ᠰᠤᠷᠭᠠᠨ ᠬᠥᠮᠤᠵᠢᠯ ᠤᠨ ᠶᠠᠮᠤᠨ᠄ ︽ᠬᠤᠪᠢ ᠬᠥᠮᠤᠨ ᠤ ᠪᠠᠶᠢᠭᠤᠯᠤᠭᠰᠠᠨ ᠬᠡᠤᠭᠡᠳ ᠤᠨ ᠴᠡᠴᠡᠷᠯᠢᠭ ᠢ ᠦᠭᠡᠢ ᠪᠤᠯᠭᠠᠨ᠎ᠠ︾ ᠭᠡᠳᠡᠭ ᠪᠤᠯ ᠠᠳᠡᠬᠦᠤ ᠦᠢᠯᠠᠭᠠᠯᠳᠠ ᠮᠦᠨ
ᠨᠡᠶᠢᠲᠡᠯᠡᠭᠰᠡᠨ ᠴᠠᠭ᠄
2019/3/22
     ︽ᠠᠰᠢᠭ ᠬᠤᠨᠵᠢᠪᠤᠷᠢ ᠤᠯᠬᠤ ᠴᠢᠨᠠᠷᠳᠠᠢ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠵᠤ ᠪᠤᠯᠬᠤ ᠦᠭᠡᠢ︾ ᠬᠡᠳᠡᠭ ᠨᠢ ᠤᠷᠤᠨ ᠰᠠᠭᠤᠴᠠ ᠶᠢᠨ ᠵᠢᠵᠢᠭ ᠲᠤᠭᠤᠷᠢᠭ ᠤᠨ ᠭᠡᠤᠭᠡᠳ ᠤᠨ ᠴᠡᠴᠡᠷᠯᠢᠭ ᠢ ᠲᠤᠰᠬᠠᠢ ᠵᠢᠭᠠᠵᠤ ᠪᠠᠶᠢᠨ᠎ᠠ      ᠠᠷᠠᠳ ᠤᠨ ᠡᠳᠤᠷ ᠤᠨ ᠰᠤᠨᠢᠨ ᠤ ᠪᠡᠭᠡᠵᠢᠩ ᠤᠨ 1 ᠰᠠᠷ᠎ᠠ ᠶᠢᠨ 28 ᠤ ᠡᠳᠤᠷ ᠤᠨ ᠮᠡᠳᠡᠭᠡ      ︵ᠰᠤᠷᠪᠤᠯᠵᠢᠯᠠᠭᠴᠢ ᠵᠠᠩ ᠱᠦᠸᠧ︶ ᠲᠦᠷᠤᠬᠦᠭᠡᠨ᠂ ᠤᠨᠴᠠ ᠵᠠᠷᠢᠮ ᠬᠤᠪᠢ ᠶᠢᠨ ᠵᠠᠭᠤᠴᠢᠯᠠᠭᠤᠷ ᠬᠤᠯᠪᠤᠬᠳᠠᠯ ᠪᠦᠬᠦᠢ ᠲᠦᠷᠤ ᠶᠢᠨ ᠪᠤᠳᠤᠯᠭ᠎ᠠ ᠶᠢ ︽ᠬᠤᠪᠢ ᠬᠥᠮᠤᠨ ᠤ ᠪᠠᠶᠢᠭᠤᠯᠤᠭᠰᠠᠨ ᠬᠡᠤᠭᠡᠳ ᠤᠨ ᠴᠡᠴᠡᠷᠯᠢᠭ ᠲᠡᠤᠭᠡ ᠶᠢᠨ ᠲᠡᠪᠴᠡᠩ ᠠᠴᠠ ᠤᠬᠤᠷᠢᠨ ᠭᠠᠷᠬᠤ ᠪᠠᠷ ᠪᠠᠶᠢᠨ᠎ᠠ︾ ᠭᠡᠵᠤ ᠠᠳᠡᠬᠦᠤ ᠪᠠᠷ ᠦᠢᠯᠠᠭᠠᠵᠤ ᠪᠠᠶᠢᠪᠠ᠃ ᠰᠤᠷᠭᠠᠨ ᠬᠥᠮᠤᠵᠢᠯ ᠤᠨ ᠶᠠᠮᠤᠨ ᠬᠠᠷᠢᠭᠤ ᠲᠤᠰᠬᠠᠬᠤ ᠳᠠᠭᠠᠨ᠂ ︽ᠠᠰᠢᠭ ᠬᠤᠨᠵᠢᠪᠤᠷᠢ ᠤᠯᠬᠤ ᠴᠢᠨᠠᠷᠳᠠᠢ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠵᠤ ᠪᠤᠯᠬᠤ ᠦᠭᠡᠢ︾ ᠬᠡᠳᠡᠭ ᠲᠤᠬᠳᠠᠭᠠᠯ ᠤᠨ ᠲᠤᠬᠠᠢ᠂ ᠡᠨᠡ ᠨᠢ ᠤᠷᠤᠨ ᠰᠠᠭᠤᠴᠠ ᠶᠢᠨ ᠵᠢᠵᠢᠭ ᠲᠤᠭᠤᠷᠢᠭ ᠤᠨ ᠭᠡᠤᠭᠡᠳ ᠤᠨ ᠴᠡᠴᠡᠷᠯᠢᠭ ᠢ ᠲᠤᠰᠬᠠᠢ ᠵᠢᠭᠠᠵᠤ ᠪᠠᠶᠢᠨ᠎ᠠ᠂ ᠪᠤᠰᠤᠳ ᠲᠠᠯᠠᠪᠤᠷ ᠭᠠᠵᠠᠷ ᠤᠨ ᠠᠷᠠᠳ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠨᠢ ᠠᠰᠢᠭ ᠬᠤᠨᠵᠢᠪᠤᠷᠢ ᠤᠯᠬᠤ ᠴᠢᠨᠠᠷᠳᠠᠢ ᠠᠷᠠᠳ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠪᠤᠶᠤ ᠠᠰᠢᠭ ᠬᠤᠨᠵᠢᠪᠤᠷᠢ ᠤᠯᠬᠤ ᠴᠢᠨᠠᠷᠳᠠᠢ ᠪᠤᠰᠤ ᠠᠷᠠᠳ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠬᠤ ᠶᠢ ᠮᠦᠨ ᠬᠦ ᠪᠡᠶ᠎ᠡ ᠪᠠᠨ ᠲᠠᠭᠠᠭᠠᠨ ᠰᠤᠩᠭᠤᠵᠤ ᠪᠤᠯᠬᠤ ᠪᠦᠭᠡᠳ ᠤᠯᠤᠰ ᠪᠠ ᠤᠷᠤᠨ ᠨᠤᠳᠤᠭ ᠤᠨ ᠲᠤᠬᠳᠠᠭᠠᠭᠰᠠᠨ ᠠᠷᠠᠳ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠢ ᠲᠡᠳᠬᠦᠨ ᠲᠡᠮᠵᠢᠬᠦ ᠬᠤᠯᠪᠤᠬᠳᠠᠯ ᠪᠦᠬᠦᠢ ᠲᠦᠷᠤ ᠶᠢᠨ ᠪᠤᠳᠤᠯᠭ᠎ᠠ ᠶᠢ ᠡᠳ᠋ᠯᠡᠨ᠎ᠠ᠃ ᠤᠯᠤᠰ ᠤᠨ ᠲᠦᠷᠤ ᠶᠢᠨ ᠪᠤᠳᠤᠯᠭ᠎ᠠ ᠠᠴᠠ ᠠᠪᠴᠤ ᠦᠵᠡᠪᠡᠯ᠂ ᠬᠤᠪᠢ ᠬᠥᠮᠤᠨ ᠤ ᠪᠠᠶᠢᠭᠤᠯᠤᠭᠰᠠᠨ ᠬᠡᠤᠭᠡᠳ ᠤᠨ ᠴᠡᠴᠡᠷᠯᠢᠭ ᠪᠤᠶᠤ ᠠᠰᠢᠭ ᠬᠤᠨᠵᠢᠪᠤᠷᠢ ᠤᠯᠬᠤ ᠴᠢᠨᠠᠷᠳᠠᠢ ᠠᠷᠠᠳ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠢ ᠲᠡᠤᠭᠡ ᠶᠢᠨ ᠲᠡᠪᠴᠡᠩ ᠠᠴᠠ ᠭᠠᠷᠭᠠᠨ᠎ᠠ ᠭᠡᠳᠡᠭ ᠬᠡᠯᠡᠯᠭᠡ ᠪᠤᠯ ᠶᠡᠷᠤ ᠠᠴᠠ ᠤᠷᠤᠰᠢᠬᠤ ᠦᠭᠡᠢ ᠶᠤᠮ ᠭᠡᠵᠤ ᠢᠯᠡᠷᠭᠡᠶᠢᠯᠡᠪᠡ᠃      ︽ᠰᠤᠷᠬᠤ ᠨᠠᠰᠤᠨ ᠠᠴᠠ ᠡᠮᠦᠨᠡᠬᠢ ᠰᠤᠷᠭᠠᠨ ᠬᠦᠮᠦᠵᠢᠯ ᠤᠨ ᠦᠭᠡᠷᠡᠴᠢᠯᠡᠯᠲᠡ ᠶᠢ ᠬᠦᠨᠵᠡᠭᠡᠶᠢᠷᠡᠬᠦᠯᠦᠨ ᠬᠦᠭᠵᠢᠯᠲᠡ ᠶᠢ ᠵᠢᠷᠤᠮᠵᠢᠭᠤᠯᠬᠤ ᠲᠤᠬᠠᠢ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠦᠪ ᠬᠤᠷᠢᠶ᠎ᠠ ᠲᠦᠷᠦ  ᠶᠢᠨ ᠶᠠᠪᠤᠳᠠᠯ ᠤᠨ ᠬᠤᠷᠢᠶᠠᠨ ᠤ ᠰᠠᠨᠠᠯ ᠤᠳ︾ ᠲᠤ᠂ ᠤᠷᠤᠨ ᠰᠠᠭᠤᠴᠠ ᠶᠢᠨ ᠵᠢᠵᠢᠭ ᠲᠤᠭᠤᠷᠢᠭ ᠤᠨ ᠭᠡᠤᠭᠡᠳ ᠤᠨ ᠴᠡᠴᠡᠷᠯᠢᠭ ᠤᠨ ᠪᠠᠶᠢᠭᠤᠯᠤᠯᠳᠡ ᠬᠡᠷᠡᠭᠯᠡᠯᠳᠡ ᠶᠢ ᠵᠢᠷᠤᠮᠵᠢᠭᠤᠯᠬᠤ ᠶᠢᠨ ᠬᠠᠮᠳᠤ ᠤᠷᠤᠨ ᠰᠠᠭᠤᠴᠠ ᠶᠢᠨ ᠵᠢᠵᠢᠭ ᠲᠤᠭᠤᠷᠢᠭ ᠤᠨ ᠭᠡᠤᠭᠡᠳ ᠤᠨ ᠴᠡᠴᠡᠷᠯᠢᠭ ᠢ ᠲᠦᠯᠤᠪᠵᠢᠬᠦᠯᠬᠦ᠂ ᠪᠦᠳᠤᠭᠡᠨ ᠪᠠᠶᠢᠭᠤᠯᠬᠤ᠂ ᠰᠢᠯᠵᠢᠬᠦᠯᠤᠨ ᠲᠤᠰᠢᠶᠠᠬᠤ᠂ ᠡᠷᠬᠢᠯᠡᠬᠦ ᠵᠡᠷᠭᠡ ᠭᠤᠭᠴᠤᠭ᠎ᠠ ᠳᠤ ᠤᠷᠤᠰᠢᠵᠤ ᠪᠠᠶᠢᠭ᠎ᠠ ᠠᠰᠠᠭᠤᠳᠠᠯ ᠢ ᠴᠡᠭᠴᠡᠯᠡᠨ ᠵᠠᠰᠠᠬᠤ ᠬᠡᠷᠡᠭᠳᠠᠢ᠂ ᠬᠤᠳᠠ ᠪᠠᠯᠭᠠᠰᠤᠨ ᠤ ᠤᠷᠤᠨ ᠰᠠᠭᠤᠴᠠ ᠶᠢᠨ ᠵᠢᠵᠢᠭ ᠲᠤᠭᠤᠷᠢᠭ ᠤᠨ ᠭᠡᠤᠭᠡᠳ ᠤᠨ ᠴᠡᠴᠡᠷᠯᠢᠭ ᠢ ᠠᠯᠪᠠᠨ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠬᠤ ᠪᠤᠶᠤ ᠨᠠᠶᠢᠳᠠᠯᠭ᠎ᠠ ᠪᠠᠷ ᠲᠦᠭᠡᠮᠡᠯ ᠬᠠᠷᠠᠭᠠᠯᠵᠠᠯ ᠤᠨ ᠴᠢᠨᠠᠷᠳᠠᠢ ᠠᠷᠠᠳ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠬᠤ ᠬᠡᠷᠡᠭᠳᠠᠢ᠂ ᠠᠰᠢᠭ ᠬᠤᠨᠵᠢᠪᠤᠷᠢ ᠤᠯᠬᠤ ᠴᠢᠨᠠᠷᠳᠠᠢ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠵᠤ ᠪᠤᠯᠬᠤ ᠦᠭᠡᠢ ᠭᠡᠵᠤ ᠱᠠᠭᠠᠷᠳᠠᠪᠠ᠃ ︽ᠰᠠᠨᠠᠯ ᠤᠳ︾ ᠢ ᠨᠠᠶᠢᠳᠠᠪᠤᠷᠢᠵᠢᠭᠤᠯᠬᠤ ᠶᠢᠨ ᠲᠤᠯᠠᠳᠠ᠂ ᠲᠦᠷᠤ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ︽ᠬᠤᠳᠠ ᠪᠠᠯᠭᠠᠰᠤᠨ ᠤ ᠤᠷᠤᠨ ᠰᠠᠭᠤᠴᠠ ᠶᠢᠨ ᠵᠢᠵᠢᠭ ᠲᠤᠭᠤᠷᠢᠭ ᠤᠨ ᠭᠡᠤᠭᠡᠳ ᠤᠨ ᠴᠡᠴᠡᠷᠯᠢᠭ ᠢ ᠵᠠᠰᠠᠬᠤ ᠠᠵᠢᠯ ᠢ ᠦᠷᠨᠢᠬᠦᠯᠬᠦ ᠲᠤᠬᠠᠢ ᠮᠡᠳᠡᠭᠳᠡᠯ︾ ᠪᠠᠭᠤᠯᠭᠠᠵᠤ᠂ ᠬᠤᠳᠠ ᠪᠠᠯᠭᠠᠰᠤᠨ ᠤ ᠤᠷᠤᠨ ᠰᠠᠭᠤᠴᠠ ᠶᠢᠨ ᠵᠢᠵᠢᠭ ᠲᠤᠭᠤᠷᠢᠭ  ᠲᠤ ᠪᠠᠷᠢᠮᠵᠢᠶ᠎ᠠ ᠲᠤᠬᠢᠷᠠᠭᠤᠯᠭ᠎ᠠ ᠶᠤᠰᠤᠭᠠᠷ ᠭᠡᠤᠭᠡᠳ ᠤᠨ ᠴᠡᠴᠡᠷᠯᠢᠭ ᠲᠤᠬᠢᠷᠠᠭᠤᠯᠤᠨ ᠪᠠᠶᠢᠭᠤᠯᠬᠤ ᠬᠡᠷᠡᠭᠳᠠᠢ᠂ ᠭᠡᠬᠦ  ᠳᠡᠭᠡᠨ ᠠᠯᠪᠠᠨ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠬᠤ ᠪᠤᠶᠤ ᠨᠠᠶᠢᠳᠠᠯᠭ᠎ᠠ ᠪᠠᠷ ᠲᠦᠭᠡᠮᠡᠯ ᠬᠠᠷᠠᠭᠠᠯᠵᠠᠯ ᠤᠨ ᠴᠢᠨᠠᠷᠳᠠᠢ ᠠᠷᠠᠳ ᠠᠴᠠ ᠡᠷᠬᠢᠯᠡᠭᠰᠡᠨ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠬᠤ ᠬᠡᠷᠡᠭᠳᠠᠢ᠂ ᠠᠰᠢᠭ ᠬᠤᠨᠵᠢᠪᠤᠷᠢ ᠤᠯᠬᠤ ᠴᠢᠨᠠᠷᠳᠠᠢ ᠭᠡᠤᠭᠡᠳ ᠤᠨ ᠴᠡᠴᠡᠷᠯᠢᠭ ᠪᠤᠯᠭᠠᠨ ᠪᠠᠶᠢᠭᠤᠯᠵᠤ ᠪᠤᠯᠬᠤ ᠦᠭᠡᠢ ᠭᠡᠵᠤ ᠲᠠᠬᠢᠨᠳᠠ ᠢᠯᠡᠷᠭᠡᠶᠢᠯᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号