ᠡᠷᠳᠡᠨ ᠤ ᠪᠠᠷᠭᠤ ᠳᠤᠤᠯᠢ ᠶᠢᠨ ᠰᠢᠨᠵᠢ ᠴᠢᠨᠠᠷ ᠬᠢᠭᠡᠳ ᠠᠮᠠᠨ ᠵᠤᠬᠢᠶᠠᠯ ᠤᠨ ᠳᠡᠦᠭᠡᠨ ᠳᠠᠬᠢ ᠪᠠᠶᠢᠷᠢ ᠰᠠᠭᠤᠷᠢ
ᠨᠡᠶᠢᠲᠡᠯᠡᠭᠰᠡᠨ ᠴᠠᠭ᠄
2018/8/15
     ᠨᠢᠭᠡ᠂ ᠪᠠᠷᠭᠤ ᠳᠤᠤᠯᠢ ᠶᠢᠨ ᠬᠠᠷᠢᠶᠠᠯᠠᠯ      ᠮᠤᠩᠭᠤᠯ ᠦᠨᠳᠦᠰᠦᠳᠡᠨ ᠤ ᠤᠷᠠᠨ ᠵᠤᠬᠢᠶᠠᠯ ᠢ ᠶᠡᠷᠦᠩᠭᠡᠢ ᠳᠤᠨᠢ ᠡᠷᠳᠡᠨ ᠤ ᠠᠮᠠᠨ ᠵᠤᠬᠢᠶᠠᠯ ᠤᠨ ᠠᠩᠬᠢ ᠪᠠ ᠪᠢᠴᠢᠭ ᠤᠨ ᠤᠷᠠᠨ ᠵᠤᠬᠢᠶᠠᠯ ᠤᠨ ᠠᠩᠬᠢ ᠭᠡᠵᠤ ᠬᠤᠶᠠᠷ ᠪᠦᠯᠦᠭ ᠲᠤ ᠠᠩᠬᠢᠯᠠᠳᠠᠭ᠃ ᠠᠮᠠᠨ ᠵᠤᠬᠢᠶᠠᠯ ᠤᠨ ᠠᠩᠬᠢ ᠨᠢ ᠦᠨᠢ ᠡᠷᠳᠡᠨ ᠠᠴᠠ ᠪᠤᠢ ᠪᠤᠯᠤᠭᠰᠠᠨ ᠦᠯᠡᠮᠵᠢ ᠠᠷᠪᠢᠨ ᠪᠦᠳᠦᠭᠡᠯ ᠲᠠᠢ᠂ ᠤᠯᠤᠰ ᠦᠨᠳᠦᠰᠦᠳᠡᠨ ᠪᠦᠷᠢᠯᠳᠦᠭᠡᠳᠦᠢ᠂ ᠦᠰᠦᠭ ᠪᠢᠴᠢᠭ ᠴᠦ ᠭᠠᠷᠤᠭᠠᠳᠤᠢ ᠪᠠᠯᠠᠷ ᠴᠠᠭ ᠦᠶ᠎ᠡ ᠠᠴᠠ ᠡᠳᠦᠭᠡ ᠬᠦᠷᠳᠡᠯ᠎ᠡ ᠦᠷᠭᠦᠯᠵᠢᠯᠡᠵᠤ ᠢᠷᠡᠭᠰᠡᠨ ᠪᠦᠭᠡᠳ ᠵᠦᠪᠬᠡᠨ ᠠᠮᠠ ᠪᠠᠷ ᠳᠠᠮᠵᠢᠨ ᠤᠯᠠᠮᠵᠢᠯᠠᠳᠠᠭ ᠠᠴᠠ ᠪᠤᠯᠵᠤ ᠬᠤᠪᠢᠯᠪᠤᠷᠢ ᠪᠠ ᠳᠦᠷᠦᠯ ᠵᠦᠢᠯ ᠤᠯᠠᠨᠳᠠᠢ ᠪᠤᠯᠵᠤ ᠶᠡᠬᠡᠳᠡ ᠬᠦᠭᠵᠢᠭᠰᠡᠨ ᠪᠠᠶᠢᠳᠠᠭ᠃ ᠭᠡᠪᠡᠴᠦ ᠪᠠᠰᠠ ᠤᠷᠬᠢᠭᠳᠠᠵᠤ ᠮᠠᠷᠳᠠᠭᠳᠠᠭᠰᠠᠨ ᠨᠢ ᠦᠯᠡᠮᠵᠢ ᠠᠷᠪᠢᠨ᠂ ᠦᠯᠡᠳᠡᠵᠤ ᠤᠯᠳᠠᠭᠰᠠᠨ ᠨᠢ ᠮᠠᠰᠢ ᠴᠦᠭᠡᠨ ᠠᠵᠢ᠃ ᠠᠮᠠᠨ ᠦᠯᠢᠭᠡᠷ ᠳᠤᠮᠤᠭ ᠤᠨ ᠳᠤᠳᠤᠷ᠎ᠠ ᠠᠴᠠ ︽ᠪᠠᠷᠭᠤ ᠶᠢᠨ ᠪᠠᠯᠠᠷᠯᠢᠭ ᠡᠷᠳᠡᠨ ᠤ ᠪᠠᠭᠠᠳᠤᠷᠯᠢᠭ ᠳᠤᠤᠯᠢ︾ ᠪᠤᠯ ᠠᠮᠠᠨ ᠵᠤᠬᠢᠶᠠᠯ ᠤᠨ ᠳᠦᠯᠦᠭᠡᠯᠡᠬᠦ ᠴᠢᠨᠠᠷᠳᠠᠢ ᠪᠦᠳᠤᠭᠡᠯ ᠮᠥᠨ᠃ ᠪᠠᠰᠠ ᠴᠦ ᠳᠡᠯᠡᠭᠡᠢ ᠳ᠋ᠡᠬᠢᠨ ᠤ ᠠᠩᠬᠠᠷᠤᠯ ᠢ ᠳᠠᠳᠠᠵᠤ᠂ ᠦᠨᠳᠦᠷ ᠳᠦᠪᠰᠢᠨ ᠳᠤ ᠰᠤᠳᠤᠯᠤᠭᠳᠠᠭᠰᠠᠨ ᠠᠯᠳᠠᠷᠳᠠᠢ ᠰᠡᠳᠦᠪ ᠪᠤᠯᠤᠭᠰᠠᠨ ᠪᠠᠶᠢᠨᠠᠮ᠃ ᠡᠭᠦᠨ ᠤ ᠳᠤᠬᠠᠢ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠵ᠊ · ᠷᠢᠨᠴᠢᠨᠳᠤᠷᠵᠢ ᠶᠢᠨ ᠭᠡᠯᠡᠭᠰᠡᠨ ᠢᠶᠠᠷ ᠪᠤᠯ᠄ ︽ᠮᠠᠨ ᠤ ᠤᠯᠤᠰ ᠤᠨ ᠡᠯ᠎ᠡ ᠤᠷᠤᠨ ᠤ ᠮᠤᠩᠭᠤᠯ ᠳᠤᠤᠯᠢ ᠶᠢᠨ ᠳᠤᠳᠤᠷ᠎ᠠ ᠪᠠᠷᠭᠤ ᠠᠷᠠᠳ ᠤᠨ ᠪᠠᠭᠠᠳᠤᠷᠯᠢᠭ ᠳᠤᠤᠯᠢ ᠳᠤᠩ ᠪᠠᠶᠠᠯᠢᠭ ᠪᠠᠶᠢᠳᠠᠭ ᠪᠦᠭᠡᠳ ᠳᠡᠳᠡᠭᠡᠷ ᠨᠢ ᠨᠢᠭᠡᠨ ᠭᠡᠮᠵᠢᠶ᠎ᠡ ᠪᠠᠷ ᠪᠤᠰᠤᠳ ᠤᠷᠤᠨ ᠤ ᠳᠤᠤᠯᠢᠰ ᠢ ᠳᠦᠯᠦᠭᠡᠯᠡᠬᠦ ᠰᠢᠨᠵᠢ ᠴᠢᠨᠠᠷᠳᠠᠢ ᠪᠠᠶᠢᠳᠠᠭ︾ ᠭᠡᠵᠤ ︽ᠤᠷᠠᠨ ᠵᠤᠬᠢᠶᠠᠯ ᠤᠨ ᠰᠤᠳᠤᠯᠤᠯ ᠤᠨ ᠦᠭᠦᠯᠡᠯ ᠤᠳ︾ ᠨᠤᠮ ᠤᠨ ᠢᠶᠠᠨ 118 ᠳ᠋ᠤᠭᠠᠷ ᠨᠢᠭᠤᠷ ᠤᠨ ᠳᠡᠭᠦᠰᠭᠡᠯ ᠳᠤ ᠳᠡᠮᠳᠡᠭᠯᠡᠭᠰᠡᠨ ᠪᠠᠶᠢᠳᠠᠭ᠃ ︽ᠮᠤᠩᠭᠤᠯ ᠤᠨ ᠨᠢᠭᠤᠴᠠ ᠳᠤᠪᠴᠢᠶᠠᠨ︾ ᠪᠤᠯ ᠮᠤᠩᠭᠤᠯ ᠦᠨᠳᠦᠰᠦᠳᠡᠨ ᠤ ᠪᠢᠴᠢᠭ ᠤᠨ ᠤᠷᠠᠨ ᠵᠤᠬᠢᠶᠠᠯ ᠤᠨ ᠬᠤᠤᠰ ᠦᠭᠡᠢ ᠨᠤᠶᠠᠨ ᠤᠷᠬᠢᠯ ᠮᠥᠨ᠃ ᠨᠢᠭᠡᠨᠳᠡ ᠳᠡᠯᠡᠭᠡᠢ ᠶᠢᠨ ᠨᠡᠷᠡᠳᠦ ᠨᠤᠮ ᠤᠨ ᠪᠦᠷᠢᠳᠭᠡᠯ ᠳᠤ ᠳᠠᠩᠰᠠᠯᠠᠭᠳᠠᠭᠰᠠᠨ ᠶᠤᠮ᠃ ᠡᠶᠢᠮᠦ ᠠᠴᠠ ᠮᠤᠩᠭᠤᠯ ᠤᠷᠠᠨ ᠵᠤᠬᠢᠶᠠᠯ ᠳᠤ ᠠᠮᠠᠨ ᠤᠷᠠᠨ ᠵᠤᠬᠢᠶᠠᠯ ᠪᠠ ᠪᠢᠴᠢᠭ ᠤᠨ ᠤᠷᠠᠨ ᠵᠤᠬᠢᠶᠠᠯ ᠭᠡᠵᠤ ᠳᠤᠰ ᠳᠤᠰ ᠨᠢᠭᠡᠨ ᠳᠦᠯᠦᠭᠡᠯᠡᠬᠦ ᠨᠤᠶᠠᠨ ᠤᠷᠬᠢᠯ ᠲᠠᠢ ᠭᠡᠵᠤ ᠪᠠᠳᠤᠳᠠᠢ ᠭᠡᠯᠡᠵᠤ ᠪᠤᠯᠤᠨ᠎ᠠ᠃      ᠬᠤᠶᠠᠷ᠂ ᠳᠤᠤᠯᠢ ᠶᠢ ᠶᠠᠭᠠᠬᠢᠭᠠᠳ ᠮᠤᠩᠭᠤᠯ ᠦᠨᠳᠦᠰᠦᠳᠡᠨ ᠤ ᠪᠠᠭᠠᠳᠤᠷᠯᠢᠭ ᠴᠠᠭ ᠦᠶ᠎ᠡ ᠶᠢᠨ ᠪᠦᠳᠦᠭᠡᠯ ᠭᠡᠳᠡᠭ ᠪᠤᠢ︖      ᠪᠠᠭᠠᠳᠤᠷᠯᠢᠭ ᠳᠤᠤᠯᠢ ᠪᠤᠯ ᠴᠠᠭ ᠦᠶ᠎ᠡ ᠶᠢ ᠵᠠᠭᠠᠭᠯᠠᠭᠰᠠᠨ ᠤᠳᠬ᠎ᠠ ᠵᠤᠬᠢᠶᠠᠯ ᠤᠨ ᠨᠢᠭᠡᠨ ᠳᠦᠷᠦᠯ ᠵᠦᠢᠯ ᠮᠥᠨ᠃ ᠪᠠᠷᠭᠤ ᠳᠤᠤᠯᠢ ᠠᠩᠬ᠎ᠠ ᠡᠷᠳᠡ ᠳᠡᠭᠡᠨ ᠤᠨ ᠳᠤᠭᠠᠯᠠᠯ ᠠᠴᠠ ᠡᠮᠦᠨ᠎ᠡ ᠡᠭᠦᠰᠦᠨ ᠭᠠᠷᠤᠭᠰᠠᠨ ᠭᠡᠳᠡᠭ᠃ ᠬᠠᠮᠤᠭ ᠠᠩᠬᠠᠨ ᠤ ᠨᠢᠭᠡ ᠪᠦᠯᠦᠭ ᠳᠤᠤᠯᠢ ᠡᠭᠦᠰᠦᠭᠰᠡᠨ ᠠᠴᠠ ᠡᠬᠢᠯᠡᠨ ᠰᠢᠨ᠎ᠡ ᠨᠢᠭᠡ ᠳᠦᠷᠦᠯ ᠤᠨ ᠳᠤᠤᠯᠢ ᠪᠦᠷᠢᠯᠳᠦᠨ ᠳᠤᠭᠳᠠᠬᠤ ᠬᠦᠷᠳᠡᠯᠡᠬᠢ ᠬᠤᠭᠤᠴᠠᠭ᠎ᠠ ᠪᠤᠯ ᠮᠤᠩᠭᠤᠯ ᠦᠨᠳᠦᠰᠦᠳᠡᠨ ᠤ ᠳᠡᠦᠭᠡᠨ ᠳᠡᠭᠡᠷᠡᠬᠢ ᠪᠠᠭᠠᠳᠤᠷᠯᠢᠭ ᠴᠠᠭ ᠦᠶ᠎ᠡ ᠭᠡᠵᠤ ᠤᠷᠠᠨ ᠵᠤᠬᠢᠶᠠᠯ ᠤᠨ ᠤᠨᠤᠯᠴᠢᠳ ᠦᠵᠡᠳᠡᠭ ᠠᠵᠢ᠃ ᠭᠡᠳᠡᠯ᠎ᠡ ᠭᠡᠰᠡᠷ ᠵᠢᠩᠭᠠᠷ ᠮᠡᠳᠦ ᠳᠤᠮᠤ ᠮᠦᠴᠡᠯᠭᠡ ᠳᠤᠤᠯᠢ ᠪᠤᠯ ᠨᠡᠶᠢᠭᠡᠮ ᠤᠨ ᠬᠦᠭᠵᠢᠯ ᠳᠤ ᠠᠩᠬᠢ ᠶᠢᠨ ᠵᠠᠳᠠᠷᠠᠯ ᠡᠭᠦᠰᠴᠦ ᠪᠠᠶᠢᠭᠰᠠᠨ ᠠᠷᠠᠢ ᠬᠤᠵᠢᠭᠤ ᠦᠶ᠎ᠡ ᠶᠢᠨ ᠠᠮᠠᠨ ᠵᠤᠬᠢᠶᠠᠯ ᠪᠠᠶᠢᠪᠠ᠃ ᠪᠠᠭᠠᠳᠤᠷᠯᠢᠭ ᠴᠠᠭ ᠦᠶ᠎ᠡ ᠶᠢᠨ ᠪᠤᠰᠤᠳ ᠠᠴᠠ ᠢᠯᠭᠠᠭᠳᠠᠬᠤ ᠦᠨᠳᠦᠰᠦᠨ ᠰᠢᠨᠵᠢ ᠳᠡᠮᠳᠡᠭ ᠨᠢ ᠭᠡᠷᠡᠭ ᠳᠡᠭᠡᠷ᠎ᠡ ᠪᠠᠨ ᠤᠪᠤᠭ ᠤᠨ ᠨᠡᠶᠢᠭᠡᠮ ᠤᠨ ᠳᠦᠷᠦᠭᠦᠴᠦᠳ ᠤᠨ ᠳᠡᠮᠡᠴᠡᠭᠡᠨ᠂ ᠭᠠᠭᠴᠠ ᠭᠠᠭᠴᠠᠬᠠᠨ ᠭᠤᠤᠯ ᠪᠠᠭᠠᠳᠤᠷ ᠨᠢ ᠠᠶᠤᠬᠤ ᠶᠢ ᠮᠡᠳᠡᠬᠦ ᠦᠭᠡᠢ᠂ ᠵᠤᠷᠢᠯᠭ᠎ᠠ ᠳᠠᠭᠠᠨ ᠬᠦᠷᠭᠦ ᠦᠭᠡᠢ ᠪᠤᠯ ᠭᠡᠳᠡᠷᠭᠦ ᠪᠤᠴᠠᠳᠠᠭ ᠦᠭᠡᠢ ᠢᠯᠠᠷᠠᠯ ᠲᠠᠢ᠃ ᠬᠤᠶᠠᠷ ᠭᠤᠤᠯ ᠪᠠᠭᠠᠳᠤᠷ ᠨᠢ ᠤᠷᠢᠳᠠᠪᠠᠷ ᠪᠡᠶ᠎ᠡ ᠪᠡᠶ᠎ᠡ ᠲᠠᠢ ᠪᠠᠨ ᠦᠵᠡᠯᠴᠡᠭᠡᠳ ᠰᠠᠶ᠋ᠢ ᠮᠡᠳᠡᠯᠴᠡᠳᠡᠭ᠃ ᠳᠠᠶᠢᠳᠤᠬᠤ ᠭᠡᠪᠴᠢᠶ᠎ᠡ ᠨᠢ ᠵᠦᠪᠬᠡᠨ ᠳᠡᠳᠡ ᠬᠤᠶᠠᠭᠤᠯᠠᠬᠠᠨ ᠪᠠᠶᠢᠳᠠᠭ᠂ ᠬᠡᠪᠴᠢᠶ᠎ᠡ ᠨᠢ ᠮᠠᠰᠢ ᠬᠢᠵᠠᠭᠠᠷ ᠲᠠᠢ᠂ ᠤᠷᠤᠭ ᠪᠤᠯᠢᠶᠠᠬᠤ ᠪᠤᠶᠤ ᠡᠳ᠋ ᠬᠦᠷᠦᠩᠭᠡ ᠳᠡᠭᠡᠷᠡᠮᠳᠡᠬᠦ ᠪᠠᠷ ᠭᠤᠤᠯ ᠵᠤᠷᠢᠯᠳᠠ ᠪᠤᠯᠭᠠᠭᠰᠠᠨ ᠵᠡᠷᠭᠡ ᠤᠨᠴᠠᠯᠢᠭ ᠲᠠᠢ ᠪᠠᠶᠢᠳᠠᠭ ᠠᠵᠢ᠃ ᠡᠶᠢᠮᠦ ᠠᠴᠠ ᠪᠠᠭᠠᠳᠤᠷᠯᠢᠭ ᠴᠠᠭ ᠦᠶ᠎ᠡ ᠶᠢᠨ ᠭᠡᠳᠡᠭ ᠶᠤᠮ ᠪᠠᠶᠢᠨ᠎ᠠ᠃      ᠭᠤᠷᠪᠠ᠂ ᠪᠠᠷᠭᠤ ᠳᠤᠤᠯᠢ ᠶᠢᠨ ᠡᠭᠦᠰᠦᠭᠰᠡᠨ ᠴᠠᠭ ᠬᠤᠭᠤᠴᠠᠭ᠎ᠠ ᠪᠠ ᠭᠠᠵᠠᠷ ᠤᠷᠤᠨ ᠤ ᠳᠤᠬᠠᠢ ᠪᠠᠷᠤᠭᠯᠠᠯ      ᠪᠠᠷᠭᠤ ᠳᠤᠤᠯᠢ ᠨᠢ ᠭᠤᠤᠯᠳᠠᠭᠤ ᠡᠮᠦᠨᠡᠳᠦ ᠰᠢᠪᠧᠷᠢᠶ᠎ᠠ ᠪᠠ ᠳᠦᠪ ᠠᠽᠢᠶ᠎ᠠ ᠳᠤ 6 — 10 ᠳ᠋ᠤᠭᠠᠷ ᠵᠠᠭᠤᠨ ᠤ ᠬᠤᠭᠤᠷᠤᠨᠳᠦ ᠡᠭᠦᠰᠦᠭᠰᠡᠨ ᠭᠡᠵᠤ ᠡᠷᠳᠡᠮᠳᠡᠳ ᠦᠵᠡᠵᠡᠢ᠃ ᠳᠡᠷᠡ ᠨᠢ ᠳᠦᠷᠦᠭ ᠮᠤᠩᠭᠤᠯ ᠤᠳᠤᠮ ᠤᠨ ᠳᠡᠭᠡᠳᠦᠰ ᠤᠨ ᠨᠤᠳᠤᠭ ᠲᠤ ᠡᠭᠦᠰᠦᠭᠰᠡᠨ ᠪᠤᠯᠤᠮᠵᠢ ᠲᠠᠢ ᠪᠦᠭᠡᠳ ᠵᠠᠷᠢᠮ ᠨᠢ ᠪᠠᠭ᠋ᠠᠨ ᠨᠠᠷᠢᠪᠴᠢᠯᠠᠵᠤ᠂ 7 — 9 ᠳ᠋ᠤᠭᠡᠷ ᠵᠠᠭᠤᠨ ᠤ ᠦᠶ᠎ᠡ ᠳᠤ ᠤᠪᠤᠭ ᠤᠨ ᠪᠠᠶᠢᠭᠤᠯᠤᠯ ᠤᠨ ᠰᠡᠭᠦᠯᠴᠢ ᠪᠠᠷ ᠡᠭᠦᠰᠦᠯ᠎ᠡ ᠭᠡᠵᠤ ᠦᠵᠡᠵᠤ ᠪᠠᠶᠢᠨ᠎ᠠ᠃ ᠮᠤᠩᠭᠤᠯ ᠳᠤᠤᠯᠢ ᠮᠠᠰᠢ ᠡᠷᠳᠡ ᠡᠭᠦᠰᠦᠭᠡᠳ᠂ ᠪᠠᠷᠤᠭ 11 — 12 ᠳ᠋ᠤᠭᠠᠷ ᠵᠠᠭᠤᠨ ᠬᠦᠷᠳᠡᠯ᠎ᠡ ᠦᠷᠭᠦᠯᠵᠢᠯᠡᠭᠰᠡᠨ ᠭᠡᠳᠡᠭ᠃ ᠳᠡᠭᠦᠨ ᠠᠴᠠ ᠬᠤᠶᠢᠰᠢ ᠰᠢᠨ᠎ᠡ ᠳᠤᠤᠯᠢ ᠡᠭᠦᠰᠭᠦ ᠤᠤᠯ ᠤᠨ ᠨᠡᠶᠢᠭᠡᠮ ᠤᠨ ᠦᠨᠳᠦᠰᠦᠨ ᠨᠦᠭᠦᠴᠡᠯ ᠬᠤᠪᠢᠷᠠᠵᠠᠢ᠃ ᠦᠭᠡᠷ᠎ᠡ ᠪᠠᠷ ᠭᠡᠯᠡᠪᠡᠯ 13 ᠳ᠋ᠤᠭᠠᠷ ᠵᠠᠭᠤᠨ ᠪᠤᠯᠬᠤ ᠳᠤ ᠭᠠᠭᠴᠠ ᠬᠤᠶᠠᠷ ᠳᠦᠷᠦᠭᠦᠴᠦᠳ ᠤᠨ ᠳᠡᠮᠡᠴᠡᠯᠳᠦᠭᠦ ᠴᠠᠭ ᠦᠶ᠎ᠡ ᠨᠢᠭᠡᠨᠳᠡ ᠦᠩᠭᠡᠷᠡᠭᠰᠡᠨ ᠪᠠᠶᠢᠪᠠ᠃ ᠭᠡᠪᠡᠴᠦ ᠳᠤᠤᠯᠢ ᠪᠤᠯ ᠤᠯᠤᠰ ᠦᠨᠳᠦᠰᠦᠳᠡᠨ ᠪᠦᠭᠦᠨ ᠳᠤ ᠪᠠᠶᠢᠳᠠᠭ ᠶᠠᠭᠤᠮ᠎ᠠ ᠪᠢᠰᠢ᠃ ᠬᠠᠷᠢᠨ ᠮᠤᠩᠭᠤᠯ ᠳᠤᠤᠯᠢ ᠪᠤᠯ ᠳᠠᠷᠬᠠᠴᠠ ᠪᠠᠷ ᠮᠠᠰᠢ ᠦᠷᠭᠡᠨ ᠮᠦᠷᠳᠡᠭᠡᠨ ᠶᠠᠷᠢᠭᠳᠠᠭᠰᠠᠭᠠᠷ ᠪᠠᠶᠢᠭ᠎ᠠ ᠨᠢ ᠪᠠᠰᠠ ᠨᠢᠭᠡᠨ ᠭᠠᠶᠢᠬᠠᠮᠰᠢᠭ ᠶᠤᠮ᠃      ᠳᠦᠷᠪᠡ᠂ ᠡᠯ᠎ᠡ ᠤᠯᠤᠰ ᠲᠤ ᠮᠤᠩᠭᠤᠯ ᠳᠤᠤᠯᠢ ᠢᠯᠡᠷᠡᠭᠰᠡᠨ ᠪᠠ ᠰᠤᠳᠤᠯᠤᠭᠰᠠᠨ ᠳᠦᠢᠮᠤ      ᠬᠠᠮᠤᠭ ᠤᠨ ᠠᠩᠬ᠎ᠠ ᠮᠠᠨ ᠤ ᠤᠯᠤᠰ ᠤᠨ ᠪᠠᠭᠠᠳᠤᠷᠯᠢᠭ ᠳᠤᠤᠯᠢ ᠶᠢ ᠳᠡᠮᠳᠡᠭᠯᠡᠭᠰᠡᠨ ᠬᠦᠮᠦᠨ ᠪᠤᠯ ᠵᠠᠮᠰᠠᠷᠠᠨ ᠤ ᠴᠡᠸᠡᠩ ᠪᠤᠯᠤᠨ᠎ᠠ᠃ ᠲᠡᠷᠡ 1904 ᠤᠨ ᠳᠤ ᠴᠠᠬᠠᠷ ᠤᠨ ︽ᠮᠡᠷᠭᠡᠨ ᠬᠠᠨ ᠬᠢᠭᠡᠳ ᠤᠷᠳᠤ ᠰᠢᠷ᠎ᠠ ᠬᠠᠨ︾ ᠪᠤᠯᠤᠨ ︽ᠪᠠᠷᠠᠭᠤᠨ ᠤᠷᠳᠦ ᠳᠢᠪ ᠢ ᠡᠵᠡᠯᠡᠭᠰᠡᠨ ᠳᠤᠳᠤᠢ ᠬᠠᠨ︾ ᠳᠤᠤᠯᠢ ᠶᠢ ᠤᠷᠤᠰ ᠢᠶᠠᠷ ᠳᠡᠮᠳᠡᠭᠯᠡᠵᠤ ᠦᠭᠦᠯᠡᠭᠰᠡᠨ ᠵᠦᠢᠯ ᠢ ᠫᠧᠳ᠋ᠷᠭᠷᠠᠳ᠋ ᠤᠨ ᠳᠤᠷᠤᠨᠠᠳᠡᠬᠢᠨ ᠤ ᠡᠷᠳᠡᠮᠳᠡᠳ ᠤᠨ ᠳᠠᠩᠰᠠ ᠡᠪᠭᠡᠮᠡᠯ ᠤᠨ ᠤᠷᠳᠤᠨ ᠳᠤ ᠬᠠᠳᠠᠭᠠᠯᠠᠵᠤ ᠪᠠᠶᠢᠬᠤ ᠠᠵᠢ᠃ ᠪᠠᠰᠠ ᠭᠧᠷᠮᠠᠨ ᠳᠤ ᠪᠧᠷᠭᠮᠡᠨ ᠭᠡᠳᠡᠭ ᠡᠷᠳᠡᠮᠳᠡᠨ ᠵᠢᠩᠭᠠᠷ ᠤᠨ ᠬᠤᠶᠠᠷ ᠪᠦᠯᠦᠭ ᠢ ᠬᠠᠯᠢᠮᠠᠭ ᠨᠤᠳᠤᠭ ᠠᠴᠠ ᠤᠯᠵᠤ ᠤᠷᠴᠢᠭᠤᠯᠤᠭᠠᠳ ᠠᠩᠬ᠎ᠠ ᠨᠡᠶᠢᠳᠡᠯᠡᠭᠰᠡᠨ ᠭᠡᠳᠡᠭ ᠮᠡᠳᠡᠭᠡ ᠪᠠᠶᠢᠨ᠎ᠠ᠃ ᠳᠡᠭᠦᠨ ᠠᠴᠠ ᠬᠤᠶᠢᠰᠢ ᠡᠸᠦ᠋ᠷᠤᠫᠠ ᠶᠢᠨ ᠡᠷᠳᠡᠮᠳᠡᠳ ᠤᠷᠢᠳ ᠬᠤᠵᠢᠳ ᠢᠯᠡᠷᠡᠭᠦᠯᠦᠭᠰᠡᠭᠡᠷ ᠳᠡᠯᠡᠭᠡᠢ ᠶᠢᠨ ᠮᠤᠩᠭᠤᠯ ᠳᠤᠤᠯᠢ ᠶᠢᠨ ᠰᠤᠳᠤᠯᠭᠠᠨ ᠦᠷᠨᠢᠭᠰᠡᠨ ᠪᠠᠶᠢᠵᠠᠢ᠃ ᠢᠩᠬᠢᠭᠡᠳ ᠳᠡᠯᠡᠭᠡᠢ ᠳᠡᠭᠡᠷ᠎ᠡ ᠢᠵᠢᠯ ᠮᠦᠷᠡᠨ ᠤ ᠲᠤᠤᠯᠢ᠂ ᠳ᠋ᠤᠨ ᠮᠦᠷᠡᠨ ᠤ ᠲᠤᠤᠯᠢ ᠂ ᠪᠠᠶᠢᠭᠠᠯ ᠨᠠᠭᠤᠷ ᠤᠨ ᠲᠤᠤᠯᠢ᠂ ᠮᠤᠩᠭᠤᠯ ᠤᠨ ᠦᠨᠳᠦᠷᠯᠢᠭ ᠤᠨ ᠳᠤᠤᠯᠢ ᠬᠡᠮᠡᠬᠦ ᠳᠦᠷᠪᠡᠨ ᠪᠦᠰᠡ ᠨᠤᠳᠤᠭ ᠤᠨ ᠲᠤᠤᠯᠢ ᠪᠤᠢ ᠪᠤᠯᠤᠭᠰᠠᠨ ᠪᠤᠯᠤᠯᠳᠠᠢ᠃      ᠤᠷᠤᠰ ᠤᠯᠤᠰ ᠲᠤ ᠪᠤᠯ ᠬᠠᠯᠢᠮᠠᠭ ᠤᠨ ᠳᠤᠤᠯᠢ ᠪᠠ ᠪᠤᠷᠢᠶᠠᠳ ᠤᠨ ᠳᠤᠤᠯᠢ ᠭᠡᠰᠡᠨ ᠤᠶᠢᠯᠠᠭᠠᠯᠳᠠ ᠭᠤᠤᠯᠯᠠᠵᠤ ᠪᠠᠶᠢᠪᠠ᠃ ᠮᠤᠩᠭᠤᠯ ᠤᠯᠤᠰ ᠲᠤ ᠪᠤᠯ ᠪᠠᠷᠠᠭᠤᠨ ᠤᠷᠤᠨ ᠤ ᠳᠤᠤᠯᠢ ᠪᠠ ᠵᠡᠭᠦᠨ ᠤᠷᠤᠨ ᠤ ᠳᠤᠤᠯᠢ ᠭᠡᠬᠦ ᠪᠤᠶᠤ ᠬᠠᠯᠬ᠎ᠠ ᠪᠠ ᠤᠶᠢᠷᠠᠳ ᠤᠨ ᠳᠤᠤᠯᠢ ᠭᠡᠵᠤ ᠶᠠᠷᠢᠭᠳᠠᠳᠠᠭ ᠭᠡᠨ᠎ᠡ᠃ ᠳᠤᠮᠳᠠᠳᠦ ᠤᠯᠤᠰ ᠲᠤ ᠵᠢᠷᠠᠭᠠᠳ ᠤᠨ ᠤ ᠡᠬᠢᠨ ᠠᠴᠠ ᠠᠷᠠᠳ ᠤᠨ ᠠᠮᠠᠨ ᠵᠤᠬᠢᠶᠠᠯ ᠬᠠᠶᠢᠨ ᠪᠠᠶᠢᠴᠠᠭᠠᠬᠤ ᠶᠠᠪᠤᠴᠠ ᠳᠤ ᠷᠢᠨᠴᠢᠨᠳᠤᠷᠵᠢ᠂ ᠴᠢ ᠯᠢᠶᠠᠨ ᠰᠢᠤ ᠨᠠᠷ ᠬᠦᠯᠦᠨ ᠪᠤᠶᠢᠷ ᠤᠨ ᠪᠠᠷᠭᠤ ᠨᠤᠳᠤᠭ ᠲᠤ ᠮᠠᠰᠢ ᠤᠯᠠᠨ ᠳᠤᠤᠯᠢ ᠪᠠ ᠳᠤᠤᠯᠢ ᠶᠢᠨ ᠬᠤᠪᠢᠯᠪᠤᠷᠢ ᠤᠷᠤᠰᠢᠵᠤ ᠪᠠᠶᠢᠭ᠎ᠠ ᠶᠢ ᠢᠯᠡᠷᠡᠭᠦᠯᠦᠭᠡᠳ ᠳᠠᠯᠠᠭᠠᠳ ᠤᠨ ᠠᠴᠠ ᠰᠠᠶ᠋ᠢ ᠰᠤᠳᠤᠯᠭᠠᠨ ᠳᠤ ᠤᠷᠤᠭᠤᠯᠵᠤ ᠡᠬᠢᠯᠡᠵᠡᠢ᠃ ᠡᠭᠦᠨ ᠢ ᠭᠠᠵᠠᠷ ᠤᠷᠤᠨ ᠢᠶᠠᠷ ᠨᠢ ᠠᠩᠬᠢᠯᠠᠪᠠᠯ ᠬᠦᠯᠦᠨ ᠪᠤᠶᠢᠷ ᠤᠨ᠂ ᠰᠢᠨᠵᠢᠶᠡᠩ ᠤᠨ᠂ ᠵᠠᠷᠤᠳ ᠬᠤᠷᠴᠢᠨ ᠤ ᠭᠡᠬᠦ ᠭᠤᠷᠪᠠᠨ ᠭᠤᠤᠯᠳᠠᠯᠭ᠎ᠠ ᠲᠠᠢ ᠭᠠᠵᠠᠷ ᠤᠷᠤᠨ ᠪᠤᠢ᠃ ᠶᠠᠰᠤᠳᠠᠨ ᠢᠶᠠᠷ ᠨᠢ ᠨᠡᠷᠡᠯᠡᠪᠡᠯ ᠪᠠᠷᠭᠤ ᠂ ᠤᠶᠢᠷᠠᠳ ᠂ ᠵᠠᠷᠤᠳ ᠤᠨ ᠨᠤᠳᠤᠭ ᠲᠤ ᠳᠦᠪᠯᠡᠷᠡᠩᠭᠦᠢ ᠤᠷᠤᠰᠢᠵᠤ ᠪᠠᠶᠢᠨ᠎ᠠ ᠭᠡᠰᠡᠨ ᠳ᠋ᠦᠩᠨᠡᠯᠳᠡ ᠤᠯᠤᠭᠠᠳ ᠳᠤᠮᠳᠠᠳᠦ ᠤᠯᠤᠰ ᠤᠨ ᠮᠤᠩᠭᠤᠯ ᠳᠤᠤᠯᠢ ᠶᠢᠨ ᠭᠤᠷᠪᠠᠨ ᠳᠦᠪ ᠭᠡᠵᠤ ᠳᠤᠷᠠᠳᠤᠭᠰᠠᠨ ᠪᠠᠶᠢᠪᠠ᠃ ᠢᠩᠬᠢᠭᠡᠳ ᠡᠸᠦ᠋ᠷᠤᠫᠠ ᠶᠢᠨ ᠳᠤᠷᠠᠳᠤᠭᠰᠠᠨ ᠳᠦᠷᠪᠡᠨ ᠳᠤᠤᠯᠢ ᠶᠢᠨ ᠳᠦᠪ ᠳᠡᠭᠡᠷ᠎ᠡ ᠳᠤᠮᠳᠠᠳᠦ ᠶᠢᠨ ᠭᠤᠷᠪᠠᠨ ᠳᠦᠪ ᠢ ᠨᠡᠮᠡᠭᠡᠳ ︽ᠳᠡᠯᠡᠭᠡᠢ ᠶᠢᠨ ᠮᠤᠩᠭᠤᠯ ᠳᠤᠤᠯᠢ ᠶᠢᠨ ᠳᠤᠯᠤᠭᠠᠨ ᠳᠦᠪ︾ ᠭᠡᠰᠡᠨ ᠭᠡᠯᠡᠯᠭᠡ ᠪᠤᠢ ᠪᠤᠯᠤᠭᠰᠠᠨ ᠪᠠᠶᠢᠳᠠᠯ ᠲᠠᠢ᠃      ᠳᠠᠪᠤ᠂ ᠬᠦᠯᠦᠨ ᠪᠤᠶᠢᠷ ᠤᠨ ᠪᠠᠷᠭᠤ ᠪᠤᠷᠢᠶᠠᠳ ᠳᠤᠤᠯᠢ ︽ᠮᠠᠨ ᠤ ᠤᠯᠤᠰ ᠤᠨ ᠮᠤᠩᠭᠤᠯ ᠦᠨᠳᠦᠰᠦᠳᠡᠨ ᠤ ᠪᠠᠭᠠᠳᠤᠷᠯᠢᠭ ᠳᠤᠤᠯᠢ ᠶᠢᠨ ᠳᠤᠳᠤᠷ᠎ᠠ ᠬᠦᠯᠦᠨ ᠪᠤᠶᠢᠷ ᠬᠤᠳᠠ ᠶᠢᠨ ᠪᠠᠷᠭᠤ ᠨᠤᠳᠤᠭ ᠠᠴᠠ ᠤᠯᠳᠠᠭᠰᠠᠨ ᠳᠤᠤᠯᠢ ᠬᠠᠮᠤᠭ ᠤᠨ ᠤᠯᠠᠨ ᠪᠤᠢ︾ ᠭᠡᠵᠤ ᠵ᠊ · ᠷᠢᠨᠴᠢᠨᠳᠤᠷᠵᠢ ᠶᠠᠷᠢᠭᠰᠠᠨ ᠪᠠᠶᠢᠳᠠᠭ᠃ ᠳᠡᠭᠡᠭᠦᠯᠡᠷ ᠪᠢ ᠳᠠᠯᠠᠭᠠᠳ ᠤᠨ ᠤ ᠰᠡᠭᠦᠯᠴᠢ ᠠᠴᠠ ᠡᠬᠢᠯᠡᠨ ᠨᠠᠶᠠ᠂ ᠶᠡᠷᠡᠭᠡᠳ ᠤᠨ ᠤ ᠬᠤᠭᠤᠷᠤᠨᠳᠦ ᠪᠠᠷᠭᠤ ᠳᠤᠤᠯᠢ ᠶᠢ ᠠᠩᠬᠠᠷᠤᠨ ᠴᠤᠭᠯᠠᠭᠤᠯᠵᠤ᠂ ᠠᠳᠡ ᠳᠡᠨᠳᠡ ᠨᠡᠶᠢᠳᠡᠯᠡᠭᠳᠡᠭᠰᠡᠨ ᠵᠦᠢᠯ ᠢ ᠴᠤᠭᠯᠠᠭᠤᠯᠵᠤ ᠬᠤᠷᠢᠶᠠᠬᠤ ᠠᠴᠠ ᠭᠠᠳᠠᠨ᠎ᠠ ᠨᠠᠰᠤᠳᠠᠢ ᠳᠤᠮᠤᠭᠠᠳᠠᠢ ᠦᠯᠢᠭᠡᠷᠴᠢ ᠳᠤᠤᠯᠢᠴᠢ ᠨᠠᠷ ᠢ ᠬᠠᠶᠢᠨ ᠰᠤᠷᠪᠤᠯᠵᠢᠯᠠᠭᠰᠠᠭᠠᠷ ᠨᠡᠯᠢᠶᠡᠳ ᠰᠢᠨ᠎ᠡ ᠬᠤᠪᠢᠯᠪᠤᠷᠢ ᠶᠢ ᠤᠯᠤᠭᠰᠠᠨ ᠶᠤᠮ᠃ ᠢᠩᠬᠢᠭᠡᠳ 2009 ᠤᠨ ᠳᠤ ᠨᠡᠶᠢᠳᠡ ᠭᠤᠴᠢᠨ ᠳᠤᠤᠯᠢ ︵ᠬᠤᠪᠢᠯᠪᠤᠷᠢ ᠪᠠᠭᠳᠠᠨ᠎ᠠ︶ ᠪᠠᠷ ︽ᠬᠦᠯᠦᠨ ᠪᠤᠶᠢᠷ ᠤᠨ ᠪᠠᠷᠭᠤ ᠪᠤᠷᠢᠶᠠᠳ ᠳᠤᠤᠯᠢ︾ ᠬᠡᠮᠡᠬᠦ ᠨᠡᠶᠢᠳᠡ ᠬᠤᠶᠠᠷ ᠳᠦᠮᠡ ᠭᠠᠷᠤᠢ ᠮᠦᠷ ᠰᠢᠯᠦᠭ ᠪᠦᠭᠦᠢ ᠤᠬᠤᠷ ᠳᠤᠤᠯᠢ ᠶᠢᠨ ᠡᠮᠬᠢᠳᠭᠡᠯ ᠢ ᠬᠡᠪᠯᠡᠭᠦᠯᠵᠡᠢ᠃ ᠪᠠᠷᠭᠤ ᠪᠤᠷᠢᠶᠠᠳ ᠳᠤᠤᠯᠢ ᠭᠡᠬᠦ ᠶᠢᠨ ᠤᠴᠢᠷ ᠨᠢ      1. ᠳᠡᠦᠭᠡᠨ ᠳᠡᠭᠡᠷ᠎ᠡ ᠡᠷᠳᠡᠨ ᠤ ᠳᠦᠷᠪᠡᠨ ᠤᠶᠢᠷᠠᠳ ᠤᠨ ᠬᠤᠯᠪᠤᠭᠠᠨ ᠳᠤ ᠪᠠᠷᠭᠤ᠂ ᠪᠤᠷᠢᠶᠠᠳ᠂ ᠦᠭᠡᠯᠡᠳ ᠪᠠᠭᠳᠠᠯᠴᠠᠵᠤ ᠪᠠᠶᠢᠭᠰᠠᠨ ᠪᠦᠭᠡᠳ ᠤᠳᠤ ᠴᠦ ᠭᠡᠰᠡᠨ ᠬᠦᠯᠦᠨ ᠪᠤᠶᠢᠷ ᠨᠤᠳᠤᠭ ᠲᠤ ᠪᠠᠷᠭᠤ ᠪᠤᠷᠢᠶᠠᠳ ᠦᠭᠡᠯᠡᠳ ᠶᠠᠰᠤᠳᠠᠨ ᠬᠠᠷᠢᠯᠴᠠᠨ ᠬᠦᠷᠰᠢᠯᠡᠵᠤ ᠡᠶ᠎ᠡ ᠨᠠᠶᠢᠷᠳᠠᠢ ᠠᠮᠢᠳᠤᠷᠠᠭᠠᠳ ᠭᠤᠷᠪᠠᠨ ᠵᠠᠭᠤ ᠰᠢᠬᠠᠮ ᠵᠢᠯ ᠤᠨ ᠳᠡᠦᠭᠡ ᠶᠢ ᠡᠯᠡᠭᠡᠵᠤ ᠪᠠᠶᠢᠨ᠎ᠠ᠃      2. ᠷᠢᠨᠴᠢᠨᠳᠤᠷᠵᠢ ᠭᠤᠸᠠᠢ ᠵᠢᠷᠠᠭᠠᠳ ᠤᠨ ᠤ ᠡᠬᠢ ᠪᠠᠷ ᠠᠷᠠᠳ ᠤᠨ ᠠᠮᠠᠨ ᠵᠤᠬᠢᠶᠠᠯ ᠢ ᠰᠠᠷ᠎ᠠ ᠭᠠᠷᠦ᠋ᠢᠬᠠᠨ ᠬᠤᠭᠤᠴᠠᠭᠠᠨ ᠳᠤ ᠬᠠᠶᠢᠨ ᠴᠤᠭᠯᠠᠭᠤᠯᠬᠤ ᠳᠠᠭᠠᠨ ᠭᠤᠤᠯᠳᠠᠭᠤ ᠳᠡᠮᠦᠷ ᠵᠠᠮ ᠳᠠᠭᠠᠭᠰᠠᠨ ᠭᠤᠷᠪᠠᠨ ᠪᠠᠷᠭᠤ ᠬᠤᠰᠢᠭᠤᠨ ᠤ ᠮᠠᠯᠴᠢᠳ ᠠᠴᠠ ᠰᠤᠷᠪᠤᠯᠵᠢᠯᠠᠵᠤ ᠤᠯᠤᠭᠰᠠᠨ ᠮᠠᠲ᠋ᠧᠷᠢᠶᠠᠯ ᠢᠶᠠᠷ ᠰᠠᠭᠤᠷᠢᠯᠠᠨ ᠪᠠᠷᠭᠤ ᠳᠤᠤᠯᠢ ᠶᠢ ᠳᠤᠰᠬᠠᠶᠢᠯᠠᠨ ᠰᠤᠳᠤᠯᠤᠭᠰᠠᠨ ᠪᠠᠶᠢᠨ᠎ᠠ᠃ ᠭᠡᠬᠦ ᠳᠡᠭᠡᠨ ᠳᠡᠮᠦᠷ ᠵᠠᠮ ᠠᠴᠠ ᠵᠠᠶᠢᠳᠠᠭᠤ ᠰᠢᠨ᠎ᠡ ᠪᠠᠷᠭᠤ ᠵᠡᠭᠦᠨ ᠬᠤᠰᠢᠭᠤ᠂ ᠪᠤᠷᠢᠶᠠᠳ᠂ ᠦᠭᠡᠯᠡᠳ ᠨᠤᠳᠤᠭ ᠢᠶᠠᠷ ᠨᠡᠶᠢᠳᠡᠮ ᠶᠠᠪᠤᠵᠤ ᠠᠮᠵᠢᠭᠰᠠᠨ ᠦᠭᠡᠢ ᠨᠢ ᠢᠯᠡᠭᠡᠨ ᠪᠠᠶᠢᠨ᠎ᠠ᠃ ᠡᠭᠦᠨ ᠢ ᠭᠡᠵᠢᠶ ᠎ᠡ ᠬᠤᠶᠢᠨ᠎ᠡ ᠴᠤᠭᠯᠠᠭᠤᠯᠤᠭᠰᠠᠨ ᠳᠤᠭᠳᠠᠬᠤ᠂ ᠯᠠᠰᠤᠭᠮ᠎ᠠ ᠨᠠᠷ ᠤᠨ 1995 ᠤᠨ ᠳᠤ ᠨᠡᠶᠢᠳᠡᠯᠡᠭᠰᠡᠨ ᠪᠦᠳᠦᠭᠡᠯ ᠠᠴᠠ ᠪᠠᠰᠠ ᠮᠡᠳᠡᠵᠤ ᠪᠤᠯᠤᠨ᠎ᠠ᠃ ᠡᠶᠢᠮᠦ ᠠᠴᠠ ᠪᠢ ᠬᠦᠯᠦᠨ ᠪᠤᠶᠢᠷ ᠤᠨ ᠮᠤᠩᠭᠤᠯ ᠳᠤᠤᠯᠢ ᠶᠢᠨ ᠦᠨᠳᠦᠰᠦᠨ ᠪᠠᠶᠢᠳᠠᠯ ᠢ ᠠᠯᠢ ᠴᠢᠳᠠᠬᠤ ᠪᠠᠷ ᠪᠦᠷᠢᠳᠦᠭᠦᠯᠬᠦ ᠡᠭᠦᠳᠡᠨ ᠠᠴᠠ ᠤᠯᠳᠠᠭᠰᠠᠨ ᠵᠦᠢᠯ ᠢᠶᠠᠨ ᠪᠦᠷ ᠪᠠᠭᠳᠠᠭᠠᠵᠤ᠂ ᠳᠤᠤᠯᠢᠴᠢ ᠨᠠᠷ ᠢ ᠳᠤᠰ ᠳᠤᠰ ᠲᠤᠨᠢ ᠪᠤᠳᠠᠳᠠᠢ ᠳᠠᠨᠢᠯᠴᠠᠭᠤᠯᠬᠤ ᠶᠢ ᠬᠢᠴᠢᠶᠡᠪᠡ᠃ ᠭᠡᠬᠦ ᠳᠡᠭᠡᠨ ᠳᠡᠮᠳᠡᠭᠯᠡᠭᠦᠰᠢᠳᠡᠢ ᠨᠢ ᠪᠠᠷᠭᠤ ᠪᠤᠷᠢᠶᠠᠳ ᠳᠤᠤᠯᠢ ᠶᠢᠨ ᠬᠤᠭᠤᠷᠤᠨᠳᠦ ᠳᠠᠪᠬᠤᠴᠠᠭᠰᠠᠨ ᠳᠤᠤᠯᠢ ᠪᠤᠶᠤ ᠨᠢᠭᠡ ᠨᠢᠭᠡᠨ ᠳᠡᠭᠡᠨ ᠵᠢᠭᠡᠯᠡᠭᠳᠡᠭᠰᠡᠨ ᠬᠤᠪᠢᠯᠪᠤᠷᠢ ᠶᠡᠷᠦ ᠳᠤᠬᠢᠶᠠᠯᠳᠤᠭᠰᠠᠨ ᠦᠭᠡᠢ ᠨᠢ ᠪᠠᠰᠠ ᠰᠤᠨᠢᠷᠬᠠᠯᠳᠠᠢ᠃      ᠬᠠᠷᠢᠨ ᠰᠠᠨᠠᠮᠰᠠᠷ ᠦᠭᠡᠢ ᠨᠢᠭᠡᠨ ᠤᠴᠢᠷ ᠪᠤᠯ 2010 ᠤᠨ ᠳᠤ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠠᠴᠠ ︽ᠬᠦᠯᠦᠨ ᠪᠤᠶᠢᠷ ᠤᠨ ᠪᠠᠷᠭᠤ ᠪᠤᠷᠢᠶᠠᠳ ᠳᠤᠤᠯᠢ︾ ᠨᠤᠮ ᠢ ᠬᠦᠨ ᠤᠬᠠᠭᠠᠨ ᠨᠡᠶᠢᠭᠡᠮ ᠤᠨ ᠰᠢᠨᠵᠢᠯᠡᠬᠦ ᠤᠬᠠᠭᠠᠨ ᠤ ᠦᠷ᠎ᠡ ᠪᠦᠳᠦᠭᠡᠯ ᠵᠶᠠᠷ ᠱᠠᠩᠨᠠᠵᠤ᠂ ᠤᠯᠠᠮ ᠢᠶᠠᠷ ︽ᠪᠠᠷᠭᠤ ᠠᠷᠠᠳ ᠤᠨ ᠪᠠᠭᠠᠳᠤᠷᠯᠢᠭ ᠳᠤᠤᠯᠢ︾ ᠶᠢ ᠤᠷᠤᠨ ᠤ ᠳᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠳᠤᠭᠳᠠᠭᠠᠭᠰᠠᠨ ᠪᠠᠶᠢᠨ᠎ᠠ᠃ ᠢᠩᠬᠢᠭᠡᠳ ᠳᠤᠤᠯᠢ ᠶᠢᠨ ᠰᠤᠳᠤᠯᠭᠠᠨ ᠠᠴᠠ ᠭᠤᠭᠤᠵᠢᠭᠳᠠᠭᠰᠠᠨ ᠬᠦᠯᠦᠨ ᠪᠤᠶᠢᠷ ᠤᠨ ᠮᠤᠩᠭᠤᠯ ᠳᠤᠤᠯᠢ ᠶᠢᠨ ᠰᠤᠳᠤᠯᠭᠠᠨ ᠳᠠᠬᠢᠨᠳᠠ ᠡᠷᠳᠡᠮ ᠰᠢᠨᠵᠢᠯᠡᠭᠡᠨ ᠤ ᠡᠷᠬᠢᠯᠳᠡ ᠳᠤ ᠤᠯᠵᠤ ᠳᠦᠷᠦᠭᠡᠯᠡᠭᠰᠡᠨ ᠤᠴᠢᠷ ᠪᠤᠯᠵᠤ ᠪᠠᠶᠢᠨ᠎ᠠ᠃ ᠭᠡᠪᠡᠴᠦ ᠪᠠᠰᠠ ᠰᠤᠷᠤᠯᠴᠠᠬᠤ᠂ ᠰᠤᠳᠤᠯᠬᠤ᠂ ᠵᠠᠯᠭᠠᠮᠵᠢᠯᠠᠬᠤ᠂ ᠳᠡᠯᠭᠡᠷᠡᠭᠦᠯᠬᠦ ᠠᠵᠢᠯ ᠡᠭᠦᠷᠭᠡ ᠮᠠᠰᠢ ᠶᠡᠭᠡ ᠪᠠᠶᠢᠭᠰᠠᠭᠠᠷ᠃ ᠨᠠᠭᠠᠨ᠎ᠠ ᠭᠡᠯᠡᠬᠦ ᠳᠤ ᠮᠢᠩᠭ᠎ᠠ ᠭᠠᠷᠤᠢ ᠵᠢᠯ ᠤᠨ ᠳᠡᠦᠭᠡ ᠲᠠᠢ᠂ ᠳᠡᠯᠡᠭᠡᠢ ᠳᠤ ᠨᠡᠷᠡᠳᠡᠢ ᠳᠤᠤᠯᠢ ᠪᠠᠨ ᠤᠷᠠᠯᠢᠭ ᠤᠨ ᠳᠠᠯ᠎ᠠ ᠪᠠᠷ ᠨᠡᠭᠡᠭᠡᠨ ᠠᠰᠢᠭᠯᠠᠬᠤ᠂ ᠬᠤᠶᠢᠴᠢ ᠦᠶ᠎ᠡ ᠳᠡᠭᠡᠨ ᠦᠪᠯᠡᠨ ᠤᠯᠠᠮᠵᠢᠯᠠᠭᠤᠯᠬᠤ᠂ ᠤᠨᠤᠯ ᠵᠦᠢ ᠶᠢᠨ ᠬᠤᠪᠢ ᠠᠴᠠ ᠰᠤᠳᠤᠯᠤᠨ ᠰᠢᠨᠵᠢᠯᠡᠬᠦ ᠭᠡᠷᠡᠭᠴᠡᠭᠡ ᠱᠠᠭᠠᠷᠳᠠᠯᠭ᠎ᠠ ᠴᠦ ᠶᠡᠭᠡ ᠪᠤᠢ᠃ ᠲᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠷᠢᠨᠴᠢᠨᠳᠤᠷᠵᠢ ᠶᠢᠨ ︽ᠪᠠᠷᠭᠤ ᠠᠷᠠᠳ ᠤᠨ ᠪᠠᠭᠠᠳᠤᠷᠯᠢᠭ ᠳᠤᠤᠯᠢ ᠨᠢ ᠨᠢᠭᠡᠨ ᠭᠡᠮᠵᠢᠶ᠎ᠡ ᠪᠠᠷ ᠪᠤᠰᠤᠳ ᠤᠷᠤᠨ ᠤ ᠳᠤᠤᠯᠢᠰ ᠢ ᠳᠦᠯᠦᠭᠡᠯᠡᠬᠦ ᠴᠢᠨᠠᠷᠳᠠᠢ ᠪᠠᠶᠢᠳᠠᠭ︾ ︵︽ᠮᠤᠩᠭᠤᠯ ᠳᠤᠤᠯᠢ ᠶᠢᠨ ᠳᠤᠪᠴᠢᠶᠠᠨ︾ ᠨᠤᠮ ᠤᠨ 118 ᠳ᠋ᠤᠭᠠᠷ ᠨᠢᠭᠤᠷ︶ ᠭᠡᠰᠡᠨ ᠰᠢᠭ ᠢᠶᠠᠷ ᠮᠠᠨ ᠤ ᠬᠦᠯᠦᠨ ᠪᠤᠶᠢᠷᠴᠤᠳ ᠳᠡᠯᠡᠭᠡᠢ ᠳᠤ ᠬᠤᠪᠤᠷᠬᠠᠨ ᠰᠤᠶᠤᠯ ᠤᠨ ᠦᠪ ᠢᠶᠠᠨ ᠨᠠᠨᠳᠢᠩᠨᠠᠵᠤ᠂ ᠦᠪᠡᠷᠰᠡᠳ ᠤᠨ ᠡᠷᠳᠡᠨᠢ ᠰᠤᠪᠤᠳ ᠵᠶᠠᠨ ᠡᠪᠡᠰᠦ ᠰᠢᠷᠤᠢ ᠪᠠᠷ ᠬᠤᠳᠬᠤᠬᠤ ᠦᠭᠡᠢ ᠪᠠᠶᠢᠭᠠᠰᠠᠢ ᠭᠡᠵᠤ ᠪᠤᠳᠤᠨᠠᠮ᠃      ᠵᠢᠷᠭᠤᠭ᠎ᠠ᠂ ᠪᠠᠷᠭᠤ ᠳᠤᠤᠯᠢ ᠶᠢᠨ ᠳᠠᠷᠬᠠᠴᠠ ᠪᠠ ᠭᠤᠤᠯ ᠭᠠᠵᠠᠷ ᠤᠷᠤᠨ ᠪᠠᠷᠭᠤ ᠶᠢᠨ ᠡᠷᠳᠡᠨ ᠤ ᠤᠬᠤᠷ ᠳᠤᠤᠯᠢ ᠶᠢᠨ ᠳᠠᠷᠬᠠᠴᠠ ᠶᠢᠨ ᠪᠠᠶᠢᠳᠠᠯ ᠢ 1962 ᠤᠨ ᠳᠤ ᠷᠢᠨᠴᠢᠨᠳᠤᠷᠵᠢ ᠭᠤᠸᠠᠢ ᠶᠢᠨ ᠬᠠᠶᠢᠨ ᠴᠤᠭᠯᠠᠭᠤᠯᠤᠭᠰᠠᠨ ᠬᠤᠷᠢ ᠰᠢᠬᠠᠮ ᠳᠤᠤᠯᠢ ᠶᠢᠨ ᠳᠦᠴᠢ ᠭᠠᠷᠤᠢ ᠬᠤᠪᠢᠯᠪᠤᠷᠢ ᠳᠤᠳᠤᠷᠬᠠᠢ ᠬᠠᠷᠠᠭᠤᠯᠵᠤ ᠪᠠᠶᠢᠨ᠎ᠠ᠃ ᠪᠠᠰᠠ ᠳ᠋ᠤᠺᠲ᠋ᠤᠷ ᠳᠤᠯᠠᠭᠠᠨ ᠤ ︽ᠰᠢᠯᠢᠨ ᠭᠠᠯᠵᠠᠭᠤ ᠪᠠᠭᠠᠳᠤᠷ ᠳᠤᠤᠯᠢ ᠶᠢᠨ ᠬᠠᠷᠢᠴᠠᠭᠤᠯᠤᠭᠰᠠᠨ ᠰᠤᠳᠤᠯᠤᠯ ᠬᠢᠭᠡᠳ ᠲᠧᠺᠰᠲ ᠡᠮᠬᠢᠳᠭᠡᠯ︾ ᠳᠤ ᠨᠡᠶᠢᠳᠡᠯᠡᠭᠰᠡᠨ 15 ᠬᠤᠪᠢ ︽ᠰᠢᠯᠢᠨ ᠭᠠᠯᠵᠠᠭᠤ ᠪᠠᠭᠠᠳᠤᠷ︾ ᠳᠤᠤᠯᠢ ᠶᠢᠨ ᠳᠠᠷᠬᠠᠴᠠ ᠶᠢᠨ ᠭᠠᠵᠠᠷ ᠤᠨ ᠵᠢᠷᠤᠭ ᠠᠴᠠ ᠦᠵᠡᠬᠦ ᠳᠤ ᠬᠠᠭᠠᠰ ᠤᠷᠴᠢᠮ ᠨᠢ ᠮᠤᠩᠭᠤᠯ ᠤᠯᠤᠰ ᠠᠴᠠ᠂ ᠬᠠᠭᠠᠰ ᠤᠷᠴᠢᠮ ᠨᠢ ᠳᠤᠮᠳᠠᠳᠦ ᠤᠯᠤᠰ ᠠᠴᠠ ᠤᠯᠳᠠᠭᠰᠠᠨ ᠪᠠᠶᠢᠨ᠎ᠠ᠃ ᠦᠪᠦᠷ ᠮᠤᠩᠭᠤᠯ ᠠᠴᠠ ᠤᠯᠳᠠᠭᠰᠠᠨ 7 ᠬᠤᠪᠢ ᠶᠢᠨ 5 ᠨᠢ ᠬᠦᠯᠦᠨ ᠪᠤᠶᠢᠷ ᠤᠨ ᠪᠠᠷᠭᠤ ᠬᠤᠰᠢᠭᠤᠳ ᠠᠴᠠ ᠤᠯᠳᠠᠭᠰᠠᠨ ᠪᠠᠶᠢᠳᠠᠭ᠃ ᠡᠭᠦᠨ ᠠᠴᠠ ᠦᠵᠡᠬᠦᠳᠤ ᠪᠠᠷᠭᠤ ᠳᠤᠤᠯᠢ ᠶᠢᠨ ᠳᠠᠷᠬᠠᠴᠠ ᠶᠢᠨ ᠪᠠᠶᠢᠳᠠᠯ ᠢ ᠨᠢᠭᠡᠨ ᠭᠡᠮᠵᠢᠶᠡᠨ ᠳᠤ ᠤᠶᠢᠯᠠᠭᠠᠵᠤ ᠪᠤᠯᠤᠨ᠎ᠠ᠃ ᠦᠭᠡᠷ᠎ᠡ ᠪᠠᠷ ᠭᠡᠯᠡᠪᠡᠯ ᠳᠡᠦᠭᠡᠨ ᠰᠢᠯᠳᠠᠭᠠᠨ ᠠᠴᠠ ᠪᠤᠯᠵᠤ᠂ ᠠᠽᠢᠶ᠎ᠠ ᠡᠸᠦ᠋ᠷᠤᠫᠠ ᠪᠠᠷ ᠳᠠᠷᠬᠠᠭᠰᠠᠨ ᠪᠠᠷᠭᠤᠴᠤᠳ ᠤᠨ ᠭᠤᠤᠯ ᠳᠦᠪᠯᠡᠷᠡᠯ ᠨᠢ ᠬᠦᠯᠦᠨ ᠪᠤᠶᠢᠷ ᠤᠨ ᠭᠤᠷᠪᠠᠨ ᠪᠠᠷᠭᠤ ᠬᠤᠰᠢᠭᠤ ᠪᠤᠯᠬᠤ ᠶᠢ ᠬᠠᠷᠠᠭᠤᠯᠵᠤ ᠪᠤᠢ᠃      ᠪᠠᠷᠭᠤ ᠳᠤᠤᠯᠢ ᠶᠢᠨ ᠡᠭᠦᠰᠦᠭᠰᠡᠨ ᠭᠠᠵᠠᠷ ᠤᠷᠤᠨ ᠢ ᠡᠷᠳᠡᠮᠳᠡᠳ ᠶᠡᠷᠦᠩᠭᠡᠢ ᠳᠡᠭᠡᠨ ᠡᠷᠳᠡᠨ ᠤ ᠤᠢ ᠶᠢᠨ ᠢᠷᠭᠡᠳ ᠪᠤᠯᠬᠤ ᠪᠠᠷᠭᠤ᠂ ᠪᠤᠷᠢᠶᠠᠳ᠂ ᠦᠭᠡᠯᠡᠳ ᠤᠨ ᠨᠤᠳᠤᠭ ᠲᠤ ᠡᠭᠦᠰᠦᠭᠰᠡᠨ ᠭᠡᠵᠤ ᠦᠵᠡᠵᠡᠭᠡᠵᠤ ᠪᠠᠶᠢᠨ᠎ᠠ᠃ ᠡᠰᠡᠭᠦᠯ᠎ᠡ ᠡᠷᠳᠡᠨ ᠤ ᠪᠠᠷᠭᠤᠵᠢᠨ ᠨᠤᠳᠤᠭ ᠭᠡᠵᠤ ᠤᠨᠤᠭᠠᠵᠤ ᠳᠤᠷᠠᠳᠤᠭᠰᠠᠨ ᠨᠢ ᠪᠠᠰᠠ ᠪᠤᠢ᠃ ᠮᠢᠨᠤ ᠡᠮᠬᠢᠳᠭᠡᠵᠤ ᠴᠤᠭᠯᠠᠭᠤᠯᠤᠭᠰᠠᠨ ᠪᠠᠷᠭᠤ ᠳᠤᠤᠯᠢ ᠶᠢᠨ ᠤᠯᠠᠩᠬᠢ ᠨᠢ ᠷᠢᠨᠴᠢᠨᠳᠤᠷᠵᠢ ᠭᠤᠸᠠᠢ ᠶᠢᠨ ᠡᠮᠬᠢᠳᠭᠡᠭᠰᠡᠨ ᠳᠤᠤᠯᠢ ᠶᠢᠨ ᠬᠤᠪᠢᠯᠪᠤᠷᠢ ᠨᠤᠭᠤᠳ ᠪᠠᠶᠢᠭᠰᠠᠨ ᠪᠤᠯᠪᠠᠴᠤ ᠬᠠᠷᠢᠨ ᠶᠠᠷᠢᠭᠰᠠᠨ ᠳᠤᠤᠯᠢᠴᠢ ᠨᠠᠷ ᠨᠢ ᠪᠦᠷ ᠦᠭᠡᠷ᠎ᠡ ᠬᠦᠮᠦᠰ ᠪᠠᠶᠢᠭᠰᠠᠨ ᠶᠤᠮ᠃ ᠡᠳᠡᠭᠡᠷ ᠳᠤᠤᠯᠢᠴᠢ ᠨᠠᠷ ᠤᠨ ᠳᠠᠷᠬᠠᠭᠰᠠᠨ ᠭᠠᠵᠠᠷ ᠪᠤᠯᠤᠨ ᠪᠠᠶᠢᠷᠢ ᠨᠢ ᠪᠠᠰᠠ ᠷᠢᠨᠴᠢᠨᠳᠤᠷᠵᠢ ᠭᠤᠸᠠᠢ ᠶᠢᠨ ᠬᠦᠷᠦᠭᠰᠡᠨ ᠭᠠᠵᠠᠷ ᠤᠨ ᠬᠢ ᠲᠠᠢ ᠵᠦᠷᠢᠶ᠎ᠡ ᠲᠠᠢ ᠶᠤᠮ᠃ ᠡᠨᠡ ᠨᠢ ᠪᠠᠷᠭᠤ ᠳᠤᠤᠯᠢ ᠶᠢᠨ ᠳᠠᠷᠬᠠᠴᠠ ᠪᠠ ᠳᠤᠭ᠎ᠠ ᠳᠠᠪᠳᠠᠮᠵᠢ ᠶᠢ ᠤᠯᠠᠮ ᠨᠡᠮᠡᠭᠳᠡᠭᠦᠯᠪᠡ᠃      ᠳᠤᠯᠤᠭ᠎ᠠ᠂ ᠪᠠᠷᠭᠤ ᠳᠤᠤᠯᠢ ᠶᠢᠨ ᠦᠪᠡᠷᠮᠢᠴᠡ ᠤᠨᠴᠠᠯᠢᠭ      1. ᠠᠭᠤᠯᠭ᠎ᠠ ᠨᠢ ᠡᠷᠳᠡᠨ ᠤ ᠤᠪᠤᠭ ᠳᠦᠷᠦᠯ ᠤᠨ ᠨᠡᠶᠢᠭᠡᠮ ᠤᠨ ᠰᠢᠨᠵᠢ ᠲᠠᠢ︔      2. ᠪᠦᠳᠦᠴᠡ ᠨᠢ ᠨᠢᠭᠡ᠂ ᠬᠤᠶᠠᠷ ᠠᠭᠤᠯᠭ᠎ᠠ ᠪᠠᠷ ᠪᠦᠷᠢᠯᠳᠦᠭᠰᠡᠨ ᠴᠤᠯᠭᠤᠢ ᠪᠠᠶᠢᠳᠠᠯ ᠲᠠᠢ︔      3. ᠭᠤᠤᠯ ᠪᠠᠭᠠᠳᠤᠷ ᠨᠢ ᠭᠤᠤᠯᠳᠠᠭᠤ ᠭᠠᠭᠴᠠ ᠪᠠᠭᠠᠳᠤᠷ ᠪᠤᠶᠤ ᠮᠠᠩᠭᠤᠳ ᠪᠠᠶᠢᠳᠠᠭ︔      4. ᠦᠯᠢᠭᠡᠷ ᠦᠢᠯᠡ ᠶᠠᠪᠤᠳᠠᠯ ᠨᠢ ᠳᠤᠪᠴᠢ ᠰᠢᠯᠤᠭᠤᠨ ᠬᠦᠭᠵᠢᠳᠡᠭ︔      5. ᠳᠠᠶᠢᠳᠤᠬᠤ ᠭᠡᠪᠴᠢᠶ᠎ᠡ ᠨᠢ ᠬᠤᠶᠠᠷ ᠭᠤᠤᠯ ᠤᠷᠤᠯᠴᠠᠭᠴᠢ ᠪᠠᠷ ᠬᠢᠵᠠᠭᠠᠷᠯᠠᠨ᠎ᠠ︔      6. ᠢᠯᠡᠳᠭᠡᠬᠦ  ᠭᠡᠯᠪᠡᠷᠢ ᠨᠢ ᠰᠢᠯᠦᠭᠯᠡᠬᠦ ᠪᠠᠷ ᠭᠤᠤᠯ ᠪᠤᠯᠭᠠᠵᠤ᠂ ᠬᠦᠦᠷᠨᠢᠬᠦ ᠤᠶᠠᠯᠳᠤᠨ᠎ᠠ︔      7. ᠦᠯᠢᠭᠡᠷ ᠤᠨ ᠬᠡᠪᠴᠢᠶ᠎ᠡ ᠨᠢ ᠤᠯᠠᠩᠬᠢ ᠳᠠᠭᠠᠨ 1 — 2 ᠮᠢᠩᠭᠠᠨ ᠮᠦᠷ ᠤᠷᠴᠢᠮ ᠰᠢᠯᠦᠭ ᠪᠠᠶᠢᠳᠠᠭ ᠃ ᠳᠡᠭᠡᠷ᠎ᠡ ᠦᠶ᠎ᠡ ᠳᠤ ᠨᠢᠭᠡ ᠬᠤᠶᠠᠷ ᠡᠳᠦᠷ ᠢᠶᠠᠷ ᠶᠠᠷᠢᠳᠠᠭ ᠤᠷᠳᠤ ᠳᠤᠤᠯᠢ ᠪᠠᠶᠢᠭᠰᠠᠨ ᠭᠡᠬᠦ ᠶᠠᠷᠢᠶ᠎ᠠ ᠪᠠᠶᠢᠳᠠᠭ ᠪᠤᠯᠪᠠᠴᠤ ᠦᠯᠡᠳᠡᠵᠤ ᠤᠯᠳᠠᠭᠰᠠᠨ ᠵᠦᠢᠯ ᠦᠭᠡᠢ︔       8. ᠪᠠᠷᠭᠤ ᠳᠤᠤᠯᠢ ᠶᠢᠨ ᠭᠤᠤᠯ ᠪᠠᠭᠠᠳᠤᠷ ᠨᠢ ᠭᠡᠵᠢᠶᠡᠳᠡ ᠢᠯᠠᠯᠳᠠ ᠪᠠᠷ ᠳᠡᠭᠦᠰᠳᠡᠭ ᠤᠨᠴᠠᠯᠢᠭ ᠲᠠᠢ︔      ᠨᠠᠢᠮᠠ᠂ ᠮᠤᠩᠭᠤᠯ ᠳᠤᠤᠯᠢ ᠶᠢᠨ ᠨᠡᠶᠢᠳᠡᠯᠢᠭ ᠤᠨᠴᠠᠯᠢᠭ      1. ᠮᠤᠩᠭᠤᠯ ᠳᠤᠤᠯᠢ ᠪᠤᠯ ᠤᠪᠤᠭ ᠠᠶᠢᠮᠠᠭ ᠤᠨ ᠨᠡᠶᠢᠭᠡᠮ ᠪᠤᠯᠤᠨ ᠹᠸᠤᠳᠠᠯ ᠨᠡᠶᠢᠭᠡᠮ ᠤᠨ ᠴᠠᠭ ᠦᠶ᠎ᠡ ᠶᠢ ᠵᠠᠭᠠᠭᠯᠠᠭᠰᠠᠨ ᠤᠨᠴᠠᠯᠢᠭ ᠲᠠᠢ᠃ 13 ᠳ᠋ᠤᠭᠠᠷ ᠵᠠᠭᠤᠨ ᠤ ᠦᠶ᠎ᠡ ᠳᠤ ᠦᠨᠳᠦᠰᠦᠨ ᠳᠦᠯᠦᠪ ᠨᠢ ᠨᠢᠭᠡᠨᠳᠡ ᠳᠤᠭᠳᠠᠪᠤᠷᠢᠵᠢᠭᠠᠳ ᠳᠤᠤᠯᠢ ᠶᠢᠨ ᠵᠠᠭᠪᠤᠷ ᠵᠤᠭᠰᠤᠩᠭᠤᠶᠢᠷᠠᠭᠰᠠᠨ ᠪᠠᠶᠢᠨ᠎ᠠ︔      2. ᠳᠡᠦᠭᠡ ᠶᠢᠨ ᠤᠷᠳᠤ ᠬᠤᠭᠤᠴᠠᠭᠠᠨ ᠳᠤ ᠬᠦᠳᠡᠭᠡ ᠨᠤᠳᠤᠭ ᠲᠤ ᠴᠢᠯᠦᠭᠡᠳᠡᠢ ᠳᠠᠷᠬᠠᠨ ᠳᠡᠯᠭᠡᠷᠡᠵᠤ᠂ ᠮᠠᠰᠢ ᠤᠯᠠᠨ ᠬᠤᠪᠢᠯᠪᠤᠷᠢ ᠲᠠᠢ ᠪᠤᠯᠤᠨ ᠬᠦᠭᠵᠢᠵᠡᠢ᠃ ᠡᠨᠡ ᠨᠢ ᠮᠤᠩᠭᠤᠯ ᠤᠨ ᠨᠡᠶᠢᠭᠡᠮ ᠤᠨ ᠳᠡᠦᠭᠡᠨ ᠬᠦᠭᠵᠢᠯ ᠤᠨ ᠰᠢᠯᠳᠠᠭᠠᠨ ᠲᠠᠢ ᠤᠶᠠᠯᠳᠤᠨ᠎ᠠ︔       3. ᠡᠯ᠎ᠡ ᠳᠦᠷᠦᠯ ᠤᠨ ᠠᠳᠠᠯᠢ ᠪᠤᠰᠤ ᠳᠤᠤᠯᠢ ᠨᠢ ᠪᠦᠰᠡ ᠨᠤᠳᠤᠭ ᠤᠨ ᠵᠦᠷᠢᠶ᠎ᠡ ᠪᠠᠷ ᠢᠯᠡᠷᠭᠡᠢ ᠦᠪᠡᠷᠮᠢᠴᠡ ᠤᠨᠴᠠᠯᠢᠭ ᠲᠠᠢ ᠪᠠᠶᠢᠳᠠᠭ᠃ ᠵᠢᠱᠢᠶᠡᠯᠡᠪᠡᠯ ᠪᠠᠷᠭᠤ ᠳᠤ ᠪᠠᠯᠠᠷᠯᠢᠭ ᠡᠷᠳᠡᠨ ᠤ ᠤᠬᠤᠷ ᠳᠤᠤᠯᠢ ᠮᠠᠰᠢ ᠤᠯᠠᠨ ᠪᠠᠶᠢᠬᠤ ᠳᠤ ᠤᠶᠢᠷᠠᠳ ᠲᠤ ᠳᠤᠮᠳᠠᠳᠦ ᠡᠷᠳᠡᠨ ᠤ ᠤᠯᠠᠨ ᠠᠭᠤᠯᠭ᠎ᠠ ᠬᠠᠪᠰᠤᠷᠤᠭᠰᠠᠨ ᠤᠷᠳᠤ ᠮᠦᠴᠡᠯᠭᠡ ᠳᠤᠤᠯᠢ ᠶᠡᠭᠡ ᠬᠦᠭᠵᠢᠵᠤ᠂ ᠬᠤᠷᠴᠢᠨ ᠳᠤ ᠬᠠᠷᠢᠨ ᠤᠶᠢᠷ᠎ᠠ ᠡᠷᠳᠡᠨ ᠤ ᠮᠠᠩᠭᠤᠰ ᠤᠨ ᠬᠤᠭᠤᠷ ᠤᠨ ᠦᠯᠢᠭᠡᠷ ᠪᠤᠯᠵᠤ ᠬᠦᠭᠵᠢᠭᠰᠡᠨ ᠪᠠᠶᠢᠳᠠᠯ ᠲᠠᠢ᠃      ᠶᠢᠰᠦ᠂ ᠡᠷᠳᠡᠨ ᠤ ᠪᠠᠷᠭᠤ ᠶᠢᠨ ᠤᠬᠤᠷ ᠳᠤᠤᠯᠢ ᠶᠢᠨ ᠤᠷᠬᠢᠭᠳᠠᠵᠤ ᠪᠠᠭᠤᠷᠠᠭᠰᠠᠨ ᠰᠢᠯᠳᠠᠭᠠᠨ      1. 19 — 20 ᠳ᠋ᠤᠭᠠᠷ ᠵᠠᠭᠤᠨ ᠤ ᠦᠶ᠎ᠡ ᠳᠤ ᠰᠤᠶᠤᠯ ᠰᠢᠨᠵᠢᠯᠡᠬᠦ ᠤᠬᠠᠭᠠᠨ ᠤ ᠬᠦᠭᠵᠢᠯᠳᠡ ᠶᠢ ᠳᠠᠭᠠᠯᠳᠤᠨ ᠠᠮᠠᠨ ᠵᠤᠬᠢᠶᠠᠯ ᠤᠨ ᠪᠠᠶᠢᠷᠢ ᠰᠠᠭᠤᠷᠢ ᠠᠶᠠᠨᠳᠠᠭᠠᠨ ᠰᠤᠯᠠᠷᠠᠭᠰᠠᠨ︔      2. ᠠᠮᠠᠨ ᠵᠤᠬᠢᠶᠠᠯ ᠤᠨ ᠳᠦᠷᠦᠯ ᠵᠦᠢᠯ ᠳᠠᠪᠠᠭᠤ ᠪᠠᠶᠢᠷᠢ ᠡᠵᠡᠯᠡᠵᠤ᠂ ᠳᠦᠪᠡᠳ᠂ ᠮᠠᠨᠵᠤ᠂ ᠬᠢᠳᠠᠳ ᠵᠡᠷᠭᠡ ᠬᠠᠷᠢ ᠦᠨᠳᠦᠰᠦᠳᠡᠨ ᠤ ᠤᠷᠠᠨ ᠵᠤᠬᠢᠶᠠᠯ ᠤᠨ ᠨᠦᠯᠦᠭᠡ ᠭᠠᠵᠠᠷ ᠠᠪᠤᠭᠰᠠᠨ︔         3. ᠬᠤᠪᠢᠰᠬᠠᠯ ᠠᠴᠠ ᠬᠤᠶᠢᠰᠢ ᠰᠢᠨ᠎ᠡ ᠰᠤᠷᠭᠠᠨ ᠬᠦᠮᠦᠵᠢᠯ ᠮᠠᠰᠢ ᠳᠦᠷᠭᠡᠨ ᠳᠦᠭᠡᠮᠡᠯᠵᠢᠵᠤ᠂ ᠮᠤᠩᠭᠤᠯ ᠦᠨᠳᠦᠰᠦᠳᠡᠨ ᠤ ᠰᠢᠨ᠎ᠡ ᠤᠷᠠᠨ ᠵᠤᠬᠢᠶᠠᠯ ᠤᠨ ᠨᠦᠯᠦᠭᠡ ᠠᠯᠢ ᠴᠦ ᠦᠶ᠎ᠡ ᠠᠴᠠ ᠢᠯᠡᠭᠦᠦ ᠳᠦᠷᠭᠡᠨ ᠳᠠᠷᠬᠠᠵᠤ᠂ ᠡᠨᠡ ᠨᠢ ᠰᠢᠨᠵᠢᠯᠡᠬᠦ ᠤᠬᠠᠭᠠᠨ ᠤ ᠮᠡᠳᠡᠯᠭᠡ ᠳᠡᠭᠡᠭᠰᠢᠯᠡᠭᠰᠡᠨ ᠲᠠᠢ ᠬᠤᠯᠪᠤᠭᠳᠠᠨ᠎ᠠ᠃ ᠠᠷᠠᠳ ᠤᠯᠠᠨ ᠤ ᠰᠤᠶᠤᠯ ᠤᠨ ᠳᠦᠭᠡᠮᠡᠯᠵᠢᠯᠳᠡ ᠪᠤᠯᠤᠨ ᠳᠦᠷᠦ ᠵᠠᠰᠠᠭ ᠤᠨ ᠳᠦᠷᠦ ᠶᠢᠨ ᠪᠤᠳᠤᠯᠭ᠎ᠠ ᠲᠠᠢ ᠨᠡᠶᠢᠯᠡᠭᠡᠳ ᠨᠡᠶᠢᠭᠡᠮ ᠤᠨ ᠭᠤᠤᠯ ᠤᠷᠤᠰᠬᠠᠯ ᠪᠤᠯᠤᠭᠰᠠᠨ ᠤᠴᠢᠷ ᠠᠴᠠ ᠬᠠᠭᠤᠴᠢᠨ ᠵᠦᠢᠯ ᠠᠶᠠᠨᠳᠠᠭᠠᠨ ᠪᠠᠯᠠᠷᠠᠵᠤ᠂ ᠵᠠᠷᠢᠮ ᠤᠯᠠᠮᠵᠢᠯᠠᠯᠳᠦ ᠰᠤᠶᠤᠯ ᠤᠬᠠᠮᠰᠠᠷ ᠠᠷᠢᠯᠵᠤ ᠳᠠᠰᠤᠷᠠᠬᠤ ᠭᠡᠮᠵᠢᠶᠡᠨ ᠳᠤ ᠳᠤᠯᠵᠠᠢ᠃ ᠠᠷᠠᠳ ᠤᠨ ᠰᠡᠴᠡᠨ ᠦᠭᠡ ᠪᠠᠷ ᠭᠡᠯᠡᠪᠡᠯ ︽ᠬᠠᠭᠤᠴᠢᠨ ᠶᠠᠭᠤᠮ᠎ᠠ ᠤᠯᠠ ᠪᠤᠯᠵᠤ᠂ ᠰᠢᠨ᠎ᠡ ᠶᠠᠭᠤᠮ᠎ᠠ ᠵᠤᠯᠠ ᠪᠤᠯᠵᠤ︾ ᠪᠠᠶᠢᠭ᠎ᠠ ᠨᠢ ᠳᠡᠷᠡ ᠪᠤᠯᠠᠢ︔         4. ᠨᠡᠶᠢᠭᠡᠮ ᠤᠨ ᠤᠷᠴᠢᠨ ᠳᠤᠭᠤᠷᠢᠨ ᠤ ᠨᠦᠯᠦᠭᠡ ᠰᠢᠬᠠᠯᠳᠠ ᠪᠠ ᠳᠠᠸᠠᠷ ᠤᠨ ᠠᠵᠤ ᠠᠬᠤᠢ ᠶᠢᠨ ᠤᠷᠤᠰᠬᠠᠯ ᠠᠴᠠ ᠪᠤᠯᠵᠤ᠂ ᠤᠳᠤᠬᠠᠨ ᠤ ᠨᠡᠶᠢᠭᠡᠮ ᠠᠵᠤ ᠠᠬᠤᠢ ᠶᠢᠨ ᠬᠠᠭᠤᠴᠢᠨ ᠰᠠᠭᠤᠷᠢ ᠶᠢ ᠶᠡᠭᠡ ᠦᠭᠡᠷᠡᠴᠢᠯᠡᠵᠤ ᠪᠠᠶᠢᠨ᠎ᠠ᠃ ᠡᠨᠡ ᠦᠶ᠎ᠡ ᠳᠤ ᠶᠠᠭᠤ ᠪᠠᠨ ᠬᠠᠮᠠᠭᠠᠯᠠᠵᠤ ᠦᠯᠡᠳᠡᠭᠡᠬᠦ ᠶᠤᠰᠤᠳᠠᠢ ᠭᠡᠰᠡᠨ ᠢ ᠤᠯᠠᠨ ᠢᠶᠠᠷ ᠢᠶᠠᠨ ᠮᠡᠳᠡᠭᠰᠡᠨ ᠪᠠᠶᠢᠬᠤ ᠤᠴᠢᠷᠳᠠᠢ᠃ ᠤᠳᠤᠬᠠᠨ ᠳᠤ ᠳᠦᠷᠦ ᠵᠠᠰᠠᠭ ᠠᠴᠠ ᠦᠨᠳᠦᠰᠦᠳᠡᠨ ᠤ ᠤᠯᠠᠮᠵᠢᠯᠠᠯᠳᠦ ᠰᠤᠶᠤᠯ ᠤᠨ ᠦᠪ ᠬᠦᠷᠦᠩᠭᠡ ᠶᠢ ᠠᠪᠤᠷᠠᠨ ᠰᠡᠷᠭᠦᠭᠡᠵᠤ᠂ ᠦᠪᠯᠡᠨ ᠬᠠᠮᠠᠭᠠᠯᠠᠬᠤ᠂ ᠬᠦᠭᠵᠢᠭᠦᠯᠦᠨ ᠠᠰᠢᠭᠯᠠᠬᠤ ᠮᠡᠷᠭᠡᠨ ᠪᠤᠳᠤᠯᠭ᠎ᠠ ᠠᠪᠴᠤ ᠪᠠᠶᠢᠨ᠎ᠠ᠃ ᠡᠨᠡ ᠪᠤᠯ ᠰᠠᠶᠢᠨ ᠠᠵᠠ ᠳᠤᠬᠢᠶᠠᠯ ᠮᠥᠨ᠃      ᠠᠷᠪᠠ᠂ ᠡᠷᠳᠡᠨ ᠤ ᠪᠠᠷᠭᠤ ᠳᠤᠤᠯᠢ ᠶᠢ ᠰᠤᠳᠤᠯᠬᠤ ᠤᠳᠤᠬᠢᠴᠢ ᠠᠴᠢ ᠬᠤᠯᠪᠤᠭᠳᠠᠯ ᠨᠢ ᠶᠠᠭᠤ ᠪᠤᠢ︖      1. ᠬᠤᠶᠢᠴᠢ ᠦᠶ᠎ᠡ ᠳᠡᠭᠡᠨ ᠡᠬᠡ ᠭᠡᠯᠡᠨ ᠤ ᠦᠨᠳᠦᠰᠦᠨ ᠪᠤᠯᠪᠠᠰᠤᠷᠠᠯ ᠤᠨ ᠬᠦᠮᠦᠵᠢᠯ ᠬᠦᠷᠳᠡᠭᠡᠬᠦ ᠳᠤ ᠠᠮᠠᠨ ᠵᠤᠬᠢᠶᠠᠯ ᠪᠤᠯ ᠦᠨᠳᠦᠰᠦᠨ ᠰᠠᠭᠤᠷᠢ ᠪᠤᠯᠳᠠᠭ︔      2. ᠭᠡᠦᠭᠡᠳ ᠪᠠᠭᠠᠴᠤᠳ ᠲᠤ ᠪᠠᠭᠠᠳᠤᠷᠯᠢᠭ ᠦᠵᠡᠯ᠂ ᠡᠬᠡ ᠤᠷᠤᠨᠴᠢ ᠦᠵᠡᠯ᠂ ᠵᠦᠪ ᠪᠤᠷᠤᠭᠤ ᠶᠢᠨ ᠦᠨᠳᠦᠰᠦᠨ ᠬᠦᠮᠦᠵᠢᠯ ᠬᠦᠷᠳᠡᠭᠡᠬᠦ ᠪᠠ ᠦᠪᠯᠡᠭᠦᠯᠦᠨ ᠤᠯᠠᠮᠵᠢᠯᠠᠬᠤ ᠳᠤ ᠴᠢᠬᠤᠯᠠ ᠦᠢᠯᠡᠳᠦᠯ ᠲᠠᠢ︔       3. ᠢᠵᠠᠭᠤᠷ ᠰᠤᠶᠤᠯ ᠢᠶᠠᠷ ᠰᠠᠭᠤᠷᠢᠯᠠᠭᠰᠠᠨ ᠰᠢᠨ᠎ᠡ ᠤᠷᠠᠨ ᠪᠦᠳᠦᠭᠡᠯ ᠢ ᠳᠤᠭᠤᠷᠪᠢᠬᠤ ᠳᠤ ᠰᠡᠳᠦᠪ᠂ ᠠᠭᠤᠯᠭ᠎ᠠ᠂ ᠭᠡᠯᠪᠡᠷᠢ ᠠᠯᠢ ᠴᠦ ᠳᠠᠯ᠎ᠠ ᠪᠠᠷ ᠪᠠᠷᠠᠭᠳᠠᠰᠢ ᠦᠭᠡᠢ ᠦᠪ ᠬᠦᠷᠦᠩᠭᠡ ᠪᠤᠯᠤᠨ᠎ᠠ᠃ ᠮᠥᠨ ᠦᠨᠳᠦᠰᠦᠳᠡᠨ ᠤᠭᠰᠠᠭᠠᠳᠠᠨ ᠤ ᠵᠠᠩ ᠦᠢᠯᠡ ᠶᠢᠨ ᠤᠨᠴᠠᠯᠢᠭ ᠢ ᠬᠠᠳᠠᠭᠠᠯᠠᠬᠤ ᠳᠤ ᠠᠰᠢᠭᠳᠠᠢ︔       4. ᠰᠤᠶᠤᠯ ᠤᠨ ᠦᠪ ᠬᠦᠷᠦᠩᠭᠡ ᠪᠠᠨ ᠪᠦᠳᠦᠭᠡᠯᠴᠢ ᠪᠠᠷ ᠬᠦᠭᠵᠢᠭᠦᠯᠦᠨ᠂ ᠤᠳᠤ ᠦᠶ᠎ᠡ ᠶᠢᠨ ᠲᠧᠭᠨᠢᠭ  ᠮᠡᠷᠭᠡᠵᠢᠯ ᠲᠠᠢ ᠤᠶᠠᠯᠳᠤᠭᠤᠯᠤᠨ ᠵᠤᠬᠢᠶᠠᠯᠴᠢ᠂ ᠤᠷᠠᠯᠢᠭᠴᠢ᠂ ᠦᠢᠯᠡᠳᠪᠦᠷᠢᠯᠡᠭᠴᠢ ᠨᠠᠷ ᠤᠨ ᠰᠢᠨ᠎ᠡ ᠶᠢ ᠡᠭᠦᠳᠭᠦ ᠤᠷᠤᠨ ᠵᠠᠢ ᠶᠠᠪᠤᠬᠤ ᠳᠤᠳᠤᠮ ᠦᠷᠭᠡᠳᠬᠦ ᠪᠤᠯᠤᠨ᠎ᠠ︔       5. ᠤᠭᠰᠠᠭᠠᠳᠠᠨ ᠤ ᠵᠦᠢ᠂ ᠭᠡᠯᠡ ᠠᠶᠠᠯᠭᠤ᠂ ᠦᠭᠡᠰ ᠤᠨ ᠰᠠᠩ᠂ ᠵᠠᠩ ᠦᠢᠯᠡ ᠶᠢᠨ ᠰᠤᠳᠤᠯᠭᠠᠨ ᠳᠤ ᠴᠢᠬᠤᠯᠠ ᠯᠠᠪᠯᠠᠯᠳᠠ ᠪᠤᠯᠳᠠᠭ᠃      ᠠᠷᠪᠠᠨ ᠨᠢᠭᠡ᠂ ᠪᠠᠷᠭᠤ ᠳᠤᠤᠯᠢ ᠶᠢ ᠲᠡᠯᠡᠬᠡᠢ ᠶᠢᠨ ᠮᠤᠩᠭᠤᠯ ᠳᠤᠤᠯᠢ ᠶᠢᠨ ᠰᠤᠳᠤᠯᠭᠠᠨ ᠳᠤ ᠤᠷᠤᠭᠤᠯᠤᠭᠰᠠᠨ ᠭᠤᠤᠯ ᠭᠠᠪᠢᠶᠠᠳᠠᠨ ᠭᠡᠨ ᠪᠤᠢ︖      ᠳᠡᠯᠡᠭᠡᠢ ᠶᠢᠨ ᠮᠤᠩᠭᠤᠯ ᠰᠤᠳᠤᠯᠤᠯ ᠠᠴᠠ ᠪᠡᠶ᠎ᠡ ᠪᠠᠨ ᠳᠠᠭᠠᠭᠠᠵᠤ ᠰᠠᠯᠪᠤᠷᠢᠯᠠᠨ ᠭᠠᠷᠤᠭᠰᠠᠨ ᠮᠤᠩᠭᠤᠯ ᠳᠤᠤᠯᠢ ᠶᠢᠨ ᠰᠠᠯᠪᠤᠷᠢ ᠰᠤᠳᠤᠯᠭᠠᠨ ᠳᠤ ᠡᠷᠳᠡᠨ ᠤ ᠪᠠᠷᠭᠤ ᠶᠢᠨ ᠤᠬᠤᠷ ᠳᠤᠤᠯᠢ ᠶᠢ ᠳᠠᠳᠠᠨ ᠭᠠᠷᠭᠠᠵᠤ ᠰᠤᠳᠤᠯᠭᠠᠨ ᠤ ᠡᠷᠬᠢᠯᠳᠡ ᠳᠤ ᠤᠷᠤᠭᠤᠯᠤᠭᠰᠠᠨ ᠨᠡᠷᠡᠳᠦ ᠡᠷᠳᠡᠮᠳᠡᠳ ᠨᠡᠯᠢᠶᠡᠳ ᠪᠤᠢ᠃ ᠳᠡᠳᠡᠭᠡᠷ ᠠᠴᠠ ᠮᠤᠩᠭᠤᠯ ᠤᠯᠤᠰ ᠤᠨ ᠵᠠᠮᠰᠠᠷᠠᠨ ᠤ ᠴᠡᠸᠡᠩ ︵1881 — 1943︶᠂ ᠭᠧᠷᠮᠠᠨ ᠤ ᠠᠯᠳᠠᠷᠳᠦ ᠡᠷᠳᠡᠮᠳᠡᠨ ᠸ᠊ · ᠾᠡᠶᠢᠰᠰᠢᠭ᠂ ᠪᠠᠭᠠᠷᠢᠨ ᠤ ᠵᠠᠯᠰᠠᠩ ᠤᠨ ᠷᠢᠨᠴᠢᠨᠳᠤᠷᠵᠢ ᠨᠠᠷ ᠢ ᠤᠷᠢᠳᠠᠪᠠᠷ ᠳᠤᠷᠠᠳᠬᠤ ᠶᠤᠰᠤᠳᠠᠢ᠃ ᠳᠡᠷᠡᠴᠢᠯᠡᠨ ᠴ᠊ · ᠳᠠᠮᠳᠢᠨᠰᠦ᠋ᠷᠦᠩ᠂ ᠳ᠋᠊ · ᠴᠡᠷᠡᠨᠰᠤᠳᠨᠠᠮ᠂ ᠳ᠋ᠤᠺᠲ᠋ᠤᠷ ᠳᠤᠯᠠᠭᠠᠨ ᠵᠡᠷᠭᠡ ᠠᠮᠠᠨ ᠵᠤᠬᠢᠶᠠᠯ ᠤᠨ ᠨᠡᠷᠡᠳᠦ ᠡᠷᠳᠡᠮᠳᠡᠨ ᠨᠠᠷ ᠤᠯᠠᠨ ᠪᠤᠢ᠃ ᠳᠡᠳᠡᠭᠡᠷ ᠤᠨ ᠳᠤᠳᠤᠷ᠎ᠠ ᠠᠴᠠ ᠳᠡᠯᠡᠭᠡᠢ ᠶᠢᠨ ᠠᠯᠳᠠᠷᠳᠦ ᠮᠤᠩᠭᠤᠯᠴᠢ ᠡᠷᠳᠡᠮᠳᠡᠨ ᠫᠠᠷᠷᠢ — ᠯᠤᠷᠳ᠋ ᠪᠤᠯᠤᠨ ᠸ᠊ · ᠾᠠᠶᠢᠰᠰᠢᠭ᠌ ᠪᠤᠯ 20 ᠳ᠋ᠤᠭᠠᠷ ᠵᠠᠭᠤᠨ ᠳᠤ ᠠᠮᠠᠨ ᠵᠤᠬᠢᠶᠠᠯ ᠢ ᠰᠢᠨᠵᠢᠯᠡᠬᠦ ᠤᠬᠠᠭᠠᠨ ᠤ ᠠᠷᠭ᠎ᠠ ᠪᠠᠷ ᠠᠩᠬᠢᠯᠠᠨ ᠰᠤᠳᠤᠯᠬᠤ ᠤᠨᠤᠯ ᠤᠨ ᠰᠢᠰᠲ᠋ᠧᠮ ᠢ ᠡᠭᠦᠳᠦᠭᠰᠡᠨ ᠳᠤᠮᠤ ᠡᠷᠳᠡᠮᠳᠡᠳ ᠠᠵᠢ᠃ ᠮᠠᠨ ᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠷᠢᠨᠴᠢᠨᠳᠤᠷᠵᠢ ᠪᠤᠯ ᠳᠡᠯᠡᠭᠡᠢ ᠶᠢᠨ ᠮᠤᠩᠭᠤᠯ ᠳᠤᠤᠯᠢ ᠶᠢᠨ ᠰᠤᠳᠤᠯᠭᠠᠨ ᠤ ᠳᠦᠪ ᠤᠨ ᠤᠷᠢᠯᠭ᠎ᠠ ᠪᠠᠷ ᠤᠷᠢᠳ ᠬᠤᠵᠢᠳ ᠪᠠᠷᠠᠭᠤᠨ ᠭᠧᠷᠮᠠᠨ ᠳᠤ 10 ᠤᠳᠠᠭ᠎ᠠ ᠠᠶᠢᠯᠴᠢᠯᠠᠭᠰᠠᠨ ᠪᠦᠭᠡᠳ ᠮᠠᠨ ᠤ ᠤᠯᠤᠰ ᠤᠨ ᠮᠤᠩᠭᠤᠯ ᠳᠤᠤᠯᠢ ᠶᠢᠨ ᠰᠤᠳᠤᠯᠭᠠᠨ ᠤ ᠬᠠᠮᠤᠭ ᠤᠨ ᠨᠡᠷ᠎ᠡ ᠬᠦᠨᠳᠦᠳᠦ ᠡᠷᠳᠡᠮᠳᠡᠨ ᠪᠤᠯᠤᠭᠰᠠᠨ ᠢᠶᠠᠷ ᠦᠯᠦ ᠪᠠᠷᠠᠨ ︽ᠤᠯᠠᠨ ᠤᠯᠤᠰ ᠤᠨ ᠮᠤᠩᠭᠤᠯᠴᠢ ᠡᠷᠳᠡᠮᠳᠡᠨ ᠤ ᠬᠤᠯᠪᠤᠭ᠎ᠠ︾ ᠶᠢᠨ ᠨᠠᠷᠢᠨ ᠪᠢᠴᠢᠭ ᠤᠨ ᠳᠠᠷᠤᠭ᠎ᠠ ᠪᠠᠶᠢᠭᠰᠠᠨ ᠠᠴᠠ ᠪᠠᠨ 1997 ᠤᠨ ᠳᠤ ᠬᠦᠨᠳᠦᠳᠦ ᠭᠡᠰᠢᠭᠦᠨ ᠪᠤᠯᠤᠭᠰᠠᠨ ᠨᠠᠰᠤᠳᠠᠨ ᠪᠠᠶᠢᠪᠠ᠃ ᠳᠡᠷᠡ ᠤᠳᠤ ᠴᠦ ᠭᠡᠰᠡᠨ ︽ᠮᠤᠩᠭᠤᠯ ᠪᠠᠭᠠᠳᠤᠷᠯᠢᠭ ᠳᠤᠤᠯᠢ ᠶᠢᠨ ᠴᠢᠭᠤᠯᠭᠠᠨ︾ ᠭᠡᠮᠡᠬᠦ ᠳᠤᠮᠤ ᠰᠢᠷᠢᠰ ᠨᠤᠮ ᠢ ᠵᠢᠯᠤᠭᠤᠳᠤᠨ ᠬᠡᠪᠯᠡᠭᠦᠯᠵᠤ ᠪᠠᠶᠢᠭ᠎ᠠ ᠪᠦᠭᠡᠳ ᠨᠢᠭᠡᠨᠳᠡ ᠡᠬᠢᠨ ᠤ ᠳᠦᠷᠪᠡᠨ ᠳᠤᠮᠤ ᠪᠤᠳᠢ ᠬᠡᠪᠯᠡᠭᠳᠡᠭᠡᠳ ᠪᠠᠶᠢᠨ᠎ᠠ᠃ ᠡᠨᠡ ᠨᠢ ᠮᠤᠩᠭᠤᠯ ︽ᠭᠠᠨᠵᠤᠤᠷ︾᠂ ︽ᠳ᠋ᠠᠨᠵᠤᠤᠷ︾ ᠬᠦᠯᠭᠡᠨ ᠰᠤᠳᠤᠷ ᠤᠨ ᠳᠠᠷᠠᠭᠠᠬᠢ ᠪᠠᠰᠠ ᠨᠢᠭᠡᠨ ᠮᠤᠩᠭᠤᠯ ᠰᠤᠶᠤᠯ ᠤᠨ ᠵᠠᠭᠤᠭᠠᠳ ᠪᠤᠳᠢ ᠪᠦᠭᠦᠢ ᠬᠦᠯᠭᠡᠨ ᠰᠤᠳᠤᠷ ᠢ ᠪᠦᠳᠦᠭᠡᠵᠤ ᠪᠠᠶᠢᠭ᠎ᠠ ᠶᠤᠮ᠃ ᠳᠡᠷᠡ ᠪᠠᠰᠠ ᠮᠤᠩᠭᠤᠯ ᠳᠤᠤᠯᠢ ᠶᠢᠨ ᠤᠨᠤᠯ ᠤᠨ ᠳᠦᠷᠪᠡᠨ ᠨᠤᠮ ᠢ ᠬᠢᠳᠠᠳ ᠢᠶᠠᠷ ᠬᠡᠪᠯᠡᠭᠦᠯᠦᠭᠰᠡᠨ ᠬᠦᠮᠦᠨ ᠪᠠᠶᠢᠪᠠ᠃ ᠨᠠᠰᠤᠳᠠᠨ ᠭᠤᠸᠠᠢ ᠪᠠᠷᠭᠤ ᠳᠤᠤᠯᠢ ᠶᠢ ᠳᠡᠯᠡᠭᠡᠢ ᠶᠢᠨ ᠡᠷᠳᠡᠮ ᠰᠢᠨᠵᠢᠯᠡᠭᠡᠨ ᠤ ᠳᠠᠪᠴᠠᠩ ᠳᠤ ᠭᠠᠷᠭᠠᠭᠰᠠᠨ ᠢᠶᠠᠷ ᠢᠶᠠᠨ ᠬᠦᠯᠦᠨ ᠪᠤᠶᠢᠷ ᠤᠨ ᠪᠠᠷᠭᠤᠴᠤᠳ ᠲᠤ ᠠᠪᠴᠤ ᠭᠡᠯᠡᠪᠡᠯ ︽ᠪᠠᠷᠭᠤᠴᠤᠳ ᠤᠨ ᠨᠡᠷ᠎ᠡ ᠬᠦᠨᠳᠦᠳᠦ ᠬᠦᠮᠤᠨ︾ ᠢᠶᠠᠷ ᠡᠷᠭᠦᠮᠵᠢᠯᠡᠭᠳᠡᠬᠦ ᠬᠢᠷᠢ ᠭᠡᠮ ᠲᠠᠢ ᠳᠤᠮᠤ ᠡᠷᠳᠡᠮᠳᠡᠨ ᠪᠢᠯᠡ᠃      ᠳᠡᠭᠦᠨ ᠤ ᠵᠤᠬᠢᠶᠠᠭᠰᠠᠨ ︽ᠪᠠᠷᠭᠤ ᠠᠷᠠᠳ ᠤᠨ ᠳᠤᠤᠯᠢ ᠶᠢᠨ ᠡᠭᠦᠰᠦᠯ ᠬᠦᠭᠵᠢᠯ ᠪᠤᠯᠤᠨ ᠬᠤᠪᠢᠷᠠᠯ ᠤᠨ ᠳᠤᠬᠠᠢ︾ ᠭᠡᠳᠡᠭ ᠦᠭᠦᠯᠡᠯ ᠢ ᠭᠧᠷᠮᠠᠨ ᠤ ᠸ᠊ · ᠾᠡᠶᠢᠰᠰᠢᠭ ᠠᠪᠤᠭᠠᠢ ︽ᠠᠽᠢᠶ᠎ᠠ ᠶᠢᠨ ᠰᠤᠳᠤᠯᠤᠯ︾ ︵73 ᠳ᠋ᠤᠭᠠᠷ ᠪᠤᠳᠢ︶ ᠳᠤ ᠨᠡᠶᠢᠳᠡᠯᠡᠵᠤ ᠦᠩᠭᠡᠷᠡᠭᠰᠡᠨ ᠪᠦᠭᠡᠳ ᠪᠠᠰᠠ ︽ᠪᠠᠷᠭᠤ ᠪᠠ ᠤᠶᠢᠷᠠᠳ ᠤᠨ ᠪᠠᠭᠠᠳᠤᠷᠯᠢᠭ ᠳᠤᠤᠯᠢ ᠶᠢᠨ ᠳᠤᠬᠠᠢ︾᠂ ︽ᠪᠠᠷᠭᠤ ᠶᠢᠨ ᠠᠮᠠᠨ ᠵᠤᠬᠢᠶᠠᠯ ᠤᠨ ᠳᠤᠬᠠᠢ︾ ᠵᠡᠷᠭᠡ ᠳᠤᠰᠬᠠᠢ ᠰᠤᠳᠤᠯᠭᠠᠨ ᠤ ᠪᠦᠳᠦᠭᠡᠯ ᠤᠳ ᠪᠠᠶᠢᠳᠠᠭ᠃ ᠡᠭᠦᠨ ᠠᠴᠠ ᠭᠠᠳᠠᠨ᠎ᠠ ᠪᠡᠭᠡᠵᠢᠩ ᠶᠡᠭᠡ ᠰᠤᠷᠭᠠᠭᠤᠯᠢ ᠶᠢᠨ ᠳᠤᠷᠤᠨᠠᠳᠡᠬᠢᠨ ᠤ ᠰᠠᠯᠪᠤᠷᠢ ᠶᠢᠨ ᠳ᠋ᠤᠺᠲ᠋ᠤᠷ ᠳᠤᠯᠠᠭᠠᠨ ᠪᠠᠰᠠ ︽ᠰᠢᠯᠢᠨ ᠭᠠᠯᠵᠠᠭᠤ ᠪᠠᠭᠠᠳᠤᠷ ᠳᠤᠤᠯᠢ ᠶᠢᠨ ᠬᠠᠷᠢᠴᠠᠭᠤᠯᠤᠭᠰᠠᠨ ᠰᠤᠳᠤᠯᠤᠯ ᠬᠢᠭᠡᠳ ᠲᠧᠺᠰᠲ ᠡᠮᠬᠢᠳᠭᠡᠯ︾ ᠭᠡᠮᠡᠬᠦ ᠨᠢᠭᠡᠨ ᠳᠤᠤᠯᠢ ᠶᠢᠨ ᠤᠯᠠᠨ ᠬᠤᠪᠢᠯᠪᠤᠷᠢ ᠶᠢ ᠬᠠᠷᠢᠴᠠᠭᠤᠯᠤᠨ ᠰᠤᠳᠤᠯᠤᠭᠰᠠᠨ ᠳᠤᠮᠤ ᠪᠦᠳᠦᠭᠡᠯ ᠪᠤᠢ᠃ ᠡᠳᠡᠭᠡᠷ ᠪᠦᠳᠦᠭᠡᠯ ᠪᠤᠯ ︽ᠡᠷᠳᠡᠨ ᠤ ᠪᠠᠷᠭᠤ ᠶᠢᠨ ᠤᠬᠤᠷ ᠳᠤᠤᠯᠢ︾ ᠨᠢᠭᠡᠨᠳᠡ ᠳᠡᠯᠡᠭᠡᠢ ᠶᠢᠨ ᠰᠤᠳᠤᠯᠭᠠᠨ ᠤ ᠳᠦᠪᠰᠢᠨ ᠳᠤ ᠶᠠᠷᠢᠭᠳᠠᠳᠠᠭ ᠴᠢᠬᠤᠯᠠ ᠰᠤᠶᠤᠯ ᠤᠨ ᠦᠪ ᠪᠤᠯᠬᠤ ᠶᠢ ᠬᠦᠢᠴᠡᠳ ᠦᠵᠡᠭᠦᠯᠵᠤ ᠪᠠᠶᠢᠭ᠎ᠠ ᠶᠤᠮ᠃ ᠪᠠᠰᠠ ᠮᠠᠨ ᠤ ᠤᠯᠤᠰ ᠪᠤᠯᠤᠨ ᠳᠡᠯᠡᠭᠡᠢ ᠶᠢᠨ ᠰᠤᠶᠤᠯ ᠤᠨ ᠦᠪ ᠢᠶᠠᠷ ᠳᠡᠮᠳᠡᠭᠯᠡᠭᠳᠡᠬᠦ ᠨᠦᠭᠦᠴᠡᠯ ᠲᠠᠢ ᠳᠦᠷᠦᠯ ᠵᠦᠢᠯ ᠪᠤᠯᠬᠤ ᠶᠢ ᠳᠠᠪᠬᠤᠷ ᠬᠠᠷᠠᠭᠤᠯᠵᠤ ᠪᠠᠶᠢᠨ᠎ᠠ᠃ ᠡᠨᠡ ᠨᠢ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠠᠴᠠ ᠤᠶᠢᠷ᠎ᠠ ᠳᠤ ᠳᠤᠷᠠᠳᠤᠭᠰᠠᠨ ︽ᠦᠨᠳᠦᠰᠦᠳᠡᠨ ᠤ ᠰᠤᠶᠤᠯ ᠤᠨ ᠲᠤᠮᠤ ᠤᠷᠤᠨ ᠢ ᠪᠠᠶᠢᠭᠤᠯᠬᠤ︾ ᠤᠷᠢᠶᠠᠯᠠᠭ᠎ᠠ ᠶᠢ ᠪᠡᠶᠡᠯᠡᠭᠦᠯᠬᠦ ᠳᠤ ᠠᠰᠢᠭᠳᠠᠢ ᠴᠢᠬᠤᠯᠠ ᠨᠢᠭᠡᠨ ᠨᠦᠭᠦᠴᠡᠯ ᠪᠤᠯᠬᠤ ᠶᠤᠮ᠃       ᠠᠷᠪᠠᠨ ᠬᠤᠶᠠᠷ᠂ ᠪᠠᠷᠭᠤ ᠳᠤᠤᠯᠢ ᠪᠤᠯ ᠨᠡᠭᠦᠳᠡᠯ ᠰᠤᠶᠤᠯᠳᠠᠨ ᠤ ᠤᠶᠤᠨ ᠤ ᠪᠤᠯᠪᠠᠰᠤᠨ ᠤ ᠪᠡᠯᠭᠡ ᠳᠡᠮᠳᠡᠭ      ᠬᠦᠮᠦᠨ ᠳᠦᠷᠦᠯᠬᠢᠳᠡᠨ ᠤ ᠰᠤᠶᠤᠯ ᠤᠨ ᠳᠡᠦᠭᠡᠨ ᠳᠤ ᠨᠡᠭᠦᠳᠡᠯ ᠰᠤᠶᠤᠯ ᠤᠨ ᠪᠤᠳᠠᠰ ᠤᠨ ᠪᠠ ᠤᠶᠤᠨ ᠤ ᠪᠤᠯᠪᠠᠰᠤᠨ ᠨᠢ ᠴᠢᠬᠤᠯᠠ ᠪᠠᠶᠢᠷᠢ ᠰᠠᠭᠤᠷᠢ ᠡᠵᠡᠯᠡᠬᠦ ᠶᠤᠰᠤᠳᠠᠢ᠃ ᠨᠡᠭᠦᠳᠡᠯ ᠰᠤᠶᠤᠯ ᠪᠤᠯ ᠳᠠᠩ ᠮᠠᠯ ᠠᠵᠤ ᠠᠬᠤᠢ ᠶᠢᠨ ᠪᠡᠶ᠎ᠡ ᠪᠠᠨ ᠳᠠᠭᠠᠭᠠᠭᠰᠠᠨ ᠰᠤᠶᠤᠯ ᠮᠥᠨ᠃ ᠪᠠᠰᠠ ᠴᠦ ᠳᠡᠯᠡᠭᠡᠢ ᠳᠡᠭᠡᠷ᠎ᠡ ᠪᠠᠶᠢᠭᠠᠯᠢ ᠤᠷᠴᠢᠨ ᠳᠠᠭᠠᠨ ᠵᠤᠬᠢᠴᠠᠯᠳᠤᠭᠰᠠᠨ ᠴᠤᠷ ᠤᠨ ᠭᠠᠭᠴᠠ ᠠᠮᠢ ᠠᠬᠤᠢ ᠶᠢᠨ ᠰᠤᠶᠤᠯ ᠤᠨ ᠬᠡᠯᠪᠡᠷᠢ ᠮᠥᠨ᠃ ᠳᠦᠪ ᠠᠽᠢᠶ᠎ᠠ ᠶᠢᠨ ᠤᠯᠠᠨ ᠤᠯᠤᠰ ᠦᠨᠳᠦᠰᠦᠳᠡᠨ ᠢ ᠦᠰᠭᠡᠨ ᠪᠤᠶᠢᠵᠢᠭᠤᠯᠤᠭᠰᠠᠨ ᠨᠢ ᠠᠭᠤᠤ ᠶᠡᠭᠡ ᠨᠡᠭᠦᠳᠡᠯ ᠰᠤᠶᠤᠯ ᠪᠤᠯᠤᠨ᠎ᠠ᠃ ᠡᠨᠡ ᠨᠢ ᠬᠦᠮᠦᠨ ᠳᠦᠷᠦᠯᠬᠢᠳᠡᠨ ᠤ ᠦᠨᠢ ᠡᠷᠳᠡᠨ ᠤ ᠢᠵᠠᠭᠤᠷ ᠰᠤᠶᠤᠯ ᠤᠨ ᠨᠢᠭᠡ ᠪᠦᠭᠡᠳ ᠳᠡᠦᠭᠡ ᠶᠢᠨ ᠬᠦᠭᠵᠢᠯ ᠳᠤ ᠤᠮᠳᠤᠭᠠᠶᠢᠯᠠᠵᠤ ᠪᠤᠯᠤᠰᠢ ᠦᠭᠡᠢ ᠴᠢᠬᠤᠯᠠ ᠠᠴᠢᠶᠠᠯᠠᠪᠤᠷᠢ ᠪᠠ ᠪᠤᠳᠠᠳᠠᠢ ᠤᠨᠴᠠᠭᠠᠢ ᠠᠭᠤᠯᠭ᠎ᠠ ᠪᠤᠯᠤᠭᠰᠠᠨ ᠪᠠᠶᠢᠳᠠᠭ᠃ ᠨᠡᠭᠦᠳᠡᠯ ᠰᠤᠶᠤᠯ ᠦᠭᠡᠢ ᠪᠤᠯ ᠳᠡᠯᠡᠭᠡᠢ ᠶᠢᠨ ᠪᠦᠷᠢᠨ ᠪᠦᠳᠦᠨ ᠳᠡᠦᠭᠡ ᠪᠠᠶᠢᠵᠤ ᠴᠢᠳᠠᠬᠤ ᠦᠭᠡᠢ᠃ ᠡᠬᠡ ᠪᠠᠶᠢᠭᠠᠯᠢ ᠪᠠ ᠢᠵᠠᠭᠤᠷ ᠰᠤᠶᠤᠯ ᠤᠨ ᠳᠡᠦᠭᠡ ᠪᠠᠨ ᠡᠷᠬᠢᠴᠡᠭᠦᠯᠦᠨ ᠬᠠᠷᠠᠵᠤ ᠦᠵᠡᠪᠡᠯ ᠤᠶᠤᠨ ᠤᠬᠠᠭᠠᠨᠳᠦ ᠬᠦᠮᠦᠨ ᠳᠦᠷᠦᠯᠬᠢᠳᠡᠨ ᠭᠡᠳᠤᠢ ᠪᠤᠯᠪᠠᠰᠤᠨ ᠪᠤᠯᠬᠤ ᠳᠤᠳᠤᠮ ᠦᠪᠡᠷᠰᠡᠳ ᠤᠨ ᠦᠢᠯᠡ ᠠᠵᠢᠯᠯᠠᠭ᠎ᠠ ᠶᠢᠨ ᠮᠥᠨ ᠴᠢᠨᠠᠷ ᠢᠶᠠᠨ ᠲᠡᠳᠦᠢ ᠳᠠᠨᠢᠨ ᠮᠡᠳᠡᠷᠡᠬᠦ ᠪᠤᠯᠤᠮᠵᠢᠳᠠᠢ᠃ ᠡᠨᠡ ᠨᠢ ᠳᠠᠶᠠᠭᠠᠷᠴᠢᠯᠠᠯ ᠤᠨ ᠰᠡᠭᠦᠯᠴᠢ ᠶᠢᠨ ᠳᠤᠮᠤ ᠰᠡᠳᠦᠪ ᠪᠤᠯᠵᠤ ᠮᠡᠳᠡᠨ᠎ᠡ᠃ ᠬᠡᠷᠪᠡ ᠨᠡᠭᠦᠳᠡᠯ ᠰᠤᠶᠤᠯ ᠤᠨ ᠪᠤᠳᠠᠰ ᠤᠨ ᠪᠠ ᠤᠶᠤᠨ ᠤ ᠰᠤᠶᠤᠯ ᠢ ᠬᠠᠮᠳᠦ ᠳᠤᠨᠢ ᠰᠤᠳᠤᠯᠬᠤ ᠭᠡᠷᠡᠭ ᠦᠭᠡᠢ ᠭᠡᠵᠤ ᠦᠵᠡᠬᠦ ᠪᠤᠶᠤ ᠰᠤᠳᠤᠯᠬᠤ ᠦᠭᠡᠢ ᠤᠷᠬᠢᠪᠠᠯ ᠬᠦᠮᠦᠨ ᠳᠦᠷᠦᠯᠬᠢᠳᠡᠨ ᠤ ᠨᠡᠶᠢᠭᠡᠮ ᠤᠨ ᠬᠦᠭᠵᠢᠯ ᠤᠨ ᠳᠡᠦᠭᠡ ᠪᠦᠷᠢᠨ ᠪᠦᠳᠦᠨ᠂ ᠵᠦᠪ ᠤᠨᠤᠪᠴᠢᠳᠠᠢ ᠪᠠᠶᠢᠵᠤ ᠴᠢᠳᠠᠬᠤ ᠦᠭᠡᠢ ᠪᠤᠯᠤᠨ᠎ᠠ᠃ ᠠᠮᠢ ᠠᠬᠤᠢ ᠪᠠ ᠨᠡᠭᠦᠳᠡᠯ ᠰᠤᠶᠤᠯ ᠪᠤᠯ ᠳᠡᠭᠷᠢ ᠠᠴᠠ ᠵᠠᠶᠠᠭᠠᠭᠰᠠᠨ ᠰᠠᠯᠭᠠᠵᠤ ᠪᠤᠯᠤᠰᠢ ᠦᠭᠡᠢ ᠨᠢᠭᠳᠠ ᠪᠠᠷᠢᠯᠳᠤᠯᠭ᠎ᠠ ᠲᠠᠢ ᠶᠤᠮ᠃ ᠶᠡᠷᠦᠨᠢ ᠨᠡᠭᠦᠳᠡᠯ ᠰᠤᠶᠤᠯ ᠤᠨ ᠤᠶᠤᠨ ᠤ ᠪᠤᠯᠪᠠᠰᠤᠨ ᠤ ᠢᠯᠡᠷᠡᠯ ᠪᠤᠯᠤᠭᠰᠠᠨ ᠡᠷᠳᠡᠨ ᠤ ᠪᠠᠷᠭᠤ ᠳᠤᠤᠯᠢ ᠪᠤᠯ ᠬᠠᠮᠤᠭ ᠤᠨ ᠪᠠᠭ᠎ᠠ ᠳᠠᠭᠠᠨ ᠮᠢᠩᠭ᠎ᠠ ᠭᠠᠷᠤᠢ ᠵᠢᠯ ᠤᠨ ᠳᠡᠦᠭᠡ ᠲᠠᠢ᠂ ᠭᠡᠰᠡᠷ ᠵᠢᠩᠭᠠᠷ ᠠᠴᠠ ᠪᠠᠰᠠ ᠡᠷᠳᠡ ᠡᠭᠦᠰᠦᠭᠰᠡᠨ ᠪᠤᠯᠬᠤᠷ ᠮᠤᠩᠭᠤᠯ ᠠᠷᠠᠳ ᠤᠨ ᠠᠮᠠᠨ ᠵᠤᠬᠢᠶᠠᠯ ᠤᠨ ᠬᠦᠭᠵᠢᠯ ᠳᠤ ᠡᠷᠳᠡᠨ ᠤ ᠭᠷᠧᠭ ᠤᠨ ᠾᠤᠮᠧᠷ ᠤᠨ ᠳᠦᠷᠪᠡᠨ ᠳᠤᠮᠤ ᠳᠤᠤᠯᠢ ᠲᠠᠢ ᠠᠳᠠᠯᠢᠬᠠᠨ ᠦᠢᠯᠡᠳᠦᠯ ᠦᠵᠡᠭᠦᠯᠦᠭᠰᠡᠨ ᠶᠤᠮ ᠭᠡᠵᠤ ᠡᠷᠳᠡᠮᠳᠡᠳ ᠦᠵᠡᠳᠡᠭ ᠶᠤᠮ ᠪᠠᠶᠢᠨ᠎ᠠ᠃ ᠡᠶᠢᠮᠦ ᠠᠴᠠ ᠪᠠᠯᠠᠷᠯᠢᠭ ᠡᠷᠳᠡᠨ ᠤ ᠪᠠᠷᠭᠤ ᠳᠤᠤᠯᠢ ᠪᠠ ᠤᠷᠳᠤ ᠶᠢᠨ ᠳᠠᠭᠤᠤ ᠬᠤᠶᠠᠷ ᠨᠢ ᠨᠡᠭᠦᠳᠡᠯ ᠰᠤᠶᠤᠯ ᠤᠨ ᠤᠶᠤᠨ ᠤ ᠪᠤᠯᠪᠠᠰᠤᠨ ᠢ ᠳᠦᠯᠦᠭᠡᠯᠡᠬᠦ ᠪᠡᠯᠭᠡ ᠳᠡᠮᠳᠡᠭ ᠵᠠᠶᠢᠯᠠᠰᠢ ᠦᠭᠡᠢ ᠮᠥᠨ᠃      ᠡᠰᠢᠯᠡᠵᠤ ᠠᠰᠢᠭᠯᠠᠭᠰᠠᠨ ᠨᠤᠮ ᠪᠢᠴᠢᠭ᠄      1. ︽ᠮᠤᠩᠭᠤᠯ ᠳᠤᠤᠯᠢ ᠶᠢᠨ ᠳᠤᠪᠴᠢᠶᠠᠨ︾ ︵ᠬᠢᠳᠠᠳ ᠬᠡᠪᠯᠡᠯ︶᠂ ᠷᠢᠨᠴᠢᠨᠳᠤᠷᠵᠢ᠂ 2001 ᠤᠨ᠃      2. ︽ᠤᠷᠠᠨ ᠵᠤᠬᠢᠶᠠᠯ ᠤᠨ ᠰᠤᠳᠤᠯᠤᠯ ᠤᠨ ᠦᠭᠦᠯᠡᠯ ᠤᠳ︾᠂ ᠷᠢᠨᠴᠢᠨᠳᠤᠷᠵᠢ᠂ 2013 ᠤᠨ᠃      3. ︽ᠰᠢᠯᠢᠨ ᠭᠠᠯᠵᠠᠭᠤ ᠪᠠᠭᠠᠳᠤᠷ ᠤᠨ ᠬᠠᠷᠢᠴᠠᠭᠤᠯᠤᠭᠰᠠᠨ ᠰᠤᠳᠤᠯᠤᠯ ᠬᠢᠭᠡᠳ ᠲᠧᠺᠰᠲ ᠡᠮᠬᠢᠳᠭᠡᠯ︾᠂ ᠳᠤᠯᠠᠭᠠᠨ᠂ 2001 ᠤᠨ᠃      4. ︽ᠬᠦᠯᠦᠨ ᠪᠤᠶᠢᠷ ᠤᠨ ᠪᠠᠷᠭᠤ ᠪᠤᠷᠢᠶᠠᠳ ᠳᠤᠤᠯᠢ︾᠂ ᠫᠤᠩᠴᠤᠭᠸᠠᠩᠵᠢᠯ᠂ 2009 ᠤᠨ᠃      5. ︽ᠬᠠᠭᠤᠴᠢᠨ ᠪᠠᠷᠭᠤ ᠶᠢᠨ ᠦᠯᠢᠭᠡᠷ ᠳᠤᠤᠯᠢ︾᠂ ᠤᠳᠤᠩᠭᠤᠸ᠎ᠠ᠂ ᠨᠠᠩᠰᠠᠯᠮ᠎ᠠ᠂ 2011 ᠤᠨ᠃      6. ︽ᠠᠯᠳᠠᠨ ᠱᠠᠭᠠᠢ ᠬᠦᠪᠡᠭᠦᠨ︾᠂ ᠤᠯᠠᠭᠠᠠᠭᠦᠦ᠂ 1988 ᠤᠨ᠃                          
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号