⒊ ᠠᠯᠪᠠᠨ ᠲᠤᠰᠢᠶᠠᠯᠲᠠᠳ | ⑴ ᠴᠢᠩ ᠤᠯᠤᠰ ᠤᠨ ᠦᠶ᠎ᠡ ᠶᠢᠨ ᠰᠢᠨ᠎ᠡ ᠪᠠᠷᠭᠤ ᠪᠠᠷᠠᠭᠤᠨ ᠭᠠᠷᠤᠨ ᠪᠦᠭᠦᠳᠡ ᠶᠢᠨ ᠳᠠᠷᠤᠭ᠎ᠠ | ① ᠴᠡᠷᠡᠩ ᠪᠣᠯᠪᠠᠰᠤ ᠶᠡᠬᠡᠵᠣᠩ ᠣᠪᠤᠭ ᠲᠠᠢ ᠰᠢᠨ᠎ᠡ ᠪᠠᠷᠭᠤ ᠪᠠᠷᠠᠭᠤᠨ ᠭᠠᠷᠤᠨ ᠰᠢᠯᠤᠭᠤᠨ ᠰᠢᠷ᠎ᠠ ᠬᠤᠰᠢᠭᠤᠨ ᠤ | ᠲᠡᠷᠢᠭᠦᠨ ᠰᠤᠮᠤᠨ ᠤ ᠬᠥᠮᠥᠨ᠃ 1734 — 1757 ᠣᠨ ᠬᠦᠷᠲᠡᠯ᠎ᠡ ᠪᠦᠭᠦᠳᠡ ᠶᠢᠨ ᠳᠠᠷᠤᠭ᠎ᠠ ᠪᠠᠶᠢᠪᠠ᠃ | ② ᠪᠠᠽᠠᠷ ᠪᠣᠯᠪᠠᠰᠤ ᠦᠵᠦᠨ ᠣᠪᠤᠭ ᠲᠠᠢ ᠬᠥᠪᠡᠭᠡᠲᠦ ᠬᠥᠬᠡ ᠬᠤᠰᠢᠭᠤᠨ ᠤ ᠭᠤᠲᠠᠭᠠᠷ ᠰᠤᠮᠤᠨ ᠤ ᠬᠥᠮᠥᠨ᠂ | 1757 — 1771 ᠣᠨ ᠳᠤ ᠪᠦᠭᠦᠳᠡ ᠶᠢᠨ ᠳᠠᠷᠤᠭ᠎ᠠ ᠪᠠᠶᠢᠪᠠ᠃ | ③ ᠪᠠᠬᠢᠶᠡ ︵ᠪᠠᠬᠢ︶ 1771 ᠣᠨ ᠠᠴᠠ 1791 ᠣᠨ ᠬᠦᠷᠲᠡᠯ᠎ᠡ ᠪᠦᠭᠦᠳᠡ ᠶᠢᠨ ᠳᠠᠷᠤᠭ᠎ᠠ ᠪᠠᠶᠢᠵᠠᠢ᠃ | ④ ᠡᠷᠱᠠᠪᠤᠤ ︵ᠠᠷᠠᠱᠠᠪᠤᠤ︶ ᠪᠣᠯᠪᠠᠰᠤ ᠬᠠᠭᠤᠴᠢᠨ ᠪᠠᠷᠭᠤ ᠬᠥᠮᠥᠨ᠂ 1791 — 1805 ᠣᠨ ᠳᠤ | ᠪᠦᠭᠦᠳᠡ ᠶᠢᠨ ᠳᠠᠷᠤᠭ᠎ᠠ ᠪᠠᠶᠢᠵᠠᠢ᠃ | ⑤ ᠪᠠᠯᠳᠠᠨᠳᠣᠷᠵᠢ 1805 — 1822 ᠣᠨ ᠳᠤ ᠪᠦᠭᠦᠳᠡ ᠶᠢᠨ ᠳᠠᠷᠤᠭ᠎ᠠ ᠪᠠᠶᠢᠵᠠᠢ᠃ | ⑥ ᠯᠾᠸᠡᠨᠰᠣᠨᠣᠮ᠂ ᠰᠢᠨ᠎ᠡ ᠪᠠᠷᠭᠤ ᠵᠡᠭᠦᠨ ᠭᠠᠷᠤᠨ ᠬᠥᠮᠥᠨ᠂ 1822 ᠣᠨ ᠠᠴᠠ 1830 ᠣᠨ ᠳᠤ ᠪᠦᠭᠦᠳᠡ | ᠶᠢᠨ ᠳᠠᠷᠤᠭ᠎ᠠ ᠪᠠᠶᠢᠪᠠ᠃ | ⑦ ᠴᠡᠪᠡᠭᠵᠠᠪ 1830 ᠣᠨ ᠠᠴᠠ 1858 ᠣᠨ ᠳᠤ ᠪᠦᠭᠦᠳᠡ ᠶᠢᠨ ᠳᠠᠷᠤᠭ᠎ᠠ ᠪᠠᠶᠢᠪᠠ᠃ | ⑧ ᠭᠡᠨᠢᠨᠴᠢᠮᠢᠳ ᠪᠣᠯᠪᠠᠰᠤ ᠬᠦᠢᠴᠡᠯᠢᠭ ᠣᠪᠤᠭ ᠲᠠᠢ ᠬᠥᠪᠡᠭᠡᠲᠦ ᠬᠥᠬᠡ ᠲᠡᠷᠢᠭᠦᠨ ᠰᠤᠮᠤᠨ ᠤ ᠬᠥᠮᠥᠨ᠂ 1858 | ᠣᠨ ᠠᠴᠠ 1869 ᠣᠨ ᠳᠤ ᠪᠦᠬᠦᠳᠡ ᠶᠢᠨ ᠳᠠᠷᠤᠭ᠎ᠠ ᠪᠠᠶᠢᠪᠠ᠃ | ⑨ ᠮᠠᠨᠢᠪᠠᠳᠠᠷᠠ ᠪᠣᠯᠪᠠᠰᠤ ᠰᠢᠯᠤᠭᠤᠨ ᠰᠢᠷ᠎ᠠ ᠬᠤᠰᠢᠭᠤᠨ ᠤ ᠬᠥᠮᠥᠨ᠂ 1869 ᠣᠨ ᠠᠴᠠ 1874 ᠣᠨ ᠳᠤ | ᠪᠦᠭᠦᠳᠡ ᠶᠢᠨ ᠳᠠᠷᠤᠭ᠎ᠠ ᠪᠠᠶᠢᠪᠠ᠃ | ⑩ ᠮᠥᠩᠬᠡᠳᠣᠷᠵᠢ 1877 ᠣᠨ ᠤ ᠦᠶ᠎ᠡ ᠳᠤ ᠪᠠᠷᠠᠭᠤᠨ ᠭᠠᠷᠤᠨ ᠪᠦᠭᠦᠳᠡ ᠶᠢᠨ ᠳᠠᠷᠤᠭ᠎ᠠ ᠪᠠᠶᠢᠵᠠᠢ᠃ ᠠᠯᠢ | ᠭᠠᠷᠤᠨ ᠬᠥᠮᠥᠨ ᠪᠣᠯᠬᠤ ᠨᠢ ᠣᠳᠤᠬᠠᠨ ᠳᠠᠭᠠᠨ ᠲᠣᠳᠤᠷᠬᠠᠢ ᠦᠭᠡᠢ ᠪᠠᠶᠢᠨ᠎ᠠ᠃ | ᠰᠠᠰᠦ᠋ᠷᠦᠩ ᠪᠣᠯᠪᠠᠰᠤ ᠰᠢᠯᠤᠭᠤᠨ ᠰᠢᠷ᠎ᠠ ᠬᠤᠰᠢᠭᠤᠨ ᠤ ᠬᠥᠮᠥᠨ᠂ 1874 ᠣᠨ ᠠᠴᠠ 1880 ᠣᠨ ᠳᠤ | ᠪᠦᠭᠦᠳᠡ ᠶᠢᠨ ᠳᠠᠷᠤᠭ᠎ᠠ ᠪᠠᠶᠢᠵᠠᠢ᠃ | ᠤᠰᠤᠨᠪᠠᠯᠢᠩ ᠪᠣᠯᠪᠠᠰᠤ ᠪᠠᠵᠢᠩᠳᠠᠷ ᠣᠪᠤᠭ ᠲᠠᠢ᠂ ᠬᠥᠪᠡᠭᠡᠲᠦ ᠤᠯᠠᠭᠠᠨ ᠬᠤᠰᠢᠭᠤᠨ ᠤ ᠬᠤᠶᠠᠳᠤᠭᠠᠷ | ᠰᠤᠮᠤᠨ ᠤ ᠬᠥᠮᠥᠨ᠂ 1880 — 1884 ᠣᠨ ᠳᠤ ᠪᠦᠭᠦᠳᠡ ᠶᠢᠨ ᠳᠠᠷᠤᠭ᠎ᠠ ᠪᠠᠶᠢᠪᠠ᠃ | ᠰᠧᠭᠡᠵᠡ ᠲᠠᠪᠤᠨᠠᠩ ᠣᠪᠤᠭ ᠲᠠᠢ᠂ ᠬᠥᠪᠡᠭᠡᠲᠦ ᠬᠥᠬᠡ ᠬᠤᠰᠢᠭᠤᠨ ᠤ ᠬᠤᠶᠠᠳᠤᠭᠠᠷ ᠰᠤᠮᠤᠨ ᠤ ᠬᠥᠮᠥᠨ᠂ | 1884 — 1890 ᠣᠨ ᠳᠤ ᠪᠦᠭᠦᠳᠡ ᠶᠢᠨ ᠳᠠᠷᠤᠭ᠎ᠠ ᠪᠠᠶᠢᠪᠠ᠃ | ᠵᠠᠮᠰᠦ᠋ᠷᠦᠩᠳᠣᠷᠵᠢ ᠪᠣᠯᠪᠠᠰᠤ ᠬᠥᠪᠡᠭᠡᠲᠦ ᠤᠯᠠᠭᠠᠨ ᠬᠤᠰᠢᠭᠤᠨ ᠤ ᠬᠤᠶᠠᠳᠤᠭᠠᠷ ᠰᠤᠮᠤᠨ ᠤ ᠬᠥᠮᠥᠨ᠂ | 1890 ᠣᠨ ᠠᠴᠠ 1911 ᠣᠨ ᠳᠤ ᠪᠦᠭᠦᠳᠡ ᠶᠢᠨ ᠳᠠᠷᠤᠭ᠎ᠠ ᠪᠠᠶᠢᠵᠠᠢ᠃ | ⑵ ᠳᠤᠮᠳᠠᠳᠤ ᠢᠷᠭᠡᠨ ᠤᠯᠤᠰ ᠤᠨ ᠦᠶ᠎ᠡ ᠶᠢᠨ ᠪᠦᠭᠦᠳᠡ ᠶᠢᠨ ᠳᠠᠷᠤᠭ᠎ᠠ ᠪᠤᠶᠤ ᠬᠤᠰᠢᠭᠤ ᠳᠠᠷᠤᠭ᠎ᠠ | ① ᠬᠠᠯᠲᠠᠷ ᠤᠨ ᠴᠢᠪᠰᠡᠩᠭᠡ᠂ ᠰᠢᠯᠤᠭᠤᠨ ᠰᠢᠷ᠎ᠠ ᠬᠤᠰᠢᠭᠤᠨ ᠤ ᠬᠥᠮᠥᠨ᠂ 1911 ᠣᠨ ᠠᠴᠠ 1929 ᠣᠨ | ᠳᠤ ᠪᠦᠭᠦᠳᠡ ᠶᠢᠨ ᠳᠠᠷᠤᠭ᠎ᠠ ᠪᠠᠶᠢᠪᠠ᠃ | ② ᠴᠡᠴᠡᠭ ᠤᠨ ᠪᠠᠭᠠᠪᠠᠳᠢ᠂ ᠰᠢᠯᠤᠭᠤᠨ ᠰᠢᠷ᠎ᠠ ᠬᠤᠰᠢᠭᠤᠨ ᠤ ᠬᠥᠮᠥᠨ᠂ 1929 ᠣᠨ ᠠᠴᠠ 1934 ᠣᠨ | ᠳᠤ ᠪᠦᠭᠦᠳᠡ ᠶᠢᠨ ᠳᠠᠷᠤᠭ᠎ᠠ ᠪᠠᠶᠢᠪᠠ᠃ 1934 ᠣᠨ ᠠᠴᠠ 1936 ᠣᠨ ᠳᠤ ᠰᠢᠨ᠎ᠡ ᠪᠠᠷᠭᠤ ᠪᠠᠷᠠᠭᠤᠨ ᠭᠠᠷᠤᠨ | ᠬᠤᠰᠢᠭᠤᠨ ᠤ ᠬᠤᠰᠢᠭᠤ ᠳᠠᠷᠤᠭ᠎ᠠ ᠪᠠᠶᠢᠪᠠ᠃ ᠬᠠᠷᠢᠨ ᠠᠷᠠᠳ ᠣᠯᠠᠨ ᠪᠦᠷ ᠤᠭᠤᠷᠳᠠ ᠬᠡᠮᠡᠬᠦ ᠬᠠᠭᠤᠴᠢᠨ | ᠳᠠᠭᠤᠳᠠᠯᠭ᠎ᠠ ᠪᠠᠷ ᠢᠶᠠᠨ ᠳᠠᠭᠤᠳᠠᠭᠰᠠᠭᠠᠷ ᠪᠠᠶᠢᠪᠠ᠃ | ③ ᠴᠡᠪᠡᠭ ᠤᠨ ᠪᠢᠮᠪᠠ᠂ ᠬᠥᠪᠡᠭᠡᠲᠦ ᠬᠥᠬᠡ ᠬᠤᠰᠢᠭᠤᠨ ᠤ ᠬᠥᠮᠥᠨ᠂ 1936 ᠣᠨ ᠠᠴᠠ 1937 ᠣᠨ ᠳᠤ | ᠬᠤᠰᠢᠭᠤ ᠳᠠᠷᠤᠭ᠎ᠠ ᠪᠠᠶᠢᠵᠠᠢ᠃ ᠥᠭᠡᠷ᠎ᠡ ᠨᠡᠷ᠎ᠡ ᠨᠢ ᠵᠢᠮᠪᠡ᠂ ᠠᠷᠠᠳ ᠣᠯᠠᠨ ᠤ ᠳᠤᠮᠳᠠ ︽ ᠶᠢᠨ ᠤᠭᠤᠷᠳᠠ︾ | ᠬᠡᠮᠡᠬᠦ ᠪᠦᠯᠦᠭᠡ᠃ | ④ ᠨᠣᠮᠤᠨᠳᠠᠯᠠᠢ ᠶᠢᠨ ᠱᠠᠨᠵᠢᠮᠢᠳᠤᠪ᠂ ᠰᠢᠯᠤᠭᠤᠨ ᠰᠢᠷ᠎ᠠ ᠬᠤᠰᠢᠭᠤᠨ ᠤ ᠬᠥᠮᠥᠨ᠂ 1937 ᠣᠨ ᠠᠴᠠ 1942 | ᠣᠨ ᠳᠤ ᠬᠤᠰᠢᠭᠤ ᠳᠠᠷᠤᠭ᠎ᠠ ᠪᠠᠶᠢᠪᠠ᠃ | ⑤ ᠵᠠᠮᠢᠶᠠᠨ ᠤ ᠭᠤᠩᠭᠤᠷᠵᠠᠪ᠂ ᠰᠢᠯᠤᠭᠤᠨ ᠰᠢᠷ᠎ᠠ ᠬᠤᠰᠢᠭᠤᠨ ᠤ ᠬᠥᠮᠥᠨ᠂ 1943 ᠣᠨ ᠠᠴᠠ 1946 | ᠣᠨ ᠳᠤ ᠬᠤᠰᠢᠭᠤ ᠳᠠᠷᠤᠭ᠎ᠠ ᠪᠠᠶᠢᠵᠠᠢ᠃ | ᠭᠤᠷᠪᠠ᠂ ᠬᠠᠯᠠ ᠣᠪᠤᠭ᠂ ᠬᠥᠮᠥᠨ ᠠᠮᠠ | ᠮᠣᠩᠭᠤᠯ ᠦᠨᠳᠦᠰᠦᠲᠡᠨ ᠨᠢ ᠣᠯᠠᠨ ᠠᠶᠢᠮᠠᠭ ᠶᠠᠰᠤᠲᠠᠨ ᠢᠶᠠᠷ ᠪᠦᠷᠢᠯᠳᠦᠵᠦ᠂ ᠠᠶᠢᠮᠠᠭ ᠶᠠᠰᠤᠲᠠᠨ ᠨᠢ ᠣᠯᠠᠨ | ᠣᠪᠤᠭ ᠠᠴᠠ ᠪᠦᠷᠢᠯᠳᠦᠭᠰᠡᠨ ᠪᠠᠶᠢᠳᠠᠭ᠃ ᠪᠠᠷᠭᠤᠴᠤᠳ ᠪᠣᠯ ᠲᠡᠳᠡᠭᠡᠷ ᠠᠶᠢᠮᠠᠭ ᠶᠠᠰᠤᠲᠠᠨ ᠤ ᠨᠢᠭᠡ ᠶᠤᠮ᠃ ᠪᠠᠷᠭᠤ | ᠶᠢᠨ ᠬᠠᠯᠠ ᠣᠪᠤᠭ ᠤᠨ ᠲᠠᠯ᠎ᠠ ᠪᠠᠷ ᠡᠷᠲᠡᠨ ᠠᠴᠠ ᠤᠯᠠᠮᠵᠢᠯᠠᠵᠤ ᠢᠷᠡᠭᠰᠡᠨ ︽ᠤᠭ ᠤᠨ ᠪᠢᠴᠢᠭ︾᠂ ︽ᠭᠡᠷ ᠤᠨ | ᠴᠠᠳᠢᠭ︾᠂ ︽ᠡᠷᠦᠬᠡ ᠶᠢᠨ ᠲᠤᠭᠤᠵᠢ︾ ᠭᠡᠳ ᠶᠠᠩᠵᠤ ᠪᠦᠷᠢ ᠪᠠᠷ ᠪᠢᠴᠢᠭᠰᠡᠨ ᠦᠶ᠎ᠡ ᠵᠠᠯᠭᠠᠮᠵᠢ ᠶᠢᠨ ᠪᠢᠴᠢᠭ | ᠤᠳ ᠪᠠᠶᠢᠳᠠᠭ᠃ | ᠴᠣᠴᠣᠯᠢᠭ ᠳᠠᠮᠳᠢᠨᠵᠠᠪ ᠭᠤᠸᠠᠢ ᠶᠢᠨ ᠡᠮᠬᠢᠳᠬᠡᠨ ᠨᠠᠶᠢᠷᠠᠭᠤᠯᠤᠭᠰᠠᠨ ︽ᠰᠢᠨ᠎ᠡ ᠪᠠᠷᠭᠤ ᠪᠠᠷᠠᠭᠤᠨ ᠬᠤᠰᠢᠭᠤᠨ ᠤ | ᠪᠠᠷᠭᠤ ᠣᠪᠤᠭ ᠤᠨ ᠦᠶ᠎ᠡ ᠵᠠᠯᠭᠠᠮᠵᠢ ᠶᠢᠨ ᠪᠢᠴᠢᠭ︾ ᠲᠡᠭᠡᠨ ︽᠁ ᠰᠢᠨ᠎ᠡ ᠪᠠᠷᠭᠤ ᠪᠠᠷᠠᠭᠤᠨ ᠬᠤᠰᠢᠭᠤᠨ ᠤ | ᠪᠠᠷᠭᠤᠴᠤᠳ ᠤᠨ ᠣᠪᠤᠭ ᠢ ᠬᠤᠶᠠᠷ ᠬᠡᠰᠡᠭ ᠲᠤ ᠬᠤᠪᠢᠶᠠᠵᠤ ᠪᠣᠯᠤᠨ᠎ᠠ᠃ ᠨᠢᠭᠡ ᠬᠡᠰᠡᠭ ᠨᠢ ᠬᠤᠷᠢ ᠶᠢᠨ ᠠᠷᠪᠠᠨ | ᠨᠢᠭᠡᠨ ᠬᠥᠪᠡᠭᠦᠨ ᠠᠴᠠ ᠡᠭᠦᠰᠦᠯᠲᠡ ᠲᠠᠢ᠂ ᠨᠥᠭᠦᠭᠡ ᠨᠢᠭᠡ ᠬᠡᠰᠡᠭ ᠨᠢ ᠣᠳᠤᠬᠠᠨ ᠳᠠᠭᠠᠨ ᠲᠣᠳᠤᠷᠬᠠᠢ ᠰᠤᠳᠤᠯᠵᠤ | ᠣᠯᠤᠭ᠎ᠠ ᠦᠭᠡᠢ ᠣᠪᠤᠭ ᠪᠣᠯᠤᠨ᠎ᠠ ᠁︾ ᠭᠡᠵᠡᠢ᠃ ᠡᠭᠦᠨ ᠳᠤ ᠪᠠᠰᠠ ᠨᠢᠭᠡ ᠬᠡᠰᠡᠭ ᠨᠢ ᠬᠡᠯᠡᠯᠭᠡᠨ ᠦᠭᠡᠢ | ᠴᠥᠭᠡᠨ ᠲᠣᠭᠠᠨ ᠤ ᠥᠭᠡᠷ᠎ᠡ ᠠᠶᠢᠮᠠᠭ ᠶᠠᠰᠤᠲᠠᠨ᠂ ᠬᠠᠯᠠ ᠣᠪᠤᠭ ᠪᠠᠶᠢᠬᠤ ᠨᠢ ᠳᠠᠮᠵᠢᠭ ᠦᠭᠡᠢ᠃ | ᠲᠤᠰ ᠪᠢᠴᠢᠭ ᠲᠤ ᠬᠤᠷᠢ ᠶᠢᠨ ᠠᠷᠪᠠᠨ ᠨᠢᠭᠡᠨ ᠣᠪᠤᠭ ᠠᠴᠠ ᠬᠠᠷᠭᠠᠨ᠎ᠠ᠂ ᠬᠤᠳᠠᠢ᠂ ᠭᠠᠯᠵᠤᠳ᠂ ᠴᠠᠭᠠᠳᠠᠢ᠂ | ᠱᠠᠷᠠᠶᠢᠳ᠂ ᠭᠤᠴᠢᠳ᠂ ᠪᠤᠳᠤᠩᠭᠤᠳ ᠵᠡᠷᠭᠡ ᠳᠣᠯᠤᠭᠠᠨ ᠣᠪᠤᠭ ᠪᠠᠶᠢᠳᠠᠭ ᠪᠥᠭᠡᠳ ᠳᠠᠯᠠᠩᠭᠤᠳ᠂ ᠴᠣᠴᠣᠯᠢᠭ᠂ | ᠡᠴᠡᠳ᠂ ᠬᠦᠢᠴᠡᠯᠢᠭ᠂ ᠰᠠᠷᠲᠠᠭᠤᠯ᠂ ᠬᠥᠬᠡ ᠬᠠᠶᠢᠲᠠᠯᠠ᠂ ᠣᠲᠤᠭᠠᠲᠠᠨ᠂ ᠲᠠᠪᠤᠨᠠᠩ᠂ ᠪᠣᠷᠭᠢᠯ᠂ ᠴᠣᠬᠤᠷ᠂ | ᠬᠤᠷᠯᠠᠳ᠂ ᠴᠢᠪᠴᠢᠨ᠂ ᠤᠷᠢᠶᠠᠩᠬᠠᠨ᠂ ᠪᠠᠵᠢᠩᠳᠠᠷ᠂ ᠣᠷᠢᠮᠰᠤ᠂ ᠬᠤᠤᠬᠢᠷ ᠴᠠᠭᠠᠳᠠᠢ᠂ ᠬᠤᠨᠲᠤᠨ᠂ ᠲᠡᠮᠦᠷᠴᠢᠨ᠂ | ᠤᠯᠢᠶᠠᠳ᠂ ᠠᠯᠭᠤᠢ᠂ ᠬᠠᠷᠠᠩᠬᠤᠳ᠂ ᠬᠥᠬᠡᠨᠦᠳ᠂ ᠬᠠᠯᠭᠢᠨ᠂ ᠬᠠᠭᠰᠢᠭᠤᠳ᠂ ᠦᠵᠦᠨ᠂ ᠴᠠᠭᠠᠨ ᠤᠭᠤᠷᠠᠭ᠂ | ᠴᠠᠭᠠᠨ ᠥᠷᠥᠭᠡ᠂ ᠲᠣᠩᠭᠤᠶᠢᠳ᠂ ᠨᠤᠮᠤᠴᠢᠨ᠂ ᠵᠣᠷᠭᠤᠨ᠂ ᠬᠠᠰᠢᠨᠤᠳ᠂ ᠬᠠᠩᠭᠢᠨ᠂ ᠠᠪᠠᠭᠠᠴᠤᠤᠯ᠂ ᠶᠥᠩᠰᠢᠶᠠᠪᠤ | ᠂ ᠳᠠᠭᠠᠷᠢᠲᠠᠨ᠂ ᠬᠠᠲᠠᠭᠲᠠᠢ᠂ ᠴᠠᠬᠠᠷ᠂ ᠶᠡᠬᠡᠵᠦᠩ ᠵᠡᠷᠬᠡ ᠭᠤᠴᠢᠨ ᠨᠠᠢᠮᠠᠨ ᠣᠪᠤᠭ᠂ ᠨᠡᠶᠢᠲᠡ 45 ᠣᠪᠤᠭ | ᠪᠠᠶᠢᠳᠠᠭ᠃ | ᠬᠥᠮᠥᠨ ᠠᠮᠠ ᠶᠢᠨ ᠲᠤᠬᠠᠢ ᠲᠤᠭ᠎ᠠ ᠪᠠᠷᠢᠮᠲᠠ ᠠᠴᠠ ᠯᠠᠪᠯᠠᠬᠤ ᠳᠤ ᠨᠠᠶᠢᠷᠠᠯᠲᠤ ᠲᠥᠪ ᠤᠨ ᠠᠷᠪᠠᠨ ᠬᠤᠶᠠᠳᠤᠭᠠᠷ ︵ | 1734︶ ᠣᠨ ᠳᠤ ᠰᠢᠨ᠎ᠡ ᠪᠠᠷ ᠨᠡᠭᠦᠯᠭᠡᠨ ᠢᠷᠡᠭᠰᠡᠨ ᠪᠠᠷᠭᠤᠴᠤᠳ ᠢ ᠪᠦᠷᠢᠳᠬᠡᠬᠦ ᠳᠤ ᠴᠡᠷᠢᠭ ᠤᠨ ᠠᠯᠪᠠᠨ ᠤ | ᠨᠠᠰᠤ ᠬᠡᠲᠦᠷᠡᠭᠰᠡᠨ ᠠᠴᠠ ᠭᠠᠳᠠᠨ᠎ᠠ ᠠᠷᠪᠠᠨ ᠲᠠᠪᠤᠨ ᠨᠠᠰᠤᠨ ᠠᠴᠠ ᠳᠡᠭᠡᠭᠰᠢ 2984 ᠡᠷᠡᠴᠦᠳ ᠪᠣᠯᠪᠠ᠃ ᠡᠭᠦᠨ | ᠠᠴᠠ 2400 ᠡᠷᠡᠴᠦᠳ ᠢ ᠰᠣᠩᠭᠤᠨ ᠬᠤᠶᠠᠭ ᠪᠣᠯᠭᠠᠪᠠ ᠭᠡᠬᠦ ᠠᠴᠠ ᠥᠭᠡᠷ᠎ᠡ ᠲᠤᠭ᠎ᠠ ᠪᠠᠷᠢᠮᠲᠠ ᠣᠳᠣᠬᠠᠨ ᠳᠠᠭᠠᠨ | ᠦᠭᠡᠢ ᠪᠠᠶᠢᠨ᠎ᠠ᠃ | ᠷ᠊ ᠰᠧᠪᠵᠢᠩᠭᠡ ︽ᠰᠢᠨ᠎ᠡ ᠪᠠᠷᠭᠤ ᠪᠠᠷᠠᠭᠤᠨ ᠭᠠᠷᠤᠨ ᠡᠬᠢᠨ ᠤ ᠦᠶ᠎ᠡ ᠶᠢᠨ ᠨᠤᠲᠤᠭᠯᠠᠯ ᠤᠨ ᠪᠠᠶᠢᠳᠠᠯ ᠬᠢᠭᠡᠳ | ᠲᠡᠭᠦᠨ ᠤ ᠪᠠᠭᠤᠷᠢ ᠶᠢᠨ ᠲᠤᠬᠠᠢ︾ ᠭᠡᠬᠦ ᠥᠭᠦᠯᠡᠯ ᠳᠡᠭᠡᠨ ᠠᠩᠬ᠎ᠠ ᠨᠡᠭᠦᠨ ᠢᠷᠡᠬᠦ ᠳᠤ ︽ᠰᠢᠨ᠎ᠡ ᠪᠠᠷᠭᠤ | ᠪᠠᠷᠠᠭᠤᠨ ᠭᠠᠷᠤᠨ ᠠᠶᠢᠯ ᠡᠷᠦᠬᠡ 1104᠂ ᠬᠥᠮᠥᠨ ᠠᠮᠠ 6321᠂ ᠡᠭᠦᠨ ᠤ ᠳᠣᠲᠤᠷ᠎ᠠ ᠬᠤᠶᠠᠭ 1000 | ᠬᠥᠮᠥᠨ ᠪᠠᠶᠢᠵᠠᠢ᠃︾ ᠭᠡᠪᠡ᠃ ᠪᠦᠷᠢᠨ ᠵᠠᠰᠠᠭᠴᠢ ᠶᠢᠨ ᠭᠤᠷᠪᠠᠳᠤᠭᠠᠷ ᠣᠨ ︵1864︶ ᠣᠨ ᠤ | ᠪᠦᠷᠢᠳᠬᠡᠯ ᠠᠴᠠ ᠦᠵᠡᠬᠦ ᠳᠤ ᠰᠢᠨ᠎ᠡ ᠪᠠᠷᠭᠤ ᠪᠠᠷᠠᠭᠤᠨ ᠭᠠᠷᠤᠨ ᠰᠢᠯᠤᠭᠤᠨ ᠰᠢᠷ᠎ᠠ᠂ ᠰᠢᠯᠤᠭᠤᠨ ᠤᠯᠠᠭᠠᠨ ᠬᠤᠶᠠᠷ | ᠬᠤᠰᠢᠭᠤ 5140 ᠡᠷᠦᠬᠡ ᠲᠠᠢ᠂ ᠬᠥᠪᠡᠭᠡᠲᠦ ᠤᠯᠠᠭᠠᠨ᠂ ᠬᠥᠪᠡᠭᠡᠲᠦ ᠬᠥᠬᠡ ᠬᠤᠶᠠᠷ ᠬᠤᠰᠢᠭᠤ 518 ᠡᠷᠦᠬᠡ | ᠲᠠᠢ᠂ ᠨᠡᠶᠢᠲᠡ 1028 ᠡᠷᠦᠬᠡ ᠲᠠᠢ ᠪᠠᠶᠢᠪᠠ᠃ ᠪᠠᠳᠠᠷᠠᠭᠤᠯᠲᠤ ᠲᠥᠷᠥ ᠶᠢᠨ ᠬᠤᠷᠢᠨ ᠭᠤᠷᠪᠠᠳᠤᠭᠠᠷ ᠣᠨ ︵ | 1897︶ ᠤ ᠬᠥᠮᠥᠨ ᠠᠮᠠ ᠶᠢᠨ ᠪᠦᠷᠢᠳᠬᠡᠯ ᠳᠤ ᠰᠢᠨ᠎ᠡ ᠪᠠᠷᠭᠤᠴᠤᠳ ᠡᠷᠡᠭᠲᠡᠢ 4653 ᠬᠥᠮᠥᠨ ︵ᠯᠠᠮᠠ | ᠪᠠᠭᠲᠠᠬᠤ ᠦᠭᠡᠢ︶᠂ ᠡᠮᠡᠭᠲᠡᠢ 7044 ᠬᠥᠮᠥᠨ ᠪᠠᠶᠢᠵᠠᠢ ᠭᠡᠵᠤ ᠲᠡᠮᠳᠡᠭᠯᠡᠪᠡ᠃ | ᠳᠤᠮᠳᠠᠳᠤ ᠢᠷᠭᠡᠨ ᠤᠯᠤᠰ ᠤᠨ ᠠᠷᠪᠠᠨ ᠨᠢᠭᠡᠳᠦᠭᠡᠷ ︵1922︶ ᠣᠨ ᠳᠤ ᠰᠢᠨ᠎ᠡ ᠪᠠᠷᠭᠤ ᠪᠠᠷᠠᠭᠤᠨ ᠭᠠᠷ | 1131 ᠡᠷᠦᠬᠡ᠂ 6322 ᠬᠥᠮᠥᠨ ᠠᠮᠠ ᠲᠠᠢ ᠪᠠᠶᠢᠵᠤ᠂ ᠡᠭᠦᠨ ᠳᠤ ᠬᠥᠪᠡᠭᠡᠲᠦ ᠤᠯᠠᠭᠠᠨ ᠬᠤᠰᠢᠭᠤ 1108 | ᠬᠥᠮᠥᠨ ᠠᠮᠠ ᠲᠠᠢ᠂ ᠬᠥᠪᠡᠭᠡᠲᠦ ᠬᠥᠬᠡ ᠬᠤᠰᠢᠭᠤ 2134 ᠬᠥᠮᠥᠨ ᠠᠮᠠ ᠲᠠᠢ᠂ ᠰᠢᠯᠤᠭᠤᠨ ᠰᠢᠷ᠎ᠠ ᠬᠤᠰᠢᠭᠤ | 2137 ᠬᠥᠮᠥᠨ ᠠᠮᠠ ᠲᠠᠢ᠂ ᠰᠢᠯᠤᠭᠤᠨ ᠤᠯᠠᠭᠠᠨ ᠬᠤᠰᠢᠭᠤ 943 ᠬᠥᠮᠥᠨ ᠠᠮᠠ ᠲᠠᠢ ᠪᠠᠶᠢᠭᠰᠠᠨ ᠪᠠᠶᠢᠵᠠᠢ᠃ | ᠰᠢᠨ᠎ᠡ ᠪᠠᠷᠭᠤ ᠪᠠᠷᠠᠭᠤᠨ ᠭᠠᠷᠤᠨ ᠬᠥᠪᠡᠭᠡᠲᠦ ᠤᠯᠠᠭᠠᠨ᠂ ᠰᠢᠯᠤᠭᠤᠨ ᠤᠯᠠᠭᠠᠨ ᠬᠤᠶᠠᠷ ᠬᠤᠰᠢᠭᠤ ᠨᠢ ᠪᠤᠰᠤᠳ | ᠬᠤᠶᠠᠷ ᠬᠤᠰᠢᠭᠤᠨ ᠠᠴᠠ ᠪᠠᠨ ᠬᠥᠮᠥᠨ ᠠᠮᠠ ᠪᠠᠷ ᠤᠤᠯ ᠠᠴᠠ ᠪᠠᠨ ᠴᠥᠭᠡᠨ ᠭᠡᠳᠡᠭ᠃ ᠨᠡᠩ ᠴᠦ 1917 ᠣᠨ | ᠳᠤ ᠰᠧᠪᠵᠢᠩᠭᠡ ᠶᠢᠨ ᠳᠡᠭᠡᠷᠡᠮ ᠠᠴᠠ ᠳᠦᠷᠪᠡᠵᠦ᠂ ᠬᠠᠯᠬ᠎ᠠ ᠳᠤ ᠨᠡᠭᠦᠭᠰᠡᠨ ᠵᠣᠨ 1925 ᠣᠨ ᠳᠤ ᠡᠷᠬᠢᠵᠦ | ᠢᠷᠡᠭᠰᠡᠨ ᠪᠣᠯᠬᠤᠷ ᠠᠳᠡ ᠲᠤᠰ ᠬᠤᠶᠠᠷ ᠬᠤᠰᠢᠭᠤᠨ ᠤ ᠬᠥᠮᠥᠨ ᠠᠮᠠ ᠣᠨᠴᠠᠭᠠᠢ ᠴᠥᠭᠡᠨ ᠪᠠᠶᠢᠭ᠎ᠠ ᠨᠢ ᠮᠡᠳᠡᠭᠡᠵᠢ᠃ | ᠶᠡᠷᠦᠨᠢ ᠰᠢᠨ᠎ᠡ ᠪᠠᠷᠭᠤ ᠪᠠᠷᠠᠭᠤᠨ ᠭᠠᠷᠤᠨ ᠨᠤᠲᠤᠭ ᠲᠤ 20 ᠳ᠋ᠤᠭᠠᠷ ᠵᠠᠭᠤᠨ ᠤ ᠭᠤᠴᠢᠭᠠᠳ ᠣᠨ ᠪᠣᠯᠲᠠᠯ᠎ᠠ | ᠬᠤᠶᠠᠷ ᠵᠠᠭᠤᠭᠠᠳ ᠵᠢᠯ ᠳᠤ ᠳᠠᠩ ᠰᠢᠨ᠎ᠡ ᠪᠠᠷᠭᠤᠴᠤᠳ ᠭᠤᠣᠯ ᠲᠠᠢ ᠨᠤᠲᠤᠭᠰᠢᠨ ᠰᠠᠭᠤᠭᠰᠠᠭᠠᠷ ᠢᠷᠡᠪᠡ᠃ | 1934 ᠣᠨ ᠤ ᠬᠢᠩᠭᠠᠨ ᠬᠤᠶᠢᠲᠤ ᠮᠤᠵᠢ ᠶᠢᠨ ᠶᠠᠮᠤᠨ ᠤ ᠬᠥᠮᠥᠨ ᠠᠮᠠ ᠶᠢᠨ ᠪᠦᠷᠢᠳᠬᠡᠯ ᠳᠤ ᠰᠢᠨ᠎ᠡ ᠪᠠᠷᠭᠤ | ᠪᠠᠷᠠᠭᠤᠨ ᠭᠠᠷ ᠤᠨ ᠡᠷᠦᠬᠡ 726᠂ ᠬᠥᠮᠦᠨ ᠠᠮᠠ 4505᠂ ᠡᠭᠦᠨ ᠳᠤ ᠡᠷᠡᠭᠲᠡᠢ 1896᠂ ᠡᠮᠡᠭᠲᠡᠢ | 2607 ᠬᠥᠮᠥᠨ ᠪᠠᠶᠢᠵᠠᠢ᠃ ᠡᠨᠡ ᠲᠤᠭ᠎ᠠ ᠨᠢ ᠪᠠᠷᠤᠭ ᠮᠠᠯ ᠲᠠᠢ ᠡᠷᠦᠬᠡ ᠪᠣᠯᠤᠨ ᠬᠥᠮᠥᠨ ᠠᠮᠠ ᠪᠠᠷ | ᠭᠤᠣᠯᠯᠠᠭᠰᠠᠨ ᠪᠣᠯᠤᠯᠲᠠᠢ᠃ | 1938 ᠣᠨ ᠪᠣᠯᠬᠤ ᠳᠤ ᠭᠠᠳᠠᠭᠠᠳᠤ ᠳᠤᠲᠤᠭᠠᠳᠤ ᠠᠴᠠ ᠶᠠᠩᠵᠤ ᠪᠦᠷᠢ ᠶᠢᠨ ᠬᠥᠮᠥᠨ ᠠᠮᠠ ᠣᠯᠠᠰᠢᠷᠠᠵᠤ᠂ | ᠲᠤᠰ ᠵᠢᠯ ᠤᠨ ᠪᠦᠷᠢᠳᠬᠡᠯ ᠳᠤ ᠮᠣᠩᠭᠤᠯ ᠦᠨᠳᠦᠰᠦᠲᠡᠨ 6230 ᠬᠥᠮᠥᠨ ︵ᠣᠯᠠᠩᠬᠢ ᠨᠢ ᠪᠠᠷᠭᠤ︶᠂ ᠮᠠᠨᠵᠤ | ᠪᠣᠯᠤᠨ ᠬᠢᠲᠠᠳ ᠦᠨᠳᠦᠰᠦᠲᠡᠨ 4176 ᠬᠥᠮᠥᠨ᠂ ᠶᠠᠫᠤᠨ 207 ᠬᠥᠮᠥᠨ᠂ ᠴᠠᠭᠠᠨ ᠣᠷᠤᠰ 351 ᠬᠥᠮᠥᠨ᠂ | ᠪᠤᠰᠤᠳ ᠭᠠᠳᠠᠭᠠᠳᠤ ᠶᠢᠨ ᠬᠥᠮᠥᠨ 102᠂ ᠨᠡᠶᠢᠲᠡ 11066 ᠬᠥᠮᠥᠨ ᠠᠮᠠ ᠲᠠᠢ ᠪᠣᠯᠵᠤ᠂ ᠲᠡᠦᠬᠡᠨ ᠳᠤ | ᠦᠭᠡᠢ ᠪᠠᠷ ᠨᠡᠮᠡᠭᠳᠡᠪᠡ᠃ | ᠶᠠᠫᠤᠨ ᠹᠠᠱᠢᠰ ᠢ ᠪᠤᠳᠠ ᠴᠣᠬᠢᠭᠰᠠᠨ ᠤ ᠳᠠᠷᠠᠭ᠎ᠠ 1946 ᠣᠨ ᠤ ᠬᠥᠮᠥᠨ ᠠᠮᠠ ᠶᠢᠨ ᠪᠦᠷᠢᠳᠬᠡᠯ ᠳᠤ ᠰᠢᠨ᠎ᠡ | ᠪᠠᠷᠭᠤ ᠪᠠᠷᠠᠭᠤᠨ ᠭᠠᠷᠤᠨ ᠬᠤᠰᠢᠭᠤ 1413 ᠡᠷᠦᠬᠡ᠂ 5422 ᠬᠥᠮᠥᠨ ᠠᠮᠠ ᠲᠠᠢ ᠪᠣᠯᠵᠤ᠂ ᠬᠥᠮᠥᠨ ᠠᠮᠠ ᠶᠢᠨ | ᠲᠤᠭ᠎ᠠ ᠶᠠᠫᠤᠨ ᠢᠷᠡᠬᠦ ᠠᠴᠠ ᠡᠮᠦᠨᠡᠬᠢ ᠬᠡᠪ ᠤᠨ ᠪᠠᠶᠢᠳᠠᠯ ᠳᠠᠭᠠᠨ ᠣᠷᠤᠭᠰᠠᠨ ᠪᠠᠶᠢᠨ᠎ᠠ᠃ | ᠥᠩᠭᠡᠷᠡᠭᠰᠡᠨ ᠹᠸᠤᠳᠠᠯ ᠤᠨ ᠴᠠᠭ ᠡᠷᠡᠨ ᠳᠤ ᠡᠮ ᠡᠮᠨᠡᠯᠭᠡ ᠡᠷᠡᠭᠦᠯ ᠬᠠᠮᠠᠭᠠᠯᠠᠯ ᠤᠨ ᠲᠠᠯ᠎ᠠ ᠪᠠᠷ ᠪᠠᠭᠤᠷᠠᠢ᠂ | ᠬᠠᠯᠳᠠᠪᠤᠷᠢᠲᠤ ᠡᠪᠡᠳᠴᠢᠨ ᠠᠷᠪᠢᠨ ᠵᠡᠷᠭᠡ ᠠᠴᠠ ᠭᠠᠳᠠᠨ᠎ᠠ ᠱᠠᠰᠢᠨ ᠰᠢᠲᠦᠯᠭᠡ᠂ ᠳᠠᠶᠢᠨ ᠳᠠᠵᠢᠨ ᠤ ᠣᠨᠴᠠ ᠪᠠᠶᠢᠳᠠᠯ | ᠠᠴᠠ ᠪᠣᠯᠵᠤ᠂ ᠬᠥᠮᠥᠨ ᠠᠮᠠ ᠶᠢᠨ ᠦᠰᠦᠯᠲᠡ ᠶᠢ ᠶᠡᠭᠡ ᠪᠠᠷ ᠨᠥᠯᠥᠭᠡᠯᠡᠵᠦ ᠪᠠᠶᠢᠪᠠ᠃ ᠵᠢᠱᠢᠶᠡᠯᠡᠪᠡᠯ ᠴᠠᠭᠠᠭᠴᠢᠨ | ᠭᠠᠭ᠋ᠠᠢ ︵1911︶ ᠵᠢᠯ ᠤᠨ ᠬᠤᠭᠤᠯᠠᠢ ᠶᠢᠨ ᠡᠪᠡᠳᠴᠢᠨ᠂ ᠬᠥᠬᠡ ᠬᠤᠯᠤᠭᠠᠨ᠎ᠠ ︵1924︶ ᠵᠢᠯ ᠤᠨ ᠰᠢᠷ᠎ᠠ | ᠬᠢᠵᠢᠭ ᠡᠪᠡᠳᠴᠢᠨ ᠳᠤ ᠲᠣᠩ ᠣᠯᠠᠨ ᠬᠥᠮᠥᠨ ᠦᠭᠦᠪᠡ᠃ ᠮᠥᠨ 1917 ᠣᠨ ᠤ ︽ᠤᠯᠠᠭᠴᠢᠨ ᠮᠣᠭᠠᠢ ᠵᠢᠯ | ᠤᠨ ᠳᠦᠷᠪᠡᠯᠭᠡᠨ︾ ᠳᠤ ᠪᠠᠷᠠᠭᠤᠨ ᠭᠠᠷᠤᠨ ᠰᠢᠯᠤᠭᠤᠨ ᠰᠢᠷ᠎ᠠ ᠬᠤᠰᠢᠭᠤᠨ ᠤ ᠵᠠᠭᠤᠨ ᠳᠦᠴᠢᠭᠡᠳ ᠡᠷᠦᠬᠡ᠂ | ᠮᠢᠩᠭ᠎ᠠ ᠭᠤᠷᠪᠠᠨ ᠵᠠᠭᠤ ᠭᠠᠷᠤᠢ ᠬᠥᠮᠥᠨ ᠠᠮᠠ ᠠᠷᠤ ᠮᠣᠩᠭᠤᠯ ᠳᠤ ᠦᠯᠡᠳᠡᠭᠰᠡᠨ ᠶᠤᠮ᠃ | ᠳᠥᠷᠪᠡ᠂ ᠱᠠᠰᠢᠨ ᠰᠢᠲᠦᠯᠭᠡ | ᠪᠠᠷᠭᠤᠴᠤᠳ ᠪᠣᠯ ᠠᠯᠢ ᠡᠷᠲᠡᠨ ᠠᠴᠠ ᠪᠠᠨ ᠪᠥᠭᠡ ᠮᠥᠷᠭᠦᠯ ᠤᠨ ᠰᠢᠲᠦᠭᠡᠨ ᠲᠠᠢ ᠠᠶᠢᠮᠠᠭ ᠶᠠᠰᠤᠲᠠᠨ ᠤ ᠨᠢᠭᠡ | ᠶᠤᠮ᠃ 16 ᠳ᠋ᠤᠭᠠᠷ ᠵᠠᠭᠤᠨ ᠤ ᠡᠴᠦᠰ ᠤᠨ ᠦᠶ᠎ᠡ ᠪᠠᠷ ᠰᠢᠷ᠎ᠠ ᠶᠢᠨ ᠱᠠᠰᠢᠨ ᠮᠣᠩᠭᠤᠯ ᠣᠷᠤᠨ ᠳᠤ ᠳᠡᠯᠭᠡᠷᠡᠵᠦ᠂ | 17 ᠳ᠋ᠤᠭᠠᠷ ᠵᠠᠭᠤᠨ ᠤ ᠡᠬᠢ ᠪᠠᠷ ᠬᠠᠯᠬ᠎ᠠ ᠶᠢᠨ ᠲᠦᠰᠢᠶᠡᠲᠦ ᠬᠠᠨ ᠭᠤᠮᠪᠤᠳᠤᠷᠵᠢ ᠶᠢᠨ ᠬᠥᠪᠡᠭᠦᠨ ᠵᠠᠨᠠᠪᠠᠽᠠᠷ ᠢ | ᠨᠢᠭᠡᠳᠦᠭᠡᠷ ᠳᠦᠷᠢ ᠶᠢᠨ ᠵᠢᠪᠽᠤᠩᠳᠠᠮᠪᠠ ᠬᠤᠲᠤᠭᠲᠤ ᠪᠠᠷ ᠡᠷᠭᠦᠮᠵᠢᠯᠡᠵᠦ᠂ ᠠᠷᠤ ᠬᠠᠯᠬ᠎ᠠ ᠳᠤᠯᠤᠭᠠᠨ ᠬᠤᠰᠢᠭᠤ | ᠶᠢᠨ ᠪᠦᠭᠦᠳᠡ ᠶᠢᠨ ᠶᠡᠭᠡ ᠬᠤᠪᠢᠯᠭᠠᠨ ᠬᠡᠮᠡᠨ ᠪᠣᠭᠳᠠ ᠶᠢᠨ ᠰᠢᠷᠡᠭᠡᠨ ᠳᠤ ᠰᠠᠭᠤᠯᠭᠠᠭᠰᠠᠨ ᠠᠴᠠ ᠲᠡᠭᠦᠨ ᠤ ᠨᠡᠷ᠎ᠡ | ᠨᠥᠯᠥᠭᠡ ᠶᠡᠬᠡᠰᠴᠦ ᠪᠠᠶᠢᠭᠰᠠᠨ ᠪᠢᠯᠡ᠃ ᠡᠨᠡ ᠦᠶ᠎ᠡ ᠳᠤ ᠣᠷᠤᠰ ᠤᠨ ᠲᠦᠷᠢᠯᠲᠡ ᠠᠴᠠ ᠪᠣᠯᠵᠤ᠂ ᠬᠠᠯᠬ᠎ᠠ | ᠨᠤᠲᠤᠭ ᠲᠤ ᠳᠦᠷᠪᠡᠨ ᠵᠠᠶᠢᠯᠠᠵᠤ ᠣᠷᠤᠭᠰᠠᠨ ᠪᠠᠷᠭᠤᠴᠤᠳ ᠰᠢᠷ᠎ᠠ ᠶᠢᠨ ᠱᠠᠰᠢᠨ ᠤ ᠨᠥᠯᠥᠭᠡᠯᠡᠯ ᠢ ᠬᠦᠷᠲᠡᠵᠦ | ᠰᠢᠷ᠎ᠠ ᠶᠢᠨ ᠱᠠᠰᠢᠨ ᠢ ᠰᠢᠲᠦᠬᠦ ᠪᠣᠯᠪᠠ᠃ | ⒈ ᠪᠤᠷᠬᠠᠨ ᠱᠠᠰᠢᠨ | 18 ᠳ᠋ᠤᠭᠠᠷ ᠵᠠᠭᠤᠨ ᠤ ᠭᠤᠴᠢᠭᠠᠳ ᠣᠨ ᠤ ᠦᠶ᠎ᠡ ᠪᠠᠷ ᠳᠡᠭᠡᠷ᠎ᠡ ᠳᠤᠷᠠᠳᠤᠭᠰᠠᠨ ᠪᠠᠷᠭᠤᠴᠤᠳ ᠬᠥᠯᠥᠨ ᠪᠣᠶᠢᠷ | ᠲᠤ ᠨᠡᠭᠦᠨ ᠢᠷᠡᠬᠦ ᠳᠡᠭᠡᠨ ᠢᠰᠢᠳᠠᠨᠽᠠᠩ ᠭᠡᠯᠦᠩ ᠲᠡᠷᠢᠭᠦᠲᠡᠢ 157 ᠯᠠᠮᠠ ᠲᠠᠢ ᠢᠷᠡᠭᠰᠡᠨ ᠠᠵᠠᠢ᠃ ᠢᠰᠢᠳᠠᠨᠽᠠᠩ | ᠭᠡᠯᠦᠩ ᠢ ᠨᠠᠶᠢᠷᠠᠯᠲᠤ ᠲᠥᠪ ᠤᠨ ᠠᠷᠪᠠᠨ ᠬᠤᠶᠠᠳᠤᠭᠠᠷ ᠣᠨ ᠳᠤ ᠮᠠᠨᠵᠤ ᠶᠢᠨ ᠬᠠᠭᠠᠨ ᠠᠴᠠ ᠰᠢᠨ᠎ᠡ ᠪᠠᠷᠭᠤ ᠶᠢᠨ | ᠯᠠᠮᠠ ᠨᠠᠷ ᠢ ᠵᠠᠬᠢᠷᠬᠤ ᠲᠡᠷᠢᠭᠦᠨ ᠯᠠᠮᠠ ᠪᠠᠷ ᠲᠣᠮᠢᠯᠠᠭᠰᠠᠨ ᠪᠠᠶᠢᠪᠠ᠃ ᠲᠡᠭᠷᠢ ᠲᠡᠳᠬᠦᠭᠴᠢ ᠶᠢᠨ ᠵᠢᠷᠭᠤᠳᠤᠭᠠᠷ ᠣᠨ | ᠳᠤ ᠭᠠᠨᠵᠤᠤᠷ ᠰᠤᠳᠤᠷ 108 ᠪᠣᠳᠢ ᠶᠢ ᠵᠠᠯᠠᠵᠤ ᠴᠢᠨᠳᠠᠮᠤᠨᠢ ᠲᠣᠯᠤᠭᠠᠢ ︵ᠣᠳᠤ ᠶᠢᠨ ᠭᠠᠨᠵᠤᠤᠷ ᠬᠤᠸᠠ︶ ᠬᠡᠮᠡᠬᠦ | ᠭᠠᠵᠠᠷ ᠮᠣᠩᠭᠤᠯ ᠥᠷᠦᠭᠡ ︵ᠳᠤᠭᠠᠩ︶ ᠪᠠᠷᠢᠵᠤ᠂ ᠭᠠᠨᠵᠤᠤᠷ ᠬᠤᠷᠠᠯ ᠢᠶᠠᠨ ᠬᠤᠷᠠᠪᠠ᠃ ᠡᠭᠦᠨ ᠠᠴᠠ ᠯᠠᠮᠠ ᠨᠠᠷ | ᠮᠠᠰᠢ ᠲᠦᠷᠭᠡᠨ ᠨᠡᠮᠡᠭᠳᠡᠵᠦ ᠬᠡᠳᠦᠬᠡᠨ ᠵᠢᠯ ᠤᠨ ᠳᠣᠲᠤᠷ᠎ᠠ ᠳᠥᠷᠪᠡᠨ ᠵᠠᠭᠤ ᠣᠷᠴᠢᠮ ᠯᠠᠮᠠ ᠲᠠᠢ ᠪᠣᠯᠪᠠ᠃ ᠲᠡᠭᠷᠢ | ᠲᠡᠳᠬᠦᠭᠴᠢ ᠶᠢᠨ ᠲᠠᠪᠢᠳᠤᠭᠠᠷ ᠣᠨ ︵1785︶ ᠳᠤ ᠭᠠᠨᠵᠤᠤᠷ ᠰᠦᠮ᠎ᠠ ᠶᠢ ᠪᠠᠶᠢᠭᠤᠯᠤᠨ ᠠᠩᠬ᠎ᠠ ᠬᠤᠷᠠᠯ | ᠬᠤᠷᠠᠬᠤ ᠳᠤ 900 ᠭᠠᠷᠤᠢ ᠯᠠᠮᠠ ᠣᠷᠤᠯᠴᠠᠵᠤ ᠪᠠᠶᠢᠪᠠ᠃ ᠡᠶᠢᠨᠬᠦ ᠭᠠᠨᠵᠤᠤᠷ ᠰᠦᠮ᠎ᠡ ᠳᠤ ᠰᠢᠨ᠎ᠡ ᠪᠠᠷᠭᠤ | ᠪᠠᠷᠠᠭᠤᠨ᠂ ᠵᠡᠭᠦᠨ ᠭᠠᠷ ᠠᠴᠠ ᠰᠢᠷᠡᠭᠡᠲᠦ ᠯᠠᠮᠠ᠂ ᠨᠠᠢᠮᠠᠨ ᠬᠤᠰᠢᠭᠤ ᠪᠦᠷᠢ ᠠᠴᠠ ᠳ᠋ᠠ ᠯᠠᠮᠠ᠂ ᠳᠡᠮᠴᠢ᠂ ᠭᠡᠪᠬᠦᠢ᠂ | ᠣᠮᠵᠠᠳ ᠨᠠᠷ ᠢ ᠲᠤᠰ ᠲᠤᠰ ᠲᠣᠮᠢᠯᠠᠪᠠ᠃ | ᠰᠢᠨ᠎ᠡ ᠪᠠᠷᠭᠤ ᠪᠠᠷᠠᠭᠤᠨ ᠭᠠᠷ ᠲᠤ ᠠᠩᠬ᠎ᠠ ᠳ᠋ᠠᠩᠽᠠᠩ ᠭᠡᠯᠦᠩ ᠤᠨ ᠲᠠᠪᠤᠳᠤᠭᠠᠷ ᠳᠦᠷᠢ ᠪᠤᠶᠤ ᠢᠰᠢᠳᠠᠩᠽᠠᠩ | ᠭᠡᠯᠦᠩ ᠤᠨ ᠳᠠᠷᠠᠭ᠎ᠠ ᠳᠦᠷᠢ ᠶᠢᠨ ᠯᠠᠮᠠ ᠨᠣᠷᠪᠤᠰᠠᠮᠪᠤᠤ ᠲᠡᠭᠷᠢ ᠲᠡᠳᠬᠦᠭᠴᠢ ᠶᠢᠨ ᠲᠠᠪᠢᠨ ᠳᠣᠯᠤᠳᠤᠭᠠᠷ ︵1792 | ︶ ᠣᠨ ᠳᠤ ᠪᠣᠭᠳᠠ ᠠᠭᠤᠯᠠ ᠶᠢᠨ ᠥᠪᠥᠷ ᠲᠤ ᠠᠯᠲᠠᠨ ᠰᠢᠨᠠᠭ᠎ᠠ ᠬᠡᠮᠡᠬᠦ ᠭᠠᠵᠠᠷ ᠬᠥᠪᠡᠭᠡᠲᠦ ᠤᠯᠠᠭᠠᠨ ᠬᠤᠰᠢᠭᠤᠨ | ᠤ ᠲᠡᠷᠢᠭᠦᠨ ᠰᠤᠮᠤᠨ ᠤ ᠰᠦᠮ᠎ᠡ ᠴᠦᠯᠲᠦᠮᠳᠢᠳᠠᠩᠬᠠᠨ ︵ᠱᠠᠭᠱᠠᠪᠠᠳ ᠤᠨ ᠠᠮᠤᠭᠤᠯᠠᠩ ᠲᠡᠭᠦᠰ︶ ᠬᠡᠮᠡᠬᠦ ᠰᠦᠮ᠎ᠡ | ᠶᠢ ᠪᠠᠶᠢᠭᠤᠯᠪᠠ᠃ | ᠡᠭᠦᠨ ᠠᠴᠠ ᠬᠤᠶᠢᠰᠢ ᠰᠢᠨ᠎ᠡ ᠪᠠᠷᠭᠤ ᠪᠠᠷᠠᠭᠤᠨ ᠭᠠᠷ ᠲᠤ ᠬᠤᠰᠢᠭᠤ ᠰᠦᠮ᠎ᠡ᠂ ᠰᠤᠮᠤ ᠶᠢᠨ ᠰᠦᠮ᠎ᠡ᠂ ᠭᠡᠭᠡᠨ | ᠳᠠᠪᠬᠤᠷᠭᠠᠲᠠᠨ ᠨᠠᠷ ᠤᠨ ᠰᠦᠮ᠎ᠡ ᠬᠡᠮᠡᠨ ᠪᠠᠶᠢᠭᠤᠯᠵᠤ᠂ ᠵᠠᠷᠢᠮ ᠦᠶ᠎ᠡ ᠳᠤ ᠲᠡᠳᠡᠭᠡᠷ ᠰᠦᠮ᠎ᠡ ᠪᠠᠨ ᠨᠡᠭᠦᠯᠭᠡᠨ | ᠪᠠᠶᠢᠭᠰᠠᠭᠠᠷ ᠬᠠᠮᠤᠭ ᠰᠡᠭᠦᠯ ᠳᠤ 1947 ᠣᠨ ᠳᠤ ᠬᠥᠪᠡᠭᠡᠲᠦ ᠬᠥᠬᠡ ᠬᠤᠰᠢᠭᠤᠨ ᠤ ᠶᠡᠬᠡᠵᠣᠩ ᠣᠪᠤᠭ ᠤᠨ | ᠶᠦᠮᠳᠠᠰᠢ ᠶᠢᠨ ᠠᠭᠸᠠᠩᠯᠤᠪᠰᠠᠩᠰᠤᠳᠪᠠ ᠭᠡᠭᠴᠢ ᠯᠠᠮᠠ ᠪᠠᠶᠠᠨ ᠳᠡᠷᠡᠰᠦᠨ ᠳᠤ ︽ᠵᠣᠴᠢ ᠶᠢᠨ ᠰᠦᠮ᠎ᠡ︾ | ᠪᠠᠷᠢᠭᠰᠠᠨ ᠬᠦᠷᠲᠡᠯ᠎ᠡ ᠤᠷᠢᠳ ᠬᠤᠵᠢᠳ ᠳᠦᠴᠢ ᠭᠠᠷᠤᠢ ᠰᠦᠮ᠎ᠡ ᠬᠡᠶᠢᠳ ᠪᠠᠶᠢᠭᠤᠯᠤᠭᠳᠠᠪᠠ᠃ ᠡᠳᠡᠭᠡᠷ ᠰᠦᠮ᠎ᠡ | ᠬᠡᠶᠢᠳ ᠤᠨ ᠵᠠᠷᠢᠮ ᠨᠢ ᠣᠳᠤᠨ ᠣᠷᠤᠨ ᠤ ᠤᠬᠠᠭᠠᠨ᠂ ᠵᠢᠷᠤᠬᠠᠢ ᠶᠢᠨ ᠤᠬᠠᠭᠠᠨ᠂ ᠨᠢᠭᠤᠴᠠ ᠲᠠᠷᠨᠢ ᠶᠢᠨ ᠶᠣᠰᠤᠨ | ᠂ ᠠᠨᠠᠭᠠᠬᠤ ᠤᠬᠠᠭᠠᠨ ᠵᠡᠷᠭᠡ ᠶᠢᠨ ᠳ᠋ᠠᠴᠠᠩ ᠪᠠᠶᠢᠭᠤᠯᠵᠤ ᠪᠤᠷᠬᠠᠨ ᠱᠠᠰᠢᠨ ᠢ ᠳᠡᠯᠭᠡᠷᠡᠭᠦᠯᠬᠦ ᠭᠤᠣᠯ ᠬᠦᠢᠰᠦ ᠪᠠ | ᠡᠷᠬᠦᠯ ᠮᠥᠷᠬᠦᠯ ᠥᠭᠯᠢᠭᠡ ᠪᠤᠶᠠᠨ ᠤ ᠭᠤᠣᠯ ᠲᠥᠪ ᠪᠣᠯᠵᠤ ᠪᠠᠶᠢᠪᠠ᠃ |