ᠬᠦᠵᠦᠭᠦᠨ ᠤ ᠦᠷᠴᠢᠯᠡᠭᠡᠰᠦ ᠶᠢ ᠶᠠᠭᠠᠬᠢᠵᠤ ᠪᠠᠭᠠᠰᠬᠠᠬᠤ ᠪᠣᠢ︖
ᠨᠡᠶᠢᠲᠡᠯᠡᠭᠰᠡᠨ ᠴᠠᠭ᠄
2022/3/21
     ᠡᠮᠡᠭᠲᠡᠢ ᠬᠥᠮᠥᠨ ᠠᠷᠠᠰᠤ ᠮᠢᠬ᠎ᠠ ᠪᠠᠨ ᠠᠷᠠᠴᠢᠯᠠᠬᠤ ᠦᠶ᠎ᠡ ᠳᠤ ᠬᠦᠵᠦᠭᠦᠨ ᠤ ᠦᠷᠴᠢᠯᠡᠭᠡᠰᠦ ᠶᠢ ᠠᠮᠠᠷᠬᠠᠨ ᠣᠮᠲᠣᠭᠠᠶᠢᠯᠠᠳᠠᠭ᠃ ᠲᠤᠰᠬᠠᠢ ᠭᠤᠸ᠎ᠠ ᠵᠠᠰᠠᠯ ᠬᠢᠭᠴᠢ ᠵᠣᠣ ᠯᠢ ᠰᠠᠨᠠᠭᠤᠯᠬᠤ ᠳᠠᠭᠠᠨ᠂ ᠣᠨᠴᠠᠭᠠᠶᠢᠯᠠᠨ ᠭᠠᠷ ᠤᠲᠠᠰᠤ ᠱᠠᠭᠠᠶᠢᠳᠠᠭ ᠬᠥᠮᠥᠰ ᠲᠤ ᠠᠪᠴᠤ ᠬᠡᠯᠡᠪᠡᠯ᠂ ᠬᠦᠵᠦᠭᠦᠨ ᠳᠤ ᠦᠷᠴᠢᠯᠡᠭᠡᠰᠦ ᠰᠠᠭᠤᠬᠤ ᠨᠢ ᠨᠠᠩ ᠡᠷᠲᠡ ᠪᠠᠶᠢᠵᠤ ᠮᠡᠳᠡᠨ᠎ᠡ ᠭᠡᠵᠡᠢ᠃      ᠨᠡᠷᠡᠨ ᠤ ᠭᠡᠷᠡᠯ᠂ ᠦᠷᠦᠯᠳᠦᠬᠦ᠂ ᠤᠷᠲᠤ ᠬᠤᠭᠤᠴᠠᠭ᠎ᠠ ᠲᠣᠯᠣᠭᠠᠢ ᠪᠥᠬᠦ᠋ᠢᠬᠦ ᠨᠢ ᠪᠦᠷ ᠬᠦᠵᠦᠭᠦᠨ ᠤ ᠦᠷᠴᠢᠯᠡᠭᠡᠰᠦ ᠶᠢ ᠪᠤᠶ ᠪᠣᠯᠭᠠᠳᠠᠭ᠂ ᠡᠶᠢᠮᠦ ᠠᠴᠠ ᠬᠦᠵᠦᠭᠦᠦ ᠳᠡᠭᠡᠨ ᠴᠢᠭᠢᠭ ᠢ ᠬᠠᠮᠠᠭᠠᠯᠠᠬᠤ ᠪᠠ ᠨᠡᠷᠡᠨ ᠳᠤ ᠰᠢᠷᠠᠭᠳᠠᠬᠤ ᠠᠴᠠ ᠰᠡᠷᠭᠡᠶᠢᠯᠡᠬᠦ ᠰᠤᠪᠢᠯᠠᠯᠲᠠ ᠬᠢᠬᠦ ᠬᠡᠷᠡᠭᠲᠡᠢ᠃ ᠬᠡᠷᠪᠡ ᠬᠦᠵᠦᠭᠦᠨ ᠤ ᠬᠡᠰᠡᠭ ᠤᠨ ᠪᠤᠯᠴᠢᠩ ᠰᠤᠯᠠᠷᠠᠬᠤ ᠳᠤ ᠬᠦᠷᠪᠡᠯ᠂ ᠠᠮᠠᠷᠬᠠᠨ ᠦᠷᠴᠢᠯᠡᠭᠡᠰᠦ ᠰᠠᠭᠤᠨ᠎ᠠ᠂ ᠡᠶᠢᠮᠦ ᠠᠴᠠ ᠬᠦᠵᠦᠭᠦᠨ ᠤ ᠪᠤᠯᠴᠢᠩ ᠢᠶᠠᠨ ᠪᠠᠰᠠ ᠪᠣᠯᠪᠠᠰᠤᠷᠠᠬᠤ ᠴᠢᠬᠤᠯᠠᠲᠠᠢ᠃ ᠡᠩ ᠤᠨ ᠠᠮᠢᠳᠤᠷᠠᠯ ᠳᠤᠮᠳᠠ ᠪᠠᠨ ᠬᠦᠵᠦᠭᠦᠨ ᠤ ᠪᠤᠯᠴᠢᠩ ᠢᠶᠠᠨ ᠠᠩᠬᠠᠷᠴᠤ᠂ ᠠᠰᠬᠠᠨ ᠰᠠᠭᠤᠵᠤ᠂ ᠬᠦᠵᠦᠭᠦᠨ ᠤ ᠪᠤᠯᠴᠢᠩ ᠢᠶᠠᠨ ᠰᠤᠩᠭᠠᠬᠤ ᠶᠢ ᠠᠩᠬᠠᠷᠤᠨ᠎ᠠ᠃ ᠬᠡᠳᠦᠶᠢᠪᠡᠷ ᠲᠤᠶᠢᠯ ᠤᠨ ᠳᠥᠭᠦᠮ ᠬᠥᠳᠡᠯᠭᠡᠭᠡᠨ ᠪᠣᠯᠪᠠᠴᠤ ᠪᠠᠷᠢᠮᠳᠠᠯᠠᠭᠠᠳ ᠪᠠᠶᠢᠪᠠᠯ ᠬᠦᠵᠦᠭᠦᠨ ᠤ ᠦᠷᠴᠢᠯᠡᠭᠡᠰᠦ ᠶᠢ ᠪᠠᠭᠠᠰᠬᠠᠬᠤ ᠪᠠᠷ ᠪᠠᠷᠠᠬᠤ ᠦᠭᠡᠢ ᠪᠠᠰᠠ ᠬᠦᠵᠦᠭᠦᠨ ᠤ ᠠᠴᠢᠶᠠᠯᠠᠯ ᠢ ᠬᠥᠩᠭᠡᠷᠡᠭᠦᠯᠬᠦ ᠳᠤ ᠲᠤᠰᠠ ᠪᠣᠯᠳᠠᠭ᠃
 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号