ᠮᠠᠰᠢ ᠤᠯᠠᠨ ᠵᠥᠢᠯ ᠤᠨ ᠲᠠᠵᠢᠭᠡᠯ ᠪᠤᠷᠳᠤᠭ᠎ᠠ ᠵᠢᠴᠢ ᠲᠠᠵᠢᠭᠡᠯ ᠪᠤᠷᠳᠤᠭᠠᠨ ᠤ ᠨᠠᠮᠠᠯᠳᠠ ᠡᠳ᠋ ᠨᠢ ᠭᠡᠮ | ᠭᠢᠵᠢᠭ ᠢ ᠰᠠᠷᠭᠡᠶᠢᠯᠠᠬᠦ ᠡᠮ ᠲᠠᠢ ᠡᠰᠠᠷᠬᠦᠴᠠᠯᠳᠤᠬᠦ ᠥᠢᠯᠠᠳᠤᠯ ᠭᠠᠷᠴᠤ᠂ ᠡᠮ ᠤᠨ ᠥᠢᠯᠠᠳᠤᠯ ᠢ | ᠲᠤᠷᠤᠭᠰᠢᠯᠠᠭᠤᠯᠳᠠᠭ᠃ ᠡᠶᠢᠮᠤ ᠠᠴᠠ ᠮᠠᠯ ᠵᠢᠬᠦᠷᠳᠠᠨ ᠳᠤ ᠡᠮ ᠭᠡᠷᠡᠭᠯᠠᠬᠦ ᠳᠡᠭᠡᠨ ᠵᠠᠷᠢᠮ ᠲᠠᠵᠢᠭᠡᠯ ᠪᠤᠷᠳᠤᠭ᠎ᠠ ᠭᠢᠭᠡᠳ | ᠲᠠᠵᠢᠭᠡᠯ ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠪᠠᠨ ᠵᠤᠭᠰᠤᠪᠠᠯ ᠵᠤᠭᠢᠨ᠎ᠠ᠃ | ⑴ ᠰᠧ ᠬᠤᠸᠠᠨ ᠰᠤ᠋᠂ ᠲᠥ᠋ ᠮᠸᠢ ᠰᠤ᠋ | ᠪᠤᠷᠴᠠᠭ ︵ᠰᠢᠷ᠎ᠠ ᠪᠤᠷᠴᠠᠭ ᠭᠢᠭᠡᠳ ᠬᠠᠷ᠎ᠠ ᠪᠤᠷᠴᠠᠭ︶ ᠲᠤ ᠺᠠᠯᠼ᠂ ᠮᠠᠭᠨᠢ ᠵᠠᠷᠭᠡ ᠡᠯᠧᠮᠧᠨ᠋ᠲ ᠨᠠᠯᠢᠶᠠᠳ | ᠠᠭᠤᠯᠵᠤ᠂ ᠡᠳᠠᠭᠡᠷ ᠡᠯᠧᠮᠧᠨ᠋ᠲ ᠨᠢ ᠰᠧ ᠬᠤᠸᠠᠨ ᠰᠤ᠋ ᠶᠢᠨ ᠲᠥᠷᠤᠯ ᠤᠨ ᠡᠮ ᠲᠠᠢ ᠤᠶᠠᠯᠳᠤᠪᠠᠯ ᠤᠰᠤᠨ ᠳᠤ | ᠠᠭᠤᠰᠬᠤ ᠥᠭᠡᠢ ᠰᠢᠩᠭᠡᠭᠡᠨ ᠠᠰᠢᠭᠯᠠᠬᠤ ᠳᠤ ᠴᠤ ᠬᠥᠴᠢᠷ ᠪᠤᠯᠵᠤ᠂ ᠡᠮ ᠤᠨ ᠥᠢᠯᠠᠳᠤᠯ ᠢ ᠲᠤᠷᠤᠭᠰᠢᠯᠠᠭᠤᠯᠳᠠᠭ᠃ | ᠰᠧ ᠬᠤᠸᠠᠨ ᠰᠤ᠋᠂ ᠲᠥ᠋ ᠮᠸᠢ ᠰᠤ᠋ ᠵᠠᠷᠭᠡ ᠨᠢᠶᠠᠨ ᠲᠠᠷᠤᠭᠴᠢ ᠡᠮ ᠭᠡᠷᠡᠭᠯᠠᠬᠦ ᠥᠶᠠᠰ ᠴᠢᠯᠠᠭᠤᠨ ᠲᠠᠯᠬ᠎ᠠ᠂ ᠶᠠᠰᠤᠨ | ᠲᠠᠯᠬ᠎ᠠ᠂ ᠥᠨᠳᠠᠭᠡᠨ ᠬᠠᠯᠢᠰᠤᠨ ᠲᠠᠯᠬ᠎ᠠ᠂ ᠴᠤᠬᠤᠢ ᠶᠢᠨ ᠲᠠᠯᠬ᠎ᠠ ᠵᠠᠷᠭᠡ ᠲᠠᠵᠢᠭᠡᠯ ᠪᠤᠷᠳᠤᠭᠠᠨ ᠤ ᠨᠠᠮᠠᠯᠳᠠ ᠡᠳ᠋ | ᠢᠶᠠᠷ ᠲᠠᠵᠢᠭᠡᠬᠦ ᠨᠢ ᠵᠤᠭᠢᠰ ᠥᠭᠡᠢ᠃ | ⑵ ᠬᠥᠬᠦᠷ ᠬᠥᠴᠢᠯ ᠤᠨ ᠤᠰᠤᠳᠦ᠋ᠷᠥᠭᠴᠢ ᠨᠠᠳ᠋ᠷᠢ | ᠰᠢᠰᠢ ᠳᠤ ᠲᠠᠨᠨᠢᠨ ᠬᠥᠴᠢᠯ ᠨᠠᠯᠢᠶᠠᠳ ᠡᠯᠪᠡᠭ ᠠᠭᠤᠯᠵᠤ᠂ ᠤᠨᠴᠠᠭᠠᠢᠢᠯᠠᠨ ᠡᠷᠯᠢᠰᠠᠵᠢᠬᠦᠯᠥᠭᠰᠠᠨ | ᠰᠢᠰᠢ ᠳᠤ ᠪᠠᠷᠤᠭ 23% ᠶᠢᠨ ᠲᠠᠨᠨᠢᠨ ᠬᠥᠴᠢᠯ ᠠᠭᠤᠯᠤᠨ᠂ ᠲᠠᠮᠤᠷ ᠠᠭᠤᠯᠬᠤ ᠡᠳ᠋ ᠤᠨ ᠴᠢᠨᠠᠷ ᠢ | ᠬᠤᠪᠢᠷᠠᠭᠤᠯᠳᠠᠭ᠃ ᠬᠥᠬᠦᠷ ᠬᠥᠴᠢᠯ ᠤᠨ ᠤᠰᠤᠳᠦ᠋ᠷᠥᠭᠴᠢ ᠨᠠᠳ᠋ᠷᠢ ᠪᠠᠷ ᠮᠠᠯ ᠵᠢᠬᠦᠷᠳᠠᠨ ᠤ ᠭᠡᠮ ᠢ ᠡᠮᠨᠠᠨ ᠵᠠᠰᠠᠬᠤ | ᠥᠶᠠᠰ᠂ ᠰᠢᠰᠢ ᠵᠠᠷᠭᠡ ᠲᠠᠨᠨᠢᠨ ᠬᠥᠴᠢᠯ ᠡᠯᠪᠡᠭ ᠠᠭᠤᠯᠤᠭᠰᠠᠨ ᠲᠠᠵᠢᠭᠡᠯ ᠪᠤᠷᠳᠤᠭ᠎ᠠ ᠪᠠᠷ ᠲᠠᠵᠢᠭᠡᠬᠦ ᠥᠭᠡᠢ ᠪᠤᠯ | ᠵᠤᠭᠢᠨ᠎ᠠ᠃ ᠤᠴᠢᠷ ᠨᠢ ᠲᠠᠨᠨᠢᠨ ᠬᠥᠴᠢᠯ ᠨᠢ ᠬᠥᠬᠦᠷ ᠬᠥᠴᠢᠯ ᠤᠨ ᠤᠰᠤᠳᠦ᠋ᠷᠥᠭᠴᠢ ᠨᠠᠳ᠋ᠷᠢ ᠶᠢ | ᠵᠠᠳᠠᠷᠠᠭᠤᠯᠤᠭᠰᠠᠨ ᠠᠴᠠ ᠪᠤᠯᠵᠤ ᠡᠮ ᠤᠨ ᠥᠢᠯᠠᠳᠤᠯ ᠢ ᠪᠠᠭᠤᠷᠠᠭᠤᠯᠬᠤ ᠪᠤᠶᠤ ᠥᠭᠡᠶᠢᠰᠭᠡᠳᠡᠭ᠃ | ⑶ ᠢᠪᠢᠯᠭᠡᠬᠦ ᠡᠮ | ᠮᠠᠯ ᠲᠥᠯᠯᠡᠭᠰᠠᠨ ᠤ ᠲᠠᠷᠠᠭ᠎ᠠ ᠰᠦ ᠠᠨᠠᠢ ᠠᠴᠠ ᠪᠤᠯᠵᠤ ᠢᠪᠢᠯᠭᠡᠬᠦ ᠡᠮ ᠭᠡᠷᠡᠭᠯᠠᠬᠦ ᠥᠶᠠᠰ ᠪᠤᠭᠤᠳᠠᠢ ᠶᠢᠨ | ᠨᠠᠭᠢᠶ᠎ᠠ ᠪᠠᠷ ᠲᠠᠵᠢᠭᠡᠬᠦ ᠶᠢ ᠴᠠᠭᠡᠷᠯᠠᠨ᠎ᠠ᠂ ᠤᠴᠢᠷ ᠨᠢ ᠪᠤᠭᠤᠳᠠᠢ ᠶᠢᠨ ᠨᠠᠭᠢᠶ᠎ᠠ ᠰᠦ ᠲᠠᠳᠠᠭᠤᠷᠠᠭᠤᠯᠬᠤ ᠥᠢᠯᠠᠳᠤᠯ ᠲᠠᠢ | ᠃ ᠱᠧᠩ ᠳ᠋ᠢ᠂ ᠱᠥ ᠳ᠋ᠢ᠂ ᠾᠧ ᠱᠸᠤ ᠡᠤ᠂ ᠪᠠᠨ ᠰᠢᠶ᠋ᠨ ᠵᠠᠷᠭᠡ ᠭᠢᠳᠠᠳ ᠡᠮ ᠭᠡᠷᠡᠭᠯᠠᠬᠦ ᠥᠶᠠᠰ ᠴᠢᠰᠤᠨ | ᠲᠠᠯᠬ᠎ᠠ ᠪᠠᠷ ᠲᠠᠵᠢᠭᠡᠬᠦ ᠶᠢ ᠴᠠᠭᠡᠷᠯᠠᠨ᠎ᠠ᠃ ᠲᠠᠷᠨ ᠨᠢ ᠡᠮ ᠤᠨ ᠢᠳᠠ ᠶᠢ ᠴᠢᠩᠭᠠᠷᠠᠭᠤᠯᠳᠠᠭ᠃ | ⑷ ᠳ᠋ᠢ ᠪᠠᠢ ᠴᠥᠩ | ᠳ᠋ᠢ ᠪᠠᠢ ᠴᠥᠩ ᠢ ᠭᠡᠷᠡᠭᠯᠠᠨ ᠮᠠᠯ ᠤᠨ ᠬᠤᠷᠤᠬᠠᠢ ᠬᠥᠭᠡᠭᠡᠬᠦ ᠥᠶᠠᠰ ᠪᠠᠭ᠎ᠠ ᠰᠤᠳᠠ ᠠᠭᠤᠯᠤᠭᠰᠠᠨ | ᠲᠠᠵᠢᠭᠡᠯ ᠪᠤᠷᠳᠤᠭᠠᠨ ᠤ ᠨᠠᠮᠠᠯᠳᠠ ᠡᠳ᠋ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠠᠭ᠎ᠠ ᠰᠤᠳᠠ ᠱᠥᠯᠳᠦᠯᠢᠭ | ᠴᠢᠨᠠᠷ ᠢᠶᠠᠷ ᠨᠠᠯᠢᠶᠠᠳ ᠴᠢᠩᠭ᠎ᠠ ᠪᠠᠶᠢᠵᠤ᠂ ᠳ᠋ᠢ ᠪᠠᠢ ᠴᠥᠩ ᠢ ᠨᠠᠯᠢᠶᠠᠳ ᠬᠤᠤᠷ᠎ᠠ ᠲᠠᠢ ᠳ᠋ᠢ ᠳ᠋ᠢ ᠸᠧᠢ ᠪᠤᠯᠭᠠᠨ | ᠬᠤᠪᠢᠷᠠᠭᠤᠯᠤᠭᠰᠠᠨ ᠠᠴᠠ ᠪᠤᠯᠵᠤ᠂ ᠬᠤᠤᠷᠳᠠᠯ ᠡᠬᠦᠰᠭᠡᠬᠦ ᠪᠤᠯᠤᠨ᠎ᠠ᠃ | ⑸ ᠸᠢᠲ᠋ᠠᠮᠢᠨ A | ᠬᠥᠪᠤᠩ ᠤᠨ ᠥᠷ᠎ᠠ ᠶᠢᠨ ᠪᠢᠩ ᠨᠢ ᠸᠢᠲ᠋ᠠᠮᠢᠨ A ᠶᠢᠨ ᠰᠢᠩᠭᠡᠭᠡᠨ ᠠᠰᠢᠭᠯᠠᠬᠤ ᠶᠢ ᠨᠥᠯᠤᠭᠡᠯᠠᠳᠡᠭ᠃ | ᠸᠢᠲ᠋ᠠᠮᠢᠨ A ᠲᠤᠳᠠᠭᠳᠠᠭᠰᠠᠨ ᠢ ᠰᠠᠷᠭᠡᠶᠢᠯᠠᠨ ᠵᠠᠰᠠᠬᠤ ᠥᠶᠠᠰ ᠬᠥᠪᠤᠩ ᠤᠨ ᠥᠷ᠎ᠠ ᠶᠢᠨ ᠪᠢᠩ ᠢᠶᠠᠷ ᠲᠠᠵᠢᠭᠡᠬᠦ ᠪᠠᠨ | ᠵᠤᠭᠰᠤᠪᠠᠯ ᠵᠤᠭᠢᠨ᠎ᠠ᠃ | ⑹ ᠺᠠᠯᠼ | ᠪᠥᠸᠧᠼᠠᠢ ᠨᠤᠭᠤᠭ᠎ᠠ ᠳᠤ ᠡᠪᠠᠰᠤᠨ ᠬᠥᠴᠢᠯ ᠡᠯᠪᠡᠭ ᠠᠭᠤᠯᠵᠤ᠂ ᠰᠢᠩᠭᠡᠭᠡᠯᠳᠠ ᠶᠢᠨ ᠵᠠᠮ ᠳᠤ ᠺᠠᠯᠼ ᠲᠠᠢ | ᠨᠠᠶᠢᠯᠠᠭᠡᠳ ᠠᠭᠤᠰᠬᠤ ᠴᠢᠨᠠᠷ ᠥᠭᠡᠢ ᠡᠪᠠᠰᠤᠨ ᠬᠥᠴᠢᠯ ᠤᠨ ᠺᠠᠯᠼ ᠪᠤᠯᠵᠤ ᠺᠠᠯᠼ ᠰᠢᠩᠭᠡᠭᠡᠬᠦ ᠶᠢ ᠬᠠᠷᠰᠢᠯᠠᠳᠠᠭ᠃ | ⑺ ᠲᠠᠮᠤᠷ | ᠬᠥᠬᠦᠷ ᠬᠥᠴᠢᠯ ᠤᠨ ᠲᠤᠳᠠᠭᠤ ᠲᠠᠮᠤᠷ ᠵᠠᠷᠭᠡ ᠲᠠᠮᠤᠷ ᠠᠭᠤᠯᠬᠤ ᠡᠮ ᠭᠡᠷᠡᠭᠯᠠᠬᠦ ᠥᠶᠠᠰ ᠪᠤᠭᠤᠳᠠᠢ ᠶᠢᠨ | ᠠᠭᠠᠭ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠪᠤᠭᠤᠳᠠᠢ ᠶᠢᠨ ᠠᠭᠠᠭ ᠲᠤ ᠹᠤᠰᠹᠤᠷ ᠡᠯᠪᠡᠭ ᠠᠭᠤᠯᠵᠤ᠂ | ᠡᠮ ᠤᠨ ᠰᠢᠩᠭᠡᠭᠡᠯᠳᠠ ᠶᠢ ᠰᠠᠭᠠᠳᠠᠭᠤᠯᠳᠠᠭ᠃ ᠡᠬᠦᠨ ᠤ ᠬᠠᠮᠳᠤ ᠶᠠᠰᠤ ᠵᠥᠭᠡᠯᠠᠷᠠᠬᠦ ᠭᠡᠮ ᠢ ᠡᠮ ᠢᠶᠠᠷ ᠵᠠᠰᠠᠬᠤ | ᠥᠶᠠᠰ ᠪᠤᠭᠤᠳᠠᠢ ᠶᠢᠨ ᠠᠭᠠᠭ ᠢᠶᠠᠷ ᠲᠠᠵᠢᠭᠡᠬᠦ ᠶᠢ ᠴᠠᠭᠡᠷᠯᠠᠨ᠎ᠠ᠃ | ⑻ ᠴᠢᠩ ᠮᠸᠢ ᠰᠤ᠋᠂ ᠯᠢᠶᠠᠨ ᠮᠸᠢ ᠰᠤ᠋ | ᠴᠢᠩ ᠮᠸᠢ ᠰᠤ᠋᠂ ᠯᠢᠶᠠᠨ ᠮᠸᠢ ᠰᠤ᠋ ᠶᠢ ᠭᠡᠷᠡᠭᠯᠠᠬᠦ ᠥᠶᠠᠰ ᠲᠠᠷᠤᠰᠢᠭᠤᠯᠤᠭᠰᠠᠨ ᠲᠠᠵᠢᠭᠡᠯ ᠪᠤᠷᠳᠤᠭ᠎ᠠ | ᠭᠢᠭᠡᠳ ᠪᠠᠵᠠᠮᠠᠭ ᠢᠶᠠᠷ ᠲᠠᠵᠢᠭᠡᠬᠦ ᠶᠢ ᠴᠠᠭᠡᠷᠯᠠᠨ᠎ᠠ᠃ ᠤᠴᠢᠷ ᠨᠢ ᠡᠳᠠᠭᠡᠷ ᠲᠠᠵᠢᠭᠡᠯ ᠪᠤᠷᠳᠤᠭ᠎ᠠ ᠨᠢ ᠱᠥᠯᠳᠦᠯᠢᠭ | ᠴᠢᠨᠠᠷ ᠢᠶᠠᠷ ᠴᠢᠩᠭ᠎ᠠ ᠮᠥᠷᠳᠠᠭᠡᠨ ᠴᠢᠩ ᠮᠸᠢ ᠰᠤ᠋᠂ ᠯᠢᠶᠠᠨ ᠮᠸᠢ ᠰᠤ᠋ ᠨᠢ ᠱᠥᠯᠳᠦᠯᠢᠭ ᠴᠢᠨᠠᠷ ᠢᠶᠠᠷ ᠴᠢᠩᠭ᠎ᠠ | ᠤᠷᠴᠢᠨ ᠤ ᠨᠥᠬᠦᠴᠠᠯ ᠲᠤᠤᠷ᠎ᠠ ᠡᠮ ᠤᠨ ᠥᠢᠯᠠᠳᠤᠯ ᠨᠢ ᠠᠮᠠᠷᠬᠠᠨ ᠡᠪᠳᠡᠭᠳᠡᠳᠡᠭ᠃ |