ᠲᠡᠵᠢᠬᠡᠯ ᠪᠤᠷᠳᠤᠭ᠎ᠠ ᠪᠤᠯᠪᠠᠰᠤᠷᠠᠭᠤᠯᠬᠤ ᠦᠨᠳᠦᠰᠦᠨ ᠮᠡᠳᠡᠯᠬᠡ
ᠨᠡᠶᠢᠲᠡᠯᠡᠭᠰᠡᠨ ᠴᠠᠭ᠄
2022/7/25
     ᠲᠡᠵᠢᠬᠡᠯ ᠪᠤᠷᠳᠤᠭ᠎ᠠ ᠶᠢᠨ ᠲᠦᠷᠦᠯ ᠵᠦᠢᠯ      ᠲᠡᠵᠢᠬᠡᠯ ᠪᠤᠷᠳᠤᠭ᠎ᠠ ᠳᠤ ᠬᠤᠶᠠᠷ ᠵᠦᠢᠯ ᠤᠨ ᠠᠩᠭᠢᠯᠠᠬᠤ ᠠᠷᠭ᠎ᠠ ᠪᠠᠶᠢᠨ᠎ᠠ᠄ ᠨᠢᠬᠡ ᠨᠢ ᠲᠡᠵᠢᠬᠡᠯ ᠪᠤᠷᠳᠤᠭᠠᠨ ᠤ ᠢᠷᠡᠯᠳᠡ ᠪᠠᠷ ᠨᠢ ᠠᠩᠭᠢᠯᠠᠨ᠎ᠠ᠃ ᠲᠠᠷᠤᠢ ᠤᠷᠭᠤᠮᠠᠯ ᠤᠨ ᠡᠭᠦᠰᠦᠯᠳᠦ ᠲᠡᠵᠢᠬᠡᠯ ᠪᠤᠷᠳᠤᠭ᠎ᠠ᠂ ᠠᠮᠢᠳᠠᠨ ᠤ ᠡᠭᠦᠰᠦᠯᠳᠦ ᠲᠡᠵᠢᠬᠡᠯ ᠪᠤᠷᠳᠤᠭ᠎ᠠ ᠪᠠ ᠡᠷᠤᠳᠡᠰᠦᠨ ᠪᠤᠳᠠᠰ ᠤᠨ ᠲᠡᠵᠢᠬᠡᠯ ᠪᠤᠷᠳᠤᠭ᠎ᠠ ᠪᠤᠯᠤᠨ᠎ᠠ᠃ ᠨᠦᠬᠦᠬᠡ ᠨᠢ ᠲᠡᠵᠢᠬᠡᠯ ᠪᠤᠷᠳᠤᠭᠠᠨ ᠳᠠᠬᠢ ᠬᠠᠭᠤᠷᠠᠢ ᠪᠤᠳᠠᠰ ᠤᠨ ᠰᠢᠮ᠎ᠡ ᠲᠠᠵᠢᠬᠡᠯ ᠤᠨ ᠦᠪᠡᠷᠮᠢᠴᠡ ᠤᠨᠴᠠᠯᠢᠭ ᠢᠶᠠᠷ ᠰᠠᠭᠤᠷᠢᠯᠠᠨ ᠲᠡᠵᠢᠬᠡᠯ ᠪᠤᠷᠳᠤᠭ᠎ᠠ ᠶᠢ 8 ᠶᠡᠭᠡ ᠲᠦᠷᠦᠯ ᠳᠤ ᠬᠤᠪᠢᠶᠠᠨ᠎ᠠ᠄ ᠡᠨᠡ ᠨᠢ ᠪᠦᠳᠦᠬᠦᠨ ᠲᠡᠵᠢᠬᠡᠯ ᠪᠤᠷᠳᠤᠭ᠎ᠠ᠂ ᠲᠠᠷᠤᠰᠢᠭᠤᠯᠤᠭᠰᠠᠨ ᠲᠡᠵᠢᠬᠡᠯ ᠪᠤᠷᠳᠤᠭ᠎ᠠ᠂ ᠨᠤᠭᠤᠭᠠᠨ ᠲᠡᠵᠢᠬᠡᠯ ᠪᠤᠷᠳᠤᠭ᠎ᠠ᠂ ᠤᠭᠤᠷᠠᠭᠳᠤ ᠲᠡᠵᠢᠬᠡᠯ ᠪᠤᠷᠳᠤᠭ᠎ᠠ᠂ ᠡᠨᠧᠷᠬᠢᠳᠦ ᠲᠡᠵᠢᠬᠡᠯ ᠪᠤᠷᠳᠤᠭ᠎ᠠ᠂ ᠡᠷᠤᠳᠡᠰᠦᠨ ᠲᠡᠵᠢᠬᠡᠯ ᠪᠤᠷᠳᠤᠭ᠎ᠠ᠂ ᠸᠢᠲ᠋ᠠᠮᠢᠨᠳᠤ ᠲᠡᠵᠢᠬᠡᠯ ᠪᠤᠷᠳᠤᠭ᠎ᠠ ᠪᠠ ᠲᠡᠵᠢᠬᠡᠯ ᠪᠤᠷᠳᠤᠭᠠᠨ ᠤ ᠬᠠᠴᠢᠷᠯᠠᠭᠠᠰᠤ ᠪᠤᠯᠤᠨ᠎ᠠ᠃      ᠶᠠᠭᠤ ᠶᠢ ᠬᠠᠴᠢᠷᠯᠠᠭᠠᠰᠤ ᠬᠤᠯᠢᠭᠰᠠᠨ ᠲᠡᠵᠢᠬᠡᠯ ᠪᠤᠷᠳᠤᠭ᠎ᠠ ᠬᠢᠬᠦ ᠪᠤᠢ︖      ᠬᠠᠴᠢᠷᠯᠠᠭᠠᠰᠤ ᠬᠤᠯᠢᠭᠰᠠᠨ ᠲᠡᠵᠢᠬᠡᠯ ᠪᠤᠷᠳᠤᠭ᠎ᠠ ᠬᠡᠳᠡᠭ ᠨᠢ ᠬᠤᠶᠠᠷ ᠪᠤᠶᠤ ᠬᠤᠶᠠᠷ ᠠᠴᠠ ᠲᠡᠭᠡᠭᠰᠢ ᠲᠡᠵᠢᠬᠡᠯ ᠪᠤᠷᠳᠤᠭᠠᠨ ᠤ ᠬᠠᠴᠢᠷᠯᠠᠭᠠᠰᠤ ᠶᠢ ᠬᠤᠯᠢᠭᠰᠠᠨ ᠠᠴᠢᠶᠠᠯᠠᠪᠤᠷᠢ ᠪᠤᠶᠤ ᠰᠢᠩᠭᠡᠷᠡᠭᠦᠯᠦᠭᠰᠡᠨ ᠡᠳ᠋ ᠢ ᠵᠤᠬᠢᠬᠤ ᠬᠠᠷᠢᠴᠠᠯ ᠢᠶᠠᠷ ᠨᠠᠶᠢᠷᠠᠭᠤᠯᠣᠭᠰᠠᠨ ᠬᠤᠯᠢᠮᠠᠭ ᠪᠤᠳᠠᠰ ᠢ ᠬᠡᠯᠡᠨ᠎ᠡ᠃ ᠲᠠᠷᠠ ᠨᠢ ᠨᠠᠶᠢᠷᠠᠭᠤᠯᠤᠭᠰᠠᠨ ᠲᠡᠵᠢᠬᠡᠯ ᠪᠤᠷᠳᠤᠭᠠᠨ ᠲᠤᠳᠤᠷᠠᠬᠢ ᠬᠠᠷᠢᠴᠠᠯ ᠢᠶᠠᠷ ᠨᠠᠯᠢᠶᠡᠳ ᠪᠠᠭ᠎ᠠ᠂ ᠡᠩ ᠤᠨ ᠪᠠᠶᠢᠳᠠᠯ ᠲᠤᠤᠷ᠎ᠠ 5% ᠠᠴᠠ ᠲᠤᠷᠤᠭᠰᠢ ︵ᠬᠠᠮᠤᠭ ᠠᠷᠪᠢᠨ ᠳᠠᠭᠠᠨ 10% ᠠᠴᠠ ᠬᠡᠳᠦᠷᠡᠬᠦ ᠦᠬᠡᠢ︶ ᠪᠠᠶᠢᠳᠠᠭ ᠪᠤᠯᠬᠤᠷ ᠠᠮᠢᠳᠠᠨ ᠢ ᠰᠢᠭᠤᠳ ᠡᠬᠦᠨ ᠢᠶᠠᠷ ᠲᠡᠵᠢᠬᠡᠵᠦ ᠪᠤᠯᠬᠤ ᠦᠬᠡᠢ᠃      ᠶᠠᠭᠤ ᠶᠢ ᠠᠭᠰᠢᠷᠠᠮᠠᠯ ᠲᠡᠵᠢᠬᠡᠯ ᠪᠤᠷᠳᠤᠭ᠎ᠠ ᠬᠡᠬᠦ ᠪᠤᠢ︖      ᠠᠭᠰᠢᠷᠠᠮᠠᠯ ᠲᠡᠵᠢᠬᠡᠯ ᠪᠤᠷᠳᠤᠭ᠎ᠠ ᠪᠤᠯ ᠤᠭᠤᠷᠠᠭᠳᠤ ᠪᠤᠷᠳᠤᠭ᠎ᠠ᠂ ᠡᠷᠤᠳᠡᠰᠦᠨ ᠪᠤᠳᠠᠰ ᠤᠨ ᠲᠡᠵᠢᠬᠡᠯ ᠪᠤᠷᠳᠤᠭ᠎ᠠ ᠪᠠ ᠪᠤᠰᠤᠳ ᠬᠠᠴᠢᠷᠯᠠᠭᠠᠰᠤ ᠬᠤᠯᠢᠭᠰᠠᠨ ᠲᠡᠵᠢᠬᠡᠯ ᠪᠤᠷᠳᠤᠭ᠎ᠠ ᠶᠢ ᠵᠤᠬᠢᠬᠤ ᠬᠠᠷᠢᠴᠠᠯ ᠢᠶᠠᠷ ᠨᠠᠶᠢᠷᠠᠭᠤᠯᠤᠭᠰᠠᠨ ᠬᠤᠯᠢᠮᠠᠭ ᠪᠣᠰᠣᠳ ᠢ ᠵᠤᠬᠢᠬᠤ ᠬᠠᠷᠢᠴᠠᠯ ᠢᠶᠠᠷ ᠨᠠᠶᠢᠷᠠᠭᠤᠯᠤᠭᠰᠠᠨ ᠬᠤᠯᠢᠮᠠᠭ ᠪᠤᠳᠠᠰ ᠢ ᠬᠡᠯᠡᠨ᠎ᠡ᠃ ᠲᠸᠡᠭᠦᠨ ᠤ ᠤᠨᠴᠠᠯᠢᠭ ᠨᠢ ᠲᠡᠵᠢᠬᠡᠯ ᠪᠤᠷᠳᠤᠭ᠎ᠠ ᠶᠢ ᠬᠡᠯᠡᠨ᠎ᠡ᠃ ᠲᠡᠭᠦᠨ ᠤ ᠤᠨᠴᠠᠯᠢᠭ ᠨᠢ ᠤᠭᠤᠷᠠᠭ ᠤᠨ ᠠᠭᠤᠯᠤᠭᠳᠠᠴᠠ ᠪᠠᠷ ᠡᠯᠪᠡᠭ᠂ ᠲᠡᠷᠡ ᠨᠢ ᠡᠷᠬᠡᠪᠰᠢ ᠵᠤᠬᠢᠬᠤ ᠬᠠᠷᠢᠴᠠᠯ ᠤᠨ ᠡᠨᠧᠷᠬᠢᠳᠦ ᠲᠡᠵᠢᠬᠡᠯ ᠪᠤᠷᠳᠤᠭ᠎ᠠ ᠨᠡᠮᠡᠵᠦ ᠤᠷᠤᠭᠤᠯᠤᠭᠰᠠᠨ ᠬᠤᠶᠢᠨ᠎ᠠ ᠰᠠᠶ᠋ᠢ ᠬᠡᠷᠡᠭᠯᠡᠵᠦ ᠪᠤᠯᠳᠠᠭ᠂ ᠰᠢᠭᠤᠳ ᠬᠡᠷᠡᠭᠯᠡᠵᠦ ᠪᠤᠯᠳᠠᠭ ᠦᠬᠡᠢ᠃ ᠠᠭᠰᠢᠷᠠᠮᠠᠯ ᠲᠡᠵᠢᠬᠡᠯ ᠪᠤᠷᠳᠤᠭᠠᠨ ᠤ ᠲᠤᠪᠤᠶᠢᠭᠰᠠᠨ ᠤᠨᠴᠠᠯᠢᠭ ᠨᠢ ᠲᠡᠵᠢᠬᠡᠯ ᠪᠤᠷᠳᠤᠭᠠᠨ ᠲᠤᠳᠤᠷ᠎ᠠ ᠨᠢ ᠨᠠᠶᠢᠷᠠᠭᠤᠯᠤᠭᠰᠠᠨ ᠲᠡᠵᠢᠬᠡᠯ ᠪᠤᠷᠳᠤᠭᠠᠨ ᠤ ᠬᠠᠷᠢᠴᠠᠯ ᠲᠤᠩ ᠶᠡᠭᠡ᠂ ᠡᠨᠧᠷᠬᠢᠳᠦ ᠲᠡᠵᠢᠬᠡᠯ ᠪᠤᠷᠳᠤᠭᠠᠨ ᠤ ᠪᠦᠷᠢᠯᠳᠦᠬᠦᠨ ᠦᠬᠡᠢ ᠲᠤᠯᠠ ᠵᠦᠪᠬᠡᠨ ᠲᠡᠵᠢᠬᠡᠬᠦ ᠠᠴᠠ ᠪᠠᠨ ᠡᠮᠦᠨᠡᠬᠡᠨ ᠰᠠᠶ᠋ᠢ ᠬᠠᠷᠢᠴᠠᠯ ᠶᠤᠰᠤᠭᠠᠷ ᠨᠡᠮᠡᠵᠦ ᠤᠷᠤᠭᠤᠯᠳᠠᠭ᠃ ᠠᠭᠰᠢᠷᠠᠮᠠᠯ ᠲᠡᠵᠢᠬᠡᠯ ᠪᠤᠷᠳᠤᠭ᠎ᠠ ᠶᠢ ᠵᠦᠬᠡᠬᠡᠪᠦᠷᠢᠯᠡᠬᠦ ᠬᠠᠳᠠᠭᠠᠯᠠᠬᠤ ᠳᠤ ᠨᠡᠯᠢᠶᠡᠳ ᠲᠦᠬᠦᠮ ᠪᠦᠬᠡᠳ ᠵᠠᠷᠤᠳᠠᠯ ᠨᠢ ᠪᠠᠭ᠎ᠠ ᠶᠤᠮ᠃      ᠶᠠᠭᠤ ᠶᠢ ᠨᠠᠷᠢᠨ ᠪᠤᠷᠳᠤᠭᠠᠨ ᠤ ᠨᠦᠬᠦᠪᠦᠷᠢ ᠪᠤᠷᠳᠤᠭ᠎ᠠ ᠬᠡᠬᠦ ᠪᠤᠢ︖      ᠨᠠᠷᠢᠨ ᠪᠤᠷᠳᠤᠭᠠᠨ ᠤ ᠨᠦᠬᠦᠪᠦᠷᠢ ᠪᠤᠷᠳᠤᠭ᠎ᠠ ᠶᠢ ᠡᠩ ᠤᠨ ᠲᠠᠭᠤᠳᠠᠯᠭ᠎ᠠ ᠪᠠᠷ ᠨᠡᠷᠢᠨ ᠲᠡᠵᠢᠬᠡᠯ ᠪᠤᠷᠳᠤᠭ᠎ᠠ ᠬᠡᠳᠡᠭ᠃ ᠡᠨᠡ ᠨᠢ ᠪᠦᠳᠦᠬᠦᠯᠢᠭ ᠲᠡᠵᠢᠬᠡᠯ ᠪᠤᠷᠳᠤᠭ᠎ᠠ᠂ ᠨᠤᠭᠤᠭᠠᠨ ᠲᠡᠵᠢᠬᠡᠯ ᠪᠤᠷᠳᠤᠭ᠎ᠠ᠂ ᠲᠠᠷᠤᠰᠢᠭᠤᠯᠤᠭᠰᠠᠨ ᠲᠡᠵᠢᠬᠡᠯ ᠪᠤᠷᠳᠤᠭ᠎ᠠ ᠪᠠᠷ ᠰᠠᠭᠤᠷᠢ ᠪᠤᠯᠭᠠᠭᠰᠠᠨ ᠡᠪᠡᠰᠦᠨ ᠲᠡᠵᠢᠬᠡᠯᠳᠡᠨ ᠤ ᠰᠢᠮ᠎ᠡ ᠲᠡᠵᠢᠬᠡᠯ ᠢ ᠨᠦᠬᠦᠪᠦᠷᠢᠯᠡᠳᠡᠭ᠃ ᠨᠡᠷᠢᠨ ᠪᠤᠷᠳᠤᠭᠠᠨ ᠤ ᠨᠦᠬᠦᠪᠦᠷᠢ ᠪᠤᠷᠳᠤᠭ᠎ᠠ ᠶᠢ ᠲᠠᠩ ᠭᠠᠭᠴᠠ ᠪᠠᠷ ᠨᠢ ᠬᠤᠨᠤᠭ ᠤᠨ ᠲᠡᠵᠢᠬᠡᠯ ᠪᠤᠯᠭᠠᠵᠤ ᠪᠤᠯᠬᠤ ᠦᠬᠡᠢ᠃ ᠲᠠᠷᠤᠢ ᠨᠠᠷᠢᠨ ᠲᠡᠵᠢᠬᠡᠯ ᠪᠤᠷᠳᠤᠭ᠎ᠠ ᠪᠠ ᠪᠦᠳᠦᠬᠦᠯᠢᠭ ᠲᠡᠵᠢᠬᠡᠯ ᠪᠤᠷᠳᠤᠭ᠎ᠠ ᠶᠢᠨ ᠬᠠᠭᠤᠷᠠᠢ ᠪᠤᠳᠠᠰ ᠤᠨ ᠬᠠᠷᠢᠴᠠᠯ᠂ ᠨᠠᠷᠢᠨ ᠪᠠ ᠪᠦᠳᠦᠬᠦᠯᠢᠭ ᠤᠨ ᠬᠠᠷᠢᠴᠠᠯ ᠨᠢ ᠦᠨᠳᠦᠷ ᠪᠤᠯᠪᠠᠯ ᠡᠪᠡᠰᠦᠨ ᠲᠡᠵᠢᠬᠡᠯᠳᠠᠨ ᠰᠢᠮ᠎ᠡ ᠲᠡᠵᠢᠬᠡᠯ ᠤᠨ ᠰᠤᠯᠢᠯᠴᠠᠭᠠᠨ ᠤ ᠬᠡᠮ ᠳᠤ ᠬᠢᠯᠪᠠᠷᠬᠠᠨ ᠦᠷᠳᠤᠳᠡᠭ᠃      ᠶᠠᠭᠤ ᠶᠢ ᠨᠠᠶᠢᠷᠠᠭᠤᠯᠤᠭᠰᠠᠨ ᠲᠡᠵᠢᠬᠡᠯ ᠪᠤᠷᠳᠤᠭ᠎ᠠ ᠬᠡᠬᠦ ᠪᠤᠢ︖      ᠨᠠᠶᠢᠷᠠᠭᠤᠯᠤᠭᠰᠠᠨ ᠲᠡᠵᠢᠬᠡᠯ ᠪᠤᠷᠳᠤᠭ᠎ᠠ ᠬᠡᠳᠡᠭ ᠨᠢ ᠲᠡᠵᠢᠬᠡᠬᠦ ᠠᠮᠢᠳᠠᠨ ᠤ ᠰᠢᠮ᠎ᠡ ᠲᠡᠵᠢᠬᠡᠯ ᠤᠨ ᠬᠡᠷᠡᠭᠴᠡᠭᠡ ᠶᠢ ᠦᠨᠳᠦᠰᠦᠯᠡᠨ᠂ ᠣᠯᠠᠨ ᠵᠦᠢᠯ ᠤᠨ ᠲᠡᠵᠢᠬᠡᠯ ᠪᠤᠷᠳᠤᠭᠠᠨ ᠤ ᠲᠦᠬᠦᠬᠡᠢ ᠮᠠᠲ᠋ᠧᠷᠢᠶᠠᠯ ᠢ ᠲᠡᠵᠢᠬᠡᠯ ᠪᠤᠷᠳᠤᠭ᠎ᠠ ᠨᠡᠶᠢᠷᠠᠭᠤᠯᠬᠤ ᠠᠷᠭ᠎ᠠ ᠪᠠᠷ ᠰᠢᠨᠵᠢᠯᠡᠬᠦ ᠤᠬᠠᠭᠠᠨᠴᠢ ᠮᠡᠷᠭᠡᠰᠢᠯ ᠢ ᠲᠠᠮᠵᠢᠨ ᠪᠤᠯᠪᠠᠰᠤᠷᠠᠭᠤᠯᠤᠭᠰᠠᠨ ᠲᠡᠵᠢᠬᠡᠯ ᠪᠤᠷᠳᠤᠭ᠎ᠠ ᠶᠢ ᠬᠡᠯᠡᠨ᠎ᠡ᠃ ᠡᠬᠦᠨ ᠢ ᠪᠠᠰᠠ ᠲᠡᠭᠦᠰ ᠪᠤᠷᠳᠤᠭ᠎ᠠ ᠬᠡᠳᠡᠭ᠃ ᠠᠮᠢᠳᠠᠨ ᠢ ᠰᠢᠭᠤᠳ ᠲᠡᠵᠢᠬᠡᠵᠤ ᠪᠤᠯᠬᠤ ᠪᠦᠭᠡᠳ ᠶᠠᠮᠠᠷ ᠴᠤ ᠪᠣᠳᠠᠰ ᠬᠠᠴᠢᠷᠯᠠᠭᠰᠠᠨ ᠤ ᠬᠡᠷᠡᠭ ᠦᠬᠡᠢ ᠶᠤᠮ᠃ ᠶᠡᠷᠦ ᠳᠡᠭᠡᠨ ᠲᠠᠯᠬ᠎ᠠ ᠪᠠ ᠮᠦᠬᠦᠯᠢᠭ ᠬᠤᠶᠠᠷ ᠬᠡᠯᠪᠡᠷᠢ ᠶᠢᠨ ᠪᠠᠶᠢᠳᠠᠭ᠃      ᠶᠠᠭᠤ ᠶᠢ ᠬᠦᠬᠡᠯᠬᠡᠭᠰᠡᠨ ᠲᠡᠵᠢᠬᠡᠯ ᠪᠤᠷᠳᠤᠭ᠎ᠠ ᠬᠡᠬᠦ ᠪᠤᠢ︖      ᠬᠦᠬᠡᠯᠬᠡᠭᠰᠡᠨ ᠲᠡᠵᠢᠬᠡᠯ ᠪᠤᠷᠳᠤᠭ᠎ᠠ ᠬᠡᠳᠡᠭ ᠨᠢ ᠦᠨᠳᠦᠷ ᠲᠤᠯᠠᠭᠠᠨ᠂ ᠦᠨᠳᠦᠷ ᠲᠠᠷᠤᠴᠠ᠂ ᠦᠨᠳᠦᠷ ᠣᠰᠣ ᠠᠭᠤᠯᠤᠭᠳᠠᠴᠠ ᠶᠢᠨ ᠨᠦᠬᠦᠴᠡᠯ ᠳᠤ ᠦᠷᠭᠦᠯᠵᠢᠯᠡᠨ ᠬᠤᠯᠢᠬᠤ᠂ ᠲᠤᠯᠠᠭᠠᠨ ᠢ ᠲᠡᠭᠡᠭᠰᠢᠯᠡᠭᠦᠯᠵᠤ ᠲᠠᠷᠤᠴᠠ ᠶᠢ ᠨᠢ ᠨᠡᠮᠡᠭᠳᠡᠭᠦᠯᠬᠦ᠂ ᠪᠤᠯᠪᠠᠰᠤᠷᠠᠭᠤᠯᠬᠤ᠂ ᠬᠡᠪ ᠰᠢᠬᠠᠨ ᠨᠦᠬᠡᠯᠡᠬᠦ ᠪᠠᠷ ᠲᠠᠮᠵᠢᠨ ᠬᠡᠨᠡᠳᠳᠡ ᠲᠠᠷᠤᠴᠠ ᠶᠢ ᠨᠢ ᠪᠠᠭᠤᠷᠠᠭᠤᠯᠪᠠᠯ᠂ ᠬᠥᠭᠡᠭᠡᠪᠦᠷᠢ ᠤᠯᠠᠨ ᠨᠦᠬᠡᠳᠦ ᠲᠡᠵᠢᠬᠡᠯ ᠪᠤᠷᠳᠤᠭ᠎ᠠ ᠪᠤᠯᠴᠢᠬᠠᠳᠠᠭ ᠪᠤᠷᠳᠤᠭ᠎ᠠ ᠶᠢ ᠵᠢᠭᠠᠵᠤ ᠪᠤᠢ᠃ ᠬᠦᠬᠡᠯᠬᠡᠭᠰᠡᠨ ᠲᠡᠵᠢᠬᠡᠯ ᠪᠤᠷᠳᠤᠭ᠎ᠠ ᠨᠢ ᠰᠢᠮ᠎ᠡ ᠲᠡᠵᠢᠬᠡᠯ ᠤᠨ ᠦᠷᠳᠡᠭ ᠢᠶᠠᠷ ᠦᠨᠳᠦᠷ ᠪᠦᠬᠡᠳ ᠮᠠᠯ ᠵᠢᠬᠦᠷᠳᠡᠨ ᠤ ᠠᠵᠤ ᠠᠬᠤᠢ ᠶᠢᠨ ᠴᠢᠨᠠᠷ ᠴᠢᠨᠰᠠᠭ᠎ᠠ ᠶᠢ ᠴᠤ ᠲᠡᠭᠡᠭᠰᠢᠯᠡᠭᠦᠯᠵᠦ᠂ ᠤᠷᠴᠢᠨ ᠲᠤᠭᠤᠷᠢᠨ ᠤ ᠪᠤᠬᠢᠷᠳᠠᠯ ᠢ ᠪᠠᠭᠠᠰᠬᠠᠨ᠂ ᠬᠡᠮ ᠬᠢᠵᠢᠭ ᠤᠨ ᠡᠭᠦᠰᠬᠦ ᠶᠢ ᠰᠡᠷᠬᠡᠶᠢᠯᠡᠵᠦ ᠴᠢᠳᠠᠨ᠎ᠠ᠃ ᠤᠯᠠᠩᠭᠢ ᠳᠤ ᠪᠠᠨ ᠡᠩᠭᠦᠷᠡᠢ ᠠᠮᠢᠳᠠᠨ᠂ ᠣᠰᠣᠨ ᠭᠠᠷᠣᠯᠳᠠᠳᠣ ᠠᠮᠢᠳᠠᠨ ᠪᠠ ᠲᠤᠷᠤᠢ ᠶᠢᠨ ᠲᠡᠵᠢᠬᠡᠯ ᠪᠤᠷᠳᠤᠭ᠎ᠠ ᠪᠠᠷ ᠬᠡᠷᠡᠭᠯᠡᠳᠡᠭ᠃
 
ᠢᠷᠡᠯᠲᠡ᠄ ᠬᠠᠩᠭᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号