ᠨᠤᠲᠤᠭ ᠤᠨ ᠲᠤᠬᠠᠢ ᠳᠤᠷᠠᠰᠤᠮᠵᠢ
ᠨᠡᠶᠢᠲᠡᠯᠡᠭᠰᠡᠨ ᠴᠠᠭ᠄
2017/10/11
ᠰᠢᠷᠠᠭᠦᠦ         ᠨᠤᠲᠤᠭ ᠤᠨ ᠲᠤᠬᠠᠢ ᠳᠤᠷᠠᠰᠤᠮᠵᠢ        ︽ᠬᠥᠮᠥᠨ ᠬᠥᠭᠵᠢᠬᠦ ᠲᠤᠲᠤᠮ ᠢᠶᠠᠨ ᠮᠥᠬᠦᠯ ᠵᠦᠭ ᠢᠶᠠᠨ ᠵᠢᠳᠬᠦᠨ᠎ᠡ︾ ᠭᠡᠵᠤ ᠮᠣᠩᠭᠤᠯ ᠤᠯᠤᠰ ᠤᠨ ᠨ᠊ · ᠬᠠᠪᠬ᠎ᠠ ᠭᠤᠸᠠᠢ ᠶᠢᠨ ᠬᠡᠯᠡᠭᠰᠡᠨ ᠦᠭᠡ ᠶᠢ ᠪᠣᠳᠤᠬᠤ ᠪᠦᠷᠢ ᠶᠠᠮᠠᠷ ᠨᠢᠭᠡᠨ ᠥᠯᠵᠡᠢ ᠪᠤᠰᠤ ᠶᠢᠨ ᠪᠣᠳᠤᠯ ᠰᠡᠳᠬᠢᠭᠳᠡᠯ ᠢ ᠲᠦᠷᠦᠭᠳᠡᠭᠦᠯᠦᠮᠡᠷ ᠪᠣᠯᠬᠤ ᠶᠤᠮ᠃ ᠵᠥᠪᠬᠡᠨ ᠪᠢ ᠥᠪᠡᠷ ᠤᠨ ᠰᠢᠨ᠎ᠡ ᠪᠠᠷᠭᠤ ᠪᠠᠷᠠᠭᠤᠨ ᠬᠤᠰᠢᠭᠤ  ᠪᠠᠷ ᠢᠶᠠᠨ ᠵᠢᠱᠢᠶ᠎ᠠ ᠲᠠᠲᠠᠪᠠᠯ ᠥᠩᠭᠡᠷᠡᠭᠰᠡᠨ ᠪᠠ ᠣᠳᠤ ᠶᠢᠨ ᠵᠥᠷᠢᠶ᠎ᠡ ᠭᠡᠵᠤ ᠳᠠᠩᠴᠤ ᠢᠯᠡ ᠲᠣᠳᠤ ᠬᠠᠷᠢᠴᠠᠭᠤᠯᠤᠯ ᠪᠣᠯᠵᠤ ᠪᠠᠶᠢᠭᠠᠯᠢ ᠠᠬᠤᠢ ᠶᠢᠨ ᠡᠪᠳᠡᠭᠳᠡᠯ ᠰᠦᠢᠳᠦᠯ ᠨᠢ ᠬᠥᠮᠥᠰ ᠲᠤ ᠶᠠᠮᠠᠷ ᠨᠢᠭᠡᠨ ᠮᠠᠭᠤ ᠰᠤᠪᠢᠩ ᠢ ᠠᠪᠴᠢᠷᠠᠵᠤ ᠮᠡᠳᠡᠨ᠎ᠡ ᠭᠡᠬᠦ ᠳᠤ ᠶᠠᠭ ᠣᠷᠤ ᠦᠭᠡᠢ ᠦᠭᠡ ᠪᠢᠰᠢ ᠰᠢᠭ ᠪᠣᠯᠵᠠᠢ᠃ ᠡᠨᠡ ᠨᠢ ᠵᠥᠪᠬᠡᠨ ᠮᠠᠨ ᠤ ᠨᠤᠲᠤᠭ ᠤᠨ ᠯᠡ ᠡᠪᠳᠡᠭᠳᠡᠯ ᠪᠢᠰᠢ ᠪᠣᠯᠵᠤ ᠬᠠᠷᠢᠨ ᠳᠡᠯᠡᠬᠡᠢ ᠨᠡᠶᠢᠲᠡ ᠶᠢᠨ ᠴᠢᠨᠠᠷᠲᠠᠢ ᠲᠣᠮᠤ ᠠᠰᠠᠭᠤᠳᠠᠯ ᠪᠣᠯᠵᠠᠢ᠃ ᠮᠣᠩᠭᠤᠯ ᠤᠯᠤᠰ  ᠢ ᠬᠡᠵᠢᠶᠡᠨᠡᠢ ᠠᠴᠠ ᠡᠬᠡ ᠪᠠᠶᠢᠭᠠᠯᠢ ᠪᠠᠨ ᠬᠠᠮᠠᠭᠠᠯᠠᠬᠤ ᠲᠠᠯ᠎ᠠ ᠪᠠᠷ ᠳᠡᠯᠡᠬᠡᠢ ᠶᠢᠨ ᠲᠡᠷᠢᠭᠦᠨ ᠳᠤ ᠣᠷᠤᠮᠠᠷ ᠦᠨᠡᠯᠡᠳᠡᠭ ᠪᠠᠶᠢᠭᠰᠠᠨ᠃ ᠤᠯᠠᠭᠠᠨᠪᠠᠭᠠᠲᠤᠷ ᠬᠤᠲᠠ ᠶᠢᠨ ᠭᠤᠳᠤᠮᠵᠢ ᠪᠠᠷ ᠪᠤᠭᠤ ᠥᠩᠭᠡᠷᠡᠬᠦ ᠳᠤ ᠠᠯᠠᠨ᠎ᠠ ᠭᠡᠵᠤ ᠬᠥᠭᠡᠭᠡᠬᠦ ᠬᠥᠮᠥᠨ ᠦᠭᠡᠢ ᠨᠢ ᠦᠨᠡᠨ ᠤᠴᠢᠷ᠃ ᠵᠥᠪᠬᠡᠨ ᠲᠠᠯ᠎ᠠ ᠶᠢᠨ ᠵᠡᠭᠡᠷ᠎ᠡ ᠶᠢ ᠬᠠᠮᠠᠭᠠᠯᠠᠬᠤ ᠲᠠᠯ᠎ᠠ ᠪᠠᠷ ᠪᠠᠰᠠ ᠮᠠᠨᠠᠶᠢᠬᠢᠨ  ᠠᠴᠠ ᠬᠤᠯᠠ ᠳᠠᠪᠠᠭᠤᠯᠢᠭ ᠨᠢ ᠴᠦ ᠮᠡᠳᠡᠭᠡᠵᠢ᠃ ᠭᠡᠲᠡᠯ᠎ᠡ ᠪᠠᠰᠠ ᠯᠡ ᠤᠰᠤᠨ ᠤ ᠪᠤᠵᠠᠷᠳᠤᠯ ᠭᠡᠲᠡᠯ᠎ᠡ ᠠᠭᠠᠷ ᠤᠨ ᠪᠤᠵᠠᠷᠳᠤᠯ ᠡᠨᠡ ᠲᠡᠷᠡ ᠭᠡᠳ ᠯᠡ ᠥᠩᠭᠡᠷᠡᠭᠰᠡᠨ ᠢᠶᠠᠨ ᠬᠤᠯᠠ ᠬᠦᠷᠬᠦ ᠪᠠᠨ ᠪᠣᠯᠢᠵᠠᠢ ᠭᠡᠬᠦ ᠮᠡᠲᠦ ᠶᠢᠨ ᠶᠠᠷᠢᠶ᠎ᠠ ᠰᠣᠨᠤᠰᠳᠠᠵᠤ ᠯᠡ ᠪᠠᠶᠢᠳᠠᠭ᠃ ᠶᠠᠫᠤᠨᠴᠤᠳ ᠮᠣᠳᠤ ᠪᠠᠨ ᠣᠭᠲᠤᠯᠬᠤ ᠦᠭᠡᠢ᠂ ᠮᠠᠨ ᠤ ᠳᠤᠮᠳᠠᠳᠤ ᠶᠢᠨ ᠮᠣᠳᠤ ᠪᠠᠨ ᠣᠭᠲᠤᠯᠵᠤ ᠪᠠᠶᠢᠭᠠᠳ ᠬᠢᠭᠰᠡᠨ ᠪᠡᠯᠡᠨ ᠰᠠᠪᠬ᠎ᠠ ᠶᠢ ᠠᠪᠠᠴᠢᠭᠠᠳ ᠬᠡᠷᠡᠭᠯᠡᠨ᠎ᠡ᠃ ᠦᠢᠯᠡᠳᠪᠦᠷᠢ ᠠᠭᠤᠷᠬᠠᠢ ᠪᠠᠶᠢᠭᠤᠯᠪᠠᠯ ᠣᠷᠴᠢᠨ ᠲᠣᠭᠤᠷᠢᠨ ᠢ ᠪᠤᠵᠠᠷᠲᠠᠭᠤᠯᠵᠤ ᠡᠬᠡ ᠪᠠᠶᠢᠭᠠᠯᠢ ᠶᠢᠨ ᠲᠡᠩᠴᠡᠭᠦᠷᠢ ᠳᠤ ᠲᠤᠶᠢᠯ ᠤᠨ ᠶᠡᠭᠡ ᠬᠠᠷᠰᠢ ᠰᠠᠭᠠᠳ ᠤᠴᠠᠷᠠᠭᠤᠯᠤᠨ᠎ᠠ᠃ ᠬᠡᠷᠪᠡ ᠠᠭᠤᠷᠬᠠᠢ ᠮᠠᠯᠲᠠᠵᠤ ᠦᠢᠯᠡᠳᠪᠦᠷᠢ ᠪᠠᠶᠢᠭᠤᠯᠬᠤ ᠦᠭᠡᠢ ᠪᠣᠯ ᠪᠣᠯᠤᠨ᠎ᠠ ᠦᠦ ᠦᠭᠡᠢ ᠤᠤ︖ ᠪᠠᠰᠠ ᠪᠣᠯᠬᠤ ᠦᠭᠡᠢ᠃ ᠠᠵᠤ ᠦᠢᠯᠡᠳᠪᠦᠷᠢ ᠬᠥᠭᠵᠢᠵᠦ ᠴᠢᠳᠠᠬᠤ ᠦᠭᠡᠢ᠃ ᠠᠵᠤ ᠦᠢᠯᠡᠳᠪᠦᠷᠢ ᠬᠥᠭᠵᠢᠬᠦ ᠦᠭᠡᠢ ᠪᠣᠯ ᠬᠥᠮᠥᠨ ᠲᠥᠷᠥᠯᠬᠢᠲᠡᠨ ᠤ ᠠᠮᠢᠳᠤᠷᠠᠯ ᠰᠠᠶᠢᠵᠢᠷᠠᠵᠤ ᠴᠢᠳᠠᠬᠤ ᠦᠭᠡᠢ᠃ ᠨᠡᠭᠦᠷᠡᠰᠦ᠂ ᠴᠢᠯᠠᠭᠤᠨ ᠲᠣᠰᠤ᠂ ᠰᠢᠲᠠᠮᠠᠬᠠᠢ ᠬᠡᠢ ᠭᠡᠳ ᠯᠡ ᠬᠡᠷᠡᠭᠴᠡᠭᠡ ᠪᠠᠨ ᠬᠠᠩᠭᠠᠬᠤ ᠶᠢᠨ ᠲᠥᠯᠥᠭᠡ ᠭᠠᠵᠠᠷ ᠳᠡᠯᠡᠬᠡᠢ ᠪᠠᠨ ᠣᠩᠭᠢᠴᠢᠬᠤ ᠦᠭᠡᠢ ᠰᠡᠭᠴᠢᠬᠦ ᠦᠭᠡᠢ ᠪᠠᠶᠢᠬᠤ ᠶᠢᠨ ᠠᠷᠭ᠎ᠠ ᠦᠭᠡᠢ ᠯᠡ ᠪᠠᠶᠢᠨ᠎ᠠ ᠳ᠋ᠠ᠃ ᠰᠢᠨᠵᠢᠯᠡᠬᠦ ᠤᠬᠠᠭᠠᠨ ᠬᠥᠭᠵᠢᠬᠦ ᠶᠢ ᠳᠠᠭᠠᠯᠳᠤᠭᠠᠳ ᠪᠠᠶᠢᠭᠠᠯᠢ ᠳᠡᠯᠡᠬᠡᠢ ᠰᠦᠷᠳᠡᠭᠦᠯᠦᠯ ᠳᠤ ᠤᠴᠠᠷᠠᠨ᠎ᠠ᠃ ᠡᠨᠡ ᠨᠢ ᠶᠠᠭ ᠮᠠᠷᠺᠰ  ᠤᠨ ᠠᠯᠢ ᠡᠷᠲᠡ ︽ᠵᠥᠷᠢᠴᠡᠯ ᠦᠭᠡᠢ ᠪᠣᠯ ᠳᠡᠯᠡᠬᠡᠢ ᠶᠢᠷᠲᠢᠨᠴᠦ ᠣᠷᠣᠰᠢᠨ ᠲᠣᠭᠲᠠᠨᠢᠵᠤ ᠴᠢᠳᠠᠬᠤ ᠦᠭᠡᠢ᠃ ᠬᠥᠮᠥᠨ ᠲᠥᠷᠥᠯᠬᠢᠲᠡᠨ ᠤ ᠨᠡᠶᠢᠭᠡᠮ ᠭᠠᠭᠴᠠ ᠬᠦ ᠵᠥᠷᠢᠴᠡᠯ ᠤᠨ ᠳᠤᠮᠳᠠ ᠯᠡ ᠬᠥᠭᠵᠢᠨ ᠣᠷᠤᠰᠢᠳᠠᠭ︾ ᠭᠡᠰᠡᠨ ᠦᠭᠡ ᠬᠡᠴᠢᠨᠡᠨ ᠣᠨᠤᠪᠴᠢᠲᠠᠢ ᠭᠡᠳᠡᠭ ᠢ ᠨᠣᠲᠠᠯᠠᠵᠤ ᠪᠠᠶᠢᠭ᠎ᠠ ᠶᠤᠮ᠃ ᠵᠠ ᠲᠠᠭᠡᠭᠡᠳ ᠬᠡᠷᠡᠭᠲᠡᠢ ᠯᠡ ᠶᠤᠮ ᠭᠡᠳ ᠰᠠᠨᠠᠭᠠᠨ ᠲᠠᠪᠠ ᠪᠠᠷ ᠢᠶᠠᠨ ᠰᠦᠢᠳᠬᠡᠭᠡᠳ ᠪᠣᠯᠬᠤ ᠦᠭᠡᠢ ᠪᠢᠵᠠ᠃ ᠬᠠᠮᠠᠭᠠᠯᠠᠨ᠎ᠠ᠂ ᠡᠪᠳᠡᠨ᠎ᠡ᠂ ᠳᠠᠬᠢᠨ ᠬᠠᠮᠠᠭᠠᠯᠠᠨ᠎ᠠ ᠂ ᠳᠠᠬᠢᠨ ᠡᠪᠳᠡᠨ᠎ᠡ ᠭᠡᠳᠡᠭ ᠨᠢ ᠪᠣᠯᠵᠠᠢ᠃ ᠳᠣᠣᠷ᠎ᠠ ᠪᠢ ᠮᠢᠨᠦ ᠪᠠᠭ᠎ᠠ ᠶᠢᠨ ᠦᠶ᠎ᠡ ᠶᠢᠨ ᠰᠢᠨ᠎ᠡ ᠪᠠᠷᠭᠤ ᠪᠠᠷᠠᠭᠤᠨ ᠬᠤᠰᠢᠭᠤ ᠬᠢᠭᠡᠳ ᠣᠳᠤ ᠶᠢᠨ ᠰᠢᠨ᠎ᠡ ᠪᠠᠷᠭᠤ ᠪᠠᠷᠠᠭᠤᠨ ᠬᠤᠰᠢᠭᠤ ᠶᠢᠨ ᠲᠤᠬᠠᠢ ᠶᠠᠷᠢᠮᠠᠷ ᠪᠠᠶᠢᠨ᠎ᠠ᠃ ᠬᠡᠷᠪᠡ ᠶᠠᠷᠢᠬᠤ ᠦᠭᠡᠢ ᠪᠢᠴᠢᠬᠦ ᠦᠭᠡᠢ ᠪᠣᠯ ᠳᠠᠬᠢᠨ ᠲᠠᠪᠢᠨ ᠵᠢᠯ ᠤᠨ ᠳᠠᠷᠠᠭ᠎ᠠ ᠥᠩᠭᠡᠷᠡᠭᠰᠡᠨ ᠳᠤ ᠮᠠᠨ ᠤ ᠰᠢᠨ᠎ᠡ ᠪᠠᠷᠭᠤ ᠪᠠᠷᠠᠭᠤᠨ ᠬᠤᠰᠢᠭᠤ ᠶᠠᠮᠠᠷ ᠵᠡᠷᠭᠡ ᠶᠢᠨ ᠰᠠᠶᠢᠬᠠᠨ ᠣᠷᠤᠨ ᠪᠠᠶᠢᠭᠰᠠᠨ ᠭᠡᠵᠤ ᠪᠣᠳᠤᠬᠤ ᠴᠦ ᠬᠥᠮᠥᠨ ᠦᠭᠡᠢ᠂ ᠶᠠᠷᠢᠬᠤ ᠴᠦ ᠬᠥᠮᠥᠨ ᠦᠭᠡᠢ ᠪᠣᠯᠬᠤ ᠪᠢᠵᠠ᠃ ᠦᠨᠡᠨ ᠤᠴᠢᠷ ᠢ ᠬᠠᠰᠢ ᠯᠡ ᠦᠨᠡᠨ ᠢᠶᠠᠷ ᠨᠢ ᠲᠤᠰᠬᠠᠬᠤ ᠬᠡᠷᠡᠭᠲᠡᠢ᠃       ᠬᠤᠰᠢᠭᠤᠨ ᠲᠥᠪ ᠠᠯᠲᠠᠭᠮᠡᠭᠡᠯ       ᠠᠯᠲᠠᠨ ᠡᠮᠡᠭᠡᠯ ᠠᠭᠤᠯᠠ ᠶᠢᠨ ᠢᠶᠠᠨ ᠨᠡᠷ᠎ᠡ ᠪᠠᠷ ᠨᠡᠷᠡᠶᠢᠳᠦᠭᠰᠡᠨ ᠠᠯᠲᠠᠭᠮᠡᠭᠡᠯ ᠪᠠᠯᠭᠠᠰᠤ ᠮᠢᠨᠦ ᠪᠠᠭ᠎ᠠ ᠳᠤ ᠶᠠᠮᠠᠷ ᠪᠠᠶᠢᠭᠰᠠᠨ ᠪᠣᠢ ᠭᠡᠪᠡᠯ ᠬᠡᠳᠦᠨ ᠮᠢᠩᠭᠠᠭᠠᠳ ᠯᠡ ᠠᠶᠢᠯ ᠡᠷᠦᠬᠡ ᠲᠠᠢ ᠨᠢᠭᠡ ᠵᠢᠵᠢᠭ ᠲᠣᠰᠬᠤᠨ ᠰᠢᠭ᠋ ᠶᠠᠭᠤᠮ᠎ᠠ ᠪᠠᠶᠢᠭᠰᠠᠨ᠃ ᠠᠯᠲᠠᠭᠮᠡᠭᠡᠯ ᠪᠠᠯᠭᠠᠰᠤ ᠶᠢ ᠲᠡᠷᠡ ᠦᠶ᠎ᠡ ᠳᠤ ᠮᠠᠯᠴᠢᠳ     ︽ᠬᠤᠰᠢᠭᠤ ᠶᠠᠮᠤᠨ︾ ᠭᠡᠵᠤ ᠬᠡᠯᠡᠳᠡᠭ᠃ ᠡᠨᠡ ᠨᠢ ᠶᠠᠫᠤᠨ ᠤ ᠦᠶ᠎ᠡ ᠶᠢᠨ ᠨᠡᠷᠡᠶᠢᠳᠦᠯ ᠭᠡᠨ᠎ᠡ᠃ ᠠᠰᠠᠷ ᠲᠠᠭᠲᠤ ᠶᠢ ᠪᠣᠣ ᠬᠡᠯᠡ᠂ ᠲᠣᠭᠤᠰᠬᠠᠨ ᠪᠠᠶᠢᠰᠢᠩ ᠭᠤᠷᠪᠠᠭ᠋ᠠᠨ ᠰᠠᠭᠤᠷᠢ᠃ ᠡᠨᠡ   ᠨᠢ ᠶᠠᠫᠤᠨ ᠡᠨᠡ ᠭᠠᠵᠠᠷ ᠢ ᠡᠵᠡᠯᠡᠵᠦ ᠪᠠᠶᠢᠬᠤ ᠦᠶ᠎ᠡ ᠳᠤ ᠪᠠᠷᠢᠭᠰᠠᠨ ᠪᠠᠶᠢᠰᠢᠩ ᠢ ᠬᠡᠯᠡᠵᠦ ᠪᠠᠶᠢᠨ᠎ᠠ᠃ ᠮᠢᠨᠦ ᠡᠨᠡ ᠪᠢᠴᠢᠵᠦ ᠪᠠᠶᠢᠭ᠎ᠠ ᠪᠣᠯ ᠵᠢᠷᠠᠭᠠᠳ ᠣᠨ ᠤ ᠠᠩᠬᠠᠨ ᠤ ᠦᠶ᠎ᠡ ᠶᠢᠨ ᠤᠴᠢᠷ᠃ ᠡᠵᠡᠯᠡᠭᠦᠨ ᠤ ᠲᠠᠯ᠎ᠠ ᠪᠠᠷ ᠪᠠᠷᠠᠭᠤᠨ ᠲᠠᠯ᠎ᠠ ᠨᠢ ᠬᠠᠭᠤᠴᠢᠨ ᠨᠢᠭᠡᠳᠦᠭᠡᠷ ᠪᠠᠭ᠎ᠠ ᠰᠤᠷᠭᠠᠭᠤᠯᠢ᠂ ᠬᠤᠶᠢᠲᠤ ᠲᠠᠯ᠎ᠠ ᠨᠢ ᠣᠳᠤ ᠶᠢᠨ ᠠᠷᠠᠳ ᠤᠨ ᠡᠮᠨᠡᠯᠭᠡ ᠶᠢᠨ ᠬᠤᠷᠢᠶ᠎ᠠ᠂ ᠵᠡᠭᠦᠨ ᠲᠠᠯ᠎ᠠ ᠨᠢ ᠷᠠᠳᠢᠣ᠋ ᠲᠧᠯᠸᠢᠰ ᠬᠤᠷᠢᠶ᠎ᠠ ᠠᠴᠠ ᠴᠠᠭᠠᠰᠢ ᠭᠡᠷ ᠪᠠᠶᠢᠰᠢᠩ ᠭᠡᠵᠤ ᠪᠠᠶᠢᠬᠤ ᠦᠭᠡᠢ᠃ ᠪᠦᠷ ᠲᠠᠯ᠎ᠠ ᠭᠠᠵᠠᠷ ᠪᠣᠯᠤᠨ᠎ᠠ᠃ ᠬᠤᠰᠢᠭᠤᠨ ᠤ ᠳᠥᠷᠪᠡᠨ ᠲᠣᠮᠤ ᠤᠳᠤᠷᠢᠳᠤᠯᠭ᠎ᠠ ᠠᠴᠠ ᠰᠠᠩᠲᠠᠢ᠂ ᠵᠠᠮᠪᠠᠯᠵᠠᠪ᠂ ᠳ᠋ᠣᠷᠵᠢ ᠭᠤᠷᠪᠠ ᠨᠢ ︽ᠠᠷᠪᠠᠨ ᠵᠢᠷᠭᠤᠭᠠᠨ ᠲᠠᠰᠤᠯᠭ᠎ᠠ︾ ᠭᠡᠳᠡᠭ ᠲᠤᠬᠠᠢ ᠶᠢᠨ ᠦᠶ᠎ᠡ ᠳᠤ ᠨᠡᠯᠢᠶᠡᠳ ᠡᠷᠬᠡ ᠵᠡᠷᠭᠡ ᠲᠠᠢ ᠬᠥᠮᠥᠨ ᠣᠯᠵᠤ ᠰᠠᠭᠤᠳᠠᠭ ᠮᠣᠳᠤ ᠰᠢᠷᠤᠢ ᠶᠢᠨ ᠪᠦᠲᠦᠴᠡ  ᠲᠠᠢ ᠤᠷᠲᠤ ᠰᠢᠪᠠᠷ ᠪᠠᠶᠢᠰᠢᠩ ᠳᠤ ᠰᠠᠭᠤᠵᠤ ᠪᠠᠶᠢᠵᠠᠢ᠃ ᠤᠯᠤᠰ ᠠᠴᠠ ᠡᠵᠡᠩᠨᠡᠭᠰᠡᠨ ᠬᠠᠩᠭᠠᠨ ᠪᠣᠷᠤᠯᠠᠭᠤᠯᠬᠤ ᠬᠤᠷᠰᠢᠶ᠎ᠠ ᠬᠢᠭᠡᠳ ᠬᠤᠭᠤᠯᠠᠨ ᠭᠡᠷ᠂ ᠮᠢᠬᠠᠨ ᠤ ᠺᠣᠮᠫᠠᠨᠢ᠂ ᠠᠮᠤ ᠪᠤᠳᠠᠭᠠᠨ ᠤ ᠲᠣᠪᠴᠢᠶ᠎ᠠ ᠲᠤᠰᠪᠤᠷᠢ ᠨᠢᠭᠡ᠃ ᠡᠭᠦᠨ ᠠᠴᠠ ᠣᠨᠳᠤᠤ ᠬᠤᠳᠠᠯᠳᠤᠭᠠᠨ ᠤ ᠵᠦᠢᠯ ᠭᠡᠵᠤ ᠦᠭᠡᠢ᠃ ᠭᠡᠪᠡᠴᠦ ᠶᠠᠭᠤᠮ᠎ᠠ ᠳᠠᠩᠴᠤ ᠬᠢᠮᠳᠠ ᠪᠠᠶᠢᠭᠰᠠᠨ᠃ ᠪᠣᠳᠠᠲᠠᠢ ᠬᠡᠯᠡᠪᠡᠯ ᠨᠢᠭᠡ ᠤᠭᠤᠲᠠ ᠴᠠᠭᠠᠨ ᠭᠤᠯᠢᠷ 8 ᠲᠥᠭᠦᠷᠢᠭ᠂ ᠨᠢᠭᠡ ᠵᠢᠩ ᠦᠬᠡᠷ ᠤᠨ ᠮᠢᠬ᠎ᠠ 50 ᠮᠥᠩᠬᠦ᠂ ᠬᠤᠨᠢᠨ ᠤ ᠮᠢᠬ᠎ᠠ 45 ᠮᠥᠩᠭᠦ᠂ ᠨᠢᠭᠡ ᠬᠠᠶᠢᠷᠴᠠᠭ ᠴᠦᠢᠳᠧᠩ 2 ᠮᠥᠩᠭᠦ᠂ ᠣᠳᠤ ᠶᠢᠨ ᠨᠢᠭᠡ ᠬᠠᠪᠲᠠᠭᠠᠢ ᠨᠢ 5 ᠲᠦᠬᠦᠷᠢᠭ ᠤᠨ ᠱᠠᠯᠪᠢᠩ ᠲᠡᠷᠡ ᠦᠶ᠎ᠡ ᠳᠤ 13 ᠮᠥᠩᠭᠦ᠃ ᠲᠡᠷᠡ ᠦᠶ᠎ᠡ ᠶᠢᠨ ᠮᠠᠨ ᠤ ᠪᠠᠷᠠᠭᠤᠨ ᠬᠤᠰᠢᠭᠤᠨ ᠤ ᠱᠠᠯᠪᠢᠩ ᠪᠣᠯ ᠣᠷᠤᠨ ᠠᠶᠢᠮᠠᠭ ᠪᠠᠶᠢᠲᠤᠭᠠᠢ ᠤᠯᠤᠰ ᠲᠠᠭᠠᠨ ᠨᠡᠷᠡᠲᠡᠢ ᠰᠢᠦ᠃ ᠴᠤᠯᠤ ᠮᠢᠬ᠎ᠠ ᠪᠠᠷ ᠬᠢᠭᠰᠡᠨ ᠪᠥᠭᠡᠳ ᠭᠤᠯᠢᠷ ᠨᠢ ᠨᠢᠪ ᠨᠢᠮᠭᠡᠨ᠂ ᠮᠢᠬ᠎ᠠ ᠨᠢ ᠭᠡᠷᠡᠯᠲᠦᠵᠦ ᠪᠠᠶᠢᠳᠠᠭ ᠪᠠᠶᠢᠳᠠᠯ ᠲᠠᠢ᠃ ᠠᠷᠠᠳ ᠤᠨ ᠠᠮᠢᠳᠤᠷᠠᠯ ᠬᠦᠴᠢᠷᠲᠡᠢ ᠴᠦ ᠬᠦᠴᠢᠷᠲᠡᠢ ᠪᠠᠶᠢᠭᠰᠠᠨ᠃ ᠭᠡᠶ᠎ᠡ᠂ ᠲᠡᠷᠡ ᠦᠶ᠎ᠡ ᠳᠤ ᠬᠤᠯᠠᠭᠠᠶᠢᠴᠢ ᠪᠠᠶᠢᠬᠤ ᠦᠭᠡᠢ᠃ ᠬᠤᠰᠢᠭᠤᠨ ᠤ ᠲᠥᠪ  ᠲᠤ ᠬᠡᠦᠬᠡᠳ ᠢᠶᠠᠨ ᠰᠠᠬᠢᠵᠤ ᠰᠠᠭᠤᠭ᠎ᠠ ᠮᠣᠩᠭᠤᠯ ᠭᠡᠷ ᠲᠠᠢ ᠠᠶᠢᠯ ᠨᠤᠭᠤᠳ ᠢᠳᠡᠯᠭᠡ ᠪᠠᠨ ᠬᠢᠭᠡᠳ ᠬᠤᠨᠢ᠂ ᠦᠬᠡᠷ ᠤᠨ ᠮᠢᠬ᠎ᠠ ᠪᠠᠨ ᠰᠦᠨᠢ ᠭᠠᠳᠠᠨ᠎ᠠ ᠬᠥᠯᠳᠡᠭᠡᠨ᠎ᠡ ᠭᠡᠳ ᠣᠷᠬᠢᠴᠢᠬᠠᠬᠤ ᠳᠤ ᠠᠪᠬᠤ ᠬᠥᠮᠥᠨ ᠪᠠᠶᠢᠬᠤ ᠦᠭᠡᠢ᠃ ᠨᠡᠩ ᠬᠥᠳᠡᠭᠡ ᠪᠣᠯ ᠮᠠᠯᠴᠢᠳ ᠢᠳᠡᠯᠭᠡ ᠪᠠᠨ ᠬᠢᠭᠡᠳ ᠨᠢᠭᠡ ᠪᠦᠭᠦᠯᠢ ᠦᠬᠡᠷ ᠤᠨ ᠮᠢᠬ᠎ᠠ ᠶᠢ ᠮᠣᠳᠤᠨ ᠭᠠᠩ ᠳᠤ  ᠪᠠᠨ ᠬᠢᠵᠦ ᠲᠠᠯᠪᠢᠭᠠᠳ ᠨᠡᠭᠦᠬᠦ ᠦᠶ᠎ᠡ ᠳᠡᠭᠡᠨ ᠡᠵᠡᠭᠦᠢ ᠬᠡᠭᠡᠷ᠎ᠡ ᠣᠷᠭᠢᠭᠠᠳ ᠶᠠᠪᠤᠴᠢᠬᠠᠬᠤ ᠳᠤ ᠠᠪᠬᠤ ᠬᠥᠮᠥᠨ ᠪᠠᠶᠢᠬᠤ ᠦᠭᠡᠢ᠃ ᠬᠠᠪᠤᠷ ᠭᠠᠷᠤᠭᠰᠠᠨ ᠤ ᠰᠡᠭᠦᠯᠡᠷ ᠦᠭᠦᠴᠡᠨ ᠤ ᠮᠢᠬ᠎ᠠ ᠪᠠᠨ ᠵᠠᠳᠠᠯᠤᠨ᠎ᠠ ᠭᠡᠳ ᠣᠴᠢᠵᠤ ᠠᠪᠴᠢᠷᠠᠭᠠᠳ ᠲᠠᠷᠭᠤᠨ ᠰᠠᠶᠢᠬᠠᠨ ᠮᠢᠬ᠎ᠠ ᠪᠠᠨ ᠲᠠᠪᠠᠲᠠᠢ ᠵᠣᠭᠤᠭᠯᠠᠳᠠᠭ ᠪᠠᠶᠢᠭᠰᠠᠨ ᠳ᠋ᠠ᠃ ᠦᠭᠡᠢ᠂ ᠶᠠᠮᠠᠷ ᠰᠠᠶᠢᠬᠠᠨ ᠨᠡᠶᠢᠭᠡᠮ ᠪᠠᠶᠢᠯ᠎ᠠ ᠠ︕       ᠲᠡᠷᠡ ᠦᠶ᠎ᠡ ᠳᠤ ᠡᠪᠦᠯ ᠴᠠᠰᠤ ᠶᠡᠭᠡ ᠣᠷᠤᠳᠠᠭ᠃ ᠮᠠᠭᠤ ᠰᠠᠶᠢᠨ ᠰᠢᠪᠠᠷ ᠪᠠᠶᠢᠰᠢᠩ ᠤᠨ ᠣᠷᠤᠢ ᠶᠢ ᠪᠦᠲᠡᠭᠡᠲᠡᠯ᠎ᠡ ᠴᠠᠰᠤ ᠣᠷᠤᠳᠠᠭ ᠤᠳᠠᠭ᠎ᠠ ᠣᠯᠠᠨ ᠭᠠᠷᠤᠨ᠎ᠠ᠃ ᠬᠡᠦᠬᠡᠳ ᠪᠠᠶᠢᠭᠰᠠᠨ ᠦᠶ᠎ᠡ ᠪᠣᠯᠬᠤᠷ ᠪᠢᠳᠡ ᠪᠠᠶᠢᠰᠢᠩ  ᠤᠨ ᠣᠷᠤᠢ ᠠᠴᠠ ᠳᠣᠷᠤᠭᠰᠢ ᠴᠠᠰᠤ ᠪᠠᠷ ᠭᠤᠯᠭᠤᠵᠤ ᠨᠠᠭᠠᠳᠳᠠᠭ ᠪᠠᠶᠢᠭᠰᠠᠨ᠃ ᠭᠡᠪᠡᠴᠦ ᠬᠠᠪᠤᠷ ᠡᠷᠲᠡ ᠴᠠᠰᠤ ᠬᠠᠶᠢᠯᠵᠤ᠂ ︽6.1︾ ᠤ ᠬᠡᠦᠬᠡᠳ ᠤᠨ ᠪᠠᠶᠠᠷ ᠪᠣᠯᠤᠮᠠᠭᠴᠠ ᠲᠠᠯ᠎ᠠ ᠬᠥᠳᠡᠭᠡ ᠦᠭᠡᠢ ᠴᠡᠯ ᠨᠣᠭᠤᠭᠠᠨ ᠪᠣᠯᠵᠤ ᠬᠤᠸᠠᠷ ᠴᠡᠴᠡᠭ ᠳᠡᠯᠭᠡᠷᠡᠭᠡᠳ ᠪᠠᠭᠠᠴᠤᠳ ᠪᠢᠳᠡ ᠣᠬᠤᠷ ᠥᠮᠥᠳᠦ᠂ ᠡᠮᠡᠭᠲᠡᠢ ᠰᠤᠷᠤᠭᠴᠢᠳ ᠪᠣᠯ ᠪᠠᠩᠵᠠᠯ ᠡᠮᠦᠰᠴᠢᠬᠡᠭᠡᠳ ᠪᠠᠭᠰᠢ ᠪᠠᠨ ᠲᠠᠭᠠᠨ ᠬᠤᠰᠢᠭᠤᠨ ᠤ ᠪᠠᠷᠠᠭᠤᠨ ᠤᠷᠳᠤ ᠲᠠᠯ᠎ᠠ ᠶᠢᠨ ᠠᠯᠲᠠᠨ ᠡᠮᠡᠭᠡᠯ ᠠᠭᠤᠯᠠ ᠪᠠᠷ  ᠢᠶᠠᠨ ᠲᠣᠭᠤᠷᠢᠨ ᠵᠤᠭᠠᠴᠠᠵᠤ ᠠᠭᠤᠯᠠ ᠮᠠᠴᠤᠵᠤ ᠨᠠᠭᠠᠳᠤᠭᠠᠳ ᠪᠠᠶᠠᠷ ᠤᠨ ᠡᠳᠦᠷ ᠢᠶᠠᠨ ᠪᠠᠶᠠᠷ ᠬᠥᠷ ᠲᠠᠢ ᠥᠩᠭᠡᠷᠡᠭᠦᠯᠳᠡᠭ ᠪᠠᠶᠢᠭᠰᠠᠨ ᠁       ᠬᠡᠷᠦᠯᠦᠨ ᠭᠤᠣᠯ      ᠬᠤᠰᠢᠭᠤᠨ ᠤ ᠡᠮᠦᠨᠡᠭᠦᠷ ᠵᠡᠭᠦᠨᠰᠢ ᠤᠷᠤᠰᠴᠤ ᠬᠥᠯᠥᠨ ᠳᠠᠯᠠᠢ ᠳᠤ ᠴᠢᠳᠬᠤᠭ᠎ᠠ ᠮᠣᠩᠭᠤᠯ ᠤᠯᠤᠰ ᠤᠨ ᠬᠡᠨᠲᠡᠢ ᠬᠠᠨ ᠠᠴᠠ ᠬᠦᠷᠬᠢᠷᠡᠨ ᠪᠠᠭᠤᠵᠤ ᠬᠢᠯᠢ ᠳᠠᠮᠵᠢᠨ ᠠᠶᠠᠯᠠᠨ ᠤᠷᠤᠰᠳᠠᠭ ᠬᠡᠷᠦᠯᠦᠨ ᠭᠤᠣᠯ ᠲᠡᠷᠡ ᠦᠶ᠎ᠡ ᠳᠤ ᠶᠠᠮᠠᠷ ᠪᠠᠶᠢᠭᠰᠠᠨ ᠢ ᠳᠤᠷᠠᠳᠤᠶ᠎ᠠ᠃ ᠤᠳᠠᠬᠤ ᠦᠭᠡᠢ ᠤᠳᠠᠬᠤ ᠦᠭᠡᠢ ᠦᠶᠡᠷᠯᠡᠨ ᠡᠷᠭᠢ ᠠᠴᠠ ᠪᠠᠨ ᠬᠠᠯᠢᠵᠤ ᠬᠤᠰᠢᠭᠤᠨ ᠲᠥᠪ ᠠᠯᠲᠠᠭᠮᠡᠭᠡᠯ ᠤᠷᠤᠭᠤ ᠤᠰᠤ ᠣᠷᠤᠬᠤ ᠭᠡᠵᠤ ᠰᠦᠢᠳ ᠪᠣᠯᠭᠠᠨ᠎ᠠ᠃ ᠲᠡᠭᠡᠬᠦ ᠳᠡᠭᠡᠨ ᠬᠤᠰᠢᠭᠤᠨ  ᠤ ᠡᠮᠦᠨ᠎ᠡ ᠲᠠᠯ᠎ᠠ ᠪᠠᠷ ᠭᠤᠣᠯ ᠤᠨ ᠬᠥᠷᠥᠰᠦ ᠪᠠᠷ ᠪᠠᠷᠢᠭᠰᠠᠨ ᠤᠰᠤᠨ ᠬᠠᠰᠢᠯᠭ᠎ᠠ ᠲᠠᠢ᠃ ᠵᠢᠭᠠᠰᠤ ᠭᠡᠳᠡᠭ ᠴᠢᠨᠢ ᠬᠡᠯᠡᠬᠦ ᠶᠢᠨ ᠭᠠᠵᠠᠷ ᠦᠭᠡᠢ᠃ ᠬᠠᠶᠠᠳᠠᠭ ᠲᠣᠣᠷ ᠢᠶᠠᠷ ᠨᠢᠭᠡ ᠰᠥᠨᠢ ᠴᠣᠬᠢᠪᠠᠯ ᠬᠤᠶᠠᠷ ᠵᠠᠭᠤᠨ ᠵᠢᠩ ᠣᠷᠤᠳᠠᠭ ᠬᠠᠭᠤᠴᠢᠨ ᠤ ᠲᠡᠷᠡ ᠬᠦ ᠣᠯᠤᠰᠤᠨ ᠮᠠᠳᠠᠢ ᠪᠠᠷ ᠪᠠᠷᠤᠭ ᠨᠢᠭᠡ ᠮᠠᠳᠠᠢ ᠴᠣᠬᠢᠬᠤ ᠴᠦ ᠡᠨᠡᠬᠡᠨ ᠳᠤ᠃ ᠭᠡᠬᠦ ᠳᠡᠭᠡᠨ ᠲᠣᠣᠷ ᠲᠤ ᠣᠷᠤᠭᠰᠠᠨ ᠵᠢᠵᠢᠭ ᠵᠢᠭᠠᠰᠤ ᠪᠤᠶᠤ ᠰᠢᠪᠠᠭ᠎ᠠ ᠵᠢᠭᠠᠰᠤ ᠶᠢ ᠪᠣᠯ ᠭᠤᠯᠤᠭᠠᠳ ᠠᠪᠬᠤ ᠦᠭᠡᠢ᠃ ᠭᠤᠣᠯ  ᠳᠤᠨᠢ ᠪᠤᠴᠠᠭᠠᠭᠠᠳ ᠲᠠᠯᠪᠢᠴᠢᠬᠠᠨ᠎ᠠ᠃ ᠵᠠᠪᠠᠯ ᠤᠯᠠᠭᠠᠨ ᠰᠡᠭᠦᠯᠲᠦ ᠮᠥᠷᠭᠦ ᠵᠢᠭᠠᠰᠤ ᠶᠢ ᠯᠡ ᠪᠠᠷᠢᠳᠠᠭ᠃ ᠮᠥᠷᠭᠦ ᠵᠢᠭᠠᠰᠤ ᠪᠠᠨ ᠪᠠᠷᠢᠵᠤ ᠠᠪᠴᠢᠷᠠᠭᠠᠳ ᠢᠳᠡᠬᠦ ᠳᠡᠭᠡᠨ ᠲᠣᠯᠤᠭᠠᠢ ᠶᠢ ᠨᠢ ᠭᠤᠯᠤᠭᠠᠳ ᠢᠳᠡᠬᠦ ᠦᠭᠡᠢ ᠰᠢᠭᠤᠳ ᠬᠠᠶᠠᠬᠤ ᠪᠤᠶᠤ ᠡᠰᠡᠭᠦᠯ᠎ᠡ ᠬᠠᠲᠠᠭᠠᠭᠠᠳ ᠭᠠᠯ ᠲᠦᠯᠡᠵᠦ ᠲᠦᠯᠡᠰᠢ ᠶᠢᠨ ᠣᠷᠤᠨ ᠳᠤ ᠬᠡᠷᠡᠭᠯᠡᠨ᠎ᠡ᠃ ᠵᠠᠷᠢᠮ ᠳᠠᠭᠠᠨ ᠬᠤᠷᠢ ᠭᠤᠴᠢᠨ ᠵᠢᠩ ᠤᠨ ᠪᠦᠳᠦᠭᠦᠨ ᠵᠢᠭᠠᠰᠤ ᠬᠠᠶᠠᠮᠠᠯ ᠲᠣᠣᠷ ᠲᠤ ᠪᠠᠷᠢᠭᠳᠠᠵᠤ ᠪᠠᠶᠢᠭᠰᠠᠨ ᠢ ᠪᠢ ᠨᠢᠳᠦ ᠪᠠᠷ  ᠢᠶᠠᠨ ᠦᠵᠡᠭᠰᠡᠨ ᠤᠳᠠᠭ᠎ᠠ ᠲᠠᠢ᠃ 1974 ᠣᠨ ᠤ ᠦᠶ᠎ᠡ ᠳᠤ ᠪᠢ ᠰᠡᠬᠡᠭᠡᠲᠡᠨ ᠢᠶᠠᠷ ᠡᠷᠳᠡᠨᠢᠠᠭᠤᠯᠠ ᠰᠤᠮᠤ ᠶᠢᠨ ᠪᠠᠶᠠᠨᠪᠤᠯᠠᠭ ᠭᠠᠴᠠᠭ᠎ᠠ ︵ᠲᠤᠬᠠᠢ ᠶᠢᠨ ᠦᠶ᠎ᠡ ᠶᠢᠨ ᠵᠠᠩ ᠶᠦᠩ ᠳ᠋ᠦᠢ︶ ᠳᠤ ᠡᠩᠬᠡᠪᠠᠲᠤ ᠶᠢᠨ ᠳᠤ ᠠᠳᠤᠭᠤᠨ ᠳᠤ ᠶᠠᠪᠤᠵᠤ ᠪᠠᠶᠢᠪᠠ᠃ ᠲᠡᠷᠡ ᠵᠤᠨ ᠤ ᠬᠡᠷᠦᠯᠦᠨ ᠭᠤᠣᠯ ᠤᠨ ᠦᠶᠡᠷᠯᠡᠭᠰᠡᠨ ᠭᠡᠵᠤ ᠵᠢᠭᠲᠡᠢ᠃ ᠮᠠᠨ ᠤ ᠬᠢ ᠲᠡᠭᠡᠬᠦ ᠳᠤ ᠵᠡᠭᠦᠨ ᠰᠦᠮ᠎ᠡ ᠶᠢᠨ ᠨᠠᠭᠠᠬᠠᠨᠲᠠᠢ ᠪᠠᠶᠢᠪᠠ᠃ ᠨᠢᠭᠡ ᠤᠳᠠᠭ᠎ᠠ ᠪᠢ ᠬᠤᠰᠢᠭᠤ ᠣᠷᠤᠭᠠᠳ ᠪᠤᠴᠠᠬᠤ ᠵᠠᠭᠤᠷ᠎ᠠ ᠭᠤᠣᠯ  ᠠᠴᠠ ᠬᠠᠯᠢᠭᠰᠠᠨ ᠤᠰᠤᠨ ᠳᠤ ᠵᠢᠭᠠᠰᠤ ᠭᠡᠳᠡᠭ ᠴᠢᠨᠢ ᠠᠳᠡ ᠲᠡᠨᠳᠡ ᠦᠭᠡᠢ ᠴᠣᠯᠭᠢᠨ ᠦᠰᠦᠷᠴᠦ ᠪᠦᠳᠦᠭᠦᠬᠡᠨ ᠵᠢᠭᠠᠰᠤ ᠶᠢ ᠪᠦᠬᠦᠶᠢᠵᠦ ᠪᠠᠶᠢᠭᠠᠳ ᠬᠤᠯᠤᠰᠤᠨ ᠲᠠᠰᠢᠭᠤᠷ ᠢᠶᠠᠷ ᠲᠠᠭᠠᠷᠠᠭᠤᠯᠵᠤ ᠪᠠᠶᠢᠭᠠᠳ ᠴᠣᠬᠢᠪᠠᠯ ᠨᠢᠭᠡ ᠶᠢ ᠤᠨᠠᠭᠠᠴᠢᠬᠠᠨ᠎ᠠ᠃ ᠲᠡᠷᠡ ᠰᠥᠨᠢ ᠨᠢ ᠪᠢᠳᠡ ᠶᠠᠭᠠᠬᠢᠭᠰᠠᠨ ᠢ ᠮᠡᠳᠡᠨ᠎ᠡ ᠦᠦ︖ ᠬᠥᠳᠡᠭᠡᠨ ᠤ ᠠᠶᠢᠯ ᠳᠤ ᠵᠢᠭᠠᠰᠤᠨ  ᠤ ᠲᠣᠣᠷ ᠭᠡᠵᠤ ᠬᠠᠮᠢᠭ᠎ᠠ ᠪᠠᠶᠢᠬᠤᠪ︖ ᠰᠠᠷᠠ ᠲᠠᠢ ᠰᠥᠨᠢ ᠪᠢᠳᠡ ᠵᠢᠭᠠᠰᠤ ᠪᠠᠷᠢᠬᠤ ᠭᠡᠳ ᠠᠷᠭᠠᠯ ᠲᠡᠭᠦᠳᠡᠭ ᠱᠡᠭᠡᠵᠡᠭᠡᠢ ︵ᠠᠷᠤᠭ︶ ᠪᠠᠷ ᠢᠶᠠᠨ ᠰᠣᠬᠤᠷ ᠪᠠᠯᠠᠢ ᠪᠠᠷ ᠳᠠᠷᠤᠭᠰᠠᠭᠠᠷ ᠪᠠᠶᠢᠭᠠᠳ ᠬᠠᠭᠠᠰ ᠲᠠᠮᠪᠤᠤ ᠵᠢᠭᠠᠰᠤ ᠪᠠᠷᠢᠭᠰᠠᠨ ᠳ᠋ᠠ᠃ ᠮᠠᠷᠭᠠᠰᠢ ᠨᠢ ᠥᠨᠥᠬᠢ ᠣᠯᠠᠨ ᠵᠢᠭᠠᠰᠤ ᠪᠠᠨ ᠪᠦᠬᠦᠯᠢ ᠮᠢᠬ᠎ᠠ ᠴᠢᠨᠠᠵᠤ ᠪᠠᠶᠢᠭ᠎ᠠ ᠰᠢᠭ᠋ ᠪᠦᠳᠦᠭᠦᠨ ᠲᠣᠮᠣ ᠲᠣᠭᠤᠭᠠᠨ ᠳᠤᠲᠤᠷ᠎ᠠ ᠴᠢᠨᠠᠴᠢᠬᠠᠭᠠᠳ ᠪᠠᠷᠠᠵᠤ ᠶᠠᠳᠠᠨ ᠢᠳᠡᠵᠦ ᠪᠠᠶᠢᠭᠰᠠᠨ ᠪᠣᠯ ᠶᠠᠭ ᠦᠨᠡᠨ ᠤᠴᠢᠷ᠃ ᠡᠨᠡ ᠵᠢᠭᠠᠰᠤ ᠶᠢ ᠴᠢᠨᠠᠵᠤ ᠥᠭᠭᠦᠭᠰᠡᠨ ᠬᠥᠮᠥᠨ ᠪᠣᠯ ᠳᠠᠷᠤᠢ ᠡᠩᠬᠡᠪᠠᠲᠤ ᠠᠬ᠎ᠠ ᠶᠢᠨ ᠠᠬ᠎ᠠ ᠡᠩᠬᠡᠮᠡᠷᠭᠡᠨ ᠭᠤᠸᠠᠢ  ᠶᠢᠨ ᠡᠬᠡᠨᠡᠷ ᠪᠠᠶᠢᠭᠰᠠᠨ ᠭᠠᠯᠰᠠᠩ ᠭᠤᠸᠠᠢ ᠪᠣᠯᠤᠨ᠎ᠠ᠃ ᠡᠪᠦᠳᠦᠭ ᠬᠦᠷᠬᠦ ᠦᠭᠡᠢ ᠤᠰᠤᠨ ᠳᠤ ᠲᠡᠮᠲᠡᠷᠢᠭᠡ ᠪᠠᠷ ᠵᠢᠭᠠᠰᠤ ᠪᠠᠷᠢᠳᠠᠭ ᠲᠡᠷᠡ ᠦᠶ᠎ᠡ ᠳᠠᠬᠢᠭᠠᠳ ᠢᠷᠡᠳᠡᠭ ᠪᠣᠯᠪᠠᠤ ᠳ᠋ᠠ᠂ ᠪᠣᠣ ᠮᠡᠳᠡ᠃        ᠬᠥᠯᠥᠨ ᠳᠠᠯᠠᠢ       ᠲᠡᠷᠡ ᠦᠶ᠎ᠡ ᠳᠤ ᠵᠡᠭᠦᠨ ᠰᠦᠮ᠎ᠡ ᠠᠴᠠ ᠬᠤᠶᠢᠰᠢ ᠨᠢᠭᠡ ᠬᠡᠰᠡᠭ ᠪᠠᠷᠲᠠᠭ᠎ᠠ ᠲᠠᠢ ᠵᠠᠮ ᠢ ᠥᠩᠭᠡᠷᠡᠪᠡᠯ ᠤᠳᠠᠯ ᠦᠭᠡᠢ ᠬᠥᠯᠥᠨ ᠳᠠᠯᠠᠢ ᠶᠢᠨ ᠵᠠᠬ᠎ᠠ ᠪᠠᠷ ᠮᠠᠨᠵᠤᠤᠷ ᠣᠷᠤᠳᠠᠭ ᠵᠠᠮ ᠲᠠᠢ᠃ ᠳᠠᠯᠠᠢ ᠶᠢᠨ ᠬᠥᠪᠡᠭᠡ ᠬᠦᠷᠦᠮᠡᠭᠴᠡ ᠠᠶᠠᠨᠴᠢᠳ ᠵᠠᠪᠠᠯ ᠴᠣᠩᠬᠤ ᠪᠠᠷ ᠬᠥᠯᠥᠨ ᠳᠠᠯᠠᠢ ᠪᠠᠨ ᠰᠢᠷᠲᠡᠨ ᠪᠠᠶᠠᠰᠤᠯᠴᠠᠳᠠᠭ ᠪᠠᠶᠢᠭᠰᠠᠨ᠃ ᠳᠠᠯᠠᠢ ᠨᠠᠭᠤᠷ ᠤᠨ ᠤᠰᠤ ᠲᠡᠷᠡ ᠦᠶ᠎ᠡ ᠳᠤ ᠬᠡᠮᠵᠢᠰᠢ ᠦᠭᠡᠢ ᠶᠡᠭᠡ ᠪᠠᠶᠢᠭᠰᠠᠨ ᠪᠣᠯᠬᠤᠷ ᠮᠠᠨᠵᠤᠤᠷ ᠣᠷᠤᠬᠤ ᠵᠠᠮ ᠤᠨ ᠶᠠᠭ ᠳᠡᠷᠭᠡᠳᠡ ᠨᠢ ᠬᠦᠷᠴᠦ ᠪᠠᠶᠢᠭᠰᠠᠨ᠃ ᠣᠳᠤ ᠪᠢᠳᠡ ᠬᠥᠯᠥᠨ ᠳᠠᠯᠠᠢ ᠶᠢᠨ ᠤᠰᠤ ᠶᠠᠮᠠᠷ ᠪᠣᠯᠤᠭᠰᠠᠨ ᠢ ᠮᠡᠳᠡᠨ᠎ᠡ ᠪᠢᠵᠠ᠃ ᠮᠠᠰᠢᠨ ᠤ ᠴᠣᠩᠬᠤ ᠪᠠᠷ ᠬᠠᠷᠠᠪᠠᠯ ᠪᠠᠷᠤᠭ ᠮᠢᠩᠭ᠎ᠠ ᠭᠠᠷᠤᠢ ᠮᠧᠲᠷ ᠤᠨ ᠴᠠᠭᠠᠨ᠎ᠠ ᠨᠢᠭᠡ ᠤᠰᠤ ᠰᠢᠭ᠋ ᠶᠠᠭᠤᠮ᠎ᠠ ᠬᠠᠷᠠᠭᠳᠠᠬᠤ ᠰᠢᠦᠬᠠᠨ ᠪᠣᠯᠤᠨ᠎ᠠ᠃ ᠰᠢᠷᠭᠢᠭᠰᠡᠭᠡᠷ ᠶᠤᠮ ᠤᠤ︖ ᠲᠠᠲᠠᠭᠰᠠᠭᠠᠷ ᠶᠤᠮ ᠤᠤ ᠳᠠᠯᠠᠢ ᠭᠡᠵᠤ ᠶᠣᠰᠤᠲᠠᠢ ᠨᠢᠭᠡ ᠳᠠᠯᠠᠢ ᠪᠣᠯᠵᠠᠢ᠃ ᠬᠡᠷᠦᠯᠦᠨ ᠭᠤᠣᠯ ᠨᠢ ᠲᠡᠶᠢᠮᠦ ᠶᠡᠭᠡ ᠵᠢᠭᠠᠰᠤ ᠲᠠᠢ ᠶᠤᠮ ᠴᠢᠨᠢ ᠡᠨᠡ ᠬᠦ ᠤᠭᠤᠲᠠᠯᠠᠵᠤ ᠪᠠᠶᠢᠭ᠎ᠠ ᠬᠥᠯᠥᠨ ᠳᠠᠯᠠᠢ ᠶᠢᠨ ᠵᠢᠭᠠᠰᠤ ᠶᠢ ᠳᠤᠷᠠᠳᠤᠭᠠᠳ ᠴᠦ ᠶᠠᠭᠠᠬᠢᠬᠤᠪ᠃ ᠡᠪᠦᠯ ᠪᠣᠯᠪᠠᠯ ᠮᠥᠰᠥ ᠴᠣᠭᠤᠯᠵᠤ ᠪᠠᠶᠢᠭᠠᠳ ᠵᠢᠭᠠᠰᠤᠨ ᠭᠦᠩᠰᠧ ᠶᠢᠨ ᠠᠵᠢᠯᠴᠢᠳ ᠬᠡᠳᠦᠨ ᠲᠣᠨ ᠢᠶᠠᠷ ᠪᠠᠷᠢᠵᠤ ᠪᠠᠷᠢᠭᠠᠳ ᠤᠯᠤᠰ  ᠲᠠᠭᠠᠨ ᠲᠤᠰᠢᠶᠠᠳᠠᠭ ᠢ ᠯᠡ ᠮᠡᠳᠡᠨ᠎ᠡ᠃      ᠲᠠᠷᠪᠠᠭ᠎ᠠ      ᠲᠠᠷᠪᠠᠭ᠎ᠠ ᠪᠣᠯ ᠬᠦᠬᠦᠲᠡᠨ ᠤ ᠠᠶᠢᠮᠠᠭ᠂ ᠬᠤᠯᠤᠭᠠᠨ᠎ᠠ ᠶᠢᠨ ᠲᠥᠷᠥᠯ ᠤᠨ ᠪᠠᠭ ᠲᠤ ᠬᠠᠮᠢᠶᠠᠷᠤᠭᠳᠠᠳᠠᠭ ᠤᠯᠤᠰ ᠤᠨ ᠬᠠᠮᠠᠭᠠᠯᠠᠯᠲᠠ ᠶᠢᠨ ᠠᠮᠢᠲᠠᠨ ᠤ ᠨᠢᠭᠡ ᠪᠢᠯᠡ᠃ ᠲᠠᠷᠪᠠᠭᠠᠨ ᠮᠢᠬ᠎ᠠ ᠪᠣᠯ ᠰᠢᠮ᠎ᠡ ᠰᠠᠶᠢᠲᠠᠢ ᠴᠤᠯᠤ ᠪᠠᠶᠢᠭᠠᠯᠢᠯᠢᠭ ᠪᠣᠳᠠᠰ ᠲᠤ ᠪᠠᠭᠲᠠᠬᠤ ᠪᠥᠭᠡᠳ ᠲᠠᠷᠪᠠᠭᠠᠨ ᠤ ᠠᠷᠠᠰᠤ ᠴᠦ ᠦᠨ᠎ᠡ ᠴᠡᠨ᠎ᠡ ᠲᠠᠢ ᠭᠤᠶᠤᠯᠠᠯ ᠤᠨ ᠬᠤᠪᠴᠠᠰᠤ ᠬᠢᠬᠦ ᠳᠤᠲᠠᠭᠳᠠᠵᠤ ᠪᠣᠯᠤᠰᠢ ᠦᠭᠡᠢ ᠬᠡᠷᠡᠭᠯᠡᠭᠳᠡᠬᠦᠨ ᠮᠥᠨ᠃ ᠮᠢᠨᠦ ᠪᠠᠭ᠎ᠠ ᠪᠠᠶᠢᠬᠤ ᠳᠤ ᠵᠤᠨ ᠤ ᠠᠮᠠᠷᠠᠯᠲᠠ ᠪᠠᠷ ᠪᠢ ᠬᠡᠷᠦᠯᠦᠨ ᠭᠦᠩᠱᠧ ᠣᠷᠤᠬᠤ ᠪᠠᠷ ᠠᠶᠠᠨᠴᠢᠨ ᠤ ᠮᠠᠰᠢᠨ ᠢᠶᠠᠷ ᠶᠠᠪᠤᠬᠤ ᠳᠤ ᠵᠠᠮ ᠤᠨ ᠬᠠᠵᠠᠭᠤ  ᠪᠠᠷ ᠠᠳᠡ ᠲᠡᠨᠳᠡ ᠦᠭᠡᠢ ᠲᠠᠷᠪᠠᠭ᠎ᠠ ᠭᠤᠵᠣᠶᠢᠯᠴᠠᠭᠠᠳ᠂ ᠭᠦᠶᠦᠬᠦ ᠨᠢ ᠭᠦᠶᠦᠵᠦ᠂ ᠬᠤᠰᠬᠢᠷᠬᠤ ᠨᠢ ᠬᠤᠰᠬᠢᠷᠠᠭᠠᠳ ᠰᠦᠢᠳ ᠪᠣᠯᠵᠤ ᠪᠠᠶᠢᠳᠠᠭ᠃ ᠣᠨᠴᠠᠭᠠᠶᠢᠯᠠᠨ ᠬᠡᠷᠦᠯᠦᠨ ᠰᠤᠮᠤ ᠶᠢᠨ ᠬᠤᠸᠠᠨᠳᠢ ᠣᠷᠴᠢᠮ ᠬᠦᠷᠬᠦ ᠳᠤ ᠯᠡ ᠲᠡᠷᠡ ᠣᠯᠠᠨ ᠲᠠᠷᠪᠠᠭ᠎ᠠ ᠶᠢᠨ ᠪᠤᠵᠢᠭᠢᠨᠠᠵᠤ ᠪᠠᠶᠢᠳᠠᠭ ᠢ ᠦᠭᠦᠯᠡᠬᠦ ᠶᠠᠭᠤᠨ᠃ ᠲᠡᠷᠡ ᠦᠶ᠎ᠡ ︵ᠵᠢᠷᠠᠭᠠᠳ ᠣᠨ︶  ᠠᠴᠠ ᠯᠡ ᠡᠬᠢᠯᠡᠨ ᠮᠠᠨᠵᠤᠤᠷ ᠤᠨ ᠲᠠᠷᠪᠠᠭᠠᠴᠢᠳ ᠠᠳᠡ ᠪᠠᠭᠤᠴᠢᠬᠠᠯ᠎ᠠ᠂ ᠲᠡᠨᠳᠡ ᠪᠠᠭᠤᠴᠢᠬᠠᠯ᠎ᠠ ᠭᠡᠯᠴᠡᠳᠡᠭ ᠪᠠᠶᠢᠭᠰᠠᠨ᠃ 1970 ᠣᠨ ᠬᠦᠷᠬᠦ ᠲᠠᠢ ᠦᠭᠡᠢ ᠲᠠᠢ ᠲᠠᠷᠪᠠᠭ᠎ᠠ ᠴᠦ ᠬᠠᠷᠠᠭᠳᠠᠬᠤ ᠪᠠᠨ ᠪᠣᠯᠢᠵᠠᠢ᠃ ᠥᠨᠥ ᠪᠣᠳᠤᠬᠤ ᠳᠤ ᠨᠢᠭᠡ ᠪᠦᠯᠦᠭ ᠬᠢᠲᠤᠭᠠᠴᠢᠨ ᠯᠡ ᠲᠡᠷᠡ ᠣᠯᠠᠨ ᠰᠠᠶᠢᠬᠠᠨ ᠠᠮᠢᠲᠠᠨ ᠢ ᠦᠭᠡᠶᠢᠬᠢᠴᠢᠭᠡᠭᠰᠡᠨ ᠪᠠᠶᠢᠵᠠᠢ᠃ ᠮᠠᠨᠵᠤᠤᠷ ᠤᠨ ᠬᠢ ᠶᠢ ᠪᠠᠶᠢᠶ᠎ᠠ︕ ᠮᠠᠨ ᠤ ᠬᠤᠰᠢᠭᠤᠨ ᠤ ᠵᠠᠷᠢᠮ ᠬᠢᠳᠡᠯ ᠢᠶᠠᠨ ᠠᠯᠳᠠᠭᠰᠠᠨ ᠬᠥᠮᠥᠰ ᠲᠠᠷᠪᠠᠭᠠᠨ ᠤ ᠡᠷᠢᠨ ᠪᠣᠯᠤᠮᠠᠭᠴᠠ ᠯᠡ ᠬᠢᠲᠤᠯᠭ᠎ᠠ ᠶᠢᠨ ᠠᠵᠢᠯ ᠢᠶᠠᠨ ᠡᠬᠢᠯᠡᠭᠦᠯᠴᠢᠬᠡᠳᠡᠭ ᠶᠤᠮ ᠴᠢᠨᠢ᠃ ᠮᠢᠨᠦ ᠮᠡᠳᠡᠬᠦ ᠪᠠᠷ ᠮᠢᠬ᠎ᠠ  ᠶᠢ ᠨᠢ ᠴᠢᠨᠠᠵᠤ ᠪᠣᠯᠭᠤᠭᠠᠭᠠᠳ ᠪᠦᠳᠦᠭᠦᠨ ᠭᠠᠩ ᠳᠤ ᠳᠠᠪᠤᠰᠤᠯᠠᠴᠢᠬᠠᠨ᠎ᠠ᠃ ᠲᠣᠰᠤ ᠶᠢ ᠨᠢ ᠰᠢᠷᠭᠠᠭᠠᠭᠠᠳ ᠬᠠᠭᠤᠴᠢᠨ ᠴᠠᠭ ᠤᠨ ᠰᠦᠨ ᠤ ᠵᠠᠪᠤᠳ᠋ ᠲᠤ ᠬᠡᠷᠡᠭᠯᠡᠳᠡᠭ ᠲᠡᠭᠡᠷ᠎ᠡ ᠪᠠᠨ ᠳᠠᠷᠤᠮᠠᠯ ᠬᠠᠪᠬᠠᠭ ᠲᠠᠢ ᠥᠨᠳᠦᠷ ᠬᠦᠨᠦᠭ  ᠢᠶᠠᠷ ᠳᠦᠭᠦᠷᠲᠡᠯ᠎ᠡ ᠰᠠᠪᠠᠯᠠᠨ᠎ᠠ᠃ ᠠᠷᠠᠰᠤ ᠶᠢ ᠨᠢ ᠬᠤᠳᠠᠯᠳᠤᠭᠠᠳ ᠵᠣᠭᠤᠰ ᠪᠣᠷᠤᠯᠠᠭᠤᠯᠤᠨ᠎ᠠ᠃ ᠢᠩᠭᠢᠭᠰᠡᠭᠡᠷ ᠪᠠᠶᠢᠭᠠᠳ ᠬᠠᠷ᠎ᠠ ᠤᠰᠤ ᠤᠤᠭᠤᠬᠤ ᠦᠭᠡᠢ᠂ ᠬᠠᠭᠳᠠ ᠡᠪᠡᠰᠦ ᠢᠳᠡᠬᠦ ᠦᠭᠡᠢ᠂ ᠬᠠᠮᠤᠭ ᠤᠨ ᠰᠢᠮ᠎ᠡ ᠲᠠᠢ ᠡᠪᠡᠰᠦ ᠢᠳᠡᠵᠦ ᠬᠠᠭᠠᠨ ᠰᠠᠭᠤᠳᠠᠯ ᠳᠠᠭᠠᠨ ᠰᠠᠭᠤᠴᠢᠬᠠᠭᠠᠳ ᠬᠠᠳᠠᠨ ᠭᠡᠷ ᠲᠡᠭᠡᠨ ᠣᠷᠤᠩᠨᠠᠵᠤ ᠠᠮᠢᠳᠤᠷᠠᠳᠠᠭ ᠲᠠᠯ᠎ᠠ ᠶᠢᠨ ᠲᠠᠷᠪᠠᠭ᠎ᠠ ᠮᠠᠨᠢ ᠠᠯᠠᠭᠠᠴᠢᠨ ᠤ ᠭᠠᠷ ᠠᠴᠠ ᠮᠤᠯᠲᠤᠷᠠᠵᠤ ᠴᠢᠳᠠᠯ ᠦᠭᠡᠢ ᠤᠭᠰᠠᠭ᠎ᠠ ᠬᠠᠷᠠᠯᠠᠬᠤ ᠳᠤ ᠬᠦᠷᠴᠡᠢ᠃      ᠵᠡᠭᠡᠷ᠎ᠡ     ᠮᠠᠨ ᠤ ᠰᠢᠨ᠎ᠡ ᠪᠠᠷᠭᠤ ᠪᠠᠷᠠᠭᠤᠨ ᠬᠤᠰᠢᠭᠤ ᠪᠣᠯ ᠥᠩ ᠰᠢᠮᠡᠯᠢᠭ ᠨᠤᠲᠤᠭ ᠪᠡᠯᠴᠢᠭᠡᠷ ᠲᠠᠢ ᠴᠤᠯᠤ ᠮᠣᠩᠭᠤᠯ ᠭᠠᠵᠠᠷ ᠣᠷᠤᠨ ᠪᠣᠯᠤᠨ᠎ᠠ᠃ ᠡᠨᠡ ᠭᠠᠵᠠᠷ ᠤᠨ ᠡᠪᠡᠰᠦᠨ ᠤ ᠰᠢᠮ᠎ᠡ ᠨᠢ ᠪᠤᠰᠤᠳ ᠭᠤᠷᠪᠠᠨ ᠮᠠᠯᠵᠢᠬᠤ ᠬᠤᠰᠢᠭᠤᠨ  ᠠᠴᠠ ᠪᠠᠨ ᠰᠠᠶᠢᠨ ᠪᠣᠯᠬᠤᠷ ᠬᠤᠨᠢᠨ ᠤ ᠮᠢᠬ᠎ᠠ ᠨᠢ ᠠᠮᠲᠠ ᠲᠠᠢ ᠪᠠᠶᠢᠵᠤ᠂ ᠣᠳᠤ ᠪᠣᠯᠬᠤ ᠳᠤ ︽ᠪᠠᠷᠭᠤ ᠬᠤᠨᠢᠨ ᠤ ᠮᠢᠬ᠎ᠠ︾ ᠤᠯᠤᠰ ᠤᠨ ᠨᠡᠷᠡᠲᠦ ᠲᠡᠮᠳᠡᠭ ᠢ ᠡᠭᠦᠳᠦᠭᠰᠡᠨ ᠪᠠᠶᠢᠳᠠᠭ᠃ ᠵᠡᠭᠡᠷ᠎ᠡ ᠭᠡᠳᠡᠭ ᠠᠮᠢᠲᠠᠨ ᠪᠣᠯ ᠬᠠᠮᠤᠭ ᠤᠨ ᠰᠢᠮ᠎ᠡ ᠲᠠᠢ ᠡᠪᠡᠰᠦ ᠢᠳᠡᠳᠡᠭ ᠡᠪᠡᠰᠦᠨ ᠲᠡᠵᠢᠭᠡᠯᠲᠦ ᠠᠮᠢᠲᠠᠨ ᠪᠣᠯᠬᠤᠷ ᠮᠠᠨ ᠤ ᠨᠤᠲᠤᠭ ᠲᠤ ᠣᠯᠠᠨ ᠪᠠᠶᠢᠬᠤ ᠨᠢ ᠵᠦᠢ ᠶᠣᠰᠤᠨ ᠤ ᠬᠡᠷᠡᠭ ᠶᠤᠮ᠃ ᠥᠩᠭᠡᠷᠡᠭᠰᠡᠨ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠨᠤᠲᠤᠭ ᠳᠡᠪᠢᠰᠬᠡᠷ  ᠲᠤ ᠵᠡᠭᠡᠷ᠎ᠡ ᠬᠡᠳᠦᠨ ᠵᠠᠭᠤ ᠮᠢᠩᠭ᠎ᠠ ᠪᠠᠷ ᠰᠦᠷᠦᠭᠯᠡᠨ ᠪᠡᠯᠴᠢᠵᠦ ᠪᠠᠶᠢᠭᠰᠠᠨ᠃ ᠭᠡᠪᠡᠴᠦ ᠬᠥᠮᠥᠨ ᠭᠡᠳᠡᠭ ᠡᠨᠡ ᠬᠦ ᠢᠳᠡᠭᠡᠳ ᠴᠦ ᠴᠠᠳᠬᠤ ᠦᠭᠡᠢ᠂ ᠤᠤᠭᠤᠭᠠᠳ ᠴᠦ ᠬᠠᠩᠬᠤ ᠦᠭᠡᠢ ᠤᠯᠤᠰ ᠵᠡᠭᠡᠷ᠎ᠡ ᠶᠢᠨ ᠠᠰᠢᠭ ᠬᠡᠷᠡᠭᠴᠡᠭᠡ ᠶᠢ ᠮᠡᠳᠡᠭᠰᠡᠨ ᠤ ᠰᠡᠭᠦᠯᠡᠷ ᠮᠥᠨ ᠯᠡ ᠨᠢᠳᠦ ᠤᠯᠠᠶᠢᠵᠤ ᠲᠣᠮᠤ ᠲᠣᠮᠤ ᠮᠠᠰᠢᠨ ᠬᠥᠳᠡᠯᠭᠡᠨ ᠳᠠᠶᠢᠨ ᠳᠤ ᠮᠣᠷᠳᠠᠬᠤ ᠴᠡᠷᠢᠭ ᠰᠢᠭ ᠫᠤᠤ ᠰᠤᠮᠤ ᠪᠠᠨ ᠲᠦᠭᠦᠭᠡᠷᠦᠨ ᠬᠥᠮᠥᠨ ᠲᠥᠷᠥᠯᠬᠢᠲᠡᠨ ᠳᠤ ᠬᠢᠮᠤᠰᠤᠨ ᠲᠡᠳᠦᠢ ᠴᠦ ᠬᠤᠣᠷ ᠦᠭᠡᠢ ᠲᠠᠯ᠎ᠠ  ᠶᠢᠨ ᠵᠡᠭᠡᠷ᠎ᠡ ᠳᠤ ᠶᠠᠫᠤᠨ ᠤ ᠳᠡᠭᠡᠷᠡᠮ ᠰᠢᠭ         ︽ᠪᠦᠰᠡᠯᠡᠨ ᠤᠰᠠᠳᠬᠠᠯᠲᠠ︾ ᠬᠢᠭᠰᠡᠨ ᠨᠢ ᠬᠡᠳᠦᠨ ᠠᠷᠪᠠᠨ ᠵᠢᠯ ᠤᠨ ᠯᠡ ᠡᠮᠦᠨᠡᠬᠢ ᠤᠴᠢᠷ᠃ ᠮᠢᠨᠦ ᠳᠡᠭᠡᠳᠦᠰ ᠤᠨ ᠨᠤᠲᠤᠭ ᠬᠠᠭᠤᠴᠢᠨ ᠬᠡᠷᠦᠯᠦᠨ ᠭᠦᠩᠱᠧ ︵ᠰᠤᠮᠤ︶ ᠪᠣᠯ ᠮᠥᠨ ᠯᠡ ᠵᠡᠭᠡᠷ᠎ᠡ᠂ ᠲᠠᠷᠪᠠᠭᠠᠨ ᠤ ᠦᠯᠦᠭᠡᠢ ᠪᠠᠷ ᠢᠶᠠᠨ ᠠᠯᠳᠠᠷᠰᠢᠭᠰᠠᠨ ᠰᠠᠶᠢᠬᠠᠨ ᠭᠠᠵᠠᠷ ᠶᠤᠮᠰᠠᠨ᠃ ᠬᠡᠷᠦᠯᠦᠨ ᠰᠤᠮᠤ ᠳᠤ ᠵᠡᠭᠡᠷ᠎ᠡ ᠠᠯᠠᠭᠠᠳ ᠨᠢᠭᠡ ᠯᠡ ᠰᠥᠨᠢ ᠶᠢᠨ ᠬᠤᠭᠤᠷᠤᠨᠳᠤ ᠪᠠᠶᠠᠵᠢᠭᠰᠠᠨ ᠠᠶᠢᠯ ᠪᠣᠢ᠃ ᠪᠠᠰᠠ ᠵᠡᠭᠡᠷ᠎ᠡ ᠠᠯᠠᠬᠤ ᠭᠡᠵᠤ ᠪᠠᠶᠢᠭᠠᠳ ᠬᠥᠮᠥᠨ ᠢᠶᠠᠨ ᠠᠯᠠᠭᠰᠠᠨ ᠬᠡᠷᠡᠭ ᠴᠦ ᠭᠠᠷᠴᠤ ᠪᠠᠶᠢᠭᠰᠠᠨ᠃ ᠲᠡᠷᠡ ᠦᠶ᠎ᠡ ᠳᠤ ᠬᠡᠳᠦᠨ ᠠᠷᠪᠠᠨ ᠲᠣᠮᠤ ᠮᠠᠰᠢᠨ ᠨᠤᠭᠤᠳ ᠰᠥᠨᠢ ᠪᠣᠯᠤᠮᠠᠭᠴᠠ ᠯᠡ ᠲᠠᠯ᠎ᠠ ᠪᠠᠷ ᠰᠥᠯᠵᠢᠯᠳᠦᠨ ᠳ᠋ᠧᠩ ᠭᠢᠯᠠᠯᠵᠠᠭᠤᠯᠤᠨ ᠳ᠋ᠧᠩ  ᠤᠨ ᠭᠡᠷᠡᠯ ᠳᠤ ᠣᠷᠤᠭᠰᠠᠨ ᠵᠡᠭᠡᠷ᠎ᠡ ᠨᠦᠭᠦᠳ ᠢ ᠶᠡᠭᠡ ᠲᠠᠢ ᠪᠠᠭ᠎ᠠ ᠲᠠᠢ ᠨᠢ ᠪᠦᠬᠦᠨ ᠢ ᠬᠢᠲᠤᠨ᠎ᠠ᠃ ᠵᠠ ᠲᠡᠭᠡᠭᠡᠳ ᠮᠠᠰᠢᠨ ᠮᠠᠰᠢᠨ ᠢᠶᠠᠷ ᠦᠬᠦᠳᠡᠯ ᠲᠡᠭᠡᠭᠡᠭᠡᠳ ᠭᠠᠳᠠᠭᠰᠢ ᠠᠪᠠᠴᠢᠵᠤ ᠬᠤᠳᠠᠯᠳᠤᠭᠠᠳ ᠬᠠᠷ᠎ᠠ ᠠᠮᠢ ᠪᠠᠨ ᠪᠣᠷᠤᠯᠠᠭᠤᠯᠤᠨ᠎ᠠ᠃ ᠣᠳᠤ ᠪᠣᠯᠬᠤ ᠳᠤ ᠶᠠᠮᠠᠷ︖ ᠲᠠᠯ᠎ᠠ ᠶᠢᠨ ᠵᠡᠭᠡᠷ᠎ᠡ ᠨᠦᠭᠦᠳ ᠮᠠᠨ ᠤ ᠨᠤᠲᠤᠭ ᠲᠤ ᠦᠵᠡᠭᠳᠡᠬᠦ  ᠪᠠᠨ ᠪᠠᠶᠢᠴᠢᠬᠠᠭᠰᠠᠨ᠃     ᠪᠣᠭᠤᠨᠢ ᠶᠢᠨ ᠠᠷᠠᠯ    ᠬᠡᠷᠦᠯᠦᠨ ᠰᠤᠮᠤ ᠠᠴᠠ ᠪᠠᠷᠠᠭᠤᠨᠰᠢ ᠭᠤᠴᠢᠭᠠᠳ ᠭᠠᠵᠠᠷ ᠤᠨ ᠵᠠᠢ ᠲᠠᠢ ︽ᠪᠤᠭᠤᠨᠢ ᠶᠢᠨ ᠠᠷᠠᠯ︾ ᠭᠡᠳᠡᠭ ᠰᠠᠶᠢᠬᠠᠨ ᠭᠠᠵᠠᠷ ᠬᠡᠷᠦᠯᠦᠨ ᠭᠤᠣᠯ ᠤᠨ ᠢᠶᠠᠨ ᠵᠠᠬ᠎ᠠ ᠳᠠᠭᠠᠤ ᠪᠠᠶᠢᠷᠢᠰᠢᠵᠤ᠂ ᠪᠠᠷᠠᠭᠤᠨᠰᠢᠯᠠᠭᠠᠳ ᠮᠣᠩᠭᠤᠯ ᠤᠯᠤᠰ  ᠤᠨ ᠬᠢᠯᠢ ᠪᠠᠷ ᠴᠠᠭᠠᠰᠢ ᠨᠡᠪᠲᠡᠷᠡᠨ᠎ᠡ᠃ 1960 ᠣᠨ ᠳᠤ ︽ᠨᠡᠭᠦᠳᠡᠯ ᠠᠷᠠᠳ︾ ᠢᠷᠡᠬᠦ ᠠᠴᠠ ᠡᠮᠦᠨ᠎ᠡ ᠪᠤᠭᠤᠨᠢ  ᠶᠢᠨ ᠠᠷᠠᠯ ᠤᠨ ᠪᠤᠷᠭᠠᠰᠤ ᠨᠢᠭ᠋ ᠵᠤᠵᠠᠭᠠᠨ ᠤᠷᠭᠤᠭᠰᠠᠨ ᠲᠤᠯᠠ ᠮᠣᠷᠢᠲᠠᠢ ᠬᠥᠮᠥᠨ ᠶᠠᠪᠤᠬᠤ ᠶᠢᠨ ᠠᠷᠭ᠎ᠠ ᠦᠭᠡᠢ ᠪᠠᠶᠢᠵᠤ᠂ ᠬᠠᠨ᠎ᠠ᠂ ᠤᠨᠢ ᠠᠴᠠ ᠡᠬᠢᠯᠡᠨ ᠮᠣᠩᠭᠤᠯ ᠭᠡᠷ ᠤᠨ ᠪᠦᠬᠦᠶᠢᠯᠡ ᠮᠣᠳᠤᠨ ᠬᠡᠷᠡᠭᠰᠡᠯ ᠢ ᠬᠠᠩᠭᠠᠵᠤ ᠴᠢᠳᠠᠳᠠᠭ ᠰᠠᠶᠢᠬᠠᠨ ᠪᠤᠷᠭᠠᠰᠤ ᠲᠠᠢ ᠭᠠᠵᠠᠷ ᠪᠠᠶᠢᠭᠰᠠᠨ ᠭᠡᠵᠤ ᠲᠣᠮᠤᠴᠤᠤᠯ ᠤᠨ ᠬᠡᠯᠡᠬᠦ ᠶᠢ ᠪᠢ ᠣᠯᠠᠨ ᠴᠦ ᠰᠣᠨᠤᠰᠤᠯ᠎ᠠ᠃ ᠨᠡᠩ ᠤᠷᠭ᠎ᠠ ᠶᠢᠨ ᠦᠵᠦᠭᠦᠷ ᠤᠵᠤᠭᠤᠷ ᠢ ᠬᠡᠯᠡᠬᠦ ᠬᠡᠷᠡᠭ ᠪᠠᠶᠢᠬᠤ ᠦᠭᠡᠢ᠃ ᠡᠪᠦᠯ ᠪᠣᠯᠪᠡᠯ ᠪᠤᠭᠤᠨᠢ ᠶᠢᠨ ᠠᠷᠠᠯ  ᠤᠨ ᠶᠡᠭᠡ ᠪᠤᠷᠭᠠᠰᠤᠨ ᠤ ᠨᠥᠮᠥᠷᠢ ᠳᠤ ᠮᠠᠯᠴᠢᠳ ᠡᠪᠦᠯ ᠤᠨ ᠲᠥᠯ ᠢᠶᠠᠨ ᠲᠣᠰᠳᠠᠭ ᠪᠠᠶᠢᠭᠰᠠᠨ᠃ ᠲᠥᠪ ᠷᠠᠳᠢᠣ᠋ ᠬᠤᠷᠢᠶᠠᠨ ᠤ ᠤᠯᠤᠰ ᠤᠨ ᠳᠡᠰ ᠤᠨ ᠣᠨᠴᠠ ᠨᠡᠪᠲᠡᠷᠡᠭᠦᠯᠦᠭᠴᠢ ᠽᠠᠨᠳᠠᠷ᠎ᠠ ᠭᠤᠸᠠᠢ ᠪᠣᠯ ᠮᠠᠨ ᠤ ᠬᠡᠷᠦᠯᠦᠨ ᠤ ᠬᠦᠷᠭᠡᠨ ᠪᠣᠯᠬᠤᠷ ᠮᠢᠨᠦ ᠮᠢᠭᠮᠡᠷ ᠡᠭᠡᠴᠢ ᠲᠠᠢ ᠤᠷᠤᠭᠯᠠᠭᠠᠳ ᠤᠳᠠᠭ᠎ᠠ ᠦᠭᠡᠢ ᠪᠠᠶᠢᠭᠰᠠᠨ ᠵᠠᠯᠠᠭᠤ ᠡᠷᠡᠨ ᠳᠡᠭᠡᠨ ᠡᠶᠢᠮᠦ ᠨᠢᠭᠡ ᠳᠠᠭᠤᠤ ᠵᠣᠬᠢᠶᠠᠭᠠᠳ ᠥᠪᠡᠷ ᠢᠶᠠᠨ ᠳᠠᠭᠤᠯᠠᠳᠠᠭ ᠪᠠᠶᠢᠭᠰᠠᠨ᠄ ᠥᠯᠵᠡᠶᠢᠲᠦ ᠪᠤᠭᠤᠨᠢ ᠶᠢᠨ ᠠᠷᠠᠯ ᠢᠶᠠᠷ ᠡᠪᠦᠯ ᠤᠨ ᠲᠥᠯ ᠢ ᠲᠣᠰᠴᠤ ᠪᠠᠶᠢᠨ᠎ᠠ ᠠᠷᠠᠯ ᠤᠨ ᠮᠣᠳᠤᠨ ᠤ ᠳᠡᠭᠡᠭᠦᠷ ᠠᠯᠠᠭ ᠱᠠᠭᠠᠵᠠᠭᠠᠢ ᠱᠠᠭᠰᠢᠯᠳᠤᠨ᠎ᠠ᠃ ᠪᠦᠳᠦᠭᠦᠨ ᠡᠮ᠎ᠡ ᠬᠤᠨᠢᠳ ᠨᠢ ᠪᠥᠮᠪᠦᠭᠡᠷ ᠪᠤᠷᠭᠠᠰᠤᠨ ᠬᠠᠰᠢᠶᠠᠨ ᠰᠠ ︵ ᠳᠤ︶ ᠪᠦᠨᠳᠦᠭᠡᠷ ᠬᠥᠭᠡᠷᠦᠬᠦᠨ ᠬᠤᠷᠠᠭ᠎ᠠ ᠨᠤᠭᠤᠳ ᠨᠢ ᠠᠮᠠ ᠪᠠᠨ ᠪᠤᠯᠢᠶᠠᠯᠳᠤᠨ ᠮᠠᠶᠢᠯᠠᠯᠳᠤᠨ᠎ᠠ᠃    ᠡᠬᠡ ᠪᠠᠶᠢᠭᠠᠯᠢ ᠠᠴᠠ ᠰᠣᠶᠤᠷᠬᠠᠭᠰᠠᠨ ᠡᠨᠡ ᠰᠠᠶᠢᠬᠠᠨ ᠣᠷᠤᠨ ᠳᠡᠯᠡᠬᠡᠢ ᠨᠢᠭᠡ ᠮᠢᠩᠭ᠎ᠠ ᠶᠢᠰᠦᠨ ᠵᠠᠭᠤ ᠳᠠᠯᠠᠭᠠᠳ ᠣᠨ ᠤ ᠡᠬᠢ ᠪᠣᠯᠬᠤ ᠳᠤ ᠪᠠᠰᠠ ᠠᠶᠢᠯ ᠡᠪᠦᠯᠵᠢᠳᠡᠭ ᠪᠠᠶᠢᠭᠰᠠᠨ ᠪᠣᠯ ᠣᠳᠤ ᠪᠣᠯᠬᠤ ᠬᠢᠷᠢ ᠳᠤ ᠪᠠᠷᠤᠭ ᠨᠢᠴᠦᠭᠦᠨ ᠬᠤᠵᠢᠭᠢᠷ ᠭᠠᠵᠠᠷ ᠳᠡᠯᠡᠬᠡᠢ ᠪᠣᠯᠴᠢᠬᠠᠭᠰᠠᠨ ᠪᠠᠶᠢᠳᠠᠭ᠃ ᠰᠣᠨᠤᠰᠬᠤᠯ᠎ᠠ ᠠᠷᠭᠠᠯ ᠲᠡᠭᠦᠬᠦ ᠠᠴᠠ ᠪᠠᠨ ᠠᠯᠵᠠᠭᠤᠷᠠᠳᠠᠭ ᠬᠥᠮᠥᠰ ᠡᠬᠢᠯᠡᠭᠡᠳ ᠳᠡᠭᠡᠷ᠎ᠡ ᠨᠢ ᠤᠷᠭᠤᠭᠰᠠᠨ ᠪᠤᠷᠭᠠᠰᠤ ᠶᠢ ᠨᠢ ᠬᠠᠳᠤᠵᠤ ᠬᠤᠷᠢᠶᠠᠭᠠᠳ ᠲᠦᠯᠡᠭᠡ ᠪᠣᠯᠭᠠᠨ ᠰᠢᠲᠠᠭᠠᠳᠠᠭ ᠪᠠᠶᠢᠭᠰᠠᠨ ᠪᠣᠯ ᠪᠦᠷ ᠰᠡᠭᠦᠯ ᠳᠤᠨᠢ ᠳᠡᠭᠡᠷ᠎ᠡ ᠨᠢ ᠪᠤᠷᠭᠠᠰᠤ ᠦᠭᠡᠢ ᠪᠣᠯᠬᠤ ᠳᠤ ᠪᠦᠳᠦᠭᠦᠨ ᠰᠦᠭᠡ ᠪᠠᠷ ᠦᠨᠳᠦᠰᠦ ᠶᠢ ᠨᠢ ᠴᠠᠪᠴᠢᠵᠤ ᠪᠠᠶᠢᠭᠠᠳ ᠲᠦᠯᠡᠴᠢᠬᠡᠳᠡᠭ ᠬᠤᠶᠢᠨ᠎ᠠ ᠦᠯᠡᠳᠡᠬᠦ ᠶᠠᠭᠤᠮ᠎ᠠ ᠭᠡᠵᠤ ᠪᠠᠶᠢᠨ᠎ᠠ ᠤᠤ︖ ᠪᠤᠭᠤᠨᠢ ᠶᠢᠨ ᠠᠷᠠᠯ ᠠᠴᠠ ᠪᠠᠷᠠᠭᠤᠨᠰᠢ ᠬᠤᠸᠠ ᠬᠤᠰᠢᠭᠤ᠂ ᠤᠯᠠᠭᠠᠨ ᠡᠩᠭᠡᠷ ᠢᠶᠠᠷ ᠪᠦᠷ ᠯᠡ ᠢᠭ᠌ᠴᠢ ᠰᠠᠬᠤᠯᠢᠭ ᠪᠤᠷᠭᠠᠰᠤ ᠲᠠᠢ ᠪᠠᠶᠢᠭᠠᠯᠢ ᠶᠢᠨ ᠦᠵᠡᠮᠵᠢᠲᠦ ᠣᠷᠤᠨ ᠪᠠᠶᠢᠭᠰᠠᠨ ᠪᠣᠯ ᠣᠳᠤ ᠬᠡᠯᠡᠬᠦ ᠭᠠᠵᠠᠷ ᠨᠢᠭᠡ ᠴᠦ ᠦᠭᠡᠢ᠃ 1993 ᠣᠨ ᠳᠤ ᠪᠢ ᠮᠣᠩᠭᠤᠯ ᠤᠯᠤᠰ ᠤᠨ ᠴᠣᠶᠢᠪᠠᠯᠰᠠᠩ ᠬᠤᠲᠠᠨ ᠳᠤ ᠵᠤᠭᠠᠴᠠᠬᠤ ᠪᠠᠷ ᠠᠷᠤᠬᠠᠰᠢᠶᠠᠲᠤ ᠶᠢᠨ ᠬᠢᠯᠢ ᠶᠢ ᠥᠩᠭᠡᠷᠡᠭᠡᠳ ᠤᠷᠤᠭᠰᠢ ᠪᠠᠨ ᠬᠠᠷᠠᠭᠰᠠᠨ ᠳᠤ ᠬᠡᠷᠦᠯᠦᠨ ᠭᠤᠣᠯ ᠢᠶᠠᠨ ᠳᠠᠭᠠᠭᠠᠳ ᠨᠢᠵᠢᠭᠢᠷ ᠬᠠᠷ᠎ᠠ ᠪᠤᠷᠭᠠᠰᠤ ᠪᠠᠷᠠᠭᠤᠨᠰᠢ ᠪᠠᠨ ᠦᠷᠭᠦᠯᠵᠢᠯᠡᠵᠦ ᠪᠠᠶᠢᠭᠰᠠᠨ᠃ ᠭᠡᠲᠡᠯ᠎ᠡ ᠮᠠᠨᠠᠶᠢᠬᠢᠨ ᠁ ᠶᠡᠭᠡ ᠰᠢᠯᠦᠭᠴᠢ ᠳ᠋᠊ · ᠨᠠᠴᠤᠭᠳᠤᠷᠵᠢ ᠠᠴᠠ᠄ ︽ᠳᠥᠷᠪᠡᠨ ᠴᠠᠭ ᠤᠨ ᠤᠯᠠᠷᠢᠯ ᠳᠤ ᠳᠤᠷ᠎ᠠ ᠪᠠᠷ ᠢᠶᠠᠨ ᠨᠡᠭᠦᠬᠦ ᠨᠤᠲᠤᠭ ᠲᠠᠢ ᠲᠠᠪᠤᠨ ᠵᠦᠢᠯ ᠤᠨ ᠲᠠᠷᠢᠶᠠᠨ ᠤ ᠬᠦᠷᠦᠰᠦ ᠰᠢᠷᠤᠶᠢᠲᠤ ᠭᠠᠵᠠᠷ ᠲᠠᠢ︾ ᠭᠡᠵᠤ ᠮᠣᠩᠭᠤᠯ ᠣᠷᠤᠨ ᠢᠶᠠᠨ ᠮᠠᠭᠲᠠᠨ ᠰᠢᠯᠦᠭᠯᠡᠭᠰᠡᠨ ᠪᠠᠶᠢᠳᠠᠭ᠃ ᠡᠭᠦᠨ  ᠲᠠᠢ ᠠᠳᠠᠯᠢ ᠪᠠᠷ ᠮᠢᠨᠦ ᠨᠤᠲᠤᠭ ᠰᠢᠨ᠎ᠡ ᠪᠠᠷᠭᠤ ᠪᠠᠷᠠᠭᠤᠨ ᠬᠤᠰᠢᠭᠤ ᠪᠣᠯ ᠡᠶᠢᠮᠦᠷᠭᠦᠦ ᠯᠡ ᠡᠷᠢᠶᠡᠨ ᠬᠤᠷᠭᠤᠢ ᠨᠤᠲᠤᠭ ᠲᠤᠨᠢ ᠴᠡᠴᠡᠭ ᠤᠨ ᠭᠠᠩᠬᠤᠭ᠎ᠠ ᠲᠠᠢ᠂ ᠠᠳᠤᠭᠤ ᠮᠠᠯ ᠨᠠᠯᠠᠶᠢᠵᠤ᠂ ᠠᠭᠢ ᠲᠠᠭᠠᠨ᠎ᠠ ᠶᠢᠨ ᠦᠨᠦᠷ ᠰᠡᠩᠭᠢᠨᠡᠵᠦ᠂ ᠠᠶᠢᠷᠠᠭ ᠲᠠᠷᠠᠭ ᠤᠨ ᠦᠨᠦᠷ ᠬᠠᠩᠬᠤᠯᠤᠭᠰᠠᠨ ᠰᠠᠶᠢᠬᠠᠨ ᠣᠷᠤᠨ ᠪᠠᠶᠢᠭᠰᠠᠨ ᠶᠤᠮ᠃ ᠣᠳᠤ ᠪᠣᠯᠬᠤ  ᠳᠤ ᠭᠡᠬᠦ ᠳᠤ ᠯᠡ ᠡᠯᠢᠭᠡ ᠡᠮᠲᠡᠷᠡᠮᠡᠷ ᠪᠣᠯᠬᠤ ᠶᠤᠮ᠃ ᠠᠭᠤᠯᠠᠨ ᠳᠠᠭᠠᠨ ᠭᠦᠷᠦᠭᠡᠰᠦ ᠦᠭᠡᠢ᠂ ᠤᠰᠤᠨ ᠳᠠᠭᠠᠨ ᠵᠢᠭᠠᠰᠤ ᠦᠭᠡᠢ᠂ ᠲᠠᠯ᠎ᠠ ᠪᠠᠷ ᠲᠠᠭᠰᠢᠳᠠᠭ ᠵᠡᠭᠡᠷ᠎ᠡ᠂ ᠲᠠᠯ᠎ᠠ ᠳᠤ ᠬᠤᠰᠬᠢᠷᠳᠠᠭ ᠲᠠᠷᠪᠠᠭ᠎ᠠ ᠨᠤᠭᠤᠳ ᠪᠦᠷ ᠡᠨᠡ ᠨᠤᠲᠤᠭ ᠠᠴᠠ ᠵᠠᠶᠢᠯᠠᠵᠤ ᠪᠠᠶᠢᠨ᠎ᠠ᠃ ᠪᠡᠯᠴᠢᠭᠡᠷ ᠳᠠᠭᠠᠭᠠᠬᠤ ᠪᠠᠨ ᠪᠣᠯᠢᠵᠤ ᠪᠠᠶᠢᠨ᠎ᠠ ᠭᠡᠳᠡᠭ ᠢ ᠪᠣᠳᠤᠯᠲᠠᠢ ᠶᠤᠮ ᠳ᠋ᠠ᠃ ᠦᠷ᠎ᠡ ᠬᠡᠦᠬᠡᠳ ᠲᠡᠭᠡᠨ ᠶᠠᠭᠤ ᠪᠠᠨ ᠦᠯᠡᠳᠡᠭᠡᠶ᠎ᠡ ᠭᠡᠵᠤ ᠪᠣᠳᠤᠵᠤ ᠪᠠᠶᠢᠭ᠎ᠠ ᠪᠣᠯ︖ ᠠᠰᠠᠷ ᠲᠠᠭᠲᠤ ᠨᠡᠮᠡᠭᠳᠡᠭᠡᠳ ᠲᠥᠪ ᠪᠠᠯᠭᠠᠰᠤ ᠨᠢ ᠭᠤᠶᠤᠵᠢᠭᠠᠳ ᠮᠠᠶᠢᠮᠠᠢ ᠱᠣᠣᠮᠠᠢ ᠬᠥᠭᠵᠢᠶᠡᠨᠲᠡᠢ᠂ ᠠᠷᠠᠳ ᠤᠨ ᠠᠮᠢᠳᠤᠷᠠᠯ ᠥᠨᠥ ᠳᠡᠭᠡᠷ᠎ᠡ ᠪᠠᠨ ᠰᠠᠶᠢᠨ ᠪᠠᠶᠢᠨ᠎ᠠ᠃ ᠪᠣᠯᠬᠤ ᠴᠦ ᠪᠣᠯᠤᠨ᠎ᠠ᠃ ᠨᠤᠲᠤᠭ ᠣᠷᠴᠢᠨ ᠢᠶᠠᠨ ᠬᠠᠮᠠᠭᠠᠯᠠᠬᠤ ᠦᠭᠡᠢ ᠪᠣᠯ ᠪᠢᠳᠡ ᠮᠠᠯ ᠢᠶᠠᠨ ᠶᠠᠭᠠᠬᠢᠵᠤ ᠮᠠᠯᠵᠢᠬᠤ ᠪᠣᠢ︖ ᠨᠣᠭᠤᠭ᠎ᠠ ᠪᠠᠨ ᠬᠠᠮᠢᠭ᠎ᠠ ᠲᠠᠷᠢᠬᠤ ᠪᠣᠢ⁈ ᠬᠤᠭᠤᠰᠤᠨ ᠭᠤᠶᠤ ᠶᠢ ᠡᠮᠦᠰᠦᠭᠡᠳ ᠭᠡᠳᠡᠰᠦ ᠦᠯᠦᠨ ᠶᠠᠪᠤᠬᠤ ᠤᠤ⁈ ᠪᠦᠬᠦ ᠳᠡᠯᠡᠬᠡᠢ ᠶᠢᠨ 50 ᠳ᠋ᠦᠩᠰᠢᠭᠤᠷ ᠬᠠᠷ᠎ᠠ ᠲᠡᠷᠢᠭᠦᠲᠡᠨ ᠤ ᠨᠢᠭᠡ ᠪᠣᠯᠤᠭᠰᠠᠨ ᠮᠠᠨ ᠤ ᠰᠢᠨ᠎ᠡ ᠪᠠᠷᠭᠤ ᠪᠠᠷᠠᠭᠤᠨ ᠬᠤᠰᠢᠭᠤᠴᠤᠳ ᠡᠨᠡ ᠶᠠᠪᠤᠳᠠᠯ ᠢ ᠠᠩᠬᠠᠷᠤᠯ ᠳᠠᠭᠠᠨ ᠠᠪᠬᠤ ᠦᠭᠡᠢ ᠪᠣᠯ ᠶᠠᠭᠠᠬᠢᠬᠤ ᠪᠠᠨ ᠮᠡᠳᠡᠨ᠎ᠡ ᠤᠤ⁈ ᠣᠨᠴᠠᠭᠠᠶᠢᠯᠠᠨ ᠵᠠᠯᠠᠭᠤ ᠦᠶ᠎ᠡ ᠶᠢᠨ ᠬᠢᠨ ᠳᠤ ᠪᠠᠨ ᠨᠠᠶᠢᠳᠠᠶ᠎ᠠ︕                                              2012 ᠣᠨ ᠤ 9 ᠰᠠᠷ᠎ᠠ ᠳᠤ ᠪᠢᠴᠢᠪᠡ᠃                                      ᠵᠣᠬᠢᠶᠠᠭᠴᠢ ᠶᠢᠨ ᠬᠠᠶ᠋ᠢᠭ᠄ ᠰᠢᠨ᠎ᠡ ᠪᠠᠷᠭᠤ ᠪᠠᠷᠠᠭᠤᠨ                                       ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号