ᠪᠠᠷᠭᠤ ᠮᠠᠯᠴᠢᠳ ᠤᠨ ᠭᠡᠷ ᠤᠨ ᠰᠤᠷᠭᠠᠯ
ᠨᠡᠶᠢᠲᠡᠯᠡᠭᠰᠡᠨ ᠴᠠᠭ᠄
2018/8/16
     ᠭᠡᠷ ᠤᠨ ᠰᠤᠷᠭᠠᠯ ᠪᠤᠯ ᠠᠩᠬᠠᠨ ᠤ ᠬᠦᠮᠤᠵᠢᠯ ᠮᠦᠨ᠃ ᠮᠦᠨ ᠴᠤ ᠨᠢᠭᠡ ᠬᠦᠮᠤᠨ ᠤ ᠨᠠᠰᠤᠨ ᠲᠤᠷᠰᠢᠬᠢ ᠦᠢᠯᠡ ᠠᠵᠢᠯᠯᠠᠭᠠᠨ ᠤ ᠡᠬᠢᠯᠡᠯᠳᠠ ᠶᠢᠨ ᠴᠡᠭ ᠮᠦᠨ᠃ ᠡᠶᠢᠮᠤ ᠠᠴᠠ ᠪᠠᠷᠭᠤ ᠮᠠᠯᠴᠢᠳ ᠡᠷᠳᠡ ᠲᠡᠭᠡᠳᠤ ᠦᠶ᠎ᠠ ᠠᠴᠠ ᠠᠪᠤᠭᠠᠳ᠂ ᠭᠡᠷ ᠤᠨ ᠰᠤᠷᠭᠠᠯ ᠢ ᠡᠷᠬᠢᠮᠯᠡᠨ ᠬᠦᠡᠳᠤᠳᠭᠡᠭᠰᠡᠭᠡᠷ ᠢᠷᠡᠭᠰᠡᠨ ᠶᠤᠮ᠃ ᠪᠠᠷᠭᠤ ᠮᠠᠯᠴᠢᠳ ᠦᠪᠡᠷᠰᠡᠳ ᠤᠨ ᠦᠷ᠎ᠠ ᠭᠡᠤᠭᠡᠳ ᠢᠶᠠᠨ᠂ ᠰᠤᠶᠤᠯ ᠪᠤᠯᠪᠠᠰᠤᠷᠠᠯ ᠲᠠᠢ᠂ ᠮᠠᠯᠴᠢᠨ ᠠᠮᠢᠳᠤᠷᠠᠬᠤ ᠮᠠᠳᠡᠯᠭᠡ ᠮᠠᠷᠭᠡᠵᠢᠯ ᠲᠠᠢ᠂ ᠦᠡᠳᠤᠰᠤᠳᠡᠨ ᠤᠭᠰᠠᠭᠠᠳᠠᠨ ᠤ ᠪᠠᠨ ᠶᠤᠰᠤ ᠰᠤᠷᠳᠠᠬᠤᠨ ᠢ ᠤᠢᠢᠯᠠᠭᠠᠵᠤ ᠪᠠᠷᠢᠮᠳᠠᠯᠠᠳᠠᠭ᠂ ︽ᠤᠯᠤᠰ ᠲᠤ ᠭᠡᠷᠡᠭᠴᠡᠭᠡ ᠲᠠᠢ᠂ ᠠᠷᠠᠳ ᠲᠤ ᠲᠤᠰᠠᠳᠠᠢ᠂ ᠡᠴᠢᠭᠡ ᠡᠭᠡ ᠳᠡᠭᠡᠨ ᠠᠴᠢᠯᠠᠯᠳᠠᠢ ᠬᠦᠮᠤᠨ︾ ᠪᠤᠯᠭᠠᠨ ᠬᠦᠮᠤᠵᠢᠬᠦᠯᠬᠦ ᠪᠠᠷ ᠵᠤᠷᠢᠯᠳᠠ ᠪᠠᠨ ᠪᠤᠯᠭᠠᠳᠠᠭ᠃ ᠡᠨᠡ ᠪᠤᠯ ᠠᠯᠢ ᠴᠤ ᠠᠶᠢᠯ ᠭᠡᠷ ᠪᠥᠯᠢ ᠶᠢᠨ ᠨᠠᠶᠢᠳᠠᠮ ᠪᠠᠷᠢᠮᠳᠠᠯᠠᠭᠰᠠᠭᠠᠷ ᠢᠷᠡᠭᠰᠡᠨ ᠤᠳᠤᠮᠰᠢᠯᠳᠤ ᠵᠠᠩ ᠲᠠᠳᠬᠠᠯ ᠪᠤᠯᠤᠨ᠎ᠠ᠃      ᠪᠠᠷᠭᠤ ᠮᠠᠯᠴᠢᠳ᠂ ᠲᠠᠤᠭᠡ ᠠᠴᠠ ᠪᠠᠨ ᠠᠪᠤᠭᠠᠳ ᠮᠠᠯ ᠠᠵᠤ ᠠᠬᠤᠢ ᠡᠷᠬᠢᠯᠡᠵᠤ᠂ ᠨᠡᠬᠦᠳᠡᠯᠯᠡᠨ ᠮᠠᠯᠵᠢᠭᠰᠠᠭᠠᠷ ᠢᠷᠡᠭᠰᠡᠨ ᠲᠤᠯᠠ ᠲᠠᠳᠠ ᠨᠠᠷ ᠤᠨ ᠦᠷ᠎ᠠ ᠭᠡᠤᠭᠡᠳ ᠢᠶᠠᠨ ᠰᠤᠷᠭᠠᠨ ᠬᠦᠮᠤᠵᠢᠬᠦᠯᠬᠦ ᠬᠠᠨᠳᠤᠰᠢ᠂ ᠠᠭᠤᠯᠭ᠎ᠠ᠂ ᠠᠷᠭ᠎ᠠ ᠪᠠᠷᠢᠯ ᠨᠢ ᠪᠤᠰᠤᠳ ᠦᠡᠳᠤᠰᠤᠳᠡᠨ᠂ ᠪᠤᠰᠤᠳ ᠭᠠᠵᠠᠷ ᠤᠷᠤᠨ ᠲᠠᠢ ᠠᠳᠠᠯᠢᠳᠬᠠᠪᠡᠯ ᠠᠳᠠᠯᠢ ᠪᠤᠰᠤ ᠦᠪᠡᠷ ᠤᠨ ᠬᠢᠨᠢ ᠦᠪᠡᠷᠮᠢᠴᠡ ᠤᠡᠴᠠᠯᠢᠭ ᠲᠠᠢ ᠪᠠᠶᠢᠳᠠᠭ᠃ ᠲᠠᠳᠠ ᠨᠠᠷ ᠦᠪᠡᠷᠰᠡᠳ ᠤᠨ ᠡᠵᠡᠩᠨᠡᠨ ᠡᠷᠬᠢᠯᠡᠵᠤ ᠪᠠᠶᠢᠭ᠎ᠠ ᠦᠢᠯᠡᠳᠪᠤᠷᠢᠯᠡᠯ᠂ ᠠᠮᠢᠳᠤᠷᠠᠯ ᠤᠨ ᠪᠤᠳᠠᠳᠠᠢ ᠠᠴᠠ ᠡᠬᠦᠰᠴᠤ᠂ ᠲᠠᠬᠦᠨ ᠤ ᠪᠠᠨ ᠭᠡᠷᠡᠭᠴᠡᠭᠡ ᠪᠤᠯᠤᠨ ᠱᠠᠭᠠᠷᠳᠠᠯᠭ᠎ᠠ ᠳᠤ ᠵᠤᠬᠢᠴᠠᠭᠤᠯᠤᠨ᠂ ᠭᠡᠤᠭᠡᠳ ᠢ ᠭᠤᠤᠯᠳᠠᠭᠤ ᠮᠠᠯ ᠮᠠᠯᠵᠢᠬᠤ᠂ ᠨᠡᠬᠦᠳᠡᠯ ᠠᠮᠢᠳᠤᠷᠠᠯ ᠬᠢᠬᠦ ᠠᠷᠭ᠎ᠠ ᠮᠡᠳᠡᠯᠭᠡ ᠠᠴᠠ ᠡᠬᠢᠯᠡᠨ ᠰᠤᠷᠭᠠᠳᠠᠭ ᠪᠠᠶᠢᠨ᠎ᠠ᠃ ᠭᠡᠤᠭᠡᠳ ᠢ ᠪᠠᠭ᠎ᠠ ᠠᠴᠠ ᠨᠢ ᠰᠤᠷᠭᠠᠵᠤ᠂ ︽ᠨᠠᠶᠢᠭᠡᠮ ᠳᠤ ᠭᠡᠷᠡᠭᠴᠡᠭᠡ ᠲᠠᠢ ᠬᠦᠮᠤᠨ︾ ᠪᠤᠯᠭᠠᠨ ᠬᠦᠮᠤᠵᠢᠬᠦᠯᠬᠦ ᠶᠠᠪᠤᠳᠠᠯ ᠨᠢ ᠨᠠᠶᠢᠭᠡᠮ ᠤᠨ ᠪᠥᠬᠦ ᠲᠠᠯ᠎ᠠ ᠳᠤ ᠬᠤᠯᠪᠤᠭᠳᠠᠬᠤ ᠲᠤᠯᠠ ᠵᠢᠭᠠᠨ ᠰᠤᠷᠭᠠᠬᠤ ᠪᠤᠳᠠᠳᠠᠢ ᠠᠭᠤᠯᠭ᠎ᠠ ᠶᠢᠨ ᠲᠠᠯ᠎ᠠ ᠠᠴᠠ ᠭᠡᠯᠡᠪᠡᠯ᠂ ᠶᠡᠭᠡ ᠲᠦᠯᠦᠪ᠄ ᠮᠠᠯ ᠮᠠᠯᠵᠢᠯ ᠤᠨ ᠰᠤᠷᠭᠠᠯ᠂ ᠪᠢᠴᠢᠭ ᠰᠤᠶᠤᠯ ᠤᠨ ᠰᠤᠷᠭᠠᠯ᠂ ᠠᠵᠤ ᠠᠮᠢᠳᠤᠷᠠᠯ ᠤᠨ ᠰᠤᠷᠭᠠᠯ᠂ ᠤᠷᠴᠢᠨ ᠠᠬᠤᠢ ᠶᠢᠨ ᠰᠤᠷᠭᠠᠯ᠂ ᠶᠤᠰᠤ ᠰᠤᠷᠳᠠᠬᠤᠨ ᠤ ᠰᠤᠷᠭᠠᠯ᠂ ᠬᠠᠤᠯᠢ ᠲᠥᠷᠢᠮ ᠤᠨ ᠰᠤᠷᠭᠠᠯ᠂ ᠬᠦᠮᠤᠰ ᠤᠨ ᠬᠠᠷᠢᠯᠴᠠᠭᠠᠨ ᠤ ᠰᠤᠷᠭᠠᠯ ᠭᠡᠬᠦ ᠮᠡᠳᠤᠴᠢᠯᠡᠨ ᠨᠠᠩ ᠨᠠᠷᠢᠯᠢᠭ ᠰᠢᠬ ᠬᠤᠪᠢᠶᠠᠨ ᠢᠯᠭᠠᠪᠤᠷᠢᠯᠠᠵᠤ ᠪᠤᠯᠳᠠᠭ᠃ ᠮᠦᠨ ᠴᠤ ᠬᠦᠮᠤᠰ ᠤᠨ ᠴᠢᠨᠠᠷ ᠤᠨ ᠢᠯᠭᠠᠯ ᠠᠴᠠ ᠪᠤᠯᠵᠤ᠂ ᠡᠷᠡᠭᠳᠡᠢ ᠡᠮᠡᠭᠳᠡᠢ ᠭᠡᠤᠭᠡᠳ ᠲᠤ ᠠᠳᠠᠯᠢ ᠪᠤᠰᠤ ᠬᠠᠨᠳᠤᠰᠢ ᠪᠠᠷ ᠵᠢᠭᠠᠨ ᠰᠤᠷᠭᠠᠳᠠᠭ ᠪᠠᠶᠢᠨ᠎ᠠ᠃ ᠡᠶᠢᠮᠤ ᠠᠴᠠ ᠤᠳᠤ ᠪᠢ ᠡᠨᠡ ᠭᠡᠳᠤᠨ ᠲᠠᠯ᠎ᠠ ᠪᠠᠷ ᠭᠤᠤᠯ ᠰᠥᠪᠡᠭᠴᠢ ᠪᠤᠯᠭᠠᠵᠤ᠂ ᠪᠠᠷᠭᠤ ᠮᠠᠯᠴᠢᠳ ᠤᠨ ᠦᠷ᠎ᠠ ᠭᠡᠤᠭᠡᠳ ᠢᠶᠠᠨ ᠰᠤᠷᠭᠠᠨ ᠬᠦᠮᠤᠵᠢᠬᠦᠯᠵᠤ ᠢᠷᠡᠭᠰᠡᠨ ᠪᠠᠶᠢᠳᠠᠯ ᠢ ᠲᠤᠤᠷᠠᠬᠢ ᠮᠡᠳᠤ ᠲᠤᠪᠴᠢ ᠪᠠᠷ ᠦᠬᠦᠯᠡᠰᠥᠭᠡᠢ︕      ᠨᠢᠭᠡ᠂ ᠪᠠᠷᠭᠤ ᠮᠠᠯᠴᠢᠳ ᠭᠡᠤᠭᠡᠳ ᠢᠶᠠᠨ ᠬᠠᠷᠠᠬᠠᠨ ᠪᠠᠭ᠎ᠠ ᠠᠴᠠ ᠨᠢ ᠬᠤᠷᠠᠭ᠎ᠠ ᠢᠰᠢᠭᠡ ᠵᠦᠭᠡᠭᠡᠯᠭᠡᠬᠦ᠂ ᠨᠢᠳᠤᠯᠡᠬᠦᠯᠬᠦ᠂ ᠤᠭᠵᠢᠬᠤ ᠵᠠᠷᠭᠡ ᠪᠠᠷ ᠮᠠᠯ ᠳᠤ ᠲᠠᠰᠬᠠᠵᠤ᠂ ᠴᠢᠨᠠᠭᠰᠢᠳᠠ ᠮᠠᠯ ᠤᠨ ᠢᠮ ᠲᠠᠮᠠᠭ᠎ᠠ ᠪᠤᠯᠤᠨ ᠲᠦᠷᠥᠭᠰᠡᠨ ᠦᠡᠭᠭᠡ ᠵᠢᠰᠤ᠂ ᠤᠡᠴᠠᠯᠢᠭ ᠢ ᠮᠡᠳᠡᠬᠦᠯᠵᠤ᠂ ᠦᠪᠡᠷ ᠲᠤᠨᠢ ᠬᠤᠪᠢᠯᠠᠵᠤ ᠦᠭᠬᠦᠭᠰᠡᠨ ᠮᠠᠯ ᠢ ᠦᠪᠡᠷ ᠢᠶᠠᠷ ᠨᠢ ᠲᠠᠵᠢᠭᠡᠯᠭᠡᠬᠦ᠂ ᠠᠷᠠᠴᠢᠯᠠᠭᠤᠯᠬᠤ ᠵᠠᠷᠭᠡ ᠶᠠᠪᠤᠳᠠᠯ ᠢᠶᠠᠷ ᠲᠠᠮᠵᠢᠭᠤᠯᠤᠨ ᠠᠯᠬᠤᠮ ᠠᠯᠬᠤᠮ ᠢᠶᠠᠷ ᠮᠠᠯ ᠳᠤ ᠬᠦᠨ ᠵᠤᠵᠠᠭᠠᠨ ᠬᠠᠶᠢᠷ᠎ᠠ ᠰᠠᠳᠬᠢᠯᠭᠡ ᠲᠠᠢ ᠪᠤᠯᠭᠠᠨ ᠬᠦᠮᠤᠵᠢᠬᠦᠯᠳᠡᠭ᠃ ᠭᠡᠤᠭᠡᠳ ᠢᠶᠠᠷ ᠮᠤᠷᠢ ᠪᠠᠷᠢᠵᠤ ᠲᠠᠯᠪᠢᠬᠤ᠂ ᠲᠤᠭᠤᠯ ᠤᠰᠤᠯᠠᠬᠤ᠂ ᠦᠳᠤ ᠲᠤᠭᠤᠯ ᠬᠠᠷᠠᠭᠤᠯᠬᠤ᠂ ᠦᠨᠢᠶ᠎ᠠ ᠢᠪᠢᠯᠡᠬᠦᠯᠬᠦ᠂ ᠮᠠᠯ ᠪᠤᠴᠠᠭᠠᠬᠤ᠂ ᠬᠤᠳᠠ ᠬᠤᠷᠢᠶ᠎ᠠ ᠴᠡᠪᠡᠷᠯᠡᠬᠦ ᠵᠡᠷᠭᠡ ᠠᠵᠢᠯ ᠢ ᠪᠠᠶᠢᠡᠭᠭᠤ ᠬᠢᠯᠭᠡᠵᠤ᠂ ᠪᠠᠭ᠎ᠠ ᠠᠴᠠ ᠨᠢ ᠮᠠᠯ ᠠᠵᠤ ᠠᠬᠤᠢ ᠶᠢᠨ ᠦᠡᠳᠤᠰᠤᠨ ᠮᠡᠳᠡᠯᠭᠡ ᠮᠠᠷᠭᠡᠵᠢᠯ ᠲᠠᠢ ᠪᠤᠯᠭᠠᠬᠤ ᠶᠢ ᠡᠷᠬᠢᠮᠯᠡᠳᠡᠭ᠃ ᠭᠡᠤᠭᠡᠳ ᠢ ᠪᠠᠭ᠎ᠠ ᠠᠴᠠ ᠨᠢ ᠮᠤᠷᠢ ᠤᠨᠤᠭᠤᠯᠵᠤ ᠰᠤᠷᠭᠠᠨ᠂ ᠠᠷᠪᠠᠭᠠᠳ ᠨᠠᠰᠤᠳᠡᠢ ᠪᠤᠯᠤᠮᠠᠭᠴᠠ ᠬᠦᠤ᠂ ᠭᠡᠤᠭᠡᠨ ᠢᠯᠭᠠᠯ ᠦᠭᠡᠢ ᠤᠷᠤᠯᠳᠤᠭᠠᠨ ᠤ ᠮᠤᠷᠢ ᠤᠨᠤᠵᠤ ᠴᠢᠳᠠᠬᠤ ᠪᠤᠯᠳᠠᠭ᠃ ᠭᠡᠤᠭᠡᠳ ᠢ ᠪᠠᠭ᠎ᠠ ᠠᠴᠠ ᠨᠢ ᠡᠷᠳᠡ ᠪᠤᠰᠬᠠᠨ ᠰᠤᠷᠭᠠᠵᠤ᠂ ᠤᠡᠳᠠᠩᠬᠠᠢ ᠪᠤᠯᠬᠤ ᠠᠴᠠ ᠰᠠᠷᠭᠡᠶᠢᠯᠡᠳᠡᠭ᠃ ᠡᠷᠳᠡ ᠪᠤᠰᠤᠮᠠᠭᠴᠠ ᠭᠠᠳᠠᠨ᠎ᠠ ᠭᠠᠷᠭᠠᠵᠤ᠂ ︽ᠰᠠᠯᠬᠢ ᠬᠠᠮᠢᠭ᠎ᠠ ᠠᠴᠠ ᠪᠠᠶᠢᠬᠤ︾᠂ ︽ᠲᠡᠭᠷᠢ ᠡᠬᠦᠯᠡ ᠲᠠᠢ ᠪᠠᠶᠢᠬᠤ ᠡᠰᠡᠬᠦ︾᠂ ︽ᠬᠡᠷᠥᠭᠡ ᠲᠠᠢ ᠮᠤᠷᠢ ᠬᠠᠮᠢᠭ᠎ᠠ ᠪᠠᠶᠢᠬᠤ︾᠂ ︽ᠦᠭᠡᠷ ᠬᠠᠮᠢᠭᠠᠰᠢ ᠪᠠᠨ ᠪᠠᠯᠴᠢᠭᠰᠡᠨ︾ ᠵᠠᠷᠭᠡ ᠶᠢ ᠠᠰᠠᠭᠤᠵᠤ᠂ ᠭᠡᠤᠭᠡᠳ ᠢ ᠪᠠᠭ᠎ᠠ ᠠᠴᠠ ᠨᠢ ᠪᠠᠶᠢᠭᠠᠯᠢ ᠶᠢᠨ ᠪᠠᠶᠢᠳᠠᠯ ᠢ ᠠᠵᠢᠭᠯᠠᠨ ᠰᠢᠡᠵᠢᠯᠡᠬᠦ᠂ ᠠᠳᠤᠭᠤ ᠮᠠᠯ ᠳᠠᠭᠠᠨ ᠬᠠᠷᠢᠭᠤᠴᠠᠯᠭᠠᠳᠤ ᠰᠠᠳᠬᠢᠯᠭᠡ ᠲᠠᠢ ᠪᠤᠯᠭᠠᠬᠤ ᠶᠢ ᠤᠡᠴᠠ ᠠᠩᠬᠠᠷᠳᠠᠭ᠃      ᠬᠤᠶᠠᠷ᠂ ᠪᠠᠷᠭᠤ ᠮᠠᠯᠴᠢᠳ ᠬᠦᠤ ᠪᠠᠨ ᠲᠤᠯᠤᠭᠠᠨ ᠨᠠᠰᠤ ᠬᠦᠷᠥᠮᠡᠭᠴᠡ ᠭᠡᠷ ᠤᠨ ᠤᠢᠢᠷᠠᠯᠴᠠᠭ᠎ᠠ ᠪᠠᠶᠢᠬᠤ ᠪᠢᠴᠢᠭ ᠰᠤᠶᠤᠯ ᠲᠠᠢ᠂ ᠨᠠᠶᠢᠭᠡᠮ ᠳᠤ ᠬᠦᠡᠳᠤᠳᠡᠢ ᠬᠦᠮᠤᠨ ᠢ ᠰᠤᠩᠭᠤᠵᠤ ᠪᠠᠭᠰᠢ ᠪᠤᠯᠭᠠᠨ᠂ ᠬᠠᠳᠠᠭ ᠪᠠᠷᠢᠵᠤ ᠭᠠᠷ ᠤᠨ ᠪᠡᠯᠡᠭ ᠬᠦᠷᠭᠡᠨ᠂ ᠭᠡᠤᠭᠡᠳ ᠢᠶᠠᠨ ᠮᠦᠷᠬᠦᠬᠦᠯᠵᠤ᠂ ᠪᠢᠴᠢᠭ ᠵᠢᠭᠠᠯᠭᠠᠨ ᠡᠬᠢᠯᠡᠳᠡᠭ᠃ ᠡᠨᠡ ᠬᠦ ᠭᠡᠷ ᠤᠨ ᠪᠠᠭᠰᠢ ᠨᠢ ᠦᠡᠭᠭᠡᠷᠡᠭᠰᠡᠨ ᠳᠤ ᠮᠠᠡᠵᠤ ᠪᠢᠴᠢᠭ ᠵᠢᠭᠠᠳᠠᠭ ᠪᠠᠶᠢᠭᠰᠠᠨ ᠢᠶᠠᠨ ᠪᠠᠷᠤᠭ ᠬᠤᠷᠢᠳᠤᠭᠠᠷ ᠵᠠᠭᠤᠨ ᠤ ᠭᠤᠴᠢᠭᠠᠳ ᠤᠨ ᠠᠴᠠ ᠡᠬᠢᠯᠡᠨ ᠮᠤᠩᠭᠤᠯ ᠪᠢᠴᠢᠭ ᠵᠢᠭᠠᠬᠤ ᠪᠤᠯᠤᠭᠰᠠᠨ ᠶᠤᠮ᠃ ᠭᠡᠤᠭᠡᠳ ᠡᠳᠤᠷ ᠪᠥᠷᠢ ᠪᠢᠴᠢᠭ ᠪᠤᠯᠤᠨ ᠵᠢᠵᠢᠭ ᠬᠠᠪᠳᠠᠰᠤ ᠪᠠᠷ ᠬᠢᠭᠰᠡᠨ ᠦᠨᠡᠰᠤᠨ ᠰᠠᠮᠪᠠᠷ᠎ᠠ ᠪᠠᠨ ᠠᠪᠴᠤ᠂ ᠮᠤᠷᠢ ᠪᠠᠷ ᠪᠠᠭᠰᠢ ᠶᠢᠨ ᠢᠶᠠᠨ ᠭᠡᠷ ᠲᠤ ᠬᠦᠷᠴᠤ᠂ ᠤᠷᠢᠳᠠ ᠡᠳᠤᠷ ᠤᠨ ᠵᠢᠭᠠᠭᠰᠠᠨ ᠦᠰᠥᠭ ᠢ ᠤᠡᠭᠰᠢᠵᠤ᠂ ᠪᠢᠴᠢᠵᠤ ᠦᠭᠬᠦᠨ᠂ ᠪᠠᠭᠰᠢ ᠶᠢᠨ ᠰᠢᠯᠭᠠᠯᠳᠠ ᠶᠢ ᠦᠡᠭᠭᠡᠷᠡᠭᠰᠡᠨ ᠤ ᠲᠠᠷᠠᠭ᠎ᠠ᠂ ᠲᠠᠬᠢᠨ ᠰᠢᠨ᠎ᠠ ᠦᠰᠦᠭ ᠢ ᠵᠠᠯᠭᠠᠨ ᠵᠢᠭᠠᠳᠠᠭ ᠪᠠᠶᠢᠪᠡ᠃ ᠡᠨᠡ ᠮᠡᠳᠤ ᠪᠠᠷ ᠠᠬᠢᠨ ᠲᠠᠬᠢᠨ ᠲᠠᠪᠳᠠᠵᠤ᠂ ᠬᠤᠨᠤᠭ ᠤᠨ ᠤᠷᠳᠤ᠂ ᠡᠳᠤᠷ ᠤᠨ ᠤᠳᠠᠭᠠᠨ ᠳᠠᠭᠠᠨ ᠰᠤᠶᠤᠯ ᠤᠨ ᠵᠠᠮ ᠮᠦᠷ ᠢᠶᠠᠨ ᠤᠯᠳᠠᠭ ᠪᠠᠶᠢᠨ᠎ᠠ᠃ ᠠᠩᠬᠠᠨ ᠤ ᠠ ᠦᠰᠥᠭ ᠵᠢᠭᠠᠭᠰᠠᠨ ᠪᠠᠭᠰᠢ ᠪᠠᠨ ᠠᠪᠤ ᠡᠵᠢ ᠲᠠᠢ ᠪᠠᠨ ᠠᠳᠠᠯᠢ ᠪᠠᠷ ᠬᠦᠡᠳᠤᠳᠭᠡᠨ ᠦᠵᠡᠵᠤ᠂ ᠵᠢᠯ ᠴᠠᠭᠠᠨ ᠰᠠᠷ᠎ᠠ ᠳᠤ ᠤᠷᠢᠳᠠᠪᠠᠷ ᠤᠴᠢᠵᠤ ᠵᠤᠯᠭᠠᠳᠠᠭ ᠪᠥᠭᠡᠳ ᠪᠠᠶᠠᠷ ᠲᠤᠷᠠᠰᠬᠠᠯ ᠤᠨ ᠡᠳᠤᠷ ᠡᠷᠬᠢᠨ ᠦᠵᠡᠵᠤ ᠪᠤᠯᠭᠤᠭᠠᠨ ᠲᠤᠬᠤᠨᠢᠭᠤᠯᠵᠤ᠂ ᠨᠠᠰᠤᠨ ᠲᠤᠷᠰᠢ ᠳᠠᠭᠠᠨ ᠮᠠᠷᠳᠠᠳᠠᠭ ᠦᠭᠡᠢ ᠶᠤᠰᠤᠳᠡᠢ ᠪᠢᠯᠡ ᠃ ᠭᠡᠷ ᠤᠨ ᠪᠠᠭᠰᠢ ᠠᠴᠠ ᠪᠢᠴᠢᠭ ᠰᠤᠷᠤᠭᠰᠠᠨ ᠬᠦᠮᠤᠰ ᠤᠨ ᠲᠤᠳᠤᠷ᠎ᠠ ᠠᠴᠠ ᠤᠯᠠᠨ ᠲᠤᠭᠠᠨ ᠤ ᠡᠷᠳᠡᠮᠳᠡᠨ ᠴᠢᠳᠠᠪᠤᠷᠢᠳᠠᠨ ᠴᠤᠯᠭᠤᠷᠠᠨ ᠭᠠᠷᠤᠭᠰᠠᠨ ᠶᠤᠮ᠃ ᠮᠤᠩᠭᠤᠯᠴᠤᠳ ᠰᠢᠷ᠎ᠠ ᠶᠢᠨ ᠱᠠᠰᠢᠨ ᠢ ᠰᠢᠳᠤᠬᠦ ᠪᠤᠯᠤᠭᠰᠠᠨ ᠠᠴᠠ ᠬᠤᠶᠢᠰᠢ᠂ ᠬᠤᠶᠠᠷ ᠬᠦᠤ ᠲᠠᠢ ᠠᠶᠢᠯ ᠪᠤᠯ ᠨᠢᠭᠡ ᠬᠦᠤ ᠪᠠᠨ ᠯᠠᠮᠠ ᠪᠤᠯᠭᠠᠬᠤ ᠱᠠᠭᠠᠷᠳᠠᠯᠭ᠎ᠠ ᠲᠠᠢ ᠪᠤᠯᠤᠭᠰᠠᠨ ᠲᠤᠯᠠ ᠰᠥᠮ᠎ᠠ ᠳᠤ ᠤᠴᠢᠵᠤ᠂ ᠬᠦᠤ ᠪᠠᠨ ᠪᠠᠭᠰᠢ ᠯᠠᠮᠠ ᠳᠤ ᠮᠦᠷᠬᠦᠬᠦᠯᠦᠨ᠂ ᠰᠠᠬᠢᠯ ᠠᠪᠤᠭᠤᠯᠵᠤ᠂ ᠰᠥᠮ᠎ᠠ ᠳᠤ ᠪᠠᠶᠢᠡᠭᠭᠤ ᠰᠠᠭᠤᠯᠭᠠᠨ᠂ ᠨᠤᠮ ᠰᠤᠷᠭᠠᠬᠤ ᠪᠤᠯᠤᠭᠰᠠᠨ ᠪᠠᠶᠢᠪᠡ᠃      ᠬᠤᠷᠢᠳᠤᠭᠠᠷ ᠵᠠᠭᠤᠨ ᠤ ᠲᠥᠴᠢᠭᠡᠳ ᠤᠨ ᠤ ᠲᠤᠮᠳᠠᠴᠢ ᠦᠶ᠎ᠠ ᠪᠠᠷ ᠮᠡᠨ ᠤ ᠭᠠᠵᠠᠷ ᠤᠷᠤᠨ ᠨᠠᠶᠢᠳᠠᠮ ᠴᠢᠯᠦᠭᠡᠯᠡᠭᠳᠡᠵᠤ᠂ ᠡᠯ᠎ᠠ ᠰᠤᠮᠤ ᠪᠥᠷᠢ ᠳᠤ ᠰᠤᠷᠭᠠᠭᠤᠯᠢ ᠲᠠᠢ ᠪᠤᠯᠤᠭᠰᠠᠨ ᠠᠴᠠ ᠭᠡᠤᠭᠡᠳ ᠡᠷᠡᠭᠳᠡᠢ ᠡᠮᠡᠭᠳᠡᠢ ᠢᠯᠭᠠᠯ ᠦᠭᠡᠢ ᠪᠠᠷ ᠴᠦᠮ ᠠᠯᠪᠡᠨ ᠠᠴᠠ ᠪᠠᠶᠢᠭᠤᠯᠤᠭᠰᠠᠨ ᠰᠤᠷᠭᠠᠭᠤᠯᠢ ᠳᠤ ᠤᠷᠤᠵᠤ᠂ ᠪᠢᠴᠢᠭ ᠰᠤᠶᠤᠯ ᠤᠨ ᠰᠤᠷᠭᠠᠯ ᠪᠥᠬᠦᠨ ᠢ ᠰᠤᠷᠭᠠᠭᠤᠯᠢ ᠶᠢᠨ ᠬᠦᠮᠤᠵᠢᠯ ᠳᠤ ᠲᠦᠰᠢᠭᠯᠡᠬᠦ ᠪᠤᠯᠤᠭᠰᠠᠨ ᠪᠠᠶᠢᠨ᠎ᠠ᠃      ᠭᠤᠷᠪᠡ᠂ ᠪᠠᠷᠭᠤ ᠮᠠᠯᠴᠢᠳ ᠤᠨ ᠲᠤᠪᠤᠶᠢᠭᠰᠠᠨ ᠤᠡᠴᠠᠯᠢᠭ ᠪᠤᠯ᠂ ︽ᠠᠵᠢᠯᠴᠢ ᠪᠤᠷᠤᠭᠵᠢᠭᠤᠨ᠂ ᠲᠠᠰᠪᠤᠷᠢ ᠬᠠᠳᠠᠭᠤᠵᠢᠯᠳᠠᠢ︾ ᠠᠮᠢᠳᠤᠷᠠᠯ ᠤᠨ ᠰᠤᠷᠳᠠᠯ ᠪᠤᠯᠤᠨ᠎ᠠ᠃ ᠲᠠᠳᠠ ᠨᠠᠷ ᠤᠨ ᠡᠨᠡ ᠬᠦ ᠰᠤᠷᠳᠠᠯ ᠢᠶᠠᠷ ᠭᠡᠤᠭᠡᠳ ᠢᠶᠠᠨ ᠬᠦᠮᠤᠵᠢᠬᠦᠯᠵᠤ᠂ ᠦᠶ᠎ᠠ ᠶᠢᠨ ᠦᠶ᠎ᠠ ᠳᠤ ᠵᠠᠯᠭᠠᠮᠵᠢᠯᠠᠬᠤ ᠶᠢ ᠵᠤᠷᠢᠳᠠᠭ᠃ ᠡᠶᠢᠮᠤ ᠠᠴᠠ ᠪᠠᠭ᠎ᠠ ᠨᠠᠰᠤᠨ ᠤ ᠭᠡᠤᠭᠡᠳ ᠤᠨ ︽ᠢᠳᠡᠵᠤ ᠤᠤᠭᠤᠬᠤ᠂ ᠡᠮᠤᠰᠴᠤ ᠵᠡᠬᠦᠬᠦ᠂ ᠡᠳ᠋ᠯᠡᠵᠤ ᠭᠡᠷᠡᠭᠯᠡᠬᠦ︾ ᠶᠠᠪᠤᠳᠠᠯ ᠳᠤ ᠡᠭᠡᠯ ᠪᠤᠷᠤᠭᠵᠢᠭᠤᠨ ᠪᠠᠶᠢᠬᠤ ᠶᠢ ᠱᠠᠭᠠᠷᠳᠠᠨ᠎ᠠ᠃ ᠮᠤᠩᠭᠤᠯ ᠠᠷᠠᠳ ᠤᠨ ᠰᠡᠴᠡᠨ ᠦᠭᠡᠨ ᠳᠤ ︽ᠡᠷᠭᠡ ᠶᠢ ᠰᠤᠷᠬᠤ ᠪᠠᠷ᠂ ᠪᠠᠷᠭᠡ ᠶᠢ ᠰᠤᠷ︾ ᠭᠡᠰᠡᠨ ᠢᠶᠠᠷ ᠰᠤᠷᠭᠠᠯ ᠪᠤᠯᠭᠠᠵᠤ᠂ ᠪᠠᠭ᠎ᠠ ᠭᠡᠤᠭᠡᠳ ᠢ ᠡᠬᠢᠨ ᠠᠴᠠ ᠨᠢ ᠴᠢᠩᠭ᠎ᠠ ᠬᠠᠮᠢᠶᠠᠷᠴᠤ᠂ ᠠᠯᠵᠠᠭᠤ ᠵᠠᠯᠬᠠᠭᠤ᠂ ᠡᠷᠭᠡ ᠲᠠᠩᠬᠢ᠂ ᠲᠤᠷ᠎ᠠ ᠲᠠᠪᠠ ᠪᠠᠷ ᠠᠭᠠᠰᠢᠯᠠᠬᠤ ᠮᠠᠭᠤ ᠰᠤᠷᠳᠠᠯ ᠲᠠᠢ ᠪᠤᠯᠬᠤ ᠶᠢ ᠴᠡᠭᠡᠷᠯᠡᠨ᠂ ᠬᠦᠢᠳᠡᠨ ᠳᠤ ᠲᠠᠭᠠᠷᠠᠵᠤ᠂ ᠬᠠᠯᠠᠭᠤᠨ ᠳᠤ ᠬᠠᠯᠠᠵᠤ᠂ ᠡᠭᠡ ᠪᠠᠶᠢᠭᠠᠯᠢ ᠶᠢᠨ ᠬᠠᠬᠢᠷ ᠬᠠᠳᠠᠭᠤ ᠤᠷᠴᠢᠨ ᠳᠤ ᠬᠦᠳᠡᠷᠰᠢᠨ ᠵᠤᠬᠢᠴᠠᠬᠤ ᠶᠢ ᠡᠷᠬᠢᠮᠯᠡᠳᠡᠭ᠃      ᠮᠢᠬ᠎ᠠ ᠢᠳᠡᠬᠦ ᠳᠤ ᠭᠡᠤᠭᠡᠳ ᠲᠤ ᠪᠥᠭᠡᠷ᠎ᠠ᠂ ᠵᠢᠷᠤᠭᠡ᠂ ᠴᠢᠰᠤ᠂ ᠬᠦᠵᠡᠭᠡ ᠢᠳᠡᠬᠦᠯᠵᠤ᠂ ᠮᠢᠬᠠᠨ ᠤ ᠰᠠᠶᠢᠨ ᠢ ᠰᠢᠯᠢᠨ ᠢᠳᠡᠬᠦ ᠮᠠᠭᠤ ᠰᠤᠷᠳᠠᠯ ᠲᠠᠢ ᠪᠤᠯᠬᠤ ᠶᠢ ᠰᠡᠷᠭᠡᠶᠢᠯᠡᠨ᠎ᠠ᠃ ︽ᠴᠢᠮᠤᠭᠡ ᠢᠳᠡᠪᠡᠯ ᠨᠢᠰᠤᠳᠡᠢ ᠪᠤᠯᠤᠨ᠎ᠠ︾᠂ ︽ᠰᠠᠷᠬᠢᠨᠴᠠᠭ ᠢᠳᠡᠪᠡᠯ ᠰᠠᠯᠠᠩ ᠪᠤᠯᠤᠨ᠎ᠠ︾᠂ ︽ᠲᠥᠭᠰᠢᠬᠦᠷ ᠢᠳᠡᠪᠡᠯ ᠮᠤᠷᠢ ᠲᠥᠭᠰᠢᠨ᠎ᠠ︾᠂ ︽ᠦᠨᠤᠴᠢᠨ ᠬᠠᠪᠢᠷᠭ᠎ᠠ ᠢᠳᠡᠪᠡᠯ ᠦᠨᠤᠴᠢᠨ ᠪᠤᠯᠤᠨ᠎ᠠ︾ ᠭᠡᠬᠦ ᠵᠡᠷᠭᠡ ᠴᠡᠭᠡᠷ ᠲᠠᠢ ᠢᠳᠡᠭᠡᠨ ᠤᠯᠠᠨ ᠪᠠᠶᠢᠬᠤ ᠨᠢ ᠭᠡᠤᠭᠡᠳ ᠢ ᠪᠠᠭ᠎ᠠ ᠠᠴᠠ ᠪᠠᠨ ᠢᠳᠡᠰᠢ ᠭᠤᠯᠤᠬᠤ ᠮᠠᠭᠤ ᠵᠠᠩ ᠲᠠᠢ ᠪᠤᠯᠬᠤ ᠠᠴᠠ ᠰᠠᠷᠭᠡᠶᠢᠯᠡᠵᠤ ᠪᠠᠶᠢᠭ᠎ᠠ ᠶᠠᠪᠤᠳᠠᠯ ᠮᠦᠨ᠃ ᠪᠠᠭ᠎ᠠ ᠭᠡᠤᠭᠡᠳ ᠲᠤ ᠲᠤᠷᠭ᠎ᠠ᠂ ᠬᠤᠷᠭᠤᠢ ᠵᠠᠷᠭᠡ ᠦᠨ᠎ᠠ ᠲᠠᠢ ᠪᠥᠰ ᠪᠠᠷᠠᠬ᠎ᠠ ᠪᠠᠷ ᠬᠤᠪᠴᠠᠰᠤ ᠬᠤᠨᠠᠷ ᠬᠢᠬᠦ ᠶᠢ ᠴᠡᠭᠡᠷᠯᠡᠵᠤ᠂ ᠶᠠᠷᠤ ᠶᠢᠨ ᠪᠥᠳᠥᠬᠦᠯᠢᠭ ᠬᠦᠪᠤᠡᠭ ᠪᠥᠰ ᠪᠤᠶᠤ ᠦᠪᠡᠷ ᠲᠡᠭᠡᠨ ᠡᠯᠳᠡᠭᠰᠡᠨ ᠠᠷᠠᠰᠤ ᠪᠠᠷ ᠬᠤᠪᠴᠠᠰᠤ ᠬᠢᠵᠤ᠂ ᠰᠢᠨ᠎ᠠ ᠬᠢᠭᠰᠡᠨ ᠬᠤᠪᠴᠠᠰᠤ ᠶᠢ ᠭᠡᠳᠤᠨ ᠵᠢᠯ ᠡᠮᠥᠰᠳᠡᠭ᠃ ︽ᠬᠤᠪᠴᠠᠰᠤᠨ ᠤ ᠭᠤᠶᠤ ᠠᠴᠠ ᠰᠠᠨᠠᠭᠠᠨ ᠤ ᠭᠤᠶᠤ ᠰᠠᠶᠢᠬᠠᠨ︾ ᠭᠡᠵᠤ ᠰᠤᠷᠭᠠᠳᠠᠭ᠃      ᠠᠵᠢᠯ ᠬᠦᠳᠡᠯᠮᠤᠷᠢ ᠬᠢᠬᠦ ᠳᠡᠭᠡᠨ ᠡᠪ ᠲᠦᠢᠳᠠᠢ᠂ ᠡᠷᠡᠳᠡᠬᠦᠨ ᠱᠠᠯᠠᠮᠠᠭᠠᠢ᠂ ᠪᠥᠷᠢᠨ ᠬᠥᠢᠴᠡᠳ ᠬᠢᠵᠤ᠂ ᠲᠤᠳᠠᠭᠤ ᠲᠤᠷᠭᠤᠨ᠂ ᠬᠠᠰᠢ ᠶᠠᠰᠢ ᠤᠷᠬᠢᠨ ᠠᠯᠵᠠᠭᠤ ᠵᠠᠯᠬᠠᠭᠤ ᠪᠠᠶᠢᠵᠤ ᠪᠤᠯᠬᠤ ᠦᠭᠡᠢ ᠭᠡᠮᠡᠨ ᠰᠠᠨᠠᠭᠤᠯᠳᠠᠭ᠃ ᠭᠡᠤᠭᠡᠳ ᠢ ᠪᠠᠭ᠎ᠠ ᠠᠴᠠ ᠨᠢ ᠬᠤᠪᠴᠠᠰᠤ ᠬᠤᠨᠠᠷ ᠢᠶᠠᠨ ᠤᠬᠢᠶᠠᠬᠤ᠂ ᠭᠡᠷ ᠢᠶᠠᠨ ᠴᠡᠪᠡᠷᠯᠡᠬᠦ᠂ ᠡᠳ᠋ᠯᠡᠯ ᠭᠡᠷᠡᠭᠰᠡᠯ ᠢᠶᠠᠨ ᠴᠡᠪᠡᠷ ᠲᠡᠭᠰᠢ ᠬᠤᠷᠢᠶᠠᠬᠤ ᠵᠠᠷᠭᠡ ᠠᠵᠢᠯ ᠢ ᠪᠠᠶᠢᠡᠭᠭᠤ ᠬᠢᠯᠭᠡᠵᠤ᠂ ᠠᠷᠢᠭᠤᠨ ᠴᠡᠪᠡᠷ ᠠᠮᠢᠳᠤᠷᠠᠬᠤ ᠲᠠᠳᠬᠠᠯ ᠲᠠᠢ ᠪᠤᠯᠭᠠᠨ᠎ᠠ᠃ ᠢᠯᠠᠩᠭᠤᠶ᠎ᠠ ᠦᠬᠢᠨ ᠭᠡᠤᠭᠡᠳ ᠲᠤ ᠪᠠᠭ᠎ᠠ ᠠᠴᠠ ᠨᠢ ᠰᠢᠯᠪᠢ ᠡᠮᠭᠡᠷᠢᠳᠬᠦ᠂ ᠴᠢᠭᠳᠠ ᠤᠶᠤᠬᠤ᠂ ᠬᠤᠪᠴᠠᠰᠤ ᠬᠤᠨᠠᠷ ᠨᠦᠬᠦᠬᠦ ᠵᠠᠷᠭᠡ ᠤᠶᠤᠳᠠᠯ ᠵᠢᠭᠠᠵᠤ᠂ ᠦᠨᠢᠶ᠎ᠠ ᠰᠠᠭᠠᠬᠤ᠂ ᠰᠥ᠋ ᠬᠦᠰᠢᠶᠡᠬᠦ᠂ ᠲᠠᠷᠠᠭ ᠪᠥᠷᠢᠬᠦ᠂ ᠠᠭᠠᠷᠤᠤᠯ ᠲᠠᠯᠪᠢᠬᠤ ᠵᠠᠷᠭᠡ ᠮᠠᠷᠭᠡᠵᠢᠯ ᠰᠤᠷᠭᠠᠵᠤ᠂ ᠦᠬᠢᠨ ᠢᠶᠠᠨ ︽ᠤᠶᠤᠳᠠᠯ ᠳᠤ ᠤᠷᠠᠨ᠂ ᠠᠷᠢᠭᠤᠨ ᠴᠡᠪᠡᠷᠴᠢ᠂ ᠠᠵᠢᠯ ᠳᠤ ᠪᠤᠯᠪᠠᠰᠤᠷᠠᠩᠭᠤᠢ︾ ᠬᠦᠮᠤᠨ ᠪᠤᠯᠭᠠᠬᠤ ᠪᠠᠷ ᠬᠦᠳᠥᠯᠤᠨ ᠲᠠᠭᠠᠭᠤᠯᠳᠠᠭ᠃ ᠪᠠᠷᠭᠤ ᠮᠠᠯᠴᠢᠳ ᠤᠨ ᠪᠠᠰᠠ ᠨᠢᠭᠡᠨ ᠤᠡᠴᠠᠯᠢᠭ ᠪᠤᠯ᠂ ᠦᠷ᠎ᠠ ᠭᠡᠤᠭᠡᠳ ᠢᠶᠠᠨ ᠰᠤᠷᠭᠠᠨ ᠬᠦᠮᠤᠵᠢᠬᠦᠯᠬᠦ ᠶᠠᠪᠤᠳᠠᠯ ᠢ ᠵᠦᠪᠭᠡᠨ ᠭᠡᠷ ᠤᠨ ᠠᠬᠠᠮᠠᠳ ᠯᠡ ᠡᠬᠦᠷᠭᠡᠯᠡᠳᠡᠭ ᠪᠢᠰᠢ᠂ ᠬᠠᠷᠢᠨ ᠠᠶᠢᠯ ᠬᠦᠷᠰᠢ᠂ ᠲᠥᠷᠤᠯ ᠰᠠᠳᠤᠨ᠂ ᠠᠶᠢᠮᠠᠭ ᠤᠭᠰᠠᠭᠠᠳᠠᠨ ᠤ ᠠᠬᠠᠮᠠᠳ ᠤᠳ ᠬᠠᠮᠳᠤ ᠪᠠᠷ ᠡᠬᠦᠷᠭᠡᠯᠡᠵᠤ᠂ ᠬᠦᠮᠤᠨ ᠤ ᠦᠪᠡᠷ ᠤᠨ ᠭᠡᠵᠤ ᠢᠯᠭᠠᠯ ᠦᠭᠡᠢ ᠭᠡᠯᠡᠵᠤ ᠰᠤᠷᠭᠠᠵᠦ ᠪᠠᠶᠢᠳᠠᠭ᠃ ᠪᠠᠷᠭᠤᠴᠤᠳ ᠭᠡᠤᠭᠡᠳ ᠲᠡᠭᠡᠨ ᠪᠠᠭ᠎ᠠ ᠠᠴᠠ ᠨᠢ ᠤᠨᠢᠰᠤᠭ᠎ᠠ ᠲᠠᠭᠠᠯᠭᠠᠬᠤ᠂ ᠥᠯᠢᠭᠡᠷ ᠴᠡᠭᠡᠵᠢᠯᠡᠬᠦᠯᠬᠦ᠂ ᠵᠥᠢᠷ ᠰᠡᠴᠡᠨ ᠦᠭᠡ ᠵᠢᠭᠠᠬᠤ ᠵᠠᠷᠭᠡ ᠪᠠᠷ ᠭᠡᠤᠭᠡᠳ ᠤᠨ ᠰᠡᠳᠬᠢᠬᠦᠢ ᠶᠢᠨ ᠴᠢᠳᠠᠪᠤᠷᠢ ᠶᠢ ᠨᠡᠮᠡᠭᠳᠡᠬᠦᠯᠵᠤ᠂ ᠤᠢ ᠤᠬᠠᠭᠠᠨ ᠢ ᠨᠡᠮᠡᠭᠳᠡᠬᠦᠯᠬᠦ᠂ ᠦᠭᠡ ᠭᠡᠯᠡ ᠶᠢ ᠪᠠᠶᠠᠯᠢᠭᠵᠢᠭᠤᠯᠬᠤ ᠠᠵᠢᠯ ᠢ ᠬᠢᠳᠡᠭ᠃ ᠪᠠᠷᠭᠤ ᠮᠠᠯᠴᠢᠳ ᠤᠨ ᠦᠷᠬᠦᠯᠵᠢ ᠭᠡᠷᠡᠭᠯᠡᠳᠡᠭ ᠭᠡᠷ ᠤᠨ ᠰᠤᠷᠭᠠᠯ ᠦᠭᠡ ᠠᠴᠠ ᠵᠢᠱᠢᠶ᠎ᠠ ᠪᠤᠯᠭᠠᠵᠤ ᠲᠤᠷᠠᠳᠪᠡᠯ᠄      1. ᠡᠷᠡᠭᠡᠢ ᠬᠤᠷᠤᠭᠤ ᠪᠠᠨ ᠪᠢᠳᠡᠭᠡᠢ ᠠᠮᠠᠨ ᠳᠠᠭᠠᠨ ᠬᠢ᠂ ᠡᠭᠡ ᠦᠬᠦᠨ᠎ᠠ᠃      2. ᠨᠢᠰᠤ ᠪᠠᠨ ᠪᠢᠳᠡᠭᠡᠢ ᠢᠳᠡ᠂ ᠮᠠᠷᠳᠠᠮᠠᠬᠠᠢ ᠪᠤᠯᠤᠨ᠎ᠠ᠃      3. ᠬᠦᠮᠤᠨ ᠤ ᠦᠭᠡᠳᠡ ᠪᠢᠳᠡᠭᠡᠢ ᠨᠤᠯᠮᠤ᠂ ᠠᠮᠠᠨ ᠭᠡᠰᠢᠭ ᠠᠷᠢᠯᠤᠨ᠎ᠠ᠃      4. ᠢᠳᠡᠭᠡ ᠪᠢᠳᠡᠭᠡᠢ ᠭᠤᠯᠤ᠂ ᠠᠮᠠᠨ ᠭᠡᠰᠢᠭ ᠪᠠᠭᠤᠷᠠᠨ᠎ᠠ᠃      5. ᠡᠪᠡᠰᠤ ᠪᠢᠳᠡᠭᠡᠢ ᠵᠠᠩᠬᠢᠳᠤ᠂ ᠦᠭᠡᠷ ᠤᠨ ᠭᠡᠳᠡᠰᠤ ᠵᠠᠩᠬᠢᠷᠠᠨ᠎ᠠ᠃      6. ᠠᠬᠠᠮᠠᠳ ᠢ ᠪᠢᠳᠡᠭᠡᠢ ᠲᠦᠰᠢᠵᠤ ᠪᠤᠰ᠂ ᠪᠤᠶᠠᠨ ᠢᠶᠠᠨ ᠪᠠᠷᠠᠨ᠎ᠠ᠃      7. ᠬᠦᠮᠤᠨ ᠢ ᠪᠢᠳᠡᠭᠡᠢ ᠬᠦᠯᠦ᠋ᠢᠵᠤ ᠬᠠᠷᠠ᠂ ᠬᠢᠯᠠᠷ ᠪᠤᠯᠤᠨ᠎ᠠ᠃      8. ᠭᠠᠯ ᠪᠢᠳᠡᠭᠡᠢ ᠭᠠᠳᠠᠭᠰᠢ ᠭᠠᠷᠭ᠎ᠠ᠂ ᠭᠠᠷᠤᠵᠠ ᠭᠠᠷᠤᠨ᠎ᠠ᠃      9. ᠪᠤᠷᠤᠭᠤ ᠡᠬᠦᠳᠡ ᠪᠠᠷ ᠪᠢᠳᠡᠭᠡᠢ ᠤᠷᠤ᠂ ᠴᠢᠳᠬᠦᠷ ᠲᠠᠭᠠᠨ᠎ᠠ᠃      10. ᠲᠤᠯᠭ᠎ᠠ ᠲᠤᠭᠤᠭ᠎ᠠ ᠪᠢᠳᠡᠭᠡᠢ ᠴᠤᠬᠢ᠂ ᠭᠠᠯ ᠤᠨ ᠪᠤᠷᠬᠠᠨ ᠠᠭᠤᠷᠯᠠᠨ᠎ᠠ᠃      11. ᠰᠢᠪᠠᠭᠤᠨ ᠤ ᠦᠳᠤ ᠪᠢᠳᠡᠭᠡᠢ ᠰᠢᠳᠠᠭ᠎ᠠ᠂ ᠬᠤᠵᠢᠬᠢᠷ ᠪᠤᠯᠤᠨ᠎ᠠ᠃      12. ᠲᠠᠪᠬᠤᠷ ᠮᠠᠯᠠᠭᠠᠢ ᠪᠢᠳᠡᠭᠡᠢ ᠡᠮᠤᠰ᠂ ᠰᠢᠭᠤᠷᠭ᠎ᠠ ᠰᠢᠭᠤᠷᠤᠨ᠎ᠠ᠃      13. ᠨᠤᠮ ᠰᠤᠳᠤᠷ ᠲᠡᠭᠡᠬᠦᠷ ᠪᠢᠳᠡᠭᠡᠢ ᠭᠠᠷᠤ᠂ ᠲᠦᠢᠷᠠᠩ ᠪᠤᠯᠤᠨ᠎ᠠ᠃      14. ᠰᠢᠬᠢᠷ᠎ᠠ ᠶᠢᠨ ᠤᠯᠠ ᠪᠢᠳᠡᠭᠡᠢ ᠢᠳᠡ᠂ ᠭᠤᠳᠤᠯ ᠵᠠᠯᠵᠢᠬᠢ ᠪᠤᠯᠤᠨ᠎ᠠ᠃      15. ᠵᠡᠮᠳᠡᠭ ᠬᠦᠮᠤᠨ ᠢ ᠪᠢᠳᠡᠭᠡᠢ ᠲᠠᠭᠤᠷᠢᠶᠠ᠂ ᠵᠡᠮᠳᠡᠭ ᠪᠤᠯᠤᠨ᠎ᠠ᠃      16. ᠭᠠᠵᠠᠷ ᠭᠡᠪᠳᠡᠭᠡ ᠤᠷᠭ᠎ᠠ ᠶᠢᠨ ᠲᠡᠭᠡᠬᠦᠷ ᠪᠢᠳᠡᠭᠡᠢ ᠭᠠᠷᠤ᠂ ᠮᠠᠯ ᠤᠨ ᠪᠤᠶᠠᠨ ᠪᠠᠭᠤᠷᠠᠨ᠎ᠠ᠃      ᠲᠦᠷᠪᠡ᠂ ᠪᠠᠷᠭᠤ ᠮᠠᠯᠴᠢᠳ ᠭᠡᠤᠭᠡᠳ ᠲᠡᠭᠡᠨ ᠠᠭᠤᠯᠠ ᠤᠪᠤᠭ᠎ᠠ᠂ ᠭᠤᠤᠯ ᠭᠤᠷᠤᠬ᠎ᠠ᠂ ᠭᠠᠵᠠᠷ ᠨᠤᠳᠤᠭ᠂  ᠡᠪᠡᠰᠤ ᠤᠷᠭᠤᠮᠠᠯ ᠤᠨ ᠨᠠᠷ᠎ᠠ ᠶᠢ ᠵᠢᠭᠠᠨ ᠦᠭᠴᠤ᠂ ᠡᠨᠡ ᠬᠦ ᠤᠷᠴᠢᠨ ᠠᠬᠤᠢ ᠶᠢᠨ ᠰᠠᠶᠢᠨ ᠢᠶᠠᠷ ᠬᠦᠮᠤᠨ ᠠᠮᠢᠳᠤᠷᠠᠵᠤ ᠪᠠᠶᠢᠬᠤ ᠶᠤᠰᠤ ᠤᠴᠢᠷ ᠢ ᠮᠡᠳᠡᠬᠦᠯᠦᠨ᠂ ᠪᠠᠭ᠎ᠠ ᠠᠴᠠ ᠪᠠᠨ ᠦᠪᠡᠷ ᠤᠨ ᠲᠥᠷᠥᠭᠰᠡᠨ ᠭᠠᠵᠠᠷ ᠨᠤᠳᠤᠭ ᠢᠶᠠᠨ ᠬᠠᠶᠢᠷᠠᠯᠠᠬᠤ᠂ ᠡᠭᠡ ᠪᠠᠶᠢᠭᠠᠯᠢ ᠶᠢᠨ ᠭᠤᠶᠤ ᠰᠠᠶᠢᠬᠠᠨ ᠢ ᠬᠠᠮᠠᠭᠠᠯᠠᠬᠤ ᠰᠡᠳᠬᠢᠯᠭᠡ ᠲᠠᠢ ᠪᠤᠯᠭᠠᠬᠤ ᠶᠢ ᠵᠤᠷᠢᠳᠠᠭ᠃ ᠡᠶᠢᠮᠤ ᠠᠴᠠ ᠭᠡᠤᠭᠡᠳ ᠢ ᠲᠤᠷ᠎ᠠ ᠪᠠᠷ ᠨᠦᠭᠡ ᠮᠠᠯᠳᠠᠵᠤ᠂ ᠭᠠᠵᠠᠷ ᠤᠨ ᠬᠦᠷᠥᠰᠤ ᠶᠢ ᠡᠪᠳᠡᠵᠤ ᠪᠤᠯᠬᠤ ᠦᠭᠡᠢ᠃ ᠬᠤᠸᠠᠷ ᠴᠡᠴᠡᠭ ᠢ ᠲᠠᠰᠤᠯᠵᠤ ᠪᠤᠯᠬᠤ ᠦᠭᠡᠢ᠃ ᠮᠤᠳᠤᠨ ᠤ ᠰᠠᠯᠠᠭ᠎ᠠ ᠮᠥᠴᠢᠷ ᠢ ᠬᠤᠭᠤᠯᠵᠤ ᠪᠤᠯᠬᠤ ᠦᠭᠡᠢ᠃ ᠭᠤᠤᠯ ᠭᠤᠷᠤᠬ᠎ᠠ᠂ ᠬᠤᠳᠳᠤᠭ ᠤᠰᠤᠨ ᠤ ᠲᠡᠷᠭᠡᠳᠡ ᠪᠡᠶ᠎ᠠ ᠵᠠᠰᠠᠵᠤ ᠪᠤᠯᠬᠤ ᠦᠭᠡᠢ᠃ ᠤᠷᠤᠰᠬᠠᠯ ᠤᠰᠤᠨ ᠳᠤ ᠪᠤᠵᠠᠷ ᠪᠤᠷᠳᠠᠭ ᠢᠶᠠᠨ ᠤᠬᠢᠶᠠᠵᠤ ᠪᠤᠯᠬᠤ ᠦᠭᠡᠢ᠃ ᠦᠨᠡᠰᠤ ᠬᠤᠭ ᠨᠤᠪᠰᠢ ᠪᠠᠨ ᠬᠠᠮᠢᠶ᠎ᠠ ᠦᠭᠡᠢ ᠭᠠᠵᠠᠷ ᠬᠠᠶᠠᠵᠤ ᠪᠤᠯᠬᠤ ᠦᠭᠡᠢ ᠭᠡᠮᠡᠨ ᠴᠢᠩᠭ᠎ᠠ ᠱᠠᠭᠠᠷᠳᠠᠵᠤ᠂ ᠤᠷᠴᠢᠨ ᠠᠬᠤᠢ ᠶᠢᠨ ᠪᠤᠵᠠᠷᠳᠠᠯ ᠢ ᠰᠠᠷᠭᠡᠶᠢᠯᠡᠬᠦ᠂ ᠭᠠᠨᠭ᠍ᠭᠠᠡᠭ ᠪᠠᠶᠢᠭᠠᠯᠢ ᠶᠢᠨ ᠭᠤᠶᠤ ᠰᠠᠶᠢᠬᠠᠨ ᠢ ᠡᠷᠬᠢᠮᠯᠡᠨ ᠬᠠᠮᠠᠭᠠᠯᠠᠬᠤ ᠬᠦᠮᠤᠵᠢᠯ ᠬᠢᠳᠡᠭ᠃      ᠲᠠᠪᠤ᠂ ᠪᠠᠷᠭᠤ ᠮᠠᠯᠴᠢᠳ ︽ᠬᠦᠮᠤᠨ ᠪᠤᠯᠬᠤ ᠪᠠᠭ᠎ᠠ ᠠᠴᠠ ᠪᠠᠨ᠂ ᠬᠦᠯᠥᠭ ᠪᠤᠯᠬᠤ ᠤᠨᠠᠭᠠᠨ ᠠᠴᠠ ᠪᠠᠨ︾ ᠭᠡᠬᠦ ᠮᠤᠩᠭᠤᠯ ᠠᠷᠠᠳ ᠤᠨ ᠰᠡᠴᠡᠨ ᠦᠭᠡ ᠪᠠᠷ ᠰᠤᠷᠭᠠᠯ ᠪᠤᠯᠭᠠᠵᠤ᠂ ᠦᠷ᠎ᠠ ᠭᠡᠤᠭᠡᠳ ᠲᠡᠭᠡᠨ ᠬᠠᠷᠠᠬᠠᠨ ᠪᠠᠭ᠎ᠠ ᠠᠴᠠ ᠨᠢ᠂ ᠦᠡᠳᠤᠰᠤᠳᠡᠨ ᠶᠠᠰᠤᠳᠡᠨ ᠤ ᠪᠠᠨ ᠶᠤᠰᠤ ᠰᠤᠷᠳᠠᠬᠤᠨ᠂ ᠵᠠᠩ ᠲᠠᠳᠬᠠᠯ ᠢ ᠮᠡᠳᠡᠬᠦᠯᠵᠤ ᠡᠵᠡᠮᠰᠢᠬᠦᠯᠬᠦ ᠪᠠᠷ ᠴᠢᠷᠮᠠᠶᠢᠳᠠᠭ᠃ ᠨᠠᠰᠤᠳᠡᠨ ᠲᠤᠮᠤᠭᠠᠳᠠᠨ ᠪᠤᠯᠤᠨ ᠦᠪᠡᠷ ᠤᠨ ᠪᠡᠶ᠎ᠠ ᠠᠴᠠ ᠠᠬ᠎ᠠ ᠬᠦᠮᠤᠨ ᠪᠥᠬᠦᠨ ᠢ ᠬᠦᠡᠳᠥᠳᠭᠡᠬᠦ ᠶᠢ ᠤᠡᠴᠠ ᠠᠩᠬᠠᠷᠳᠠᠭ᠃      ᠠᠬ᠎ᠠ ᠬᠦᠮᠤᠨ ᠤ ᠭᠡᠯᠡᠭᠰᠡᠨ ᠦᠭᠡ ᠶᠢ ᠭᠡᠤᠭᠡᠳ ᠬᠦᠮᠤᠨ ᠵᠠᠪᠡᠯ ︽ᠵᠠ︾ ᠭᠡᠮᠡᠨ ᠬᠦᠯᠢᠶᠡᠨ ᠰᠤᠨᠤᠰᠴᠦ᠂ ᠵᠦᠪᠰᠢᠶᠡᠷᠡᠵᠤ ᠪᠠᠶᠢᠬᠤ ᠪᠠᠨ ᠢᠯᠡᠳᠭᠡᠬᠦ ᠪᠥᠭᠡᠳ ᠮᠥᠨ ᠴᠤ ᠭᠡᠯᠡᠭᠰᠡᠨ ᠶᠤᠰᠤᠭᠠᠷ ᠬᠢᠵᠤ ᠬᠥᠢᠴᠡᠳᠭᠡᠬᠦ ᠶᠤᠰᠤᠳᠡᠢ᠃ ᠠᠬ᠎ᠠ ᠬᠦᠮᠤᠨ ᠲᠤᠬᠢᠶᠠᠯᠳᠤᠪᠡᠯ᠂ ᠤᠷᠢᠳᠠᠪᠡᠷ ᠮᠤᠷᠢ ᠠᠴᠠ ᠪᠠᠨ ᠪᠠᠭᠤᠵᠤ᠂ ᠮᠠᠡᠳᠤ ᠠᠰᠠᠭᠤᠬᠤ ᠭᠡᠷᠡᠭᠳᠡᠢ᠃ ᠲᠤᠮᠤᠭᠠᠳᠠᠨ ᠬᠦᠮᠤᠰ ᠶᠠᠷᠢᠯᠴᠠᠵᠤ ᠰᠠᠭᠤᠵᠤ ᠪᠠᠶᠢᠬᠤ ᠳᠤ ᠭᠡᠤᠭᠡᠳ ᠬᠦᠮᠤᠨ ᠵᠦᠪᠭᠡᠨ ᠰᠤᠨᠤᠰᠴᠤ ᠪᠤᠯᠬᠤ ᠠᠴᠠ ᠪᠢᠰᠢ᠂ ᠲᠤᠮᠳᠠᠭᠤᠷ ᠨᠢ ᠦᠭᠡ ᠡᠯᠬᠦᠵᠤ ᠲᠤᠷ᠎ᠠ ᠪᠠᠷ ᠢᠶᠠᠨ ᠶᠠᠷᠢᠵᠦ ᠪᠤᠯᠬᠤ ᠦᠭᠡᠢ᠃ ᠠᠬ᠎ᠠ ᠬᠦᠮᠤᠨ ᠤ ᠡᠮᠥᠨᠡᠬᠦᠷ ᠠᠯᠬᠤᠵᠤ ᠭᠠᠷᠴᠤ ᠪᠤᠯᠬᠤ ᠦᠭᠡᠢ᠃ ᠠᠶᠢᠯ ᠳᠤ ᠤᠷᠤᠪᠡᠯ᠂ ᠮᠤᠩᠭᠤᠯ ᠭᠡᠷ ᠤᠨ ᠬᠤᠶᠢᠮᠤᠷ ᠲᠤ ᠰᠠᠭᠤᠵᠤ ᠪᠤᠯᠬᠤ ᠦᠭᠡᠢ᠃ ᠪᠠᠯᠴᠢᠵᠤ ᠪᠠᠶᠢᠭ᠎ᠠ ᠮᠠᠯ ᠲᠤᠬᠢᠶᠠᠯᠳᠤᠪᠡᠯ᠂ ᠲᠤᠭᠤᠷᠢᠵᠤ ᠭᠠᠷᠬᠤ ᠠᠴᠠ ᠪᠢᠰᠢ ᠲᠤᠮᠳᠠᠭᠤᠷ ᠨᠢ ᠭᠠᠷᠴᠤ ᠪᠤᠯᠬᠤ ᠦᠭᠡᠢ᠃ ᠠᠶᠢᠯ ᠳᠤ ᠤᠷᠤᠬᠤ ᠳᠤ ᠬᠤᠷᠮᠤᠢ ᠰᠢᠭᠤᠯᠳᠠᠳᠠᠢ ᠪᠤᠶᠤ ᠲᠠᠰᠢᠭᠤᠷ ᠪᠠᠷᠢᠵᠤ ᠤᠷᠤᠵᠤ ᠪᠤᠯᠬᠤ ᠦᠭᠡᠢ᠃ ᠠᠶᠢᠯ ᠳᠤ ᠮᠤᠷᠢᠳᠠᠢ ᠤᠴᠢᠬᠤ ᠳᠤ ᠲᠠᠪᠬᠢᠭ᠎ᠠ ᠪᠠᠷ ᠬᠦᠷᠴᠤ ᠪᠤᠯᠬᠤ ᠦᠭᠡᠢ᠃ ᠶᠠᠪᠤᠬᠤ ᠦᠶ᠎ᠠ ᠳᠤ ᠮᠤᠷᠳᠠᠭᠰᠠᠭᠠᠷ ᠬᠦᠶᠤᠯᠭᠡᠵᠤ ᠪᠤᠯᠬᠤ ᠦᠭᠡᠢ᠃ ᠵᠠᠮ ᠶᠠᠪᠤᠬᠤ ᠦᠶᠡᠰ ᠠᠶᠢᠯ ᠲᠤᠬᠢᠶᠠᠯᠳᠤᠪᠡᠯ᠂ ᠡᠮᠤᠨᠡᠬᠦᠷ ᠨᠢ ᠭᠠᠷᠬᠤ ᠠᠴᠠ ᠪᠢᠰᠢ᠂ ᠬᠤᠶᠢᠭᠤᠷ ᠨᠢ ᠭᠠᠷᠳᠠᠭ ᠦᠭᠡᠢ ᠵᠠᠷᠭᠡ ᠮᠠᠰᠢ ᠤᠯᠠᠨ ᠵᠢᠷᠤᠮ ᠶᠤᠰᠤ ᠪᠠᠶᠢᠳᠠᠭ ᠢ ᠮᠡᠳᠡᠬᠦᠯᠵᠤ᠂ ᠵᠠᠪᠡᠯ ᠪᠡᠶᠡᠯᠡᠬᠦᠯᠬᠦ ᠭᠡᠷᠡᠭᠳᠡᠢ ᠭᠡᠮᠡᠨ ᠴᠢᠩᠭ᠎ᠠ ᠰᠤᠷᠭᠠᠳᠠᠭ᠃      ᠵᠢᠷᠭᠤᠭ᠎ᠠ᠂ ᠪᠠᠷᠭᠤ ᠮᠠᠯᠴᠢᠳ ᠤᠤᠯ ᠠᠴᠠ ᠴᠢᠩ ᠦᠨᠡᠡᠴᠢ᠂ ᠲᠥᠪ ᠭᠤᠤᠯᠴᠢ ᠪᠠᠶᠢᠵᠤ᠂ ︽ᠬᠤᠳᠠᠯ ᠭᠡᠯᠡᠬᠦ᠂ ᠬᠤᠯᠠᠭᠠᠢ ᠬᠢᠬᠦ᠂ ᠬᠠᠭᠤᠷᠴᠤ ᠮᠡᠭᠡᠯᠡᠬᠦ︾ ᠶᠢ ᠲᠤᠩ ᠵᠢᠭᠰᠢᠳᠡᠭ᠃ ᠲᠠᠳᠠ ᠭᠡᠤᠭᠡᠳ ᠢᠶᠠᠨ ᠪᠠᠭ᠎ᠠ ᠠᠴᠠ ᠨᠢ ᠴᠢᠩᠭ᠎ᠠ ᠬᠠᠮᠢᠶᠠᠷᠴᠤ᠂ ᠬᠦᠮᠤᠨ ᠤ ᠶᠠᠭᠤᠮ᠎ᠠ ᠶᠢ ᠬᠦᠳᠡᠯᠭᠡᠵᠤ ᠪᠤᠯᠬᠤ ᠦᠭᠡᠢ᠂ ᠠᠯᠳᠠ ᠤᠯᠪᠠᠴᠤ ᠡᠵᠡᠨ ᠳᠤᠨᠢ ᠪᠤᠴᠠᠭᠠᠵᠤ᠂ ᠬᠤᠳᠠᠯ ᠭᠡᠯᠡᠬᠦ ᠮᠠᠭᠤᠬᠠᠢ᠂ ᠬᠤᠯᠠᠭᠠᠢ ᠬᠢᠬᠦ ᠪᠤᠵᠠᠷ᠂ ᠬᠠᠭᠤᠷᠴᠤ ᠮᠡᠭᠡᠯᠡᠬᠦ‍ ᠵᠢᠭᠰᠢᠬᠦᠷᠢᠳᠡᠢ ᠭᠡᠮᠡᠨ ᠰᠤᠷᠭᠠᠳᠠᠭ᠃      ᠮᠤᠷᠢᠳᠠᠢ ᠪᠤᠶᠤ ᠮᠤᠲ᠋ᠤᠷ ᠲᠠᠢ ᠬᠦᠮᠤᠨ᠂ ᠲᠷᠠᠺᠲ᠋ᠤᠷ᠂ ᠮᠠᠰᠢᠨ ᠢᠷᠡᠪᠡᠯ ᠵᠠᠮ ᠵᠠᠶᠢᠯᠠᠵᠤ ᠦᠭᠬᠦᠨ᠂ ᠭᠤᠳᠤᠮᠵᠢ ᠪᠠᠷ ᠶᠠᠪᠤᠪᠡᠯ ᠪᠠᠷᠠᠭᠤᠨ ᠮᠦᠷᠤ ᠪᠠᠨ ᠲᠠᠭᠠᠵᠤ ᠶᠠᠪᠤᠬᠤ ᠭᠡᠷᠡᠭᠳᠡᠢ ᠭᠡᠵᠤ ᠵᠠᠬᠢᠳᠠᠭ᠃ ᠪᠠᠭ᠎ᠠ ᠭᠡᠤᠭᠡᠳ ᠭᠠᠯ ᠢᠶᠠᠷ ᠨᠠᠭᠠᠳᠬᠤ᠂ ᠬᠤᠳᠳᠤᠭ ᠤᠰᠤᠨ ᠤ ᠲᠠᠷᠭᠡᠳᠡ ᠨᠠᠭᠠᠳᠬᠤ᠂ ᠦᠡᠳᠤᠷ ᠠᠰᠠᠷ᠂ ᠭᠡᠷ ᠪᠠᠷᠢᠯᠭ᠎ᠠ ᠶᠢᠨ ᠲᠤᠤᠷ᠎ᠠ ᠨᠠᠭᠠᠳᠬᠤ᠂ ᠬᠤᠳᠠ ᠶᠢᠨ ᠭᠤᠳᠤᠮᠵᠢ ᠪᠡ ᠵᠡᠮ ᠲᠡᠭᠡᠷ᠎ᠠ ᠨᠠᠭᠠᠳᠬᠤ ᠨᠢ ᠬᠢᠯᠪᠠᠷᠬᠠᠨ ᠤᠰᠤᠯ ᠠᠳᠡᠯ ᠭᠠᠷᠴᠤ ᠮᠡᠳᠡᠬᠦ ᠲᠤᠯᠠ ᠡᠶᠢᠮᠤ ᠭᠠᠵᠠᠷ ᠨᠠᠭᠠᠳᠴᠤ ᠪᠤᠯᠬᠤ ᠦᠭᠡᠢ ᠭᠡᠮᠡᠨ ᠴᠢᠩᠭ᠎ᠠ ᠬᠠᠮᠢᠶᠠᠷᠳᠠᠭ᠃ ᠡᠳᠡᠭᠡᠷ ᠨᠢ ᠪᠠᠭ᠎ᠠ ᠭᠡᠤᠭᠡᠳ ᠢ ᠤᠯᠤᠰ ᠤᠨ ᠬᠠᠤᠯᠢ᠂ ᠨᠠᠶᠢᠭᠡᠮ ᠤᠨ ᠲᠥᠷᠢᠮ ᠲᠤᠭᠳᠠᠭᠠᠯ ᠢ ᠤᠬᠠᠮᠰᠠᠷ ᠠᠴᠠ ᠪᠠᠨ ᠰᠠᠬᠢᠬᠤ ᠰᠠᠶᠢᠨ ᠰᠠᠭᠤᠷᠢ ᠲᠠᠢ ᠪᠤᠯᠭᠠᠵᠤ᠂ ᠲᠠᠳᠠ ᠨᠠᠷ ᠤᠨ ᠠᠮᠤᠷ ᠠᠮᠤᠷᠯᠢᠩᠭᠤᠢ ᠶᠢ ᠪᠠᠳᠤᠯᠠᠭ᠎ᠠ ᠲᠠᠢ ᠪᠤᠯᠭᠠᠬᠤ ᠶᠢᠨ ᠲᠦᠯᠦᠭᠡ ᠶᠤᠮ᠃      ᠲᠤᠯᠤᠭ᠎ᠠ᠂ ᠪᠠᠷᠭᠤ ᠮᠠᠯᠴᠢᠳ ᠶᠠᠷᠤ ᠠᠴᠠ ᠵᠤᠴᠢᠡᠰᠠᠭ ᠪᠠᠶᠢᠵᠤ᠂ ᠬᠦᠮᠤᠨ ᠢ ᠬᠦᠡᠳᠤᠳᠭᠡᠬᠦ ᠶᠠᠪᠤᠳᠠᠯ ᠢ ᠤᠡᠴᠠᠭᠠᠢ ᠡᠷᠬᠢᠮᠯᠡᠳᠡᠭ᠃ ᠭᠡᠷ ᠲᠤ ᠵᠤᠴᠢᠨ ᠢᠷᠡᠪᠡᠯ ᠨᠤᠬᠠᠢ ᠬᠤᠷᠢᠨ᠂ ᠮᠤᠷᠢ ᠶᠢ ᠨᠢ ᠲᠤᠰᠤᠨ ᠤᠶᠠᠵᠤ᠂ ᠡᠬᠦᠳᠡ ᠪᠠᠨ ᠨᠡᠭᠡᠭᠡᠨ ᠤᠷᠤᠭᠤᠯᠵᠤ᠂ ᠭᠡᠷ ᠤᠨ ᠪᠠᠷᠠᠭᠤᠨ ᠲᠠᠯ᠎ᠠ ᠳᠤ ᠲᠠᠯᠪᠠᠭ ᠲᠠᠯᠪᠢᠨ ᠰᠠᠭᠤᠯᠭᠠᠵᠤ᠂ ᠠᠮᠤᠷ ᠮᠡᠡᠳᠤ ᠠᠰᠠᠭᠤᠯᠴᠠᠨ᠂ ᠰᠥ᠋ ᠲᠠᠢ ᠴᠠᠢ ᠠᠶᠠᠭᠠᠯᠠᠵᠤ᠂ ᠴᠠᠭᠠᠨ ᠢᠳᠡᠭᠡ ᠲᠠᠯᠪᠢᠵᠤ᠂ ᠬᠠᠯᠠᠭᠤᠨ ᠲᠤᠳᠤᠨᠤ ᠪᠠᠷ ᠤᠭᠳᠤᠵᠤ ᠪᠠᠶᠢᠭ᠎ᠠ ᠪᠠᠨ ᠢᠯᠡᠳᠭᠡᠳᠡᠭ᠃ ᠭᠡᠤᠭᠡᠳ ᠲᠡᠭᠡᠨ ︽ᠭᠡᠨ ᠤ ᠠᠪᠤ᠂ ᠭᠡᠨ ᠤ ᠮᠦᠮᠤ︾ ᠢᠷᠡᠯ᠎ᠠ᠂ ᠭᠡᠷ ᠲᠤᠨᠢ ᠶᠠᠮᠠᠷ ᠶᠠᠮᠠᠷ ᠭᠡᠤᠭᠡᠳ ᠪᠤᠢ ᠭᠡᠮᠡᠨ ᠢᠷᠡᠭᠰᠡᠨ ᠵᠤᠴᠢᠨ ᠢ ᠲᠠᠨᠢᠯᠴᠠᠭᠤᠯᠳᠠᠭ᠃ ᠮᠤᠩᠭᠤᠯ ᠠᠷᠠᠳ ᠤᠨ ︽ᠠᠶᠢᠯ ᠠᠶᠢᠯ ᠤᠨ ᠠᠮᠢ ᠨᠢᠭᠡ᠂ ᠰᠠᠭᠠᠬᠠᠯᠳᠠ ᠠᠶᠢᠯ ᠤᠨ ᠰᠠᠨᠠᠭ᠎ᠠ ᠨᠢᠭᠡ︾ ᠭᠡᠮᠡᠬᠦ ᠰᠡᠴᠡᠨ ᠦᠭᠡ ᠪᠠᠷ ᠰᠤᠷᠭᠠᠯ ᠪᠤᠯᠭᠠᠵᠤ᠂ ᠤᠢᠢᠷ᠎ᠠ ᠵᠠᠷᠭᠡᠯᠡᠳᠡᠭᠡ ᠰᠠᠭᠤᠭ᠎ᠠ ᠠᠶᠢᠯ ᠤᠳ ᠬᠠᠷᠢᠯᠴᠠᠨ ᠶᠠᠪᠤᠯᠴᠠᠵᠤ᠂ ᠬᠠᠷᠢᠯᠴᠠᠨ ᠬᠠᠪᠰᠤᠷᠤᠯᠴᠠᠵᠤ᠂ ᠬᠠᠮᠳᠤᠷᠠᠨ ᠠᠵᠢᠯᠯᠠᠳᠠᠭ᠃ ᠮᠥᠨ ᠴᠤ ᠤᠢᠢᠷᠠᠯᠴᠠᠭ᠎ᠠ ᠰᠠᠭᠤᠭ᠎ᠠ ᠠᠶᠢᠯ ᠬᠦᠷᠰᠢ ᠶᠢᠨ ᠭᠡᠤᠭᠡᠳ ᠤᠳ ᠦᠷᠬᠦᠯᠵᠢ ᠬᠠᠮᠳᠤ ᠨᠠᠭᠠᠳᠤᠳᠠᠭ᠃ ᠭᠡᠷ ᠤᠨ ᠠᠬᠠᠮᠠᠳ ᠨᠢ ᠦᠪᠡᠷ ᠤᠨ ᠭᠡᠤᠭᠡᠳ ᠲᠡᠭᠡᠨ ᠠᠶᠢᠯ ᠤᠨ ᠭᠡᠤᠭᠡᠳ ᠢ ᠮᠠᠭᠤᠯᠠᠵᠤ ᠪᠤᠯᠬᠤ ᠦᠭᠡᠢ᠂ ᠭᠡᠷᠡᠯᠳᠤᠵᠤ ᠪᠤᠯᠬᠤ ᠦᠭᠡᠢ᠂ ᠴᠤᠬᠢᠯᠳᠤᠵᠤ ᠪᠤᠯᠬᠤ ᠦᠭᠡᠢ ᠭᠡᠵᠤ ᠦᠷᠬᠦᠯᠵᠢ ᠵᠠᠬᠢᠳᠠᠭ᠃ ᠲᠡᠷᠡ ᠦᠶ᠎ᠠ ᠶᠢᠨ ᠭᠡᠤᠭᠡᠳ ᠤᠨ ᠨᠠᠭᠠᠳᠬᠤ ᠭᠤᠤᠯ ᠨᠠᠭᠠᠳᠤᠮ ᠪᠤᠯ᠄ ᠱᠠᠭᠠᠢ ᠨᠠᠭᠠᠳᠬᠤ ︵ᠱᠠᠭᠠᠢ ᠬᠠᠷᠪᠤᠬᠤ᠂ ᠮᠤᠷᠢ ᠤᠷᠤᠯᠳᠤᠬᠤ᠂ ᠱᠠᠭᠠᠢ ᠰᠤᠮᠤᠯᠠᠬᠤ᠂ ᠲᠠᠭ᠎ᠠ ᠪᠠᠷᠢᠬᠤ᠂ ᠬᠠᠰ ᠬᠠᠷᠪᠤᠬᠤ᠂ ᠰᠧᠶᠧᠷ ᠤᠷᠬᠢᠬᠤ᠂ ᠲᠠᠭᠤ ᠦᠭᠡᠢ ᠲᠤᠯᠤᠭ᠎ᠠ᠂ ᠮᠤᠷᠢ ᠰᠠᠭᠤᠯᠭᠠᠬᠤ ᠵᠠᠷᠭᠡ ᠠᠷᠪᠡᠨ ᠭᠡᠳᠤᠨ ᠵᠦᠢᠯ ᠪᠤᠯᠭᠠᠨ ᠬᠤᠪᠢᠷᠠᠭᠤᠯᠵᠤ ᠨᠠᠭᠠᠳᠳᠠᠭ ᠪᠠᠶᠢᠭᠰᠠᠨ︶᠂ ᠨᠢᠭᠤᠭᠳᠠᠵᠦ ᠨᠠᠭᠠᠳᠬᠤ᠂ ᠴᠥ᠋ ᠬᠠᠶᠠᠬᠤ᠂ ᠠᠶᠢᠯ ᠭᠡᠷ ᠪᠤᠯᠤᠯᠴᠠᠬᠤ᠂ ᠲᠠᠪᠡᠭ ᠢᠰᠬᠦᠯᠬᠦ᠂ ᠠᠯᠴᠢᠭᠤᠷ ᠬᠠᠶᠠᠬᠤ᠂ ᠲᠡᠭᠡᠰᠤ ᠦᠰᠥᠷᠬᠦ᠂ ᠴᠢᠨ᠋᠊ ᠤᠠ᠋ ᠬᠦᠷᠥᠭᠡᠰᠤ ᠪᠠᠷᠢᠬᠤ ᠵᠠᠷᠭᠡ ᠮᠠᠰᠢ ᠠᠷᠪᠢᠨ ᠨᠠᠭᠠᠳᠤᠮ ᠪᠠᠶᠢᠳᠠᠭ᠃ ᠨᠠᠭᠠᠳᠬᠤ ᠪᠤᠯ ᠭᠡᠤᠭᠡᠳ ᠤᠨ ᠨᠢᠭᠡ ᠡᠳᠤᠷ ᠤᠨ ᠭᠤᠤᠯ ᠠᠵᠢᠯ ᠮᠦᠨ᠃ ᠡᠳᠡᠭᠡᠷ ᠨᠠᠭᠠᠳᠤᠮ ᠢᠶᠠᠷ ᠲᠠᠮᠵᠢᠨ ᠭᠡᠤᠭᠡᠳ ᠤᠨ ᠪᠡᠶ᠎ᠠ ᠶᠢᠨ ᠦᠰᠥᠯᠳᠡ ᠲᠥᠷᠭᠡᠨ ᠪᠤᠯᠬᠤ᠂ ᠬᠦᠳᠡᠯᠦᠯ ᠪᠠᠷᠢᠯ ᠭᠠᠪᠰᠢᠭᠠᠢ ᠪᠤᠯᠬᠤ᠂ ᠤᠶᠤᠨ ᠪᠢᠯᠢᠭ ᠤᠨ ᠨᠡᠭᠡᠭᠡᠯᠳᠡ ᠬᠤᠷᠳᠤᠨ ᠪᠤᠯᠬᠤ ᠵᠠᠷᠭᠡ ᠠᠷᠪᠢᠨ ᠰᠠᠶᠢᠡᠳᠡᠢ ᠭᠠᠵᠠᠷ ᠪᠠᠶᠢᠳᠠᠭ ᠪᠠᠶᠢᠵᠠᠢ᠃ ᠠᠶᠢᠯ ᠬᠦᠷᠰᠢ ᠶᠢᠨ ᠬᠦᠮᠤᠰ ᠭᠠᠳᠠᠭᠰᠢ ᠭᠠᠷᠬᠤ ᠶᠠᠪᠤᠳᠠᠯ ᠲᠠᠢ ᠪᠤᠯᠪᠡᠯ᠂ ᠲᠡᠳᠡᠨ ᠢ ᠤᠷᠤᠯᠠᠨ ᠭᠡᠷ ᠤᠨ ᠠᠵᠢᠯ ᠢ ᠨᠢ ᠬᠢᠬᠦ᠂ ᠮᠠᠯ ᠤᠨᠤᠭ᠎ᠠ ᠶᠢ ᠨᠢ ᠠᠷᠠᠴᠢᠯᠡᠨ ᠬᠠᠮᠢᠶᠠᠷᠬᠤ᠂ ᠡᠳ᠋ᠯᠡᠯ ᠭᠡᠷᠡᠭᠰᠡᠯ ᠢ ᠨᠢ ᠬᠠᠮᠠᠭᠠᠯᠠᠵᠤ ᠦᠭᠳᠡᠭ᠃ ᠢᠯᠠᠩᠭᠤᠶ᠎ᠠ ᠨᠠᠰᠤᠳᠡᠨ ᠲᠤᠮᠤᠭᠠᠳᠠᠨ ᠲᠠᠢ ᠠᠶᠢᠯ ᠬᠦᠷᠰᠢ ᠶᠢᠨ ᠳᠤ ᠪᠠᠨ ᠦᠪᠡᠷ ᠤᠨ ᠭᠡᠤᠭᠡᠳ ᠢᠶᠠᠷ ᠢᠶᠠᠨ ᠴᠠᠢ ᠶᠢᠨ ᠰᠥ᠋᠂ ᠱᠥᠯᠦᠨ ᠤ ᠮᠢᠬ᠎ᠠ ᠬᠦᠷᠭᠡᠭᠡᠯᠬᠡᠳᠡᠭ᠃ ᠡᠪᠤᠭᠡᠳ ᠬᠦᠭᠰᠢᠳ᠂ ᠡᠪᠡᠳᠴᠢᠨ ᠲᠠᠢ ᠬᠦᠮᠤᠨ᠂ ᠶᠠᠳᠠᠭᠤ ᠬᠦᠴᠢᠷᠳᠡᠯ ᠲᠠᠢ ᠠᠶᠢᠯ ᠤᠨ ᠭᠡᠤᠭᠡᠳ ᠢ ᠠᠯᠢ ᠪᠤᠯᠬᠤ ᠪᠠᠷ ᠬᠠᠪᠰᠤᠷᠤᠨ ᠲᠠᠮᠵᠢᠵᠤ᠂ ᠬᠡᠤᠬᠡᠳ ᠢᠶᠠᠨ ᠬᠦᠮᠤᠨ ᠲᠠᠢ ᠡᠪ ᠨᠠᠶᠢᠷ ᠲᠠᠢ᠂ ᠡᠶ᠎ᠡ ᠪᠥᠯᠬᠦᠮᠳᠡᠯ ᠲᠠᠢ ᠪᠠᠶᠢᠬᠤ ᠰᠠᠶᠢᠬᠠᠨ ᠵᠠᠩ ᠲᠠᠳᠬᠠᠯ ᠲᠠᠢ ᠬᠦᠮᠤᠨ ᠪᠤᠯᠭᠠᠬᠤ ᠪᠠᠷ ᠴᠢᠷᠮᠠᠶᠢᠳᠠᠭ᠃ ᠶᠡᠷᠥᠩᠭᠡᠶᠢᠯᠡᠪᠡᠯ᠂ ᠭᠡᠤᠭᠡᠳ ᠪᠤᠯ ᠮᠡᠨ ᠤ ᠢᠷᠡᠭᠡᠳᠥᠢ ᠮᠦᠨ᠃ ᠭᠡᠤᠭᠡᠳ ᠢ ᠬᠦᠮᠤᠵᠢᠬᠦᠯᠬᠦ ᠶᠠᠪᠤᠳᠠᠯ ᠨᠢ᠂ ᠠᠶᠢᠯ ᠡᠷᠥᠭᠡ᠂ ᠦᠡᠳᠤᠰᠤᠳᠡᠨ ᠶᠠᠰᠤᠳᠡᠨ᠂ ᠤᠯᠤᠰ ᠭᠡᠷ ᠤᠨ ᠢᠷᠡᠭᠡᠳᠥᠢ ᠳᠤ ᠬᠤᠯᠪᠤᠭᠳᠠᠬᠤ ᠲᠤᠮᠤ ᠶᠡᠭᠡ ᠠᠰᠠᠭᠤᠳᠠᠯ ᠮᠦᠨ᠃ ᠡᠶᠢᠮᠤ ᠠᠴᠠ ᠭᠡᠤᠭᠡᠳ ᠪᠠᠭᠠᠴᠤᠳ ᠢ ᠰᠤᠷᠭᠠᠨ ᠬᠦᠮᠤᠵᠢᠬᠦᠯᠬᠦ᠂ ᠵᠢᠭᠠᠨ ᠲᠤᠳᠤᠮᠳᠠᠬᠤ ᠶᠠᠪᠤᠳᠠᠯ ᠨᠢ ᠪᠥᠬᠦ ᠨᠠᠮ ᠵᠠᠰᠠᠭ᠂ ᠪᠥᠬᠦ ᠨᠠᠶᠢᠭᠡᠮ ᠤᠨ ᠬᠠᠮᠳᠤ ᠶᠢᠨ ᠬᠠᠷᠢᠭᠤᠴᠠᠯᠭ᠎ᠠ᠂ ᠬᠠᠮᠳᠤ ᠶᠢᠨ ᠡᠬᠦᠷᠭᠡ ᠪᠠᠨ ᠪᠤᠯᠭᠠᠬᠤ ᠭᠡᠷᠡᠭᠳᠡᠢ᠃ ︵ᠰᠸᠠᠳᠠᠵᠠᠪ︶
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号