ᠠᠭᠠᠷ ᠲᠣᠬᠢᠷᠠᠭᠤᠯᠤᠭᠴᠢ ᠶᠢ ᠢᠩᠭᠢᠵᠦ ᠬᠡᠷᠡᠭᠯᠡᠪᠡᠯ ᠠᠶᠣᠯ ᠲᠠᠢ
ᠨᠡᠶᠢᠲᠡᠯᠡᠭᠰᠡᠨ ᠴᠠᠭ᠄
2021/7/6
       ᠤᠷᠳᠤ ᠬᠤᠭᠤᠴᠠᠭ᠎ᠠ ᠪᠠᠷ ᠤᠬᠢᠶᠠᠬᠰᠠᠨ ᠦᠭᠡᠢ ᠠᠭᠠᠷ ᠲᠣᠬᠢᠷᠠᠭᠤᠯᠤᠭᠴᠢ ᠨᠢ ᠬᠡᠳᠦᠶ ᠠᠶᠤᠯ ᠲᠠᠢ ᠪᠣᠢ︖        ᠲᠥᠪ ᠠᠭᠠᠷ ᠲᠣᠬᠢᠷᠠᠭᠤᠯᠤᠭᠴᠢ ᠳᠣᠲᠣᠷᠠᠬᠢ ᠠᠭᠠᠷ ᠲᠣᠬᠢᠷᠠᠭᠤᠯᠬᠤ ᠤᠰᠤ ᠬᠥᠷᠥᠭᠡᠬᠦ ᠰᠢᠰᠲ᠋ᠧᠮ ᠨᠢ ᠲᠣᠬᠢᠷᠠᠮᠵᠢᠲᠠᠶ ᠤᠰᠤᠨ ᠤ ᠳᠤᠯᠠᠭᠠᠨ ᠪᠠ ᠶᠡᠭᠡ ᠬᠡᠮᠵᠢᠶᠡᠨ ᠤ ᠣᠷᠭᠠᠨᠢᠭ ᠪᠣᠳᠠᠰ ᠲᠠᠢ᠂ ᠨᠢᠭᠡᠳᠬᠡᠯ ᠪᠠᠺᠲ᠋ᠧᠷᠢ ᠶᠢᠨ ᠥᠰᠥᠯᠲᠡ ᠳᠤ ᠲᠣᠬᠢᠷᠠᠮᠵᠢᠲᠠᠶ ᠣᠷᠴᠢᠨ ᠲᠣᠭᠤᠷᠢᠨ ᠪᠠ ᠰᠢᠮ᠎ᠡ ᠲᠡᠵᠢᠭᠡᠯ ᠤᠨ ᠪᠣᠳᠠᠰ ᠬᠠᠩᠭᠠᠳᠠᠭ᠃ ᠡᠶᠢᠮᠦ ᠠᠴᠠ᠂ 90% ᠶᠢᠨ ᠨᠢᠭᠡᠳᠬᠡᠯ ᠪᠠᠺᠲ᠋ᠧᠷᠢ ᠨᠢ ᠠᠭᠠᠷ ᠲᠣᠬᠢᠷᠠᠭᠤᠯᠤᠭᠴᠢ ᠶᠢᠨ ᠬᠥᠷᠥᠭᠡᠬᠦ ᠤᠰᠤᠨ ᠰᠢᠰᠲ᠋ᠧᠮ ᠳᠣᠲᠣᠷᠠᠬᠢ ᠲᠤᠨᠤᠮᠠᠯ ᠪᠣᠳᠠᠰ ᠤᠨ ᠬᠤᠷᠠᠮᠳᠤᠯ ᠠᠴᠠ ᠪᠣᠶ ᠪᠣᠯᠤᠭᠰᠠᠨ ᠪᠢᠴᠢᠯ ᠠᠮᠢ ᠠᠬᠤᠶ ᠶᠢᠨ ᠣᠷᠴᠢᠨ ᠲᠣᠭᠤᠷᠢᠨ ᠳᠤ ᠠᠮᠠᠷᠬᠠᠨ ᠨᠢᠭᠤᠭᠳᠠᠵᠤ᠂ ᠠᠮᠢᠳᠤ ᠪᠣᠳᠠᠰ ᠤᠨ ᠪᠦᠷᠬᠦᠪᠴᠢ ᠲᠠᠢ ᠪᠠᠺᠲ᠋ᠧᠷᠢ ᠶᠢᠨ ᠰᠦᠷᠦᠭᠵᠢᠯ ᠢ ᠪᠦᠷᠢᠯᠳᠦᠭᠦᠯᠵᠦ᠂ ᠳᠠᠭᠠᠯᠲᠠ ᠮᠠᠶ᠋ᠢᠭ ᠢᠶᠠᠷ ᠦᠰᠦᠨ ᠪᠤᠶᠢᠵᠢᠳᠠᠭ᠃ ᠲᠡᠷᠡᠴᠢᠯᠡᠨ ᠭᠡᠷ ᠲᠤ ᠬᠡᠷᠡᠭᠯᠡᠳᠡᠭ ᠪᠣᠰᠤᠭ᠎ᠠ ᠬᠡᠯᠪᠡᠷᠢ ᠶᠢᠨ ᠪᠤᠶᠤ ᠬᠠᠨ᠎ᠠ ᠶᠢᠨ ᠡᠯᠭᠦᠮᠡᠯ ᠬᠡᠯᠪᠡᠷᠢ ᠶᠢᠨ ᠠᠭᠠᠷ  ᠲᠣᠬᠢᠷᠠᠭᠤᠯᠤᠭᠴᠢ ᠶᠢᠨ ᠳᠣᠲᠣᠷᠠᠬᠢ ᠱᠦᠭᠦᠬᠦ ᠲᠤᠤᠷ ᠪᠠ ᠢᠯᠴᠢ ᠰᠠᠷᠨᠢᠭᠤᠯᠬᠤ ᠢᠯᠲᠠᠰᠤ ᠨᠢ ᠨᠢᠭᠡᠳᠬᠡᠯ ᠪᠠᠺᠲ᠋ᠧᠷᠢ ᠦᠰᠦᠨ ᠪᠤᠶᠢᠵᠢᠬᠤ ᠬᠠᠮᠤᠭ ᠤᠨ ᠲᠣᠬᠢᠷᠠᠮᠵᠢᠲᠠᠶ ᠣᠷᠴᠢᠨ ᠲᠣᠭᠤᠷᠢᠨ ᠪᠠ ᠳᠠᠯᠳᠠ ᠬᠠᠯᠳᠠᠪᠤᠷᠢᠯᠠᠬᠤ ᠡᠬᠢ ᠰᠤᠷᠪᠤᠯᠵᠢ ᠪᠤᠯᠵᠤ ᠪᠠᠶᠢᠳᠠᠭ᠃ ᠠᠭᠠᠷ ᠲᠣᠬᠢᠷᠠᠭᠤᠯᠤᠭᠴᠢ ᠪᠠᠷ ᠠᠭᠠᠷ ᠬᠦᠷᠭᠡᠬᠦ ᠶᠠᠪᠤᠴᠠ ᠳᠤ᠂ ᠨᠢᠭᠡᠳᠬᠡᠯ ᠪᠠᠺᠲ᠋ᠧᠷᠢ ᠨᠢ ᠠᠭᠠᠷ ᠤᠨ ᠴᠠᠪᠠᠤᠯᠢᠭ ᠠᠭᠤᠰᠤᠮᠠᠯ ᠤᠨ ᠬᠡᠯᠪᠡᠷᠢ ᠪᠠᠷ ᠠᠭᠠᠷ ᠳᠣᠲᠣᠷ᠎ᠠ ᠲᠠᠷᠬᠠᠵᠤ᠂ ᠬᠥᠮᠦᠨ ᠤ ᠪᠡᠶ᠎ᠡ ᠳᠤ ᠠᠮᠢᠰᠬᠤᠯ ᠢᠶᠠᠷ ᠲᠠᠮᠵᠢᠨ ᠤᠷᠤᠭᠰᠠᠨ ᠤ ᠳᠠᠷᠠᠭ᠎ᠠ ᠡᠪᠡᠳᠴᠢᠨ ᠡᠭᠦᠰᠭᠡᠵᠦ᠂ ᠠᠯᠢ ᠣᠯᠠᠨ ᠨᠡᠶᠢᠲᠡᠯᠢᠭ ᠪᠤᠰᠤ ᠠᠭᠤᠰᠬᠢᠨ ᠦᠷᠪᠢᠰᠦᠯ ᠤᠨ ᠢᠯᠡᠷᠡᠯ ᠢ ᠪᠤᠢ ᠪᠤᠯᠭᠠᠳᠠᠭ᠃        ᠨᠢᠭᠡᠳᠬᠡᠯ ᠪᠠᠺᠲ᠋ᠧᠷᠢ ᠶᠢᠨ ᠬᠠᠯᠳᠠᠪᠤᠷᠢᠯᠠᠯ ᠤᠨ ᠭᠤᠤᠯ ᠪᠣᠯᠬᠤ ᠡᠮᠴᠢᠯᠡᠭᠡᠨ ᠤ ᠢᠯᠡᠷᠡᠯ ᠨᠢ ᠭᠤᠤᠯᠳᠠᠭᠤ ᠠᠭᠤᠰᠬᠢᠨ ᠤ ᠬᠡᠰᠡᠭ ᠤᠨ ᠡᠪᠡᠳᠴᠢᠨ ᠤ ᠬᠤᠪᠢᠷᠠᠯᠲᠠ ᠶᠢ ᠡᠭᠦᠰᠭᠡᠳᠡᠭ᠂ ᠪᠠᠰᠠ ᠰᠢᠩᠭᠡᠭᠡᠯᠲᠡ ᠶᠢᠨ ᠰᠢᠰᠲ᠋ᠧᠮ᠂ ᠰᠢᠭᠡᠰᠦ ᠢᠯᠭᠠᠷᠠᠭᠤᠯᠬᠤ ᠰᠢᠰᠲ᠋ᠧᠮ᠂ ᠪᠤᠯᠴᠢᠩ ᠤᠨ ᠰᠢᠰᠲ᠋ᠧᠮ ᠪᠠ ᠮᠡᠳᠡᠷᠡᠯ ᠤᠨ ᠰᠢᠰᠲ᠋ᠧᠮ ᠵᠡᠷᠭᠡ ᠣᠯᠠᠨ ᠡᠷᠬᠡᠲᠡᠨ ᠢ ᠭᠡᠮᠲᠦᠭᠡᠳᠡᠭ᠂ ᠡᠶᠢᠮᠦ ᠠᠴᠠ ᠨᠢᠭᠡᠳᠬᠡᠯ ᠪᠠᠺᠲ᠋ᠧᠷᠢ ᠶᠢ ᠣᠨᠣᠰᠢᠯᠠᠬᠤ ᠳᠤ ᠬᠦᠴᠢᠷ ᠪᠠᠶᠢᠳᠠᠭ᠂ ᠡᠮᠴᠢᠯᠡᠭᠡᠨ ᠳᠡᠭᠡᠷ᠎ᠡ᠂ ᠨᠢᠭᠡᠳᠬᠡᠯ ᠪᠠᠺᠲ᠋ᠧᠷᠢ ᠶᠢ ᠰᠠᠯᠭᠠᠨ ᠪᠤᠶᠢᠵᠢᠭᠤᠯᠬᠤ ᠶᠠᠪᠤᠳᠠᠯ ᠪᠣᠯ ᠨᠢᠭᠡᠳᠬᠡᠯ ᠪᠠᠺᠲ᠋ᠧᠷᠢ ᠶᠢᠨ ᠬᠠᠯᠳᠠᠪᠤᠷᠢᠯᠠᠯ ᠢ ᠣᠨᠣᠰᠢᠯᠠᠬᠤ ᠠᠯᠲᠠᠨ ᠪᠠᠷᠢᠮᠵᠢᠶ᠎ᠠ ᠪᠣᠯᠤᠨ᠎ᠠ ᠬᠡᠳᠡᠭ᠃        ᠤᠯᠠᠷᠢᠯ ᠰᠣᠯᠢᠬᠤ ᠠᠴᠠ ᠡᠮᠦᠨ᠎ᠡ ᠠᠭᠠᠷ ᠲᠣᠬᠢᠷᠠᠭᠤᠯᠤᠭᠴᠢ ᠪᠠᠨ ᠠᠷᠢᠭᠤᠳᠬᠠᠬᠤ ᠬᠡᠷᠡᠭᠲᠡᠶ᠂ ᠣᠨᠴᠠᠭᠠᠶᠢᠯᠠᠨ ᠱᠦᠭᠦᠬᠦ ᠲᠤᠤᠷ ᠪᠠ ᠢᠯᠴᠢ ᠲᠠᠷᠬᠠᠭᠠᠬᠤ ᠢᠯᠲᠠᠰᠤ ᠶᠢ ᠨᠢᠭᠡᠳᠬᠡᠯ ᠪᠠᠺᠲ᠋ᠧᠷᠢ ᠶᠢᠨ ᠦᠰᠦᠨ ᠪᠤᠶᠢᠵᠢᠬᠤ ᠰᠠᠶᠢᠨ ᠰᠠᠶᠢᠬᠠᠨ ᠣᠷᠣᠰᠢᠨ ᠠᠮᠢᠳᠤᠷᠠᠬᠤ ᠣᠷᠴᠢᠨ ᠲᠣᠭᠤᠷᠢᠨ ᠪᠠ ᠳᠠᠯᠳᠠ ᠬᠠᠯᠳᠠᠪᠤᠷᠢᠯᠠᠬᠤ ᠡᠬᠢ ᠰᠤᠷᠪᠤᠯᠵᠢ ᠪᠣᠯᠬᠤ ᠠᠴᠠ ᠵᠠᠶᠢᠯᠠᠰᠬᠢᠵᠦ᠂ ᠬᠡᠷᠡᠭᠯᠡᠬᠦ ᠶᠠᠪᠤᠴᠠ ᠳᠤ ᠬᠠᠮᠤᠭ ᠰᠠᠶᠢᠨ ᠨᠢ ᠬᠤᠶᠠᠷ ᠰᠠᠷ᠎ᠠ ᠳᠤ ᠨᠢᠭᠡ ᠤᠳᠠᠭ᠎ᠠ ᠠᠷᠢᠭᠤᠳᠬᠠᠬᠤ ᠬᠡᠷᠡᠭᠲᠡᠶ᠃ ᠡᠶᠢᠮᠦ ᠠᠴᠠ᠂ ᠬᠡᠷ ᠲᠤ ᠬᠡᠷᠡᠭᠯᠡᠳᠡᠭ ᠪᠣᠰᠤᠭ᠎ᠠ ᠬᠡᠯᠪᠡᠷᠢ ᠶᠢᠨ ᠪᠤᠶᠤ ᠬᠠᠨ᠎ᠠ ᠶᠢᠨ ᠡᠯᠭᠦᠮᠡᠯ ᠬᠡᠯᠪᠡᠷᠢ ᠶᠢᠨ ᠠᠭᠠᠷ ᠲᠣᠬᠢᠷᠠᠭᠤᠯᠤᠭᠴᠢ ᠶᠢᠨ ᠠᠷᠢᠭᠤᠨ ᠴᠡᠪᠡᠷ ᠢ ᠪᠠᠲᠤᠯᠠᠵᠤ᠂ ᠬᠤᠭ ᠲᠣᠭᠤᠰᠣ ᠣᠪᠣᠭᠠᠷᠠᠬᠤ ᠶᠢ ᠪᠠᠭᠠᠰᠬᠠᠵᠤ᠂ ᠳᠠᠷᠠᠭ᠎ᠠ ᠨᠢ ᠲᠣᠭᠲᠠᠮᠠᠯ ᠬᠤᠭᠤᠴᠠᠭ᠎ᠠ ᠲᠠᠢ ᠪᠠᠷ ᠠᠷᠢᠭᠤᠳᠬᠠᠬᠤ ᠡᠳ᠋ ᠬᠡᠷᠡᠭᠯᠡᠵᠦ ᠠᠷᠢᠭᠤᠳᠬᠠᠬᠤ ᠶᠢ ᠰᠠᠨᠠᠭᠤᠯᠵᠤ ᠪᠠᠶᠢᠨ᠎ᠠ᠃
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号