ᠭᠤᠴᠢᠳ ᠬᠠᠳᠠ | ᠴᠠᠭ ᠬᠤᠭᠤᠴᠠᠭᠠᠨ ᠤ ᠨᠡᠭᠦᠳᠡᠯ | | ᠴᠠᠭ ᠬᠤᠭᠤᠴᠠᠭ᠎ᠠ | ᠳᠡᠪᠡᠯ ᠢᠶᠠᠨ ᠣᠷᠬᠢᠭᠠᠳ ᠨᠡᠭᠦᠴᠢᠬᠡᠵᠡᠢ | ᠳᠡᠪᠡᠯ ᠤᠨ ᠬᠢᠨᠢ ᠬᠤᠷᠮᠤᠢ ᠳᠤ | ᠬᠥᠮᠥᠰ ᠴᠠᠭ ᠬᠤᠭᠤᠴᠠᠭ᠎ᠠ ᠪᠠᠨ ᠦᠭᠡᠶᠢᠯᠡᠵᠦ ᠰᠠᠭᠤᠨ᠎ᠠ | ᠬᠠᠩᠭᠠᠢ ᠲᠡᠷᠭᠡ ᠲᠠᠢ ᠬᠡᠰᠡᠭ ᠬᠥᠮᠥᠰ | ᠳᠣᠷ᠎ᠠ ᠲᠠᠢ ᠳᠤᠷ᠎ᠠ ᠦᠭᠡᠢ | ᠴᠠᠭ ᠬᠤᠭᠤᠴᠠᠭᠠᠨ ᠤ ᠬᠤᠶᠢᠨ᠎ᠠ ᠠᠴᠠ ᠨᠡᠭᠦᠵᠡᠭᠡᠨᠡ | ᠶᠠᠭ ᠯᠡ ᠳᠤᠲᠠᠭᠤ ᠣᠷᠬᠢᠭᠰᠠᠨ ᠰᠢᠯᠦᠭ ᠤᠨ ᠮᠥᠷ ᠰᠢᠭ | ᠪᠦᠲᠦᠨ ᠪᠣᠯᠬᠤ ᠶᠢᠨ ᠵᠠᠶᠠᠭ᠎ᠠ ᠦᠭᠡᠢ ᠴᠦ | ᠪᠣᠷᠤᠩᠬᠤᠶᠢᠯᠠᠵᠤ᠂ ᠡᠰᠡᠭᠦᠯ᠎ᠡ ᠪᠣᠳᠤᠯᠭ᠎ᠠ ᠦᠭᠡᠢ ᠪᠠᠷ ᠦᠷᠭᠦᠯᠵᠢᠯᠡᠨ᠎ᠡ | 2014.2.13 |