᠬᠠᠭᠤᠴᠢᠨ ᠪᠠᠷᠭᠤᠴᠤᠳ ᠤᠨ ᠪᠥᠭᠡ ᠶᠢᠨ ᠱᠠᠰᠢᠨ | ᠰᠢᠲᠦᠯᠭᠡ︾ ᠭᠡᠳᠡᠭ ᠪᠠᠶᠠᠷᠳᠠᠯᠠᠢ ᠶᠢᠨ ᠥᠭᠦᠯᠡᠯ ᠠᠴᠠ ︵6:153 — 249︶ ᠡᠰᠢᠯᠡᠪᠡ᠃ ᠲᠦᠮᠡᠨ ᠲᠦᠮᠡᠨ | ᠵᠢᠯ ᠤᠨ ᠣᠶᠤᠨ ᠪᠢᠯᠢᠭ ᠤᠨ ᠦᠯᠡᠮᠵᠢ ᠰᠠᠩ ᠤᠨ ᠡᠭᠦᠳᠡ ᠨᠢ ᠪᠥᠭᠡ ᠮᠥᠷᠭᠦᠯ ᠤᠨ ᠦᠭᠡ ᠶᠢᠨ ᠰᠠᠩ ᠳᠤ | ᠪᠠᠶᠢᠳᠠᠭ ᠲᠤᠯᠠ ᠪᠠᠷᠭᠤ ᠪᠥᠭᠡ ᠮᠥᠷᠭᠦᠯ ᠤᠨ ᠦᠭᠡᠰ ᠤᠨ ᠰᠠᠩ ᠢ ᠪᠦᠷᠢᠯᠳᠦᠭᠦᠯᠵᠦ ᠴᠣᠭᠴᠠᠯᠠᠭᠠᠵᠤ᠂ ᠰᠤᠳᠤᠯᠤᠨ | ᠰᠢᠨᠵᠢᠯᠡᠵᠦ ᠲᠦᠯᠬᠢᠨ ᠣᠷᠤᠵᠤ ᠴᠢᠳᠠᠪᠠᠯ ᠴᠠᠭᠯᠠᠰᠢ ᠦᠭᠡᠢ ᠶᠡᠭᠡ ᠮᠡᠳᠡᠯᠭᠡ ᠶᠢᠨ ᠡᠷᠳᠡᠨᠢ ᠶᠢᠨ ᠰᠠᠩ ᠳᠤ | ᠨᠡᠪᠲᠡᠷᠡᠯ᠎ᠡ ᠭᠡᠰᠡᠨ ᠦᠭᠡ᠃ | ⒋ᠪᠠᠷᠭᠤ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠳᠤ ᠠᠯᠲᠠᠢ ᠬᠡᠯᠡᠨ ᠤ ᠨᠡᠶᠢᠲᠡᠯᠢᠭ | ᠦᠭᠡᠰ ᠤᠯᠠᠮᠵᠢᠯᠠᠭᠳᠠᠭᠰᠠᠨ ᠠᠴᠠ ᠮᠠᠨᠵᠤ᠂ ᠡᠸᠡᠩᠬᠢ᠂ ᠬᠠᠨᠠᠢ᠂ ᠰᠣᠯᠤᠨ᠂ ᠣᠷᠴᠤᠨ᠂ ᠵᠦᠷᠴᠢᠳ ᠭᠠᠷᠤᠯ ᠤᠨ | ᠦᠭᠡ ᠢᠳᠡᠭᠡᠰᠢᠨ ᠲᠣᠭᠲᠠᠨᠢᠵᠤ ᠬᠡᠪᠰᠢᠭᠡᠳ ᠣᠨ ᠤᠳᠠᠭᠠᠨ ᠵᠢᠯ ᠳᠤ ᠤᠯᠠᠷᠢᠨ ᠬᠡᠷᠡᠭᠯᠡᠭᠳᠡᠭᠰᠡᠭᠡᠷ ᠢᠷᠡᠵᠡᠢ᠃ | ᠵᠢᠱᠢᠶ᠎ᠡ ᠨᠢ᠄ ᠮᠠᠨᠵᠤ ᠬᠡᠯᠡᠨ ᠠᠴᠠ ᠠᠩᠭᠠᠯ ︵ᠭᠡᠷ ᠪᠦᠯᠢ︶ ︿ᠮᠠ᠊ · ᠠᠩᠭᠠᠯ ᠪᠣᠶᠢᠲ᠋ᠠ ︵ᠠᠯᠪᠠᠨ ᠪᠢᠴᠢᠭ ︿ | ᠪᠠᠶᠢᠲ᠋ᠠ᠂ ᠭᠠᠯᠢᠳᠠ ︵ᠭᠠᠷ ᠤᠨ ᠳᠠᠷᠤᠭ᠎ᠠ︶ ︿ᠮᠠ᠊ · ᠭᠠᠯᠠᠾᠢᠳᠠ᠂ ᠳᠠᠯᠵᠢ ︵ᠡᠨᠡ ᠴᠢᠮ᠎ᠠ ᠳᠤ ᠶᠠᠮᠠᠷ ᠳᠠᠯᠵᠢ ᠲᠠᠢ | ᠶᠤᠮ ᠪᠣᠢ︖︶ ︿ᠮᠠ᠊ · ᠳᠠᠯᠵᠢ᠂ ᠵᠠᠯᠠᠨ᠂ ᠯᠠᠶᠢᠭᠠᠨ ︵ᠵᠠᠯᠬᠠᠭᠤ︶ ︿ᠮᠠ᠊ · ᠯᠠᠶᠢᠬᠤ᠂ ᠮᠤᠬᠠᠨᠳᠠ ︵ᠣᠪᠤᠭ ᠤᠨ | ᠠᠬᠠᠯᠠᠭᠴᠢ︶ ︿ᠮᠠ᠊ · ︵ᠮᠣᠬᠤᠨ ᠢ ᠳ᠋ᠠ︶᠂ ᠨᠢᠶᠠᠬᠠᠷᠠᠬᠤ ︵ᠬᠢᠲᠠᠳ ᠢᠶᠠᠷ ᠶᠠᠷᠢᠬᠤ︶᠂ ︿ᠮᠠ᠊ · ᠨᠢᠺᠠᠨ᠄ | ᠣᠶᠣᠩᠭᠤ ︵ᠴᠢᠬᠤᠯᠠ︶ ︿ᠮᠠ᠊ · ᠣᠶᠤᠩᠭᠤ᠂ ᠲᠠᠰᠢᠭᠠ ︵ᠰᠤᠷᠭᠠᠭᠤᠯᠢ︶ ︿ᠮᠠ᠊ · ᠲᠠᠴᠢᠺᠤ᠂ ᠤᠭᠠᠷᠳᠠ ︵ | ᠪᠦᠭᠦᠳᠡ ᠶᠢᠨ ᠳᠠᠷᠤᠭ᠎ᠠ︶ ᠮᠠ᠊ ᠦᠭᠡᠷᠢᠳᠠ᠂ ᠦᠭᠮᠧ ︵ᠠᠪᠠᠭ᠎ᠠ ᠪᠡᠷᠭᠡᠨ︶ ᠮᠠ᠊᠂ ᠦᠭᠦᠮᠧ᠂ ᠬᠠᠯᠠ ︵ᠣᠪᠤᠭ︶ | ᠮᠠ᠊ ᠬᠠᠯᠠ ᠭᠡᠬᠦ ᠮᠡᠲᠦ ︵8︶ | ᠪᠠᠷᠭᠤ ᠶᠢᠨ ᠠᠮᠠᠨ ᠠᠶᠠᠯᠭᠤᠨ ᠤ ᠡᠭᠦᠰᠪᠦᠷᠢ ᠪᠦᠷᠢᠯᠳᠦᠬᠦᠨ ᠢ ᠰᠤᠳᠤᠯᠬᠤ ᠳᠤ ᠪᠠᠨ ᠲᠦᠷᠺ — ᠮᠣᠩᠭᠤᠯ — | ᠪᠠᠷᠭᠤ ᠳᠤᠮᠳᠠ ᠶᠢᠨ ᠦᠭᠡᠰ᠂ ᠮᠠᠨᠵᠤ — ᠮᠣᠩᠭᠤᠯ — ᠪᠠᠷᠭᠤ ᠳᠤᠮᠳᠠ ᠶᠢᠨ ᠦᠭᠡᠰ᠂ ᠮᠠᠨᠵᠤ ᠣᠷᠤᠰᠢᠯ ᠦᠭᠡᠰ᠂ | ᠶᠠᠺᠤᠲ — ᠪᠤᠷᠢᠶᠠᠳ — ᠪᠠᠷᠭᠤ ᠳᠤᠮᠳᠠ ᠶᠢᠨ ᠦᠭᠡᠰ᠂ ᠪᠠᠷᠭᠤ ᠪᠤᠷᠢᠶᠠᠳ ᠦᠭᠡᠰ᠂ ᠡᠸᠡᠩᠬᠢ ᠭᠠᠷᠪᠠᠯᠢ ᠲᠠᠢ᠂ | ᠬᠠᠨᠠᠢ ᠭᠠᠷᠪᠠᠯᠢ ᠲᠠᠢ᠂ ᠰᠣᠯᠤᠨ ᠭᠠᠷᠪᠠᠯᠢ ᠲᠠᠢ᠂ ᠣᠷᠴᠤᠨ ᠭᠠᠷᠪᠠᠯᠢ ᠲᠠᠢ᠂ ᠵᠦᠷᠴᠢᠳ ᠭᠠᠷᠪᠠᠯᠢ ᠲᠠᠢ ᠪᠠᠷᠭᠤ | ᠦᠭᠡᠰ ᠭᠡᠬᠦᠴᠢᠯᠡᠨ ᠨᠠᠷᠢᠪᠴᠢᠯᠠᠨ ᠰᠤᠳᠤᠯᠵᠤ ᠪᠦᠷᠢᠳᠬᠡᠬᠦ ᠨᠢ ᠵᠦᠢᠲᠡᠢ ᠪᠠᠶᠢᠨ᠎ᠠ᠃ ᠢᠩᠭᠢᠵᠦ ᠰᠤᠳᠤᠯᠪᠠᠯ ᠵᠥᠪᠬᠡᠨ | ᠪᠠᠷᠭᠤ ᠠᠮᠠᠨ ᠠᠶᠠᠯᠭᠤᠨ ᠤ ᠰᠤᠳᠤᠯᠤᠯ ᠳᠤ ᠲᠡᠳᠦᠢ ᠦᠭᠡᠢ ᠨᠡᠶᠢᠲᠡ ᠠᠯᠲᠠᠢ ᠶᠢᠨ ᠬᠡᠯᠡᠨ ᠤ ᠰᠤᠳᠤᠯᠤᠯ ᠳᠤ | ᠳᠣᠷᠪᠢᠲᠠᠢ ᠬᠤᠪᠢ ᠨᠡᠮᠡᠷᠢ ᠪᠣᠯᠤᠨ᠎ᠠ᠃ | ⒌ᠪᠠᠷᠭᠤ ᠶᠢᠨ ᠠᠮᠠᠨ ᠠᠶᠠᠯᠭᠤ ᠨᠢ ᠬᠢᠲᠠᠳ ᠬᠡᠯᠡ ᠰᠣᠶᠤᠯ᠂ ᠡᠳ᠋ ᠤᠨ ᠵᠠᠰᠠᠭ᠂ ᠤᠯᠤᠰ ᠲᠥᠷᠥ ᠶᠢᠨ | ᠬᠦᠷᠢᠶᠡᠯᠡᠯ ᠳᠣᠲᠤᠷ᠎ᠠ ᠪᠠᠶᠢᠭ᠎ᠠ ᠲᠤᠯᠠ ᠬᠤᠣᠰ ᠬᠡᠯᠡ ᠲᠠᠢ ᠪᠠᠶᠢᠬᠤ ᠨᠢ ᠵᠠᠶᠢᠯᠠᠰᠢ ᠦᠭᠡᠢ᠃ ᠬᠤᠯᠢᠮᠠᠭ ᠬᠡᠯᠡ ᠲᠠᠢ | ᠪᠣᠯᠴᠢᠬᠠᠬᠤ ᠦᠭᠡᠢ ᠶᠢᠨ ᠲᠥᠯᠥᠭᠡ ᠴᠢᠷᠮᠠᠶᠢᠵᠤ ᠪᠠᠶᠢᠭ᠎ᠠ ᠨᠢ ᠬᠥᠮᠥᠨ ᠪᠦᠷᠢ ᠶᠢᠨ ᠬᠦᠰᠡᠯ ᠡᠷᠡᠮᠡᠯᠵᠡᠯ᠃ ᠬᠢᠲᠠᠳ | ᠣᠷᠤᠮᠠᠯ ᠦᠭᠡ ᠶᠢ ᠵᠣᠬᠢᠰᠲᠠᠢ ᠬᠡᠷᠡᠭᠯᠡᠬᠦ ᠬᠡᠷᠡᠭᠯᠡᠭᠡ ᠨᠢᠭᠡᠨᠲᠡ ᠲᠣᠭᠲᠠᠵᠠᠢ᠃ ᠪᠠᠷᠭᠤ ᠶᠢᠨ ᠠᠮᠠᠨ ᠠᠶᠠᠯᠭᠤ ᠨᠡᠶᠢᠲᠡ | ᠮᠣᠩᠭᠤᠯ ᠬᠡᠯᠡ ᠠᠶᠠᠯᠭᠤ ᠲᠠᠢ ᠪᠠᠨ ᠬᠦᠢ ᠬᠡᠯᠬᠢᠶ᠎ᠡ ᠪᠠᠷ ᠢᠶᠠᠨ ᠬᠤᠯᠪᠤᠭᠠᠲᠠᠢ ᠲᠤᠯᠠ ᠳᠠᠷᠬᠠᠯᠠᠭ᠎ᠠ ᠰᠠᠶᠢᠲᠠᠢ ᠲᠥᠪ | ᠮᠣᠩᠭᠤᠯ ᠬᠡᠯᠡ ᠠᠶᠠᠯᠭᠤ ᠮᠥᠨ᠃ ᠪᠠᠷᠭᠤ ᠶᠢᠨ ᠠᠮᠠᠨ ᠠᠶᠠᠯᠭᠤᠨ ᠤ ᠳᠠᠷᠬᠠᠯᠠᠭ᠎ᠠ ᠶᠢ ᠬᠠᠳᠠᠭᠠᠯᠠᠨ ᠪᠠᠷᠢᠵᠤ ᠪᠠᠶᠢᠭ᠎ᠠ | ᠭᠤᠣᠯ ᠬᠦᠴᠦᠨ ᠵᠦᠢᠯ ᠮᠣᠩᠭᠤᠯ ᠪᠢᠴᠢᠭ ᠪᠣᠯᠬᠤ ᠤᠴᠢᠷ ᠠᠴᠠ ᠠᠮᠠᠨ ᠠᠶᠠᠯᠭᠤ ᠪᠠᠨ ᠴᠡᠪᠡᠷ ᠢᠶᠠᠷ ᠨᠢ | ᠬᠠᠳᠠᠭᠠᠯᠠᠵᠤ ᠪᠠᠶᠢᠭ᠎ᠠ ᠶᠤᠮ᠃ ᠮᠣᠩᠭᠤᠯ ᠪᠢᠴᠢᠭ ᠪᠣᠯ ᠪᠥᠬᠦ ᠮᠣᠩᠭᠤᠯ ᠦᠨᠳᠦᠰᠦᠲᠡᠨ ᠤ ᠪᠢᠴᠢᠭ ᠪᠣᠯᠬᠤ ᠤᠴᠢᠷ | ᠠᠴᠠ ᠮᠣᠩᠭᠤᠯ ᠬᠡᠯᠡᠨ ᠤ ᠭᠤᠣᠯ ᠶᠣᠰᠤ ᠪᠠᠨ᠂ ᠭᠤᠣᠯᠴᠢ ᠱᠤᠭᠤᠮ ᠢᠶᠠᠨ ᠶᠡᠷᠦ ᠠᠯᠳᠠᠳᠠᠭ ᠦᠭᠡᠢ᠃ ᠣᠯᠠᠨ | ᠮᠣᠩᠭᠤᠯᠴᠤᠳ ᠢᠶᠠᠨ ᠢᠮᠠᠭᠳᠠ ᠬᠤᠯᠪᠤᠵᠤ ᠪᠠᠶᠢᠳᠠᠭ᠃ ᠲᠡᠭᠡᠭᠡᠳ ᠪᠠᠷᠭᠤ ᠠᠮᠠᠨ ᠠᠶᠠᠯᠭᠤ ᠪᠠᠷ ᠢᠶᠠᠨ ᠳᠠᠭᠤᠳᠠᠬᠤ | ᠪᠦᠬᠦᠶᠢᠯᠡ ᠪᠣᠯᠤᠯᠴᠠᠭ᠎ᠠ ᠶᠢ ᠬᠠᠩᠭᠠᠵᠤ ᠥᠭᠳᠡᠭ᠃ | ⒍ᠪᠠᠷᠭᠤ ᠶᠢᠨ ᠠᠮᠠᠨ ᠠᠶᠠᠯᠭᠤᠨ ᠤ ᠦᠭᠡᠰ ᠤᠨ ᠰᠠᠩ ᠤᠨ ᠡᠭᠦᠰᠪᠦᠷᠢ ᠪᠦᠷᠢᠯᠳᠦᠬᠦᠨ ᠳᠤ ᠠᠷᠠᠪ᠂ ᠫᠧᠷᠰ | ᠂ ᠣᠶᠢᠭᠤᠷ᠂ ᠲᠦᠷᠺ᠂ ᠬᠢᠲᠠᠳ᠂ ᠰᠣᠯᠤᠩᠭᠤᠰ᠂ ᠶᠠᠫᠤᠨ᠂ ᠣᠷᠤᠰ᠂ ᠡᠨᠡᠳᠬᠡᠭ᠂ ᠲᠦᠪᠡᠳ᠂ ᠵᠦᠷᠴᠢᠳ᠂ | ᠮᠠᠨᠵᠤ᠂ ᠳᠠᠭᠤᠷ᠂ ᠡᠸᠦ᠋ᠷᠦᠫᠡ ᠬᠡᠯᠡᠨ ᠤ ᠦᠭᠡᠰ ᠵᠣᠬᠢᠬᠤ ᠵᠣᠬᠢᠬᠤ ᠬᠡᠮᠵᠢᠶ᠎ᠡ ᠪᠠᠷ ᠨᠡᠪᠲᠡᠷᠡᠨ ᠣᠷᠤᠭᠰᠠᠨ ᠨᠢ | ᠡᠳᠡᠭᠡᠷ ᠤᠯᠤᠰ ᠣᠷᠤᠨ ᠲᠠᠢ ᠡᠷᠲᠡᠨ ᠠᠴᠠ ᠨᠠᠭᠠᠰᠢ ᠬᠤᠳᠠᠯᠳᠤᠭ᠎ᠠ ᠠᠷᠠᠯᠵᠢᠶ᠎ᠠ᠂ ᠱᠠᠰᠢᠨ ᠮᠥᠷᠭᠦᠯ᠂ ᠤᠯᠤᠰ | ᠲᠥᠷᠥ᠂ ᠡᠳ᠋ ᠤᠨ ᠵᠠᠰᠠᠭ ᠤᠨ ᠬᠠᠷᠢᠯᠴᠠᠭ᠎ᠠ ᠲᠠᠢ ᠪᠠᠶᠢᠭᠰᠠᠨ ᠤ ᠭᠡᠷᠡᠴᠢ ᠪᠣᠯᠤᠨ ᠦᠯᠡᠳᠡᠵᠡᠢ᠃ ᠡᠳᠡᠭᠡᠷ ᠦᠭᠡᠰ ᠢ | ᠰᠣᠶᠤᠯ ᠤᠨ ᠬᠦᠷᠢᠶᠡᠨ ᠳᠤ ᠨᠢ ᠴᠠᠭ ᠦᠶ᠎ᠡ ᠲᠠᠢ ᠨᠢ ᠤᠶᠠᠯᠳᠤᠭᠤᠯᠤᠨ ᠰᠤᠳᠤᠯᠵᠤ ᠲᠡᠦᠬᠡᠴᠢᠯᠡᠨ ᠭᠠᠷᠭᠠᠵᠤ | ᠢᠷᠡᠪᠡᠯ ᠰᠣᠨᠢᠷᠬᠠᠯᠲᠠᠢ ᠰᠤᠳᠤᠯᠭ᠎ᠠ ᠪᠣᠯᠤᠨ᠎ᠠ᠃ | ⒎ᠪᠠᠷᠭᠤ ᠶᠢᠨ ᠠᠮᠠᠨ ᠠᠶᠠᠯᠭᠤᠨ ᠤ ᠦᠭᠡᠰ ᠤᠨ ᠰᠠᠩ ᠤᠨ ᠪᠦᠷᠢᠯᠳᠦᠬᠦᠨ ᠢ ᠪᠠᠷᠭᠤ ᠪᠤᠷᠢᠶᠠᠳ ᠠᠶᠠᠯᠭᠤᠨ | ᠤ ᠳᠡᠯᠭᠡᠷ ᠬᠦᠷᠢᠶᠡᠨ ᠳᠤ ᠠᠪᠴᠤ ᠰᠤᠳᠤᠯᠬᠤ ᠶᠠᠪᠤᠳᠠᠯ ᠲᠣᠩ ᠴᠢᠬᠤᠯᠠ ᠪᠠᠶᠢᠨ᠎ᠠ᠃ ᠪᠠᠷᠭᠤ ᠪᠤᠷᠢᠶᠠᠳ ᠠᠶᠠᠯᠭᠤᠨ | ᠤ ᠳᠤᠮᠳᠠ ᠶᠢᠨ ᠦᠭᠡᠰ ᠨᠢ ᠭᠡᠬᠦ ᠳᠤ ᠶᠠᠮᠠᠷ ᠶᠠᠮᠠᠷ ᠦᠭᠡᠰ ᠪᠠᠶᠢᠨ᠎ᠠ ᠪᠣᠢ︖ ᠪᠤᠷᠢᠶᠠᠳ ᠤᠨ ᠶᠠᠮᠠᠷ ᠶᠠᠮᠠᠷ ᠠᠮᠠᠨ | ᠠᠶᠠᠯᠭᠤᠨ ᠳᠤ ᠶᠠᠭᠠᠬᠢᠵᠤ ᠬᠡᠯᠡᠭᠳᠡᠳᠡᠭ ᠪᠣᠢ︖ ᠢᠷᠡᠯ ᠭᠠᠷᠤᠯ ᠨᠢ ᠶᠠᠮᠠᠷ ᠦᠭᠡ ᠶᠤᠮ︖ ᠪᠠᠷᠭᠤ ᠶᠢᠨ | ᠠᠶᠠᠯᠭᠤᠨ ᠳᠤ ᠬᠠᠮᠢᠶᠠᠷᠤᠯ ᠦᠭᠡᠢ ᠪᠤᠷᠢᠶᠠᠳ ᠠᠶᠠᠯᠭᠤᠨ ᠤ ᠦᠭᠡᠰ ᠨᠢ ᠠᠯᠢ ᠪᠣᠢ︖ ᠪᠤᠷᠢᠶᠠᠳ ᠠᠶᠠᠯᠭᠤᠨ ᠳᠤ | ᠬᠠᠮᠢᠶᠠᠷᠤᠯ ᠦᠭᠡᠢ ᠪᠠᠷᠭᠤ ᠠᠶᠠᠯᠭᠤᠨ ᠤ ᠦᠭᠡᠰ ᠨᠢ ᠠᠯᠢ ᠪᠣᠢ︖ ᠮᠣᠩᠭᠤᠯ ᠬᠡᠯᠡᠨ ᠳᠤ ᠬᠠᠮᠢᠶᠠᠷᠤᠯ ᠦᠭᠡᠢ | ᠪᠠᠷᠭᠤ ᠪᠤᠷᠢᠶᠠᠳ ᠦᠭᠡᠰ ᠨᠢ ᠠᠯᠢ ᠪᠣᠢ︖ ᠬᠠᠷᠢᠴᠠᠩᠭᠤᠢ ᠬᠡᠳᠦᠨ ᠬᠤᠪᠢ ᠡᠵᠡᠯᠡᠵᠦ ᠪᠠᠶᠢᠨ᠎ᠠ︖ ᠮᠣᠩᠭᠤᠯ | ᠬᠡᠯᠡᠨ ᠳᠤ ᠬᠠᠮᠢᠶᠠᠷᠤᠯ ᠦᠭᠡᠢ ᠪᠠᠷᠭᠤ ᠪᠤᠷᠢᠶᠠᠳ ᠦᠭᠡᠰ ᠨᠢ ᠠᠯᠢ ᠪᠣᠢ︖ ᠮᠣᠩᠭᠤᠯ ᠬᠡᠯᠡᠨ ᠤ ᠬᠡᠳᠦᠢ ᠦᠶ᠎ᠡ ᠳᠤ | ᠬᠠᠮᠢᠶᠠᠷᠬᠤ ᠪᠣᠢ︖ ᠭᠡᠬᠦ ᠮᠡᠳᠦᠴᠢᠯᠡᠨ ᠰᠤᠳᠤᠯᠪᠠᠯ ᠮᠠᠰᠢ ᠰᠣᠨᠢᠷᠬᠠᠯᠲᠠᠢ ᠳ᠋ᠦᠩᠨᠡᠯᠲᠡ ᠭᠠᠷᠤᠨ᠎ᠠ᠃ | ⒏ᠪᠠᠷᠭᠤ ᠶᠢᠨ ᠠᠮᠠᠨ ᠠᠶᠠᠯᠭᠤᠨ ᠤ ᠥᠪᠡᠷᠮᠢᠴᠡ ᠥᠪᠡᠷ ᠤᠨ ᠬᠢᠨᠢ ᠦᠭᠡ ᠭᠡᠪᠡᠯ ᠦᠢ ᠲᠦᠮᠡ᠂ | ᠦᠯᠢᠭᠡᠷᠯᠡᠪᠡᠯ᠄ ᠠᠨᠳᠠᠭ᠎ᠠ ᠲᠠᠢ ︵ᠴᠢᠬᠤᠯᠠ᠂ ᠡᠷᠬᠢᠮ︶᠂ ᠠᠯᠲᠠ ︵ᠬᠡᠦᠬᠡ︶ ᠪᠠᠨᠢᠭᠠᠨ ︵ᠯᠠᠭᠱᠠᠨ︶᠂ | ᠪᠣᠶᠢᠮᠠᠬᠤ ︵ᠡᠯᠪᠡᠭ ᠳᠡᠯᠪᠡᠭ ᠬᠦᠷᠦᠯᠴᠡᠬᠦ︶᠂ ᠭᠠᠳᠠᠢ ︵ᠰᠠᠮᠫᠠᠨ︶᠂ ᠳ᠋ᠠᠩᠰᠢᠬᠤ ︵ᠪᠠᠯᠪᠠᠭ᠋ᠤ︶᠂ ᠵᠠᠨᠤᠭᠠ | ᠲᠠᠢ ︵ᠵᠣᠷᠢᠭᠤᠳᠠ︶᠂ ᠵᠠᠨ᠎ᠠ ︵ᠱᠣᠳᠠᠩ ᠭᠡᠵᠢᠭᠡ︶᠂ ᠢᠪᠡᠭᠡᠷᠡᠭ ︵ᠳᠣᠲᠤᠨᠤᠴᠢᠯᠠᠮᠠᠲᠠᠭᠠᠢ︶᠂ | ᠯᠠᠭᠠᠭᠢᠬᠤ ︵ᠯᠥᠪᠬᠢᠬᠦ︶᠂ ᠮᠢᠲ᠋ᠢᠢᠨ ︵ᠵᠦᠭᠡᠷ︶᠂ ᠨᠠᠶᠤ ︵ᠠᠮᠠᠷᠠᠭ ᠨᠥᠬᠦᠷ︶᠂ ᠣᠷᠭᠤᠢ ᠣᠲᠤᠭ ᠦᠭᠡᠢ ︵ | ᠡᠮᠬᠢ ᠵᠠᠮᠪᠠᠷᠠᠭ᠎ᠠ ᠦᠭᠡᠢ︶᠂ ᠥᠭᠡᠳᠡᠲᠡᠶᠢᠬᠡᠨ ︵ᠣᠯᠢᠭᠲᠠᠶᠢᠬᠠᠨ︶᠂ ᠾᠠᠯᠪᠠ ︵ᠰᠠᠯᠠᠭ᠎ᠠ︶᠂ | ᠾᠠᠮᠠᠯᠳᠤᠬᠤ ︵ᠰᠠᠮᠭᠠᠷᠳᠠᠬᠤ︶᠂ ᠾᠤᠬᠤᠭ ᠲᠥᠭᠡᠷᠭᠡ ᠶᠠᠪᠤᠬᠤ᠂ ᠲᠣᠪᠰᠤᠭᠠ ︵ᠪᠣᠯᠵᠤᠭ᠎ᠠ ᠬᠤᠭᠤᠴᠠᠭ᠎ᠠ︶᠂ | ᠳᠤᠨᠳᠠᠭᠤᠨ ︵ᠲᠣᠭᠲᠠᠭᠤᠨ᠂ ᠨᠠᠮᠵᠢᠭᠤᠨ︶᠂ ᠲᠦᠬᠦᠷ ︵ᠪᠦᠷᠢᠨ︶᠂ ᠣᠶᠢᠮᠠᠷᠵᠠᠭᠠᠢ ︵ᠲᠡᠨᠡᠭᠳᠡᠭᠦᠦ︶᠂ ᠫᠠᠯᠪᠠᠤ | ︵ᠴᠦᠯᠯᠡᠭᠡᠨ ᠤ ᠬᠥᠮᠥᠨ︶᠂ ᠬᠠᠵᠢᠩ ︵ᠬᠠᠵᠠᠷ︶᠂ ᠬᠡᠨᠬᠢᠳ ︵ᠬᠤᠮᠤᠬᠠᠢ︶᠂ ᠨᠣᠣᠷᠠᠢ ᠬᠢᠮᠡᠭ᠂ ᠬᠤᠩᠭᠤ ︵ | ᠬᠠᠲᠠᠭᠤ ᠴᠢᠬᠢ ᠲᠠᠢ︶ ᠳᠦᠯᠡᠢ ᠬᠥᠮᠥᠨ ᠳᠥᠷᠪᠡ ᠬᠡᠯᠡᠭᠦᠯᠦᠨ᠎ᠡ᠂ ᠬᠤᠩᠭᠤ ᠬᠥᠮᠥᠨ ᠬᠤᠶᠠᠷ ᠬᠡᠯᠡᠭᠦᠯᠦᠨ᠎ᠡ᠂ | ᠰᠢᠪᠬᠡ ︵ᠦᠰᠦᠨ ᠤ ᠬᠠᠪᠴᠢᠶᠠᠷᠢ︶᠂ ᠰᠦᠦᠷᠭᠡ ︵ᠴᠣᠣᠵᠢᠨ ᠤ ᠳᠠᠷᠤᠭᠤᠯᠭ᠎ᠠ︶᠂ ᠡᠪᠰᠡᠭᠡ ︵ᠡᠪ︶᠂ ᠡᠭᠡᠨᠢᠬᠦ | ︵ᠲᠡᠭᠡᠨᠡᠭᠡᠯᠵᠡᠬᠦ︶᠂ ᠶᠡᠬᠡᠯᠡᠢ ︵ᠶᠡᠭᠡ ᠡᠬᠡᠨᠡᠷ︶᠂ ᠶᠠᠩᠭᠢᠷ ︵ᠠᠳᠠᠯᠢᠬᠠᠨ︶ ᠭᠡᠬᠦ ᠮᠡᠲᠦ ︵8︶᠃ | | ᠪᠠᠷᠭᠤ ᠠᠮᠠᠨ ᠠᠶᠠᠯᠭᠤᠨ ᠤ ᠥᠪᠡᠷᠮᠢᠴᠡ ᠦᠭᠡ ᠬᠡᠯᠡᠯᠭᠡ ᠪᠣᠯ ᠮᠣᠩᠭᠤᠯ ᠬᠡᠯᠡᠨ ᠤ ᠪᠦᠲᠦᠴᠡ ᠪᠦᠬᠦᠢ | ᠬᠤᠪᠤᠷ ᠨᠠᠨᠳᠢᠨ ᠦᠭᠡ ᠮᠥᠨ ᠤ ᠲᠤᠯᠠ ᠨᠠᠷᠢᠨ ᠨᠡᠷ᠎ᠡ ᠲᠣᠮᠢᠶ᠎ᠠ ᠣᠨᠤᠭᠠᠵᠤ ᠪᠣᠯᠪᠠᠰᠤᠷᠠᠭᠤᠯᠬᠤ ᠳᠤ ᠴᠢᠬᠤᠯᠠ | ᠬᠡᠷᠡᠭᠴᠡᠭᠡᠲᠡᠢ ᠶᠤᠮ᠃ ᠮᠥᠨ ᠲᠡᠭᠦᠨᠴᠢᠯᠡᠨ ︽ᠬᠤᠩᠭᠤ᠂ ᠰᠦᠦᠷᠭᠡ᠂ ᠬᠢᠮᠡᠭ᠂ ᠲᠣᠪᠴᠢᠶ᠎ᠠ︾ ᠮᠡᠲᠦ ᠦᠭᠡᠰ ᠢ | ᠳᠡᠯᠭᠡᠷ ᠮᠣᠩᠭᠤᠯ ᠤᠳᠬ᠎ᠠ ᠵᠣᠬᠢᠶᠠᠯ ᠤᠨ ᠬᠡᠯᠡᠨ ᠳᠤ ᠣᠷᠤᠭᠤᠯᠵᠤ ᠨᠡᠶᠢᠲᠡ ᠳᠤ ᠬᠡᠪᠰᠢᠭᠦᠯᠬᠦ ᠨᠢ ᠵᠣᠬᠢᠰᠲᠠᠢ ᠮᠡᠲᠦ | ᠰᠠᠨᠠᠭᠳᠠᠨ᠎ᠠ᠃ | ᠳ᠋ᠦᠩᠨᠡᠵᠦ ᠬᠡᠯᠡᠬᠦ ᠳᠤ᠂ ᠪᠠᠷᠭᠤ ᠠᠮᠠᠨ ᠠᠶᠠᠯᠭᠤᠨ ᠤ ᠦᠭᠡᠰ ᠤᠨ ᠰᠠᠩ ᠤᠨ ᠡᠭᠦᠰᠪᠦᠷᠢ ᠪᠦᠷᠢᠯᠳᠦᠬᠦᠨ ᠨᠢ | ᠠᠯᠲᠠᠢ ᠶᠢᠨ ᠬᠡᠯᠡ ᠨᠦᠭᠦᠳ ᠬᠢᠭᠡᠳ ᠮᠣᠩᠭᠤᠯ ᠤᠨ ᠣᠯᠠᠨ ᠠᠶᠠᠯᠭᠤᠨ ᠤ ᠰᠢᠮ᠎ᠡ ᠴᠣᠭᠴᠠᠯᠠᠭᠰᠠᠨ ᠪᠠ ᠣᠯᠠᠨ | ᠰᠣᠶᠤᠯ ᠬᠤᠷᠠᠯᠳᠤᠵᠤ ᠬᠤᠷᠠᠮᠳᠠᠯᠠᠭᠳᠠᠭᠰᠠᠨ ᠦᠭᠡ ᠶᠢᠨ ᠰᠠᠩ ᠤᠨ ᠦᠯᠡᠮᠵᠢ ᠪᠠᠶᠠᠯᠢᠭ ᠠᠮᠠᠨ ᠠᠶᠠᠯᠭᠤ ᠪᠣᠯᠬᠤ | ᠤᠴᠢᠷ ᠣᠷᠤᠨ ᠪᠦᠬᠦᠨ ᠤ ᠮᠣᠩᠭᠤᠯᠴᠢ ᠡᠷᠳᠡᠮᠲᠡᠳ ᠡᠪ ᠤᠨ ᠵᠠᠶᠠᠭ᠎ᠠ ᠵᠠᠶᠠᠭᠠᠯᠠᠭᠤᠯᠵᠤ ᠡᠷᠳᠡᠮ ᠰᠤᠳᠤᠯᠭᠠᠨ ᠤ | ᠡᠷᠭᠢᠯᠲᠡᠨ ᠳᠤ ᠣᠷᠤᠭᠤᠯᠵᠤ᠂ ᠨᠣᠮ ᠤᠨ ᠬᠦᠷᠲᠤ ᠪᠣᠯᠭᠠᠨ ᠡᠷᠭᠢᠭᠦᠯᠦᠭᠲᠦᠨ︕ | ︵ᠦ᠊ · ᠰᠧᠪᠡᠯ ᠺᠢᠷᠢᠯ ᠦᠰᠦᠭ ᠠᠴᠠ ᠪᠠᠭᠤᠯᠭᠠᠪᠠ︶ | |