ᠰᠢᠨ᠎ᠡ ᠪᠠᠷᠭᠤ ᠪᠠᠷᠠᠭᠤᠨ ᠬᠤᠰᠢᠭᠤᠨ ᠤ ᠪᠠᠷᠭᠤᠴᠤᠤᠨ ᠤᠨ ᠲᠡᠤᠬᠡᠨ ᠲᠤᠶᠢᠮᠤ ᠶᠢᠨ ᠵᠠᠯᠭᠠᠮᠵᠢ
ᠨᠡᠶᠢᠲᠡᠯᠡᠭᠰᠡᠨ ᠴᠠᠭ᠄
2017/8/15
 ᠲᠡᠭᠷᠢ ᠳᠡᠳᠬᠦᠭᠴᠢ ᠶᠢᠨ ᠭᠤᠴᠢᠨ ᠵᠢᠷᠭᠤᠳᠤᠭᠠᠷ ᠣᠨ ᠤ ᠠᠷᠪᠠᠨ ᠨᠢᠭᠡᠨ ᠰᠠᠷ᠎ᠠ ᠶᠢᠨ ᠠᠷᠪᠠᠨ ᠳᠥᠷᠪᠡᠨ ᠳᠤ ᠬᠠᠷᠠᠮᠦ᠋ᠷᠡᠨ ᠤ ᠵᠠᠩᠵᠤᠨ ᠶᠠᠮᠤᠨ ᠠᠴᠠ ᠬᠥᠯᠥᠨ ᠪᠣᠶᠢᠷ ᠤᠨ ᠮᠡᠶᠢᠷᠡᠨ ᠵᠡᠷᠭᠡ ᠲᠠᠢ ᠪᠦᠭᠦᠳᠡ ᠶᠢᠨ ᠳᠠᠷᠤᠭ᠎ᠠ ᠰᠢᠷᠤᠢ  ᠳᠤ ᠤᠯᠠᠮᠵᠢᠯᠠᠨ ᠢᠷᠡᠭᠦᠯᠦᠭᠰᠡᠨ ᠪᠢᠴᠢᠭ ᠲᠤ ︽᠁ ᠵᠠᠷᠯᠢᠭ ᠠᠨᠤ ᠁ ᠪᠠᠷᠭᠤ ᠰᠢᠪᠡᠭᠡ ᠪᠣᠯᠪᠠᠰᠤ ᠮᠣᠩᠭᠤᠯᠴᠤᠳ ᠲᠠᠢ ᠠᠳᠠᠯᠢ᠂ ᠵᠢᠩᠬᠢᠨᠢ ᠮᠠᠨᠵᠤ ᠨᠠᠷ ᠲᠠᠢ ᠠᠳᠠᠯᠢᠳᠬᠠᠪᠠᠰᠤ ᠪᠣᠯᠬᠤ ᠦᠭᠡᠢ ᠪᠥᠭᠡᠳ ᠣᠭᠲᠤ ᠪᠠᠷᠢᠬᠤ ᠠᠯᠪᠠ ᠦᠭᠡᠢ᠃ ᠡᠳᠡ ᠨᠠᠷ ᠳᠤᠷᠠᠲᠠᠶ᠎ᠠ ᠯᠠᠮᠠ ᠪᠣᠯᠰᠤᠭᠠᠢ ᠬᠡᠮᠡᠪᠡᠰᠦ ᠪᠣᠯᠬᠤ ᠦᠭᠡᠢ ᠬᠡᠮᠡᠬᠦ ᠶᠠᠪᠤᠳᠠᠯ ᠦᠭᠡᠢ ᠬᠠᠷᠢᠨ ᠴᠠᠭᠠᠵᠠᠯᠠᠬᠤ ᠶᠢ ᠬᠡᠷᠡᠭᠰᠡᠬᠦ ᠦᠭᠡᠢ᠃ ᠲᠡᠷᠡ ᠴᠦ ᠪᠠᠶᠢᠲᠤᠭᠠᠢ ᠡᠳᠡ ᠨᠠᠷ ᠨᠢᠭᠡᠨᠲᠡ ᠯᠠᠮᠠ ᠪᠣᠯᠤᠭᠠᠳ ᠤᠳᠠᠭᠠᠨ ᠣᠨ ᠪᠣᠯᠤᠭᠰᠠᠨ ᠪᠥᠭᠡᠳ ᠡᠳᠦᠭᠡ ᠤᠴᠢᠷ ᠦᠭᠡᠢ ᠪᠠᠷ ᠲᠡᠳᠡᠨ ᠢ ᠰᠢᠷ᠎ᠠ ᠶᠢ ᠲᠠᠶᠢᠯᠵᠤ ᠬᠠᠷ᠎ᠠ ᠪᠣᠯᠲᠤᠭᠠᠢ ᠬᠡᠮᠡᠨ ᠵᠠᠷᠯᠠᠵᠤ ᠶᠠᠪᠤᠭᠤᠯᠤᠭᠰᠠᠨ ᠠᠨᠤ ᠨᠢᠭᠡᠮᠦᠰᠦᠨ ᠬᠡᠷᠡᠭ ᠪᠤᠷᠤᠭᠤ ᠲᠠᠰᠢᠶᠠᠷᠡᠵᠤᠬᠤᠢ︾ ᠬᠡᠮᠡᠪᠡ᠃ ᠡᠨᠡ ᠪᠣᠯ ᠴᠢᠩ ᠤᠯᠤᠰ ᠠᠴᠠ ᠪᠠᠷᠭᠤ ᠯᠠᠮᠠ ᠨᠠᠷ ᠲᠤ ᠬᠠᠨᠳᠤᠭᠤᠯᠤᠭᠰᠠᠨ ᠲᠥᠷᠥ ᠶᠢᠨ ᠪᠣᠳᠤᠯᠭ᠎ᠠ ᠪᠣᠯᠤᠨ᠎ᠠ᠃ ᠲᠡᠷᠡ ᠡᠷᠢᠨ ᠳᠤ ᠪᠠᠷᠭᠤᠴᠤᠳ ᠬᠡᠦᠬᠡᠳ ᠢᠶᠠᠨ 7 ᠨᠠᠰᠤ ᠬᠦᠷᠪᠡᠯ ᠰᠠᠬᠢᠯ ᠠᠪᠤᠭᠤᠯᠵᠤ ᠯᠠᠮᠠ ᠪᠣᠯᠭᠠᠵᠤ ᠲᠥᠪᠡᠳ ᠦᠰᠦᠭ ᠡᠬᠢᠯᠡᠵᠦ ᠵᠢᠭᠠᠯᠭᠠᠳᠠᠭ ᠪᠠᠶᠢᠵᠠᠢ᠃ ᠵᠦᠭᠡᠷ ᠰᠠᠶᠢᠨ ᠰᠤᠷᠤᠭᠰᠠᠨ ᠢ ᠨᠢ ᠰᠦᠮ᠎ᠡ ᠬᠡᠶᠢᠳ ᠲᠤ ᠰᠠᠭᠤᠯᠭᠠᠨ ᠦᠷᠭᠦᠯᠵᠢᠯᠡᠨ ᠨᠣᠮ ᠦᠵᠡᠭᠦᠯᠳᠡᠭ᠃ ᠣᠨᠴᠠ ᠵᠠᠷᠢᠮ ᠨᠢ ᠭᠠᠳᠠᠭᠰᠢ ᠶᠠᠪᠤᠵᠤ᠂ ᠨᠡᠷ᠎ᠡ ᠠᠯᠳᠠᠷᠲᠠᠢ ᠰᠦᠮ᠎ᠡ ᠬᠡᠶᠢᠳ  ᠲᠤ ᠬᠦᠷᠴᠦ ᠡᠷᠳᠡᠮ ᠨᠣᠮ ᠰᠤᠷᠴᠤ ᠯᠾᠠᠷᠠᠮᠪᠠ᠂ ᠳᠣᠷᠤᠮᠪᠠ᠂ ᠭᠡᠪᠰᠢ ᠭᠠᠪᠵᠢ ᠶᠢᠨ ᠴᠣᠯᠠ ᠶᠢ ᠠᠪᠴᠤ ᠪᠠᠶᠢᠪᠠ᠃ ᠲᠡᠶᠢᠮᠦ ᠠᠴᠠ ᠯᠠᠮᠠ ᠪᠣᠯᠤᠭᠰᠠᠳ ᠪᠠᠭᠰᠢ ᠦᠭᠡᠢ ᠯᠠᠮᠠ ᠭᠡᠵᠤ ᠦᠭᠡᠢ᠂ ᠨᠣᠮ ᠲᠠᠢ ᠯᠠᠮᠠ ᠨᠠᠷ ᠲᠤ ᠱᠠᠪᠢ ᠦᠭᠡᠢ ᠯᠠᠮᠠ ᠭᠡᠵᠤ ᠦᠭᠡᠢ ᠪᠠᠶᠢᠵᠠᠢ᠃ ᠯᠠᠮᠠ ᠨᠠᠷ ᠳᠤᠲᠤᠷ᠎ᠠ ᠮᠣᠩᠭᠤᠯ ᠦᠰᠦᠭ ᠮᠡᠳᠡᠳᠡᠭ ᠯᠠᠮᠠ ᠨᠠᠷ ᠪᠠᠶᠢᠳᠠᠭ ᠪᠣᠯᠪᠠᠴᠤ ᠣᠯᠠᠩᠬᠢ ᠯᠠᠮᠠ ᠨᠠᠷ ᠨᠡᠶᠢᠳᠡᠮ  ᠳᠡᠭᠡᠨ ᠬᠤᠭᠤᠷᠤ ᠬᠤᠭᠤᠷᠤᠨᠳᠤ ᠪᠠᠨ ᠲᠦᠪᠡᠳ ᠦᠰᠦᠭ ᠢᠶᠠᠷ ᠮᠣᠩᠭᠤᠯ ᠵᠠᠬᠢᠳᠠᠯ ᠴᠢᠮᠡᠭᠡ ᠪᠢᠴᠢᠵᠦ᠂ ᠲᠡᠭᠦᠨ  ᠳᠡᠭᠡᠨ ︽ᠬᠠᠷ᠎ᠠ ᠪᠠᠷ ᠪᠢᠴᠢᠬᠦ︾ ᠭᠡᠰᠡᠨ ᠲᠤᠰᠬᠠᠢ ᠨᠡᠷ᠎ᠡ ᠲᠣᠮᠢᠶ᠎ᠠ ᠲᠠᠢ ᠪᠠᠶᠢᠭᠰᠠᠨ ᠨᠢ ᠦᠨᠡᠬᠡᠷ ᠰᠣᠨᠢᠷᠬᠠᠯ ᠲᠠᠢ᠂ ᠡᠶᠢᠮᠦ ᠠᠴᠠ ᠮᠠᠨᠵᠤ ᠴᠢᠩ ᠤᠯᠤᠰ ᠤᠨ ᠦᠶ᠎ᠡ ᠳᠤ ᠯᠠᠮᠠ ᠨᠠᠷ ᠤᠨ ᠪᠢᠴᠢᠭ ᠰᠣᠶᠤᠯ ᠤᠨ ᠬᠥᠭᠵᠢᠯᠲᠡ ᠬᠠᠷᠠᠴᠤᠤᠯ  ᠠᠴᠠ ᠬᠠᠪᠢ ᠦᠭᠡᠢ ᠢᠯᠡᠭᠦᠦ ᠪᠠᠶᠢᠵᠤ ᠬᠠᠷᠠᠴᠤᠤᠯ ᠢ ᠪᠣᠳᠤᠪᠠᠯ ᠯᠠᠮᠠ ᠨᠠᠷ ᠤᠨ ᠳᠤᠲᠤᠷ᠎ᠠ ᠡᠷᠳᠡᠮ ᠲᠠᠢ᠂ ᠨᠣᠮ ᠲᠠᠢ ᠬᠥᠮᠥᠰ ᠮᠠᠰᠢ ᠣᠯᠠᠨ ᠪᠠᠶᠢᠪᠠ᠃ ᠲᠡᠳᠡᠭᠡᠷ ᠯᠠᠮᠠ ᠨᠠᠷ ᠨᠢ ᠡᠷᠳᠡᠮ ᠨᠣᠮ ᠰᠤᠷᠬᠤ ᠠᠴᠠ ᠭᠠᠳᠠᠨ᠎ᠠ ᠰᠦᠮ᠎ᠡ ᠬᠡᠶᠢᠳ ᠲᠤ ᠲᠤᠰᠢᠶᠠᠯ ᠡᠭᠦᠷᠭᠡᠯᠡᠬᠦ᠂ ᠪᠤᠷᠬᠠᠨ ᠲᠠᠬᠢᠬᠤ᠂ ᠬᠤᠷᠠᠯ ᠬᠤᠷᠠᠬᠤ᠂ ᠮᠡᠷᠭᠡ ᠲᠦᠯᠭᠡ ᠦᠵᠡᠬᠦ᠂ ᠠᠪᠤᠷᠠᠯ ᠪᠠᠭᠤᠯᠭᠠᠬᠤ᠂ ᠨᠣᠮ ᠭᠦᠷᠢᠮ ᠬᠢᠬᠦ᠂ ᠴᠢᠨᠠᠭᠰᠢᠯᠠᠭᠠᠳ ᠣᠪᠤᠭ᠎ᠠ ᠲᠠᠬᠢᠬᠤ᠂ ᠭᠡᠭᠦᠷ ᠣᠩᠭᠤᠨ ᠣᠷᠤᠰᠢᠭᠤᠯᠬᠤ᠂ ᠡᠮ ᠳᠣᠮ ᠪᠠᠷᠢᠬᠤ ᠵᠡᠷᠭᠡ ᠪᠠᠷ ᠠᠷᠠᠳ  ᠤᠨ ᠵᠠᠩ ᠦᠢᠯᠡ ᠳᠤ ᠭᠦᠨ ᠨᠡᠪᠴᠢᠵᠦ᠂ ᠠᠷᠠᠳ ᠣᠯᠠᠨ ᠤ ᠰᠦᠰᠦᠭ ᠪᠢᠰᠢᠷᠡᠯ ᠢ ᠲᠠᠲᠠᠵᠤ ᠪᠤᠷᠬᠠᠨ ᠱᠠᠰᠢᠨ ᠤ ᠦᠢᠯᠡᠰ ᠥᠷᠭᠡᠨ ᠢᠶᠠᠷ ᠳᠡᠯᠭᠡᠷᠡᠵᠤ ᠪᠠᠶᠢᠵᠠᠢ᠃ 1945 ᠣᠨ ᠳᠤ ᠰᠢᠨ᠎ᠡ ᠪᠠᠷᠭᠤ ᠪᠠᠷᠠᠭᠤᠨ ᠭᠠᠷᠤᠨ ᠬᠤᠰᠢᠭᠤ 1162 ᠯᠠᠮᠠ ᠲᠠᠢ ᠪᠣᠯᠵᠤ᠂ ᠡᠨᠡ ᠨᠢ ᠬᠥᠮᠥᠨ ᠠᠮᠠ ᠶᠢᠨ 20% ᠶᠢ ᠡᠵᠡᠯᠡᠵᠦ᠂ ᠡᠷᠡᠭᠲᠡᠶᠢᠴᠦᠳ ᠤᠨ 40% ᠭᠠᠷᠤᠢ ᠳᠤ ᠬᠦᠷᠴᠦ᠂ ᠪᠠᠷᠤᠭ ᠡᠷᠦᠬᠡ ᠪᠣᠯᠭᠠᠨ  ᠳᠤ ᠨᠢᠭᠡ ᠯᠠᠮᠠ ᠲᠠᠢ ᠪᠣᠯᠤᠭᠰᠠᠨ ᠪᠠᠶᠢᠪᠠ᠃ 1947 ᠣᠨ ᠳᠤ ᠰᠢᠨ᠎ᠡ ᠪᠠᠷᠭᠤ ᠪᠠᠷᠠᠭᠤᠨ ᠭᠠᠷ ᠲᠤ ᠬᠥᠪᠡᠭᠡᠲᠦ ᠬᠥᠬᠡ ᠬᠤᠰᠢᠭᠤᠨ ᠤ ᠬᠤᠰᠢᠭᠤ ᠰᠦᠮ᠎ᠡ᠂ ᠬᠥᠪᠡᠭᠡᠲᠦ ᠬᠥᠬᠡ ᠲᠡᠷᠢᠭᠦᠨ᠂ ᠬᠤᠶᠠᠳᠤᠭᠠᠷ᠂ ᠭᠤᠲᠠᠭᠠᠷ ᠰᠤᠮᠤᠨ ᠤ ᠰᠦᠮ᠎ᠡ᠂ ᠲᠠᠷᠢᠶᠠᠲᠦ ᠶᠢᠨ ᠰᠦᠮ᠎ᠡ᠂ ᠰᠢᠯᠤᠭᠤᠨ ᠤᠯᠠᠭᠠᠨ ᠬᠤᠰᠢᠭᠤᠨ ᠳᠤ ᠪᠠᠷᠢᠭᠰᠠᠨ ᠨᠦᠩᠨᠡᠢ ᠶᠢᠨ ᠰᠦᠮ᠎ᠡ᠂ ᠵᠣᠴᠢ ᠶᠢᠨ ᠰᠦᠮ᠎ᠡ᠂ ᠰᠢᠯᠤᠭᠤᠨ ᠰᠢᠷ᠎ᠠ ᠬᠤᠰᠢᠭᠤᠨ ᠤ ᠬᠤᠰᠢᠭᠤ ᠰᠦᠮ᠎ᠡ᠂ ᠬᠤᠶᠠᠳᠤᠭᠠᠷ ᠰᠤᠮᠤ ᠬᠢᠭᠡᠳ ᠭᠤᠲᠠᠭᠠᠷ ᠰᠤᠮᠤ ᠶᠢᠨ ᠰᠦᠮ᠎ᠡ᠂ ᠰᠢᠯᠤᠭᠤᠨ ᠤᠯᠠᠭᠠᠨ ᠬᠤᠰᠢᠭᠤᠨ ᠤ ᠲᠡᠷᠢᠭᠦᠨ᠂ ᠬᠤᠶᠠᠳᠤᠭᠠᠷ᠂ ᠭᠤᠲᠠᠭᠠᠷ ᠰᠤᠮᠤᠨ ᠤ ᠰᠦᠮ᠎ᠡ ᠵᠡᠷᠭᠡ ᠠᠷᠪᠠᠨ ᠬᠡᠳᠦᠨ ᠰᠦᠮ᠎ᠡ ᠬᠡᠶᠢᠳ ᠪᠠᠶᠢᠪᠠ᠃⒉ ᠣᠪᠤᠭ᠎ᠠ ᠠᠭᠤᠯᠠ ᠶᠢᠨ ᠲᠠᠬᠢᠯᠭ᠎ᠠ ᠠᠭᠤᠯᠠ ᠣᠪᠤᠭᠠᠨ ᠤ ᠲᠠᠬᠢᠯᠭ᠎ᠠ ᠨᠢ ᠰᠢᠷ᠎ᠠ ᠶᠢᠨ ᠱᠠᠰᠢᠨ ᠳᠤ ᠬᠠᠮᠤᠷᠤᠭᠳᠠᠬᠤ ᠪᠣᠯᠪᠠᠴᠤ᠂ ᠡᠷᠲᠡᠨ ᠤ ᠪᠥᠭᠡ ᠶᠢᠨ ᠰᠢᠲᠦᠯᠭᠡ ᠠᠴᠠ ᠤᠯᠪᠠᠭ᠎ᠠ ᠲᠠᠢ ᠶᠤᠮ᠃ ᠰᠢᠷ᠎ᠠ ᠶᠢᠨ ᠱᠠᠰᠢᠨ ᠬᠥᠭᠵᠢᠬᠦ ᠶᠠᠪᠤᠴᠠ ᠳᠠᠭᠠᠨ ᠪᠥᠭᠡ ᠶᠢᠨ ᠰᠢᠲᠦᠯᠭᠡ  ᠳᠤ ᠨᠦᠯᠦᠭᠡᠯᠡᠭᠳᠡᠵᠦ᠂ ᠪᠥᠭᠡ ᠮᠥᠷᠭᠦᠯ ᠤᠨ ᠰᠢᠲᠦᠯᠭᠡ ᠠᠴᠠ ᠰᠢᠩᠭᠡᠭᠡᠨ ᠠᠪᠤᠭᠰᠠᠨ ᠵᠦᠢᠯ ᠨᠡᠯᠢᠶᠡᠳ ᠪᠠᠶᠢᠳᠠᠭ᠃ ᠲᠡᠭᠦᠨ ᠤ ᠨᠢᠭᠡ ᠪᠣᠯ ᠣᠪᠤᠭ᠎ᠠ ᠠᠭᠤᠯᠠ ᠶᠢᠨ ᠲᠠᠬᠢᠯᠭ᠎ᠠ ᠪᠣᠯᠤᠨ᠎ᠠ᠃ ᠰᠢᠨ᠎ᠡ ᠪᠠᠷᠭᠤ ᠪᠠᠷᠠᠭᠤᠨ ᠭᠠᠷᠤᠨ ᠪᠠᠷᠭᠤᠴᠤᠳ ᠪᠠᠷᠭᠤ ᠶᠢᠨ ᠪᠣᠭᠳᠠ ᠠᠭᠤᠯᠠ ᠪᠤᠶᠤ ᠮᠡᠨᠡᠩ ᠤᠨ ᠪᠣᠭᠳᠠ ᠠᠭᠤᠯᠠ  ᠶᠢ ᠠᠩᠬ᠎ᠠ ᠲᠡᠭᠷᠢ ᠳᠡᠳᠬᠦᠭᠴᠢ ᠶᠢᠨ ᠲᠠᠪᠤᠳᠤᠭᠠᠷ ︵1740︶ ᠣᠨ ᠳᠤ ᠰᠢᠨ᠎ᠡ ᠪᠠᠷᠭᠤ ᠪᠠᠷᠠᠭᠤᠨ ᠭᠠᠷ ᠢᠶᠠᠷ  ᠢᠶᠠᠨ ᠲᠠᠬᠢᠵᠤ᠂ ᠰᠡᠭᠦᠯᠡᠷ ᠨᠢ ᠭᠤᠣᠯ ᠣᠪᠤᠭᠠᠨ ᠤ ᠳᠥᠷᠪᠡᠨ ᠲᠠᠯ᠎ᠠ ᠳᠤᠨᠢ ᠭᠤᠷᠪᠠ ᠭᠤᠷᠪᠠᠨ ᠵᠢᠵᠢᠭ ᠣᠪᠤᠭ᠎ᠠ ᠪᠣᠰᠬᠠᠵᠤ᠂ ᠪᠠᠷᠠᠭᠤᠨ ᠭᠠᠷᠤᠨ ᠳᠥᠷᠪᠡᠨ ᠬᠤᠰᠢᠭᠤᠨ ᠤ ᠠᠷᠪᠠᠨ ᠬᠤᠶᠠᠷ ᠰᠤᠮᠤ ᠪᠠᠷ ᠢᠶᠠᠨ ᠲᠤᠰ ᠲᠤᠰ ᠨᠢᠭᠡ ᠣᠪᠤᠭ᠎ᠠ ᠲᠠᠢ ᠪᠣᠯᠵᠤ᠂ ᠵᠢᠯ ᠪᠣᠯᠭᠠᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠲᠠᠬᠢᠬᠤ ᠪᠣᠯᠪᠠ᠃ ᠪᠣᠭᠳᠠ ᠠᠭᠤᠯᠠ ᠶᠢᠨ ᠲᠥᠪᠡᠳ ᠢᠶᠠᠷ ᠵᠣᠬᠢᠶᠠᠭᠰᠠᠨ ᠲᠠᠬᠢᠯᠭ᠎ᠠ ᠶᠢᠨ ᠰᠤᠳᠤᠷ ᠤᠨ ᠰᠡᠭᠦᠯ ᠳᠤ ︽᠁ ᠬᠠᠷ᠎ᠠ ᠯᠤᠤ ᠵᠢᠯ ᠤᠨ ᠨᠠᠮᠤᠷ ᠤᠨ ᠳᠤᠮᠳᠠ ᠰᠠᠷ᠎ᠠ ᠶᠢᠨ ᠠᠷᠪᠠᠨ ᠲᠠᠪᠤᠨ ᠳᠤ ᠨᠠᠶᠢᠷᠠᠭᠤᠯᠪᠠᠢ︾ ᠬᠡᠮᠡᠨ ᠪᠢᠴᠢᠭᠰᠡᠨ ᠠᠴᠠ ᠦᠵᠡᠪᠡᠯ ᠬᠠᠮᠤᠭ ᠡᠷᠲᠡ ᠳᠡᠭᠡᠨ 1772 ᠣᠨ ᠳᠤ ᠵᠣᠬᠢᠶᠠᠭᠳᠠᠭᠰᠠᠨ ᠪᠠᠶᠢᠵᠤ ᠪᠣᠯᠤᠨ᠎ᠠ᠃ ᠲᠡᠭᠡᠪᠡᠯ ᠲᠦᠪᠡᠳ ᠰᠤᠳᠤᠷ ᠵᠣᠬᠢᠶᠠᠭᠳᠠᠬᠤ ᠠᠴᠠ ᠡᠮᠦᠨ᠎ᠡ ᠪᠥᠭᠡ᠂ ᠯᠠᠮᠠ ᠬᠤᠶᠠᠷ ᠤᠨ ᠠᠯᠢ ᠨᠢᠭᠡ ᠨᠢ ᠪᠣᠭᠳᠠ ᠠᠭᠤᠯᠠ ᠶᠢ ᠲᠠᠬᠢᠵᠤ ᠪᠠᠶᠢᠭᠰᠠᠨ ᠲᠤᠬᠠᠢ ᠣᠳᠤ ᠳᠠᠭᠠᠨ ᠲᠠᠶᠢᠯᠤᠭᠳᠠᠵᠤ ᠴᠢᠳᠠᠭ᠎ᠠ ᠦᠭᠡᠢ ᠣᠨᠢᠰᠤᠭ᠎ᠠ ᠪᠣᠯᠵᠤ ᠪᠣᠢ᠃ ᠪᠣᠭᠳᠠ ᠠᠭᠤᠯᠠ ᠶᠢ ᠰᠢᠨ᠎ᠡ ᠪᠠᠷᠭᠤ ᠪᠠᠷᠠᠭᠤᠨ᠂ ᠵᠡᠭᠦᠨ ᠭᠠᠷ ᠢᠶᠠᠷ ᠢᠶᠠᠨ ᠬᠠᠮᠲᠦᠷᠠᠨ ᠲᠦᠷᠦ ᠭᠡᠷᠡᠯᠲᠦ ᠶᠢᠨ ᠭᠤᠴᠢᠳᠤᠭᠠᠷ ᠣᠨ ︵1850︶ ᠠᠴᠠ ᠵᠢᠯ ᠪᠦᠷᠢ ᠶᠢᠨ ᠪᠢᠯᠢᠭ ᠤᠨ ᠤᠯᠠᠷᠢᠯ ᠤᠨ ᠳᠤᠯᠤᠭᠠᠨ ᠰᠠᠷ᠎ᠠ ᠶᠢᠨ ᠰᠢᠨ᠎ᠡ  ᠶᠢᠨ ᠭᠤᠷᠪᠠᠨ ᠳᠤ ᠲᠠᠬᠢᠬᠤ ᠪᠣᠯᠪᠠ᠃ ᠡᠭᠦᠨ ᠢᠶᠠᠨ ︽ᠡᠪ ᠤᠨ ᠨᠠᠶᠢᠷ︾ ᠭᠡᠬᠦ ᠪᠤᠶᠤ     ︽ᠨᠠᠢᠮᠠᠨ ᠬᠤᠰᠢᠭᠤᠨ  ᠤ ᠨᠠᠶᠢᠷ︾ ᠭᠡᠳᠡᠭ᠃ ᠪᠣᠭᠳᠠ ᠠᠭᠤᠯᠠ ᠶᠢ ᠬᠥᠯᠥᠨ ᠪᠣᠶᠢᠷ ᠢᠶᠠᠷ ᠢᠶᠠᠨ ᠲᠠᠬᠢᠵᠤ ᠪᠠᠶᠢᠭᠰᠠᠨ ᠲᠤᠬᠠᠢ ᠪᠣᠳᠠᠳᠠᠢ ᠵᠢᠱᠢᠶ᠎ᠡ ᠳᠤᠷᠠᠳᠬᠤ ᠳᠤ ᠳᠤᠮᠳᠠᠳᠤ ᠢᠷᠭᠡᠨ ᠤᠯᠤᠰ ᠤᠨ ᠠᠷᠪᠠᠨ ᠶᠢᠰᠦᠳᠦᠭᠡᠷ ᠣᠨ ︵1929︶ ᠣᠨ ᠤ ᠵᠢᠷᠭᠤᠭᠠᠨ ᠰᠠᠷ᠎ᠠ ᠶᠢᠨ ᠰᠢᠨ᠎ᠡ  ᠶᠢᠨ ᠨᠢᠭᠡᠨ ᠤ ᠡᠳᠦᠷ ᠤᠨ ᠭᠠᠷᠭᠠᠭᠰᠠᠨ ︽ᠬᠥᠯᠥᠨ ᠪᠣᠶᠢᠷ ᠳᠠᠶᠠᠭᠠᠷ ᠢᠶᠠᠨ ᠪᠣᠭᠳᠠ ᠠᠭᠤᠯᠠ ᠪᠠᠨ ᠶᠡᠭᠡ ᠪᠠᠷ ᠲᠠᠬᠢᠬᠤ ᠲᠤᠬᠠᠢ ᠠᠮᠪᠠᠨ ᠶᠠᠮᠤᠨ ᠤ ᠠᠯᠪᠠᠨ ᠪᠢᠴᠢᠭ︾ ᠲᠤ ᠲᠡᠮᠳᠡᠭᠯᠡᠵᠦ ᠪᠠᠶᠢᠳᠠᠭ᠃ ᠮᠥᠨ ᠬᠥᠯᠥᠨ ᠳᠠᠯᠠᠢ ᠪᠣᠶᠢᠷ ᠨᠠᠭᠤᠷ ᠢ ᠬᠥᠯᠥᠨ ᠪᠣᠶᠢᠷ ᠢᠶᠠᠷ ᠢᠶᠠᠨ ᠲᠠᠬᠢᠵᠤ ᠪᠠᠶᠢᠪᠠ᠃ ᠪᠣᠶᠢᠷ ᠨᠠᠭᠤᠷ ᠢ ᠲᠠᠬᠢᠬᠤ ᠲᠤᠬᠠᠢ ᠬᠥᠯᠥᠨ ᠪᠣᠶᠢᠷ ᠤᠨ ᠶᠡᠷᠦᠩᠬᠡᠶᠢᠯᠡᠨ ᠵᠠᠬᠢᠷᠬᠤ ᠮᠡᠶᠢᠷᠡᠨ ᠵᠠᠩᠬᠢ ᠰᠠᠶᠢᠳ ᠭᠦᠢᠹᠦ᠋ ᠣᠯᠠᠨ᠎ᠠ ᠡᠷᠭᠦᠭᠳᠡᠭᠰᠡᠨ ᠤ ᠲᠠᠪᠤᠳᠤᠭᠠᠷ ᠣᠨ ︵1915︶ ᠤ ᠳᠥᠷᠪᠡᠨ ᠰᠠᠷ᠎ᠠ ᠶᠢᠨ ᠬᠤᠷᠢᠨ ᠳᠤ        ︽ᠬᠥᠯᠥᠨ ᠪᠣᠶᠢᠷ ᠤᠨ ᠮᠡᠶᠢᠷᠡᠨ ᠵᠠᠩᠭᠢ ᠶᠢᠨ ᠶᠠᠮᠤᠨ ᠠᠴᠠ ᠪᠣᠶᠢᠷ ᠨᠠᠭᠤᠷ ᠢ ᠲᠠᠬᠢᠬᠤ ᠤᠴᠢᠷ ᠲᠤᠷ ᠰᠢᠨ᠎ᠡ ᠪᠠᠷᠭᠤ ᠵᠡᠭᠦᠨ ᠭᠠᠷᠤᠨ ᠪᠦᠭᠦᠳᠡ ᠶᠢᠨ ᠳᠠᠷᠤᠭ᠎ᠠ ᠡᠷᠬᠢᠮᠪᠠᠲᠤ ᠶᠢ ᠲᠤᠰᠬᠠᠶᠢᠯᠠᠨ ᠲᠣᠮᠢᠯᠠᠬᠤ ᠲᠤᠬᠠᠢ ᠠᠮᠪᠠᠨ ᠶᠠᠮᠤᠨ ᠤ ᠠᠯᠪᠠᠨ ᠪᠢᠴᠢᠭ︾ ᠲᠤ ᠲᠡᠮᠳᠡᠭᠯᠡᠵᠦ ᠪᠠᠶᠢᠭᠰᠠᠨ ᠪᠠ ᠬᠥᠯᠥᠨ ᠳᠠᠯᠠᠢ ᠶᠢ ᠬᠥᠯᠥᠨ ᠪᠣᠶᠢᠷ ᠢᠶᠠᠷ ᠢᠶᠠᠨ ᠲᠠᠬᠢᠵᠤ ᠪᠠᠶᠢᠭᠰᠠᠨ ᠲᠤᠬᠠᠢ ᠳᠤᠮᠳᠠᠳᠤ ᠢᠷᠭᠡᠨ ᠤᠯᠤᠰ ᠤᠨ ᠠᠷᠪᠠᠨ ᠨᠢᠭᠡᠳᠦᠭᠡᠷ ︵1922︶ ᠣᠨ ᠤ ᠲᠠᠪᠤᠨ ᠰᠠᠷ᠎ᠠ ᠶᠢᠨ ᠬᠤᠷᠢᠨ ᠳᠣᠯᠤᠭᠠᠨ ᠤ ᠡᠳᠦᠷ ᠤᠨ ᠭᠠᠷᠭᠠᠭᠰᠠᠨ ︽ᠬᠥᠯᠥᠨ ᠪᠣᠶᠢᠷ ᠳᠠᠶᠠᠭᠠᠷ ᠢᠶᠠᠨ ᠬᠥᠯᠥᠨ ᠳᠠᠯᠠᠢ ᠶᠢ ᠶᠡᠭᠡ ᠪᠠᠷ ᠲᠠᠬᠢᠬᠤ ᠲᠤᠬᠠᠢ ᠬᠥᠯᠥᠨ ᠪᠣᠶᠢᠷ  ᠤᠨ ᠶᠡᠷᠦᠩᠬᠡᠶᠢᠯᠡᠨ ᠵᠠᠬᠢᠷᠬᠤ ᠮᠡᠶᠢᠷᠡᠨ ᠵᠠᠩᠭᠢ ᠶᠢᠨ ᠰᠠᠶᠢᠳ ᠤᠨ ᠶᠠᠮᠤᠨ ᠤ ᠠᠯᠪᠠᠨ ᠪᠢᠴᠢᠭ︾ ᠠᠴᠠ ᠣᠶᠢᠯᠠᠭᠠᠵᠤ ᠪᠣᠯᠤᠨ᠎ᠠ᠃ ᠬᠥᠯᠥᠨ ᠳᠠᠯᠠᠢ ᠶᠢ ᠳᠠᠯᠠᠢ ᠶᠢᠨ ᠬᠤᠶᠢᠲᠠᠢ ᠨᠣᠭᠤᠭᠠᠨ ᠬᠠᠪᠴᠠᠭᠠᠶᠢᠲᠤ ᠬᠡᠮᠡᠬᠦ ᠭᠠᠵᠠᠷ ᠠᠴᠠ ᠲᠠᠬᠢᠵᠤ ᠪᠠᠶᠢᠭᠰᠠᠨ ᠪᠥᠭᠡᠳ ︽ᠶᠡᠭᠡ ᠳᠠᠯᠠᠢ ᠳᠠᠰᠢᠵᠠᠯᠠᠮ᠎ᠠ ᠬᠢᠭᠡᠳ ᠬᠥᠯᠥᠨ ᠪᠣᠶᠢᠷ ᠴᠢᠭᠤᠯᠭᠠᠨ ᠤ ᠰᠠᠩ ᠣᠷᠤᠰᠢᠪᠠ︾ ᠭᠡᠳᠡᠭ ᠲᠠᠬᠢᠯᠭ᠎ᠠ ᠶᠢᠨ ᠲᠤᠰᠬᠠᠢ ᠰᠤᠳᠤᠷ ᠲᠠᠢ ᠪᠠᠶᠢᠪᠠ᠃ ᠰᠢᠨ᠎ᠡ ᠪᠠᠷᠭᠤ ᠪᠠᠷᠠᠭᠤᠨ ᠭᠠᠷ ᠲᠤ ᠡᠶᠢᠨᠬᠦ ᠲᠠᠬᠢᠭᠳᠠᠵᠤ ᠪᠣᠢ ᠲᠤᠮᠤᠬᠠᠨ ᠳᠣᠮᠤᠭᠲᠤ ᠠᠭᠤᠯᠠ ᠤᠰᠤᠨ ᠠᠴᠠ ᠭᠠᠳᠠᠨ᠎ᠠ ᠮᠢᠩᠭ᠎ᠠ ᠶᠢᠰᠦᠨ ᠵᠠᠭᠤᠨ ᠳᠦᠴᠢᠭᠡᠳ ᠣᠨ ᠪᠣᠯᠲᠠᠯ᠎ᠠ ᠬᠤᠰᠢᠭᠤ᠂ ᠰᠤᠮᠤ ᠪᠠᠷ ᠢᠶᠠᠨ᠂ ᠣᠪᠤᠭ ᠢᠶᠠᠷ ᠢᠶᠠᠨ ᠂ ᠠᠶᠢᠯ ᠡᠷᠦᠬᠡ ᠪᠠᠷ ᠮᠥᠨ ᠯᠠᠮᠠ ᠶᠢᠨ᠂ ᠨᠣᠶᠠᠨ ᠤ᠂ ᠬᠡᠦᠬᠡᠳ ᠤᠨ ᠭᠡᠬᠦ ᠮᠡᠲᠦ ᠪᠠᠷ ᠲᠠᠬᠢᠵᠤ ᠪᠠᠶᠢᠭᠰᠠᠨ ᠠᠭᠤᠯᠠ ᠣᠪᠤᠭ᠎ᠠ ᠨᠢ ᠵᠠᠭᠤ ᠰᠢᠬᠠᠮ ᠪᠠᠶᠢᠪᠠ᠃ ᠠᠳᠡ ᠴᠠᠭ ᠤᠨ ᠬᠠᠷᠠᠭ᠎ᠠ ᠠᠴᠠ ᠪᠣᠯᠵᠤ ᠲᠡᠷᠡ ᠪᠦᠬᠦᠨ ᠢ ᠲᠠᠶᠢᠯᠪᠤᠷᠢᠯᠠᠬᠤ  ᠶᠢ ᠪᠠᠶᠢᠰᠤᠭᠠᠢ᠃ ᠰᠢᠨ᠎ᠡ ᠪᠠᠷᠭᠤᠴᠤᠳ ᠠᠭᠤᠯᠠ ᠤᠰᠤ ᠪᠠᠨ ᠰᠢᠲᠦᠵᠦ ᠬᠦᠨᠳᠦᠯᠡᠵᠦ᠂ ᠲᠡᠭᠦᠨ ᠳᠤ ᠰᠦᠰᠦᠭᠯᠠᠨ ᠵᠠᠯᠪᠠᠷᠢᠬᠤ ᠳᠠᠭᠠᠨ ᠳᠠᠶᠢᠨ ᠳᠠᠵᠢᠨ᠂ ᠭᠠᠩ ᠭᠠᠮᠰᠢᠭ᠂ ᠡᠪᠡᠳᠴᠢᠨ ᠲᠠᠬᠤᠯ ᠦᠭᠡᠢ᠂ ᠡᠷᠡᠭᠦᠯ ᠡᠩᠬᠡ᠂ ᠬᠥᠮᠥᠨ ᠵᠣᠨ ᠮᠡᠨᠲᠦ᠂ ᠬᠤᠷ᠎ᠠ ᠪᠣᠷᠤᠭᠠᠨ ᠲᠡᠭᠰᠢ᠂ ᠨᠤᠲᠤᠭ ᠪᠡᠯᠴᠢᠭᠡᠷ ᠥᠩ ᠰᠢᠮᠡᠯᠢᠭ᠂ ᠮᠠᠯ ᠰᠦᠷᠦᠭ ᠥᠨᠢᠷ ᠥᠰᠬᠦ ᠶᠢ ᠬᠦᠰᠡᠨ ᠳᠠᠭᠠᠳᠬᠠᠳᠠᠭ  ᠢᠶᠠᠷ ᠨᠢᠭᠡᠨ ᠠᠳᠠᠯᠢ ᠪᠠᠶᠢᠵᠤ᠂ ᠲᠡᠷᠡ ᠶᠡᠭᠡ ᠪᠤᠶᠠᠨ ᠬᠡᠰᠢᠭ ᠬᠤᠷᠠᠬᠤ ᠪᠣᠯᠲᠤᠭᠠᠢ ᠬᠡᠮᠡᠨ ᠳᠠᠯᠠᠯᠠᠨ ᠬᠤᠷᠤᠶᠢᠯᠠᠵᠤ᠂ ᠡᠷ᠎ᠡ ᠶᠢᠨ ᠭᠤᠷᠪᠠᠨ ᠨᠠᠭᠠᠳᠤᠮ ᠢᠶᠠᠷ ᠬᠡᠶᠢᠮᠣᠷᠢ ᠰᠦᠯᠳᠡ ᠪᠠᠨ ᠰᠡᠷᠭᠦᠭᠡᠵᠤ ᠢᠷᠡᠭᠰᠡᠨ ᠤᠯᠠᠮᠵᠢᠯᠠᠯᠲᠦ ᠵᠠᠩᠰᠢᠯ ᠲᠠᠢ ᠶᠤᠮ᠃ ᠲᠠᠪᠤ᠂ ᠵᠠᠩ ᠦᠢᠯᠡ ᠠᠳᠡ ᠤᠯᠤᠰ ᠴᠢᠯᠦᠭᠡᠯᠡᠭᠳᠡᠬᠦ ᠠᠴᠠ ᠡᠮᠦᠨᠡᠬᠢ ᠵᠠᠩ ᠦᠢᠯᠡ ᠠᠴᠠ ᠵᠥᠪᠬᠡᠨ ︽ᠴᠠᠭᠠᠯᠠᠬᠤ︾ ᠪᠣᠯᠤᠨ ︽ᠤᠷᠤᠭ ᠬᠤᠷᠢᠮ ᠤᠨ ᠵᠠᠩ ᠦᠢᠯᠡ︾ ᠶᠢ ᠳᠦᠭᠦᠮ ᠲᠠᠨᠢᠯᠴᠠᠭᠤᠯᠤᠶ᠎ᠠ᠃⒈ ᠴᠠᠭᠠᠯᠠᠬᠤ ᠵᠠᠩ ᠦᠢᠯᠡ⑴ ᠴᠠᠭᠠᠯᠠᠬᠤ ᠪᠡᠯᠡᠳᠬᠡᠯ ᠴᠠᠭᠠᠯᠠᠬᠤ ᠭᠡᠳᠡᠭ ᠨᠢ ᠰᠢᠨ᠎ᠡ ᠵᠢᠯ ᠤᠨ ᠰᠢᠨ᠎ᠡ ᠶᠢᠨ ᠪᠠᠶᠠᠷ ᠢ ᠭᠡᠯᠡᠨ᠎ᠡ᠃ ᠠᠶᠢᠯ ᠵᠣᠨ ᠰᠣᠷᠭᠤᠭ ᠰᠡᠷᠮᠡᠭᠦᠨ ᠪᠡᠯᠴᠢᠭᠡᠷ ᠲᠠᠢ ᠰᠢᠨ᠎ᠡ ᠪᠠᠭᠤᠴᠠᠨ ᠳᠤ ᠪᠠᠭᠤᠵᠠᠭᠠᠵᠤ ᠴᠠᠭᠠᠨ ᠰᠠᠷ᠎ᠠ ᠪᠠᠨ ᠥᠩᠭᠡᠷᠡᠭᠡᠳᠡᠭ᠃ ᠴᠠᠭᠠᠯᠠᠬᠤ ᠠᠴᠠ ᠡᠮᠦᠨ᠎ᠡ ᠪᠠᠷᠤᠭ ᠠᠶᠢᠯ ᠪᠣᠯᠭᠠᠨ ᠬᠥᠮᠥᠨ ᠪᠦᠷᠢ ᠳᠡᠭᠡᠨ ᠴᠠᠭᠠᠨ ᠰᠠᠷ᠎ᠠ ᠳᠤ ᠡᠮᠦᠰᠬᠦ ᠰᠢᠨ᠎ᠡ ᠳᠡᠪᠡᠯ ᠣᠶᠤᠬᠤ᠂ ᠰᠢᠨ᠎ᠡ ᠮᠠᠯᠠᠭᠠᠢ᠂ ᠪᠦᠰᠡ᠂ ᠭᠤᠲᠤᠯ ᠵᠡᠷᠭᠡ ᠶᠢ ᠪᠡᠯᠡᠳᠬᠡᠵᠦ᠂ ᠴᠠᠭᠠᠨ ᠰᠠᠷ᠎ᠠ  ᠳᠤ ᠬᠡᠷᠡᠭᠯᠡᠬᠦ ᠬᠥᠬᠡ ᠲᠣᠷᠭᠠᠨ ᠬᠠᠳᠠᠭ᠂ ᠴᠠᠭᠠᠨ ᠴᠢᠰᠢᠯᠠᠩ ᠬᠠᠳᠠᠭ᠂ ᠠᠷᠢᠬᠢ᠂ ᠠᠮᠲᠠᠲᠠᠨ᠂ ᠡᠯᠳᠡᠪ ᠪᠣᠣᠪᠤ ᠪᠣᠭᠤᠷᠰᠤᠭ ᠮᠡᠲᠦ ᠶᠢ ᠬᠤᠳᠠᠯᠳᠤᠨ ᠠᠪᠴᠤ ᠪᠡᠯᠡᠳᠬᠡᠬᠦ ᠪᠣᠯᠤᠨ᠎ᠠ᠃ ᠴᠠᠭᠠᠯᠠᠬᠤ ᠳᠤ ᠤᠨᠤᠬᠤ ᠮᠣᠷᠢᠳ ᠢᠶᠠᠨ ᠰᠣᠶᠢᠵᠤ ᠰᠢᠪᠬᠤᠷᠭᠠᠬᠤ᠂ ᠡᠮᠡᠭᠡᠯ ᠬᠠᠵᠠᠭᠠᠷ ᠢᠶᠠᠨ ᠰᠢᠨᠡᠳᠬᠡᠬᠦ ᠠᠵᠢᠯ ᠢ ᠵᠠᠯᠠᠭᠤᠴᠤᠳ ᠢᠳᠡᠷᠴᠤᠳ ᠶᠠᠭᠠᠷᠠᠯᠲᠠᠢ  ᠪᠠᠷ ᠭᠦᠢᠴᠡᠳᠬᠡᠨ᠎ᠡ᠃ ᠡᠪᠦᠯ ᠤᠨ ᠰᠡᠭᠦᠯ ᠰᠠᠷ᠎ᠠ ᠶᠢᠨ ᠬᠤᠷᠢᠨ ᠳᠥᠷᠪᠡᠨ ᠤ ᠡᠳᠦᠷ ᠭᠠᠯ ᠢᠶᠠᠨ ᠲᠠᠬᠢᠳᠠᠭ᠃⑵ ᠪᠢᠳᠡᠭᠦᠯᠡᠬᠦ ᠶᠣᠰᠤᠨ ᠪᠢᠲᠡᠭᠦᠨ ᠤ ᠡᠳᠦᠷ ᠭᠡᠷ ᠤᠨ ᠳᠤᠲᠤᠷᠠᠬᠢ ᠬᠤᠭ ᠲᠣᠭᠤᠰᠤ ᠶᠢ ᠠᠷᠢᠯᠭᠠᠨ ᠴᠡᠪᠡᠷᠯᠡᠵᠦ᠂ ᠴᠢᠳᠠᠯ ᠢᠶᠠᠷ ᠢᠶᠠᠨ ᠭᠤᠶᠤᠯᠠᠵᠤ ᠵᠠᠰᠠᠨ᠎ᠠ᠃ ᠢᠩᠭᠢᠭᠡᠳ ᠪᠤᠷᠬᠠᠨ ᠤ ᠬᠦᠷᠦᠭ ᠢᠶᠠᠨ ᠥᠨᠳᠦᠷ ᠰᠢᠷᠡᠭᠡᠨ᠎ᠡ ᠵᠢᠭᠰᠠᠭᠠᠨ ᠵᠠᠯᠠᠭᠠᠳ᠂ ᠳᠡᠭᠡᠷ᠎ᠡ ᠨᠢ ᠯᠠᠪᠷᠢ ᠲᠠᠲᠠᠵᠤ᠂ ᠡᠮᠦᠨ᠎ᠡ ᠨᠢ ᠶᠣᠯᠪᠠ ᠤᠨᠵᠢᠭᠤᠯᠵᠤ᠂ ᠳ᠋ᠣᠷᠤᠮ ᠲᠠᠯᠪᠢᠨ᠂ ᠨᠠᠢᠮᠠᠨ ᠴᠦᠬᠦᠴᠡᠨ ᠳᠤ ᠪᠤᠳᠠᠭ᠎ᠠ ᠤᠰᠤ ᠪᠠᠷ ᠲᠠᠬᠢᠯ ᠲᠠᠯᠪᠢᠵᠤ ᠵᠡᠷᠭᠡᠴᠡᠭᠦᠯᠦᠨ᠂ ᠬᠡᠳᠦᠨ ᠶᠡᠭᠡ ᠫᠢᠯᠠ ᠳᠤ ᠬᠠᠭᠠᠷᠢᠮᠠᠯ ᠠᠮᠲᠠᠲᠠᠨ᠂ ᠥᠷᠦᠮ᠎ᠡ ᠠᠭᠠᠷᠤᠤᠯ ᠢ ᠥᠨᠳᠦᠷ ᠭᠡᠭᠴᠢ ᠥᠷᠦᠵᠦ᠂ ᠪᠣᠯᠭᠤᠭᠰᠠᠨ ᠮᠢᠬ᠎ᠠ ᠵᠡᠷᠭᠡ ᠶᠢ ᠲᠠᠯᠪᠢᠭᠠᠳ ᠬᠦᠵᠢ ᠵᠤᠯᠠ ᠮᠠᠨᠳᠤᠭᠠᠨ᠎ᠠ᠃ ᠣᠷᠤᠶᠢᠬᠠᠨ ᠪᠣᠯᠬᠤ ᠳᠤ ᠭᠡᠷ ᠠᠴᠠ ᠪᠠᠨ ᠪᠠᠷᠠᠭᠤᠨᠰᠢ ᠵᠠᠭᠤᠭᠠᠳ ᠮᠧᠲᠷ ᠣᠷᠴᠢᠮ ᠭᠠᠵᠠᠷ ᠲᠤ ᠨᠢᠭᠡ ᠮᠧᠲᠷ ᠬᠢᠷᠢ ᠥᠨᠳᠦᠷ ᠴᠠᠰᠤᠨ ᠣᠪᠤᠭ᠎ᠠ ᠪᠣᠰᠬᠠᠵᠤ ᠪᠡᠯᠡᠳᠬᠡᠨ᠎ᠡ᠃ ᠡᠭᠦᠨ ᠢᠶᠠᠨ ︽ᠰᠦᠯᠳᠡ︾ ᠪᠣᠰᠬᠠᠬᠤ ᠭᠡᠳᠡᠭ᠃ ᠬᠠᠭᠤᠷᠮᠠᠭ ᠮᠠᠨᠵᠤ ᠶᠢᠨ ᠦᠶ᠎ᠡ ᠳᠤ ᠵᠠᠷᠢᠮ ᠠᠶᠢᠯ ︽ᠰᠦᠯᠳᠡ︾ ᠪᠣᠰᠬᠠᠬᠤ ᠵᠦᠭ ᠢᠶᠠᠨ ᠥᠭᠡᠷᠡᠴᠢᠯᠡᠵᠦ᠂ ᠭᠤᠷᠪᠠᠨ ᠪᠣᠭᠳᠠ ᠠᠭᠤᠯᠠ ᠬᠠᠮᠢᠭ᠎ᠠ ᠨᠢ ᠪᠠᠶᠢᠪᠠᠯ ᠲᠡᠷᠡ ᠵᠦᠭ ᠲᠤ ᠪᠣᠰᠬᠠᠬᠤ ᠪᠣᠯᠤᠭᠰᠠᠨ ᠪᠢᠯᠡ᠃ ᠭᠡᠷ ᠤᠨ ᠭᠠᠳᠠᠨ᠎ᠠ ᠲᠣᠲᠤᠭᠤᠨ ᠳᠡᠭᠡᠷ᠎ᠡ ᠪᠠᠨ ᠭᠤᠷᠪᠠᠨ ᠬᠡᠰᠡᠭ ᠴᠠᠰᠤ ᠲᠠᠯᠪᠢᠨ ᠭᠤᠷᠪᠠᠨ ᠬᠠᠷᠭᠠᠨ᠎ᠠ ᠡᠪᠡᠰᠦ ᠬᠠᠳᠬᠤᠵᠤ ᠰᠠᠨᠳᠠᠭ ᠰᠠᠴᠤᠭᠰᠠᠨ ᠪᠠᠶᠢᠳᠠᠭ᠃ ᠪᠢᠲᠡᠭᠦᠨ ᠤ ᠣᠷᠣᠢ ᠬᠤᠨᠢᠨ ᠤ ᠪᠢᠲᠡᠭᠦᠦ ᠲᠣᠯᠤᠭᠠᠢ ᠲᠡᠷᠢᠭᠦᠲᠡᠨ ᠶᠠᠩᠪᠠ ᠵᠣᠴᠢᠯᠠᠯᠭ᠎ᠠ ᠳᠤ ᠲᠠᠯᠪᠢᠳᠠᠭ ᠬᠦᠨᠳᠦᠲᠡᠢ ᠮᠢᠬ᠎ᠠ ᠮᠥᠴᠢ ᠪᠠᠷ ᠭᠤᠣᠯ ᠪᠣᠯᠭᠠᠭᠰᠠᠨ ᠨᠢᠭᠡ ᠶᠡᠭᠡ ᠲᠣᠭᠤᠭ᠎ᠠ ᠮᠢᠬ᠎ᠠ ᠴᠢᠨᠠᠵᠤ ᠪᠦᠬᠦ ᠭᠡᠷ ᠢᠶᠠᠷ ᠢᠶᠠᠨ ᠡᠯᠪᠡᠭ ᠳᠡᠯᠪᠡᠭ ᠪᠦᠬᠦᠯᠢ ᠢᠳᠡᠬᠦ ᠵᠠᠩᠰᠢᠯ ᠲᠠᠢ᠂ ᠵᠠᠷᠢᠮ ᠠᠶᠢᠯ ᠪᠠᠰᠠ ᠪᠢᠳᠡᠭᠦᠦ ᠬᠤᠭᠤᠯᠠ — ᠪᠤᠤᠵᠠ ᠢᠳᠡᠬᠦ ᠴᠦ ᠪᠣᠢ ᠪᠥᠭᠡᠳ ᠬᠡᠦᠬᠡᠳ ᠳᠡᠭᠦᠦ ᠨᠠᠷ ᠨᠢ ᠭᠡᠷ ᠤᠨ ᠨᠠᠰᠤᠲᠠᠨ ᠪᠣᠯᠤᠨ ᠡᠴᠢᠭᠡ ᠡᠬᠡ ᠳᠡᠭᠡᠨ ᠪᠢᠲᠡᠭᠦᠨ ᠤ ᠡᠳᠦᠷ ᠤᠨ ᠪᠠᠶᠠᠷ  ᠤᠨ ᠠᠷᠢᠬᠢ ᠪᠠᠷᠢᠵᠤ ᠮᠥᠷᠭᠦᠬᠦ ᠳᠤ ᠨᠠᠰᠤᠲᠠᠨ ᠠᠬᠠᠮᠠᠳ ᠨᠢ ᠰᠠᠶᠢᠨ ᠰᠠᠶᠢᠬᠠᠨ ᠢᠷᠦᠭᠡᠯ ᠢᠶᠠᠨ ᠬᠠᠶᠢᠷᠠᠯᠠᠵᠤ ᠬᠡᠦᠬᠡᠳ ᠠᠴᠢ ᠨᠠᠷ ᠤᠨ ᠢᠶᠠᠨ ᠵᠣᠯ ᠵᠢᠷᠭᠠᠯ ᠢ ᠵᠦᠩᠨᠡᠨ ᠪᠡᠯᠭᠡᠳᠡᠬᠦ ᠮᠡᠲᠦ ᠪᠠᠷ ᠪᠠᠶᠠᠷ ᠬᠥᠷ ᠲᠠᠢ ᠪᠢᠲᠡᠭᠦᠯᠡᠳᠡᠭ᠃ ᠪᠠᠰᠠ ᠰᠠᠳᠤᠨ ᠲᠥᠷᠤᠯ ᠤᠨ ᠪᠤᠶᠤ ᠠᠶᠢᠯ ᠬᠦᠷᠰᠢ ᠶᠢᠨ ᠨᠠᠰᠤᠲᠠᠨ ᠲᠣᠮᠤᠭᠠᠲᠠᠨ ᠳᠠᠭᠠᠨ ᠪᠢᠲᠡᠭᠦᠨ ᠤ ᠠᠷᠢᠬᠢ ᠪᠠᠷᠢᠬᠤ ᠪᠠᠷ ᠰᠢᠯ ᠲᠠᠢ ᠠᠷᠢᠬᠢ ᠡᠪᠦᠷᠲᠦᠯᠡᠨ ᠣᠴᠢᠭᠠᠳ ᠠᠷᠢᠬᠢ ᠪᠠᠨ ᠬᠤᠨᠳᠠᠭᠠᠨ ᠳᠤᠨᠢ ᠬᠢᠵᠦ ᠬᠥᠯ ᠲᠠᠲᠠᠨ ᠪᠠᠷᠢᠵᠤ ᠮᠥᠷᠭᠦᠭᠡᠳ ᠢᠷᠦᠭᠡᠯ ᠬᠦᠷᠲᠡᠳᠡᠭ᠃ ᠪᠢᠲᠡᠭᠦᠨ ᠤ ᠣᠷᠤᠢ ᠵᠠᠯᠠᠭᠤᠴᠤᠳ ᠪᠠᠭᠠᠴᠤᠳ ᠱᠠᠭ᠎ᠠ ᠠᠪᠬᠤ᠂ ᠴᠦ᠋ ᠬᠠᠶᠠᠬᠤ᠂ ᠰᠢᠲᠠᠷ᠎ᠠ ᠲᠠᠯᠪᠢᠬᠤ ᠵᠡᠷᠭᠡ ᠡᠯᠳᠡᠪ ᠵᠦᠢᠯ ᠤᠨ ᠨᠠᠭᠠᠳᠤᠮ ᠨᠠᠭᠠᠳᠴᠤ ᠬᠥᠭᠡᠷᠦᠯᠳᠦᠬᠦ ᠶᠢᠨ ᠬᠠᠮᠲᠤ ᠮᠠᠷᠭᠠᠰᠢ ᠶᠢᠨ ᠤᠨᠤᠬᠤ ᠮᠣᠷᠢ᠂ ᠲᠣᠬᠤᠬᠤ ᠡᠮᠡᠭᠡᠯ᠂ ᠪᠠᠷᠢᠬᠤ ᠲᠠᠰᠢᠭᠤᠷ ᠲᠤ ᠬᠦᠷᠲᠡᠯ᠎ᠡ ᠶᠡᠭᠡ ᠶᠠᠷᠢᠶᠠᠨ ᠪᠣᠯᠵᠤ᠂ ᠡᠮᠦᠰᠬᠦ ᠬᠤᠪᠴᠠᠰᠤ ᠬᠤᠨᠠᠷ ᠢᠶᠠᠨ ᠪᠡᠶ᠎ᠡ ᠪᠡᠶ᠎ᠡ ᠳᠡᠭᠡᠨ ᠭᠠᠶᠢᠬᠠᠭᠤᠯᠵᠤ ᠠᠳᠠᠯᠢᠳᠬᠠᠬᠤ ᠵᠡᠷᠭᠡ ᠶᠡᠭᠡ ᠦᠢᠮᠡᠭᠡᠨ ᠨᠠᠷᠭᠢᠶᠠᠨ ᠪᠣᠯᠳᠠᠭ᠃⑶ ᠰᠢᠨᠡᠯᠡᠵᠦ ᠵᠣᠯᠭᠠᠬᠤ ᠶᠣᠰᠤᠨ ᠰᠢᠨ᠎ᠡ ᠶᠢᠨ ᠨᠢᠭᠡᠨ ᠤ ᠡᠷᠲᠡ ᠦᠷ ᠴᠠᠶᠢᠬᠤ ᠠᠴᠠ ᠡᠮᠦᠨ᠎ᠡ ᠪᠣᠰᠴᠠᠭᠠᠵᠤ᠂ ᠰᠢᠨ᠎ᠡ ᠳᠡᠪᠡᠯ ᠬᠤᠪᠴᠠᠰᠤ ᠪᠠᠨ ᠡᠮᠦᠰᠴᠦ ᠰᠢᠨᠡᠯᠡᠯᠲᠡ ᠶᠢᠨ ᠶᠣᠰᠤ ᠭᠦᠢᠴᠡᠳᠬᠡᠬᠦ ᠪᠠᠷ ᠠᠯᠢᠪᠠ ᠪᠡᠯᠡᠳᠬᠡᠯ ᠬᠢᠨ᠎ᠡ᠃ ᠰᠦ ᠲᠠᠢ ᠴᠠᠢ ᠴᠢᠨᠠᠬᠤ᠂ ᠴᠠᠭᠠᠯᠠᠭ᠎ᠠ ᠴᠢᠨᠠᠬᠤ᠂ ᠣᠯᠪᠤᠭ ᠲᠠᠯᠪᠠᠭ ᠢᠶᠠᠨ ᠵᠠᠰᠠᠨ᠂ ᠰᠢᠷᠡᠭᠡ ᠲᠠᠯᠪᠢᠨ ᠬᠡᠳᠦᠨ ᠫᠢᠯᠠᠨ ᠳᠤ ᠵᠣᠴᠢᠨ ᠳᠠᠶᠢᠯᠠᠬᠤ ᠢᠳᠡᠭᠡ ᠥᠷᠦᠵᠦ ᠪᠡᠯᠡᠳᠬᠡᠨ᠎ᠡ᠃ ᠦᠷ ᠴᠠᠶᠢᠬᠤ ᠲᠠᠢ ᠵᠡᠷᠭᠡ ᠡᠷᠡᠭᠲᠡᠶᠢᠴᠦᠳ ᠨᠢ ᠨᠢᠭᠡ ᠪᠠᠭᠴᠠ ᠬᠦᠵᠢ ᠠᠰᠠᠭᠠᠵᠤ ︽ᠰᠦᠯᠳᠡ︾ ᠳᠤ ᠮᠥᠷᠭᠦᠬᠦ  ᠪᠠᠷ ᠭᠠᠷᠤᠨ᠎ᠠ᠃ ᠬᠦᠵᠢ ᠪᠠᠨ ᠭᠡᠳᠦ ᠬᠡᠳᠦᠨ ᠰᠢᠷᠭᠡᠭ ᠢᠶᠠᠷ ᠬᠤᠪᠢᠶᠠᠯᠴᠠᠨ ᠠᠪᠴᠤ ᠴᠠᠰᠤᠨ ᠰᠦᠯᠳᠡ ᠶᠢᠨ ᠢᠶᠠᠨ ᠣᠷᠣᠢ ᠳᠡᠭᠡᠷ᠎ᠡ ᠢᠷᠠᠶᠢᠲᠠᠯ᠎ᠠ ᠬᠠᠳᠬᠤᠵᠤ᠂ ᠠᠷᠤᠨᠰᠢ ᠪᠠᠨ ᠬᠡᠳᠦᠨ ᠠᠯᠬᠤᠮ ᠤᠬᠤᠷᠢᠨ ᠭᠤᠷᠪᠠᠨᠳᠠ ᠰᠦᠭᠦᠳᠴᠦ᠂ ᠬᠤᠷᠮᠤᠢ ᠳᠡᠪᠢᠰᠦᠨ ᠶᠢᠰᠦᠨᠲᠡ ᠮᠥᠷᠭᠦᠨ᠎ᠡ᠃ ᠰᠦᠯᠳᠡ ᠳᠤ ᠮᠦᠷᠭᠦᠭᠡᠳ ᠪᠤᠴᠠᠨ ᠢᠷᠡᠵᠦ ᠪᠤᠷᠬᠠᠨ ᠳᠠᠭᠠᠨ ᠵᠤᠯᠠ ᠬᠦᠵᠢ ᠪᠠᠷᠢᠨ ᠭᠡᠷ ᠢᠶᠠᠷ ᠢᠶᠠᠨ ᠮᠥᠷᠭᠦᠨ᠎ᠡ᠃ ᠢᠩᠭᠢᠭᠡᠳ ᠭᠡᠷ ᠤᠨ ᠬᠢᠨ ᠤ ᠵᠣᠯᠭᠠᠯᠲᠠ ᠪᠣᠯᠳᠠᠭ᠃ ᠭᠡᠷ ᠤᠨ ᠨᠠᠰᠤᠲᠠᠨ ᠰᠠᠭᠤᠳᠠᠯ ᠳᠠᠭᠠᠨ ᠰᠠᠭᠤᠭᠰᠠᠨ ᠤ ᠰᠡᠭᠦᠯᠡᠷ ᠬᠡᠦᠬᠡᠳ ᠳᠡᠭᠦᠦ ᠨᠠᠷ ᠤᠨ ᠬᠢ ᠨᠢ ᠬᠠᠮᠤᠭ ᠠᠬᠠᠮᠠᠳ ᠨᠢ ᠲᠦᠷᠦᠭᠦᠯᠡᠨ ᠬᠤᠶᠠᠷ ᠭᠠᠷ ᠢᠶᠠᠨ ᠵᠡᠭᠦᠨ ᠡᠪᠦᠳᠦᠭ ᠳᠡᠭᠡᠷ᠎ᠡ ᠪᠠᠨ ᠲᠤᠯᠵᠤ᠂ ᠵᠡᠭᠦᠨ ᠬᠥᠯ ᠢᠶᠠᠨ ᠤᠷᠤᠭᠰᠢ ᠨᠢᠭᠡ ᠠᠯᠬᠤᠨ ᠬᠤᠶᠠᠷ ᠬᠥᠯ ᠢᠶᠠᠨ ᠨᠤᠭᠤᠰᠬᠢᠨ ︽ᠠᠮᠤᠷ ᠪᠠᠶᠢᠨ᠎ᠠ ᠤᠤ︖ ᠠᠮᠤᠷ ᠪᠠᠶᠢᠨ᠎ᠠ ᠤᠤ︖︾ ᠭᠡᠵᠤ ᠵᠣᠯᠭᠠᠬᠤ ᠶᠣᠰᠤᠲᠠᠢ᠂ ᠬᠥᠮᠥᠨ ᠪᠦᠬᠦᠨ ᠳᠤ ᠠᠮᠤᠷ ᠡᠷᠢᠭᠡᠳ᠂ ᠴᠠᠭᠠᠨ ᠬᠠᠳᠠᠭ ᠪᠠᠷᠢᠵᠤ ᠬᠤᠷᠮᠤᠢ ᠳᠡᠪᠢᠰᠦᠨ ᠨᠢᠭᠡ ᠮᠥᠷᠭᠦᠭᠡᠳ ᠪᠣᠰᠴᠤ ᠬᠤᠶᠠᠷ ᠭᠠᠷ ᠢᠶᠠᠨ ᠨᠠᠰᠤᠲᠠᠨ ᠤ ᠭᠠᠷ ᠤᠨ ᠳᠣᠣᠭᠤᠷ ᠵᠥᠷᠢᠭᠦᠯᠬᠦ ᠶᠢᠨ ᠳᠠᠭᠠᠤ ᠬᠠᠳᠠᠭ ᠢᠶᠠᠨ ᠰᠣᠯᠢᠯᠴᠠᠨ᠎ᠠ᠂ ᠨᠠᠰᠤᠲᠠᠨ ᠢᠷᠦᠭᠡᠭᠡᠳ ᠬᠤᠶᠠᠷ ᠬᠠᠴᠠᠷ ᠲᠤᠨᠢ ᠦᠨᠦᠰᠳᠡᠭ᠃ ᠡᠨᠡ ᠮᠡᠲᠦ  ᠪᠠᠷ ᠨᠠᠰᠤ ᠶᠣᠰᠤᠨ ᠤ ᠳᠠᠷᠠᠭᠠᠯᠠᠯ ᠢᠶᠠᠷ ᠵᠣᠯᠭᠠᠨ᠎ᠠ᠃
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号