ᠪᠠᠷᠭᠤ ᠪᠠᠭᠠᠲᠤᠷ ᠪᠠ ᠪᠠᠷᠭᠤᠳᠠᠢ ᠮᠡᠷᠭᠡᠨ ᠤ ᠦᠶ᠎ᠡ ᠶᠢ ᠲᠣᠳᠤᠯᠠᠬᠤ ᠨᠢ
ᠨᠡᠶᠢᠲᠡᠯᠡᠭᠰᠡᠨ ᠴᠠᠭ᠄
2022/11/29
     ᠪᠠᠷᠭᠤ ᠪᠠᠭᠠᠲᠤᠷ ᠪᠠ ᠪᠠᠷᠭᠤᠳᠠᠢ ᠮᠡᠷᠭᠡᠨ ᠪᠣᠯ ᠪᠠᠷᠭᠤ ᠪᠤᠷᠢᠶᠠᠳ ᠶᠠᠰᠤᠲᠠᠨ ᠤ ᠲᠡᠦᠬᠡᠨ ᠳᠤ ᠴᠢᠬᠤᠯᠠ ᠪᠠᠶᠢᠷᠢ ᠰᠠᠭᠤᠷᠢ ᠲᠠᠢ ᠬᠦᠮᠦᠰ ᠶᠤᠮ᠃ ᠲᠡᠳᠡᠨ ᠤ ᠲᠣᠬᠠᠢ ᠲᠡᠦᠬᠡ ᠰᠤᠳᠤᠷ ᠠᠴᠠ ᠯᠠᠪᠯᠠᠵᠦ ᠦᠵᠡᠶ᠎ᠡ᠃      ᠨᠢᠭᠡ᠂ ᠪᠠᠷᠭᠤ ᠪᠠᠭᠠᠲᠤᠷ ᠤᠨ ᠲᠣᠬᠠᠢ      ︽ᠲᠡᠦᠬᠡ ᠲᠡᠮᠳᠡᠭᠯᠡᠯ ᠠᠴᠠ ᠪᠠᠷᠭᠤ ᠭᠡᠭᠴᠢ ᠬᠦᠮᠦᠨ ᠪᠣᠯ ᠱᠧᠯᠤᠨ ᠲᠠᠢ ᠨᠢᠭᠡ ᠦᠶ᠎ᠡ ᠶᠢᠨ ᠬᠦᠮᠦᠨ ᠪᠠᠶᠢᠬᠰᠠᠨ ᠢ ᠮᠡᠳᠡᠵᠡᠢ᠃ ᠱᠧᠯᠤᠨ ᠪᠣᠯ 4 ᠳ᠋ᠤᠭᠡᠷ ᠵᠠᠭᠤᠨ ᠤ ᠰᠡᠭᠦᠯᠴᠢ ᠦᠶ᠎ᠡ ᠶᠢᠨ ᠿᠸᠦ ᠿᠠᠨ ᠤ ᠲᠦᠷᠦᠭᠦᠦ ᠶᠤᠮ᠃ ᠲᠡᠶᠢᠮᠦ ᠠᠴᠠ ᠪᠠᠷᠭᠤ ᠭᠡᠭᠴᠢ ᠬᠦᠮᠦᠨ ᠪᠣᠯ ᠮᠥᠨ 4 ᠳ᠋ᠤᠭᠡᠷ ᠵᠠᠭᠤᠨ ᠤ ᠰᠡᠭᠦᠯᠴᠢ ᠦᠶ᠎ᠡ ᠶᠢᠨ ᠬᠦᠮᠦᠨ ᠪᠣᠯᠬᠤ ᠨᠢ ᠯᠠᠪᠲᠠᠢ︾ ᠭᠡᠵᠤ ᠬᠦᠯᠦᠨ ᠪᠤᠶᠢᠷ ᠳᠡᠭᠡᠳᠦ ᠰᠤᠷᠭᠠᠭᠤᠯᠢ ᠶᠢᠨ ᠵᠠᠯᠠᠭᠤ ᠡᠷᠳᠡᠮᠲᠡᠨ ᠱ᠊᠂ ᠰᠤᠩᠳᠤᠢ ︽ᠡᠷᠲᠡᠨ ᠤ ᠪᠠᠷᠭᠤ ᠶᠠᠰᠤᠲᠠᠨ ᠤ ᠲᠣᠬᠠᠢ︾ ᠭᠡᠬᠦ ᠡᠷᠳᠡᠮ ᠰᠢᠨᠵᠢᠯᠡᠭᠡᠨ ᠤ ᠦᠭᠦᠯᠡᠯ ᠳᠡᠭᠡᠨ ᠣᠯᠠᠨ ᠵᠦᠢᠯ ᠤᠨ ᠲᠡᠦᠬᠡ ᠰᠤᠳᠤᠷ ᠤᠨ ᠦᠨᠳᠦᠰᠦ ᠪᠠᠷᠢᠮᠲᠠ ᠠᠴᠠ ᠡᠰᠢ ᠲᠠᠲᠠᠵᠦ ᠪᠢᠴᠢᠭᠰᠡᠨ ᠪᠠᠶᠢᠳᠠᠭ᠃ ᠪᠠᠷᠭᠤ ᠪᠠᠭᠠᠲᠤᠷ ᠤᠨ ᠲᠣᠬᠠᠢ ᠳᠠᠬᠢᠨ ᠶᠠᠮᠠᠷ ᠰᠢᠦ ᠰᠤᠳᠤᠯᠤᠯ ᠤᠳ ᠪᠠᠶᠢᠳᠠᠭ ᠪᠤᠢ ᠭᠡᠪᠡᠯ᠂ ︽ᠪᠠᠷᠭᠤ ᠪᠣᠯ ᠳᠣᠮᠤᠭ ᠲᠤ ᠭᠠᠷᠳᠠᠭ ᠰᠢᠭ᠋ ᠠᠷᠵᠠᠭᠠᠷ ᠬᠠᠷ᠎ᠠ ᠮᠠᠩᠭᠤᠰ ᠢ ᠳᠠᠷᠤᠵᠦ ᠴᠢᠳᠠᠳᠠᠭ ᠷᠢᠳᠢ ᠰᠢᠳᠢ ᠲᠠᠢ ᠰᠠᠶᠢᠨ ᠡᠷ᠎ᠡ ᠪᠠᠶᠢᠬᠰᠠᠨ ᠲᠤᠯᠠ ᠣᠶᠢᠷ᠎ᠠ ᠣᠷᠴᠢᠮ ᠳᠠᠭᠠᠨ ᠲᠣᠩ ᠠᠯᠳᠠᠷᠰᠢᠵᠠᠢ᠃ ᠲᠡᠭᠡᠭᠡᠳ ᠲᠡᠭᠦᠨ ᠤ ᠬᠠᠷᠢᠶᠠᠨ ᠳᠤ ᠣᠯᠠᠨ ᠠᠶᠢᠮᠠᠭ ᠤᠳ ᠴᠤᠭᠯᠠᠷᠠᠨ ᠢᠷᠡᠵᠦ ᠣᠯᠠᠨ ᠢᠶᠠᠷ ᠢᠶᠠᠨ ᠲᠡᠭᠦᠨ ᠢ ︽ᠪᠠᠷᠭᠤ ᠪᠠᠭᠠᠲᠤᠷ︾ ᠭᠡᠵᠤ ᠡᠷᠭᠦᠪᠡ ᠭᠡᠵᠤ ᠳᠡᠭᠡᠷ᠎ᠡ ᠳᠤᠷᠠᠳᠤᠬᠰᠠᠨ ᠵᠠᠯᠠᠭᠤ ᠡᠷᠳᠡᠮᠲᠡᠨ ︽ᠡᠷᠲᠡᠨ ᠤ ᠪᠠᠷᠭᠤ ᠶᠠᠰᠤᠲᠠᠨ︾ ᠭᠡᠬᠦ ᠨᠣᠮ ᠳᠠᠭᠠᠨ ᠪᠢᠴᠢᠭᠰᠡᠨ ︵41 — 42 ᠳ᠋ᠤᠭᠠᠷ ᠨᠢᠭᠤᠷ︶ ᠶᠤᠮ᠃ ᠡᠭᠦᠨ ᠠᠴᠠ ᠦᠵᠡᠪᠡᠯ ᠨᠡᠶᠢᠲᠡ ᠶᠢᠨ ᠣᠨ ᠲᠣᠭᠠᠯᠠᠯ ᠤᠨ ᠳᠦᠷᠪᠡᠳᠦᠭᠡᠷ ᠵᠠᠭᠤᠨ ᠤ ᠰᠡᠭᠦᠯᠴᠢ ᠦᠶ᠎ᠡ ᠶᠢᠨ ᠨᠢᠷᠤᠭᠤᠨ ︵ᠿᠸᠦ ᠿᠠᠨ︶ ᠮᠣᠩᠭᠤᠯ ᠬᠠᠭᠠᠨᠲᠤ ᠤᠯᠤᠰ ᠤᠨ ᠰᠢᠷᠦᠭᠦᠨ ︵ᠱᠧᠯᠤᠨ︶ ᠬᠠᠭᠠᠨ ᠤ ᠬᠠᠷᠢᠶᠠᠨ ᠳᠤ ᠪᠠᠶᠢᠬᠰᠠᠨ ᠪᠠᠷᠭᠤ ᠠᠶᠢᠮᠠᠭ ᠤᠨ ᠲᠦᠷᠦᠭᠦᠦ ᠪᠠᠷᠭᠤ ᠭᠡᠳᠡᠭ ᠬᠦᠮᠦᠨ ᠪᠣᠯ ᠳᠠᠷᠤᠢ ︽ᠪᠠᠷᠭᠤ ᠪᠠᠭᠠᠲᠤᠷ︾ ᠮᠥᠨ᠃      ᠡᠨᠡ ᠬᠦ ᠪᠠᠷᠭᠤ ᠪᠠᠭᠠᠲᠤᠷ ᠤᠨ ᠲᠣᠬᠠᠢ ᠯᠣᠮᠪᠣᠴᠢᠷᠡᠨ ᠭᠡᠬᠦ ᠡᠷᠳᠡᠮᠲᠡᠨ ︽ᠮᠣᠩᠭᠤᠯ ᠪᠤᠷᠢᠶᠠᠳ ᠤᠨ ᠲᠡᠦᠬᠡ︾ ᠭᠡᠬᠦ ᠨᠣᠮ ᠳᠠᠭᠠᠨ ᠪᠠᠶᠢᠭᠠᠯᠢ ᠳᠠᠯᠠᠢ ᠶᠢᠨ ᠡᠷᠭᠢ ᠳᠤ ᠬᠦᠭᠡᠰᠦ ᠰᠠᠬᠠᠷᠠᠭᠤᠯᠤᠨ ᠣᠷᠬᠢᠷᠠᠵᠦ ᠪᠠᠶᠢᠬᠰᠠᠨ ︽ᠬᠦᠬᠡ ᠪᠤᠬ᠎ᠠ︾ ᠭᠡᠵᠤ ᠰᠢᠳᠢᠴᠢᠯᠡᠨ ᠲᠡᠮᠳᠡᠭᠯᠡᠵᠦ᠂ ᠣᠶᠢᠷᠠᠳ ᠠᠶᠢᠮᠠᠭ ᠤᠨ ᠠᠱᠦ᠋ᠢᠭᠠᠨ ᠢᠳᠤᠭᠠᠨ ᠲᠠᠢ ᠠᠶᠢᠯ ᠭᠡᠷ ᠪᠣᠯᠵᠦ᠂ ︽ᠤᠳᠠᠯ ᠦᠭᠡᠢ ᠢᠳᠤᠭᠠᠨ ᠵᠢᠷᠮᠦᠰᠦᠨ ᠪᠣᠯᠵᠦ᠂ ᠬᠤᠶᠠᠷ ᠬᠦᠪᠡᠭᠦᠨ ᠲᠦᠷᠦᠭᠰᠡᠨ ᠤ ᠶᠡᠭᠡ ᠨᠢ ᠪᠤᠷᠢᠶᠠᠳᠠᠢ᠂ ᠪᠠᠭ᠎ᠠ ᠨᠢ ᠬᠤᠷᠢᠲᠠᠢ ᠬᠡᠮᠡᠬᠦ ᠪᠣᠯᠤᠭᠰᠠᠨ ᠠᠵᠠᠢ︾ ᠭᠡᠵᠤ ᠪᠢᠴᠢᠭᠡᠳ᠂ ᠪᠤᠷᠢᠶᠠᠳᠠᠢ ᠨᠢ ᠢᠭᠢᠷᠢᠳ᠂ ᠪᠤᠯᠠᠭᠠᠳ ᠭᠡᠬᠦ ᠬᠤᠶᠠᠷ ᠬᠦᠦ ᠲᠠᠢ ᠪᠣᠯᠵᠦ᠂ ᠢᠭᠢᠷᠢᠳ ᠨᠢ ᠨᠠᠢᠮᠠᠨ ᠬᠦᠦ ᠲᠠᠢ ᠪᠣᠯᠵᠦ᠂ ᠪᠤᠯᠠᠭᠠᠳ ᠨᠢ ᠵᠢᠷᠭᠤᠭᠠᠨ ᠬᠦᠦ ᠲᠠᠢ ᠪᠣᠯᠤᠭᠰᠠᠨ ᠭᠡᠵᠤ ᠪᠢᠴᠢᠭᠰᠡᠨ ᠪᠠᠶᠢᠨ᠎ᠠ᠃ ᠪᠠᠷᠭᠤ ᠪᠠᠭᠠᠲᠤᠷ ᠤᠨ ᠪᠠᠭ᠎ᠠ ᠬᠦᠦ ᠬᠤᠷᠢᠲᠠᠢ ᠶᠢᠨ ᠲᠣᠬᠠᠢ ᠯᠣᠮᠪᠣᠴᠢᠷᠡᠨ᠂ ᠡᠮᠦᠨ᠎ᠡ ᠳᠤᠷᠠᠳᠤᠭᠰᠠᠨ ᠨᠣᠮ ᠳᠠᠭᠠᠨ ᠪᠦᠷ ᠴᠦ ᠰᠢᠳᠢ ᠣᠷᠤᠭᠤᠯᠤᠨ ᠲᠡᠮᠳᠡᠭᠯᠡᠵᠦ ᠬᠤᠷᠢᠲᠠᠢ ᠨᠢ ᠬᠤᠨ ᠰᠢᠪᠠᠭᠤ ᠲᠠᠢ ᠠᠶᠢᠯ ᠭᠡᠷ ᠪᠣᠯᠵᠦ᠂ ᠠᠷᠪᠠᠨ ᠨᠢᠭᠡᠨ ᠬᠦᠦ ᠲᠠᠢ ᠪᠣᠯᠪᠠ ᠭᠡᠵᠤ ᠪᠢᠴᠢᠭᠰᠡᠨ ᠪᠠᠶᠢᠨ᠎ᠠ᠃ ᠠᠷᠪᠠᠨ ᠨᠢᠭᠡᠨ ᠬᠦᠪᠡᠭᠦᠨ ᠤ ᠨᠡᠷ᠎ᠡ ᠶᠢ ᠮᠣᠩᠭᠤᠯ ᠤᠯᠤᠰ ᠤᠨ ᠱ᠊᠂ ᠭᠠᠳᠠᠮᠪᠠ᠂ ᠳ᠋᠊᠂ ᠴᠡᠷᠡᠨᠰᠣᠳᠨᠠᠮ ᠨᠠᠶᠢᠷᠠᠭᠤᠯᠵᠦ᠂ ᠴ᠊᠂ ᠳᠠᠮᠳᠢᠨᠰᠦ᠋ᠷᠦᠩ ᠬᠢᠨᠠᠭᠰᠠᠨ ︽ᠮᠣᠩᠭᠤᠯ ᠠᠷᠠᠳ ᠤᠨ ᠠᠮᠠᠨ ᠵᠣᠬᠢᠶᠠᠯ ᠤᠨ ᠳᠡᠭᠡᠵᠢ ᠪᠢᠴᠢᠭ︾ ᠤᠨ ᠤᠭᠰᠠᠭᠠᠲᠠᠨ ᠲᠠᠢ ᠬᠤᠯᠪᠤᠭᠳᠠᠬᠤ ᠳᠣᠮᠤᠭ ᠭᠡᠬᠦ ᠪᠦᠯᠦᠭ ᠲᠠᠬᠢ ︽ᠬᠤᠷᠢ ᠲᠦᠮᠡᠳ ᠬᠤᠷᠢᠲᠠᠢ ᠮᠡᠷᠭᠡᠨ ᠤ ᠳᠣᠮᠤᠭ ᠲᠤ︾ ᠬᠦᠪᠦᠳ᠂ ᠭᠠᠯᠵᠠᠭᠤᠳ᠂ ᠬᠤᠸᠠᠰᠠᠢ᠂ ᠬᠠᠯᠪᠢᠨ᠂ ᠪᠠᠲᠤᠨᠠᠢ᠂ ᠬᠤᠳᠠᠢ᠂ ᠭᠦᠰᠢᠳ ︵ᠬᠤᠱᠤᠳ︶᠂ ᠴᠠᠭᠠᠨ᠂ ᠱᠠᠷᠠᠶᠢᠳ᠂ ᠪᠣᠳᠤᠩᠭᠤᠳ᠂ ᠬᠠᠷᠠᠭᠠᠨ᠎ᠠ ᠭᠡᠵᠤ ᠲᠡᠮᠳᠡᠭᠯᠡᠭᠰᠡᠨ ᠪᠠᠶᠢᠨ᠎ᠠ᠃ ᠡᠳᠡᠭᠡᠷ ᠠᠴᠠ ᠦᠵᠡᠬᠦ ᠳᠤ ᠪᠠᠷᠭᠤ ᠪᠠᠭᠠᠲᠤᠷ ᠪᠣᠯ ᠨᠡᠶᠢᠲᠡ ᠶᠢᠨ ᠣᠨ ᠲᠣᠭᠠᠯᠠᠯ ᠤᠨ ᠳᠦᠷᠪᠡᠳᠦᠭᠡᠷ ᠵᠠᠭᠤᠨ ᠤ ᠰᠡᠭᠦᠯᠴᠢ ᠦᠶ᠎ᠡ ᠳᠤ ᠪᠠᠶᠢᠭᠠᠯ ᠳᠠᠯᠠᠢ ᠣᠷᠣᠨ ᠳᠤ ᠠᠮᠢᠳᠤᠷᠠᠵᠦ ᠶᠠᠪᠤᠭᠰᠠᠨ ᠪᠠᠷᠭᠤ ᠶᠠᠰᠤᠲᠠᠨ ᠤ ᠨᠢᠭᠡᠨ ᠦᠶ᠎ᠡ ᠶᠢᠨ ᠲᠡᠦᠬᠡᠲᠦ ᠪᠠᠭᠠᠲᠤᠷ ᠬᠦᠮᠦᠨ ᠮᠥᠨ᠂ ᠪᠠᠰᠠ ᠴᠦ ᠣᠳᠣ ᠦᠶ᠎ᠡ ᠶᠢᠨ ᠬᠤᠷᠢ ᠪᠤᠷᠢᠶᠠᠳ ᠵᠣᠨ ᠤ ᠡᠪᠦᠭᠡ ᠳᠡᠭᠡᠳᠦᠰ ᠮᠥᠨ ᠠᠵᠢ᠃      ᠬᠤᠶᠠᠷ᠂ ᠪᠠᠷᠭᠤᠳᠠᠢ ᠮᠡᠷᠭᠡᠨ ᠤ ᠲᠣᠬᠠᠢ      ︽ᠮᠣᠩᠭᠤᠯ ᠤᠨ ᠨᠢᠭᠤᠴᠠ ᠲᠣᠪᠴᠢᠶᠠᠨ︾ ᠤ ᠶᠡᠭᠡ ᠰᠤᠳᠤᠯᠭᠠᠲᠠᠨ ᠠᠷᠳᠠᠵᠠᠪ ᠡᠷᠳᠡᠮᠲᠡᠨ ᠤ ᠣᠳᠣᠬᠢ ᠬᠡᠯᠡᠨ ᠳᠤ ᠰᠡᠶᠢᠷᠡᠭᠦᠯᠦᠭᠰᠡᠨ ︽ᠮᠣᠩᠭᠤᠯ ᠤᠨ ᠨᠢᠭᠤᠴᠠ ᠲᠣᠪᠴᠢᠶᠠᠨ︾ ᠠᠴᠠ ᠪᠠᠷᠭᠤᠳᠠᠢ ᠮᠡᠷᠭᠡᠨ ᠤ ᠲᠤᠬᠠᠢ ᠬᠡᠰᠡᠭ ᠢ ᠰᠡᠶᠢᠷᠡᠭᠦᠯᠪᠡᠯ ᠳᠣᠣᠷᠠᠬᠢ ᠮᠡᠲᠦ᠄ ︽ᠲᠡᠳᠡᠪᠦᠯᠦᠭ ᠢᠷᠭᠡᠨ ᠪᠣᠯ ᠬᠤᠷᠢ ᠲᠦᠮᠡᠳ ᠤᠨ ᠨᠣᠶᠠᠨ ᠬᠤᠷᠢᠯᠠᠷᠳᠠᠢ ᠮᠡᠷᠭᠡᠨ ᠤ ᠬᠢᠨ ᠠᠵᠢ᠃ ᠬᠤᠷᠢᠯᠠᠷᠳᠠᠢ ᠮᠡᠷᠭᠡᠨ᠂ ᠬᠦᠯ ᠪᠠᠷᠭᠤᠵᠢᠨ ᠲᠦᠬᠦᠮ ᠤᠨ ᠡᠵᠡᠨ ᠪᠠᠷᠭᠤᠳᠠᠢ ᠮᠡᠷᠭᠡᠨ ᠤ ᠥᠬᠢᠨ ᠪᠠᠷᠭᠤᠵᠢᠨ ᠭᠤᠸ᠎ᠠ ᠶᠢ ᠭᠡᠷᠭᠡᠢ ᠪᠣᠯᠭᠠᠨ ᠠᠪᠤᠭᠰᠠᠨ ᠪᠢᠯᠡ᠃ ᠬᠤᠷᠢ ᠲᠦᠮᠡᠳ ᠤᠨ ᠭᠠᠵᠠᠷ ᠤᠨ ᠠᠷᠢᠭ ᠤᠰᠤᠨ ᠭᠤᠣᠯ ᠳᠤ ᠬᠤᠷᠢᠯᠠᠷᠳᠠᠢ ᠮᠡᠷᠭᠡᠨ ᠤ ᠭᠡᠷᠭᠡᠢ ᠪᠠᠷᠭᠤᠵᠢᠨ ᠭᠤᠸ᠎ᠠ ᠠᠴᠠ ᠲᠦᠷᠦᠭᠰᠡᠨ ᠠᠯᠤᠨ ᠭᠤᠸ᠎ᠠ ᠨᠡᠷᠡᠲᠡᠢ ᠥᠬᠢᠨ ᠲᠡᠷᠡ ᠪᠤᠶᠤ︾᠃      ᠡᠨᠡ ᠬᠡᠰᠡᠭ ᠲᠤ ᠪᠠᠷᠭᠤᠳᠠᠢ ᠮᠡᠷᠭᠡᠨ ᠠᠴᠠ ᠭᠠᠳᠠᠨ᠎ᠠ᠂ ᠲᠡᠭᠦᠨ ᠤ ᠬᠦᠷᠭᠡᠨ ᠬᠤᠷᠢᠯᠠᠷᠳᠠᠢ ᠮᠡᠷᠭᠡᠨ᠂ ᠲᠡᠭᠦᠨ ᠤ ᠥᠬᠢᠨ ᠪᠠᠷᠭᠤᠵᠢᠨ ᠭᠤᠸ᠎ᠠ᠂ ᠲᠡᠭᠦᠨ ᠤ ᠵᠢᠭᠡ ᠥᠬᠢᠨ ᠠᠯᠤᠨ ᠭᠤᠸ᠎ᠠ ᠶᠢᠨ ᠨᠡᠷ᠎ᠡ ᠭᠠᠷᠴᠤ ᠪᠠᠶᠢᠨ᠎ᠠ᠃      ᠲᠡᠭᠡᠪᠡᠯ ᠪᠠᠷᠭᠤᠳᠠᠢ ᠮᠡᠷᠭᠡᠨ ᠴᠣᠬᠤᠮ ᠠᠯᠢ ᠦᠶ᠎ᠡ ᠶᠢᠨ ᠬᠦᠮᠦᠨ ᠪᠤᠢ︖ ᠪᠠᠷᠭᠤᠳᠠᠢ ᠮᠡᠷᠭᠡᠨ ᠤ ᠵᠢᠭᠡ ᠥᠬᠢᠨ ᠠᠯᠤᠨ ᠭᠤᠸ᠎ᠠ᠂ ᠲᠣᠷᠤᠭᠤᠯᠵᠢᠨ ᠪᠠᠶᠠᠨ ᠤ ᠬᠦᠦ ᠲᠤᠪᠤᠨ ᠮᠡᠷᠭᠡᠨ ᠲᠠᠢ ᠠᠦᠶ᠎ᠡ ᠶᠢᠨ ᠬᠦᠮᠦᠰ ᠪᠣᠯᠬᠤ ᠨᠢ ᠲᠣᠳᠤᠷᠬᠠᠢ ᠪᠠᠶᠢᠨ᠎ᠠ᠃ ᠡᠭᠦᠨ ᠠᠴᠠ ᠵᠦᠢᠴᠢᠯᠡᠨ ᠪᠣᠳᠤᠪᠠᠯ ᠠᠯᠤᠨ ᠭᠤᠸ᠎ᠠ ᠶᠢᠨ ᠡᠴᠢᠭᠡ ᠡᠬᠡ ᠬᠤᠷᠢᠯᠠᠷᠳᠠᠢ ᠮᠡᠷᠭᠡᠨ ᠪᠣᠯᠤᠨ ᠪᠠᠷᠭᠤᠵᠢᠨ ᠭᠤᠸ᠎ᠠ ᠪᠣᠯ ᠲᠣᠪᠤᠨ ᠮᠡᠷᠭᠡᠨ ᠤ ᠡᠴᠢᠭᠡ ᠡᠬᠡ ᠲᠣᠷᠤᠭᠤᠯᠵᠢᠨ ᠪᠠᠶᠠᠨ ᠪᠣᠯᠤᠨ ᠪᠣᠷᠤᠭᠴᠢᠨ ᠭᠤᠸ᠎ᠠ ᠲᠠᠢ ᠨᠢᠭᠡ ᠦᠶ᠎ᠡ ᠶᠢᠨ ᠬᠦᠮᠦᠨ ᠪᠣᠯᠤᠨ᠎ᠠ᠂ ᠢᠩᠭᠢᠬᠦᠯᠡᠷ ᠪᠠᠷᠭᠤᠳᠠᠢ ᠮᠡᠷᠭᠡᠨ ᠪᠣᠯ ᠲᠣᠷᠤᠭᠤᠯᠵᠢᠨ ᠪᠠᠶᠠᠨ ᠤ ᠡᠴᠢᠭᠡ ᠪᠣᠷᠵᠢᠭᠢᠳᠠᠢ ᠮᠡᠷᠭᠡᠨ ᠲᠠᠢ ᠨᠢᠭᠡ ᠦᠶ᠎ᠡ ᠶᠢᠨ ᠬᠦᠮᠦᠨ ᠶᠤᠮ ᠪᠠᠶᠢᠨ᠎ᠠ᠃      ᠪᠣᠷᠵᠢᠭᠢᠳᠠᠢ ᠮᠡᠷᠭᠡᠨ ᠪᠣᠯ ᠨᠡᠶᠢᠲᠡ ᠶᠢᠨ ᠣᠨ ᠲᠣᠭᠠᠯᠠᠯ ᠤᠨ ᠶᠢᠰᠦᠳᠦᠭᠡᠷ ᠵᠠᠭᠤᠨ ᠤ ᠦᠶ᠎ᠡ ᠳᠤ ᠠᠮᠢᠳᠤᠷᠠᠵᠦ ᠪᠠᠶᠢᠬᠰᠠᠨ ᠬᠦᠮᠦᠨ ᠶᠤᠮ᠃ ᠢᠩᠭᠢᠪᠡᠯ ᠪᠣᠷᠵᠢᠭᠢᠳᠠᠢ ᠮᠡᠷᠭᠡᠨ ᠲᠠᠢ ᠨᠢᠭᠡ ᠦᠶ᠎ᠡ ᠶᠢᠨ ᠪᠠᠷᠭᠤᠳᠠᠢ ᠮᠡᠷᠭᠡᠨ ᠴᠦ ᠮᠥᠨ ᠶᠢᠰᠦᠳᠦᠭᠡᠷ ᠵᠠᠭᠤᠨ ᠤ ᠦᠶ᠎ᠡ ᠶᠢᠨ ᠬᠦᠮᠦᠨ ᠶᠤᠮ ᠪᠠᠶᠢᠨ᠎ᠠ᠃      ᠳᠡᠭᠡᠷᠡᠬᠢ ᠲᠣᠳᠤᠷᠬᠠᠶᠢᠯᠠᠯᠲᠠ ᠠᠴᠠ ᠦᠵᠡᠪᠡᠯ᠂ ᠪᠠᠷᠭᠤ ᠪᠠᠭᠠᠲᠤᠷ ᠪᠣᠯᠤᠨ ᠪᠠᠷᠭᠤᠳᠠᠢ ᠮᠡᠷᠭᠡᠨ ᠪᠣᠯ ᠬᠤᠶᠠᠷ ᠦᠶ᠎ᠡ ᠶᠢᠨ ᠬᠦᠮᠦᠰ ᠪᠣᠯᠬᠤ ᠨᠢ ᠢᠯᠡᠬᠡᠨ ᠪᠠᠶᠢᠨ᠎ᠠ᠂ ᠲᠡᠷᠡ ᠬᠤᠶᠠᠷ ᠤᠨ ᠬᠤᠭᠤᠷᠤᠨᠳᠤ ᠲᠠᠪᠤᠨ ᠵᠠᠭᠤᠭᠠᠳ ᠵᠢᠯ ᠤᠨ ᠵᠠᠢ ᠪᠠᠶᠢᠨ᠎ᠠ᠃ ᠨᠢᠭᠡ ᠵᠠᠭᠤᠨ ᠳᠤ ᠳᠦᠷᠪᠡᠨ ᠦᠶ᠎ᠡ ᠪᠠᠶᠢᠳᠠᠭ ᠢᠶᠠᠷ ᠪᠣᠳᠤᠪᠠᠯ ᠲᠡᠷᠡ ᠬᠤᠶᠠᠷ ᠤᠨ ᠬᠤᠭᠤᠷᠤᠨᠳᠤ ᠪᠠᠷᠤᠭ ᠬᠤᠷᠢᠭᠠᠳ ᠦᠶ᠎ᠡ ᠪᠣᠯᠬᠤ ᠲᠦᠯᠦᠪ ᠲᠠᠢ ᠪᠠᠶᠢᠨ᠎ᠠ᠃      ᠡᠨᠡ ᠳᠠᠯᠢᠮ ᠳᠤ ᠪᠤᠷᠢᠶᠠᠳ ᠤᠨ ᠤᠳᠤᠮ ᠤᠨ ᠠᠯᠤᠨ ᠭᠤᠸ᠎ᠠ ᠪᠣᠯᠤᠨ ︽ᠮᠣᠩᠭᠤᠯ ᠤᠨ ᠨᠢᠭᠤᠴᠠ ᠲᠣᠪᠴᠢᠶᠠᠨ︾ ᠤ ᠠᠯᠤᠨ ᠭᠤᠸ᠎ᠠ ᠬᠤᠶᠠᠷ ᠴᠦ ᠨᠢᠭᠡ ᠬᠦᠮᠦᠨ ᠪᠢᠰᠢ ᠭᠡᠳᠡᠭ ᠰᠤᠷᠠᠭ ᠢ ᠲᠣᠪᠴᠢ ᠳᠤᠷᠠᠳᠪᠠᠯ᠂ ᠮᠣᠩᠭᠤᠯ ᠤᠯᠤᠰ ᠤᠨ ᠠᠬᠠᠶᠢᠳ ᠰᠠᠷᠠᠶᠢᠳ ᠳᠤᠭᠠᠷᠵᠠᠪ ᠤᠨ ᠳᠠᠮᠳᠢᠨᠵᠠᠪ ᠭᠡᠳᠡᠭ ᠡᠷᠳᠡᠮᠲᠡᠨ ︽ᠪᠦᠷᠲᠡ ᠴᠢᠨ᠋ᠸ᠎ᠠ᠂ ᠠᠯᠤᠨ ᠭᠤᠸ᠎ᠠ ᠶᠢᠨ ᠰᠤᠳᠤᠯᠭᠠᠨ ᠤ ᠵᠠᠷᠢᠮ ᠠᠰᠠᠭᠤᠳᠠᠯ ᠳᠤ︾ ᠭᠡᠬᠦ ᠨᠣᠮ ᠳᠠᠭᠠᠨ ︽ᠪᠤᠷᠢᠶᠠᠳ ᠤᠳᠤᠮ ᠤᠨ ᠠᠯᠤᠨ ᠭᠤᠸ᠎ᠠ ᠪᠣᠯ ︿ᠮᠣᠩᠭᠤᠯ ᠤᠨ ᠨᠢᠭᠤᠴᠠ ᠲᠣᠪᠴᠢᠶᠠᠨ﹀ ᠤ ᠠᠯᠤᠨ ᠭᠤᠸ᠎ᠠ ᠪᠢᠰᠢ ᠭᠡᠳᠡᠭ ᠳ᠋ᠦᠩᠨᠡᠯᠲᠡ ᠳᠤ ᠬᠦᠷᠭᠡᠵᠦ ᠪᠠᠶᠢᠨ᠎ᠠ︾ ᠭᠡᠵᠤ ᠪᠢᠴᠢᠭᠰᠡᠨ ᠪᠠᠶᠢᠨ᠎ᠠ ᠪᠢᠯᠡ᠃
 
ᠢᠷᠡᠯᠲᠡ᠄ ᠲᠡᠮᠦᠷ ᠨᠠᠮᠵᠢᠯᠰᠦ᠋ᠷᠥᠩ ᠤᠨ ᠪᠦᠷᠭᠡ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号