ᠬᠤᠪᠴᠠᠰᠤᠨ ᠤ ᠰᠢᠷᠠᠯᠠᠭᠰᠠᠨ ᠬᠡᠰᠡᠭ ᠢ ᠤᠬᠢᠶᠠᠬᠤ ᠠᠷᠭ᠎ᠠ
ᠨᠡᠶᠢᠲᠡᠯᠡᠭᠰᠡᠨ ᠴᠠᠭ᠄
2018/5/17
               1. ᠬᠤᠪᠴᠠᠰᠤᠨ ᠳᠡᠭᠡᠷ᠎ᠡ ᠲᠣᠰᠣ ᠦᠰᠦᠷᠦᠭᠰᠡᠨ ᠠᠴᠠ ᠪᠣᠯᠵᠤ ᠰᠢᠷᠠᠯᠠᠭᠰᠠᠨ ᠪᠣᠯ ᠤᠬᠢᠶᠠᠬᠤ ᠦᠶ᠎ᠡ ᠳᠤ ᠪᠠᠨ ᠢᠳᠡᠭᠡᠨ ᠤ ᠳᠠᠪᠤᠰᠤ ᠰᠠᠴᠤᠪᠠᠯ ᠠᠮᠠᠷᠬᠠᠨ ᠤᠬᠢᠶᠠᠵᠤ ᠭᠠᠷᠤᠨ᠎ᠠ᠃        2. ᠵᠠᠭᠠᠮ᠎ᠠ ᠰᠢᠷᠠᠯᠠᠪᠠᠯ᠂ ᠨᠢᠮᠪᠡᠭᠡ ᠶᠢᠨ ᠰᠢᠭᠦᠰᠦ ᠶᠢ ᠤᠷᠢᠳᠠᠪᠠᠷ ᠵᠠᠭᠠᠮ᠎ᠠ ᠳᠡᠭᠡᠷ᠎ᠡ ᠲᠦᠷᠬᠢᠵᠦ᠂ ᠳᠠᠬᠢᠨ ᠢᠳᠡᠭᠡᠨ ᠤ ᠳᠠᠪᠤᠰᠤ ᠲᠦᠷᠬᠢᠵᠦ᠂ ᠠᠷᠪᠠᠨ ᠮᠢᠨᠦ᠋ᠲ ᠤᠨ ᠳᠠᠷᠠᠭ᠎ᠠ ᠤᠬᠢᠶᠠᠪᠠᠯ ᠪᠣᠯᠴᠢᠬᠠᠨ᠎ᠠ᠃        3. ᠬᠦᠯᠦᠰᠦ ᠭᠠᠷᠤᠭᠰᠠᠨ ᠠᠴᠠ ᠪᠣᠯᠵᠤ ᠰᠢᠷᠠᠯᠠᠭᠰᠠᠨ ᠪᠣᠯ ᠼᠤᠤ ᠪᠠ ᠤᠰᠤ ᠶᠢ 1᠄ 1 ᠶᠢᠨ ᠬᠠᠷᠢᠴᠠᠯ ᠢᠶᠠᠷ ᠬᠢᠵᠦ᠂ 30 ᠮᠢᠨᠦ᠋ᠲ ᠤᠨ ᠲᠡᠪᠲᠦᠭᠡᠭᠰᠡᠨ ᠤ ᠳᠠᠷᠠᠭ᠎ᠠ ᠳᠠᠬᠢᠨ ᠬᠤᠪᠴᠠᠰᠤ ᠤᠬᠢᠶᠠᠬᠤ ᠡᠳ᠋ ᠬᠢᠵᠦ ᠨᠤᠬᠤᠯᠠᠨ ᠤᠬᠢᠶᠠᠨ᠎ᠠ᠃        4. ᠬᠤᠪᠴᠠᠰᠤᠨ ᠳᠡᠭᠡᠷ᠎ᠡ ᠵᠢᠶᠠᠩᠶ᠋ᠢᠦ ᠠᠰᠬᠠᠭᠰᠠᠨ ᠠᠴᠠ ᠪᠣᠯᠵᠤ ᠰᠢᠷᠠᠯᠠᠭᠰᠠᠨ ᠪᠣᠯ ᠬᠤᠶᠠᠷ ᠠᠷᠭ᠎ᠠ ᠪᠣᠢ᠄ ᠨᠢᠭᠡ ᠳᠤ᠂ ᠰᠢᠷᠠᠯᠠᠭᠰᠠᠨ ᠬᠡᠰᠡᠭ ᠲᠤ ᠴᠠᠭᠠᠨ ᠰᠢᠬᠢᠷ ᠲᠦᠷᠬᠢᠵᠦ᠂ ᠵᠢᠶᠠᠩᠶ᠋ᠢᠦ ᠶᠢᠨ ᠭᠬᠢᠷ ᠪᠤᠷᠲᠠᠭ ᠢ ᠰᠢᠩᠭᠡᠭᠡᠨ ᠠᠪᠤᠨ᠎ᠠ᠃ ᠬᠤᠶᠠᠷ ᠲᠤ᠂ ᠪᠠᠭ᠎ᠠ ᠰᠦᠳᠠ ᠶᠢᠨ ᠨᠤᠨᠲᠠᠭ ᠢ ᠰᠢᠷᠠᠯᠠᠭᠰᠠᠨ ᠬᠡᠰᠡᠭ ᠲᠤ ᠲᠦᠷᠬᠢᠨ ᠤᠬᠢᠶᠠᠨ᠎ᠠ᠃ ᠡᠭᠦᠨ ᠳᠤ ᠵᠢᠶᠠᠩᠶ᠋ᠢᠦ ᠬᠤᠪᠴᠠᠰᠤᠨ ᠳᠡᠭᠡᠷ᠎ᠡ ᠬᠦᠷᠦᠭᠰᠡᠨ ᠳᠠᠷᠤᠢ ᠳᠤ ᠨᠢ ᠤᠬᠢᠶᠠᠪᠠᠯ ᠬᠠᠮᠤᠭ ᠤᠨ ᠰᠠᠶᠢᠨ᠃        5. ᠬᠤᠪᠴᠠᠰᠤ ᠨᠡᠶᠢᠳᠡᠮ ᠳᠡᠭᠡᠨ ᠰᠢᠷᠠᠯᠠᠭᠰᠠᠨ ᠪᠣᠯ ᠠᠰᠫᠢᠷᠢᠨ ᠠᠴᠠ 3 - 4 ᠮᠦᠬᠦᠯᠢᠭ ᠠᠪᠴᠤ ᠬᠤᠪᠴᠠᠰᠤ ᠤᠬᠢᠶᠠᠬᠤ ᠮᠠᠰᠢᠨ ᠳᠤ ᠬᠢᠵᠦ ᠬᠤᠪᠴᠠᠰᠤ ᠪᠠᠨ ᠤᠬᠢᠶᠠᠵᠤ ᠪᠣᠯᠣᠨ᠎ᠠ᠃ ᠡᠰᠡᠪᠡᠯ ᠠᠰᠫᠢᠷᠢᠨ ᠢ ᠤᠰᠤ ᠳᠤ ᠠᠭᠤᠰᠤᠭᠤᠯᠵᠦ᠂ ᠳᠠᠬᠢᠨ ᠬᠤᠪᠴᠠᠰᠤᠨ ᠤ ᠭᠬᠢᠷ ᠪᠤᠷᠲᠠᠭ ᠲᠠᠢ ᠬᠡᠰᠡᠭ ᠲᠤ ᠲᠦᠷᠬᠢᠨ ᠤᠬᠢᠶᠠᠨ᠎ᠠ᠃
 
ᠢᠷᠡᠯᠲᠡ᠄ ᠦᠪᠦᠷ ᠮᠣᠩᠭᠤᠯ ᠤᠨ ᠠᠮᠢᠳᠤᠷᠠᠯ ᠭᠠᠷᠠᠭ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号