ᠣᠬᠤᠷ ᠸᠢᠳᠢᠤ᠋ ᠳᠤ ᠰᠢᠨᠤᠬᠤ ᠨᠢ ᠲᠠᠮᠠᠬᠢ ᠲᠠᠲᠠᠬᠤ ᠰᠢᠭ᠋ ᠬᠤᠣᠷ ᠲᠠᠢ
ᠨᠡᠶᠢᠲᠡᠯᠡᠭᠰᠡᠨ ᠴᠠᠭ᠄
2022/11/10
     ᠭᠠᠷ ᠤᠲᠠᠰᠤ ᠶᠢ ᠠᠪᠬᠤ ᠳᠤ ᠠᠮᠠᠷ᠂ ᠲᠠᠯᠪᠢᠬᠤ ᠳᠤ ᠬᠦᠴᠢᠷ᠃ ᠴᠥᠭᠡᠨ ᠪᠤᠰᠤ ᠬᠥᠮᠥᠨ ᠣᠬᠤᠷ ᠸᠢᠳᠢᠤ᠋ ᠦᠵᠡᠵᠦ ᠪᠠᠶᠢᠭᠠᠳ ᠰᠠᠨᠠᠮᠰᠠᠷ ᠦᠭᠡᠢ ᠪᠠᠷ ᠰᠢᠨᠤᠯ ᠤᠨ ᠭᠦᠪ ᠲᠤ ᠤᠨᠠᠳᠠᠭ᠃      ᠰᠡᠳᠬᠢᠴᠡ ᠵᠦᠢ ᠶᠢᠨ ᠲᠠᠯ᠎ᠠ ᠠᠴᠠ ᠵᠠᠳᠠᠯᠪᠠᠯ᠂ ᠠᠷᠪᠠᠨ ᠬᠡᠳᠦᠨ ᠰᠧᠺᠦ᠋ᠨ᠋ᠳ᠋ ᠪᠣᠯ ᠶᠠᠭ ᠰᠠᠶᠢᠬᠠᠨ ᠬᠥᠮᠥᠰ ᠤᠨ ᠠᠩᠬᠠᠷᠤᠯ ᠢᠶᠠᠨ ᠬᠠᠮᠤᠭ ᠠᠴᠠ ᠢᠯᠡᠭᠦᠦ ᠲᠥᠪᠯᠡᠷᠡᠭᠦᠯᠬᠦ ᠴᠠᠭ ᠤᠨ ᠤᠷᠳᠤ ᠪᠠᠶᠢᠵᠤ᠂ ᠸᠢᠳᠢᠤ᠋ ᠶᠢᠨ ᠤᠷᠳᠤ ᠨᠡᠮᠡᠭᠳᠡᠬᠦ ᠶᠢ ᠳᠠᠭᠠᠯᠳᠤᠨ᠂ ᠠᠩᠬᠠᠷᠤᠯ ᠨᠢ ᠰᠤᠯᠠᠷᠠᠳᠠᠭ ᠪᠠᠶᠢᠨ᠎ᠠ᠃ ᠡᠨᠡ ᠬᠦ ᠲᠦᠷᠭᠡᠨ ᠬᠤᠷᠳᠤᠴᠠ ᠪᠠᠷ ᠮᠡᠳᠡᠭᠡ ᠵᠠᠩᠭᠢ ᠣᠷᠣᠭᠤᠯᠬᠤ ᠨᠢ ᠬᠥᠮᠥᠰ ᠲᠤ ᠲᠦᠷ ᠵᠠᠭᠤᠷ᠎ᠠ ᠶᠢᠨ ᠴᠡᠭᠡᠵᠢᠯᠡᠬᠦᠢ ᠦᠭᠳᠡᠭ᠂ ᠳᠠᠷᠤᠢ ︽ᠲᠠᠷᠢᠬᠢ ᠪᠠᠨ ᠠᠵᠢᠯᠯᠠᠭᠤᠯᠬᠤ ᠦᠭᠡᠢ ᠦᠵᠡᠬᠦ︾ ᠶᠠᠪᠤᠳᠠᠯ ᠪᠣᠯᠣᠨ᠎ᠠ᠂ ᠲᠡᠷᠡ ᠮᠥᠷᠲᠡᠭᠡᠨ ᠡᠲᠡᠭᠡᠷ ᠣᠬᠤᠷ ᠸᠢᠳᠢᠤ᠋ ᠶᠢᠨ ᠲᠥᠷᠥᠯ ᠵᠦᠢᠯ ᠨᠢ ᠠᠳᠠᠯᠢ ᠪᠤᠰᠤ᠂ ᠬᠠᠷᠠᠭᠠᠨ ᠰᠡᠷᠡᠭᠳᠡᠯ ᠨᠢ ᠬᠠᠴᠢᠨ ᠰᠣᠨᠢᠨ ᠪᠠᠶᠢᠳᠠᠭ ᠠᠴᠠ ᠬᠥᠮᠥᠰ ᠲᠤ ᠨᠢᠭᠡ ᠵᠦᠢᠯ ᠤᠨ ᠦᠵᠡᠭᠡᠳ ᠬᠠᠨᠤᠰᠢ ᠦᠭᠡᠢ ᠰᠡᠳᠬᠢᠭᠳᠡᠯ ᠥᠭᠲᠡᠭ᠃      ᠳᠠᠷᠠᠭᠠᠯᠠᠪᠠᠯ᠂ ᠰᠣᠨᠢᠷᠬᠠᠯᠲᠠᠢ ᠠᠭᠤᠯᠭ᠎ᠠ ᠪᠠᠨ ᠦᠵᠡᠬᠦ ᠦᠶ᠎ᠡ ᠳᠤ ᠶᠡᠭᠡ ᠲᠠᠷᠢᠬᠢ ᠳ᠋ᠤᠫᠠᠮᠢᠨ ᠰᠢᠭᠦᠷᠡᠭᠦᠯᠵᠦ᠂ ᠪᠢᠳᠡᠨ ᠳᠤ ᠪᠠᠶᠠᠷ ᠪᠠᠶᠠᠰᠤᠯ ᠦᠭᠳᠡᠭ᠃ ᠰᠢᠨᠤᠯ ᠲᠠᠢ ᠪᠣᠯᠪᠠᠯ᠂ ᠶᠡᠭᠡ ᠲᠠᠷᠢᠬᠢᠨ ᠤ ᠳ᠋ᠤᠫᠠᠮᠢᠨ ᠤ ᠬᠡᠷᠡᠭᠴᠡᠭᠡ ᠲᠠᠰᠤᠷᠠᠯᠲᠠ ᠦᠭᠡᠢ ᠶᠡᠬᠡᠰᠴᠦ᠂ ᠶᠡᠭᠡ ᠲᠠᠷᠢᠬᠢ ᠪᠢᠳᠡᠨ ᠤ ᠡᠶᠢᠮᠦᠷᠬᠦ ᠦᠢᠯᠡ ᠠᠵᠢᠯᠯᠠᠭ᠎ᠠ ᠶᠢ ᠲᠠᠰᠤᠷᠠᠯᠲᠠ ᠦᠭᠡᠢ ᠳᠠᠪᠲᠠᠵᠤ᠂ ᠲᠠᠰᠤᠷᠠᠯᠲᠠ ᠦᠭᠡᠢ ᠦᠵᠡᠬᠦ ᠶᠢ ᠵᠠᠬᠢᠷᠴᠤ᠂ ᠴᠠᠭ ᠮᠥᠴᠡ ᠥᠩᠭᠡᠷᠡᠵᠦ ᠪᠠᠶᠢᠭ᠎ᠠ ᠶᠢ ᠴᠦ ᠰᠡᠷᠡᠵᠦ ᠮᠡᠳᠡᠯ ᠦᠭᠡᠢ ᠰᠢᠨᠤᠯ ᠳᠤ ᠠᠪᠲᠠᠳᠠᠭ᠃      ᠣᠬᠤᠷ ᠸᠢᠳᠢᠤ᠋ ᠠᠴᠠ ᠬᠡᠷᠬᠢᠨ ᠭᠠᠷᠴᠤ ᠢᠷᠡᠬᠦ ᠪᠤᠢ︖ ᠰᠣᠹᠲ ᠢ ᠨᠡᠭᠡᠭᠡᠬᠦ ᠠᠴᠠ ᠡᠮᠦᠨ᠎ᠡ 10 ᠮᠢᠨᠦ᠋ᠲ ᠪᠣᠳᠣᠯᠬᠢᠯᠠᠨ᠎ᠠ᠂ ᠡᠰᠡᠬᠦᠯ᠎ᠡ ᠰᠣᠹᠲ ᠤᠨ ᠴᠢᠮᠡᠭᠡ ᠭᠦᠷᠭᠡᠭᠦ ᠴᠢᠳᠠᠮᠵᠢ ᠶᠢ ᠬᠠᠭᠠᠨ᠎ᠠ᠂ ᠡᠰᠡᠬᠦᠯ᠎ᠡ ᠰᠣᠹᠲ ᠢ ᠪᠠᠭᠤᠯᠭᠠᠵᠤ ᠬᠠᠶᠠᠨ᠎ᠠ᠃      ᠡᠳᠦᠷ ᠪᠦᠷᠢ ᠡᠳᠦᠷ ᠤᠨ ᠬᠦᠰᠦᠨᠦᠭᠲᠦ ᠵᠡᠷᠭᠡ ᠭᠡᠯᠪᠡᠷᠢ ᠪᠠᠷ ᠡᠳᠦᠷ ᠲᠤᠲᠤᠮ ᠤᠨ ᠡᠭᠦᠷᠭᠡ ᠶᠢᠨ ᠪᠣᠳᠠᠲᠠᠢ ᠴᠠᠭ ᠤᠨ ᠬᠤᠪᠢᠶᠠᠷᠢᠯᠠᠯᠲᠠ ᠶᠢ ᠨᠠᠷᠢᠯᠢᠭᠵᠢᠭᠤᠯᠤᠨ᠎ᠠ᠂ ᠵᠢᠱᠢᠶᠡᠯᠡᠪᠡᠯ 9 ᠴᠠᠭ ᠠᠴᠠ 10 ᠴᠠᠭ ᠪᠤᠯᠲᠠᠯ᠎ᠠ ᠭᠦᠶᠦᠭᠦ ᠮᠡᠲᠦ᠃      ᠣᠳᠣᠬᠢ ᠨᠡᠶᠢᠭᠡᠮ ᠣᠷᠴᠢᠨ ᠲᠣᠭᠤᠷᠢᠨ᠂ ᠬᠠᠵᠠᠭᠤᠳᠠᠭᠢ ᠬᠥᠮᠥᠨ ᠬᠡᠷᠡᠭ ᠶᠠᠪᠤᠳᠠᠯ ᠢ ᠠᠩᠬᠠᠷᠴᠤ᠂ ᠠᠮᠢᠳᠤᠷᠠᠯ ᠤᠨ ᠳᠤᠮᠳᠠᠬᠢ ᠵᠢᠩᠬᠢᠨᠢ ᠰᠣᠨᠢᠷᠬᠠᠯ ᠲᠠᠢ ᠬᠥᠳᠡᠯᠭᠡᠭᠡᠨ ᠢᠶᠠᠨ ᠡᠷᠢᠵᠦ᠂ ᠴᠢᠳᠠᠬᠤ ᠶᠢᠨ ᠬᠢᠷᠢ ᠪᠠᠷ ᠪᠣᠳᠠᠲᠤ ᠲᠥᠷᠥᠭᠳᠡᠯ ᠢᠶᠠᠷ ᠳᠠᠮᠵᠢᠨ ᠮᠡᠳᠡᠭᠡ ᠵᠠᠩᠭᠢ ᠣᠯᠵᠤ᠂ ᠬᠡᠶᠢᠰᠪᠦᠷᠢ ᠨᠡᠶᠢᠭᠡᠮ ᠤᠨ ᠬᠠᠷᠢᠯᠴᠠᠭ᠎ᠠ ᠶᠢ ᠪᠠᠭᠠᠰᠬᠠᠨ᠎ᠠ᠃      ᠴᠢᠬᠤᠯᠠᠲᠠᠢ ᠦᠶ᠎ᠡ ᠳᠤ ᠰᠠᠨᠠᠭᠠᠴᠢᠯᠠᠭ᠎ᠠ ᠠᠴᠠ ᠪᠠᠨ ᠲᠤᠰᠬᠠᠢ ᠮᠡᠷᠭᠡᠵᠢᠯ ᠤᠨ ᠪᠠᠶᠢᠭᠤᠯᠤᠮᠵᠢ᠂ ᠲᠤᠰᠬᠠᠢ ᠮᠡᠷᠭᠡᠵᠢᠯ ᠤᠨ ᠬᠥᠮᠥᠰ ᠠᠴᠠ ᠬᠠᠪᠰᠤᠷᠤᠯᠭ᠎ᠠ ᠬᠦᠰᠡᠵᠦ᠂ ᠰᠢᠨᠤᠯ ᠠᠴᠠ ᠠᠩᠭᠢᠵᠢᠷᠠᠬᠤ ᠬᠡᠷᠡᠭᠲᠡᠢ᠃
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号