ᠪᠤᠭ ᠮᠠᠯ ᠤᠨ ᠭᠡᠳᠡᠰᠦ ᠬᠦᠭᠡᠭᠡᠬᠦ ᠭᠡᠮ ᠢ ᠬᠡᠷᠬᠢᠨ ᠡᠮ ᠬᠡᠷᠡᠭᠯᠡᠬᠦ ᠦᠭᠡᠢ ᠪᠠᠷ ᠵᠠᠰᠠᠬᠤ ᠪᠤᠢ
ᠨᠡᠶᠢᠲᠡᠯᠡᠭᠰᠡᠨ ᠴᠠᠭ᠄
2020/5/12
       ᠵᠤᠨ ᠤ ᠤᠯᠠᠷᠢᠯ ᠳᠤ ᠬᠤᠨᠢ ᠢᠮᠠᠭ᠎ᠠ ᠰᠢᠭᠦᠳᠡᠷᠢ ᠲᠠᠢ ᠭᠠᠪᠢᠷ᠎ᠠ ᠴᠡᠴᠡᠭ ᠪᠤᠶᠤ ᠬᠦᠴᠢᠩᠭᠢ ᠶᠢ ᠢᠳᠡᠪᠡᠯ ᠬᠢᠯᠪᠠᠷᠬᠠᠨ ᠭᠡᠳᠡᠰᠦ ᠬᠦᠭᠡᠭᠡᠳᠡᠭ᠃ ᠬᠡᠷᠪᠡ ᠴᠠᠭ ᠲᠤᠬᠠᠢ ᠳᠤᠨᠢ ᠡᠮᠨᠡᠨ ᠵᠠᠰᠠᠬᠤ ᠦᠭᠡᠢ ᠪᠤᠯ ᠦᠬᠦᠵᠦ ᠮᠡᠳᠡᠨ᠎ᠡ᠃ ᠳᠤᠤᠷ᠎ᠠ ᠬᠡᠳᠦᠨ ᠵᠦᠢᠯ ᠤᠨ ᠳᠦᠭᠦᠮ ᠠᠷᠭ᠎ᠠ ᠲᠠᠨᠢᠯᠴᠠᠭᠤᠯᠤᠶ᠎ᠠ᠃       1.ᠬᠤᠨᠢ ᠢᠮᠠᠭᠠᠨ ᠤ ᠭᠡᠳᠡᠰᠦ ᠬᠦᠭᠡᠭᠡᠵᠦ ᠪᠠᠶᠢᠬᠤ ᠶᠢ ᠮᠡᠳᠡᠮᠡᠭᠴᠡ ᠡᠪᠡᠰᠦ ᠢᠳᠡᠬᠦ ᠶᠢ ᠨᠢ ᠵᠤᠭᠰᠤᠭᠠᠵᠤ᠂ ᠡᠪᠡᠰᠦ ᠪᠠ ᠮᠤᠳᠤᠨ ᠨᠠᠮᠠᠭ᠎ᠠ ᠶᠢ ᠲᠠᠮᠤᠭᠠᠳ ᠠᠮᠠᠨ ᠳᠤᠨᠢ ᠤᠶᠠᠵᠤ ᠬᠠᠵᠠᠯᠠᠭᠤᠯᠤᠨ᠎ᠠ᠃ ᠬᠠᠵᠠᠯᠠᠬᠤ ᠬᠦᠳᠡᠯᠭᠡᠭᠡᠨ ᠢᠶᠠᠷ ᠳᠠᠮᠵᠢᠵᠤ ᠡᠪᠡᠳᠴᠢᠨ ᠤ ᠰᠢᠨᠵᠢ ᠲᠡᠮᠳᠡᠭ ᠨᠢ ᠠᠭᠠᠵᠢᠮ ᠢᠶᠠᠷ ᠠᠷᠢᠯᠤᠨ᠎ᠠ᠃       2.ᠬᠤᠨᠢ ᠢᠮᠠᠭᠠᠨ ᠤ ᠭᠡᠳᠡᠰᠦ ᠨᠡᠯᠢᠶᠡᠳ ᠰᠦᠷᠡᠬᠡᠢ ᠬᠦᠭᠡᠭᠡᠵᠦ ᠪᠠᠶᠢᠪᠠᠯ ᠪᠦᠳᠦᠭᠦᠨ ᠰᠢᠭ ᠲᠠᠷᠢᠯᠭ᠎ᠠ ᠶᠢᠨ ᠵᠡᠭᠦᠦ ᠶᠢ ᠬᠤᠲᠤᠭᠤᠳᠤᠨ ᠬᠡᠰᠡᠭ ᠲᠤᠨᠢ ᠬᠠᠳᠬᠤᠵᠤ ᠲᠠᠯᠪᠢᠨ᠎ᠠ᠃ ᠬᠤᠶᠠᠷ ᠭᠤᠷᠪᠠᠨ ᠵᠡᠭᠦᠦ ᠬᠠᠳᠬᠤᠪᠠᠯ ᠬᠤᠲᠤᠭᠤᠳᠤᠨ ᠳᠤᠲᠤᠷᠠᠬᠢ ᠬᠡᠢ ᠨᠢ ᠠᠶᠠᠨᠳᠠᠭᠠᠨ ᠭᠠᠳᠠᠭᠰᠢᠯᠠᠵᠤ ᠡᠪᠡᠳᠴᠢᠨ ᠨᠢ ᠮᠠᠰᠢ ᠲᠦᠷᠭᠡᠨ ᠡᠳᠡᠭᠡᠷᠡᠨ᠎ᠡ᠃             ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号