ᠠᠯᠳᠠᠨ ᠲᠠᠯᠠᠢ ᠶᠢᠨ ᠡᠷᠭᠢ
ᠨᠡᠶᠢᠲᠡᠯᠡᠭᠰᠡᠨ ᠴᠠᠭ᠄
2018/5/11
     ᠠᠯᠲᠠᠨ ᠲᠠᠯᠠᠢ ᠶᠢᠨ ᠡᠷᠬᠢ ᠪᠣᠯ ᠣᠯᠣᠰ ᠤᠨAAᠲᠡᠰ ᠤᠨ ᠵᠢᠭᠤᠯᠴᠢᠯᠠᠯ ᠤᠨ ᠦᠵᠡᠮᠵᠢᠲᠦ ᠣᠷᠣᠨ ᠪᠣᠯᠣᠨ᠎ᠠ᠂ ᠬᠦᠯᠦᠨ ᠨᠠᠭᠤᠷ ᠤᠨ ᠪᠠᠷᠠᠭᠤᠨ ᠡᠷᠬᠢ ᠳᠤ ᠪᠠᠶᠢᠷᠢᠯᠠᠵᠣ᠂ ᠠᠯᠲᠠᠨᠮᠡᠭᠡᠯ ᠪᠠᠯᠭᠠᠰᠣ ᠠᠴᠠ ᠵᠡᠭᠦᠨ ᠬᠤᠶᠢᠰᠢ 27 ᠺᠢᠯᠤᠮᠧᠲᠷ ᠵᠠᠶᠢᠲᠠᠢ᠂ ᠦᠵᠡᠮᠵᠢᠲᠦ ᠣᠷᠣᠨ ᠤ ᠲᠠᠯᠠᠪᠠᠢ ᠨᠢ12 ᠲᠡᠭᠰᠢ ᠲᠦᠷᠪᠡᠯᠵᠢᠨ ᠮᠧᠲᠷ᠃ ᠠᠳᠡᠬᠢ ᠦᠩᠭᠡ ᠦᠵᠡᠮᠵᠢ ᠦᠵᠡᠰᠭᠦᠯᠡᠩ ᠰᠠᠶᠢᠬᠠᠨ᠂ ᠣᠰᠣ ᠨᠢ ᠲᠣᠩᠭᠠᠯᠠᠭ ᠡᠪᠡᠰᠦ ᠨᠢ ᠰᠣᠷᠭᠤᠭ᠂ ᠦᠩᠭᠡ ᠦᠵᠡᠮᠵᠢ ᠨᠢ ᠲᠠᠭᠠᠯᠠᠮᠵᠢᠲᠠᠢ  ᠭᠤᠶᠣᠬᠠᠨ᠃ 6 ᠺᠢᠯᠦᠮᠧᠲᠷ ᠣᠷᠲᠣ ᠪᠣᠯᠬᠤ ᠡᠯᠡᠰᠦᠨ ᠲᠠᠩ ᠨᠢ ᠴᠡᠩᠬᠡᠷᠯᠡᠨ ᠲᠣᠯᠬᠢᠶᠠᠯᠠᠵᠣ᠂ ᠠᠷᠴᠢᠭᠰᠠᠨ ᠲᠣᠯᠢ ᠮᠡᠲᠦ ᠬᠦᠯᠦᠨ ᠨᠠᠭᠤᠷ ᠨᠢ ᠬᠦᠯᠦᠨ ᠪᠣᠶᠢᠷ ᠤᠨ ᠲᠠᠯ᠎ᠠ ᠨᠣᠲᠤᠭ ᠤᠨ ᠡᠯᠢᠭᠡᠨ ᠳᠤ ᠨᠠᠮ ᠲᠦᠯᠭᠡᠬᠡᠨ ᠣᠷᠣᠰᠴᠣ᠂ ᠣᠮᠠᠷᠠᠲᠣ ᠶᠢᠨ ᠲᠠᠯ᠎ᠠ ᠨᠣᠲᠤᠭ ᠲᠤ ᠰᠢᠬᠢᠳᠭᠡᠭᠰᠡᠨ ᠰᠣᠪᠣᠳ ᠮᠡᠲᠦ ᠭᠤᠶᠣᠮᠰᠠᠭ ᠬᠠᠷᠠᠭᠳᠠᠨ᠎ᠠ᠃ ᠬᠦᠯᠦᠨ ᠨᠠᠭᠤᠷ ᠤᠨ ᠪᠠᠶᠢᠷᠢᠰᠢᠯ ᠨᠢ ᠳᠡᠭᠰᠢᠬᠡᠨ᠂ ᠣᠰᠣᠨ ᠭᠠᠳᠠᠷᠭᠤ ᠨᠢ ᠦᠷᠭᠡᠨ᠂ ᠡᠯᠡᠰᠦ ᠨᠢ ᠴᠡᠪᠡᠷ ᠠᠷᠢᠭᠤᠨ᠂ ᠲᠣᠯᠬᠢᠶ᠎ᠠ ᠨᠢ ᠲᠣᠬᠢᠷᠠᠮᠵᠢᠲᠠᠢ᠂ ᠣᠰᠣ ᠨᠢ ᠲᠣᠩᠭᠠᠯᠠᠭ ᠪᠣᠬᠢᠷᠳᠣᠯ ᠦᠭᠡᠢ᠂ ᠬᠠᠮᠤᠭ ᠤᠨ ᠰᠠᠶᠢᠨ ᠪᠠᠶᠢᠭᠠᠯᠢᠯᠢᠭ ᠣᠮᠪᠠᠯᠲᠠ ᠶᠢᠨ ᠭᠠᠵᠠᠷ ᠭᠡᠳᠡᠭ᠃            ᠰᠢᠳᠠᠮ᠎ᠠ ᠵᠣᠨ ᠤᠨ ᠬᠠᠯᠠᠭᠤᠨ᠂ ᠨᠠᠮᠣᠷ ᠤᠨ ᠡᠬᠢᠨ ᠰᠠᠷ᠎ᠠ ᠳᠤ ᠣᠳᠤᠭ᠎ᠠ ᠣᠨᠢᠶᠠᠷ ᠴᠡᠩᠬᠡᠷᠯᠡᠭᠰᠡᠨ ᠨᠠᠭᠤᠷ᠂ ᠬᠦᠪᠡᠭᠡ ᠬᠢᠵᠠᠭᠠᠷ ᠦᠭᠡᠢ ᠲᠠᠯ᠎ᠠ ᠨᠣᠳᠤᠭ᠂ ᠲᠡᠭᠰᠢ ᠵᠦᠭᠡᠯᠬᠡᠨ ᠡᠯᠡᠰᠦᠨ ᠲᠠᠩ ᠬᠠᠯᠢᠭᠤᠷᠠᠨ᠂ ᠬᠤᠯᠣᠰᠣ ᠨᠠᠶᠢᠭᠤᠭᠰᠠᠨ ᠬᠤᠯᠣᠰᠲᠣ ᠶᠢᠨ ᠴᠦᠬᠦᠷᠦᠮ᠂ ᠬᠦᠬᠡ ᠣᠭᠲᠠᠷᠭᠤᠢ ᠳᠤ ᠳᠡᠭᠦᠯᠢᠨ ᠨᠢᠰᠬᠦ ᠬᠠᠯᠢᠭᠤᠨ ᠭᠠᠯᠠᠭᠤ ᠪᠠ ᠲᠣᠩ ᠴᠠᠭᠠᠨ ᠬᠤᠨ ᠭᠠᠯᠠᠭᠤ᠂ ᠦᠩᠭᠡ ᠪᠣᠳᠤᠭ ᠢᠯᠭᠠᠷᠠᠭᠰᠠᠨ ᠮᠠᠨᠣ ᠴᠢᠯᠠᠭᠤ᠂ ᠪᠠᠰᠠ ᠲᠠᠷᠬᠠᠨ ᠪᠡᠯᠴᠢᠭᠰᠡᠨ ᠬᠤᠨᠢᠨ ᠰᠦᠷᠦᠭ᠂ ᠳᠡᠭᠦᠯᠢᠨ ᠲᠠᠪᠬᠢᠵᠣ ᠪᠠᠶᠢᠭ᠎ᠠ ᠠᠵᠢᠨᠠᠢ  ᠬᠦᠯᠦᠭ᠂᠂ ᠮᠣᠷᠢᠨ ᠲᠡᠷᠭᠡ᠂ ᠮᠣᠩᠭᠤᠯ ᠭᠡᠷ᠂ ᠠᠮᠲᠠᠲᠠᠢ ᠮᠢᠬ᠎ᠠ ᠬᠢᠭᠡᠳ ᠴᠠᠭᠠᠪᠣᠷ ᠵᠠᠩ ᠲᠠᠢ ᠣᠮᠣᠳᠯᠠᠩ ᠪᠠᠷᠭᠤ ᠮᠠᠯᠴᠢᠳ ᠲᠠᠢ ᠨᠢᠭᠡᠨ ᠴᠣᠭᠴᠠ ᠲᠠᠩᠰᠤᠭ ᠰᠠᠶᠢᠬᠠᠨ ᠵᠢᠷᠤᠭ ᠢ ᠢᠯᠡᠷᠡᠭᠦᠯᠦᠨ᠎ᠡ᠃ ᠲᠠᠩᠰᠤᠭ ᠰᠠᠶᠢᠬᠠᠨ ᠦᠩᠭᠡ ᠦᠵᠡᠮᠵᠢ᠂ ᠡᠶᠡᠯᠰᠦᠭ ᠲᠣᠳᠣᠨᠣ ᠵᠣᠨ ᠲᠦᠮᠡᠨ ᠤ ᠦᠨᠳᠦᠰᠦᠳᠡᠨ ᠤ ᠵᠠᠩ ᠵᠠᠩᠰᠢᠯ ᠨᠢ ᠭᠦᠭᠵᠢᠶᠡᠨ ᠨᠠᠷᠭᠢᠶᠠᠨ ᠲᠠᠢ ᠶᠡᠭᠡ ᠬᠤᠳᠠ ᠳᠤ ᠣᠯᠳᠠᠬᠤ ᠦᠭᠡᠢ ᠰᠡᠯᠡᠭᠦᠨ ᠰᠢᠨ᠎ᠡ ᠰᠣᠷᠭᠤᠭ ᠠᠭᠤᠷ ᠠᠮᠢᠰᠬᠤᠯ ᠢ ᠲᠠᠨ ᠳᠤ ᠬᠦᠷᠳᠡᠬᠡᠨ᠎ᠡ᠃     ᠣᠳᠣᠬᠠᠨ ᠳᠤ ᠵᠢᠭᠤᠯᠴᠢᠯᠠᠯ ᠤᠨ ᠦᠵᠡᠮᠵᠢᠲᠦ ᠣᠷᠣᠨ ᠨᠢ ᠶᠡᠭᠡ ᠣᠷᠳᠣᠨ ᠮᠠᠵᠢᠭ ᠤᠨ ᠮᠣᠩᠭᠤᠯ ᠠᠶᠢᠯ᠂ ᠬᠦᠯᠦᠨ ᠠᠶᠢᠯ᠂ ᠸᠠᠩ ᠤᠨ ᠣᠷᠳᠣᠨ᠂ ᠲᠠᠯᠠᠢ ᠨᠠᠭᠤᠷ ᠤᠨ ᠵᠠᠩ ᠦᠢᠯᠡ ᠶᠢᠨ ᠵᠢᠭᠤᠯᠴᠢᠯᠠᠯ ᠤᠨ ᠴᠡᠭ᠂ ᠬᠦᠳᠡᠭᠡ  ᠶᠢᠨ ᠲᠠᠭᠤᠯᠠᠯ ᠲᠠᠯ᠎ᠠ ᠨᠣᠳᠤᠭ ᠤᠨ ᠠᠮᠠᠷᠠᠯᠳᠠ ᠶᠢᠨ ᠲᠣᠰᠬᠤᠨ ᠵᠡᠷᠭᠡ ᠲᠠᠪᠣᠨ ᠵᠣᠭᠠᠴᠠᠯ ᠤᠨ ᠵᠣᠴᠢᠯᠠᠬᠤ ᠭᠠᠵᠠᠷ ᠢ ᠨᠡᠭᠡᠭᠡᠵᠦ᠂ ᠦᠨᠳᠦᠰᠦᠳᠡᠨ ᠤ ᠬᠡᠪ ᠨᠠᠮᠪᠠ ᠲᠠᠢ ᠮᠣᠩᠭᠤᠯ ᠭᠡᠷ᠂ ᠡᠸᠦ᠋ᠷᠦᠫᠡ ᠮᠠᠶ᠋ᠢᠭ ᠤᠨ ᠮᠣᠬᠤᠯᠠᠭ᠂ 600 ᠲᠡᠭᠰᠢ ᠲᠦᠷᠪᠡᠯᠵᠢᠨ ᠮᠣᠩᠭᠤᠯ ᠭᠡᠷ ᠤᠨ ᠬᠡᠯᠪᠡᠷᠢᠲᠦ ᠤᠯᠠᠨ ᠬᠡᠷᠡᠭᠴᠡᠭᠡᠲᠦ ᠲᠢᠩᠭᠢᠮ᠂ ᠬᠤᠨᠣᠭᠯᠠᠬᠤ ᠮᠣᠩᠭᠤᠯ ᠭᠡᠷ ︵ᠡᠩ  ᠤᠨ ᠦᠷᠦᠭᠡ︶᠂120 ᠮᠧᠲᠷ ᠤᠨ ᠨᠠᠭᠤᠷ ᠤᠨ ᠬᠦᠪᠡᠭᠡᠨ ᠤ ᠣᠷᠳᠣ ᠬᠤᠩᠬᠢᠯ᠂ ᠪᠦᠷᠬᠦᠪᠴᠢ ᠪᠦᠳᠦᠴᠡ ᠲᠠᠢ ᠲᠣᠮᠣ ᠰᠡᠷᠢᠭᠦᠨ ᠲᠢᠩᠭᠢᠮ᠂ ᠮᠣᠷᠢ ᠣᠷᠣᠯᠳᠣᠬᠤ ᠲᠠᠯᠠᠪᠠᠢ ᠵᠡᠷᠬᠡ ᠳᠦᠬᠦᠭᠡᠷᠦᠮᠵᠢ ᠶᠢ ᠪᠦᠳᠦᠬᠡᠨ ᠪᠠᠶᠢᠭᠤᠯᠪᠠ᠃ ᠣᠮᠪᠠᠭ᠋ᠣ᠂ ᠣᠰᠣᠨ ᠳᠡᠭᠡᠷᠡᠬᠢ ᠵᠣᠭᠠᠴᠠᠯ ᠤᠨ ᠣᠩᠭᠤᠴᠠ᠂ ᠡᠯᠡᠰᠦᠨ ᠳᠡᠭᠡᠷᠡᠬᠢ ᠲᠡᠷᠭᠡ᠂ ᠮᠣᠷᠢ ᠣᠷᠣᠯᠳᠣᠬᠤ᠂ ᠮᠣᠷᠢᠨ ᠮᠡᠷᠭᠡᠵᠢᠯ᠂ ᠪᠦᠬᠡ ᠪᠠᠷᠢᠯᠳᠣᠬᠤ ᠵᠡᠷᠭᠡ ᠵᠤᠭ᠎ᠠ ᠴᠡᠩᠭᠡᠯ ᠤᠨ ᠲᠦᠷᠦᠯ ᠵᠦᠢᠯ ᠲᠠᠢ ᠪᠠᠶᠢᠳᠠᠭ᠃ ᠢᠳᠡᠬᠦ᠂ ᠰᠠᠭᠤᠬᠤ᠂ ᠶᠠᠪᠣᠬᠤ᠂ ᠣᠮᠪᠠᠭ᠋ᠣ᠂ ᠬᠤᠳᠠᠯᠳᠣᠨ ᠠᠪᠬᠤ᠂ ᠨᠠᠭᠠᠳᠬᠤ ᠵᠡᠷᠬᠡ ᠴᠢᠳᠠᠪᠬᠢᠲᠣ ᠠᠩᠬᠠᠨ ᠤ ᠬᠡᠪ ᠵᠠᠭᠪᠣᠷ ᠢ ᠪᠣᠢ ᠪᠣᠯᠭᠠᠵᠣ᠂ ᠨᠢᠭᠡ ᠯᠡ ᠣᠳᠠᠭ᠎ᠠ ᠳᠡᠭᠡᠷ᠎ᠡ1200 ᠬᠦᠮᠦᠨ ᠬᠤᠭᠤᠯᠠᠯᠯᠠᠵᠣ᠂ 200 ᠬᠦᠮᠦᠨ ᠬᠤᠨᠣᠵᠣ  ᠲᠡᠶᠢᠯᠳᠡᠭ᠃ ᠵᠢᠯ ᠪᠦᠷᠢ ᠶᠢᠨ ᠵᠣᠭᠠᠴᠠᠯ ᠤᠨ ᠬᠦᠭᠵᠢᠶᠡᠨᠲᠦ ᠣᠯᠠᠷᠢᠯ ᠤᠨ ᠦᠶ᠎ᠡ ᠳᠤ ᠠᠯᠲᠠᠨ ᠲᠠᠯᠠᠢ ᠶᠢᠨ ᠡᠷᠬᠢ  ᠶᠢᠨ ᠵᠣᠭᠠᠴᠠᠭᠰᠠᠳ ᠲᠠᠰᠣᠷᠠᠳᠠᠭ ᠦᠭᠡᠢ ᠪᠠᠶᠢᠳᠠᠭ ᠠᠴᠠ ᠨᠢᠭᠡᠨᠳᠡ ᠪᠦᠬᠦ ᠬᠤᠳᠠ ᠨᠡᠩ ᠴᠢᠨᠠᠭᠰᠢᠯᠠᠪᠠᠯ ᠪᠦᠬᠦ ᠣᠷᠣᠨ ᠤ ᠬᠠᠮᠤᠭ ᠤᠨ ᠠᠯᠲᠠᠷᠲᠠᠢ ᠰᠡᠯᠡᠭᠦᠴᠡᠯ ᠵᠣᠭᠠᠴᠠᠯ ᠤᠨ ᠣᠷᠣᠨ ᠤ ᠨᠢᠭᠡ ᠪᠣᠯᠵᠠᠢ᠃
 
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠵᠠᠰᠠᠭ ᠤᠨ ᠤᠷᠳᠤᠨ ᠤ ᠤᠷᠴᠢᠭᠤᠯᠭ᠎ᠠ ᠶᠢᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号