ᠮᠡᠨᠡᠩ ᠤᠨ ᠳᠠᠯ᠎ᠠ
ᠨᠡᠶᠢᠲᠡᠯᠡᠭᠰᠡᠨ ᠴᠠᠭ᠄
2017/11/9
ᠴᠣᠴᠣᠯᠢᠭ ᠬᠤᠯᠠᠨ    ᠮᠡᠨᠡᠩ ᠤᠨ ᠳᠠᠯ᠎ᠠ ᠲᠡᠭᠷᠢ ᠶᠢᠨ ᠴᠡᠩᠬᠡᠷ ᠬᠠᠶᠠᠭ᠎ᠠ ᠲᠠᠢ ᠨᠡᠶᠢᠯᠡᠨ ᠰᠢᠷᠭᠠᠯᠳᠤᠬᠤ ᠳᠡᠭᠦᠰ ᠵᠢᠷᠭᠠᠯ ᠤᠨ ᠨᠠᠷᠠᠨ ᠳᠤᠯᠠᠶᠢᠭᠰᠠᠨ ᠤᠷᠤᠨ ᠲᠡᠩᠭᠡᠭᠡᠳᠦ ᠬᠦᠯᠦᠭ ᠤᠨ ᠰᠢᠨᠳᠠᠰᠦ ᠰᠤᠷᠢᠨ ᠴᠡᠯᠡᠶᠢᠭᠰᠡᠨ ᠲᠡᠭᠷᠢᠯᠢᠭ ᠡᠪᠦᠭᠡᠳ ᠤᠨ ᠮᠢᠨᠢ ᠦᠨᠢ ᠶᠢᠨ ᠳᠤᠮᠤᠭᠳᠦ ᠭᠤᠪᠢ ᠮᠡᠨᠡᠩ ᠤᠨ ᠲᠠᠯ᠎ᠠ ᠮᠤᠩᠭᠤᠯ ᠤᠨ ᠰᠠᠶᠢᠬᠠᠨ ᠨᠤᠲᠤᠭ︕ ᠠᠴᠢᠳᠦ ᠡᠵᠢ ᠶᠢᠨ ᠮᠢᠨᠢ ᠰᠠᠴᠤᠯᠢ ᠶᠢᠨ ᠰᠦᠨ ᠳᠤ ᠨᠡᠮᠡᠶᠢᠭᠰᠡᠨ ᠠᠪᠤᠷᠠᠯᠳᠦ ᠠᠪᠤ ᠶᠢᠨ ᠮᠢᠨᠢ ᠰᠡᠩᠬᠢᠨᠡᠭᠰᠡᠨ ᠢᠰᠭᠡᠷᠦᠭᠡᠨ ᠳᠤ ᠰᠡᠷᠭᠦᠭᠰᠡᠨ ᠠᠯᠢᠶ᠎ᠠ ᠵᠢᠭᠠᠬᠠᠨ ᠨᠠᠰᠤᠨ ᠤ ᠮᠢᠨᠢ ᠳᠤᠷᠠᠰᠤᠮᠵᠢ ᠰᠢᠩᠭᠡᠭᠰᠡᠨ ᠠᠯᠳᠠ ᠪᠡᠶ᠎ᠡ ᠶᠢ ᠮᠢᠨᠢ ᠳᠤᠰᠤᠭᠰᠠᠨ ︽ᠴᠢᠨ᠋ᠸ᠎ᠠ ᠶᠢᠨ ᠬᠦᠨᠳᠡᠢ︾ ᠮᠡᠨᠡᠩ ᠤᠨ ᠲᠠᠯ᠎ᠠ ᠮᠢᠨᠤ ᠤᠨᠠᠭᠰᠠᠨ ᠰᠢᠷᠤᠢ︕ ᠠᠷᠠᠳ ᠵᠤᠨ ᠤ ᠮᠢᠨᠢ ᠪᠤᠰᠤᠭ᠎ᠠ ᠭᠡᠶᠢᠮᠤᠷᠢ ᠶᠢ ᠳᠡᠳᠬᠦᠵᠤ ᠠᠷᠪᠠᠨ ᠵᠦᠭ ᠤᠨ ᠬᠢᠨ ᠤ ᠠᠯᠠᠭ ᠵᠠᠶᠠᠭ᠎ᠠ ᠶᠢ ᠮᠠᠨᠠᠭᠰᠠᠨ ᠠᠷᠪᠠᠨ ᠭᠤᠷᠪᠠᠨ ᠬᠦᠨᠳᠡᠢ ᠶᠢᠨ ᠬᠢᠨᠢ ᠬᠤᠶᠢᠮᠤᠷ ᠰᠦᠨᠳᠡᠷᠯᠡᠬᠦ ᠠᠮᠤᠭᠤᠯᠠᠩ ᠬᠦᠬᠡ ᠰᠤᠪᠢᠩᠳᠦ ᠰᠦᠷᠯᠢᠭ ᠪᠠᠷ᠎ᠠ ᠲᠠᠢ ᠮᠡᠨᠡᠩ ᠤᠨ ᠪᠤᠭᠳᠠ ᠠᠭᠤᠯᠠ ᠮᠢᠨᠤ ᠰᠢᠳᠦᠭᠡᠨ︕ ᠡᠭᠦᠷᠢᠳᠡ ᠳᠠᠭᠤᠷᠢᠰᠬᠤ ︽ᠦᠭᠡᠷᠳᠦ ᠬᠦᠢᠲᠡᠨ︾ ᠤ ᠠᠶᠠᠯᠭᠤ ᠲᠠᠢ ᠦᠶ᠎ᠡ ᠳᠠᠮᠵᠢᠬᠤ ᠢᠰᠢᠭᠡᠨ ᠪᠦᠭᠡ ᠶᠢᠨ ᠤᠳᠤᠮ ᠲᠠᠢ ᠡᠯᠦᠨᠴᠡ ᠠᠪᠠᠭ᠎ᠠ ︽ᠤᠯᠠᠭᠠᠨ ᠳᠡᠭᠡᠭᠡ︾ ᠶᠢᠨ ᠮᠢᠨᠢ ᠳᠤᠮᠤᠭ ᠲᠠᠢ ᠦᠨᠳᠦᠷ ᠳᠡᠭᠡᠳᠦᠰ ᠤᠨ ᠮᠢᠨᠢ ᠵᠢᠷᠭᠠᠯ ᠵᠤᠪᠠᠯᠠᠩ ᠢ ᠪᠠᠭᠳᠠᠭᠠᠭᠰᠠᠨ ᠮᠡᠨᠡᠩ ᠤᠨ ᠲᠠᠯ᠎ᠠ ᠮᠢᠨᠤ ᠳᠡᠭᠡᠳᠦᠯᠡᠬᠦ ᠰᠤᠶᠤᠯ︕ ᠵᠡᠭᠡᠷ᠎ᠡ ᠶᠢᠨ ᠰᠦᠷᠦᠭ ᠮᠠᠯ ᠲᠠᠢ ᠨᠢ ᠵᠠᠬᠠᠯᠠᠨ ᠨᠠᠯᠠᠶᠢᠭᠰᠠᠨ ᠵᠡᠷᠭᠡᠯᠭᠡ ᠨᠢ ᠬᠦᠷᠳᠡᠯ᠎ᠡ ᠰᠡᠳᠬᠢᠯ ᠲᠠᠢ ᠮᠢᠨᠢ ᠢᠵᠢᠯᠢᠬᠡᠨ ᠳᠤᠭᠳᠤᠯᠤᠭᠰᠠᠨ ᠵᠢᠷ ᠤᠨ ᠨᠢᠭᠡᠨ ᠴᠢᠯᠠᠭᠤ ᠨᠢ ᠴᠦ ᠠᠯᠠᠭᠠᠨ ᠳᠤ ᠬᠠᠯᠠᠭᠤᠬᠠᠨ ᠵᠢᠯ ᠤᠨ ᠳᠦᠷᠪᠡᠨ ᠤᠯᠠᠷᠢᠯ ᠳᠤ ᠠᠳᠠᠯᠢᠬᠠᠨ ᠳᠤᠯᠠᠭᠠᠬᠠᠨ ᠮᠡᠨᠡᠩ ᠤᠨ ᠲᠠᠯ᠎ᠠ ᠮᠤᠩᠭᠤᠯ ᠤᠨ ᠰᠠᠶᠢᠬᠠᠨ ᠨᠤᠲᠤᠭ ᠡ︕                               2008.02.06 ︵ᠪᠢᠳᠡᠭᠦᠨ︶᠂ ᠬᠠᠶᠢᠯᠠᠷ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号