ᠰᠢᠨ᠎ᠡ ᠪᠠᠷᠭᠤ ᠪᠠᠷᠠᠭᠤᠨ ᠬᠤᠰᠢᠭᠤᠨ ᠤ ᠪᠠᠷᠭᠤᠴᠤᠤᠨ ᠤᠨ ᠲᠡᠤᠬᠡᠨ ᠲᠤᠶᠢᠮᠤ ᠶᠢᠨ ᠵᠠᠯᠭᠠᠮᠵᠢ
ᠨᠡᠶᠢᠲᠡᠯᠡᠭᠰᠡᠨ ᠴᠠᠭ᠄
2017/8/19
ᠠᠯᠠᠭᠠᠨ ᠳᠡᠭᠡᠷ᠎ᠡ ᠪᠠᠨ ᠪᠥᠮᠪᠥᠷᠢᠭᠦᠯᠦᠨ ᠥᠰᠬᠡᠭᠰᠡᠨ ᠬᠡᠳᠦᠢ ᠮᠥᠨ ᠪᠣᠯᠪᠠᠴᠤ ᠠᠪᠠᠭ᠋ᠠᠢ ᠶᠢᠨ ᠨᠠᠰᠤᠨ ᠳᠤ ᠬᠦᠷᠬᠦ ᠶᠢᠨ ᠴᠠᠭ ᠲᠤ ᠠᠶᠢᠯ ᠤᠨ ᠪᠡᠷᠢ ᠪᠣᠯᠭᠠᠨ ᠬᠠᠷᠢ ᠳᠤ ᠥᠭᠳᠡᠭ ᠶᠣᠰᠤᠲᠠᠢ᠃ ᠬᠠᠯᠢᠭᠤᠨ ᠮᠠᠯᠠᠭᠠᠢ ᠶᠢ ᠬᠠᠷᠴᠠᠭᠠᠯᠠᠨ ᠡᠮᠦᠰᠬᠡᠵᠦ ᠬᠠᠨᠢ ᠣᠯᠠᠨ ᠨᠥᠬᠦᠳ ᠢᠶᠠᠷ ᠴᠢᠨᠢ ᠬᠠᠰᠢᠭᠤᠯᠤᠨ ᠰᠠᠭᠤᠯᠭᠠᠳᠠᠭ ᠠᠨᠤ ᠬᠠᠨ ᠲᠥᠷᠥ ᠶᠢᠨ ᠶᠣᠰᠤᠨ ᠪᠢᠯᠡ᠂ ᠬᠠᠶᠢᠷᠠᠲᠤ ᠠᠪᠤ ᠡᠵᠢ ᠬᠤᠶᠠᠷ ᠤᠨ ᠴᠢᠨᠢ ᠬᠠᠶᠢᠷᠠᠯᠠᠵᠤ ᠪᠠᠶᠢᠭ᠎ᠠ ᠪᠡᠯᠡᠭ ᠪᠣᠯᠪᠠᠰᠤ ᠠᠷᠤ ᠮᠣᠩᠭᠤᠯ ᠤᠨ ᠠᠷᠢᠭᠤᠨ ᠭᠭᠢᠪ ᠠᠷᠢᠬᠢ ᠨᠡᠷᠡᠲᠡᠢ ᠰᠠᠷᠬᠤᠳ ᠪᠠᠶᠢᠨ᠎ᠠ ᠁ ᠭᠡᠬᠦ ᠮᠡᠲᠦ ᠪᠠᠷ ᠪᠡᠯᠡᠭ ᠤᠨ ᠵᠦᠢᠯ ᠢ ᠳᠠᠷᠠᠭᠠᠯᠠᠨ ᠬᠡᠯᠡᠵᠦ ᠲᠡᠭᠦᠰᠬᠡᠬᠦ  ᠳᠤ ᠬᠡᠦᠬᠡᠨ ᠬᠤᠷᠮᠤᠢ ᠳᠡᠪᠢᠰᠦᠨ ᠮᠥᠷᠭᠦᠭᠡᠳ ᠭᠠᠷ ᠳᠡᠭᠡᠷᠡᠬᠢ ᠬᠠᠳᠠᠭ ᠢᠶᠠᠨ ᠠᠪᠴᠤ ᠡᠪᠦᠷᠲᠦᠯᠡᠭᠡᠳ ᠠᠷᠢᠬᠢ ᠶᠢ  ᠨᠢ ᠮᠠᠩᠨᠠᠢ ᠳᠠᠭᠠᠨ ᠲᠦᠷᠬᠢᠭᠡᠳ ᠪᠤᠴᠠᠭᠠᠨ ᠪᠠᠷᠢᠨ᠎ᠠ᠃ ᠬᠤᠷᠢᠮ ᠤᠨ ᠣᠯᠠᠨ ᠬᠤᠨᠳᠠᠭ᠎ᠠ ᠡᠷᠭᠦᠨ ᠳᠠᠭᠤᠯᠠᠵᠤ ᠨᠠᠶᠢᠷ ᠦᠷᠭᠦᠯᠵᠢᠯᠡᠨ᠎ᠡ᠃ ᠦᠳᠡᠰᠢ ᠶᠢᠨ ᠬᠠᠷᠠᠩᠭᠤᠢ ᠪᠦᠷᠦᠢ ᠪᠣᠯᠬᠤ ᠦᠶ᠎ᠡ ᠳᠤ ᠬᠦᠷᠭᠡᠨ ᠬᠦᠦ᠂ ᠳᠡᠭᠡᠷ᠎ᠡ ᠳᠤᠷᠠᠳᠤᠭᠰᠠᠨ ᠶᠣᠰᠤ ᠪᠠᠷ ᠬᠤᠪᠴᠠᠰᠤᠯᠠᠵᠤ ᠵᠠᠰᠠᠭᠠᠳ ᠬᠤᠳᠠ ᠶᠢᠨ ᠲᠦᠷᠦᠭᠦᠦ ᠪᠣᠯᠤᠨ ᠡᠷᠡᠭᠲᠡᠢ ᠡᠮᠡᠭᠲᠡᠢ ᠨᠥᠬᠦᠳ ᠰᠠᠯᠳᠡ ᠪᠠᠨ ᠳᠠᠭᠠᠭᠤᠯᠵᠤ᠂ ᠬᠤᠶᠠᠳᠠᠬᠢ ᠤᠳᠠᠭ᠎ᠠ ᠬᠠᠳᠠᠮ ᠳᠠᠭᠠᠨ ᠬᠦᠷᠭᠡᠯᠡᠵᠦ ᠢᠷᠡᠨ᠎ᠡ᠃ ᠬᠦᠷᠭᠡᠨ ᠲᠠᠯ᠎ᠠ᠂ ᠬᠡᠦᠬᠡᠨ ᠲᠠᠯ᠎ᠠ  ᠠᠴᠠ ᠲᠤᠰᠬᠠᠶᠢᠯᠠᠨ ᠪᠡᠯᠡᠳᠬᠡᠭᠰᠡᠨ ᠭᠡᠷ ᠲᠤ ᠪᠠᠭᠤᠵᠤ ᠬᠡᠦᠬᠡᠨ ᠲᠠᠯ᠎ᠠ ᠶᠢᠨ ᠬᠤᠷᠢᠮ ᠤᠨ ᠭᠡᠷ ᠲᠤ ᠣᠷᠤᠵᠤ ᠬᠤᠷᠢᠮ  ᠳᠤ ᠬᠡᠷᠡᠭᠯᠡᠬᠦ ᠠᠷᠢᠬᠢ᠂ ᠬᠠᠳᠠᠭ ᠪᠠ ᠴᠠᠭᠠᠨ ᠢᠳᠡᠭᠡᠨ᠂ ᠮᠢᠬ᠎ᠠ ᠰᠢᠭᠦᠰᠦ ᠵᠡᠷᠭᠡ ᠶᠢ ᠫᠢᠯᠠ ᠲᠠᠪᠠᠭ ᠲᠤ ᠦᠷᠦᠵᠦ ᠪᠡᠯᠡᠳᠬᠡᠭᠡᠳ ᠭᠡᠷ ᠲᠤ ᠣᠷᠤᠬᠤ ᠴᠠᠭ ᠢ ᠬᠦᠯᠢᠶᠡᠨ᠎ᠡ᠃ ᠬᠡᠦᠬᠡᠨ ᠤ ᠭᠡᠷ ︵ᠬᠠᠳᠠᠮ ᠤᠨ ᠭᠡᠷ︶ ᠠᠴᠠ ︽ᠬᠦᠷᠭᠡᠨ ᠣᠷᠤᠬᠤ ᠪᠣᠯᠤᠯ᠎ᠠ︾ ᠭᠡᠬᠦᠯᠡᠷ ᠬᠤᠳᠠ ᠶᠢᠨ ᠲᠦᠷᠦᠭᠦᠦ  ᠨᠢ ᠬᠦᠷᠭᠡᠨ ᠪᠣᠯᠤᠨ ᠬᠠᠮᠲᠤ ᠢᠷᠡᠭᠰᠡᠳ ᠢᠶᠠᠨ ᠳᠠᠭᠠᠭᠤᠯᠵᠤ ᠬᠡᠦᠬᠡᠨ ᠤ ᠭᠡᠷ ᠲᠤ ᠣᠷᠤᠭᠠᠳ ᠬᠦᠷᠭᠡᠨ ᠢ ᠪᠤᠷᠬᠠᠨ  ᠳᠤ ᠵᠤᠯᠠ ᠬᠦᠵᠢ ᠪᠠᠷᠢᠭᠤᠯᠵᠤ ᠮᠥᠷᠭᠦᠭᠦᠯᠦᠭᠡᠳ ᠬᠠᠳᠠᠮ ᠠᠪᠤ ᠡᠵᠢ ᠪᠣᠯᠤᠨ ᠨᠠᠰᠤᠲᠠᠨ ᠲᠣᠮᠤᠭᠠᠲᠠᠨ ᠳᠤ ᠬᠠᠳᠠᠭ ᠪᠠᠷᠢᠵᠤ ᠰᠠᠷᠬᠤᠳ ᠳᠡᠪᠰᠢᠭᠦᠯᠦᠨ ᠮᠥᠷᠭᠦᠵᠦ ᠨᠠᠰᠤᠲᠠᠳ ᠤᠨ ᠢᠷᠦᠭᠡᠯ ᠢ ᠬᠦᠯᠢᠶᠡᠨ᠎ᠡ᠃ ᠢᠩᠭᠢᠭᠡᠳ ᠬᠤᠶᠠᠷ ᠲᠠᠯ᠎ᠠ ᠠᠷᠢᠬᠢ ᠳᠠᠷᠠᠰᠤ ᠪᠠᠨ ᠰᠦᠩ ᠨᠡᠶᠢᠯᠡᠭᠦᠯᠦᠨ᠂ ᠢᠳᠡᠭᠡᠨ ᠰᠢᠭᠦᠰᠦ ᠪᠠᠨ ᠬᠠᠮᠲᠤᠷᠠᠭᠤᠯᠤᠨ ᠪᠠᠶᠢᠵᠤ ᠴᠤᠬᠤᠮ ᠴᠦ ︽ᠬᠢᠲᠤᠭ᠎ᠠ ᠲᠠᠯᠪᠢᠯ ᠦᠭᠡᠢ ᠮᠢᠬ᠎ᠠ ᠢᠳᠡᠵᠦ ᠬᠤᠨᠳᠠᠭ᠎ᠠ ᠲᠠᠯᠪᠢᠯ ᠦᠭᠡᠢ ᠠᠷᠢᠬᠢ ᠤᠤᠭᠤᠵᠤ︾ ᠦᠭᠡ ᠶᠢᠨ ᠰᠠᠶᠢᠨ ᠢ ᠶᠠᠷᠢᠯᠴᠠᠵᠤ ᠢᠷᠦᠭᠡᠯ ᠤᠨ ᠰᠠᠶᠢᠨ ᠢ ᠬᠡᠯᠡᠵᠦ ᠨᠠᠶᠢᠷᠯᠠᠨ ᠨᠠᠷᠭᠢᠯᠳᠤᠳᠠᠭ ᠪᠢᠯᠡ᠃ ᠬᠤᠶᠠᠷ ᠲᠠᠯ᠎ᠠ ᠶᠢᠨ ᠳᠠᠭᠤᠴᠢᠨ ᠳᠤ ᠳᠠᠭᠤᠤ ᠶᠢᠨ ᠳᠤᠭᠤᠷ᠎ᠠ ᠳᠡᠪᠰᠢᠭᠦᠯᠬᠦ ᠳᠤ ᠳᠠᠭᠤᠴᠢᠳ ᠠᠷᠢᠬᠢ ᠪᠠᠯᠭᠤᠨ ᠬᠤᠭᠤᠯᠠᠢ ᠵᠠᠰᠠᠨ᠂ ︽ᠡᠷᠳᠡᠨᠢ ᠠᠭᠤᠯᠠ ᠶᠢᠨ ᠪᠠᠷ᠎ᠠ︾᠂ ︽ᠨᠠᠷᠢᠬᠠᠨ ᠬᠠᠯᠢᠭᠤᠨ︾ ᠁ ᠵᠡᠷᠭᠡ ᠳᠠᠭᠤᠤ ᠨᠤᠭᠤᠳ ᠢ ᠳᠠᠭᠤᠯᠠᠨ᠎ᠠ᠃ ᠡᠨᠡ ᠮᠡᠲᠦ ᠪᠠᠷ ᠰᠥᠨᠢ ᠳᠥᠯᠢ ᠪᠣᠯᠲᠠᠯ᠎ᠠ ᠨᠠᠶᠢᠷᠯᠠᠭᠠᠳ ᠬᠦᠷᠭᠡᠨ ᠤ ᠲᠠᠯ᠎ᠠ ᠲᠤᠰᠬᠠᠢ ᠭᠡᠷ ᠲᠡᠭᠡᠨ ᠪᠤᠴᠠᠬᠤ ᠳᠤ ᠬᠡᠦᠬᠡᠨ ᠤ ᠲᠠᠯ᠎ᠠ ᠱᠠᠭ᠎ᠠ ᠠᠪᠬᠤ᠂ ᠴᠦ᠋ ᠴᠣᠬᠢᠬᠤ᠂ ᠲᠠᠷᠪᠠᠭᠠᠴᠠᠬᠤ ᠵᠡᠷᠭᠡ ᠪᠠᠷ ᠵᠠᠯᠠᠭᠤᠴᠤᠳ ᠪᠠᠭᠠᠴᠤᠳ ᠨᠢ ᠨᠠᠭᠠᠳᠳᠠᠭ᠃⑥ ᠬᠡᠦᠬᠡᠨ ᠮᠣᠷᠳᠠᠭᠤᠯᠬᠤ ᠡᠷᠲᠡ ᠨᠠᠷᠠ ᠭᠠᠷᠬᠤ ᠠᠴᠠ ᠡᠮᠦᠨ᠎ᠡ ᠬᠦᠷᠭᠡᠨ ᠤ ᠲᠠᠯ᠎ᠠ ᠬᠡᠦᠬᠡᠨ ᠤ ᠭᠡᠷ ᠲᠤ ᠣᠷᠤᠵᠤ᠂ ᠴᠠᠢ ᠢᠳᠡᠭᠡ ᠬᠦᠯᠢᠶᠡᠬᠦ ᠪᠠ ᠬᠤᠶᠠᠷ ᠲᠠᠯ᠎ᠠ ᠶᠢᠨ ᠨᠠᠰᠤᠲᠠᠨ ᠳᠠᠭᠠᠨ ᠰᠢᠭᠦᠰᠦ ᠲᠠᠯᠪᠢᠵᠤ ᠠᠷᠢᠬᠢ ᠪᠠᠷᠢᠭᠠᠳ ᠬᠡᠳᠦᠨ ᠵᠡᠷᠭᠡ ᠲᠣᠭᠤᠷᠢᠭᠤᠯᠤᠭᠰᠠᠨ ᠤ ᠳᠠᠷᠠᠭ᠎ᠠ ᠬᠠᠳᠠᠮ ᠡᠴᠢᠭᠡ ᠨᠢ ᠨᠢᠭᠡᠨ ᠰᠤᠮᠤ ᠠᠳᠬᠤᠵᠤ ᠬᠦᠷᠭᠡᠨ ᠬᠦᠦ ᠪᠠᠨ ᠰᠦᠭᠦᠳᠬᠡᠨ ᠤᠷᠲᠤ ᠬᠤᠷᠮᠤᠢ ᠳᠡᠭᠡᠷ᠎ᠡ ᠨᠢ ᠰᠤᠮᠤ ᠪᠠᠨ ᠬᠠᠳᠬᠤᠭᠠᠳ᠄ ᠣᠮ ᠰᠠᠶᠢᠨ ᠠᠮᠤᠭᠤᠯᠠᠩ ᠪᠣᠯᠲᠤᠭᠠᠢ ᠡᠷᠲᠡ ᠳᠡᠭᠡᠷ᠎ᠡ ᠴᠢᠩᠭᠢᠰ ᠬᠠᠭᠠᠨ ᠤ ᠵᠣᠬᠢᠶᠠᠨ ᠲᠣᠭᠲᠠᠭᠠᠭᠰᠠᠨ ᠡᠳᠦᠭᠡ ᠮᠠᠨ ᠤ ᠮᠣᠩᠭᠤᠯᠴᠤᠳ ᠤᠨ ᠵᠠᠩᠰᠢᠯ ᠶᠣᠰᠤ ᠪᠠᠷ ᠡᠩᠬᠦᠷᠡᠢ ᠬᠦᠷᠭᠡᠨ ᠬᠦᠪᠡᠭᠦᠨ ᠴᠢᠮᠡᠳᠤᠷ ᠡᠷᠳᠡᠨᠢ ᠶᠢᠨ ᠰᠤᠮᠤ ᠱᠠᠩᠨᠠᠬᠤ ᠶᠢᠨ ᠤᠴᠢᠷ ᠪᠣᠯ ᠳᠠᠶᠢᠨ ᠳᠤ ᠪᠠᠷᠢᠪᠠᠯ ᠮᠠᠩᠭᠤᠰ ᠢ ᠳᠠᠷᠤᠳᠠᠭ ᠳᠠᠯᠠᠯᠭᠠᠨ ᠳᠤ ᠬᠢᠪᠡᠯ ᠪᠤᠶᠠᠨ ᠢ ᠬᠤᠷᠢᠶᠠᠳᠠᠭ ᠠᠪᠠ ᠳᠤ ᠬᠡᠷᠡᠭᠯᠡᠪᠡᠯ ᠮᠡᠷᠭᠡᠨ ᠵᠡᠪᠰᠡᠭ ᠠᠶᠠᠨ ᠳᠤ ᠬᠡᠷᠡᠭᠯᠡᠪᠡᠯ ᠬᠠᠮᠠᠭᠠᠯᠠᠬᠤ ᠵᠡᠪᠰᠡᠭ ᠪᠠᠯᠪᠤ ᠶᠢᠨ ᠳᠠᠷᠬᠠᠨ ᠪᠠᠯᠪᠠᠵᠤ ᠬᠢᠭᠰᠡᠨ ᠪᠠᠭᠠᠲᠤᠷ ᠳᠠᠷᠬᠠᠨ ᠳᠠᠪᠲᠠᠵᠤ ᠬᠢᠭᠰᠡᠨ ᠡᠭᠦᠳᠡᠨ ᠣᠨᠤ ᠲᠠᠢ ᠡᠷᠦᠬᠡᠨ ᠬᠤᠰᠢᠭᠤ ᠲᠠᠢ ᠡᠭᠦᠯᠡᠨ ᠭᠡ ᠲᠠᠢ ᠡᠷᠳᠡᠨᠢ ᠶᠢᠨ ᠴᠠᠭᠠᠨ ᠰᠤᠮᠤ ᠭᠡᠬᠦ ᠮᠡᠲᠦ ᠪᠠᠷ ᠢᠷᠦᠭᠡᠭᠡᠳ ᠰᠤᠮᠤ ᠪᠠᠨ ᠬᠦᠷᠭᠡᠨ ᠳᠡᠭᠡᠨ ᠥᠭᠬᠦ ᠳᠤ ᠬᠦᠷᠭᠡᠨ ᠨᠢ ᠲᠣᠰᠤᠨ ᠠᠪᠴᠤ ᠮᠥᠷᠭᠦᠨ᠎ᠡ᠃ ᠬᠠᠳᠠᠮ ᠡᠬᠡ ᠨᠢ ᠦᠨᠳᠤᠰᠤᠨ ᠠᠶᠠᠭᠠᠨ ᠳᠤ ᠰᠦ ᠬᠢᠵᠦ ᠪᠠᠷᠢᠬᠤ ᠳᠤ ᠬᠦᠷᠭᠡᠨ ᠬᠦᠦ ᠬᠥᠯ ᠲᠠᠲᠠᠨ ᠬᠦᠯᠢᠶᠡᠵᠦ ᠬᠤᠷᠮᠤᠢ ᠳᠡᠪᠢᠰᠦᠨ ᠮᠥᠷᠭᠦᠵᠦ ᠰᠦ ᠶᠢ ᠨᠢ ᠤᠤᠭᠤᠭᠠᠳ ᠠᠶᠠᠭ᠎ᠠ ᠶᠢ ᠨᠢ ᠡᠪᠦᠷᠲᠦᠯᠡᠨ᠎ᠡ᠃ ᠢᠩᠭᠢᠭᠡᠳ ᠬᠦᠷᠭᠡᠨ ᠭᠠᠷᠴᠤ ᠭᠡᠷ ᠤᠨ ᠪᠠᠷᠠᠭᠤᠨ ᠡᠮᠦᠨ᠎ᠡ ᠳᠡᠭᠡᠷ᠎ᠡ ᠲᠠᠯᠪᠢᠭᠰᠠᠨ ᠰᠠᠭᠠᠳᠠᠭ ᠨᠤᠮᠤ ᠪᠠᠨ ᠠᠪᠴᠤ ᠠᠭᠰᠠᠭᠠᠳ ᠮᠣᠷᠢᠨ ᠳᠠᠭᠠᠨ ᠮᠣᠷᠳᠠᠮᠠᠭᠴᠠ ᠬᠤᠷᠳᠤᠯᠠᠨ ᠳᠠᠪᠬᠢᠨ᠎ᠠ᠃ ᠡᠨᠡ ᠦᠶ᠎ᠡ ᠳᠤ ᠬᠦᠷᠭᠡᠨ ᠤ ᠨᠠᠷᠠ ᠪᠤᠯᠢᠶᠠᠬᠤ ᠭᠡᠵᠤ ᠬᠡᠦᠬᠡᠨ ᠲᠠᠯ᠎ᠠ ᠠᠴᠠ ᠬᠤᠷᠳᠤᠨ ᠮᠣᠷᠢ ᠲᠠᠢ ᠬᠥᠮᠥᠨ ᠬᠦᠷᠭᠡᠨ ᠢ ᠬᠥᠭᠡᠭᠡᠵᠦ ᠭᠦᠢᠴᠡᠬᠦ ᠪᠠᠷ ᠶᠠᠭᠠᠷᠠᠯᠳᠤᠨ᠎ᠠ᠃ ᠮᠥᠨ ᠬᠦᠷᠭᠡᠨ ᠲᠠᠯ᠎ᠠ ᠶᠢᠨ ᠬᠡᠳᠦᠨ ᠵᠠᠯᠠᠭᠤᠴᠤᠳ ᠬᠡᠦᠬᠡᠨ ᠢ ᠪᠤᠯᠢᠶᠠᠭᠰᠠᠨ ᠪᠣᠯᠵᠤ ᠰᠢᠨ᠎ᠡ ᠴᠠᠭᠠᠨ ᠢᠰᠡᠭᠡᠢ ᠳᠡᠪᠢᠰᠦᠭᠰᠡᠨ ᠪᠣᠱᠤᠭᠠᠨ ᠳᠡᠭᠡᠭᠦᠷ ᠠᠪᠤᠨ ᠭᠠᠷᠤᠭᠠᠳ ᠮᠣᠷᠢᠨ ᠳᠤᠨᠢ ᠮᠣᠷᠳᠠᠭᠤᠯᠳᠠᠭ᠃ ᠡᠨᠡ ᠦᠶ᠎ᠡ ᠳᠤ ᠬᠡᠦᠬᠡᠨ ᠮᠣᠷᠳᠠᠬᠤ ᠪᠠᠷᠰ ᠴᠠᠭ ᠪᠣᠯᠤᠭᠰᠠᠨ ᠪᠠᠶᠢᠳᠠᠭ᠃ ᠡᠭᠦᠨ ᠢ ᠬᠡᠦᠬᠡᠨ ᠮᠣᠷᠳᠠᠭᠤᠯᠬᠤ ᠭᠡᠳᠡᠭ᠃⑦ ᠬᠡᠦᠬᠡᠨ ᠬᠦᠷᠭᠡᠬᠦ ᠬᠡᠦᠬᠡᠨ ᠬᠦᠷᠭᠡᠬᠦ ᠳᠤ ᠡᠴᠢᠭᠡ ᠨᠢ ᠣᠴᠢᠳᠠᠭ ᠦᠭᠡᠢ᠃ ᠠᠪᠠᠭ᠎ᠠ᠂ ᠠᠬ᠎ᠠ᠂ ᠨᠠᠭᠠᠴᠤ᠂ ᠡᠬᠡ᠂ ᠬᠤᠳᠠ ᠶᠢᠨ ᠲᠦᠷᠦᠭᠦᠦ᠂ ᠨᠠᠶᠢᠵᠠ ᠨᠥᠬᠦᠳ ᠨᠢ ᠣᠴᠢᠳᠠᠭ᠃ ᠮᠥᠨ ᠬᠡᠦᠬᠡᠨ ᠤ ᠢᠨᠵᠢ ᠭᠡᠵᠤ ᠠᠳᠤᠭᠤ᠂ ᠦᠬᠡᠷ᠂ ᠬᠤᠨᠢ ᠥᠭᠬᠦ ᠠᠴᠠ ᠭᠠᠳᠠᠨ᠎ᠠ ᠡᠳ᠋ ᠪᠠᠷᠠᠭ᠎ᠠ᠂ ᠡᠷᠬᠢᠨᠡᠭ ᠲᠡᠷᠭᠡ ᠥᠭᠳᠡᠭ᠃ ᠬᠦᠷᠭᠡᠨ ᠲᠠᠯ᠎ᠠ ᠳᠤ ᠣᠴᠢᠮᠠᠭᠴᠠ ᠬᠡᠦᠬᠡᠨ ᠢ ᠮᠣᠷᠢᠨ ᠳᠡᠭᠡᠷ᠎ᠡ ᠠᠴᠠ ᠡᠷᠭᠦᠨ ᠪᠠᠭᠤᠯᠭᠠᠵᠤ᠂      ︽ᠦᠰᠦ ᠬᠠᠭᠠᠯᠬᠤ ᠭᠡᠷ︾ ᠲᠤ ᠣᠷᠤᠭᠤᠯᠵᠤ ᠭᠠᠭᠴᠠ ᠭᠦᠷᠦᠭᠰᠡᠨ ᠦᠰᠦ ᠶᠢ ᠨᠢ ᠬᠤᠶᠠᠷ ᠲᠠᠶᠢᠰᠢ ᠬᠠᠭᠠᠯᠵᠤ᠂ ᠬᠠᠪᠴᠢᠭᠤᠷ᠂ ᠲᠠᠲᠠᠭᠤᠷ᠂ ᠬᠠᠷ᠎ᠠ ᠬᠢᠯᠢᠩ ᠮᠠᠯᠠᠭᠠᠢ᠂ ᠠᠪᠠᠭᠠᠢ ᠳᠡᠪᠡᠯ᠂ ᠤᠤᠵᠢ ᠡᠮᠦᠰᠬᠡᠵᠦ ᠬᠤᠪᠴᠠᠰᠤᠯᠠᠨ᠎ᠠ᠃⑧ ᠪᠠᠷᠠᠭ᠎ᠠ ᠬᠤᠷᠢᠶᠠᠬᠤ ᠪᠠᠷᠠᠭ᠎ᠠ ᠬᠤᠷᠢᠶᠠᠬᠤ ᠪᠣᠯ ᠬᠡᠦᠬᠡᠨ ᠤ ᠵᠠᠰᠠᠯ ᠤᠨ ᠬᠤᠪᠴᠠᠰᠤ ᠪᠠ ᠡᠳ᠋ᠯᠡᠯ ᠬᠡᠷᠡᠭᠰᠡᠯ ᠢ ᠬᠦᠷᠭᠡᠨ ᠤ ᠭᠡᠷ ᠲᠤ ᠣᠷᠤᠭᠤᠯᠤᠨ ᠣᠯᠠᠨ ᠤ ᠨᠢᠳᠦᠨ ᠳᠤ ᠦᠵᠡᠭᠦᠯᠦᠨ ᠲᠡᠭᠰᠢᠯᠡᠨ ᠲᠠᠯᠪᠢᠬᠤ ᠶᠢ ᠬᠡᠯᠡᠨ᠎ᠡ᠃ ᠥᠭᠡᠷ᠎ᠡ ᠪᠠᠷ ᠬᠡᠯᠡᠪᠡᠯ ᠬᠢᠷᠢ ᠵᠡᠷᠭᠡ ᠶᠢᠨ ᠪᠠᠷᠠᠭ᠎ᠠ ᠲᠠᠢ ᠪᠡᠷᠢ ᠪᠠᠭᠤᠭᠰᠠᠨ ᠢ ᠣᠯᠠᠨ ᠳᠤ ᠦᠵᠡᠭᠦᠯᠦᠨ᠎ᠡ᠃⑨ ᠰᠢᠨ᠎ᠡ ᠪᠡᠷᠢ ᠶᠢ ᠰᠢᠨ᠎ᠡ ᠭᠡᠷ ᠲᠤ ᠣᠷᠤᠭᠤᠯᠬᠤ ᠪᠠᠷᠤᠭ ᠮᠣᠷᠢᠨ ᠴᠠᠭ ᠤᠨ ᠡᠬᠢ ᠪᠠᠷ ᠬᠦᠷᠭᠡᠨ ᠤ ᠬᠤᠳᠠ ᠶᠢᠨ ᠲᠦᠷᠦᠭᠦᠦ ︽ᠴᠠᠭ ᠪᠣᠯᠤᠯ᠎ᠠ︾ ᠭᠡᠵᠤ ᠭᠤᠷᠪᠠᠨᠲᠠ ᠳᠠᠭᠤᠳᠠᠭᠰᠠᠨ ᠤ ᠳᠠᠷᠠᠭ᠎ᠠ ᠰᠢᠨ᠎ᠡ ᠪᠡᠷᠢ ᠶᠢᠨ ᠨᠢᠭᠤᠷ ᠢ ᠪᠦᠲᠡᠭᠡᠵᠦ᠂ ᠢᠪᠡᠭᠡᠯ ᠵᠢᠯ ᠲᠠᠢ ᠡᠮᠡᠭᠲᠡᠢ ᠬᠥᠮᠥᠨ ᠢᠶᠠᠷ ᠳᠠᠭᠠᠭᠤᠯᠵᠤ ᠬᠦᠷᠭᠡᠨ ᠤ ᠭᠡᠷ ᠤᠨ ᠳᠡᠷᠭᠡᠳᠡ ᠬᠦᠷᠴᠦ ᠮᠠᠯᠠᠭᠠᠢ ᠪᠠᠨ ᠠᠪᠴᠤ ᠬᠤᠶᠠᠷ ᠭᠠᠷ ᠢᠶᠠᠨ ᠨᠠᠮᠠᠨᠴᠢᠯᠠᠨ ᠭᠡᠷ  ᠠᠴᠠ ᠠᠳᠢᠰ ᠠᠪᠤᠨ᠎ᠠ᠃ ᠮᠠᠯᠠᠭᠠᠢ ᠪᠠᠨ ᠡᠮᠦᠰᠦᠭᠡᠳ ᠭᠡᠷ ᠲᠤ ᠣᠷᠤᠵᠤ ᠡᠭᠦᠳᠡᠨ ᠳᠤ ᠵᠣᠭᠰᠤᠨ᠎ᠠ᠃ ᠬᠦᠷᠭᠡᠨ ᠲᠠᠯ᠎ᠠ ᠶᠢᠨ ᠲᠣᠮᠤᠭᠠᠲᠠᠨ ᠠᠴᠠ ᠨᠢᠭᠡᠨ ᠬᠥᠮᠥᠨ ᠪᠠᠷᠠᠭᠤᠨ ᠭᠠᠷ ᠲᠠᠭᠠᠨ ᠸᠴᠢᠷ᠂ ᠵᠡᠭᠦᠨ ᠭᠠᠷ ᠲᠤ ᠪᠠᠨ ᠬᠤᠩᠬᠤ ᠪᠠᠷᠢᠵᠤ ᠭᠠᠯ ᠤᠨ ᠢᠷᠦᠭᠡᠯ ᠤᠩᠰᠢᠵᠤ ᠰᠢᠨ᠎ᠡ ᠪᠡᠷᠢ ᠶᠢ ᠭᠠᠯ ᠳᠤ ᠮᠥᠷᠭᠦᠭᠦᠯᠦᠨ᠎ᠡ᠃ ᠡᠭᠦᠨ ᠤ ᠳᠠᠷᠠᠭ᠎ᠠ ᠰᠢᠨ᠎ᠡ ᠪᠠᠷᠢ ᠬᠠᠳᠠᠮ ᠡᠬᠡ ᠡᠴᠢᠭᠡ᠂ ᠨᠠᠰᠤᠲᠠᠨ ᠲᠣᠮᠤᠭᠠᠲᠠᠨ ᠳᠤ ᠮᠥᠷᠭᠦᠵᠦ᠂ ᠴᠠᠢ ᠠᠶᠠᠭᠠᠯᠠᠵᠤ ᠢᠳᠡᠭᠡ ᠲᠠᠯᠪᠢᠨ᠎ᠠ᠃ ᠢᠩᠭᠢᠭᠡᠳ ᠬᠦᠷᠭᠡᠨ ᠲᠠᠯ᠎ᠠ ᠶᠢᠨ ᠨᠠᠶᠢᠷ ᠡᠬᠢᠯᠡᠵᠦ ᠨᠠᠶᠢᠷ ᠤᠨ ᠳᠤᠮᠳᠠ ᠬᠡᠦᠬᠡᠨ ᠤ ᠲᠠᠯ᠎ᠠ ᠢᠨᠵᠢ ᠮᠡᠳᠡᠭᠦᠯᠦᠨ᠎ᠡ᠂ ᠮᠥᠨ ᠬᠤᠶᠠᠷ ᠲᠠᠯ᠎ᠠ ᠠᠴᠠ ᠪᠠᠨ ᠬᠦᠷᠭᠡᠨ ᠬᠡᠦᠬᠡᠨ ᠳᠤ ᠪᠡᠯᠡᠭ ᠰᠡᠯᠡᠭ ᠢᠶᠠᠨ ᠥᠭᠭᠦᠭᠡᠳ ᠨᠠᠶᠢᠷ ᠥᠨᠳᠦᠷᠯᠡᠨ᠎ᠡ᠃⑩ ᠪᠤᠯᠤᠩ ᠨᠠᠶᠢᠷ ᠬᠤᠶᠠᠷ ᠲᠠᠯ᠎ᠠ ᠶᠢᠨ ᠠᠬᠠᠮᠠᠳ ᠲᠣᠮᠤᠭᠠᠲᠠᠨ ᠪᠣᠯᠤᠨ ᠬᠦᠷᠭᠡᠨ ᠬᠡᠦᠬᠡᠨ ᠤ ᠲᠥᠷᠥᠯ ᠰᠠᠳᠤᠨ ᠬᠤᠨᠤᠬᠤ ᠶᠣᠰᠤ ᠲᠠᠢ ᠲᠤᠯᠠ ᠡᠳᠡᠭᠡᠷ ᠵᠣᠴᠢᠳ ᠢ ᠲᠤᠰᠬᠠᠢ ᠭᠡᠷ ᠲᠤ ᠤᠷᠢᠵᠤ᠂ ᠶᠡᠭᠡ ᠬᠤᠷᠢᠮ ᠤᠨ ᠳᠠᠷᠠᠭ᠎ᠠ ᠪᠠᠭ᠎ᠠ ᠬᠤᠷᠢᠮ ᠪᠡᠯᠡᠳᠬᠡᠵᠦ᠂ ᠠᠭᠤᠯᠭ᠎ᠠ ᠨᠢ ᠬᠤᠮᠰᠠᠬᠠᠨ᠂ ᠴᠠᠭ ᠨᠢ ᠠᠭᠤᠵᠢᠭᠤ ᠪᠠᠶᠢᠵᠤ ᠬᠤᠶᠠᠷ ᠬᠡᠦᠬᠡᠳ ᠤᠨ ᠬᠤᠷᠢᠮ ᠤᠨ ᠶᠠᠪᠤᠳᠠᠯ ᠰᠡᠳᠬᠢᠯᠴᠢᠯᠡᠨ ᠪᠦᠲᠦᠵᠦ᠂ ᠨᠠᠶᠢᠷ ᠬᠤᠷᠢᠮ ᠨᠢ ᠰᠠᠶᠢᠨ ᠰᠠᠶᠢᠬᠠᠨ ᠲᠡᠭᠦᠰᠴᠦ ᠦᠷ᠎ᠡ ᠬᠡᠦᠬᠡᠳ ᠤᠨ ᠶᠡᠭᠡ ᠶᠠᠪᠤᠳᠠᠯ ᠥᠯᠵᠡᠢ ᠪᠡᠯᠭᠡ ᠲᠡᠭᠦᠯᠳᠡᠷ ᠪᠣᠯᠤᠭᠰᠠᠨ ᠢ ᠪᠡᠯᠭᠡᠯᠡᠵᠦ ᠬᠢᠭᠰᠡᠨ ᠨᠠᠶᠢᠷ ᠢᠶᠠᠨ ︽ᠪᠤᠯᠤᠩ ᠨᠠᠶᠢᠷ︾ ᠭᠡᠳᠡᠭ᠃ ᠡᠷᠬᠢᠯᠲᠡ ᠪᠣᠯᠤᠨ ᠠᠶᠢᠯᠴᠢ ᠬᠡᠦᠬᠡᠨ ᠠᠶᠢᠯ ᠳᠤ ᠮᠣᠷᠳᠠᠭᠰᠠᠨ ᠤ ᠳᠠᠷᠠᠭ᠎ᠠ ᠬᠡᠦᠬᠡᠨ ᠢᠶᠠᠨ ᠬᠦᠷᠭᠡᠵᠦ ᠣᠴᠢᠭᠰᠠᠨ ᠡᠬᠡ᠂ ᠬᠦᠷᠭᠡᠨ ᠤ ᠳᠤ ᠪᠠᠨ ᠭᠤᠷᠪᠠ ᠬᠤᠨᠤᠭᠠᠳ ᠪᠤᠴᠠᠳᠠᠭ᠃ ᠡᠴᠢᠭᠡ ᠨᠢ᠂ ᠡᠬᠡ ᠶᠢᠨ ᠶᠠᠪᠤᠭᠰᠠᠨ ᠡᠳᠦᠷ ᠣᠴᠢᠵᠤ ᠬᠤᠨᠤᠭᠠᠳ ᠢᠷᠡᠳᠡᠭ᠃ ᠡᠭᠦᠨ ᠢ ᠭᠤᠷᠪᠠ ᠬᠤᠨᠤᠭ ᠤᠨ ᠡᠷᠬᠢᠯᠲᠡ ᠭᠡᠳᠡᠭ᠃ ᠮᠥᠨ ᠰᠠᠷ᠎ᠠ ᠶᠢᠨ ᠳᠤᠮᠳᠠᠭᠤᠷ ᠠᠶᠢᠯᠴᠢ᠂ ᠰᠠᠷ᠎ᠠ ᠶᠢᠨ ᠠᠶᠢᠯᠴᠢ ᠭᠡᠳ ᠬᠡᠦᠬᠡᠨ ᠢᠶᠠᠨ ᠡᠷᠭᠢᠳᠡᠭ ᠪᠤᠶᠤ ᠬᠡᠦᠬᠡᠨ ᠨᠢ ᠲᠥᠷᠬᠦᠮ ᠳᠡᠭᠡᠨ ᠡᠷᠭᠢᠵᠦ ᠣᠴᠢᠳᠠᠭ ᠵᠠᠩ ᠵᠢᠷᠤᠮ ᠪᠠᠶᠢᠳᠠᠭ᠃ ︵ᠦᠷᠭᠦᠯᠵᠢᠯᠡᠯ ᠨᠢ ᠳᠠᠷᠠᠭᠠᠴᠢ ᠶᠢᠨ ᠳ᠋ᠤᠭᠠᠷ ᠲᠤ ᠪᠣᠢ︶                 ᠵᠣᠬᠢᠶᠠᠭᠴᠢ ᠶᠢᠨ ᠬᠠᠶ᠋ᠢᠭ᠄ ᠰᠢᠨ᠎ᠡ ᠪᠠᠷᠭᠤ ᠪᠠᠷᠠᠭᠤᠨ ᠬᠤᠰᠢᠭᠤᠨ ᠤ ᠤᠯᠤᠰ                 ᠲᠥᠷᠥ ᠶᠢᠨ ᠵᠥᠪᠯᠡᠯᠭᠡᠨ ᠤ ᠰᠣᠶᠤᠯ ᠲᠡᠦᠬᠡ ᠰᠤᠳᠤᠯᠬᠤ ᠠᠯᠪᠠᠨ ᠭᠡᠷ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号