ᠰᠢᠨ᠎ᠡ ᠪᠠᠷᠭᠤ ᠪᠠᠷᠠᠭᠤᠨ ᠬᠤᠰᠢᠭᠤᠨ ᠤ ᠪᠠᠷᠭᠤᠴᠤᠤᠨ ᠤᠨ ᠲᠡᠤᠬᠡᠨ ᠲᠤᠶᠢᠮᠤ ᠶᠢᠨ ᠵᠠᠯᠭᠠᠮᠵᠢ
ᠨᠡᠶᠢᠲᠡᠯᠡᠭᠰᠡᠨ ᠴᠠᠭ᠄
2017/8/17
 ᠪᠦᠰᠡᠭᠦᠢ ᠬᠥᠮᠥᠨ ᠵᠣᠯᠭᠠᠬᠤ ᠳᠠᠭᠠᠨ ᠪᠡᠶ᠎ᠡ ᠪᠠᠨ ᠲᠥᠪ ᠪᠣᠯᠭᠠᠵᠤ᠂ ᠬᠤᠶᠠᠷ ᠭᠠᠷ ᠢᠶᠠᠨ ᠳᠣᠷᠤᠭᠰᠢ ᠤᠨᠵᠢᠭᠤᠯᠤᠨ ᠲᠣᠬᠤᠢ ᠠᠴᠠ ᠤᠷᠤᠭᠰᠢ ᠦᠶ᠎ᠡ ᠪᠠᠨ ᠪᠠᠭ᠋ᠠᠨ ᠡᠷᠭᠦᠰᠬᠢᠵᠦ᠂ ᠬᠥᠯ ᠲᠠᠲᠠᠬᠤ ᠦᠭᠡᠢ ᠪᠠᠷ ᠨᠢᠷᠤᠭᠤ  ᠪᠠᠨ ᠪᠦᠬᠦᠶᠢᠰᠬᠢᠯᠭᠡᠨ᠂ ᠬᠤᠶᠠᠷ ᠭᠠᠷ ᠢᠶᠠᠨ ᠳᠡᠯᠭᠡᠨ ︽ᠠᠮᠤᠷ ᠪᠠᠶᠢᠨ᠎ᠠ ᠤᠤ︖︾ ᠭᠡᠵᠤ ᠮᠡᠨᠳᠦᠯᠡᠭᠡᠳ ᠬᠤᠷᠮᠤᠢ ᠳᠡᠪᠢᠰᠦᠨ ᠮᠥᠷᠭᠦᠭᠡᠳ ᠭᠠᠷ ᠵᠥᠷᠢᠭᠦᠯᠡᠨ ᠵᠣᠯᠭᠠᠳᠠᠭ᠃ ᠨᠠᠰᠤ ᠣᠶᠢᠷ᠎ᠠ ᠬᠥᠮᠥᠰ ᠪᠠᠰᠠ ᠭᠠᠷ ᠵᠥᠷᠢᠭᠦᠯᠡᠨ ᠬᠠᠳᠠᠭ ᠰᠣᠯᠢᠯᠴᠠᠨ᠎ᠠ᠃ ᠬᠠᠷᠢᠨ ᠨᠢᠭᠡ ᠭᠡᠷ ᠤᠨ ᠠᠪᠠᠭᠠᠢ ᠠᠬᠠᠢ ᠬᠤᠶᠠᠷ ᠬᠠᠷᠢᠯᠴᠠᠨ ᠵᠣᠯᠭᠠᠬᠤ ᠦᠭᠡᠢ ᠶᠤᠮ᠃ ᠭᠡᠷ ᠤᠨ ᠵᠣᠯᠭᠠᠯᠲᠠ ᠪᠠᠷᠠᠪᠠᠯ᠂ ᠬᠥᠦ ᠪᠡᠷᠢᠶᠡᠳ ᠨᠢ ᠨᠠᠰᠤᠲᠠᠨ ᠪᠣᠯᠣᠨ ᠠᠪᠤ ᠡᠵᠢ ᠳᠡᠭᠡᠨ ᠴᠠᠢ ᠪᠠᠷᠢᠨ ᠢᠳᠡᠭᠡ ᠲᠠᠯᠪᠢᠵᠤ ᠴᠠᠭᠠᠯᠠᠭ᠎ᠠ ᠠᠶᠠᠭᠠᠯᠠᠵᠤ ᠠᠷᠢᠬᠢ ᠰᠦᠩᠨᠡᠨ ᠬᠠᠳᠠᠭ ᠪᠠᠷᠢᠵᠤ ᠮᠥᠷᠭᠦᠨ᠎ᠡ᠂ ᠨᠠᠰᠤᠲᠠᠨ ᠨᠠᠷ ᠨᠢ ᠢᠷᠦᠭᠡᠯ ᠬᠠᠶᠢᠷᠠᠯᠠᠬᠤ ᠪᠥᠭᠡᠳ ᠴᠠᠭᠠᠨ ᠰᠠᠷ᠎ᠠ ᠶᠢᠨ ᠪᠡᠯᠡᠭ ᠭᠡᠵᠤ ᠶᠧᠪᠢᠩ ᠪᠣᠭᠤᠷᠰᠤᠭ᠂ ᠲᠤᠷᠭ᠎ᠠ ᠳᠤᠷᠳᠤᠩ ᠵᠡᠷᠭᠡ ᠶᠢ ᠬᠡᠦᠬᠡᠳ ᠠᠴᠢ ᠨᠠᠷ ᠲᠠᠭᠠᠨ ᠲᠦᠭᠡᠭᠡᠨ ᠥᠭᠳᠡᠭ ᠵᠠᠩᠰᠢᠯ ᠲᠠᠢ᠃ ᠨᠠᠷᠠ ᠭᠠᠷᠬᠤ ᠲᠠᠢ ᠰᠠᠴᠠᠭᠤ ᠡᠷᠡᠭᠲᠡᠶᠢᠴᠦᠳ ᠮᠣᠷᠲᠠᠵᠤ ︽ᠵᠦᠭ ᠭᠠᠷᠭᠠᠬᠤ︾ ᠶᠠᠪᠤᠳᠠᠯ ᠪᠠᠶᠢᠳᠠᠭ᠃ ᠡᠨᠡ ᠨᠢ ᠬᠥᠮᠥᠨ ᠪᠦᠬᠦᠨ ᠤ ᠨᠠᠰᠤ ᠵᠢᠯ ᠠᠳᠠᠯᠢ ᠦᠭᠡᠢ ᠲᠤᠯᠠ ︽ᠨᠠᠢᠮᠠᠨ ᠰᠠᠭᠤᠳᠠᠯ︾ ᠭᠡᠳᠡᠭ ᠦᠵᠡᠯᠭᠡ ᠶᠢᠨ ᠪᠢᠴᠢᠭ ᠢ ᠦᠨᠳᠦᠰᠦᠯᠡᠵᠦ ︽ᠴᠤᠭ ᠬᠡᠶᠢᠮᠣᠷᠢ︾ ᠵᠦᠭ ᠲᠤ ᠮᠣᠷᠳᠠᠵᠤ ᠬᠡᠳᠦᠨ ᠵᠠᠭᠤᠨ ᠮᠧᠲᠷ ᠬᠢᠷᠢ ᠳᠠᠪᠬᠢᠵᠤ ᠨᠠᠷᠠ ᠵᠦᠭ ᠡᠷᠬᠢᠨ ︽ᠬᠡᠰᠢᠭ ᠪᠤᠶᠠᠨ︾ ᠤ ᠵᠦᠭ ᠠᠴᠠ ᠪᠠᠨ ᠪᠤᠴᠠᠨ ᠢᠷᠡᠵᠦ ᠭᠡᠷ ᠤᠨ ᠭᠠᠳᠠᠨ᠎ᠠ ᠪᠠᠨ ᠪᠠᠭᠤᠨ᠎ᠠ᠃ ᠡᠭᠦᠨ  ᠢᠶᠠᠨ ᠨᠢᠭᠡ ᠵᠢᠯ ᠤᠨ ᠡᠬᠢᠨ ᠤ ᠮᠣᠷᠳᠠᠯᠲᠠ ᠪᠣᠯᠭᠠᠨ ︽ᠬᠡᠶᠢᠮᠣᠷᠢ︾ ᠪᠠᠨ ᠰᠡᠷᠭᠦᠭᠡᠵᠦ ᠪᠠᠶᠢᠨ᠎ᠠ ᠭᠡᠵᠤ ᠦᠵᠡᠳᠡᠭ᠃ ︽ᠵᠦᠭ ᠭᠠᠷᠭᠠᠵᠤ︾ ᠢᠷᠡᠭᠡᠳ ᠡᠷᠡᠭᠲᠡᠶᠢᠴᠦᠳ ᠪᠣᠯᠤᠨ ᠬᠡᠦᠬᠡᠨᠴᠦᠳ ᠠᠶᠢᠯ ᠢᠶᠠᠷ ᠲᠣᠭᠤᠷᠢᠨ ᠰᠢᠨᠡᠯᠡᠬᠦ ᠪᠠᠷ ᠮᠣᠷᠳᠠᠵᠠᠭᠠᠨ᠎ᠠ᠃ ᠠᠶᠢᠯ ᠢᠶᠠᠷ ᠴᠠᠭᠠᠯᠠᠬᠤ ᠬᠥᠮᠥᠰ ᠲᠥᠷᠥᠯ ᠰᠠᠳᠤᠨ ᠪᠤᠶᠤ ᠬᠠᠮᠤᠭ ᠤᠨ ᠣᠶᠢᠷ᠎ᠠ ᠬᠦᠷᠰᠢ ᠠᠶᠢᠯ ᠠᠴᠠ ᠪᠠᠨ ᠡᠬᠢᠯᠡᠨ ᠰᠢᠨᠡᠯᠡᠨ᠎ᠡ᠃ ᠠᠶᠢᠯ ᠳᠤ ᠰᠢᠨᠡᠯᠡᠬᠦ ᠳᠡᠭᠡᠨ ᠭᠡᠷ ᠲᠤ ᠣᠷᠤᠮᠠᠭᠴᠠ ᠥᠪᠡᠷ ᠠᠴᠠ ᠪᠠᠨ ᠨᠠᠰᠤ ᠠᠬ᠎ᠠ ᠬᠥᠮᠥᠨ ᠪᠦᠬᠦᠨ  ᠳᠤ ᠬᠥᠯ ᠲᠠᠲᠠᠨ ︽ᠠᠮᠤᠷ ᠪᠠᠶᠢᠨ᠎ᠠ ᠤᠤ︖ ᠠᠮᠤᠷ ᠪᠠᠶᠢᠨ᠎ᠠ ᠤᠤ︖︾ ᠭᠡᠵᠤ ᠠᠮᠤᠷ ᠡᠷᠢᠬᠦ ᠳᠤ ᠠᠶᠢᠯ ᠤᠨ ᠨᠠᠰᠤᠲᠠᠨ ︽ᠮᠡᠨᠳᠦ ᠤᠤ︖︾ ᠭᠡᠵᠤ ᠬᠠᠷᠢᠭᠤ ᠮᠡᠨᠳᠦᠯᠡᠬᠦᠯᠡᠷ᠂ ᠬᠠᠮᠤᠭ ᠲᠣᠮᠤᠭᠠᠲᠠᠢ ᠠᠴᠠ ᠨᠢ ᠡᠬᠢᠯᠡᠨ ᠴᠠᠭᠠᠨ ᠬᠠᠳᠠᠭ ᠪᠠᠷᠢᠵᠤ ᠬᠤᠷᠮᠤᠢ ᠳᠡᠪᠢᠰᠦᠨ ᠮᠥᠷᠭᠦᠬᠦ ᠳᠤ ᠲᠡᠳᠡ ︽ᠵᠧ ᠡ︕ ᠪᠤᠭᠤᠷᠤᠯ ᠪᠣᠯᠵᠤ ᠪᠤᠶᠠᠨ ᠲᠠᠢ ᠵᠢᠷᠭ᠎ᠠ︕︾᠂ ︽ᠡᠷᠳᠡᠮ ᠪᠢᠴᠢᠭ ᠲᠠᠢ ᠬᠥᠮᠥᠨ ᠪᠣᠯᠵᠤ ᠡᠵᠡᠨ ᠲᠥᠷᠥ ᠳᠡᠭᠡᠨ ᠵᠢᠳᠬᠦᠵᠦ ᠶᠠᠪᠤ︕︾᠂ ︽ᠵᠧ ᠡ︕ ᠠᠯᠪᠠ ᠪᠠᠨ ᠬᠢᠴᠢᠶᠡᠵᠦ ᠨᠣᠶᠠᠨ ᠪᠣᠯ︕ ᠠᠵᠢᠯ ᠢᠶᠠᠨ ᠬᠢᠴᠢᠶᠡᠵᠦ ᠪᠠᠶᠠᠨ ᠪᠣᠯ︕︾ ᠭᠡᠬᠦ ᠮᠡᠲᠦ ᠪᠠᠷ ᠬᠥᠮᠥᠨ ᠤ ᠪᠠᠶᠢᠳᠠᠯ ᠢ ᠦᠵᠡᠵᠦ ᠠᠳᠠᠯᠢ ᠪᠤᠰᠤ ᠪᠠᠷ ᠢᠷᠦᠭᠡᠭᠡᠳ ᠬᠤᠶᠠᠷ ᠦᠨᠦᠰᠦᠨ᠎ᠡ᠃ ᠬᠠᠮᠲᠦ ᠶᠠᠪᠤᠭᠰᠠᠳ ᠴᠦ ᠳᠡᠰ ᠳᠠᠷᠠᠭ᠎ᠠ ᠪᠠᠷ ᠢᠶᠠᠨ ︽ᠮᠠᠯ ᠰᠦᠷᠦᠭ ᠠᠮᠤᠷᠬᠠᠨ ᠪᠠᠶᠢᠨ᠎ᠠ ᠤᠤ︖ ᠮᠠᠯ ᠰᠦᠷᠦᠭ ᠠᠮᠤᠷᠬᠠᠨ ᠪᠠᠶᠢᠨ᠎ᠠ ᠤᠤ︖︾ ᠭᠡᠬᠦ ᠳᠤ ᠨᠠᠰᠤᠲᠠᠨ ᠲᠠᠮᠠᠬᠢᠯᠠᠬᠤ ᠳᠠᠭᠠᠨ     ︽ᠣᠨ ᠵᠢᠯ ᠳᠤ ᠠᠮᠤᠷᠬᠠᠨ ᠣᠷᠤᠪᠠ ᠤᠤ︖ ᠰᠠᠷ᠎ᠠ ᠰᠢᠨ᠎ᠡ ᠳᠤ ᠰᠠᠶᠢᠬᠠᠨ ᠰᠢᠨᠡᠯᠡᠪᠠ ᠤᠤ︖︾᠂ ︽ᠮᠡᠨᠳᠦ ᠡ︕ ᠵᠢᠯ ᠳᠤ ᠠᠮᠤᠷᠬᠠᠨ᠂ ᠮᠡᠨᠲᠦ ᠡ︕ ᠰᠠᠷ᠎ᠠ ᠰᠢᠨ᠎ᠡ ᠳᠤ ᠰᠠᠶᠢᠬᠠᠨ︕︾ ᠭᠡᠵᠡᠭᠡᠵᠦ ᠬᠠᠷᠢᠯᠴᠠᠨ ᠬᠥᠬᠦᠷ ᠢᠶᠠᠨ ᠰᠣᠯᠢᠯᠴᠠᠵᠤ ᠦᠨᠦᠷᠲᠦᠭᠡᠳ ᠮᠠᠯ ᠤᠨ ᠮᠡᠨᠳᠦ ᠮᠡᠳᠡᠯᠴᠡᠨ᠎ᠡ᠃ ᠠᠶᠢᠯ ᠪᠣᠯᠭᠠᠨ ᠴᠠᠢ᠂ ᠢᠳᠡᠭᠡ᠂ ᠴᠠᠭᠠᠯᠠᠭ᠎ᠠ ᠠᠶᠠᠭᠠᠯᠠᠵᠤ᠂ ᠪᠡᠯᠡᠭ ᠰᠡᠯᠡᠭ ᠢᠶᠠᠨ ᠥᠭᠴᠦ ᠵᠣᠴᠢᠳ ᠢᠶᠠᠨ ᠮᠣᠷᠳᠠᠭᠤᠯᠤᠨ᠎ᠠ᠃ ᠢᠩᠭᠢᠵᠦ ᠴᠠᠭᠠᠨ ᠰᠠᠷ᠎ᠠ ᠶᠢᠨ ᠴᠠᠭᠠᠯᠠᠬᠤ ᠶᠣᠰᠤᠨ ᠤᠯᠠᠮᠵᠢᠯᠠᠯᠲᠤ ᠶᠣᠰᠤ ᠪᠠᠷ ᠢᠶᠠᠨ ᠶᠠᠪᠤᠭᠳᠠᠳᠠᠭ᠃⒉ ᠤᠷᠤᠭ ᠬᠤᠷᠢᠮ ᠤᠨ ᠵᠠᠩ ᠦᠢᠯᠡ ᠡᠨᠡᠬᠦ ᠤᠷᠤᠭ ᠬᠤᠷᠢᠮ ᠤᠨ ᠶᠣᠰᠤᠨ ᠨᠢ ᠬᠠᠭᠤᠴᠢᠨ ᠤ ᠤᠯᠠᠮᠵᠢᠯᠠᠯᠲᠤ ᠬᠤᠷᠢᠮ ᠤᠨ ᠶᠣᠰᠤᠨ ᠲᠤᠯᠠ ᠰᠠᠶᠢᠨ ᠳᠤᠷ᠎ᠠ ᠶᠢᠨ ᠬᠤᠷᠢᠮ ᠤᠨ ᠶᠣᠰᠤᠨ ᠲᠠᠢ ᠵᠦᠢᠷᠯᠡᠪᠡᠯ ᠬᠤᠴᠤᠷᠤᠩᠭᠤᠢ ᠵᠦᠢᠯ ᠴᠦ ᠨᠡᠯᠢᠶᠡᠳ ᠪᠠᠶᠢᠳᠠᠭ᠃⑴ ᠥᠬᠢᠨ ᠭᠤᠶᠤᠬᠤ ᠡᠴᠢᠭᠡ ᠡᠬᠡ ᠪᠣᠯᠤᠭᠰᠠᠳ ᠬᠦᠦ ᠨᠢ ᠠᠷᠪᠠᠨ ᠲᠠᠪᠤᠨ ᠨᠠᠰᠤ ᠬᠦᠷᠪᠡᠯ ᠥᠭᠡᠷ᠎ᠡ ᠬᠠᠯᠠ ᠣᠪᠤᠭ ᠲᠠᠢ᠂ ᠠᠵᠢᠯ ᠣᠶᠤᠳᠠᠯ ᠳᠤ ᠪᠠᠨ ᠰᠠᠶᠢᠨ᠂ ᠰᠡᠴᠡᠨ ᠰᠡᠷᠭᠦᠯᠡᠩ᠂ ᠨᠠᠰᠤ ᠬᠤᠷᠠᠭ ᠤᠨ ᠥᠬᠢᠨ ᠢ ᠬᠡᠳᠦ ᠶᠢ ᠰᠣᠩᠭᠤᠵᠤ ᠠᠯᠢ ᠨᠢ ᠬᠤᠪᠢ ᠢᠷᠦᠭᠡᠯ ᠲᠠᠢ ᠪᠠᠶᠢᠬᠤ ᠶᠢ ︽ᠮᠡᠷᠭᠡᠨ︾ ᠯᠠᠮᠠ ᠪᠠᠷ ᠮᠡᠷᠭᠡ ᠲᠦᠯᠭᠡ ᠦᠵᠡᠭᠦᠯᠵᠦ ᠰᠣᠩᠭᠤᠨ ᠲᠣᠭᠲᠠᠭᠠᠳᠠᠭ ᠢᠩᠭᠢᠭᠡᠳ ᠬᠠᠰᠢᠷ ᠲᠣᠮᠤᠭᠠᠲᠠᠢ᠂ ᠦᠭᠡ ᠶᠠᠷᠢᠶ᠎ᠠ ᠰᠠᠶᠢᠨᠲᠠᠢ ᠡᠯᠢᠭᠡ ᠪᠦᠲᠦᠨ ᠬᠥᠮᠥᠨ ᠢ ᠥᠬᠢᠨ ᠤ ᠭᠡᠷ ᠲᠤ ᠣᠴᠢᠭᠤᠯᠵᠤ᠂ ᠪᠡᠷᠢ ᠡᠷᠢᠭᠦᠯᠳᠡᠭ᠃⑵ ᠬᠤᠷᠢᠮ ᠤᠨ ᠪᠡᠯᠡᠳᠬᠡᠯ ᠤᠷᠤᠭ ᠲᠣᠭᠲᠠᠭᠰᠠᠨ ᠤ ᠳᠠᠷᠠᠭ᠎ᠠ ︽ᠮᠠᠯ ᠮᠥᠩᠭᠦ ᠥᠭᠴᠦ ᠠᠪᠬᠤ︾ ᠭᠡᠵᠤ ᠪᠠᠶᠢᠳᠠᠭ᠃ ᠡᠨᠡ ᠨᠢ ᠬᠤᠶᠠᠷ ᠲᠠᠯ᠎ᠠ  ᠶᠢᠨ ᠬᠥᠷᠥᠩᠭᠡ᠂ ᠬᠤᠭᠰᠢᠯ ᠤᠨ ᠨᠢᠮᠭᠡᠨ ᠵᠤᠵᠠᠭᠠᠨ ᠢᠶᠠᠷ ᠲᠣᠭᠲᠠᠭᠠᠭᠳᠠᠨ᠎ᠠ᠃ ᠬᠡᠦᠬᠡᠨ ᠲᠠᠯ᠎ᠠ ᠬᠦᠷᠭᠡᠨ ᠤ ᠥᠭᠭᠦᠭᠰᠡᠨ ︽ᠮᠠᠯ ᠮᠥᠩᠭᠦ︾ ᠪᠠᠷ ᠨᠢᠭᠡ ᠵᠢᠯ ᠪᠤᠶᠤ ᠬᠠᠭᠠᠰ ᠵᠢᠯ ᠳᠤ ᠬᠡᠦᠬᠡᠨ ᠤ ᠬᠤᠪᠴᠠᠰᠤ ᠵᠠᠰᠠᠯ᠂ ᠬᠠᠪᠴᠢᠭ ᠲᠠᠲᠠᠭᠤᠷ ᠬᠠᠵᠠᠭᠤ ᠶᠢᠨ ᠪᠠᠯ᠂ ᠳᠥᠷᠪᠡᠨ ᠡᠷᠢᠨ ᠤ ᠡᠮᠦᠰᠬᠦ ᠳᠡᠪᠡᠯ ᠬᠤᠪᠴᠠᠰᠤ ᠶᠢ ᠣᠶᠤᠵᠤ ᠪᠡᠯᠡᠳᠬᠡᠨ᠎ᠡ᠃ ᠡᠭᠦᠨ ᠠᠴᠠ ᠭᠠᠳᠠᠨ᠎ᠠ ᠬᠡ ᠤᠭᠠᠯᠵᠠ ᠲᠠᠢ ᠮᠣᠳᠤᠨ ᠣᠷᠤ᠂ ᠳᠡᠪᠢᠰᠬᠡᠷ᠂ ᠲᠣᠯᠤᠭᠠᠢ᠂ ᠬᠥᠯ ᠤᠨ ᠳᠡᠷ᠎ᠡ᠂ ᠪᠠᠰᠠ ᠠᠪᠳᠠᠷ᠎ᠠ᠂ ᠠᠶᠠᠭᠠᠨ ᠤ ᠰᠢᠷᠡᠭᠡ ᠵᠡᠷᠭᠡ ᠶᠢ ᠬᠢᠯᠭᠡᠵᠦ ᠪᠡᠯᠡᠳᠬᠡᠳᠡᠭ᠃ ᠬᠦᠷᠭᠡᠨ ᠲᠠᠯ᠎ᠠ ᠭᠡᠷ ᠲᠡᠷᠭᠡ ᠠᠴᠠ ᠡᠬᠢᠯᠡᠨ ᠰᠢᠨᠡᠴᠢᠯᠡᠨ ᠪᠡᠯᠡᠳᠬᠡᠬᠦ ᠶᠢᠨ ᠬᠠᠮᠲᠤ᠂ ᠬᠦᠷᠭᠡᠨ ᠤ ᠬᠤᠪᠴᠠᠰᠤ ᠳᠡᠪᠡᠯ ᠂ ᠬᠦᠷᠮ᠎ᠡ᠂ ᠬᠠᠨᠵᠢᠶᠠᠷ᠂ ᠪᠦᠰᠡ᠂ ᠮᠠᠯᠠᠭᠠᠢ ᠳᠤ ᠬᠦᠷᠲᠡᠯ᠎ᠡ ᠪᠡᠯᠡᠨ ᠪᠣᠯᠭᠠᠨ᠎ᠠ᠃⑶ ᠬᠤᠷᠢᠮ ᠤᠨ ᠵᠠᠷ ᠬᠡᠯᠡᠬᠦ ᠬᠤᠶᠠᠷ ᠲᠠᠯ᠎ᠠ ᠶᠢᠨ ᠪᠡᠯᠡᠳᠬᠡᠯ ᠠᠵᠢᠯ ᠳᠠᠭᠤᠰᠪᠠᠯ᠂ ᠰᠠᠷ᠎ᠠ ᠶᠢᠨ ᠰᠠᠶᠢᠨ᠂ ᠡᠳᠦᠷ ᠤᠨ ᠥᠯᠵᠡᠢ ᠶᠢ ᠦᠵᠡᠭᠦᠯᠵᠦ᠂ ᠬᠡᠦᠬᠡᠨ ᠮᠣᠷᠳᠠᠭᠤᠯᠵᠤ᠂ ᠪᠡᠷᠢ ᠪᠠᠭᠤᠯᠭᠠᠬᠤ ᠡᠳᠦᠷ ᠢᠶᠠᠨ ᠲᠣᠭᠲᠠᠨ᠎ᠠ᠃ ᠬᠡᠦᠬᠡᠨ ᠲᠠᠯ᠎ᠠ ︽×× ᠰᠠᠷ᠎ᠠ ᠶᠢᠨ×× ᠤ ᠡᠳᠦᠷ ︿ᠲᠠᠬᠢᠯ ᠪᠡᠯᠡᠭ﹀ ᠬᠦᠯᠢᠶᠡᠨ᠎ᠡ᠂×× ᠰᠠᠷ᠎ᠠ ᠶᠢᠨ××  ᠤ ᠡᠳᠦᠷ ᠤᠨ×× ᠴᠠᠭ ᠲᠤ ᠮᠣᠷᠳᠠᠭᠤᠯᠤᠨ᠎ᠠ︾ ᠭᠡᠵᠤ ᠬᠤᠷᠢᠮ ᠤᠨ ᠵᠠᠷ ᠬᠡᠯᠡᠳᠡᠭ᠃ ᠬᠦᠷᠭᠡᠨ ᠲᠠᠯ᠎ᠠ ︽×× ᠰᠠᠷ᠎ᠠ ᠶᠢᠨ×× ᠤ ᠡᠳᠦᠷ ︿ᠲᠠᠬᠢᠯ ᠪᠡᠯᠡᠭ﹀ ᠬᠦᠷᠭᠡᠨ᠎ᠡ᠂×× ᠰᠠᠷ᠎ᠠ ᠶᠢᠨ××  ᠤ ᠡᠳᠦᠷ ᠰᠢᠨ᠎ᠡ ᠭᠡᠷ ᠤᠨ ᠨᠠᠶᠢᠷ ᠬᠢᠨ᠎ᠡ᠂×× ᠰᠠᠷ᠎ᠠ ᠶᠢᠨ×× ᠤ ᠡᠳᠦᠷ ᠪᠡᠷᠢ ᠶᠢ ᠪᠠᠭᠤᠯᠭᠠᠨ᠎ᠠ᠃×× ᠴᠠᠭ ᠲᠤ ᠪᠡᠷᠢ ᠶᠢ ᠭᠠᠯ ᠳᠤ ᠮᠥᠷᠭᠦᠭᠦᠯᠦᠨ᠎ᠡ︾ ᠭᠡᠵᠤ ᠵᠠᠷ ᠢᠶᠠᠨ ᠬᠡᠯᠡᠨ᠎ᠡ᠃⑷ ᠬᠤᠷᠢᠮ ᠤᠨ ᠶᠣᠰᠤᠨ ᠪᠠ ᠶᠠᠪᠤᠴᠠ① ᠰᠢᠨ᠎ᠡ ᠭᠡᠷ ᠤᠨ ᠨᠠᠶᠢᠷ ᠭᠦᠷᠭᠡᠨ ᠲᠠᠯ᠎ᠠ ᠶᠢᠨ ᠭᠡᠷ ᠲᠡᠷᠭᠡ ᠪᠦᠷᠢᠬᠦ ᠠᠵᠢᠯ ᠳᠤ ᠬᠠᠪᠰᠤᠷᠤᠨ ᠣᠷᠤᠯᠴᠠᠭᠰᠠᠨ ᠬᠥᠮᠥᠰ ᠪᠣᠯᠤᠨ ᠬᠤᠷᠢᠮ ᠳᠤ ᠢᠷᠡᠭᠰᠡᠨ ᠬᠥᠮᠥᠰ ᠢ ᠰᠢᠨ᠎ᠡ ᠭᠡᠷ ᠲᠤ ᠵᠠᠯᠠᠵᠤ ᠴᠠᠢ ᠢᠳᠡᠭᠡ ᠪᠣᠯᠵᠤ᠂ ᠠᠷᠢᠬᠢ ᠳᠠᠷᠠᠰᠤ ᠪᠠᠷᠢᠨ ᠵᠣᠴᠢᠨ ᠢᠶᠠᠨ ᠳᠠᠶᠢᠯᠠᠬᠤ ᠶᠢᠨ ᠬᠠᠮᠲᠤ᠂ ᠢᠷᠦᠭᠡᠯᠴᠢ ᠠᠴᠠ ᠰᠢᠨ᠎ᠡ ᠭᠡᠷ ᠢ ᠢᠷᠦᠭᠡᠨ ᠮᠢᠯᠢᠶᠠᠨ᠎ᠠ᠃ ᠣᠮ ᠰᠠᠶᠢᠨ ᠠᠮᠤᠭᠤᠯᠠᠩ ᠪᠣᠯᠲᠤᠭᠠᠢ︕ ᠤᠴᠠᠷᠠᠯ ᠰᠠᠶᠢᠨ ᠵᠢᠷᠭᠠᠯᠠᠩ ᠪᠣᠯᠲᠤᠭᠠᠢ︕ ᠲᠡᠭᠰᠢ ᠵᠣᠬᠢᠶᠠᠭᠰᠠᠨ ᠡᠨᠡ ᠭᠡᠷ ᠲᠡᠭᠷᠢ ᠶᠢᠨ ᠣᠷᠳᠤᠨ ᠮᠡᠲᠦ ᠪᠣᠯᠲᠤᠭᠠᠢ ᠲᠡᠷᠡ ᠭᠡᠷ ᠤᠨ ᠡᠵᠡᠨ ᠠᠨᠤ ᠲᠡᠭᠦᠰ ᠰᠠᠶᠢᠨ ᠵᠢᠷᠭᠠᠨ ᠠᠲᠤᠭᠠᠢ ᠨᠠᠷᠠᠨ ᠤ ᠭᠡᠷᠡᠯ ᠢ ᠨᠠᠭᠠᠰᠢ ᠣᠷᠤᠭᠤᠯᠤᠭᠴᠢ ᠭᠠᠯ ᠤᠨ ᠭᠡᠷᠡᠯ ᠢ ᠭᠠᠳᠠᠭᠰᠢ ᠳᠡᠯᠭᠡᠷᠡᠭᠦᠯᠦᠭᠴᠢ ᠬᠤᠷᠯᠤ ᠡᠷᠳᠡᠨᠢ ᠶᠢᠨ ᠰᠢᠨᠵᠢᠲᠡᠢ ᠲᠣᠭᠤᠨᠤ ᠲᠡᠭᠦᠨ ᠢ ᠮᠢᠯᠢᠶᠠᠶ᠎ᠠ︕ ᠥᠯᠵᠡᠢ ᠨᠠᠢᠮᠠᠨ ᠡᠳ᠋ᠯᠡᠯ ᠤᠨ ᠰᠢᠨᠵᠢᠲᠡᠢ ᠥᠪᠴᠢ ᠰᠠᠶᠢᠨ ᠪᠡᠯᠭᠡ ᠵᠣᠬᠢᠴᠠᠭᠰᠠᠨ ᠥᠭᠭᠢᠶᠡᠮᠦᠷ ᠰᠢᠨ᠎ᠡ ᠭᠡᠷ ᠲᠡᠭᠡᠨ ᠥᠨᠢᠷ ᠣᠯᠠᠭᠤᠯᠠ ᠪᠠᠨ ᠵᠢᠷᠭᠠᠬᠤ ᠪᠣᠯᠲᠤᠭᠠᠢ ᠭᠡᠵᠤ ᠢᠷᠦᠭᠡᠨ ᠰᠦ ᠲᠠᠷᠠᠭ ᠰᠠᠴᠤᠨ ᠮᠢᠯᠢᠶᠠᠳᠠᠭ᠂ ᠢᠩᠭᠢᠭᠡᠳ ᠳᠠᠭᠤᠤ ᠳᠠᠭᠤᠯᠠᠵᠤ ᠨᠠᠶᠢᠷᠯᠠᠨ ᠰᠢᠨ᠎ᠡ ᠭᠡᠷ ᠤᠨ ᠨᠠᠶᠢᠷ ᠲᠠᠷᠬᠠᠨ᠎ᠠ᠃② ᠲᠠᠬᠢᠯ ᠪᠡᠯᠡᠭ ᠬᠦᠷᠭᠡᠬᠦ ᠬᠦᠷᠭᠡᠨ ᠬᠦᠦ ᠰᠢᠨ᠎ᠡ ᠬᠤᠪᠴᠠᠰᠤ ᠡᠮᠦᠰᠴᠤ᠂ ᠬᠡᠲᠡ ᠪᠦᠰᠡᠨ ᠳᠡᠭᠡᠨ ᠳᠡᠭᠦᠵᠢᠯᠡᠵᠦ᠂ ᠰᠠᠭᠠᠳᠠᠭ ᠨᠤᠮᠤ ᠠᠭᠰᠠᠵᠤ᠂ ᠠᠪᠤ ᠡᠵᠢ᠂ ᠬᠤᠲᠠ ᠶᠢᠨ ᠲᠦᠷᠦᠭᠦᠦ᠂ ᠠᠬ᠎ᠠ ᠳᠡᠭᠦᠦ ᠲᠥᠷᠥᠯ ᠰᠠᠳᠤᠨ᠂ ᠨᠠᠶᠢᠵᠠ ᠨᠥᠬᠦᠳ ᠢᠶᠠᠨ ᠳᠠᠭᠠᠭᠤᠯᠤᠨ ᠬᠡᠦᠬᠡᠨ ᠤ ᠲᠠᠯ᠎ᠠ ᠳᠤ ︵ᠲᠠᠬᠢᠯ ᠪᠡᠯᠡᠭ︶ ᠴᠢᠨᠠᠵᠤ ᠪᠣᠯᠤᠭᠠᠭᠰᠠᠨ ᠪᠦᠬᠦᠯᠢ ᠬᠤᠨᠢᠨ ᠤ ᠮᠢᠬ᠎ᠠ᠂ ᠠᠷᠢᠬᠢ᠂ ᠠᠮᠲᠠᠲᠠᠨ ᠪᠣᠭᠤᠷᠰᠤᠭ᠂ ᠪᠤᠷᠬᠠᠨ ᠳᠤ ᠡᠷᠭᠦᠬᠦ ᠬᠠᠳᠠᠭ ᠬᠦᠵᠢ ᠵᠤᠯᠠ ᠵᠡᠷᠭᠡ ᠶᠢ ᠠᠪᠴᠤ ᠲᠣᠭᠲᠠᠭᠰᠠᠨ ᠡᠳᠦᠷ ᠤᠨ ᠦᠳᠡ  ᠠᠴᠠ ᠡᠮᠦᠨ᠎ᠡ ᠵᠠᠪᠠᠯ ᠬᠦᠷᠦᠨ᠎ᠡ᠃ ᠬᠡᠦᠬᠡᠨ ᠤ ᠲᠠᠯ᠎ᠠ ᠬᠦᠷᠭᠡᠨ ᠲᠠᠯ᠎ᠠ ᠶᠢᠨ ︽ᠲᠠᠬᠢᠯ ᠪᠡᠯᠡᠭ︾ ᠢ ᠬᠦᠯᠢᠶᠡᠨ ᠠᠪᠴᠤ ᠴᠠᠢ᠂ ᠢᠳᠡᠭᠡ᠂ ᠠᠷᠢᠬᠢ ᠳᠠᠷᠠᠰᠤ ᠪᠠᠷ ᠬᠦᠷᠭᠡᠨ ᠲᠠᠯ᠎ᠠ ᠶᠢ ᠵᠣᠴᠢᠯᠠᠨ ᠢᠷᠦᠭᠡᠯ ᠮᠠᠭᠲᠠᠭᠠᠯ ᠬᠡᠯᠡᠵᠦ᠂ ᠳᠠᠭᠤᠤ ᠳᠠᠭᠤᠯᠠᠵᠤ ᠪᠡᠯᠡᠭ ᠰᠡᠯᠡᠭ ᠥᠭᠴᠦ ︽ᠲᠠᠬᠢᠯ ᠪᠡᠯᠡᠭ ᠤᠨ ᠨᠠᠶᠢᠷ︾ ᠢᠶᠠᠨ ᠥᠨᠳᠦᠷᠯᠡᠭᠦᠯᠦᠨ᠎ᠡ᠃ ᠬᠦᠷᠭᠡᠨ ᠮᠣᠷᠳᠠᠬᠤ ᠦᠶ᠎ᠡ ᠳᠤ ︽ᠬᠦᠷᠭᠡᠨ ᠲᠠᠮᠪᠠᠯᠠᠬᠤ︾ ᠭᠡᠵᠤ ᠨᠢᠭᠡᠨ ᠤᠴᠢᠷ ᠪᠣᠢ᠃ ᠬᠡᠦᠬᠡᠨ ᠲᠠᠯ᠎ᠠ ᠶᠢᠨ ᠵᠠᠯᠠᠭᠤᠴᠤᠳ ᠬᠦᠷᠭᠡᠨ ᠢ ᠦᠭᠡᠷ᠂ ᠠᠳᠤᠭᠤᠨ ᠤ ᠨᠣᠶᠢᠲᠠᠨ ᠪᠠᠭᠠᠰᠤ ᠪᠠᠷ ᠰᠢᠳᠡᠬᠦ ᠶᠢ ᠬᠡᠯᠡᠨ᠎ᠡ᠃ ᠬᠤᠷᠳᠤᠨ ᠮᠣᠷᠢ  ᠲᠠᠢ ᠱᠠᠯᠠᠮᠠᠭᠠᠢ ᠬᠥᠮᠥᠨ ᠪᠠᠭᠠᠰᠤᠨ ᠳᠤ ᠣᠨᠤᠭᠳᠠᠳᠠᠭ ᠦᠭᠡᠢ᠃ ᠡᠨᠡ ᠨᠢ ᠬᠦᠷᠭᠡᠨ ᠢ ᠰᠣᠷᠢᠵᠤ ᠰᠢᠯᠭᠠᠵᠤ᠂ ᠱᠣᠭᠯᠠᠵᠤ ᠪᠠᠶᠢᠬᠤ ᠨᠢᠭᠡᠨ ᠵᠦᠢᠯ ᠪᠣᠯᠤᠨ᠎ᠠ᠃③ ᠬᠡᠦᠬᠡᠨ ᠮᠡᠳᠡᠭᠦᠯᠬᠦ ᠬᠡᠦᠬᠡᠨ ᠮᠡᠳᠡᠭᠦᠯᠬᠦ ᠭᠡᠳᠡᠭ ᠨᠢ ᠬᠠᠷᠢ ᠳᠤ ᠮᠣᠷᠳᠠᠬᠤ ᠬᠡᠦᠬᠡᠨ ᠤ ᠰᠠᠳᠤᠨ ᠲᠥᠷᠥᠯ ᠨᠢ ᠣᠶᠤᠳᠠᠯ ᠣᠶᠤᠭᠤᠯᠬᠤ ᠨᠡᠷ᠎ᠡ ᠪᠠᠷ ᠡᠴᠢᠭᠡ ᠡᠬᠡ ᠳᠤᠨᠢ ᠬᠡᠯᠡᠵᠦ ᠬᠡᠦᠬᠡᠨ ᠢ ᠭᠡᠷ ᠲᠤ ᠪᠠᠨ ᠠᠪᠴᠢᠷᠠᠬᠤ ᠳᠤ ︽ᠬᠡᠦᠬᠡᠨ ᠮᠡᠳᠡᠭᠦᠯᠬᠦ︾ ᠳᠤ ᠤᠷᠢᠭᠳᠠᠭᠰᠠᠨ ᠬᠡᠦᠬᠡᠨᠴᠤᠳ ᠴᠤᠭᠯᠠᠷᠠᠨ᠎ᠠ᠃ ᠡᠭᠦᠨ ᠠᠴᠠ ᠭᠠᠳᠠᠨ᠎ᠠ ᠬᠡᠦᠬᠡᠨ ᠮᠡᠳᠡᠭᠦᠯᠬᠦ ᠳᠤ ᠵᠡᠭᠦᠯᠭᠡᠬᠦ ᠢᠰᠡᠭᠡᠢ ᠮᠠᠯᠠᠭᠠᠢ᠂ ᠨᠢᠭᠡᠨ ᠵᠠᠬ᠎ᠠ ᠨᠥᠮᠦᠷᠭᠡ ︵ᠴᠣᠪᠠ︶ ᠪᠡᠯᠡᠳᠬᠡᠵᠦ᠂ ᠢᠳᠡᠷ ᠵᠠᠯᠠᠭᠤ ᠨᠠᠰᠤᠨ ᠤ ᠡᠷᠡᠭᠲᠡᠢ ᠬᠥᠮᠥᠨ ᠬᠡᠦᠬᠡᠨ  ᠳᠤ ᠮᠠᠯᠠᠭᠠᠢ ᠪᠣᠯᠤᠨ ᠨᠥᠮᠥᠷᠭᠡ ᠡᠮᠦᠰᠬᠡᠬᠦ ᠶᠢ ︽ᠬᠡᠦᠬᠡᠨ ᠮᠡᠳᠡᠭᠦᠯᠬᠦ︾ ᠭᠡᠨ᠎ᠡ᠃④ ᠬᠡᠦᠬᠡᠨ ᠬᠡᠰᠦᠭᠦᠯᠬᠦ ᠬᠡᠦᠬᠡᠨ ︽ᠬᠡᠦᠬᠡᠨ ᠮᠡᠳᠡᠭᠦᠯᠦᠭᠰᠡᠨ ᠭᠡᠷ︾ ᠠᠴᠠ ᠮᠣᠷᠳᠠᠵᠤ ᠲᠥᠷᠥᠯ ᠰᠠᠳᠤᠨ᠂ ᠠᠶᠢᠯ ᠠᠶᠢᠮᠠᠭ ᠤᠨ ᠬᠢᠨ ᠢᠶᠠᠷ ᠪᠠᠷᠤᠭ ᠪᠦᠬᠦᠯᠢ ᠡᠳᠦᠷ ᠬᠡᠰᠦᠵᠦ ᠰᠠᠯᠬᠤ ᠶᠣᠰᠤ ᠭᠦᠢᠴᠡᠳᠬᠡᠳᠡᠭ ᠲᠤᠯᠠ ᠠᠶᠢᠯ ᠪᠣᠯᠭᠠᠨ ᠪᠡᠯᠡᠭ ᠰᠡᠯᠡᠭ ᠲᠠᠢ ᠦᠳᠡᠨ ᠮᠣᠷᠳᠠᠭᠤᠯᠳᠠᠭ᠂ ᠡᠭᠦᠨ ᠢ ᠬᠡᠦᠬᠡᠨ ᠬᠡᠰᠦᠭᠦᠯᠬᠦ ᠭᠡᠨ᠎ᠡ᠃⑤ ᠬᠡᠦᠬᠡᠨ ᠨᠠᠭᠠᠳᠤᠭᠤᠯᠬᠤ ᠬᠤᠷᠢᠮ ᠳᠤ ᠢᠷᠡᠭᠰᠡᠨ ᠨᠠᠰᠤᠲᠠᠨ ᠲᠤᠮᠤᠭᠠᠲᠠᠨ ᠳᠠᠭᠠᠨ ᠴᠠᠢ ᠢᠳᠡᠭᠡᠨ ᠪᠠᠷᠢᠵᠤ ᠴᠠᠭᠠᠨ ᠬᠠᠳᠠᠭ ᠳᠡᠯᠭᠡᠨ ᠠᠷᠢᠬᠢ ᠰᠠᠷᠬᠤᠳ ᠰᠦᠩᠨᠡᠵᠦ ᠨᠠᠶᠢᠷ ᠤᠨ ᠳᠤᠭᠤᠷ᠎ᠠ ᠬᠡᠳᠦᠨᠲᠡ ᠡᠷᠭᠢᠬᠦᠯᠡᠷ᠂ ᠬᠡᠦᠬᠡᠨ ᠤ ᠡᠴᠢᠭᠡ ᠡᠬᠡ ᠪᠣᠯᠤᠨ ᠡᠭᠡᠴᠢ ᠨᠠᠷ ᠪᠡᠷᠭᠡᠳ ᠨᠢ ᠬᠡᠦᠬᠡᠨ ᠳᠡᠭᠡᠨ ᠪᠡᠯᠡᠭ ᠥᠭᠬᠦ ᠶᠠᠪᠤᠳᠠᠯ ᠪᠠᠶᠢᠳᠠᠭ᠃ ᠬᠠᠮᠤᠭ ᠲᠦᠷᠦᠭᠦᠨ ᠳᠤ ᠬᠡᠦᠬᠡᠨ ᠪᠣᠰᠴᠤ ᠵᠣᠭᠰᠤᠨ ᠠᠪᠤ ᠶᠢᠨ ᠢᠶᠠᠨ ᠪᠠᠷᠢᠭᠰᠠᠨ ᠬᠠᠳᠠᠭ ᠢ ᠬᠤᠶᠠᠷ ᠭᠠᠷ ᠢᠶᠠᠷ ᠢᠶᠠᠨ ᠲᠣᠰᠴᠤ ᠠᠪᠤᠭᠠᠳ ᠵᠡᠭᠦᠨ ᠭᠠᠷ ᠤᠨ ᠪᠠᠭᠤᠤ ᠳᠡᠭᠡᠷ᠎ᠡ ᠪᠠᠨ ᠲᠣᠬᠤᠵᠤ ᠡᠵᠢ ᠶᠢᠨ ᠢᠶᠠᠨ ᠰᠦᠩᠨᠡᠭᠰᠡᠨ ᠮᠥᠩᠭᠦᠨ ᠠᠶᠠᠭ᠎ᠠ ᠲᠠᠢ ᠠᠷᠢᠬᠢ ᠶᠢ ᠬᠦᠯᠢᠶᠡᠨ ᠠᠪᠤᠭᠠᠳ ᠵᠣᠭᠰᠤᠬᠤ ᠳᠤ ᠠᠪᠤ ᠨᠢ᠄ ᠡᠷᠲᠡ ᠤᠷᠢᠳᠤ ᠶᠢᠨ ᠴᠠᠭ ᠲᠤ ᠠᠯᠲᠠᠨ ᠭᠤᠷᠭᠤᠤᠯᠳᠠᠢ ᠵᠢᠭᠦᠷᠲᠡᠨ ᠥᠨᠳᠡᠭᠡ ᠪᠠᠶᠢᠬᠤ ᠮᠥᠨ ᠪᠣᠯᠪᠠᠴᠤ ᠠᠳᠠᠯᠢ ᠰᠤᠳᠤ ᠨᠢ ᠭᠦᠢᠴᠡᠯᠳᠦᠬᠦ ᠶᠢᠨ ᠲᠡᠷᠡ ᠴᠠᠭ ᠲᠤ ᠠᠯᠤᠰ ᠬᠤᠯᠠ ᠶᠢᠨ ᠠᠭᠤᠯᠠᠨ ᠳᠤ ᠠᠮᠢ ᠠᠮᠢᠨ ᠳᠠᠭᠠᠨ ᠨᠢᠰᠦᠨ ᠣᠳᠳᠠᠭ ᠶᠣᠰᠤᠲᠠᠢ᠃        ᠠᠴᠢᠲᠤ ᠠᠪᠤ ᠡᠵᠢ ᠬᠤᠶᠠᠷ ᠴᠢᠨᠢ ᠴᠢᠮᠠᠢᠢ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号