︽ᠨᠢᠳᠦ ᠪᠠᠨ ᠡᠪᠦᠷᠲᠦᠯᠡᠬᠦ︾ ᠠᠴᠠ ᠰᠠᠨᠠᠭᠳᠠᠭᠰᠠᠨ ᠵᠦᠢᠯ
ᠨᠡᠶᠢᠲᠡᠯᠡᠭᠰᠡᠨ ᠴᠠᠭ᠄
2017/10/30
ᠳ᠋ᠣ · ᠴᠢᠯᠠᠭᠤᠨ           ︽ᠨᠢᠳᠦ ᠪᠠᠨ ᠡᠪᠦᠷᠲᠦᠯᠡᠬᠦ︾ ᠠᠴᠠ ᠰᠠᠨᠠᠭᠳᠠᠭᠰᠠᠨ ᠵᠦᠢᠯ          ᠪᠠᠭ᠎ᠠ ᠰᠤᠷᠭᠠᠭᠤᠯᠢ ᠳᠤ ᠣᠷᠣᠬᠤ ᠠᠴᠠ ᠡᠮᠦᠨᠡᠬᠢ ᠬᠡᠦᠬᠡᠳ ᠪᠠᠭ᠎ᠠ ᠶᠢᠨ ᠦᠶ᠎ᠡ ᠮᠢᠨᠢ ᠪᠦᠷ ᠯᠡ ᠬᠥᠳᠡᠭᠡ ᠪᠠᠶᠢᠵᠤ᠂ ᠨᠠᠰᠤᠲᠠᠢ ᠢᠵᠢᠢ ᠶᠢᠨ ᠢᠶᠠᠨ ᠭᠠᠷ ᠳᠡᠭᠡᠷ᠎ᠡ ᠡᠪᠡᠷ ᠤᠭᠵᠢ ᠬᠥᠬᠦᠵᠦ᠂ ᠬᠡᠯᠡ ᠳᠤ ᠣᠷᠣᠵᠤ᠂ ᠬᠥᠯ ᠳᠤ ᠣᠷᠣᠵᠤ ᠥᠰᠴᠦ ᠥᠨᠳᠡᠶᠢᠭᠰᠡᠨ ᠳᠤᠷᠠᠰᠬᠠᠯᠲᠠᠢ ᠰᠠᠶᠢᠬᠠᠨ ᠦᠶ᠎ᠡ ᠮᠢᠨᠢ ᠪᠢᠯᠡ᠃ ᠡᠷᠲᠡ ᠪᠣᠰᠣᠭᠠᠳ᠂ ᠡᠷᠲᠡ ᠴᠦ ᠭᠡᠵᠤ ᠳ᠋ᠧ᠂ ᠨᠠᠷᠠ ᠬᠠᠨ᠎ᠠ ᠶᠢᠨ ᠲᠣᠯᠣᠭᠠᠢ ᠳᠤ ᠪᠠᠭᠤᠭᠰᠠᠨ ᠬᠤᠶᠢᠨ᠎ᠠ ᠢᠵᠢᠢ ᠮᠢᠨᠢ ᠨᠠᠮᠠᠶᠢ ᠡᠩᠬᠦᠷᠡᠶᠢᠯᠡᠵᠦ ᠳᠠᠭᠤᠳᠠᠭᠰᠠᠨ ᠬᠤᠶᠢᠨ᠎ᠠ ᠯᠡ ᠰᠠᠶ᠋ᠢ ᠨᠣᠶᠢᠷᠮᠤᠭ ᠨᠢᠳᠦ ᠲᠠᠢ ᠪᠣᠰᠣᠨ ᠭᠠᠷᠤᠭᠠᠳ᠂ ᠮᠥᠨ ᠨᠤᠤᠬ᠎ᠠ  ᠲᠠᠢ ᠨᠢᠳᠦ ᠪᠠᠨ ᠨᠤᠬᠤᠯᠠᠭᠰᠠᠭᠠᠷ ᠣᠷᠣᠵᠤ ᠢᠷᠠᠨ᠎ᠠ᠃ ᠡᠨᠡ ᠦᠶ᠎ᠡ ᠳᠤ ᠢᠵᠢᠢ ᠮᠢᠨᠢ᠄ ︽ᠭᠠᠳᠠᠭᠤᠷ ᠶᠠᠭᠤ ᠪᠣᠯᠵᠤ ᠪᠠᠶᠢᠨ᠎ᠠ︖ ᠬᠤᠨᠢ ᠮᠠᠯ ᠬᠠᠷᠠᠭᠳᠠᠨ᠎ᠠ ᠦᠦ︖︾ ᠭᠡᠬᠦᠴᠢᠯᠡᠨ ᠠᠰᠠᠭᠤᠬᠤ ᠳᠤ᠂ ᠪᠢ ᠶᠠᠭᠤ ᠴᠦ ᠬᠠᠷᠠᠭ᠎ᠠ ᠦᠭᠡᠢ ᠣᠷᠣᠵᠤ ᠢᠷᠡᠭᠰᠡᠨ ᠪᠣᠯᠬᠤᠷ᠄ ︽ᠶᠠᠭᠤ ᠴᠦ ᠬᠠᠷᠠᠭ᠎ᠠ ᠦᠭᠡᠢ︾ ᠭᠡᠬᠦ ᠳᠤ ᠢᠵᠢᠢ ᠮᠢᠨᠢ᠄ ︽ᠳᠠᠩᠳᠠ ᠨᠢᠳᠦ ᠪᠠᠨ ᠡᠪᠦᠷᠲᠦᠯᠡᠵᠦ ᠣᠷᠣᠵᠤ ᠢᠷᠡᠳᠡᠭ ᠴᠢᠨᠢ︕   ︿ᠡᠷᠲᠡ ᠪᠣᠰᠪᠠᠯ ᠨᠢᠭᠡ ᠶᠢ ᠦᠵᠡᠨ᠎ᠡ᠂ ᠣᠷᠣᠢ ᠤᠨᠲᠠᠪᠠᠯ ᠨᠢᠭᠡ ᠶᠢ ᠰᠣᠨᠣᠰᠤᠨ᠎ᠠ﹀ ᠭᠡᠳᠡᠭ᠃ ᠤᠳᠠᠬᠤ ᠦᠭᠡᠢ ᠰᠤᠷᠭᠠᠭᠤᠯᠢ ᠳᠤ ᠣᠷᠣᠬᠤ ᠨᠠᠰᠤ ᠴᠢᠨᠢ ᠪᠣᠯᠣᠯ᠎ᠠ᠃ ᠡᠷᠲᠡ ᠪᠣᠰᠴᠤ ᠰᠤᠷ︕︾ ᠭᠡᠵᠤ ᠵᠠᠩᠨᠠᠬᠤ ᠡᠩᠬᠦᠷᠡᠶᠢᠯᠡᠬᠦ ᠶᠢᠨ ᠬᠤᠭᠤᠷᠣᠨᠳᠤ ᠦᠭᠡᠯᠡᠭᠰᠡᠭᠡᠷ᠂ ᠭᠤᠷᠪᠠᠨ ᠡᠪᠡᠷ ᠭᠡᠵᠢᠭᠡ ᠲᠠᠢ ᠲᠣᠯᠣᠭᠠᠢ ᠶᠢ ᠮᠢᠨᠢ ᠢᠯᠢᠨ ᠦᠨᠦᠰᠴᠦ᠂ ᠪᠣᠯᠣᠭᠰᠠᠨ ᠪᠤᠳᠠᠭ᠎ᠠ ︵ᠬᠠᠭᠤᠷᠤᠭᠰᠠᠨ ᠪᠤᠳᠠᠭ᠎ᠠ︶᠂ ᠥᠷᠥᠮ᠎ᠡ ᠠᠭᠠᠷᠤᠤᠯ ᠲᠠᠢ ᠴᠠᠢ ᠬᠡᠵᠢᠶᠡᠨ ᠤ ᠪᠡᠯᠡᠨ ᠲᠠᠯᠪᠢᠴᠢᠬᠠᠭᠰᠠᠨ ᠪᠠᠶᠢᠳᠠᠭ ᠰᠠᠨ᠃ᠨᠠᠰᠤ ᠥᠰᠬᠦ ᠲᠤᠲᠤᠮ ᠪᠢ ᠴᠦ ᠤᠬᠠᠭᠠᠨ ᠲᠣᠮᠤᠭ᠎ᠠ ᠣᠷᠣᠵᠤ᠂ ᠡᠷᠲᠡ ᠴᠦ ᠪᠣᠰᠬᠤ ᠪᠣᠯᠵᠤ᠂ ᠬᠥᠳᠡᠭᠡ ᠪᠠᠶᠢᠬᠤ  ᠳᠠᠭᠠᠨ ᠴᠦ ᠲᠡᠷᠡ᠂ ᠰᠤᠷᠭᠠᠭᠤᠯᠢ ᠶᠢᠨ ᠠᠮᠠᠷᠠᠯᠲᠠ ᠪᠠᠷ ᠭᠡᠷ ᠲᠡᠭᠡᠨ ᠬᠠᠷᠢᠭᠰᠠᠨ ᠴᠦ ᠲᠡᠷᠡ᠂ ᠡᠷᠲᠡ ᠪᠣᠰᠪᠠᠯ ᠭᠠᠳᠠᠭᠤᠷ ᠶᠠᠪᠤᠵᠤ ᠶᠠᠭᠤᠮ᠎ᠠ ᠠᠵᠢᠭᠯᠠᠵᠤ᠂ ᠮᠠᠯ ᠬᠠᠮᠢᠭᠠᠰᠢ ᠪᠠᠨ ᠪᠡᠯᠴᠢᠭᠰᠡᠨ᠂ ᠬᠠᠮᠢᠭ᠎ᠠ ᠠᠴᠠ ᠰᠠᠯᠬᠢ ᠲᠠᠢ ᠪᠣᠢ︖ ᠲᠡᠭᠷᠢ ᠶᠢᠨ ᠪᠠᠶᠢᠳᠠᠯ ᠶᠠᠮᠠᠷ ᠵᠡᠷᠭᠡ ᠶᠢ ᠠᠩᠬᠠᠷᠴᠤ ᠠᠵᠢᠬᠤ ᠪᠣᠯᠣᠭᠰᠠᠨ ᠪᠢᠯᠡ᠃ ᠡᠨᠡ ᠪᠣᠯ ᠪᠦᠷ ︽ᠨᠢᠳᠦ ᠪᠠᠨ ᠪᠦᠦ ᠡᠪᠦᠷᠲᠦᠯᠡᠵᠦ ᠶᠠᠪᠤ︕︾ ᠭᠡᠵᠤ ᠢᠵᠢᠢ ᠮᠢᠨᠢ ᠪᠠᠶᠢᠨ ᠳᠠᠬᠢᠨ ᠵᠠᠬᠢᠵᠤ ᠰᠤᠷᠭᠠᠭᠰᠠᠨ ᠤ ᠠᠴᠢ ᠰᠣᠶᠣᠷᠬᠠᠯ ᠪᠠᠶᠢᠵᠤ᠂ ᠮᠠᠯᠵᠢᠬᠤ ᠠᠮᠢᠳᠤᠷᠠᠯ ᠤᠨ ᠠᠩᠬᠠᠨ ᠤ ᠬᠢᠴᠢᠶᠡᠯ ᠮᠢᠨᠢ ᠪᠣᠯᠣᠭᠰᠠᠨ ᠪᠢᠯᠡ᠃       ︽ᠨᠢᠳᠦ ᠪᠠᠨ ᠡᠪᠦᠷᠲᠦᠯᠡᠬᠦ︾ ᠭᠡᠳᠡᠭ ᠦᠭᠡ ᠪᠣᠯ ᠡᠷᠲᠡ ᠳᠡᠭᠡᠷ᠎ᠡ ᠦᠶ᠎ᠡ ᠠᠴᠠ ᠤᠯᠠᠮᠵᠢᠯᠠᠵᠤ ᠢᠷᠡᠭᠰᠡᠨ ᠮᠠᠯᠵᠢᠬᠤ ᠠᠮᠢᠳᠤᠷᠠᠯ ᠳᠤ ᠯᠡ ᠭᠤᠣᠯᠳᠠᠭᠤ ᠪᠠᠶᠢᠳᠠᠭ ᠥᠪᠡᠷᠮᠢᠴᠡ ᠶᠣᠭᠲᠠ ᠤᠳᠬ᠎ᠠ ᠲᠠᠢ ᠬᠡᠯᠡᠯᠭᠡ ᠪᠢᠯᠡ᠃ ᠣᠳᠣ ᠡᠶᠢᠮᠦᠷᠬᠦᠦ ᠦᠭᠡ ᠬᠡᠯᠡᠯᠭᠡ ᠶᠢ ᠮᠡᠳᠡᠬᠦ ᠬᠡᠯᠡᠬᠦ ᠬᠥᠮᠥᠨ ᠴᠥᠭᠡᠷᠡᠵᠡᠢ᠃ ᠨᠡᠩ ᠴᠦ ᠵᠠᠯᠠᠭᠤᠴᠤᠳ ᠪᠠᠭᠠᠴᠤᠳ ᠤᠨ ᠳᠤᠮᠳᠠ ᠪᠣᠯ ᠡᠳᠦᠷ ᠤᠨ ᠣᠳᠣ ᠰᠢᠭ᠋ ᠪᠣᠯᠵᠤ ᠪᠣᠢ ᠨᠢ ᠳᠠᠩᠴᠤ ᠬᠠᠷᠠᠮᠰᠠᠯᠲᠠᠢ᠃ ︽ᠨᠢᠳᠦ ᠪᠠᠨ ᠡᠪᠦᠷᠲᠦᠯᠡᠬᠦ︾ ᠭᠡᠳᠡᠭ ᠦᠭᠡ ᠶᠢ ᠣᠳᠣ ᠶᠢᠨ ᠬᠡᠦᠬᠡᠳ ᠳᠡᠭᠦᠦ ᠨᠠᠷ ᠲᠤ ᠬᠠᠶᠠ ᠨᠢᠭᠡ ᠲᠣᠬᠢᠶᠠᠯᠳᠤᠯ ᠢᠶᠠᠷ ᠬᠡᠯᠡᠬᠦ ᠳᠤ᠂ ᠲᠡᠳᠡ ᠬᠠᠷᠢᠭᠤ ᠳᠤᠨᠢ᠄ ︽ᠨᠢᠳᠦ ᠶᠢ ᠶᠠᠭᠠᠬᠢᠵᠤ ᠡᠪᠦᠷᠲᠦᠯᠡᠬᠦ ᠶᠤᠮ ᠪᠣᠢ︖︾ ᠭᠡᠵᠤ ᠭᠡᠳᠡᠷᠭᠦ ᠠᠰᠠᠭᠤᠬᠤ ᠨᠢ ᠴᠦ ᠪᠣᠢ᠃ ᠡᠭᠦᠨ ᠤ ᠰᠢᠯᠲᠠᠭᠠᠨ ᠨᠢ ᠭᠤᠣᠯᠳᠠᠭᠤ ᠮᠣᠩᠭᠤᠯ ᠬᠡᠯᠡᠨ ᠤ ᠶᠠᠳᠠᠭᠤᠷᠠᠯ ᠪᠣᠯᠣᠨ ᠬᠥᠳᠡᠭᠡ ᠠᠴᠠ ᠬᠤᠲᠠᠴᠢᠯᠠᠬᠤ ᠪᠣᠯᠣᠭᠰᠠᠨ ᠤ ᠰᠢᠯᠲᠠᠭᠠᠨ ᠭᠡᠵᠤ ᠦᠵᠡᠨ᠎ᠡ᠃      ︽ᠬᠥᠳᠡᠭᠡ ᠲᠣᠰᠬᠤᠨ ᠢᠶᠠᠷ ᠬᠤᠲᠠ ᠶᠢ ᠪᠦᠰᠡᠯᠡᠬᠦ︾ ᠭᠡᠳᠡᠭ ᠦᠭᠡ ᠪᠣᠯ ᠥᠩᠭᠡᠷᠡᠭᠰᠡᠨ ᠤ ᠬᠤᠪᠢᠰᠬᠠᠯᠲᠤ ᠳᠠᠶᠢᠨ ᠤ ᠦᠶ᠎ᠡ ᠳᠤ ᠮᠠᠤ ᠽᠧ ᠳ᠋ᠦᠩ ᠲᠡᠷᠢᠭᠦᠯᠡᠭᠴᠢ ᠶᠢᠨ ᠰᠡᠳᠦᠵᠦ ᠰᠠᠨᠠᠭᠠᠴᠢᠯᠠᠭᠰᠠᠨ ᠪᠠᠶᠢᠯᠳᠤᠬᠤ ᠪᠣᠳᠣᠯᠭ᠎ᠠ ᠪᠣᠯᠬᠤ ᠪᠥᠭᠡᠳ ᠲᠡᠷᠡ ᠨᠢ ᠳᠤᠮᠳᠠᠳᠤ ᠶᠢᠨ ᠦᠨᠳᠦᠰᠦᠲᠡᠨ ᠤ ᠴᠢᠯᠦᠭᠡᠯᠡᠯᠲᠡ ᠶᠢᠨ ᠦᠢᠯᠡᠰ ᠲᠤ ᠯᠤᠲᠤ ᠶᠡᠭᠡ ᠦᠢᠯᠡᠳᠦᠯ ᠨᠥᠯᠥᠭᠡ ᠦᠵᠡᠭᠦᠯᠦᠭᠰᠡᠨ ᠪᠢᠯᠡ᠃ ᠣᠳᠣ ᠰᠢᠨ᠎ᠡ ᠴᠠᠭ ᠡᠷᠡᠨ ᠳᠤ ᠣᠷᠣᠭᠰᠠᠨ ᠤ ᠰᠡᠭᠦᠯᠡᠷ ᠬᠠᠷᠢᠨ ︽ᠬᠤᠲᠠ ᠪᠠᠷ ᠬᠥᠳᠡᠭᠡ ᠲᠣᠰᠬᠤᠨ ᠢ ᠪᠦᠰᠡᠯᠡᠬᠦ︾ ᠪᠣᠯᠵᠤ᠂ ᠬᠥᠳᠡᠭᠡ ᠠᠴᠠ ᠬᠤᠲᠠᠴᠢᠯᠠᠬᠤ ᠲᠡᠰᠢ ᠪᠠᠨ ᠬᠤᠰᠢᠭᠤᠷᠠᠵᠤ᠂ ᠨᠡᠭᠦᠳᠡᠯ ᠠᠷᠠᠳ ᠨᠢ ᠣᠯᠠᠰᠢᠷᠠᠭᠰᠠᠨ ᠠᠴᠠ ᠦᠨᠳᠦᠰᠦᠲᠡᠨ ᠤ ᠮᠠᠨᠢ ᠦᠷ᠎ᠡ ᠦᠨᠳᠦᠰᠦ ᠪᠣᠯᠬᠤ ᠵᠠᠯᠭᠠᠮᠵᠢ ᠬᠤᠶᠢᠴᠢ ᠦᠶ᠎ᠡ ᠮᠠᠨᠢ ︽ᠨᠢᠳᠦ ᠪᠠᠨ ᠡᠪᠦᠷᠲᠦᠯᠡᠵᠦ︾ ᠶᠠᠪᠤᠬᠤ ᠨᠢ ᠨᠠᠭᠠᠲᠤ ᠵᠠᠬ᠎ᠠ ᠶᠢᠨ ᠵᠢᠱᠢᠶ᠎ᠡ ᠪᠣᠯᠵᠠᠢ ᠡᠶᠢᠮᠦ ᠠᠴᠠ ︽ᠨᠢᠳᠦ ᠪᠠᠨ ᠡᠪᠦᠷᠲᠦᠯᠡᠬᠦ︾ ᠦᠭᠡᠢ᠂ ᠠᠯᠢᠪᠠ ᠶᠠᠭᠤᠮ᠎ᠠ ᠶᠢ ᠠᠵᠢᠵᠤ ᠠᠩᠬᠠᠷᠴᠤ ᠶᠠᠪᠤᠬᠤ ᠨᠢ ᠵᠥᠪᠬᠡᠨ ᠮᠠᠯᠴᠢᠨ ᠬᠥᠮᠥᠨ ᠳᠤ ᠯᠡ ᠬᠡᠷᠡᠭ ᠲᠠᠢ ᠪᠠᠷ ᠪᠠᠷᠠᠬᠤ ᠦᠭᠡᠢ᠂ ᠤᠷᠠᠨ ᠪᠦᠲᠦᠭᠡᠯᠴᠢ᠂ ᠴᠢᠨᠠᠭᠰᠢᠯᠠᠪᠠᠯ ᠦᠢᠯᠡᠰ ᠪᠦᠲᠦᠭᠡᠭᠴᠢ ᠠᠯᠢᠪᠠ ᠬᠥᠮᠥᠰ ᠲᠤ ᠴᠦ ᠭᠡᠰᠡᠨ ᠲᠤᠰᠠᠲᠠᠢ ᠪᠠᠶᠢᠬᠤ ᠭᠡᠵᠤ ᠪᠣᠳᠣᠨ᠎ᠠ᠃                                      ᠵᠣᠬᠢᠶᠠᠭᠴᠢ ᠶᠢᠨ ᠬᠠᠶ᠋ᠢᠭ᠄  ᠰᠢᠨ᠎ᠡ ᠪᠠᠷᠭᠤ ᠪᠠᠷᠠᠭᠤᠨ                                      ᠬᠤᠰᠢᠭᠤᠨ   ᠤ  ᠨᠢᠭᠡᠳᠦᠮᠡᠯ  ᠹᠷᠣᠨᠲ   ᠤᠨ  ᠬᠡᠯᠲᠡᠰ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号