ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠪᠠᠨ ᠶᠢᠰᠦᠳᠦᠭᠡᠷ ᠣᠳᠠᠭᠠᠨ ᠤ ᠳᠣᠮᠳᠠᠳᠣ ᠪᠠᠭ᠎ᠠ ᠰᠣᠷᠭᠠᠭᠤᠯᠢ | ᠶᠢᠨ ᠭᠦᠨᠳᠦ ᠬᠦᠩᠬᠡᠨ ᠪᠡᠶ᠎ᠡ ᠶᠢᠨ ᠳᠠᠮᠢᠷ ᠤᠨ ᠣᠷᠣᠯᠳᠣᠭᠠᠨ | 2017 ᠣᠨ ᠤ 6 ᠰᠠᠷ᠎ᠠ ᠶᠢᠨ15 ᠤ ᠡᠳᠦᠷ ᠤᠨ ᠦᠳᠡ ᠶᠢᠨ ᠡᠮᠦᠨ᠎ᠡ᠂ ᠰᠢᠨ᠎ᠡ ᠪᠠᠷᠭᠤ ᠪᠠᠷᠠᠭᠤᠨ | ᠬᠤᠰᠢᠭᠤᠨ ᠤ ᠠᠷᠪᠠᠨ ᠶᠢᠰᠦᠳᠦᠭᠡᠷ ᠣᠳᠠᠭᠠᠨ ᠤ ᠳᠣᠮᠳᠠᠳᠣ ᠪᠠᠭ᠎ᠠ ᠰᠣᠷᠭᠠᠭᠤᠯᠢ ᠶᠢᠨ ᠭᠦᠨᠳᠦ ᠬᠦᠩᠬᠡᠨ ᠪᠡᠶ᠎ᠡ ᠶᠢᠨ | ᠳᠠᠮᠢᠷ ᠤᠨ ᠣᠷᠣᠯᠳᠣᠭᠠᠨ ᠬᠤᠶᠠᠳᠣᠭᠠᠷ ᠪᠠᠭ᠎ᠠ ᠰᠣᠷᠭᠠᠭᠤᠯᠢ ᠶᠢᠨ ᠳᠠᠮᠢᠷ ᠤᠨ ᠳᠠᠯᠠᠪᠣᠷ ᠲᠤ ᠦᠪᠡᠳᠡᠭᠰᠢ ᠶᠡᠭᠡ ᠪᠠᠷ | ᠡᠬᠢᠯᠡᠭᠰᠡᠨ ᠪᠠᠶᠢᠨ᠎ᠠ᠃ | ᠬᠤᠰᠢᠭᠤ ᠨᠠᠮ ᠤᠨ ᠪᠠᠶᠢᠩᠭᠤ ᠶᠢᠨ ᠬᠤᠷᠢᠶᠠᠨ ᠤ ᠭᠡᠰᠢᠬᠦᠨ᠂ ᠣᠬᠠᠭᠤᠯᠬᠤ ᠬᠡᠯᠳᠡᠰ ᠤᠨ ᠳᠠᠷᠤᠭ᠎ᠠ᠂ ᠳᠡᠳ᠋ | ᠬᠤᠰᠢᠭᠤᠨ ᠳᠠᠷᠤᠭ᠎ᠠ ᠬᠤᠸᠠᠩ ᠶᠣᠣ ᠪᠦᠸᠧ︔ ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ | ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ ᠪᠣᠣ ᠹᠦ᠋ ᠱᠧᠩ︔ ᠬᠤᠰᠢᠭᠤ ᠵᠠᠰᠠᠭ ᠤᠨ ᠣᠷᠳᠣᠨ ᠤ ᠳᠡᠳ᠋ | ᠬᠤᠰᠢᠭᠤᠨ ᠳᠠᠷᠤᠭ᠎ᠠ ᠬᠠᠨᠳᠦᠰᠦ᠋ᠷᠦᠩ︔ ᠬᠤᠰᠢᠭᠤᠨ ᠤ ᠣᠯᠣᠰ ᠳᠦᠷᠦ ᠶᠢᠨ ᠵᠦᠪᠯᠡᠯᠭᠡᠨ ᠤ ᠳᠡᠳ᠋ ᠳᠡᠷᠢᠬᠦᠯᠡᠭᠴᠢ | ᠠᠯᠮᠠᠰ︔ ᠬᠤᠰᠢᠭᠤᠨ ᠤ ᠠᠵᠢᠯᠴᠢᠨ ᠤ ᠶᠡᠷᠦᠩᠬᠡᠢ ᠡᠪᠯᠡᠯ︔ ᠬᠤᠰᠢᠭᠤᠨ ᠤ ᠰᠣᠶᠣᠯ ᠳᠠᠮᠢᠷ ᠰᠣᠨᠢᠨ ᠮᠡᠳᠡᠭᠡ | ᠷᠠᠳᠢᠤ᠋ ᠲᠧᠯᠸᠢᠰ ᠲᠤᠪᠴᠢᠶ᠎ᠠ︔ ᠰᠣᠷᠭᠠᠨ ᠬᠦᠮᠦᠵᠢᠯ ᠤᠨ ᠲᠤᠪᠴᠢᠶ᠎ᠠ ᠵᠢᠴᠢ ᠡᠯ᠎ᠡ ᠳᠣᠮᠳᠠᠳᠣ ᠪᠠᠭ᠎ᠠ ᠰᠣᠷᠭᠠᠭᠤᠯᠢ | ᠶᠢᠨ ᠵᠠᠬᠢᠷᠣᠯ ᠨᠠᠷ ᠡᠬᠢᠯᠡᠯᠳᠡ ᠶᠢᠨ ᠶᠣᠰᠣᠯᠠᠯ ᠳᠤ ᠣᠷᠣᠯᠴᠠᠭᠰᠠᠨ ᠪᠠᠶᠢᠨ᠎ᠠ᠃ ᠲᠤᠰ ᠣᠳᠠᠭᠠᠨ ᠤ ᠭᠦᠳᠡᠯᠭᠡᠭᠡᠨ ᠳᠤ | ᠠᠵᠠ ᠵᠠᠪᠰᠢᠶᠠᠨ ᠢᠶᠠᠷ ᠮᠠᠨ ᠤ ᠬᠤᠰᠢᠭᠤᠨ ᠤ ︽ᠪᠠᠷᠭᠤ ᠬᠦᠮᠦᠨ ᠮᠦᠰᠦᠨ ᠪᠦᠮᠪᠦᠭᠡ ᠶᠢᠨ ᠠᠩᠬᠢ︾ ᠶᠢ | ᠬᠠᠯᠠᠮᠵᠢᠯᠠᠨ ᠳᠣᠰᠠᠯᠠᠭᠴᠢ᠂ ᠠᠮᠧᠷᠢᠺᠠ ᠶᠢᠨ ᠨᠢᠦ᠋ ᠶᠤᠷᠺ ᠤᠨ ︽ᠴᠠᠩ ᠳ᠋ᠣᠣ ᠬᠦᠮᠦᠨ ᠮᠦᠰᠦᠨ ᠪᠦᠮᠪᠦᠭᠡ | ᠵᠢᠨᠺᠯᠦ᠋ᠪ︾ ᠤᠨ ᠬᠠᠷᠪᠢᠨ ᠬᠤᠳᠠ ᠶᠢᠨ ᠳᠦᠯᠦᠭᠡᠯᠡᠭᠴᠢ ᠶᠢᠨ ᠭᠠᠵᠠᠷ ᠤᠨ ᠳᠡᠷᠢᠬᠦᠨ ᠳᠦᠯᠦᠭᠡᠯᠡᠭᠴᠢ ᠸᠠᠩ ᠶᠢᠨ | ᠢᠦᠢ ᠪᠣᠯᠣᠨ ︽ᠴᠠᠩ ᠳ᠋ᠣᠣ ᠬᠦᠮᠦᠨ ᠮᠦᠰᠦᠨ ᠪᠦᠮᠪᠦᠭᠡ ᠶᠢᠨ ᠺᠯᠦ᠋ᠪ︾ ᠤᠨ ᠬᠦᠯᠦᠨ ᠪᠣᠶᠢᠷ ᠬᠤᠳᠠ ᠶᠢᠨ | ᠳᠦᠯᠦᠭᠡᠯᠡᠭᠴᠢ ᠣᠣ ᠬᠤᠣ ᠲᠧ ᠵᠡᠷᠭᠡ ᠨᠦᠬᠦᠷ ᠢ ᠣᠷᠢᠨ ᠣᠷᠣᠯᠴᠠᠭᠤᠯᠣᠭᠰᠠᠨ ᠪᠠᠶᠢᠨ᠎ᠠ᠃ | ᠭᠡᠩᠭᠡᠷᠭᠡ ᠪᠦᠷᠢᠶᠡᠨ ᠤ ᠭᠦᠭᠵᠢᠭᠡᠨᠳᠦ ᠠᠶᠠᠯᠭᠤᠨ ᠤ ᠳᠣᠮᠳᠠ᠂ ᠪᠦᠬᠦ ᠬᠤᠰᠢᠭᠤᠨ ᠤ ᠡᠯ᠎ᠡ ᠳᠣᠮᠳᠠᠳᠣ ᠪᠠᠭ᠎ᠠ | ᠰᠣᠷᠭᠠᠭᠤᠯᠢ ᠶᠢᠨ ᠵᠢᠭᠰᠠᠭᠠᠯ ᠤᠨ ᠠᠩᠬᠢ᠂ ᠳᠠᠮᠢᠷᠴᠢᠳ ᠤᠨ ᠳᠦᠯᠦᠭᠡᠯᠡᠭᠴᠢᠳ ᠤᠨ ᠠᠩᠬᠢ ᠳᠡᠷᠢᠭᠦᠯᠡᠭᠴᠢᠳ ᠤᠨ | ᠳᠠᠶᠢᠰᠠᠨ ᠤ ᠡᠮᠦᠨᠡᠭᠦᠷ ᠴᠤᠭ ᠵᠢᠪᠬᠤᠭ᠎ᠠ ᠲᠠᠢ ᠠᠯᠬᠤᠨ ᠦᠩᠬᠡᠷᠡᠪᠡ᠃ ᠡᠯ᠎ᠡ ᠰᠣᠷᠭᠠᠭᠤᠯᠢ ᠶᠢᠨ ᠪᠠᠭᠰᠢ | ᠰᠣᠷᠣᠭᠴᠢᠳ ᠦᠪᠡᠷ ᠦᠪᠡᠷ ᠤᠨ ᠣᠨᠴᠠᠯᠢᠭ ᠲᠠᠢ ᠰᠣᠷᠭᠠᠭᠤᠯᠢ ᠶᠢᠨ ᠬᠤᠪᠴᠠᠰᠦ ᠪᠣᠶᠣ ᠳᠠᠮᠢᠷᠴᠢᠨ ᠤ ᠬᠤᠪᠴᠠᠰᠦ | ᠪᠠᠷ ᠢᠶᠠᠨ ᠦᠩᠭᠡ ᠢᠯᠭᠠᠷᠠᠨ ᠭᠤᠶᠣᠯᠠᠵᠦ᠂ ᠰᠣᠷᠭᠤᠭ ᠴᠡᠴᠡᠭ ᠪᠠ ᠦᠩᠭᠡᠳᠦ ᠪᠦᠮᠪᠦᠭᠡ ᠠᠳᠬᠤᠨ᠂ ᠵᠢᠭᠳᠡ | ᠳᠠᠭᠤᠨ ᠪᠠᠷ ᠣᠷᠢᠶ᠎ᠠ ᠬᠠᠰᠬᠢᠷᠣᠨ ᠢᠳᠡᠷᠬᠦᠨ ᠠᠯᠬᠤᠭ᠎ᠠ ᠪᠠᠷ ᠳᠠᠯᠠᠪᠣᠷ ᠲᠤ ᠣᠷᠣᠵᠠᠭᠠᠪᠠ᠃ ᠣᠷᠣᠯᠳᠣᠭᠠᠨ ᠤ | ᠳᠠᠯᠠᠪᠣᠷ ᠲᠤ ᠦᠩᠭᠡᠳᠦ ᠳᠤᠭ ᠨᠠᠮᠢᠷᠠᠨ᠂ ᠴᠡᠴᠡᠭ ᠤᠨ ᠳᠠᠪᠠᠯᠭᠠᠨ ᠳᠣᠯᠬᠢᠶᠠᠯᠠᠵᠦ ᠪᠠᠭᠰᠢ ᠰᠣᠷᠣᠭᠴᠢᠳ ᠤᠨ ᠴᠢᠷᠠᠢ | ᠳᠤ ᠪᠠᠶᠠᠷ ᠵᠢᠷᠭᠠᠯ ᠤᠨ ᠢᠨᠢᠶᠡᠳᠦ ᠪᠢᠯᠬᠠᠨ᠂ ᠪᠦᠬᠦ ᠬᠤᠰᠢᠭᠤᠨ ᠤ ᠳᠣᠮᠳᠠᠳᠣ ᠪᠠᠭ᠎ᠠ ᠰᠣᠷᠭᠠᠭᠤᠯᠢ ᠶᠢᠨ ᠨᠠᠷᠠᠯᠠᠭ | ᠪᠡᠶ᠎ᠡ ᠳᠠᠮᠢᠷ ᠤᠨ ᠬᠦᠳᠡᠯᠭᠡᠭᠡᠨ ᠤ ᠠᠮᠵᠢᠯᠳᠠ ᠪᠦᠳᠦᠮᠵᠢ ᠬᠢᠭᠡᠳ ᠴᠤᠭ ᠵᠢᠪᠬᠤᠭ᠎ᠠ ᠢᠯᠡᠷᠡᠵᠦ ᠪᠠᠶᠢᠯ᠎ᠠ᠃ | ᠡᠬᠢᠯᠡᠯᠳᠡ ᠶᠢᠨ ᠶᠣᠰᠣᠯᠠᠯ ᠳᠤ᠂ ᠬᠤᠰᠢᠭᠤᠨ ᠤ ᠳᠡᠳ᠋ ᠬᠤᠰᠢᠭᠤᠨ ᠳᠠᠷᠤᠭ᠎ᠠ ᠬᠠᠨᠳᠦᠰᠦ᠋ᠷᠦᠩ ᠠᠴᠠ | ᠡᠬᠢᠯᠡᠯᠳᠡ ᠶᠢᠨ ᠶᠠᠷᠢᠶ᠎ᠠ ᠲᠠᠯᠪᠢᠵᠤ᠂ ᠣᠷᠣᠯᠳᠣᠭᠠᠨ ᠤ ᠺᠣᠮᠢᠰ ᠤᠨ ᠡᠷᠬᠢᠯᠡᠭᠴᠢ ᠣᠯᠠᠭᠠᠨ ᠳᠣᠪᠴᠢᠶᠠᠨ ᠳᠠᠷᠤᠭ᠎ᠠ | ᠠᠴᠠ ᠴᠢᠬᠤᠯᠠ ᠶᠡᠷᠢᠶ᠎ᠠ ᠳᠠᠯᠪᠢᠪᠠ᠃ ᠬᠠᠮᠤᠭ ᠰᠡᠭᠦᠯ ᠳᠤ ᠰᠢᠯᠢᠳᠡᠭ ᠰᠣᠷᠣᠭᠴᠢ ᠶᠢᠨ ᠺᠠᠳ᠋ᠷ᠂ 2016 —2017 | ᠣᠨ ᠤ ᠳᠡᠷᠢᠬᠦᠨ ᠤ ᠠᠩᠬᠢ ᠨᠡᠶᠢᠳᠡ᠂ ᠭᠤᠷᠪᠠᠨ ᠰᠠᠶᠢᠨᠳᠠᠢ ᠰᠣᠷᠣᠭᠴᠢ᠂ ᠰᠢᠯᠢᠳᠡᠭ ᠬᠦᠯ ᠪᠦᠮᠪᠦᠭᠡ ᠶᠢᠨ | ᠳᠠᠮᠢᠷᠴᠢᠨ ᠵᠡᠷᠭᠡ ᠶᠢ ᠱᠠᠩᠨᠠᠨ ᠬᠦᠬᠢᠭᠦᠯᠪᠡ᠃ | ᠡᠬᠢᠯᠡᠯᠳᠡ ᠶᠢᠨ ᠶᠣᠰᠣᠯᠠᠯ ᠨᠢ ᠬᠤᠸᠠᠩ ᠶᠣᠣ ᠪᠦᠸᠧ ᠳᠡᠳ᠋ ᠬᠤᠰᠢᠭᠤᠨ ᠳᠠᠷᠤᠭ᠎ᠠ ᠶᠢᠨ ᠣᠷᠣᠯᠳᠣᠭᠠᠨ | ᠡᠬᠢᠯᠡᠭᠰᠡᠨ ᠢ ᠲᠤᠩᠬᠠᠯᠠᠵᠤ᠂ ᠨᠢᠭᠡᠳᠦᠭᠡᠷ ᠪᠠᠭ᠎ᠠ ᠰᠣᠷᠭᠠᠭᠤᠯᠢ ᠬᠢᠭᠡᠳ ᠣᠷᠱᠣᠨ ᠰᠣᠷᠭᠠᠭᠤᠯᠢ ᠶᠢᠨ ᠪᠦᠵᠢᠭ ᠤᠨ | ᠪᠦᠯᠬᠦᠮ ᠠᠴᠠ ᠶᠡᠭᠡ ᠬᠤᠷᠠᠯ ᠳᠤ ᠦᠵᠡᠭᠦᠯᠦᠭᠡ ᠶᠢᠨ ᠳᠣᠭᠯᠠᠯᠳᠠ ᠭᠠᠷᠭᠠᠨ᠂ ᠬᠤᠶᠠᠷ ᠰᠣᠷᠭᠠᠭᠤᠯᠢ ᠶᠢᠨ | ᠰᠣᠷᠣᠭᠴᠢᠳ ᠤᠨ ᠳᠣᠭᠯᠠᠯᠳᠠ ᠨᠢ ᠮᠠᠨ ᠤᠨ ᠬᠤᠰᠢᠭᠤᠨ ᠤ ᠳᠣᠮᠳᠠᠳᠣ ᠪᠠᠭ᠎ᠠ ᠰᠣᠷᠭᠠᠭᠤᠯᠢ ᠶᠢᠨ ᠰᠣᠷᠣᠭᠴᠢᠳ | ᠤᠨ ᠬᠦᠭᠵᠢᠯ ᠪᠠᠳᠠᠷᠠᠩᠭᠤᠢ᠂ ᠣᠷᠣᠭᠰᠢ ᠳᠠᠪᠰᠢᠬᠤ ᠬᠡᠶᠢᠮᠦᠷᠢ ᠵᠢᠪᠬᠤᠭ᠎ᠠ ᠶᠢ ᠪᠦᠷᠢᠨ ᠢᠯᠡᠷᠡᠭᠦᠯᠦᠭᠰᠡᠨ ᠪᠠᠶᠢᠨ᠎ᠠ᠃ | | ︵ᠬᠠᠷᠢᠭᠤᠴᠠᠭᠰᠠᠨ ᠨᠠᠶᠢᠷᠠᠭᠤᠯᠣᠭᠴᠢ᠄ ᠦ᠋ ᠴᠦᠨ ᠯᠸᠢ ᠡ᠊᠂ ᠰᠡᠴᠡᠨ ᠮᠣᠩᠭᠤᠯᠴᠢᠯᠠᠪᠠ︶ | | | | | | | | | | |