ᠨᠤᠳᠤᠭ ᠨᠤᠳᠤᠭ ᠤᠨ ᠪᠤᠷᠤ ᠪᠢᠯᠵᠤᠤᠬᠠᠢ
ᠨᠡᠶᠢᠲᠡᠯᠡᠭᠰᠡᠨ ᠴᠠᠭ᠄
2017/11/10
ᠨᠠ᠊ · ᠳᠤᠯᠭᠠᠷ         ᠨᠤᠲᠤᠭ‌ᠨᠤᠲᠤᠭ ᠤᠨ ᠪᠣᠷᠤ ᠪᠢᠯᠵᠤᠤᠬᠠᠢ         ᠰᠤᠯᠠᠷᠠᠭᠰᠠᠨ ᠠᠷᠭᠠᠮᠵᠢᠶ᠎ᠠ ᠰᠢᠭ᠋ ᠬᠥᠪᠥᠷᠡᠨ ᠬᠥᠭᠯᠡᠷᠡᠵᠦ ᠲᠡᠷᠲᠡᠭᠡ ᠵᠦᠭ ᠲᠤ ᠰᠤᠨᠤᠯᠵᠠᠬᠤ ᠴᠠᠷᠳᠠᠮᠠᠯ ᠵᠠᠮ ᠢᠶᠠᠷ ᠮᠠᠨ ᠤ ᠰᠠᠭᠤᠭᠰᠠᠨ ᠮᠠᠰᠢᠨ ᠬᠠᠷᠠᠭ᠎ᠠ ᠠᠯᠳᠠᠮ᠎ᠠ ᠠᠨᠢᠷ ᠦᠭᠡᠢ ᠲᠠᠯ᠎ᠠ ᠶᠢᠨ ᠥᠷᠥᠴᠡ ᠶᠢ ᠵᠦᠰᠦᠨ ᠳᠠᠪᠭᠢᠨ᠎ᠠ᠃ ᠲᠡᠷᠭᠡᠨ ᠳᠣᠲᠤᠷ᠎ᠠ ᠮᠢᠨᠦ ᠤᠨᠠᠭᠠᠨ ᠪᠠᠭ᠎ᠠ ᠶᠢᠨ ᠨᠠᠶᠢᠵᠠ᠂ ᠳᠤᠮᠳᠠᠳᠤ ᠰᠤᠷᠭᠠᠭᠤᠯᠢ ᠶᠢᠨ ᠬᠠᠮᠲᠤ ᠰᠤᠷᠤᠭᠴᠢ ᠠᠭᠰᠠᠨ ᠠᠳᠢᠶ᠎ᠠ᠂ ᠪᠠᠳᠮᠠᠴᠢᠮᠡᠭ᠂ ᠵᠢᠯᠤᠭᠤᠴᠢ ᠴᠤᠭ ᠠᠬ᠎ᠠ ᠲᠠᠢ ᠳᠥᠷᠪᠡᠭᠦᠯᠡ᠃         ᠴᠤᠭ ᠠᠬ᠎ᠠ ᠭᠡᠭᠴᠢ ᠤᠤᠯ ᠠᠴᠠ ᠪᠠᠨ ᠶᠠᠷᠢᠶ᠎ᠠ ᠬᠥᠭᠡᠷᠦᠭᠡ ᠰᠠᠶᠢᠲᠠᠢ᠂ ᠳᠠᠭᠤᠤ ᠰᠢᠯᠦᠭ ᠲᠤ ᠪᠠᠭ᠋ᠠᠲᠠᠢ ᠬᠥᠮᠥᠨ᠃ ᠶᠠᠳᠠᠷᠠᠭᠰᠠᠨ ᠵᠦᠳᠡᠷᠡᠭᠰᠡᠨ ᠵᠤᠨ ᠳᠤ ᠳᠠᠩᠳᠠ ᠯᠡ ᠲᠤᠰᠠ ᠬᠦᠷᠭᠡᠵᠦ ᠶᠠᠪᠤᠳᠠᠭ ᠶᠤᠮ ᠪᠣᠯᠬᠤᠷ ᠨᠤᠲᠤᠭ ᠤᠰᠤᠨ ᠳᠤ ᠪᠠᠨ ᠬᠦᠨᠳᠦᠲᠡᠢ ᠬᠥᠮᠥᠨ ᠤ ᠨᠢᠭᠡ᠃ ᠴᠤᠭ ᠠᠬ᠎ᠠ ᠶᠢᠨ ᠰᠠᠶᠢᠬᠠᠨ ᠶᠠᠷᠢᠶ᠎ᠠ᠂ ᠮᠠᠨ ᠤ ᠭᠤᠷᠪᠠᠭᠤᠯᠠ  ᠶᠢᠨ ᠬᠥᠭᠲᠡᠢ ᠵᠣᠭᠤᠭ ᠲᠡᠷᠭᠡᠨ ᠳᠣᠲᠤᠷ᠎ᠠ ᠪᠠᠶᠠᠨ ᠪᠠᠷᠭᠤ ᠶᠢᠨ ᠲᠡᠰᠬᠢᠮ᠎ᠠ ᠬᠦᠢᠲᠡᠨ ᠡᠪᠦᠯ ᠶᠠᠮᠠᠷ ᠪᠠᠶᠢᠳᠠᠭ ᠢ ᠮᠠᠷᠲᠠᠭᠤᠯᠵᠤ ᠪᠠᠶᠢᠯ᠎ᠠ᠃        ᠳᠠᠯᠠᠢ ᠰᠤᠮᠤᠨ ᠤ ᠲᠡᠳ᠋ ᠳᠠᠷᠤᠭ᠎ᠠ ᠶᠢᠨ ᠲᠤᠰᠢᠶᠠᠯ ᠳᠤ ᠪᠠᠶᠢᠭᠰᠠᠨ ᠠᠳᠢᠶ᠎ᠠ ᠮᠠᠨᠢ ᠠᠵᠢᠯ ᠢᠶᠠᠷ ᠬᠥᠳᠡᠭᠡ ᠪᠠᠭᠤᠵᠤ ᠪᠠᠶᠢᠬᠤ ᠳᠤ ᠪᠠᠨ ᠭᠠᠷᠭᠠᠭᠰᠠᠨ ᠱᠣᠭᠲᠠᠢ ᠤᠴᠠᠷᠠᠯ ᠢᠶᠠᠨ ᠶᠠᠷᠢᠵᠤ ᠡᠯᠢᠭᠡ ᠬᠦᠰᠢᠲᠡᠯ᠎ᠡ ᠢᠨᠢᠶᠡᠯᠭᠡᠨ᠎ᠡ᠃ ᠪᠠᠳᠮᠠᠴᠢᠮᠡᠭ ᠮᠢᠨᠢ ᠵᠠᠯᠠᠭᠤ ᠽᠠᠨᠳᠠᠨ ᠨᠠᠰᠤᠨ ᠤ ᠬᠠᠶᠢᠷ᠎ᠠ ᠳᠤᠷᠠᠯᠠᠯ ᠤᠨ ᠦᠯᠢᠭᠡᠷ ᠠᠴᠠ ᠪᠠᠨ ᠶᠠᠷᠢᠵᠤ ᠰᠡᠳᠬᠢᠯ ᠪᠠᠶᠠᠰᠬᠠᠨ᠎ᠠ᠃ ᠬᠠᠵᠠᠭᠤ ᠠᠴᠠ ᠨᠢ ᠴᠤᠭ ᠠᠬ᠎ᠠ ᠪᠢᠳᠡ ᠬᠤᠶᠠᠷ ᠠᠮᠲᠠ ᠰᠢᠮᠲᠡ ᠶᠢ ᠨᠢ ᠲᠠᠭᠠᠷᠠᠭᠤᠯᠵᠤ ᠭᠠᠯ ᠳᠡᠭᠡᠷ᠎ᠡ ᠲᠣᠰᠤ ᠨᠡᠮᠡᠨ᠎ᠡ᠃        ᠨᠢᠭᠡ ᠮᠡᠳᠡᠬᠦ ᠳᠤ᠂ ᠰᠢᠨ᠎ᠡ ᠪᠠᠷᠭᠤ ᠵᠡᠭᠦᠨ ᠬᠤᠰᠢᠭᠤᠨ ᠤ ᠲᠥᠪ ᠠᠮᠤᠭᠤᠯᠠᠩ ᠪᠠᠯᠭᠠᠰᠤ ᠪᠠᠷ ᠳᠠᠭᠠᠷᠢᠵᠤ ᠮᠣᠳᠤᠭᠮᠵᠢ ᠥᠩᠭᠡᠷᠡᠭᠰᠡᠨ ᠪᠠᠶᠢᠯ᠎ᠠ᠃ ᠨᠠᠷᠠᠨ ᠵᠡᠭᠦᠨ ᠵᠦᠭ ᠠᠴᠠ ᠳᠤᠯᠠᠶᠢᠨ ᠮᠠᠨᠳᠤᠨ᠎ᠠ᠃ ᠡᠬᠡ ᠨᠤᠲᠤᠭ ᠤᠨ ᠢᠶᠠᠨ ᠡᠯᠢᠭᠡᠨ ᠳᠡᠭᠡᠷ᠎ᠡ ᠠᠴᠠ ᠬᠤᠷᠳᠤᠯᠠᠨ ᠳᠠᠪᠬᠢᠬᠤ ᠮᠠᠰᠢᠨ ᠲᠡᠷᠭᠡᠨ ᠤ ᠴᠣᠩᠬᠤ ᠪᠠᠷ ᠨᠠᠷᠠᠨ ᠮᠠᠨᠳᠤᠬᠤ ᠶᠢ ᠬᠠᠷᠠᠵᠤ ᠰᠡᠳᠬᠢᠯ ᠳᠣᠭᠲᠤᠯᠤᠨ᠎ᠠ᠃ ᠦᠨᠡᠨ ᠳᠤ  ᠪᠠᠨ ᠪᠢᠳᠡ ᠡᠨᠡ ᠶᠠᠪᠤᠭ᠎ᠠ ᠨᠠᠰᠤᠨ ᠳᠤ ᠪᠠᠨ ᠬᠡᠴᠢᠨᠡᠨ ᠤᠳᠠᠭ᠎ᠠ ᠨᠠᠷᠠᠨ ᠮᠠᠨᠳᠤᠬᠤ ᠶᠢ ᠬᠠᠷᠠᠭ᠎ᠠ ᠦᠭᠡᠢ ᠪᠣᠢ︕ ᠭᠡᠬᠦ ᠳᠤ᠂ ᠡᠨᠡ ᠡᠳᠦᠷ ᠤᠨ ᠨᠠᠷᠠᠨ ᠪᠤᠰᠤᠳ ᠡᠳᠦᠷ ᠤᠨ ᠬᠢ ᠠᠴᠠ ᠥᠰᠦᠳ ᠥᠭᠡᠷ᠎ᠡ ᠪᠠᠷ ᠮᠠᠨᠳᠤᠨ᠎ᠠ᠃ ᠪᠦᠷ ᠭᠡᠷᠡᠯᠲᠡᠢ᠂ ᠢᠯᠴᠢᠲᠡᠢ ᠨᠢ ᠠᠷᠭ᠎ᠠ ᠦᠭᠡᠢ᠃ ᠪᠢᠳᠡ ᠨᠠᠷᠠᠨ ᠤ ᠵᠦᠭ ᠰᠤᠮᠤᠳᠠᠨ ᠳᠠᠪᠬᠢᠨ᠎ᠠ᠃        ᠲᠡᠶᠢᠮᠦ ᠡ︕ ᠲᠡᠷᠡ ᠢᠨᠢᠶᠡᠮᠰᠦᠭᠯᠡᠨ ᠮᠠᠨᠳᠤᠬᠤ ᠨᠠᠷᠠᠨ ᠤ ᠵᠦᠭ ᠲᠤ ᠡᠨᠡ ᠯᠡ ᠡᠳᠦᠷ ᠮᠢᠨᠦ ᠳᠤᠮᠳᠠᠳᠤ ᠰᠤᠷᠭᠠᠭᠤᠯᠢ ᠶᠢᠨ ᠬᠠᠮᠲᠤ ᠰᠤᠷᠤᠭᠴᠢ ᠨᠠᠷᠠᠠᠭᠡᠷᠡᠯ ᠤᠨ ᠮᠠᠨᠢ ᠥᠬᠢᠨ ᠨᠢᠨ᠎ᠠ᠂ ᠨᠠᠰᠤᠨ ᠤ ᠬᠠᠨᠢ ᠠᠰᠬᠠᠨ ᠲᠠᠢ ᠪᠠᠨ ᠰᠢᠨ᠎ᠡ ᠨᠢᠭᠡᠨ ᠵᠣᠯ ᠵᠢᠷᠭᠠᠯᠲᠤ ᠠᠮᠢᠳᠤᠷᠠᠯ ᠢᠶᠠᠨ ᠴᠣᠭᠴᠠᠯᠠᠬᠤ ᠭᠡᠵᠤ ᠪᠠᠶᠢᠨ᠎ᠠ᠃   ︽ᠦᠷ᠎ᠡ ᠶᠢ ᠪᠠᠨ ᠬᠥᠮᠥᠨ ᠪᠣᠯᠭᠠᠵᠤ᠂ ᠦᠷᠢᠶ᠎ᠡ ᠪᠠᠨ ᠮᠣᠷᠢ ᠪᠣᠯᠭᠠᠳᠠᠭ︾ ᠶᠢᠷᠲᠢᠨᠴᠦ ᠶᠢᠨ ᠵᠢᠮ᠎ᠡ ᠶᠣᠰᠤᠭᠠᠷ ᠨᠠᠷᠬᠭᠡᠷᠡᠯ ᠮᠠᠨᠢ ᠡᠬᠡ ᠬᠥᠮᠥᠨ ᠤ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠵᠦ ᠬᠠᠶᠢᠷᠠᠲᠠᠢ ᠥᠬᠢᠨ ᠢᠶᠠᠨ ᠬᠠᠳᠠᠮ ᠤᠨ ᠬᠢᠨᠢ ᠭᠠᠵᠠᠷ ᠲᠤ ᠲᠦᠰᠢᠭᠦᠯᠬᠦ ᠭᠡᠵᠤ ᠪᠠᠶᠢᠨ᠎ᠠ᠃        ᠲᠡᠷᠡ ᠵᠢᠷᠭᠠᠯᠲᠠᠢ ᠮᠦᠰᠢᠶᠡᠬᠦ ᠨᠠᠷᠠᠨ ᠤ ᠳᠣᠣᠷ᠎ᠠ ᠪᠠᠶᠠᠨ ᠪᠠᠷᠭᠤ ᠶᠢᠨ ᠲᠠᠯ᠎ᠠ ᠨᠤᠲᠤᠭ ᠲᠤ ᠪᠠᠰᠠ ᠨᠢᠭᠡᠨ ᠠᠶᠢᠯ ᠨᠡᠮᠡᠭᠳᠡᠵᠦ ᠠᠵᠠ ᠵᠢᠷᠭᠠᠯ ᠤᠨ ᠠᠯᠲᠠᠨ ᠴᠡᠭᠴᠡᠦᠬᠡᠢ ᠡᠭᠦᠷᠢᠳᠡ ᠲᠣᠭᠤᠨᠤᠲᠤ ᠭᠡᠷ ᠤᠨ ᠬᠢᠨᠢ ᠲᠣᠳᠤᠭᠤᠨ ᠳᠡᠭᠡᠷ᠎ᠡ ᠨᠢ ᠵᠢᠷᠭᠢᠵᠦ ᠪᠠᠶᠠᠷ ᠵᠢᠷᠭᠠᠯ ᠤᠨ ᠨᠠᠷᠠᠨ ᠬᠤᠶᠢᠮᠤᠷ ᠲᠤ ᠨᠢ ᠢᠰᠪᠠᠯᠵᠠᠨ ᠰᠠᠭᠠᠲᠠᠬᠤ ᠪᠣᠯᠤᠨ᠎ᠠ᠃ ᠲᠡᠷᠡ ᠣᠮᠤᠭᠯᠠᠩ ᠳᠠᠪᠬᠢᠬᠤ ᠮᠣᠷᠢᠨ ᠤ ᠠᠰᠠᠨ ᠳᠦᠷᠡᠯᠵᠡᠬᠦ ᠳᠡᠯ ᠰᠢᠭ ᠰᠢᠨ᠎ᠡ ᠬᠤᠣᠰ ᠤᠨ ᠪᠠᠶᠠᠷ ᠨᠠᠶᠢᠷ᠂ ᠬᠤᠷᠢᠮ ᠲᠥᠷᠥ ᠶᠢᠨ ᠴᠠᠭᠠᠨ᠎ᠠ ᠬᠡᠴᠢᠨᠡᠨ ᠵᠢᠯ ᠠᠭᠤᠯᠵᠠᠵᠤ ᠤᠴᠠᠷᠠᠭ᠎ᠠ ᠦᠭᠡᠢ ᠣᠨ ᠤᠳᠠᠭᠰᠠᠨ ᠳᠤᠮᠳᠠᠳᠤ ᠰᠤᠷᠭᠠᠭᠤᠯᠢ  ᠶᠢᠨ ᠬᠠᠮᠲᠤ ᠨᠥᠬᠦᠳ ᠮᠢᠨᠢ ᠬᠦᠯᠢᠶᠡᠵᠦ ᠪᠠᠶᠢᠭ᠎ᠠ ᠰᠢᠦ ᠁ 1979 ᠣᠨ ᠤ ᠨᠠᠮᠤᠷ ᠪᠢᠳᠡ ᠰᠢᠯᠭᠠᠯᠲᠠ ᠪᠠᠷ ᠳᠠᠮᠵᠢᠵᠤ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ  ᠶᠢᠨ ᠠᠩᠬ᠎ᠠ ᠨᠢᠭᠡᠳᠦᠭᠡᠷ ᠣᠨ ᠳᠤ ᠳᠠᠪᠰᠢᠨ ᠣᠷᠤᠪᠠ᠃ ᠡᠨᠡ ᠪᠣᠯ ᠲᠥᠷᠥ ᠶᠢ ᠲᠦᠢᠪᠡᠭᠡᠵᠦ ᠲᠦᠮᠡᠨ ᠢ ᠭᠠᠰᠠᠯᠭᠠᠭᠰᠠᠨ ᠰᠣᠶᠤᠯ ᠤᠨ ᠬᠤᠪᠢᠰᠬᠠᠯ ᠤᠨ ᠳᠠᠷᠠᠭ᠎ᠠ ᠠᠩᠬ᠎ᠠ ᠤᠳᠠᠭ᠎ᠠ ᠰᠢᠯᠭᠠᠯᠲᠠ ᠶᠢᠨ ᠳᠦᠷᠢᠮ ᠢ ᠬᠡᠷᠡᠭᠵᠢᠭᠦᠯᠵᠦ ᠬᠥᠯᠥᠨ ᠪᠣᠶᠢᠷ ᠤᠨ ᠭᠤᠣᠯᠳᠠᠯᠭ᠎ᠠ ᠲᠠᠢ ᠳᠤᠮᠳᠠᠳᠤ ᠰᠤᠷᠭᠠᠭᠤᠯᠢ ᠪᠣᠯᠬᠤ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠨᠢ ᠮᠠᠯᠵᠢᠬᠤ ᠳᠥᠷᠪᠡᠨ ᠬᠤᠰᠢᠭᠤᠨ ᠠᠴᠠ ᠰᠤᠷᠤᠭᠴᠢ ᠰᠢᠯᠭᠠᠨ ᠡᠯᠰᠡᠵᠦ ᠪᠠᠶᠢᠭ᠎ᠠ ᠶᠠᠪᠤᠳᠠᠯ ᠪᠣᠯᠤᠨ᠎ᠠ᠃ ᠢᠩᠭᠢᠭᠡᠳ ᠪᠢᠳᠡ ᠬᠤᠪᠢ ᠢᠷᠦᠭᠡᠯ ᠤᠨ ᠠᠯᠲᠠᠨ ᠬᠦᠬᠦᠷᠭᠡᠨ ᠳᠡᠭᠡᠭᠦᠷ ᠬᠤᠶᠢᠨ᠎ᠠ ᠡᠮᠦᠨ᠎ᠡ  ᠠᠴᠠ ᠪᠠᠨ ᠴᠤᠪᠤᠷᠠᠯᠳᠤᠨ ᠬᠥᠯᠥᠨ ᠪᠣᠶᠢᠷ ᠠᠶᠢᠮᠠᠭ ᠤᠨ ᠠᠭᠲᠠ ᠶᠢᠨ ᠳᠥᠷᠪᠡᠨ ᠲᠤᠭᠤᠷᠠᠢ ᠪᠣᠯᠬᠤ ᠳᠥᠷᠪᠡᠨ ᠮᠠᠯᠵᠢᠬᠤ ᠬᠤᠰᠢᠭᠤᠨ ᠠᠴᠠ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠳᠤ ᠬᠤᠷᠠᠨ ᠴᠤᠭᠯᠠᠷᠠᠭᠰᠠᠨ ᠶᠤᠮ ᠃ ᠮᠠᠨ ᠤ ᠠᠩᠭᠢ ᠶᠢᠨ ᠡᠷᠬᠢᠯᠡᠭᠴᠢ ᠸᠠᠩ ᠭᠦᠢ ᠯᠠᠨ ᠭᠡᠭᠴᠢ ᠥᠨᠳᠦᠷᠬᠡᠨ ᠪᠡᠶ᠎ᠡ ᠲᠠᠢ ᠮᠠᠷᠢᠶᠠᠯᠢᠭ ᠬᠡᠦᠬᠡᠨ᠃ ᠮᠠᠨ  ᠤ ᠠᠩᠬ᠎ᠠ ᠨᠢᠭᠡ ᠶᠢᠨ ᠨᠢᠭᠡ ᠶᠢᠨ ᠰᠤᠷᠤᠭᠴᠢᠳ ᠭᠡᠭᠴᠢ ᠪᠦᠷ ᠯᠡ ᠬᠤᠰᠢᠭᠤ ᠰᠤᠮᠤᠨ ᠤ ᠰᠤᠷᠭᠠᠭᠤᠯᠢ ᠠᠴᠠ ᠰᠢᠯᠭᠠᠭᠳᠠᠨ ᠣᠷᠤᠭᠰᠠᠨ ᠵᠢᠩᠬᠢᠨᠢ ᠨᠤᠲᠤᠭ ᠨᠤᠲᠤᠭ ᠤᠨ ᠪᠣᠷᠤ ᠪᠢᠯᠵᠤᠤᠬᠠᠢ ᠨᠤᠭᠤᠳ᠃ ᠪᠠᠷᠭᠤ᠂ ᠪᠤᠷᠢᠶᠠᠳ᠂ ᠳᠠᠭᠤᠷ᠂ ᠡᠸᠡᠩᠬᠢ᠂ ᠥᠭᠡᠯᠡᠳ᠂ ᠬᠤᠷᠴᠢᠨ ᠣᠯᠠᠨ ᠶᠠᠰᠤᠲᠠᠨ ᠢᠶᠠᠷ ᠪᠦᠷᠢᠯᠳᠦᠭᠰᠡᠨ ᠥᠩᠭᠡ ᠥᠩᠭᠡ ᠶᠢᠨ ᠵᠠᠳᠠᠷᠠᠨ ᠳᠡᠯᠭᠡᠷᠡᠭᠡ ᠦᠭᠡᠢ ᠴᠡᠴᠡᠭᠡᠰ᠃ ᠵᠢᠷ ᠤᠨ ᠪᠣᠷᠤᠭᠵᠢᠭᠤᠨ ᠨᠡᠭᠦᠳᠡᠯᠴᠢᠨ ᠤ ᠦᠷᠡᠰ ᠤᠳ ᠤᠨ ᠨᠠᠭᠠᠳᠴᠤ ᠤᠬᠠᠭᠠᠵᠢᠵᠤ ᠥᠰᠥᠭᠰᠡᠨ ᠡᠭᠡᠯ ᠪᠣᠷᠤᠬᠠᠨ ᠳᠥᠷᠬᠦ ᠪᠠᠷ ᠢᠶᠠᠨ ᠁ ᠡᠶᠢᠮᠦ ᠠᠴᠠ ᠪᠢᠳᠡ ᠬᠡᠳᠦᠶᠢᠪᠡᠷ ᠮᠣᠩᠭᠤᠯ  ᠢᠶᠠᠷ ᠶᠠᠷᠢᠯᠴᠠᠵᠤ ᠪᠠᠶᠢᠭ᠎ᠠ ᠭᠡᠳᠡᠭ ᠪᠣᠯᠪᠠᠴᠤ ᠪᠦᠷ ᠯᠡ ᠥᠪᠡᠷ ᠥᠪᠡᠷ ᠤᠨ ᠨᠤᠲᠤᠭ ᠤᠨ ᠠᠶᠠᠯᠭᠤ ᠲᠠᠢ ᠪᠣᠯᠬᠤᠷ ᠶᠠᠭᠤᠮ᠎ᠠ ᠦᠵᠡᠭᠡ ᠦᠭᠡᠢ ᠬᠡᠦᠬᠡᠳ ᠤᠳ ᠲᠤ ᠶᠡᠭᠡ ᠯᠡ ᠰᠣᠨᠢᠬᠠᠨ ᠰᠠᠨᠠᠭᠳᠠᠨ᠎ᠠ᠃ ᠨᠠᠰᠤ ᠵᠢᠯ ᠢᠶᠠᠷ ᠠᠪᠴᠤ ᠬᠡᠯᠡᠭᠰᠡᠨ ᠴᠦ ᠬᠠᠮᠤᠭ ᠤᠨ ᠪᠠᠭ᠎ᠠ ᠨᠢ ᠠᠷᠪᠠᠨ ᠬᠤᠶᠠᠷ ᠭᠤᠷᠪᠠ ᠲᠠᠢ᠃ ᠲᠡᠭᠦᠨ ᠠᠴᠠ ᠲᠣᠮᠤ ᠬᠤᠶᠠᠷ ᠭᠤᠷᠪᠠᠨ ᠨᠠᠰᠤ ᠠᠬᠠᠮᠠᠳ ᠠᠷᠪᠠᠨ ᠲᠠᠪᠤ ᠵᠢᠷᠭᠤᠭ᠎ᠠ ᠬᠦᠷᠦᠭᠰᠡᠨ ᠬᠡᠦᠬᠡᠳ ᠤᠳ ᠴᠦ ᠵᠦᠩᠳᠡᠭᠡᠨ᠃ ᠬᠡᠳᠦᠶᠢᠪᠡᠷ ᠨᠠᠰᠤ ᠵᠢᠯ  ᠤᠨ ᠵᠥᠷᠢᠶ᠎ᠡ ᠲᠠᠢ ᠪᠣᠯᠪᠠᠴᠤ ᠪᠦᠷ ᠯᠡ ᠮᠠᠯᠵᠢᠬᠤ ᠣᠷᠤᠨ ᠠᠴᠠ ᠣᠴᠢᠭᠰᠠᠨ ᠲᠤᠯᠠ ᠠᠮᠢᠳᠤᠷᠠᠯ ᠤᠨ ᠵᠠᠩ ᠳᠠᠳᠬᠠᠯ ᠦᠨᠳᠦᠰᠦᠨ ᠳᠤ ᠪᠠᠨ ᠠᠳᠠᠯᠢᠪᠲᠤᠷ᠃ ᠪᠡᠶ᠎ᠡ ᠪᠡᠶ᠎ᠡ ᠪᠠᠨ ᠲᠤᠰᠠᠯᠠᠵᠤ ᠳᠡᠮᠵᠢᠳᠡᠭ ᠥᠭᠭᠢᠶᠡᠮᠦᠷᠴᠢ ᠰᠡᠳᠬᠢᠯ ᠲᠠᠢ᠃ ᠠᠩᠭᠢ ᠶᠢᠨ ᠭᠡᠷ ᠭᠡᠭᠴᠢ ᠨᠢ ᠪᠤᠰᠤᠳ ᠬᠢᠴᠢᠶᠡᠯ ᠤᠨ ᠭᠡᠷ ᠤᠳ ᠠᠴᠠ ᠨᠡᠯᠢᠶᠡᠳ ᠵᠠᠶᠢᠲᠠᠢ ᠰᠤᠷᠭᠠᠭᠤᠯᠢ ᠶᠢᠨ ᠢᠶᠠᠨ ᠵᠡᠭᠦᠨ ᠬᠤᠶᠢᠲᠤ ᠪᠤᠯᠤᠩ ᠳᠤ ᠪᠠᠶᠢᠷᠢᠯᠠᠭᠰᠠᠨ ᠡᠪ ᠡᠩ ᠤᠨ ᠨᠢᠭᠡ ᠨᠠᠪᠲᠠᠷᠬᠠᠨ ᠰᠢᠪᠠᠷ ᠪᠠᠶᠢᠰᠢᠩ᠃ ᠰᠤᠷᠭᠠᠭᠤᠯᠢ  ᠠᠴᠠ ᠪᠠᠨ ᠲᠠᠰᠤᠷᠠᠵᠤ ᠭᠠᠷᠤᠭᠰᠠᠨ ᠬᠢᠴᠢᠶᠡᠯ ᠤᠨ ᠭᠡᠷ ᠲᠠᠢ ᠪᠣᠯᠬᠤᠷ ᠬᠢᠴᠢᠶᠡᠯ ᠪᠠᠭᠤᠪᠠᠯ ᠨᠠᠪᠲᠠᠷᠬᠠᠨ ᠰᠢᠪᠠᠷ ᠪᠠᠶᠢᠰᠢᠩ ᠤᠨ ᠢᠶᠠᠨ ᠣᠷᠤᠢ ᠤᠨᠠᠭᠠᠮ᠎ᠠ ᠪᠤᠵᠢᠭᠢᠨᠠᠯᠳᠤᠵᠤ ᠪᠥᠭᠡᠮ ᠲᠣᠭᠤᠰᠤ ᠰᠢᠷᠤᠢ ᠶᠢᠨ ᠳᠤᠮᠳᠠᠭᠤᠷ ᠬᠡᠦᠭᠡᠳ  ᠤᠳ ᠢᠨᠵᠠᠭ᠎ᠠ ᠰᠢᠭ᠋ ᠴᠠᠬᠢᠯᠤᠨ᠎ᠠ᠃ ᠪᠠᠭᠰᠢ ᠣᠷᠤᠵᠤ ᠢᠷᠡᠭᠰᠡᠭᠡᠷ ᠦᠢᠮᠡᠭᠡᠨ ᠱᠤᠤᠭᠢᠶᠠᠨ ᠳᠣᠣᠷ᠎ᠠ ᠪᠠᠨ ᠨᠠᠮᠬᠠᠷᠠᠵᠤ ᠦᠢᠮᠡᠯᠳᠦᠨ ᠲᠦᠷᠴᠢᠬᠢᠨᠡᠯᠳᠦᠵᠦ ᠪᠠᠶᠢᠭᠰᠠᠨ ᠬᠡᠦᠬᠡᠳ ᠤᠳ ᠬᠥᠩᠭᠡᠯᠡᠭᠦᠯᠦᠭᠰᠡᠨ ᠢᠰᠢᠭᠡ ᠬᠤᠷᠠᠭ᠎ᠠ ᠰᠢᠭ᠋ ᠨᠣᠮᠤᠬᠠᠷᠠᠵᠤ ᠣᠷᠤ ᠣᠷᠤᠨ ᠳᠤ ᠪᠠᠨ ᠲᠣᠯᠤᠭᠠᠢ ᠳᠦᠭᠦᠷᠡᠩ ᠬᠥᠯᠥᠰᠦ ᠲᠠᠢ ᠵᠣᠭᠰᠤᠨ᠎ᠠ᠃ ᠢᠩᠭᠢᠭᠡᠳ ᠬᠢᠴᠢᠶᠡᠯ ᠣᠷᠤᠨ᠎ᠠ᠃ ᠬᠥᠮᠥᠨ ᠪᠣᠯᠤᠭᠰᠠᠨ ᠠᠴᠠ ᠪᠠᠨ ᠨᠠᠭᠠᠰᠢ ᠠᠩᠬ᠎ᠠ ᠤᠳᠠᠭ᠎ᠠ ᠠᠪᠤ ᠡᠵᠢ ᠠᠴᠠ ᠪᠠᠨ ᠰᠠᠯᠵᠤ ᠪᠠᠶᠢᠭ᠎ᠠ ᠪᠠᠭᠠᠴᠤᠤᠯ ᠪᠣᠯᠬᠤᠷ ᠨᠠᠰᠤ ᠪᠠᠭ᠎ᠠ ᠨᠢ ᠪᠠᠭᠰᠢ ᠶᠢᠨ ᠢᠶᠠᠨ ᠬᠢᠴᠢᠶᠡᠯ ᠲᠠᠶᠢᠯᠪᠤᠷᠢᠯᠠᠬᠤ ᠶᠢ ᠰᠣᠨᠤᠰᠴᠤ ᠪᠠᠶᠢᠭᠰᠠᠭᠠᠷ ᠭᠡᠨᠡᠳᠲᠡ ᠭᠡᠷ ᠢᠶᠠᠨ ᠰᠠᠨᠠᠭᠠᠳ ᠤᠬᠢᠯᠠᠴᠢᠬᠠᠨ᠎ᠠ᠃ ᠵᠠᠷᠢᠮ ᠨᠢ ᠭᠠᠷ ᠲᠤ ᠪᠠᠨ ᠱᠠᠭᠠᠢ ᠶᠢᠨ ᠴᠢᠨᠡᠭᠡ ᠬᠠᠷ᠎ᠠ ᠪᠤᠷᠠᠮ ᠪᠠᠷᠢᠴᠢᠬᠠᠭᠠᠳ ᠨᠢᠳᠦ ᠳᠦᠭᠦᠷᠡᠩ ᠨᠢᠯᠪᠤᠰᠤ ᠲᠠᠢ ᠥᠨᠥᠭᠢ ᠬᠠᠪ ᠬᠠᠲᠠᠭᠤ ᠪᠤᠷᠠᠮ ᠢᠶᠠᠨ ᠴᠠᠭᠠᠨ ᠰᠤᠳᠠᠯ ᠲᠠᠲᠠᠭᠤᠯᠤᠨ ᠮᠡᠷᠡᠨ᠎ᠡ᠃ ᠵᠠᠷᠢᠮ ᠨᠢ ᠬᠢᠴᠢᠶᠡᠯ ᠤᠨ ᠵᠠᠪᠰᠠᠷ ᠳᠡᠩᠳᠡᠭᠦᠦ ᠭᠦᠶᠦᠵᠦ ᠳᠡᠪᠬᠡᠷᠦᠭᠰᠡᠨ ᠠᠴᠠ ᠪᠣᠯᠵᠤ ᠢᠳᠡᠭᠰᠡᠨ ᠬᠤᠭᠤᠯᠠ ᠨᠢ ᠳᠣᠣᠷ᠎ᠠ ᠪᠠᠨ ᠰᠢᠩᠭᠡᠵᠦ ᠬᠤᠳᠤᠭᠤᠳᠤ ᠭᠡᠳᠡᠰᠦ ᠨᠢ ᠬᠤᠩᠭᠢᠨᠠᠵᠤ ᠬᠤᠶᠠᠷ ᠴᠢᠬᠢ ᠨᠢ ᠳᠦᠩᠭᠢᠨᠡᠬᠦ ᠲᠤᠲᠤᠮ ᠤᠯᠠᠮ ᠭᠡᠷ ᠢᠶᠠᠨ ᠰᠠᠨᠠᠬᠤ ᠨᠢ ᠭᠡᠴᠡᠭᠦᠳᠡᠵᠦ ᠳᠣᠣᠷ᠎ᠠ ᠳᠠᠭᠤᠨ ᠢᠶᠠᠷ ᠮᠡᠭᠰᠢᠨ᠎ᠡ᠃ ᠲᠡᠭᠡᠵᠦ ᠪᠠᠶᠢᠭᠰᠠᠭᠠᠷ ᠨᠢᠭᠡ ᠠᠴᠠ ᠬᠤᠶᠠᠷ᠂ ᠬᠤᠶᠠᠷ ᠠᠴᠠ ᠭᠤᠷᠪᠠ ᠪᠣᠯᠵᠤ ᠪᠡᠶ᠎ᠡ ᠪᠡᠶ᠎ᠡ ᠪᠠᠨ ᠳᠠᠭᠠᠵᠤ ᠤᠬᠢᠯᠠᠭᠰᠠᠭᠠᠷ ᠠᠩᠭᠢ ᠶᠢᠨ ᠭᠡᠷ ᠮᠡᠭᠰᠢᠬᠦ ᠳᠠᠭᠤᠨ ᠢᠶᠠᠷ ᠰᠣᠯᠢᠭᠳᠠᠨ᠎ᠠ᠃ ᠬᠢᠴᠢᠶᠡᠯ ᠣᠷᠤᠵᠤ ᠪᠠᠶᠢᠭᠰᠠᠨ ᠪᠠᠭᠰᠢ ᠠᠷᠭ᠎ᠠ ᠪᠤᠰᠤ ᠬᠢᠴᠢᠶᠡᠯ ᠲᠠᠶᠢᠯᠪᠤᠷᠢᠯᠠᠬᠤ ᠪᠠᠨ ᠪᠣᠯᠢᠵᠤ ᠦᠵᠡᠯ ᠰᠠᠨᠠᠭᠠᠨ ᠤ ᠠᠵᠢᠯ ᠬᠢᠵᠦ ᠵᠣᠷᠢᠭᠵᠢᠭᠤᠯᠤᠨ ᠰᠤᠷᠤᠯᠴᠠᠬᠤ ᠤᠷᠮ᠎ᠠ ᠬᠠᠶᠢᠷᠠᠯᠠᠨ᠎ᠠ᠃      ᠨᠢᠭᠡ ᠤᠳᠠᠭ᠎ᠠ ᠸᠠᠩ ᠭᠦᠢ ᠯᠠᠨ ᠪᠠᠭᠰᠢ ᠲᠣᠭᠠᠨ ᠤ ᠬᠢᠴᠢᠶᠡᠯ ᠳᠡᠭᠡᠷ᠎ᠡ ᠡᠶᠡᠷᠭᠦ ᠰᠥᠭᠡᠷᠬᠦ ᠲᠤᠭ᠎ᠠ ᠶᠢ ᠵᠢᠭᠠᠵᠤ ᠪᠠᠶᠢᠭᠰᠠᠭᠠᠷ ᠰᠠᠮᠪᠠᠷ᠎ᠠ ᠳᠡᠭᠡᠷ᠎ᠡ ᠡᠶᠡᠷᠭᠦ ᠭᠤᠷᠪᠠ ᠭᠡᠵᠤ ᠪᠢᠴᠢᠴᠢᠬᠡᠭᠡᠳ ᠬᠠᠭᠤᠴᠢᠨ ᠪᠠᠷᠭᠤ ᠠᠴᠠ ᠢᠷᠡᠭᠰᠡᠨ ᠰᠤᠷᠤᠭᠴᠢ ᠪᠦᠬᠡᠭᠤᠣᠯ ᠢ ᠳᠠᠭᠤᠳᠠᠨ ᠪᠣᠰᠬᠠᠵᠤ᠄ ︽ᠡᠨᠡ ᠲᠤᠭ᠎ᠠ ᠶᠢ ᠤᠩᠰᠢ︾ ᠭᠡᠪᠡ᠃ ᠪᠥᠬᠡᠭᠤᠣᠯ ᠪᠣᠰᠴᠤ ᠵᠣᠭᠰᠤᠴᠢᠬᠠᠭᠠᠳ ︽ᠭᠤᠷᠪᠠ︾ ᠭᠡᠪᠡ᠃ ︽ᠶᠠᠮᠠᠷ ᠭᠤᠷᠪᠠ ᠪᠣᠢ︖︾ ᠭᠡᠵᠤ ᠪᠠᠭᠰᠢ ᠯᠠᠪᠳᠠᠭᠤᠯᠤᠨ ᠠᠰᠠᠭᠤᠬᠤ  ᠳᠤ ᠪᠥᠬᠡᠭᠤᠣᠯ ᠮᠠᠨᠢ ᠬᠠᠭᠤᠴᠢᠨ ᠪᠠᠷᠭᠤ ᠬᠡᠯᠡᠯᠭᠡ ᠪᠠᠷ ᠢᠶᠠᠨ᠄  ︽ᠪᠠᠶᠢᠳᠠ ᠭᠤᠷᠪᠠ︾ ᠭᠡᠨ᠎ᠡ᠃ ᠸᠠᠩ ᠪᠠᠭᠰᠢ ᠣᠶᠢᠯᠠᠭᠠᠭᠰᠠᠨ ᠦᠭᠡᠢ᠃ ︽ᠶᠠᠮᠠᠷ ᠭᠤᠷᠪᠠ ᠭᠡᠨ᠎ᠡ︖︾ ᠭᠡᠵᠤ ᠳᠠᠬᠢᠨ ᠳᠠᠪᠲᠠᠨ ᠠᠰᠠᠭᠤᠬᠤ ᠳᠤ ᠪᠠᠭᠰᠢ ᠶᠢᠨ ᠠᠰᠠᠭᠤᠯᠳᠠ ᠳᠤ ᠪᠠᠯᠢᠳᠠᠨ ᠰᠠᠨᠳᠤᠷᠤᠭᠰᠠᠨ ᠪᠥᠬᠡᠭᠤᠣᠯ ᠮᠥᠨ ᠯᠡ᠄ ︽ᠪᠠᠶᠢᠳᠠ ᠭᠤᠷᠪᠠ︾ ᠭᠡᠵᠤ ᠠᠬᠢᠨ ᠳᠠᠬᠢᠨ ᠬᠠᠷᠢᠭᠤᠯᠤᠨ᠎ᠠ᠃ ᠡᠨᠡ ᠦᠶ᠎ᠡ ᠳᠤ ᠬᠠᠵᠠᠭᠤ ᠠᠴᠠ ᠨᠢ ᠨᠢᠭᠡ ᠰᠤᠷᠤᠭᠴᠢ ᠪᠤᠰᠴᠤ ᠁ ᠶᠢ ᠪᠠᠶᠢᠳᠠ ᠭᠡᠵᠤ ᠬᠡᠯᠡᠳᠡᠭ ᠭᠡᠵᠤ ᠬᠡᠯᠡᠵᠦ ᠥᠭᠪᠡ᠃ ᠢᠩᠭᠢᠭᠡᠳ ᠪᠠᠭᠰᠢ ᠰᠤᠷᠤᠭᠴᠢ ᠬᠤᠶᠠᠷ ᠤᠴᠢᠷ ᠵᠦᠭ ᠢᠶᠠᠨ ᠣᠯᠣᠯᠴᠠᠭᠰᠠᠨ ᠪᠣᠯᠪᠠᠴᠤ ᠠᠩᠭᠢ ᠶᠢᠨ ᠨᠥᠬᠦᠳ ᠢᠶᠠᠨ ᠲᠦᠷᠴᠢᠬᠢᠨᠡᠲᠡᠯ᠎ᠡ ᠢᠨᠢᠶᠡᠯᠭᠡᠵᠦ ᠬᠤᠵᠢᠮ ᠨᠢ ᠪᠦᠬᠡᠭᠤᠣᠯ ᠮᠠᠨᠢ ︽ᠪᠠᠶᠢᠳᠠ ᠭᠤᠷᠪᠠ︾ ᠭᠡᠳᠡᠭ ᠬᠤᠴᠢ ᠨᠡᠷ᠎ᠡ ᠣᠯᠵᠤ ᠲᠠᠩᠬᠢᠯ ᠨᠠᠰᠤᠨ ᠤ ᠨᠥᠬᠦᠳ ᠤᠨ ᠢᠶᠠᠨ ᠵᠢᠷᠦᠬᠡᠨ ᠳᠤ ᠮᠥᠩᠬᠡ ᠶᠢᠨ ᠬᠥᠭᠡᠷᠦᠬᠦᠨ ᠳᠤᠷᠠᠳᠬᠠᠯ ᠢ ᠱᠤᠭᠤᠵᠤ ᠣᠷᠬᠢᠭᠰᠠᠨ ᠪᠠᠶᠢᠯ᠎ᠠ᠃ ᠡᠨᠡ ᠮᠡᠲᠦ ᠪᠠᠷ ᠪᠠᠭᠰᠢ ᠶᠢᠨ ᠢᠶᠠᠨ ᠨᠢᠳᠦᠨ ᠤ ᠬᠠᠷᠠᠴᠠ ᠪᠠᠷ ᠰᠢᠯᠪᠢᠭᠦᠷᠳᠡᠭᠦᠯᠦᠨ ᠨᠣᠮᠤᠬᠠᠷᠠᠳᠠᠭ ᠬᠡᠦᠬᠡᠳ ᠨᠠᠰᠤ ᠮᠢᠨᠢ ᠥᠯᠮᠡᠢ ᠳᠤ ᠮᠢᠨᠢ ᠥᠶᠦᠭᠡᠢ ᠪᠠᠨ ᠲᠡᠪᠢᠰᠦᠭᠰᠡᠨ ᠪᠠᠷᠭᠤ ᠶᠢᠨ ᠲᠠᠯ᠎ᠠ ᠶᠠᠪᠤᠬᠤ ᠲᠤᠲᠤᠮ ᠠᠭᠤᠵᠢᠷᠠᠳᠠᠭ ᠰᠢᠭ᠋ ᠪᠣᠳᠤᠯ ᠤᠨ ᠭᠦᠨ ᠳᠤ ᠮᠢᠨᠢ ᠴᠠᠬᠢᠯᠤᠨ ᠪᠠᠭᠤᠵᠤ ᠰᠡᠳᠬᠢᠯ ᠤᠨ ᠳ᠋ᠧᠪᠠᠵᠠᠨ ᠳᠤ ᠢᠲᠡᠭᠡᠯ ᠬᠦᠰᠡᠯ ᠤᠨ ᠳᠥᠯᠥ ᠪᠠᠳᠠᠷᠠᠭᠠᠨ ᠪᠠᠶᠢᠬᠤ ᠳᠤ ᠮᠠᠰᠢᠨ ᠮᠢᠨᠢ ᠴᠠᠩ ᠪᠦᠩ ᠳᠤ ᠬᠤᠴᠢᠭᠳᠠᠭᠰᠠᠨ ᠨᠣᠶᠢᠷᠮᠤᠭ ᠲᠠᠯ᠎ᠠ ᠶᠢᠨ ᠴᠠᠰᠤ ᠪᠤᠲᠠᠷᠠᠭᠠᠨ ᠭᠡᠨᠡᠳᠲᠡ  ᠵᠣᠭᠬᠢᠨ ᠵᠣᠭᠰᠤᠪᠠ᠃      ᠵᠠᠰᠠᠮᠠᠯ ᠵᠠᠮ ᠤᠨ ᠬᠠᠵᠠᠭᠤᠳᠠᠬᠢ ᠬᠤᠩᠭᠠᠷᠯᠠᠭᠰᠠᠨ ᠴᠠᠰᠤᠨ ᠳᠤ ᠤᠨᠠᠴᠢᠬᠠᠵᠠᠢ᠃ ᠴᠤᠭ ᠠᠬ᠎ᠠ ᠬᠦᠴᠦᠲᠡᠢ ᠲᠣᠰᠤ ᠨᠡᠮᠡᠵᠦ ᠤᠷᠤᠭᠰᠢ ᠵᠢᠳᠬᠦᠭᠦᠯᠬᠦ ᠳᠤ ᠮᠠᠰᠢᠨ ᠨᠢ ᠡᠴᠡᠵᠦ ᠴᠤᠴᠠᠭᠰᠠᠨ ᠮᠣᠷᠢ ᠣᠷᠤᠨ ᠳᠤ ᠪᠠᠨ ᠳᠡᠪᠬᠡᠴᠡᠬᠦ ᠰᠢᠭ ᠲᠡᠨᠳᠡ ᠪᠠᠨ ᠳᠡᠮᠡᠢ ᠯᠡ ᠣᠭᠤᠭᠢᠯᠠᠨ᠎ᠠ᠃ ᠭᠠᠳᠠᠨ᠎ᠠ ᠶᠠᠪᠠᠭᠠᠨ ᠪᠣᠷᠳᠤᠰᠤ ᠬᠡᠶᠢᠰᠴᠦ ᠰᠠᠭᠠᠷᠠᠯ ᠮᠠᠨᠠᠨ ᠥᠨᠳᠡᠯᠵᠡᠨ ᠳᠦᠩᠰᠦᠭᠡᠷ ᠠᠭᠤᠯᠠᠰ ᠤᠨ ᠣᠷᠭᠢᠯ ᠪᠦᠦᠷ ᠲᠦᠦᠷ ᠰᠦᠮᠡᠯᠵᠡᠭᠡᠳ ᠭᠦᠢᠲᠡᠨ ᠭᠡᠳᠡᠭ ᠨᠢ ᠵᠢᠭᠲᠡᠶᠢᠬᠡᠨ᠃ ᠪᠢᠳᠡ ᠠᠷᠭ᠎ᠠ ᠪᠤᠰᠤ ᠮᠠᠰᠢᠨ ᠠᠴᠠ ᠪᠠᠨ ᠪᠠᠭᠤᠵᠤ ᠴᠠᠰᠤ ᠮᠠᠯᠲᠠᠪᠠ᠃ ᠢᠩᠭᠢᠵᠦ ᠪᠠᠶᠢᠲᠠᠯ᠎ᠠ ᠬᠤᠶᠢᠨ᠎ᠠ ᠠᠴᠠ ᠵᠠᠰᠠᠮᠠᠯ ᠵᠠᠮ ᠤᠨ ᠬᠠᠮᠢᠶᠠᠷᠤᠯᠲᠠ ᠶᠢᠨ ᠲᠣᠪᠴᠢᠶᠠᠨ ᠤ ᠪᠣᠯᠤᠯᠲᠠᠢ ᠨᠢᠭᠡ ᠮᠠᠰᠢᠨ ᠳᠠᠪᠬᠢᠵᠤ ᠢᠷᠡᠭᠡᠳ ᠳᠣᠲᠤᠷ᠎ᠠ  ᠠᠴᠠ ᠨᠢ ᠥᠨᠳᠦᠷᠬᠡᠨ ᠪᠡᠶ᠎ᠡ ᠲᠠᠢ᠂ ᠮᠠᠷᠢᠶᠠᠯᠢᠭ ᠵᠠᠯᠠᠭᠤ᠂ ᠴᠡᠴᠡᠭ ᠰᠢᠭ ᠭᠤᠶᠤ ᠭᠤᠷᠪᠠᠨ ᠥᠬᠢᠨ ᠪᠠᠭᠤᠵᠤ ᠪᠢᠳᠡᠨ  ᠲᠠᠢ ᠬᠠᠮᠵᠢᠯᠴᠠᠪᠠ᠃ ᠪᠢᠳᠡ ᠲᠡᠳᠡᠨ ᠳᠤ᠄ ︽ᠲᠠᠯᠠᠷᠬᠠᠵᠤ ᠪᠠᠶᠢᠨ᠎ᠠ᠃ ᠲᠠᠨᠠᠷ ᠮᠠᠰᠢᠨ ᠳᠤ ᠪᠠᠨ ᠣᠷᠤᠭᠠᠷᠠᠢ᠃ ᠡᠨᠡ ᠬᠦᠢᠲᠡᠨ ᠳᠤ ᠳᠠᠭᠠᠷᠠᠨ᠎ᠠ ᠰᠢᠦ︾ ᠭᠡᠨ᠎ᠡ᠃ ᠬᠥᠭᠡᠷᠦᠬᠦᠢ ᠲᠡᠷᠡ ᠵᠠᠯᠠᠭᠤ ᠯᠡ ᠪᠢᠳᠡᠨ ᠲᠠᠢ ᠬᠠᠭᠠᠰ ᠴᠠᠭ ᠬᠢᠷᠢᠲᠡᠢ ᠴᠠᠰᠤ ᠮᠠᠯᠲᠠᠵᠤ ᠮᠠᠰᠢᠨ ᠲᠦᠯᠬᠢᠯᠴᠡᠪᠡ᠃ ᠡᠴᠦᠰ ᠲᠡᠭᠡᠨ ᠮᠠᠰᠢᠨ ᠢᠶᠠᠨ ᠴᠠᠰᠤᠨ ᠠᠴᠠ ᠭᠠᠷᠭᠠᠴᠢᠬᠠᠯ᠎ᠠ᠃ ᠲᠡᠷᠡ ᠵᠠᠯᠠᠭᠤ ᠳᠤ᠄ ︽ᠪᠠᠶᠠᠷᠯᠠᠵᠤ ᠪᠠᠶᠢᠨ᠎ᠠ᠂ ᠲᠠᠯᠠᠷᠬᠠᠵᠤ ᠪᠠᠶᠢᠨ᠎ᠠ︾ ᠭᠡᠵᠤ ᠰᠠᠶᠢᠬᠠᠨ ᠦᠭᠡ ᠶᠢ ᠠᠷᠠᠢ ᠯᠡ ᠬᠡᠯᠡᠵᠦ ᠠᠮᠵᠢᠭᠰᠠᠨ ᠪᠣᠯᠪᠠᠴᠤ ᠬᠠᠷᠢᠨ ᠨᠡᠷ᠎ᠡ ᠤᠰᠤ᠂ ᠬᠠᠮᠢᠭᠠᠬᠢ ᠶᠢ ᠨᠢ ᠠᠰᠠᠭᠤᠵᠤ ᠵᠠᠪᠳᠤᠭᠰᠠᠨ ᠦᠭᠡᠢ᠃ ᠵᠠᠯᠠᠭᠤ ᠮᠠᠰᠢᠨ ᠢᠶᠠᠨ ᠵᠢᠯᠣᠭᠤᠳᠴᠤ ᠬᠤᠷᠤᠮᠬᠠᠨ ᠵᠠᠭᠤᠷ᠎ᠠ ᠠᠯᠠᠭ᠎ᠠ ᠪᠣᠯᠪᠠ᠃ ᠪᠢᠳᠡ ᠬᠤᠶᠢᠨ᠎ᠠ ᠠᠴᠠ ᠨᠢ ᠨᠡᠷ᠎ᠡ ᠤᠰᠤ ᠶᠢ  ᠨᠢ ᠴᠦ ᠮᠡᠳᠡᠬᠦ ᠦᠭᠡᠢ ᠲᠡᠳᠡᠭᠡᠷ ᠲᠡᠭᠦᠦ ᠨᠠᠷ ᠤᠨ ᠰᠠᠶᠢᠨ ᠰᠠᠶᠢᠬᠠᠨ ᠢ ᠢᠷᠦᠭᠡᠵᠦ ᠶᠠᠪᠤᠯ᠎ᠠ᠃ ᠴᠤᠭ ᠠᠬ᠎ᠠ᠄ ︽ᠡᠨᠡ ᠬᠦᠢᠲᠡᠨ ᠳᠤ ᠲᠠᠨᠠᠷ ᠢ ᠳᠠᠭᠠᠷᠠᠭᠤᠯᠴᠢᠬᠠᠯ᠎ᠠ︾ ᠭᠡᠵᠤ ᠡᠪ ᠦᠭᠡᠶᠢᠷᠬᠡᠨ᠎ᠡ᠃ ᠠᠳᠢᠶ᠎ᠠ᠂ ᠪᠠᠳᠮᠠᠴᠢᠮᠡᠭ ᠬᠤᠶᠠᠷ᠄    ︽ᠡᠨᠡ ᠴᠦ ᠭᠠᠶᠢᠭᠤᠢ᠂ ᠬᠠᠷᠢᠨ ᠣᠷᠴᠢᠮ ᠤᠨ ᠵᠢᠯ ᠤᠳ ᠲᠤ ᠴᠠᠰᠤ ᠪᠠᠷ ᠣᠷᠤᠯᠳᠤᠵᠤ ᠬᠦᠢᠲᠡᠨ ᠳᠤ ᠳᠠᠭᠠᠷᠠᠵᠤ ᠦᠵᠡᠭᠡ ᠦᠭᠡᠢ ᠪᠣᠯᠬᠤᠷ ᠰᠣᠨᠢᠬᠠᠨ ᠪᠠᠶᠢᠨ᠎ᠠ︾ ᠭᠡᠨ᠎ᠡ᠃ ᠪᠢ᠄ ︽ᠢᠩᠭᠢᠵᠦ ᠦᠯᠢᠭᠡᠷ ᠲᠠᠢ ᠶᠠᠪᠤᠬᠤ ᠭᠤᠶᠤ ᠰᠢᠳᠡ᠃ ᠬᠤᠵᠢᠮ ᠳᠤᠷᠠᠰᠬᠤ ᠶᠠᠭᠤᠮ᠎ᠠ ᠲᠠᠢ ᠪᠢᠰᠢᠦ︖︾ ᠭᠡᠵᠤ ᠤᠯᠵᠠᠷᠬᠠᠪᠠ᠃ ᠪᠢᠳᠡ ᠳᠥᠷᠪᠡ ᠡᠶᠢᠮᠦᠷᠬᠦᠦ ᠯᠡ ᠶᠠᠷᠢᠯᠴᠠᠭᠰᠠᠭᠠᠷ ᠥᠨᠥᠬᠢ ᠭᠠᠵᠠᠷ ᠠᠴᠠ ᠪᠠᠨ ᠴᠠᠭᠠᠰᠢ ᠠᠷᠪᠠᠭᠠᠳ ᠮᠢᠨᠦ᠋ᠲ ᠶᠠᠪᠤᠯ ᠦᠭᠡᠢ ᠡᠸᠡᠩᠬᠢ ᠬᠤᠰᠢᠭᠤᠨ ᠤ ᠲᠥᠪ ᠪᠠᠶᠠᠨᠲᠣᠬᠤᠢ ᠪᠠᠯᠭᠠᠰᠤᠨ ᠳᠤ ᠬᠦᠷᠴᠢᠬᠡᠯ᠎ᠡ᠃      ᠦᠳᠡ ᠶᠢᠨ ᠠᠷᠪᠠᠨ ᠨᠢᠭᠡᠨ ᠴᠠᠭ ᠤᠨ ᠦᠶ᠎ᠡ ᠪᠠᠷ ᠬᠠᠭᠤᠴᠢᠨ ᠪᠠᠷᠭᠤ ᠬᠤᠰᠢᠭᠤᠨ ᠤ ᠲᠥᠪ ᠪᠠᠶᠠᠨᠬᠦ᠋ᠷᠢᠶ᠎ᠡ ᠪᠠᠯᠭᠠᠰᠤᠨ ᠤ ᠯᠦᠩ ᠶᠦᠨ ᠬᠤᠭᠤᠯᠠᠨ ᠭᠡᠷ ᠲᠤ ᠬᠦᠷᠦᠭᠡᠳ ᠬᠤᠷᠢᠮ ᠨᠢ ᠦᠳᠡ ᠶᠢᠨ ᠬᠤᠶᠢᠨᠠᠬᠢ ᠳᠥᠷᠪᠡᠨ ᠴᠠᠭ  ᠲᠤ ᠬᠢᠬᠦ ᠶᠢ ᠮᠡᠳᠡᠯ᠎ᠡ᠃ ᠡᠷᠳᠡ ᠪᠠᠶᠢᠭᠰᠠᠭᠠᠷ᠂ ᠳᠥᠷᠪᠡᠨ ᠴᠠᠭ ᠪᠣᠯᠲᠠᠯ᠎ᠠ ᠶᠠᠭᠤ ᠪᠠᠨ ᠬᠢᠨ᠎ᠡ︖ ᠪᠢᠳᠡ ᠭᠤᠷᠪᠠᠭᠤᠯᠠ ᠯᠦᠩ ᠶᠦᠨ ᠬᠤᠭᠤᠯᠠᠨ ᠭᠡᠷ ᠤᠨ ᠬᠤᠶᠢᠲᠤ ᠲᠠᠯ᠎ᠠ ᠳᠤ ᠪᠠᠶᠢᠭ᠎ᠠ ᠪᠠᠭᠤᠳᠠᠯ ᠳᠤ ᠠᠮᠠᠷᠠᠬᠤ ᠪᠣᠯᠪᠠ᠃ ᠮᠠᠨ ᠤ ᠬᠤᠶᠠᠭᠤᠯᠠ ᠪᠠᠭᠤᠳᠠᠯ ᠳᠤ ᠣᠷᠤᠭᠠᠳ ᠣᠷᠤᠨ ᠳᠤ ᠪᠠᠨ ᠬᠡᠪᠲᠡᠮᠡᠭᠴᠡ ᠯᠡ ᠬᠠᠮᠤᠭ ᠴᠣᠭᠴᠠᠰ ᠨᠢ ᠲᠠᠯᠪᠢᠭᠤᠷᠠᠨ ᠨᠣᠶᠢᠷ ᠤᠨ ᠪᠤᠷᠬᠠᠨ ᠳᠤ ᠲᠣᠯᠤᠭᠠᠢ ᠪᠠᠨ ᠮᠡᠳᠡᠭᠦᠯᠵᠦ ᠨᠠᠮᠵᠢᠭᠤᠬᠠᠨ ᠱᠤᠤᠬᠢᠷᠠᠨ᠎ᠠ᠃ ᠳᠡᠭᠡᠯᠭᠦᠢ ᠶᠠᠭᠠᠬᠢᠬᠤ ᠪᠣᠢ ᠳ᠋ᠠ︕ ᠡᠷᠲᠡ ᠶᠢᠨ ᠳᠥᠷᠪᠡᠨ ᠴᠠᠭ ᠲᠤ ᠪᠣᠰᠤᠭᠰᠠᠨ ᠬᠥᠮᠥᠰ ᠵᠠᠮ ᠳᠤ ᠪᠠᠨ ᠳᠠᠭᠠᠷᠠᠵᠤ ᠶᠠᠳᠠᠷᠠᠬᠤ  ᠲᠠᠢ ᠵᠥᠭᠡᠯᠡᠨ ᠪᠥᠬᠡ ᠳᠤ ᠨᠠᠮᠤᠭᠤᠬᠠᠨ ᠴᠣᠬᠢᠭᠤᠯᠬᠤ ᠨᠢ ᠳᠣᠯᠤᠭᠠᠨ ᠵᠥᠪ ᠡ︕ ᠪᠢ ᠯᠡ ᠬᠠᠷᠢᠨ ᠦᠨᠡᠭᠡᠨ ᠤ ᠨᠢᠳᠦ ᠵᠠᠯᠭᠢᠭᠰᠠᠨ ᠰᠢᠭ᠋ ᠣᠷᠤᠨ ᠳᠤ ᠪᠠᠨ ᠤᠷᠪᠠᠵᠤ ᠬᠦᠷᠪᠡᠭᠡᠳ ᠤᠨᠲᠠᠵᠤ ᠣᠷᠤᠳᠠᠭ ᠶᠠᠭᠤᠮ᠎ᠠ ᠪᠢᠰᠢ᠃ ᠨᠢᠳᠦ  ᠪᠠᠨ ᠠᠨᠢᠭᠠᠳ ᠬᠡᠪᠲᠡᠬᠦ ᠲᠤᠲᠤᠮ ᠪᠣᠳᠤᠯ ᠣᠯᠠᠳᠠᠨ᠎ᠠ᠃ ᠲᠡᠭᠡᠵᠦ ᠪᠠᠶᠢᠲᠠᠯ᠎ᠠ ᠳᠡᠩᠳᠡᠭᠦᠦ ᠭᠡᠨᠡᠨ᠂ ᠳᠠᠩᠴᠤ ᠴᠠᠶᠢᠯᠭᠠᠨ ᠶᠠᠪᠤᠭᠰᠠᠨ ᠪᠠᠭ᠎ᠠ ᠨᠠᠰᠤ ᠮᠢᠨᠢ ᠴᠠᠰᠤᠨ ᠳᠡᠭᠡᠷ᠎ᠡ ᠵᠢᠷᠤᠭᠰᠠᠨ ᠨᠠᠷᠠᠨ ᠤ ᠵᠢᠷᠤᠭ ᠰᠢᠭ᠋ ᠲᠣᠳᠤᠷᠠᠨ ᠬᠠᠷᠠᠭᠳᠠᠨ᠎ᠠ᠃     ᠮᠠᠨ ᠤ ᠰᠢᠨ᠎ᠡ ᠪᠠᠷᠭᠤ ᠪᠠᠷᠠᠭᠤᠨ ᠬᠤᠰᠢᠭᠤᠨ ᠤ ᠡᠷᠳᠡᠨᠢᠠᠠᠭᠤᠯᠠ ᠰᠤᠮᠤᠨ ᠠᠴᠠ ᠪᠠᠳᠮᠠᠴᠢᠮᠡᠭ᠂ ᠠᠳᠢᠶ᠎ᠠ ᠬᠤᠶᠠᠷ᠂ ᠰᠠᠶᠢᠬᠠᠨᠲᠠᠯ᠎ᠠ ᠰᠤᠮᠤᠨ ᠠᠴᠠ ᠬᠤᠩ ᠸᠧᠢ᠂ ᠮᠢᠭᠮᠠᠷ ᠬᠤᠶᠠᠷ᠂ ᠠᠳᠤᠭᠤᠨᠴᠢᠯᠠᠭᠤ ᠰᠤᠮᠤᠨ ᠠᠴᠠ ᠨᠠᠳᠠ  ᠲᠠᠢ ᠲᠠᠪᠤᠭᠤᠯᠠ ᠲᠡᠷᠡ ᠵᠢᠯ ︵1979 ᠣᠨ︶ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠠᠩᠬ᠎ᠠ ᠨᠢᠭᠡ ᠶᠢᠨ ᠨᠢᠭᠡ ᠳᠤ ᠣᠴᠢᠭᠰᠠᠨ ᠶᠤᠮ᠃ ᠲᠡᠷᠡ ᠦᠶ᠎ᠡ ᠳᠤ ᠵᠠᠮ ᠬᠠᠷᠢᠯᠴᠠᠭ᠎ᠠ ᠲᠤᠶᠢᠯ ᠤᠨ ᠳᠦᠭᠦᠮ ᠦᠭᠡᠢ᠃ ᠪᠢᠳᠡ ᠵᠤᠨ ᠤ ᠴᠠᠭ ᠲᠤ ᠪᠣᠯ ᠮᠣᠷᠢᠨ ᠲᠡᠷᠭᠡ ᠲᠠᠢ᠂ ᠡᠪᠦᠯ ᠤᠨ ᠡᠷᠡᠨ ᠳᠤ ᠪᠣᠯ ᠲᠡᠮᠡᠭᠡᠨ ᠲᠡᠷᠭᠡ ᠲᠠᠢ ᠬᠥᠳᠡᠭᠡ ᠭᠡᠷ ᠠᠴᠠ ᠪᠠᠨ ᠬᠤᠰᠢᠭᠤ ᠣᠷᠤᠨ᠎ᠠ᠃ ᠮᠠᠷᠭᠠᠰᠢ ᠨᠢ ᠨᠡᠶᠢᠲᠡ ᠶᠢᠨ ᠮᠠᠰᠢᠨ ᠲᠡᠷᠭᠡᠨ ᠳᠤ ᠰᠠᠭᠤᠵᠤ ᠮᠠᠨᠵᠤᠤᠷ ᠣᠷᠤᠨ᠎ᠠ᠃ ᠮᠠᠨᠵᠤᠤᠷ ᠲᠤ ᠨᠢᠭᠡ ᠬᠤᠨᠤᠭᠠᠳ ᠰᠠᠶ᠋ᠢ ᠭᠠᠯᠲᠤ ᠲᠡᠷᠭᠡᠨ ᠳᠤ ᠰᠠᠭᠤᠵᠤ ᠬᠠᠶᠢᠯᠠᠷ ᠲᠤ ᠣᠴᠢᠨ᠎ᠠ᠃ ᠲᠡᠶᠢᠮᠦ ᠠᠴᠠ ᠬᠠᠶᠢᠯᠠᠷ ᠬᠤᠲᠠ ᠭᠡᠳᠡᠭ ᠴᠢᠨᠢ ᠲᠡᠷᠡ ᠦᠶ᠎ᠡ ᠶᠢᠨ ᠬᠥᠮᠥᠰ ᠲᠤ ᠲᠣᠩ ᠬᠤᠯᠠ ᠪᠠᠶᠢᠭ᠎ᠠ ᠲᠣᠮᠤ ᠬᠤᠲᠠ ᠰᠢᠭ᠋ ᠰᠠᠨᠠᠭᠳᠠᠨ᠎ᠠ᠃     ᠪᠢ ᠠᠷᠪᠠᠨ ᠭᠤᠷᠪᠠ ᠬᠦᠷᠲᠡᠯ᠎ᠡ ᠬᠠᠶᠢᠯᠠᠷ ᠮᠠᠨᠵᠤᠤᠷ ᠭᠡᠳᠡᠭ ᠨᠡᠷ᠎ᠡ ᠶᠢ ᠰᠣᠨᠤᠰᠴᠤ ᠥᠩᠭᠡᠷᠡᠭᠰᠡᠨ ᠪᠣᠯᠪᠠᠴᠤ ᠣᠴᠢᠵᠤ ᠦᠵᠡᠭᠡ ᠦᠭᠡᠢ᠃ ᠬᠠᠶᠢᠯᠠᠷ ᠲᠠᠬᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠰᠤᠷᠤᠭᠴᠢ ᠪᠣᠯᠤᠨ᠎ᠠ ᠭᠡᠳᠡᠭ ᠴᠢᠨᠢ ᠬᠤᠷᠠᠭ᠎ᠠ ᠲᠤᠭᠤᠯ ᠤᠨ ᠪᠡᠯᠴᠢᠭᠡᠷ ᠠᠴᠠ ᠪᠠᠨ ᠬᠤᠯᠠᠳᠠᠵᠤ ᠦᠵᠡᠭᠡ ᠦᠭᠡᠢ ᠨᠠᠳᠠᠳᠤ ᠠᠪᠴᠤ ᠬᠡᠯᠡᠪᠡᠯ ᠲᠡᠭᠷᠢ ᠳᠤ ᠲᠤᠯᠤᠮ᠎ᠠ ᠪᠠᠶᠠᠷᠲᠠᠢ ᠶᠠᠪᠤᠳᠠᠯ᠃ ᠮᠠᠨ ᠤ ᠨᠤᠲᠤᠭ ᠤᠨ ᠬᠥᠮᠥᠰ᠂ ᠮᠢᠨᠦ ᠬᠠᠮᠲᠤ ᠨᠥᠬᠦᠳ ᠪᠦᠷ ᠨᠠᠮᠠᠢᠢ ᠬᠠᠶᠢᠯᠠᠷ ᠤᠨ ᠰᠤᠷᠭᠠᠭᠤᠯᠢ ᠳᠤ ᠰᠢᠯᠭᠠᠵᠤ ᠣᠷᠤᠯ᠎ᠠ ᠭᠡᠰᠡᠨ ᠢ ᠰᠣᠨᠤᠰᠤᠭᠠᠳ ᠪᠢᠰᠢᠷᠡᠨ ᠪᠠᠭ᠋ᠠᠲᠤᠵᠤ ᠵᠠᠷᠢᠮ ᠨᠢ ᠡᠵᠢ  ᠳᠤ ᠮᠢᠨᠢ᠄ ︽ᠴᠢ ᠡᠨᠡ ᠬᠡᠦᠬᠡᠨ ᠢ ᠲᠡᠵᠢᠭᠡᠭᠰᠡᠨ ᠪᠡᠨ᠎ᠡ ᠲᠠᠢ᠃ ᠬᠥᠮᠥᠨ ᠶᠡᠷᠦᠳᠡᠭᠡᠨ ᠬᠠᠮᠤᠭ ᠤᠨ ᠰᠠᠶᠢᠨ ᠬᠡᠦᠬᠡᠳ  ᠢᠶᠠᠨ ᠪᠤᠰᠤᠳ ᠲᠤ ᠲᠡᠵᠢᠭᠡᠯᠭᠡᠳᠡᠭ ᠭᠡᠨ᠎ᠡ ᠯᠠᠢ︾ ᠭᠡᠵᠤ ᠭᠡᠨ᠎ᠡ᠃ ᠲᠡᠷᠡ ᠦᠭᠡ ᠶᠢ ᠰᠣᠨᠤᠰᠤᠭᠠᠳ ᠮᠢᠨᠦ ᠵᠢᠷᠦᠬᠡ ᠬᠢᠲᠤᠭ᠎ᠠ ᠪᠠᠷ ᠵᠦᠰᠦᠭᠳᠡᠭᠰᠡᠨ ᠰᠢᠭ ᠡᠮᠵᠡᠭᠯᠡᠨ᠎ᠡ᠃ ᠲᠡᠭᠡᠬᠦ ᠲᠤᠰᠤᠮ ᠢᠶᠠᠨ ᠪᠢ᠄ ︽ᠪᠣᠣ ᠶᠠᠭᠠᠷᠠᠵᠤ ᠪᠠᠢ︕ ᠪᠢ ᠡᠵᠢ ᠶᠢᠨ ᠢᠶᠠᠨ ᠨᠢᠭᠤᠷ ᠢ ᠶᠠᠭᠠᠬᠢᠭᠰᠠᠨ ᠴᠦ ᠪᠠᠷᠠᠬᠤ ᠦᠭᠡᠢ ᠶᠤᠮ᠃ ᠲᠠᠨᠠᠷ ᠬᠠᠷᠠᠵᠤ ᠪᠠᠢ︕ ᠪᠢ ᠵᠠᠪᠠᠯ ᠰᠠᠶᠢᠨ ᠴᠢᠷᠮᠠᠶᠢᠨ᠎ᠠ︾ ᠭᠡᠵᠤ ᠳᠣᠲᠤᠷ᠎ᠠ ᠪᠠᠨ ᠰᠡᠮᠡᠭᠡᠷ ᠵᠣᠷᠢᠭ ᠰᠢᠭᠤᠳᠤᠨ᠎ᠠ᠃     ᠡᠵᠢ ᠲᠣᠩ ᠪᠠᠶᠠᠷᠲᠠᠢ︕ ᠠᠮᠢᠳᠤᠷᠠᠯ ᠳᠤ ᠪᠠᠨ ᠵᠣᠪᠠᠵᠤ ᠵᠦᠳᠡᠵᠦ ᠶᠠᠪᠤᠭᠰᠠᠨ ᠪᠣᠯᠪᠠᠴᠤ ᠥᠪᠡᠷ ᠢᠶᠠᠨ ᠰᠣᠶᠤᠯ ᠤᠨ ᠰᠣᠬᠤᠷ ᠪᠣᠯᠤᠭᠰᠠᠨ ᠳᠤ ᠪᠠᠨ ᠭᠡᠮᠰᠢᠵᠦ ᠨᠠᠮᠠᠢᠢ ᠵᠠᠪᠠᠯ ᠰᠠᠶᠢᠨ ᠰᠤᠷᠭᠠᠬᠤ ᠭᠡᠳ ᠴᠢᠷᠮᠠᠶᠢᠳᠠᠭ ᠪᠠᠶᠢᠭᠰᠠᠨ ᠨᠢ ᠲᠠᠯᠠᠭᠠᠷ ᠪᠣᠯᠤᠭᠰᠠᠨ ᠦᠭᠡᠢ ᠳᠤ ᠰᠡᠳᠬᠢᠯ ᠵᠢᠷᠦᠬᠡ ᠨᠢ ᠦᠨᠡᠨ ᠬᠦ ᠪᠠᠶᠠᠷ ᠵᠢᠷᠭᠠᠯ ᠢᠶᠠᠷ ᠳᠠᠭᠤᠯᠠᠨ᠎ᠠ᠃ ᠮᠠᠨ ᠤ ᠰᠤᠮᠤᠨ ᠤ ᠰᠤᠷᠭᠠᠭᠤᠯᠢ ᠠᠴᠠ ᠠᠩᠬ᠎ᠠ ᠤᠳᠠᠭ᠎ᠠ ᠪᠢ ᠬᠤᠲᠠ ᠶᠢᠨ ᠰᠤᠷᠭᠠᠭᠤᠯᠢ ᠳᠤ ᠰᠢᠯᠭᠠᠭᠳᠠᠨ ᠣᠷᠤᠵᠤ ᠪᠠᠶᠢᠭ᠎ᠠ ᠲᠤᠯᠠ ᠮᠠᠨ ᠤ ᠨᠥᠬᠦᠳ᠄ ︽ᠬᠠᠶᠢᠯᠠᠷ ᠬᠤᠲᠠ ᠭᠡᠳᠡᠭ ᠴᠢᠨᠢ ᠶᠡᠭᠡ ᠬᠤᠲᠠ ᠭᠡᠨ᠎ᠡ᠃ ᠲᠣᠩ ᠬᠤᠯᠠ ᠭᠡᠨ᠎ᠡ ᠰᠢᠦ᠃ ᠠᠶᠠᠷ ᠮᠠᠨᠵᠤᠤᠷ ᠬᠤᠲᠠ ᠪᠠᠷ ᠳᠠᠭᠠᠷᠢᠵᠤ ᠭᠠᠯ ᠲᠡᠷᠭᠡᠨ ᠳᠤ ᠰᠠᠭᠤᠭᠠᠳ ᠣᠴᠢᠨ᠎ᠠ ᠭᠡᠨ᠎ᠡ᠃ ᠭᠠᠯ ᠲᠡᠷᠭᠡ ᠭᠡᠳᠡᠭ ᠴᠢᠨᠢ ᠠᠶᠠᠭ᠎ᠠ ᠲᠠᠢ ᠴᠠᠢ ᠲᠠᠯᠪᠢᠬᠤ ᠳᠤ ᠴᠠᠯᠭᠢᠬᠤ ᠦᠭᠡᠢ ᠶᠠᠪᠤᠳᠠᠭ ᠭᠡᠨ᠎ᠡ ᠁︾ ᠭᠡᠵᠤ ᠲᠣᠮᠤᠴᠤᠤᠯ ᠠᠴᠠ ᠰᠣᠨᠤᠰᠤᠭᠰᠠᠨ ᠢᠶᠠᠨ ᠶᠠᠷᠢᠵᠤ ᠨᠠᠳᠠᠳᠤ ᠰᠡᠳᠬᠢᠯ ᠤᠨ ᠤᠷᠮ᠎ᠠ᠂ ᠢᠲᠡᠭᠡᠯ ᠤᠨ ᠬᠦᠴᠦ ᠥᠭᠭᠦᠨ᠎ᠡ ᠪᠢ ᠲᠡᠳᠡᠭᠡᠷ ᠶᠢᠰᠦᠨ ᠬᠦᠰᠡᠯ ᠪᠡᠶᠡᠯᠡᠬᠦ ᠶᠢᠨ ᠥᠯᠵᠡᠢ ᠳᠡᠮᠪᠡᠷᠢᠯ ᠪᠢᠯᠬᠠᠭᠰᠠᠨ ᠵᠦᠩᠨᠡᠯ ᠢ ᠬᠦᠷᠲᠡᠭᠰᠡᠭᠡᠷ ᠰᠤᠷᠭᠠᠭᠤᠯᠢ  ᠳᠤ ᠪᠠᠨ ᠶᠠᠪᠤᠯ᠎ᠠ᠃ ᠭᠠᠯᠲᠤ ᠲᠡᠷᠭᠡᠨ ᠳᠤ ᠦᠨᠡᠬᠡᠷ ᠠᠩᠬ᠎ᠠ ᠤᠳᠠᠭ᠎ᠠ ᠰᠠᠭᠤᠵᠤ ᠦᠵᠡᠪᠡ᠃ ᠬᠠᠶᠢᠯᠠᠷ ᠬᠤᠲᠠ ᠭᠡᠳᠡᠭ ᠴᠢᠨᠢ ᠦᠨᠡᠨ ᠴᠦ ᠲᠣᠮᠤ ᠬᠤᠲᠠ ᠶᠤᠮ ᠪᠠᠶᠢᠨ᠎ᠠ᠃ ᠭᠠᠯᠲᠤ ᠲᠡᠷᠭᠡᠨ ᠠᠴᠠ ᠪᠠᠭᠤᠬᠤ ᠳᠤ᠂ ᠡᠷᠡᠮᠡᠭ ᠪᠣᠷᠤᠯᠠᠭ ᠤᠨ ᠤᠰᠤᠨ ᠵᠢᠷᠤᠭ᠎ᠠ ᠰᠢᠭ᠋ ᠵᠢᠷᠢᠯᠵᠡᠭᠰᠡᠨ ᠬᠠᠲᠠᠷᠢᠶ᠎ᠠ ᠪᠠᠷ ᠵᠢᠷᠪᠢᠯᠵᠡᠨ ᠥᠩᠭᠡᠷᠡᠬᠦ ᠮᠠᠰᠢᠨ ᠮᠣᠲ᠋ᠤᠷ᠂ ᠳᠤᠭᠤᠢ ᠲᠠᠢ ᠬᠥᠮᠥᠰ ᠮᠢᠨᠦ ᠬᠠᠵᠠᠭᠤ ᠪᠠᠷ ᠰᠠᠯᠬᠢ ᠲᠠᠲᠠᠭᠤᠯᠤᠨ ᠵᠥᠷᠢᠨ᠎ᠡ᠃ ᠲᠡᠭᠦᠨ ᠤ ᠴᠠᠭᠠᠨ᠎ᠠ ᠨᠢ ᠣᠷᠤᠢ ᠶᠢ  ᠨᠢ ᠬᠠᠷᠠᠬᠤ ᠳᠤ ᠮᠠᠯᠠᠭᠠᠢ ᠤᠨᠠᠮᠠᠷ ᠥᠨᠳᠦᠷ ᠥᠨᠳᠦᠷ ᠠᠰᠠᠷ ᠲᠠᠭᠲᠤ ᠰᠦᠨᠳᠡᠷᠯᠡᠨ᠎ᠡ᠃ ᠪᠢ ᠲᠡᠳᠡᠭᠡᠷ ᠪᠦᠬᠦᠨ ᠢ ᠠᠮᠢᠳᠤᠷᠠᠯ ᠤᠨ ᠣᠴᠢ ᠣᠷᠭᠢᠨ ᠬᠠᠷᠠᠵᠤ ᠪᠠᠶᠢᠭ᠎ᠠ ᠨᠢᠳᠦ ᠪᠠᠷ ᠰᠣᠨᠢᠭᠤᠴᠢᠯᠠᠨ ᠬᠠᠷᠠᠬᠤ ᠳᠤ ᠰᠡᠳᠬᠢᠯ ᠤᠨ ᠳᠣᠲᠤᠷ᠎ᠠ ᠵᠤᠯᠠ ᠠᠰᠠᠬᠤ ᠰᠢᠭ᠋ ᠪᠣᠯᠤᠨ᠎ᠠ᠃ ᠦᠳᠡ ᠶᠢᠨ ᠬᠤᠶᠢᠨ᠎ᠠ ᠨᠢ ᠡᠵᠢ ᠨᠠᠳᠠᠳᠤ ᠪᠠᠭ᠎ᠠ ᠰᠠᠭ᠎ᠠ ᠵᠠᠷᠤᠳᠠᠯ ᠪᠠᠷᠢᠳᠠᠯ ᠠᠪᠴᠤ ᠥᠭᠬᠦ ᠭᠡᠳ ᠮᠠᠯᠴᠢᠳ ᠤᠨ ᠪᠠᠭᠤᠳᠠᠯ ᠤᠨ ᠵᠡᠭᠦᠨ ᠡᠮᠦᠨ᠎ᠡ ᠲᠠᠯ᠎ᠠ ᠳᠤ ᠪᠠᠶᠢᠭ᠎ᠠ ᠦᠨᠳᠦᠰᠦᠲᠡᠨ ᠤ ᠬᠤᠳᠠᠯᠳᠤᠭ᠎ᠠ ᠳᠤ ᠣᠴᠢᠬᠤ ᠪᠠᠷ ᠭᠠᠷᠤᠯ᠎ᠠ᠃ ᠥᠷᠭᠡᠨ ᠶᠡᠭᠡ ᠴᠠᠷᠳᠠᠮᠠᠯ ᠵᠠᠮ ᠢᠶᠠᠷ ᠮᠠᠰᠢᠨ ᠲᠡᠷᠭᠡ ᠳᠠᠪᠬᠢᠵᠤ ᠳᠤᠭᠤᠢ ᠲᠠᠢ ᠬᠥᠮᠥᠰ ᠰᠥᠯᠵᠢᠯᠳᠦᠨ᠎ᠡ᠃ ᠪᠢ ᠳᠡᠷᠡᠰᠦᠨ ᠤ ᠤᠵᠤᠭᠤᠷ ᠲᠤ ᠤᠨᠲᠠᠵᠤ ᠰᠦᠷᠦᠭ ᠠᠴᠠ ᠪᠠᠨ ᠲᠠᠰᠤᠷᠠᠵᠤ ᠬᠤᠴᠤᠷᠤᠭᠰᠠᠨ ᠬᠤᠷᠠᠭ᠎ᠠ ᠰᠢᠭ᠋ ᠪᠦᠯᠲᠡᠯᠵᠡᠵᠦ ᠶᠠᠭᠠᠬᠢᠵᠤ ᠵᠠᠮ ᠤᠨ ᠴᠠᠭᠠᠳᠤ ᠲᠠᠯ᠎ᠠ ᠳᠤ ᠭᠠᠷᠬᠤ ᠪᠠᠨ ᠣᠯᠬᠤ ᠦᠭᠡᠢ ᠰᠠᠨᠳᠤᠷᠤᠨ᠎ᠠ᠃ ᠲᠡᠭᠡᠵᠦ ᠪᠠᠶᠢᠭᠰᠠᠭᠠᠷ ᠦᠷᠭᠦᠭᠰᠡᠨ ᠵᠡᠭᠡᠷ᠎ᠡ ᠰᠢᠭ ᠤᠭᠯᠤ ᠦᠰᠦᠷᠦᠨ ᠭᠦᠶᠦᠬᠦ ᠲᠠᠢ ᠵᠡᠷᠭᠡ ᠳᠤᠭᠤᠢ ᠲᠠᠢ ᠬᠥᠮᠥᠨ ᠳᠤ ᠳᠠᠭᠠᠷᠢᠭᠳᠠᠵᠤ ᠲᠡᠷᠡᠶᠢᠲᠡᠯ᠎ᠡ ᠭᠠᠵᠠᠷ ᠡᠯᠢᠭᠡᠳᠡᠵᠦ ᠤᠨᠠᠪᠠ᠃ ᠬᠠᠷᠢᠨ ᠨᠠᠮᠠᠢᠢ ᠳᠠᠭᠠᠷᠢᠵᠤ ᠤᠨᠠᠭᠠᠭᠰᠠᠨ ᠥᠨᠥᠬᠢ ᠬᠥᠮᠥᠨ ᠮᠠᠨᠢ ᠡᠷᠭᠦᠵᠦ ᠪᠣᠰᠬᠠᠬᠤ ᠶᠢ ᠪᠣᠣ ᠬᠡᠯᠡ᠂ ᠴᠣᠬᠢᠮᠠᠷ ᠠᠭᠠᠰᠢᠯᠠᠵᠤ ᠬᠢᠲᠠᠳ ᠢᠶᠠᠷ ᠱᠣᠯᠤᠭᠠᠨᠠᠵᠤ ᠱᠣᠯᠤᠭᠠᠨᠠᠭᠠᠳ ᠴᠠᠭᠠᠰᠢ ᠶᠠᠪᠤᠪᠠ᠃ ᠪᠣᠳᠤᠬᠤ ᠳᠤ ᠬᠠᠷᠢᠶᠠᠭᠰᠠᠨ ᠯᠡ ᠪᠠᠶᠢᠬ᠎ᠠ᠃ ᠬᠥᠳᠡᠭᠡ ᠠᠴᠠ ᠳᠦᠩᠭᠡᠵᠢ ᠣᠴᠢᠭᠰᠠᠨ ᠪᠢ ᠶᠠᠮᠠᠷ ᠬᠢᠲᠠᠳ ᠦᠭᠡ ᠭᠦᠦᠷᠡᠬᠦ ᠪᠢᠰᠢ ᠳ᠋ᠠ᠃ ᠠᠶᠤᠵᠤ ᠰᠣᠴᠢᠬᠤ ᠳᠤ ᠪᠠᠨ ᠵᠥᠪᠬᠡᠨ ᠯᠡ ᠰᠢᠵᠠᠷᠠᠵᠤ ᠵᠤᠯᠭᠠᠷᠠᠭᠰᠠᠨ ᠭᠠᠷ ᠤᠨ ᠠᠯᠠᠭ᠎ᠠ ᠪᠠᠨ ᠨᠤᠬᠤᠯᠠᠵᠤ ᠡᠪᠦᠳᠦᠭ ᠢᠶᠠᠨ ᠪᠠᠷᠢᠨ᠎ᠠ᠃ ᠲᠡᠷᠡ ᠡᠪᠡᠳᠦᠭᠰᠡᠨ ᠭᠡᠵᠢ ᠡ︕ ᠣᠷᠤᠢ ᠨᠢ ᠡᠵᠢ ᠨᠠᠳᠠᠳᠤ᠄ ︽ᠮᠢᠨᠦ ᠬᠡᠦᠬᠡᠨ ᠵᠠᠮ ᠶᠠᠪᠤᠬᠤ ᠳᠤ ᠪᠠᠨ ᠬᠢᠴᠢᠶᠡᠬᠦ ᠶᠤᠮ ᠰᠢᠦ᠃ ᠪᠣᠣ ᠯᠡ ᠮᠠᠰᠢᠨ ᠮᠣᠲ᠋ᠤᠷ ᠲᠤ ᠳᠠᠭᠠᠷᠢᠭᠤᠯᠴᠢᠬ᠎ᠠ ᠳ᠋ᠠ᠃ ᠬᠤᠲᠠ ᠶᠢᠨ ᠭᠤᠲᠤᠮᠵᠢ ᠪᠠᠷ ᠶᠠᠪᠤᠬᠤ ᠳᠤ ᠪᠠᠨ ᠪᠠᠷᠠᠭᠤᠨ ᠮᠥᠷᠥ ᠪᠠᠨ ᠳᠠᠭᠠᠵᠤ ᠶᠠᠪᠤᠭᠠᠷᠠᠢ᠃ ᠵᠠᠮ ᠣᠭᠲᠤᠯᠬᠤ ᠳᠤ ᠪᠠᠨ ᠭᠦᠶᠦᠵᠦ ᠪᠣᠯᠬᠤ ᠦᠭᠡᠢ᠃ ᠭᠠᠭᠴᠠᠭᠠᠷ ᠢᠶᠠᠨ ᠪᠣᠣ ᠬᠤᠲᠠ ᠭᠠᠷᠤᠭᠠᠷᠠᠢ᠃ ᠬᠤᠲᠠ ᠭᠠᠷᠬᠤ ᠭᠡᠪᠡᠯ ᠣᠯᠠᠨ ᠨᠥᠬᠦᠳ ᠲᠠᠢ ᠪᠠᠨ ᠴᠤᠭ ᠶᠠᠪᠤ᠃ ᠁︾ ᠭᠡᠵᠤ ᠵᠠᠬᠢᠭᠰᠠᠨ ᠳᠡᠭᠡᠷ᠎ᠡ ᠨᠢ ᠵᠠᠬᠢᠨ᠎ᠠ᠃ ᠪᠠᠰᠠ᠄ ︽ᠴᠢ ᠦᠨᠡᠨ ᠯᠡ ᠡᠵᠢ ᠶᠢ ᠪᠠᠨ ᠰᠠᠨᠠᠳᠠᠭ ᠶᠤᠮ ᠪᠣᠯ ᠪᠢᠴᠢᠭ ᠢᠶᠠᠨ ᠰᠠᠶᠢᠨ ᠰᠤᠷᠤᠭᠠᠷᠠᠢ᠃ ᠴᠢ ᠰᠤᠷᠤᠯᠭ᠎ᠠ ᠳᠤ ᠪᠠᠨ ᠪᠤᠰᠤᠳ ᠠᠴᠠ ᠳᠣᠣᠭᠤᠷ ᠣᠷᠤᠬᠤ ᠦᠭᠡᠢ ᠶᠠᠪᠤᠪᠠᠯ ᠡᠵᠢ ᠶᠢ  ᠪᠠᠨ ᠰᠠᠨᠠᠵᠤ ᠪᠠᠶᠢᠨ᠎ᠠ ᠯᠡ ᠭᠡᠰᠡᠨ ᠦᠭᠡ︾ ᠭᠡᠵᠤ ᠡᠷᠴᠢ ᠶᠢ ᠨᠢ ᠴᠢᠩᠭᠠᠷᠠᠭᠤᠯᠵᠤ ᠦᠭᠡ ᠪᠠᠷ ᠲᠠᠰᠢᠭᠤᠷᠳᠠᠨ᠎ᠠ᠃ ᠮᠠᠷᠭᠠᠰᠢ ᠨᠢ ᠡᠵᠢ ᠨᠠᠮᠠᠢᠢ ᠰᠤᠷᠭᠠᠭᠤᠯᠢ ᠳᠤ ᠬᠦᠷᠭᠡᠵᠦ ᠪᠠᠶᠢᠷᠢ ᠳᠤ ᠰᠠᠭᠤᠯᠭᠠᠴᠢᠬᠠᠭᠠᠳ ᠥᠪᠡᠷ ᠢᠶᠠᠨ ᠭᠠᠯ ᠲᠡᠷᠭᠡ  ᠪᠠᠷ ᠪᠤᠴᠠᠪᠠ᠃ ᠲᠡᠭᠡᠬᠦ ᠳᠤ ᠪᠠᠨ ᠬᠠᠶᠢᠯᠠᠷ ᠠᠴᠠ ᠭᠠᠷᠤᠭᠠᠳ ᠴᠠᠭᠠᠨ ᠪᠠᠯᠭᠠᠰᠤ ᠬᠦᠷᠲᠡᠯ᠎ᠡ᠄ ︽ᠮᠢᠨᠦ ᠬᠡᠦᠬᠡᠨ ᠠᠯᠢ ᠪᠠᠶᠢᠰᠢᠩ ᠤᠨ ᠬᠢᠨᠢ ᠪᠤᠯᠤᠩ ᠳᠤ ᠵᠣᠭᠰᠤᠭᠠᠳ ᠤᠬᠢᠯᠠᠵᠤ ᠪᠠᠶᠢᠭ᠎ᠠ ᠪᠣᠯ︖ ᠥᠯᠥᠰᠴᠦ ᠪᠠᠶᠢᠭ᠎ᠠ ᠪᠣᠯ ᠦᠦ︖ ᠳᠠᠭᠠᠷᠠᠵᠤ ᠪᠡᠭᠡᠷᠡᠵᠦ ᠶᠠᠪᠤᠭ᠎ᠠ ᠪᠣᠯ ᠤᠤ︖︾ ᠭᠡᠵᠤ ᠪᠣᠳᠤᠨ ᠪᠣᠳᠤᠨ ᠤᠬᠢᠯᠠᠵᠤ ᠶᠠᠪᠤᠯ᠎ᠠ ᠭᠡᠵᠤ ᠬᠡᠵᠢᠶ᠎ᠡ ᠬᠤᠶᠢᠨ᠎ᠠ ᠪᠣᠯᠲᠠᠯ᠎ᠠ ᠬᠠᠭᠤᠴᠢᠯᠠᠳᠠᠭ ᠰᠠᠨ᠃ ᠪᠢ ᠢᠩᠭᠢᠵᠦ ᠯᠡ ᠬᠥᠮᠥᠨ ᠪᠣᠯᠤᠭᠰᠠᠨ ᠠᠴᠠ ᠬᠤᠶᠢᠰᠢ ᠠᠩᠬ᠎ᠠ ᠤᠳᠠᠭ᠎ᠠ ᠡᠵᠢ ᠠᠴᠠ ᠪᠠᠨ ᠰᠠᠯᠵᠤ ᠦᠵᠡᠭᠰᠡᠨ ᠶᠤᠮ᠃     ᠡᠵᠢ ᠪᠠᠨ ᠰᠠᠨᠠᠬᠤ ᠭᠡᠳᠡᠭ ᠬᠡᠴᠡᠭᠦᠦ᠃ ᠭᠠᠷᠠᠭ ᠤᠨ ᠡᠳᠦᠷ ᠪᠣᠯᠤᠭᠰᠠᠭᠠᠷ ᠬᠤᠪᠴᠠᠰᠤ ᠬᠤᠨᠠᠷ ᠢᠶᠠᠨ ᠤᠬᠢᠶᠠᠵᠤ ᠪᠠᠷᠠᠴᠢᠬᠠᠪᠠᠯ ᠶᠠᠮᠠᠷ ᠴᠦ ᠵᠣᠷᠢᠯᠭ᠎ᠠ ᠦᠭᠡᠢ ᠪᠠᠷ ᠬᠤᠲᠠ ᠶᠢᠨ ᠭᠤᠳᠤᠮᠵᠢ ᠪᠠᠷ ᠠᠯᠬᠤᠯᠠᠵᠤ ᠮᠣᠩᠭᠤᠯ ᠳᠡᠪᠡᠯ ᠲᠠᠢ ᠬᠥᠮᠥᠨ ᠢ ᠬᠠᠷᠠᠨ᠎ᠠ᠃ ᠮᠣᠩᠭᠤᠯ ᠳᠡᠪᠡᠯ ᠲᠠᠢ ᠬᠥᠮᠥᠨ ᠢ ᠬᠠᠷᠠᠭᠰᠠᠭᠠᠷ ᠳᠣᠲᠤᠷ᠎ᠠ ᠪᠠᠭ᠋ᠠᠨ ᠣᠩᠭᠤᠶᠢᠵᠤ ᠡᠨᠡ ᠪᠦᠰᠡᠭᠦᠢ ᠮᠢᠨᠦ ᠡᠵᠢ ᠪᠠᠶᠢᠭᠰᠠᠨ ᠪᠣᠯ ᠬᠡᠳᠦᠢ ᠰᠠᠶᠢᠬᠠᠨ ᠪᠣᠢ︖ ᠭᠦᠶᠦᠵᠦ ᠣᠴᠢᠭᠠᠳ ᠲᠡᠪᠡᠷᠢᠭᠡᠳ ᠠᠪᠬᠤ ᠰᠠᠨ ᠭᠡᠵᠤ ᠪᠣᠳᠤᠨ᠎ᠠ᠃ ᠲᠡᠭᠡᠵᠦ ᠪᠣᠳᠤᠵᠤ ᠲᠡᠷᠡ ᠮᠣᠩᠭᠤᠯ ᠳᠡᠪᠡᠯ ᠲᠠᠢ ᠬᠥᠮᠥᠨ ᠤ ᠬᠤᠶᠢᠨ᠎ᠠ ᠠᠴᠠ ᠳᠠᠭᠠᠭᠰᠠᠭᠠᠷ ᠮᠠᠯᠴᠢᠳ ᠤᠨ ᠪᠠᠭᠤᠳᠠᠯ ᠳᠤ ᠬᠦᠷᠦᠨ᠎ᠡ᠃ ᠲᠡᠷᠡ ᠲᠠᠨᠢᠬᠤ ᠦᠭᠡᠢ ᠬᠥᠮᠥᠨ ᠬᠡᠵᠢᠶ᠎ᠡ ᠬᠤᠳᠠᠯᠳᠤᠭ᠎ᠠ ᠪᠤᠶᠤ ᠪᠠᠭᠤᠳᠠᠯ  ᠳᠤ ᠣᠷᠤᠭᠠᠳ ᠪᠠᠷ᠎ᠠ ᠨᠢ ᠬᠠᠷᠠᠭᠳᠠᠬᠤ ᠦᠭᠡᠢ ᠪᠣᠯᠪᠠᠯ ᠪᠢ ᠡᠷᠭᠢᠵᠦ ᠰᠤᠷᠭᠠᠭᠤᠯᠢ ᠥᠭᠡᠳᠡ ᠪᠠᠨ ᠭᠦᠶᠦᠨ᠎ᠡ᠃ ᠪᠢ ᠢᠩᠭᠢᠵᠦ ᠯᠡ ᠠᠩᠬᠠᠨ ᠤ ᠬᠤᠭᠤᠴᠠᠭ᠎ᠠ ᠪᠠᠨ ᠥᠩᠭᠡᠷᠡᠭᠦᠯᠦᠭᠰᠡᠨ ᠰᠠᠨ᠃     ᠡᠪᠦᠯ ᠤᠨ ᠠᠮᠠᠷᠠᠯᠲᠠ ᠪᠣᠯᠵᠤ ᠮᠠᠨ ᠤ ᠰᠢᠨ᠎ᠡ ᠪᠠᠷᠭᠤ ᠪᠠᠷᠠᠭᠤᠨ ᠬᠤᠰᠢᠭᠤᠨ ᠤ ᠰᠤᠷᠤᠭᠴᠢᠳ ᠪᠦᠷ ᠭᠠᠯᠲᠤ ᠲᠡᠷᠭᠡᠨ ᠳᠤ ᠰᠠᠭᠤᠵᠤ ᠮᠠᠨᠵᠤᠤᠷ ᠣᠷᠤᠪᠠ᠃ ᠮᠠᠷᠭᠠᠰᠢ ᠨᠢ ᠬᠤᠰᠢᠭᠤ ᠣᠷᠤᠬᠤ ᠨᠡᠶᠢᠲᠡ ᠶᠢᠨ ᠮᠠᠰᠢᠨ ᠲᠡᠷᠭᠡᠨ ᠳᠤ ᠭᠠᠷᠬᠤ ᠭᠡᠰᠡᠨ ᠴᠢᠨᠢ ᠪᠢᠳᠡ ᠪᠢᠯᠧᠲ ᠣᠯᠤᠭᠰᠠᠨ ᠪᠠᠶᠢᠲᠠᠯ᠎ᠠ ᠰᠠᠭᠤᠳᠠᠯ ᠣᠯᠤᠭ᠎ᠠ ᠦᠭᠡᠢ᠃ ᠪᠠᠳᠮᠠᠴᠢᠮᠡᠭ᠂ ᠠᠳᠢᠶ᠎ᠠ ᠬᠤᠶᠠᠭᠤᠯᠠ ᠶᠢ ᠲᠤᠬᠠᠢ ᠶᠢᠨ ᠦᠶ᠎ᠡ ᠳᠤ ᠡᠷᠳᠡᠨᠢᠠᠭᠤᠯᠠ ᠰᠤᠮᠤᠨ ᠤ ᠡᠪᠯᠡᠯ ᠤᠨ ᠡᠭᠦᠷ ᠤᠨ ᠱᠦᠵᠢ ᠪᠠᠶᠢᠭᠰᠠᠨ ᠭᠦᠪᠡᠷᠢ ᠠᠬ᠎ᠠ ᠨᠢ ᠮᠠᠨᠵᠤᠤᠷ ᠠᠴᠠ ᠲᠣᠰᠴᠤ ᠠᠪᠠᠴᠢᠪᠠ᠃ ᠣᠳᠤ ᠮᠢᠭᠮᠠᠷ᠂ ᠬᠤᠩ ᠸᠧᠢ᠂ ᠪᠢᠳᠡ ᠭᠤᠷᠪᠠᠭᠤᠯᠠ ᠦᠯᠡᠳᠡᠪᠡ᠃ ᠬᠤᠩ ᠸᠧᠢ ᠶᠢᠨ ᠡᠭᠡᠴᠢ ᠨᠠᠷᠠ ᠨᠢ ᠨᠡᠶᠢᠲᠡ ᠶᠢᠨ ᠮᠠᠰᠢᠨ ᠲᠡᠷᠭᠡᠨ ᠤ ᠠᠷᠤ ᠶᠢᠨ ᠴᠣᠩᠬᠤ ᠪᠠᠷ ᠤᠷᠢᠳᠠᠪᠠᠷ ᠬᠤᠩ ᠸᠧᠢ ᠶᠢ ᠣᠷᠤᠭᠤᠯᠵᠤ ᠳᠠᠷᠠᠭ᠎ᠠ ᠨᠢ ᠮᠢᠭᠮᠠᠷ ᠢ ᠴᠢᠬᠢᠵᠦ᠂ ᠬᠠᠮᠤᠭ ᠤᠨ ᠰᠡᠭᠦᠯ ᠳᠤ ᠨᠠᠮᠠᠢᠢ ᠠᠷᠠᠢ ᠴᠢᠮᠠᠢ ᠴᠢᠬᠢᠵᠦ ᠣᠷᠤᠭᠤᠯᠪᠠ᠃ ᠪᠢᠳᠡ ᠭᠤᠷᠪᠠ ᠢᠩᠭᠢᠭᠡᠳ ᠮᠠᠨᠵᠤᠤᠷ ᠠᠴᠠ ᠬᠤᠰᠢᠭᠤ ᠬᠦᠷᠲᠡᠯ᠎ᠡ ᠥᠷᠥᠭᠡᠰᠦᠨ ᠬᠥᠯ ᠳᠡᠭᠡᠷ᠎ᠡ ᠪᠠᠨ ᠡᠭᠡᠯᠵᠢᠯᠡᠨ ᠵᠣᠭᠰᠤᠵᠤ ᠢᠷᠡᠭᠰᠡᠨ ᠶᠤᠮ᠃ ᠬᠤᠰᠢᠭᠤᠨ ᠳᠤ ᠬᠦᠷᠦᠭᠰᠡᠨ ᠤ ᠳᠠᠷᠠᠭ᠎ᠠ ᠬᠤᠩ ᠸᠧᠢ ᠶᠢᠨ ᠠᠬ᠎ᠠ ᠨᠢ ᠲᠡᠷᠭᠡᠨ ᠤ ᠥᠷᠲᠡᠭᠡᠨ ᠠᠴᠠ ᠲᠡᠭᠦᠨ ᠢ ᠲᠣᠰᠪᠠ᠃ ᠬᠤᠩ ᠸᠧᠢ ᠠᠬ᠎ᠠ ᠪᠠᠷ ᠢᠶᠠᠨ ᠪᠣᠭᠴᠤ  ᠪᠠᠨ ᠡᠭᠦᠷᠦᠭᠦᠯᠴᠢᠬᠡᠭᠡᠳ ᠳᠡᠷᠭᠡᠳᠡ ᠨᠢ ᠳᠡᠭᠳᠡᠭᠡᠭᠡᠢ ᠰᠢᠭ ᠵᠢᠭᠠᠬᠠᠨ ᠶᠠᠭᠤᠮ᠎ᠠ ᠳᠡᠭᠳᠡᠯᠵᠡᠭᠰᠡᠭᠡᠷ ᠪᠠᠷᠠᠭᠤᠨ ᠲᠠᠶᠢᠰᠢ ᠶᠠᠪᠤᠨ᠎ᠠ᠃ ᠮᠢᠭᠮᠠᠷ ᠬᠡᠵᠢᠶᠡᠨᠡᠢ ᠠᠯᠠᠭ᠎ᠠ ᠪᠣᠯᠪᠠ᠃ ᠪᠣᠳᠤᠬᠤ ᠳᠤ ᠪᠠᠰᠠ ᠲᠠᠨᠢᠯ ᠠᠶᠢᠯ ᠤᠨ ᠳᠤ ᠪᠠᠨ ᠣᠴᠢᠬᠤ ᠪᠠᠷ ᠶᠠᠪᠤᠭᠰᠠᠨ ᠪᠠᠶᠢᠬ᠎ᠠ︕  ᠪᠢ ᠬᠤᠶᠠᠷ ᠵᠢᠵᠢᠭ ᠪᠣᠭᠴᠤ ᠪᠠᠨ ᠡᠭᠦᠷᠴᠦ ᠪᠠᠷᠠᠭᠤᠨ ᠬᠤᠶᠢᠰᠢ ᠪᠠᠨ ᠰᠠᠯᠬᠢ ᠰᠦᠷᠦᠨ ᠠᠯᠬᠤᠯ᠎ᠠ᠃    ᠲᠡᠷᠡ ᠵᠢᠯ ᠤᠨ ᠡᠪᠦᠯ ᠴᠠᠰᠤ ᠵᠤᠵᠠᠭᠠᠨ᠃ ᠬᠦᠢᠲᠡᠨ ᠤ ᠡᠷᠴᠢ ᠵᠢᠭᠲᠡᠢ ᠶᠡᠭᠡ ᠴᠢᠩᠭᠠᠷᠠᠵᠤ ᠪᠠᠶᠢᠭᠰᠠᠨ ᠠᠴᠠ ᠬᠥᠳᠡᠭᠡ ᠭᠡᠷ ᠲᠡᠭᠡᠨ ᠶᠠᠪᠤᠬᠤ ᠤᠨᠤᠭ᠎ᠠ ᠬᠥᠰᠭᠡ ᠲᠠᠭᠠᠷᠠᠯᠳᠤᠬᠤ ᠦᠭᠡᠢ ᠬᠤᠰᠢᠭᠤᠨ ᠳᠤ ᠬᠡᠳᠦ ᠬᠤᠨᠤᠴᠢᠬᠠᠯ᠎ᠠ᠃ ᠢᠩᠭᠢᠵᠦ ᠪᠠᠶᠢᠲᠠᠯ᠎ᠠ ᠡᠵᠢ ᠨᠠᠮᠠᠢᠢ ᠠᠪᠠᠴᠢᠬᠤ ᠪᠠᠷ ᠲᠡᠮᠡᠭᠡᠨ ᠲᠡᠷᠭᠡ ᠲᠠᠢ ᠢᠷᠡᠪᠡ᠃ ᠪᠢᠳᠡ ᠬᠤᠶᠠᠷ ᠠᠮᠤ ᠪᠤᠳᠠᠭ᠎ᠠ᠂ ᠯᠠ᠂ ᠴᠦᠢᠳᠡᠩ ᠭᠡᠬᠦ ᠮᠡᠲᠦ ᠶᠢᠨ ᠠᠮᠢᠳᠤᠷᠠᠯ ᠤᠨ ᠬᠡᠷᠡᠭᠰᠡᠯ ᠬᠢᠭᠡᠳ ᠵᠢᠯ ᠰᠠᠷ᠎ᠠ ᠶᠢᠨ ᠶᠠᠭᠤᠮ᠎ᠠ ᠪᠠᠨ ᠵᠣᠭᠤᠰ ᠤᠨ  ᠢᠶᠠᠨ ᠬᠢᠷᠢ ᠪᠠᠷ ᠠᠪᠴᠢᠬᠠᠭᠠᠳ ᠥᠨᠳᠦᠷ ᠰᠢᠷ᠎ᠠ ᠮᠣᠳᠤᠨ ᠲᠡᠷᠭᠡᠨ ᠳᠡᠭᠡᠷ᠎ᠡ ᠪᠠᠨ ᠠᠴᠢᠵᠤ ᠲᠠᠲᠠᠯᠭ᠎ᠠ ᠪᠠᠷ ᠳᠠᠩᠭᠢᠨᠠᠲᠠᠯ᠎ᠠ ᠲᠠᠲᠠᠪᠠ᠃ ᠲᠡᠭᠡᠭᠡᠳ ᠡᠵᠢ ᠲᠡᠷᠭᠡᠨ ᠤ ᠪᠤᠷᠤᠭᠤ ᠲᠠᠯ᠎ᠠ ᠳᠤ ᠨᠠᠮᠠᠢᠢ ᠵᠤᠵᠠᠭᠠᠨ ᠭᠡᠭᠴᠢ ᠶᠢᠨ ᠨᠡᠬᠡᠢ ᠠᠷᠠᠰᠤᠨ ᠬᠥᠨᠵᠢᠯᠡ ᠪᠠᠷ ᠬᠤᠴᠢᠵᠤ ᠰᠠᠭᠤᠯᠭᠠᠭᠠᠳ ᠥᠪᠡᠷ ᠢᠶᠠᠨ ᠲᠡᠷᠭᠡᠨ ᠤ ᠵᠥᠪ ᠲᠠᠯ᠎ᠠ ᠶᠢᠨ ᠠᠷᠠᠯ ᠳᠤ ᠰᠠᠨᠳᠠᠶᠢᠯᠠᠨ ᠰᠠᠭᠤᠵᠤ ᠲᠡᠮᠡᠭᠡᠨ ᠲᠡᠷᠭᠡ ᠪᠠᠨ ᠭᠡᠯᠢᠨ᠎ᠡ᠃ ᠲᠡᠷᠭᠡᠨ ᠳᠤ ᠬᠥᠯᠯᠡᠭᠰᠡᠨ ᠰᠢᠷ᠎ᠠ ᠠᠳᠠ ᠡᠵᠢ ᠪᠢᠳᠡ ᠬᠤᠶᠠᠷ ᠢ ᠪᠠᠰᠤᠮᠵᠢᠯᠠᠵᠤ ᠳᠤᠷ᠎ᠠ ᠲᠠᠢ ᠳᠤᠷ᠎ᠠ ᠦᠭᠡᠢ ᠠᠯᠬᠤᠯᠠᠨ᠎ᠠ᠃ ᠪᠦᠳᠦᠭᠦᠨ ᠭᠡᠭᠴᠢ ᠶᠢᠨ ᠬᠠᠨ᠎ᠠ ᠶᠢᠨ ᠮᠣᠳᠤᠨ  ᠤ ᠬᠤᠭᠤᠷᠬᠠᠢ ᠪᠠᠷ ᠠᠷᠤ ᠬᠤᠨᠳᠤᠯᠠᠢ ᠳᠡᠭᠡᠭᠦᠷ ᠨᠢ ᠬᠠᠶᠠ ᠨᠢᠭᠡ ᠴᠢᠨᠡᠭᠡ ᠮᠡᠳᠡᠨ ᠴᠣᠬᠢᠬᠤ ᠳᠤ ᠵᠢᠭᠠᠬᠠᠨ ᠬᠤᠷᠲᠤᠯᠠᠬᠤ ᠰᠢᠭ᠋ ᠪᠣᠯᠤᠭᠰᠠᠨ ᠢᠶᠠᠨ ᠬᠡᠳᠦ ᠪᠤᠶᠢᠯᠠᠭᠠᠳ ᠤᠭ ᠤᠨ ᠬᠡᠪ ᠲᠡᠭᠡᠨ ᠠᠯᠬᠤᠯᠠᠴᠢᠬᠠᠨ᠎ᠠ᠃ ᠢᠩᠭᠢᠵᠦ ᠴᠠᠰᠤᠲᠤ ᠲᠠᠯ᠎ᠠ ᠶᠢᠨ ᠳᠤᠮᠳᠠᠭᠤᠷ ᠪᠠᠷᠤᠭ ᠶᠣᠭᠤᠬᠤ ᠰᠢᠬᠠᠭᠤ ᠶᠠᠪᠤᠭᠰᠠᠭᠠᠷ ᠳᠦᠩᠭᠡᠵᠢ ᠪᠠᠶᠠᠨ ᠬᠤᠭᠤᠯᠠᠢ ᠥᠩᠭᠡᠷᠡᠲᠡᠯ᠎ᠡ ᠲᠡᠷᠡ — ᠬᠤᠶᠢᠨ᠎ᠠ ᠳᠡᠷᠡᠰᠦᠨ ᠤ ᠨᠥᠮᠦᠷᠢ ᠳᠤ ᠠᠷᠪᠠᠭᠠᠳ ᠳᠡᠮᠡᠭᠡᠳ ᠪᠠᠶᠢᠵᠤ ᠳᠤᠮᠳᠠ ᠨᠢ ᠳᠤᠩᠭᠢᠷ ᠴᠠᠭᠠᠨ ᠲᠣᠯᠤᠭᠠᠢ ᠲᠠᠢ᠂ ᠤᠯᠠᠭᠠᠨ ᠲᠤᠭ ᠲᠠᠢ ᠨᠢᠭᠡ ᠲᠡᠮᠡᠭᠡ ᠣᠶᠢᠷ᠎ᠠ ᠣᠷᠴᠢᠮ ᠤᠨ ᠬᠡᠳᠦᠨ ᠲᠡᠮᠡᠭᠡ  ᠪᠠᠨ ᠬᠥᠭᠡᠭᠡᠵᠦ ᠬᠤᠷᠢᠶᠠᠭᠠᠳ ᠪᠢᠳᠡᠨ ᠤ ᠵᠦᠭ ᠬᠠᠨᠳᠤᠵᠤ ᠰᠢᠯᠢ ᠪᠠᠨ ᠪᠠᠶᠢᠨ ᠳᠠᠬᠢᠨ ᠰᠢᠯᠭᠡᠭᠡᠵᠦ ᠰᠢᠪᠠᠵᠤ ᠵᠣᠭᠰᠤᠨ᠎ᠠ᠃ ᠲᠡᠷᠡ ᠰᠦᠷᠲᠡᠢ ᠭᠡᠵᠢ ᠡ︕ ᠪᠢ᠄ ︽ᠡᠵᠢ ᠡ︕ ᠲᠡᠷᠡ ᠬᠤᠶᠢᠨ᠎ᠠ ᠠᠷᠪᠠᠭᠠᠳ ᠲᠡᠮᠡᠭᠡ ᠪᠠᠶᠢᠨ᠎ᠠ ᠃ ᠳᠤᠮᠳᠠ ᠨᠢ ᠨᠢᠭᠡ ᠤᠯᠠᠭᠠᠨ ᠲᠤᠭ ᠲᠠᠢ ᠲᠡᠮᠡᠭᠡ ᠪᠠᠶᠢᠨ᠎ᠠ᠃ ᠶᠠᠭᠠᠬᠢᠭᠠᠳ ᠡᠨᠡ ᠲᠡᠮᠡᠭᠡᠨ ᠳᠤ ᠤᠯᠠᠭᠠᠨ ᠲᠤᠭ ᠵᠡᠭᠦᠯᠭᠡᠵᠦ ᠪᠠᠶᠢᠭ᠎ᠠ ᠶᠤᠮ︖︾ ᠭᠡᠵᠤ ᠠᠰᠠᠭᠤᠪᠠ᠃ ᠡᠵᠢ᠄ ︽ᠳᠤᠭᠤᠢ ᠪᠠᠢ︕ ᠡᠯᠢᠶ᠎ᠡ ᠲᠠᠢ ᠪᠤᠤᠷ᠎ᠠ ᠪᠠᠶᠢᠨ᠎ᠠ᠃ ᠪᠤᠤᠷ᠎ᠠ ᠣᠷᠤᠭ᠎ᠠ ᠨᠢ ᠣᠷᠤᠪᠠᠯ ᠬᠡᠴᠡᠭᠦᠷᠡᠵᠦ ᠳᠣᠭᠰᠢᠷᠠᠳᠠᠭ ᠶᠤᠮ᠃ ᠪᠠᠷᠤᠭ ᠯᠡ ᠷᠠᠰᠢᠶᠠᠨ ᠲᠠᠯᠠᠪᠠᠢ ᠶᠢᠨ ᠪᠤᠤᠷ᠎ᠠ ᠪᠠᠶᠢᠬ᠎ᠠ︾ ᠭᠡᠰᠡᠨ ᠢᠶᠠᠨ ᠲᠡᠮᠡᠭᠡ ᠪᠠᠨ ᠴᠣᠬᠢᠭᠰᠠᠨ ᠳᠡᠭᠡᠷ᠎ᠡ ᠨᠢ ᠴᠣᠬᠢᠵᠤ ᠬᠤᠷᠲᠤᠯᠠᠭᠤᠯᠤᠨ᠎ᠠ᠃ ᠰᠢᠷ᠎ᠠ ᠠᠲᠠ ᠴᠦ ᠬᠤᠯᠠ ᠶᠢᠨ ᠪᠠᠷ᠎ᠠ ᠬᠠᠷᠠᠭᠰᠠᠨ ᠪᠣᠯᠤᠯᠲᠠᠢ᠃ ᠰᠠᠶ᠋ᠢ ᠶᠢᠨ ᠲᠡᠷᠡ ᠪᠢᠳᠡᠨ ᠢ ᠪᠠᠰᠤᠮᠵᠢᠯᠠᠵᠤ ᠪᠠᠶᠢᠭᠰᠠᠨ ᠳᠦᠷᠢ ᠨᠢ ᠣᠷᠤ ᠮᠥᠷ ᠦᠭᠡᠢ ᠠᠷᠢᠯᠵᠤ ᠴᠢᠨᠡᠭᠡ ᠮᠡᠳᠡᠨ ᠲᠠᠰᠢᠨ᠎ᠡ᠃ ᠢᠩᠭᠢᠵᠦ ᠪᠠᠶᠢᠲᠠᠯ᠎ᠠ ᠥᠨᠥᠬᠢ ᠲᠤᠭ ᠲᠠᠢ ᠪᠤᠤᠷ᠎ᠠ ᠠᠷᠪᠠᠭᠠᠳ ᠲᠡᠮᠡᠭᠡ ᠪᠠᠨ ᠬᠤᠶᠢᠯᠠᠷᠠᠲᠠᠯ᠎ᠠ ᠬᠤᠷᠢᠶᠠᠵᠤ ᠪᠠᠶᠢᠭᠰᠠᠨ ᠢᠶᠠᠨ ᠬᠦᠵᠦᠭᠦᠦ ᠪᠠᠨ ᠰᠤᠩᠭᠠᠵᠤ ᠪᠢᠳᠡᠨ ᠤ ᠥᠭᠡᠳᠡ ᠭᠦᠶᠦᠵᠦ ᠢᠷᠡᠪᠡ᠃ ᠲᠡᠷᠭᠡᠨ ᠳᠤ ᠬᠥᠯᠯᠡᠭᠰᠡᠨ ᠰᠢᠷ᠎ᠠ ᠠᠲᠠ ᠴᠦ ᠲᠡᠭᠦᠨ ᠤ ᠪᠠᠷ᠎ᠠ ᠪᠠᠷ ᠰᠦᠨᠡᠰᠦ ᠪᠠᠨ ᠵᠠᠶᠢᠯᠠᠲᠠᠯ᠎ᠠ ᠠᠶᠤᠵᠤ᠂ ᠴᠠᠰᠤ ᠮᠥᠰᠦ᠂ ᠪᠣᠳᠠ ᠳᠡᠷᠡᠰᠦᠨ ᠤ ᠳᠡᠭᠡᠭᠦᠷ ᠠᠮᠢ ᠲᠡᠮᠡᠴᠡᠨ ᠴᠣᠭᠭᠢᠨ᠎ᠠ᠃ ᠥᠨᠥᠬᠢ ᠪᠤᠤᠷ᠎ᠠ ᠶᠢᠨ ᠴᠡᠭᠡᠵᠢ ᠨᠢ ᠬᠥᠩᠭᠢᠨᠡᠵᠦ᠂ ᠰᠢᠳᠦ ᠪᠠᠨ ᠲᠠᠴᠢᠭᠢᠨᠠᠲᠠᠯ᠎ᠠ ᠬᠠᠪᠢᠷᠴᠤ᠂ ᠬᠥᠭᠡᠷᠦᠬᠦᠢ ᠰᠢᠷ᠎ᠠ ᠠᠲᠠ ᠲᠠᠢ ᠮᠢᠨᠢ ᠦᠰᠢᠶ᠎ᠡ ᠲᠠᠢ ᠶᠤᠮᠰᠢᠭ ᠵᠣᠭᠲᠤᠷ ᠠᠴᠠ ᠨᠢ ᠠᠪᠤᠮᠠᠷ ᠠᠪᠤᠮᠠᠷ ᠨᠥᠷᠢᠨ ᠲᠡᠰᠢᠨ᠎ᠡ᠃ ᠥᠨᠳᠦᠷ ᠰᠢᠷ᠎ᠠ ᠮᠣᠳᠤᠨ ᠲᠡᠷᠭᠡ ᠮᠢᠨᠢ ᠠᠳᠡ ᠲᠡᠨᠳᠡ ᠪᠠᠯᠪᠠᠷᠠᠮᠠᠷ ᠰᠠᠵᠢᠯᠠᠭᠳᠠᠵᠤ ᠳᠡᠭᠡᠷ᠎ᠡ ᠨᠢ ᠰᠠᠭᠤᠭᠰᠠᠨ ᠡᠵᠢ ᠪᠢᠳᠡ ᠬᠤᠶᠠᠷ ᠲᠣᠭᠲᠠᠵᠤ ᠶᠠᠳᠠᠨ᠎ᠠ᠃ ᠪᠢ ᠤᠬᠠᠭ᠎ᠠ ᠠᠯᠳᠠᠲᠠᠯ᠎ᠠ ᠠᠶᠤᠵᠤ ᠠᠴᠢᠶᠠᠨ ᠤ ᠲᠠᠲᠠᠯᠭ᠎ᠠ ᠠᠴᠠ ᠠᠮᠢ ᠲᠡᠮᠡᠴᠡᠨ ᠵᠠᠭᠤᠷᠠᠨ᠎ᠠ᠃ ᠡᠵᠢ᠄ ︽ᠪᠤᠷᠬᠠᠨ ᠡ︕ ᠪᠣᠭᠳᠠ ᠠᠭᠤᠯᠠ ᠮᠢᠨᠢ ᠠᠪᠤᠷᠠᠯ ᠳᠤ ᠪᠠᠨ ᠪᠠᠭᠳᠠᠭ᠎ᠠ︕ ᠶᠠᠮᠠᠷ ᠴᠦ ᠨᠢᠭᠦᠯ ᠦᠭᠡᠢ ᠤᠯᠠᠭᠠᠨ ᠨᠢᠯᠬ᠎ᠠ ᠦᠷ᠎ᠠ ᠶᠢ ᠮᠢᠨᠢ ᠥᠷᠦᠰᠢᠶᠡᠵᠦ ᠬᠠᠶᠢᠷᠠᠯᠠ︕ ᠶᠡᠭᠡ ᠬᠠᠶᠢᠷᠬᠠᠨ ᠡ︕︾ ᠭᠡᠵᠤ ᠵᠠᠯᠪᠠᠷᠢᠭᠰᠠᠨ ᠳᠡᠭᠡᠷ᠎ᠡ  ᠨᠢ ᠵᠠᠯᠪᠠᠷᠢᠵᠤ ᠵᠢᠯᠣᠭᠤᠨ ᠠᠴᠠ ᠪᠠᠨ ᠴᠢᠩᠭ᠎ᠠ ᠪᠠᠷᠢᠨ᠎ᠠ᠃ ᠰᠢᠷᠦᠭᠦᠨ ᠲᠡᠮᠡᠴᠡᠭᠡᠨ ᠬᠠᠭᠠᠰ ᠴᠠᠭ ᠬᠢᠷᠢᠲᠡᠢ ᠦᠷᠭᠦᠯᠵᠢᠯᠡᠵᠦ ᠥᠨᠥᠬᠢ ᠠᠭᠤᠷ ᠲᠠᠭᠠᠨ ᠰᠢᠲᠠᠵᠤ ᠵᠡᠪᠡᠭᠦᠦ ᠨᠢ ᠬᠥᠷᠥᠭᠰᠡᠨ ᠪᠤᠤᠷ᠎ᠠ ᠡᠵᠢ ᠶᠢᠨ ᠵᠠᠯᠪᠠᠷᠢᠨ ᠳᠠᠭᠠᠳᠬᠠᠬᠤ ᠳᠤ ᠤᠶᠠᠷᠠᠭᠰᠠᠨ ᠶᠤᠮ ᠤᠤ︕ ᠦᠨᠡᠨ ᠴᠦ ᠪᠣᠭᠳᠠ ᠠᠭᠤᠯᠠ ᠬᠠᠷᠠᠭᠰᠠᠨ ᠶᠤᠮ ᠤᠤ᠂ ᠲᠣᠯᠤᠭᠠᠢ ᠳᠦᠭᠦᠷᠡᠩ ᠬᠥᠭᠡᠰᠦ ᠰᠠᠭᠭᠠᠭᠤᠯᠤᠨ ᠰᠢᠳᠦ ᠪᠠᠨ ᠲᠠᠴᠢᠭᠢᠨᠠᠲᠠᠯ᠎ᠠ ᠬᠠᠪᠢᠷᠤᠭᠰᠠᠭᠠᠷ ᠬᠤᠴᠤᠷᠪᠠ᠃ ︽ᠠᠷᠰᠯᠠᠨ ᠠᠴᠠ ᠠᠶᠤᠭᠰᠠᠨ ᠪᠠᠮᠪᠠᠷ ᠠᠷᠪᠠᠨ ᠵᠢᠯ ᠪᠠᠭᠠᠰᠤ ᠠᠯᠳᠠᠨ᠎ᠠ︾ ᠭᠡᠳᠡᠭᠴᠢᠯᠡᠨ ᠪᠤᠤᠷ᠎ᠠ ᠠᠴᠠ ᠤᠬᠠᠭᠠᠨ ᠦᠭᠡᠢ ᠠᠶᠤᠭᠰᠠᠨ ᠰᠢᠷ᠎ᠠ ᠠᠲᠠ ᠮᠢᠨᠢ ᠬᠡᠰᠡᠭ ᠵᠠᠭᠤᠷ᠎ᠠ ᠬᠤᠷᠳᠤᠯᠠᠨ ᠶᠠᠪᠤᠭᠰᠠᠭᠠᠷ ᠠᠮᠢᠰᠬᠤᠭ᠎ᠠ ᠨᠢ ᠰᠦᠢᠯᠡᠭᠯᠡᠵᠦ ᠤᠰᠤᠨ ᠬᠤᠯᠤᠭᠠᠨ᠎ᠠ ᠪᠣᠯᠲᠠᠯ᠎ᠠ ᠬᠦᠯᠦᠷᠡᠭᠰᠡᠨ ᠢᠶᠠᠨ ᠠᠭᠠᠵᠢᠮ ᠢᠶᠠᠷ ᠤᠳᠠᠭᠠᠰᠢᠷᠠᠪᠠ᠃ ᠡᠵᠢ᠄ ︽ᠬᠥᠭᠡᠷᠦᠬᠦᠢ ᠮᠠᠭᠤ ᠲᠡᠮᠡᠭᠡ ᠮᠢᠨᠢ︕ ᠥᠭᠡᠭᠦᠨ ᠴᠢᠯᠠᠭᠤ ᠰᠢᠭ᠋ ᠰᠠᠶᠢᠬᠠᠨ ᠠᠮᠢᠲᠠᠨ ᠳ᠋ᠠ︕ ᠡᠷᠯᠢᠭ ᠲᠠᠢ ᠪᠠᠨ ᠤᠴᠠᠷᠠᠭᠰᠠᠨ ᠶᠤᠮ ᠴᠢᠨᠢ ᠤᠬᠠᠭ᠎ᠠ ᠨᠢ ᠭᠠᠷᠬᠤ ᠦᠭᠡᠢ ᠶᠠᠭᠠᠬᠢᠬᠤ ᠪᠣᠢ︾ ᠭᠡᠵᠤ ᠲᠡᠮᠡᠭᠡ ᠪᠠᠨ ᠥᠷᠥ ᠡᠪᠡᠳᠦᠨ᠎ᠡ᠃ ᠤᠬᠠᠭᠠᠨ ᠲᠠᠢ ᠨᠢ ᠤᠬᠠᠭᠠᠨ ᠦᠭᠡᠢ ᠪᠠᠨ᠂ ᠬᠦᠴᠦ ᠲᠠᠢ ᠨᠢ ᠬᠦᠴᠦ ᠦᠭᠡᠢ ᠪᠠᠨ ᠡᠵᠡᠷᠬᠡᠶᠢᠯᠡᠭᠰᠡᠨ ᠡᠨᠡ ᠣᠷᠴᠢᠯᠠᠩ ᠳᠤ ᠡᠬᠡ ᠬᠥᠮᠥᠨ ᠤ ᠰᠡᠳᠬᠢᠯ ᠠᠴᠠ ᠣᠨᠳᠤᠤ ᠬᠠᠮᠤᠭ ᠤᠨ ᠠᠭᠤᠤ ᠶᠡᠭᠡ ᠶᠠᠭᠤᠮ᠎ᠠ ᠬᠠᠮᠢᠭ᠎ᠠ ᠪᠠᠶᠢᠬᠤ ᠪᠣᠢ ᠳ᠋ᠠ︕ ᠬᠠᠮᠤᠭ ᠤᠨ ᠵᠠᠩᠭᠢᠯᠠᠭ᠎ᠠ ᠶᠢᠨ ᠦᠶ᠎ᠡ ᠳᠤ᠂ ᠦᠭᠦᠵᠦ ᠰᠡᠬᠡᠬᠦ ᠶᠢᠨ ᠳᠠᠪᠠᠭᠠᠨ ᠳᠡᠭᠡᠷ᠎ᠡ ᠴᠦ ᠭᠡᠰᠡᠨ ᠥᠪᠡᠷ ᠢ ᠪᠠᠨ ᠤᠮᠠᠷᠲᠠᠵᠤ ᠦᠷ᠎ᠡ ᠶᠢᠨ ᠢᠶᠠᠨ ᠲᠥᠯᠥᠭᠡ ᠭᠡᠰᠡᠨ ᠬᠥᠯ ᠦᠭᠡᠢ ᠶᠡᠭᠡ ᠬᠠᠶᠢᠷ᠎ᠠ ᠶᠢᠨ ᠰᠡᠳᠬᠢᠯ ᠨᠢ ᠡᠬᠡ ᠬᠥᠮᠥᠨ ᠤ ᠥᠷᠥ ᠵᠢᠷᠦᠬᠡᠨ ᠠᠴᠠ ᠢᠩᠭᠢᠵᠦ ᠯᠡ ᠤᠷᠤᠰᠤᠨ ᠤᠨᠳᠤᠷᠳᠠᠭ ᠪᠠᠶᠢᠵᠠᠢ ᠳ᠋ᠠ᠃   ᠰᠠᠶ᠋ᠢ ᠶᠢᠨ ᠲᠡᠷᠡ ᠠᠶᠤᠮᠰᠢᠭᠲᠤ ᠪᠠᠶᠢᠳᠠᠯ ᠠᠷᠢᠯᠵᠤ᠂ ᠡᠵᠢ ᠪᠢᠳᠡ ᠬᠤᠶᠠᠭᠤᠯᠠ ᠲᠡᠮᠡᠭᠡᠨ ᠤ ᠪᠠᠨ ᠵᠦᠩ ᠢᠶᠠᠷ ᠵᠣᠭᠳᠤᠷ ᠬᠥᠳᠡᠯᠭᠡᠨ ᠶᠠᠪᠤᠨ᠎ᠠ᠃ ᠡᠵᠢ᠄ ︽ᠮᠢᠨᠦ ᠬᠦᠦ ᠡ︕ ᠣᠷᠴᠢᠯᠠᠩ ᠠᠭᠤᠵᠢᠮ᠂ ᠠᠮᠢᠳᠤᠷᠠᠯ ᠬᠠᠲᠠᠭᠤ ᠭᠡᠳᠡᠭ ᠢ ᠮᠢᠨᠦ ᠬᠡᠦᠬᠡᠨ ᠵᠢᠭᠠᠬᠠᠨ ᠶᠤᠮ ᠴᠢᠨᠢ ᠶᠠᠭᠠᠬᠢᠵᠤ ᠮᠡᠳᠡᠬᠦ ᠪᠣᠢ ᠳ᠋ᠠ᠃ ᠲᠡᠭᠡᠭᠰᠡᠨ ᠴᠦ ᠮᠢᠨᠦ ᠬᠡᠦᠬᠡᠨ ᠶᠠᠮᠠᠷ ᠴᠦ ᠶᠠᠭᠤᠮᠠᠨ ᠳᠤ ᠪᠢᠲᠡᠭᠡᠢ ᠯᠡ ᠠᠮᠠ ᠠᠯᠳᠠᠭᠠᠷᠠᠢ᠃ ᠬᠥᠮᠥᠨ ᠠᠮᠢᠲᠠᠨ ᠤ ᠡᠮᠵᠡᠭ ᠢᠶᠠᠷ ᠣᠷᠤᠯᠳᠤᠵᠤ᠂ ᠳᠣᠭᠤᠭᠢᠯᠠᠵᠤ᠂ ᠳᠣᠷᠤᠮᠵᠢᠯᠠᠵᠤ ᠨᠡᠩ ᠪᠣᠯᠳᠠᠭ ᠦᠭᠡᠢ ᠶᠤᠮ ᠰᠢᠦ︾ ᠭᠡᠰᠡᠨ ᠢᠶᠠᠨ ᠨᠠᠳᠠ ᠳᠤ ᠡᠶᠢᠮᠦ ᠨᠢᠭᠡᠨ ᠦᠯᠢᠭᠡᠷ ᠶᠠᠷᠢᠵᠤ ᠥᠭᠭᠦᠭᠰᠡᠨ ᠶᠤᠮ᠃ ︽ᠡᠷᠲᠡ ᠤᠷᠢᠳᠤ ᠶᠢᠨ ᠴᠠᠭ ᠲᠤ ᠨᠢᠭᠡ ᠠᠶᠢᠯ ᠭᠠᠭᠴᠠ ᠬᠡᠦᠬᠡᠨ ᠲᠠᠢ ᠶᠤᠮ ᠭᠡᠨ᠎ᠡ᠃ ᠨᠢᠭᠡ ᠡᠳᠦᠷ ᠲᠡᠷᠡ ᠠᠶᠢᠯ  ᠤᠨ ᠡᠵᠡᠨ ᠨᠢ ᠬᠥᠳᠡᠭᠡ ᠠᠴᠠ ᠦᠬᠦᠬᠦ ᠶᠢ ᠰᠢᠬᠠᠭᠰᠠᠨ ᠥᠨᠥᠴᠢᠨ ᠪᠣᠳᠤᠭᠤ ᠣᠯᠵᠤ ᠠᠪᠴᠢᠷᠠᠵᠤ ᠭᠡᠨ᠎ᠡ᠃ ᠭᠡᠷ  ᠤᠨ ᠡᠵᠡᠨ ᠡᠬᠡᠨᠡᠷ ᠲᠠᠢ ᠪᠠᠨ ᠥᠨᠥᠬᠢ ᠥᠨᠦᠴᠢᠨ ᠪᠣᠲᠤᠭᠤ ᠶᠢ ᠲᠡᠵᠢᠭᠡᠵᠦ ᠤᠨᠳᠤᠷᠤᠭᠤᠯᠬᠤ ᠭᠡᠵᠤ ᠴᠢᠷᠮᠠᠶᠢᠵᠤ ᠭᠡᠨ᠎ᠡ᠃ ᠭᠡᠬᠦ ᠳᠤ ᠭᠠᠭᠴᠠ ᠬᠡᠦᠬᠡᠨ ᠨᠢ ᠡᠨᠡ ᠥᠨᠥᠴᠢᠨ ᠪᠣᠲᠤᠭᠤ ᠶᠢ ᠶᠠᠭᠤᠮᠠᠨ ᠳᠤ ᠦᠵᠡᠬᠦ ᠦᠭᠡᠢ᠃ ︿ᠠᠢ︕ ᠴᠢᠨᠦ ᠪᠤᠤᠷ᠎ᠠ ᠪᠣᠯᠵᠤ ᠮᠢᠨᠦ ᠬᠥᠮᠥᠨ ᠳᠤ ᠣᠴᠢᠬᠤ ᠭᠡᠭᠴᠢ ᠮᠥᠨ ᠴᠦ ᠬᠤᠯᠠ ᠯᠡ ᠪᠠᠶᠢᠨ᠎ᠠ ᠳ᠋ᠠ﹀ ᠭᠡᠵᠤ ᠪᠠᠰᠤᠮᠵᠢᠯᠠᠨ ᠬᠡᠯᠡᠵᠦ ᠭᠡᠨ᠎ᠡ᠃ ᠲᠡᠭᠡᠭᠡᠳ ᠨᠢᠭᠡ ᠮᠡᠳᠡᠬᠦ ᠳᠤ᠂ ᠬᠡᠦᠬᠡᠨ ᠲᠣᠮᠤ ᠪᠣᠯᠵᠤ ᠬᠠᠷᠢ ᠳᠤ ᠮᠣᠷᠳᠠᠵᠠᠢ᠃ ᠬᠠᠷᠢ ᠳᠤ ᠮᠣᠷᠳᠠᠭᠰᠠᠨ ᠬᠡᠦᠬᠡᠨ ᠰᠠᠷ᠎ᠠ ᠶᠢᠨ ᠠᠶᠢᠯᠴᠢᠯᠠᠯᠲᠠ ᠬᠢᠵᠦ ᠭᠡᠷ ᠲᠡᠭᠡᠨ ᠢᠷᠡᠬᠦ ᠵᠠᠮ ᠵᠠᠭᠤᠷ᠎ᠠ ᠨᠢ ᠥᠨᠥᠬᠢ ᠦᠨᠦᠴᠢᠨ ᠪᠣᠲᠤᠭᠤ ᠨᠢ ᠪᠤᠤᠷ᠎ᠠ ᠪᠣᠯᠤᠭᠠᠳ ᠣᠷᠤᠭ᠎ᠠ ᠨᠢ ᠣᠷᠤᠭᠠᠳ ᠲᠣᠭᠰᠢᠷᠠᠵᠤ ᠪᠠᠶᠢᠬᠤ ᠲᠠᠢ ᠳᠠᠭᠠᠷᠠᠴᠢᠬᠠᠵᠤ ᠭᠡᠨ᠎ᠡ᠃ ᠲᠡᠭᠡᠭᠡᠳ ᠲᠡᠷᠡ ᠬᠡᠦᠬᠡᠨ ᠢ ᠳᠠᠷᠤᠭᠠᠳ ᠠᠯᠠᠴᠢᠬᠠᠵᠤ ᠭᠡᠨ᠎ᠡ᠃ ᠲᠡᠭᠡᠬᠦᠯᠡᠷ ᠠᠮᠠ ᠠᠯᠳᠠᠪᠠᠯ ᠪᠠᠷᠢᠵᠤ ᠪᠣᠯᠬᠤ ᠦᠭᠡᠢ᠂ ᠠᠭᠳᠠ ᠠᠯᠳᠠᠪᠠᠯ ᠪᠠᠷᠢᠵᠤ ᠪᠣᠯᠤᠨ᠎ᠠ ᠭᠡᠳᠡᠭ ᠪᠢᠰᠢᠦ︖ ᠡᠭᠦᠨ ᠢ ᠯᠡ ᠬᠡᠯᠡᠨ᠎ᠡ ᠳ᠋ᠠ᠃  ᠮᠢᠨᠦ ᠬᠡᠦᠬᠡᠨ ᠡ︕ ᠵᠢᠷᠭᠠᠬᠤ ᠦᠶ᠎ᠡ ᠳᠤ ᠰᠡᠷᠡᠮᠵᠢ᠂ ᠵᠣᠪᠠᠭ᠋ᠤ ᠦᠶ᠎ᠡ ᠳᠤ ᠬᠠᠲᠠᠭᠤᠵᠢᠯ ᠬᠡᠷᠡᠭ ᠲᠠᠢ ᠶᠤᠮ ᠰᠢᠦ︕ ᠁︾ ᠭᠡᠵᠤ ᠶᠠᠷᠢᠭᠰᠠᠨ ᠢᠶᠠᠨ ᠵᠠᠯᠭᠠᠭᠠᠳ᠄ ︽ᠡᠷᠲᠡ ᠦᠶ᠎ᠡ ᠳᠤ ᠪᠠᠰᠠ ᠨᠢᠭᠡ ᠠᠶᠢᠯ ᠤᠨ ᠬᠡᠦᠬᠡᠨ ᠲᠡᠵᠢᠭᠡᠪᠦᠷᠢ ᠪᠣᠳᠤᠭᠤ ᠪᠠᠷ ᠢᠶᠠᠨ ᠡᠳᠦᠷ ᠪᠦᠷᠢ ᠨᠠᠭᠠᠳᠳᠠᠭ ᠭᠡᠨ᠎ᠡ᠃ ᠨᠢᠭᠡ ᠡᠳᠦᠷ ᠭᠡᠨᠡᠳᠲᠡᠬᠡᠨ ᠲᠡᠵᠢᠭᠡᠪᠦᠷᠢ ᠪᠣᠳᠤᠭᠤ ᠶᠢᠨ  ᠢᠶᠠᠨ ᠳᠡᠭᠡᠳᠦ ᠤᠷᠤᠭᠤᠯ ᠨᠢ ᠰᠡᠲᠡᠷᠬᠡᠢ ᠶᠢ ᠣᠯᠤᠭᠠᠳ ᠦᠵᠡᠴᠢᠬᠡᠵᠡᠢ ᠭᠡᠨ᠎ᠡ᠃ ᠥᠨᠥ ᠬᠡᠦᠬᠡᠨ ᠤᠨᠠᠨ ᠪᠣᠰᠤᠨ ᠶᠡᠭᠡ ᠪᠠᠷ ᠢᠨᠢᠶᠡᠵᠦ ᠲᠡᠵᠢᠭᠡᠪᠦᠷᠢ ᠪᠣᠲᠤᠭᠤ ᠪᠠᠨ ᠰᠡᠲᠡᠷᠭᠡᠢ ᠤᠷᠤᠭᠤᠯ ᠲᠠᠢ ᠭᠡᠵᠤ ᠳᠣᠭᠤᠭᠢᠯᠠᠵᠤ ᠭᠡᠨ᠎ᠡ᠃ ᠰᠡᠭᠦᠯᠡᠷ ᠨᠢ ᠥᠨᠥ ᠬᠡᠦᠬᠡᠨ ᠨᠠᠰᠤ ᠭᠦᠢᠴᠡᠭᠡᠳ ᠬᠠᠷᠢ ᠳᠤ ᠮᠣᠷᠳᠠᠵᠠᠢ᠃ ᠶᠠᠭ ᠥᠨᠥ ᠲᠡᠵᠢᠭᠡᠪᠦᠷᠢ ᠪᠣᠲᠤᠭᠤ ᠲᠠᠢ  ᠨᠢ ᠢᠵᠢᠯᠢᠬᠡᠨ ᠰᠡᠲᠡᠷᠬᠡᠢ ᠤᠷᠤᠭᠤᠯ ᠲᠠᠢ ᠬᠡᠦᠬᠡᠳ ᠲᠠᠢ ᠪᠣᠯᠤᠭᠰᠠᠨ ᠭᠡᠨ᠎ᠡ᠃ ᠲᠡᠭᠡᠭᠡᠳ ᠲᠡᠷᠡ ᠡᠮᠡᠭᠲᠡᠢ᠂ ᠬᠥᠭᠡᠷᠦᠬᠦᠢ ᠲᠡᠷᠡ ᠲᠡᠵᠢᠭᠡᠪᠦᠷᠢ ᠪᠣᠲᠤᠭᠤ ᠶᠢ ᠦᠷᠭᠦᠯᠵᠢ ᠳᠣᠷᠤᠮᠵᠢᠯᠠᠵᠤ ᠳᠣᠭᠤᠭᠢᠯᠠᠭᠰᠠᠨ ᠠᠴᠠ ᠪᠣᠯᠤᠯ᠎ᠠ ᠭᠡᠵᠤ ᠮᠡᠳᠡᠷᠡᠭᠡᠳ ᠶᠡᠭᠡ ᠪᠠᠷ ᠭᠡᠮᠰᠢᠵᠡᠢ ᠭᠡᠨ᠎ᠡ᠃ ᠲᠡᠮᠡᠭᠡ ᠭᠡᠳᠡᠭ ᠠᠮᠢᠲᠠᠨ ᠦᠨᠡᠨ ᠬᠥᠭᠡᠷᠦᠬᠦᠢ ᠶᠤᠮ ᠰᠢᠦ᠃ ᠳᠥᠷᠥᠯᠬᠢ ᠳᠡᠭᠡᠳᠦ ᠤᠷᠤᠭᠤᠯ ᠨᠢ ᠰᠡᠲᠡᠷᠬᠡᠢ ᠪᠠᠶᠢᠳᠠᠭ ᠶᠤᠮ ᠁︾ ᠡᠵᠢ ᠳᠠᠭᠠᠷᠠᠭᠰᠠᠨ ᠪᠣᠯᠤᠯᠲᠠᠢ᠃ ᠲᠡᠷᠭᠡᠨ ᠠᠴᠠ ᠪᠠᠨ ᠪᠠᠭᠤᠵᠤ ᠲᠡᠮᠡᠭᠡ ᠪᠠᠨ ᠬᠥᠲᠥᠯᠵᠦ ᠠᠯᠬᠤᠨ᠎ᠠ᠃ ᠮᠢᠨᠦ ᠬᠡᠦᠬᠡᠨ ᠳᠠᠭᠠᠷᠠᠵᠤ ᠪᠠᠶᠢᠪᠠᠯ ᠵᠢᠭᠠᠬᠠᠨ ᠭᠦᠶᠦᠭᠡᠳ ᠠᠪ᠃ ᠲᠡᠭᠡᠪᠡᠯ ᠤᠳᠠᠬᠤ ᠦᠭᠡᠢ ᠳᠤᠯᠠᠭᠠᠴᠠᠨ᠎ᠠ ᠭᠡᠨ᠎ᠡ᠃ ᠪᠢ ᠲᠡᠷᠭᠡᠨ ᠤ ᠪᠤᠷᠤᠭᠤ ᠲᠠᠯ᠎ᠠ ᠪᠠᠷ ᠭᠤᠯᠭᠤᠷᠢᠨ ᠪᠠᠭᠤᠵᠤ ᠡᠵᠢ ᠶᠢᠨ ᠢᠶᠠᠨ ᠳᠡᠷᠭᠡᠳᠡ ᠭᠦᠶᠦᠨ ᠣᠴᠢᠪᠠ᠃ ᠲᠡᠷᠭᠡᠨ ᠤ ᠴᠠᠷᠢᠭ᠂ ᠰᠢᠨ᠎ᠡ ᠴᠠᠰᠤᠨ ᠳᠤ ᠬᠢᠬᠤᠨᠠᠬᠤ ᠳᠠᠭᠤᠨ ᠬᠤᠶᠠᠷ ᠴᠠᠰᠤᠲᠤ ᠲᠠᠯ᠎ᠠ ᠳᠤ ᠴᠤᠤᠷᠢᠶᠠᠯᠠᠵᠤ ᠴᠢᠬᠢᠨ ᠳᠤ ᠤᠶᠠᠩᠭᠠᠷᠠᠨ᠎ᠠ᠃ ᠡᠪᠦᠯ ᠤᠨ ᠡᠷᠡᠨ ᠳᠤ ᠥᠰᠦᠲᠡᠢ ᠳᠡᠪᠡᠯ ᠲᠠᠢ᠂ ᠢᠰᠡᠭᠡᠢ ᠭᠤᠲᠤᠯ ᠲᠠᠢ ᠴᠠᠰᠤᠨ ᠳᠤᠮᠳᠠᠭᠤᠷ ᠠᠯᠬᠤᠨ᠎ᠠ ᠭᠡᠳᠡᠭ ᠶᠠᠭᠤᠲᠠᠢ ᠬᠦᠴᠢᠷ ᠠᠵᠠᠢ᠃ ᠡᠵᠢ ᠶᠠᠷᠢᠨ᠎ᠠ ᠁ ᠥᠷᠥ ᠵᠢᠷᠦᠬᠡᠨ ᠤ ᠬᠢᠨᠢ ᠬᠠᠶᠢᠷ᠎ᠠ ᠤᠨᠳᠤᠷᠤᠨ᠎ᠠ ᠁ ᠪᠢ ᠡᠵᠢ ᠶᠢᠨ ᠬᠠᠷᠠᠭ᠎ᠠ ᠦᠭᠡᠢ ᠬᠤᠭᠤᠷᠤᠨᠳᠤ ᠡᠷᠭᠢᠨ ᠡᠷᠭᠢᠨ ᠰᠢᠷ᠎ᠠ ᠠᠲᠠ ᠶᠢᠨ ᠢᠶᠠᠨ ᠤᠷᠤᠭᠤᠯ ᠢ ᠨᠢ ᠰᠢᠨᠵᠢᠨ᠎ᠡ᠃ ᠁ ᠳᠠᠭᠠᠷᠠᠵᠤ ᠪᠡᠭᠡᠷᠡᠭᠡᠳ ᠬᠥᠯᠳᠡᠬᠦ ᠰᠢᠬᠠᠭᠰᠠᠨ ᠪᠦᠬᠦ ᠪᠡᠶ᠎ᠡ ᠮᠢᠨᠢ ᠳᠤᠯᠠᠭᠠᠴᠠᠵᠤ ᠢᠷᠡᠬᠦ ᠳᠤ ᠶᠠᠭᠤ ᠶᠠᠭᠤ ᠦᠭᠡᠢ ᠬᠤᠶᠠᠷ ᠬᠥᠯ ᠮᠢᠨᠢ ᠬᠥᠰᠢᠯᠳᠦᠵᠦ ᠡᠬᠢᠯᠡᠪᠡ᠃ ᠡᠵᠢ ᠦᠰᠦ ᠶᠢ ᠮᠢᠨᠢ ᠢᠯᠢᠵᠦ ᠵᠤᠯᠠᠢ ᠳᠡᠭᠡᠷ᠎ᠡ ᠦᠨᠦᠷᠯᠡᠨ ᠦᠨᠦᠷᠯᠡᠨ ᠦᠨᠦᠰᠦᠭᠰᠡᠨ ᠢᠶᠠᠨ ᠮᠢᠨᠦ ᠮᠠᠯᠠᠭᠠᠢ ᠶᠢᠨ ᠪᠦᠴᠡ ᠶᠢ ᠵᠠᠰᠠᠵᠤ ᠪᠦᠴᠡᠯᠡᠭᠡᠳ ᠲᠡᠷᠭᠡᠨ ᠳᠡᠭᠡᠷ᠎ᠡ ᠰᠠᠭᠤᠯᠭᠠᠪᠠ᠃ ᠁    ᠡᠵᠢ ᠪᠢᠳᠡ ᠬᠤᠶᠠᠷ ᠢᠩᠭᠢᠵᠦ ᠶᠠᠪᠤᠭᠰᠠᠭᠠᠷ ᠬᠥᠬᠡ ᠮᠠᠩᠨᠤᠭ ᠰᠢᠭ᠋ ᠲᠡᠭᠷᠢ ᠶᠢᠨ ᠣᠳᠤᠳ ᠣᠷᠤᠢ ᠳᠡᠭᠡᠷ᠎ᠡ  ᠠᠴᠠ ᠤᠨᠠᠴᠢᠬᠠᠮᠠᠷ ᠭᠢᠯᠠᠯᠵᠠᠵᠤ ᠪᠠᠶᠢᠬᠤ ᠦᠶ᠎ᠡ ᠳᠤ ᠭᠡᠷ ᠲᠡᠭᠡᠨ ᠬᠥᠷᠥᠭᠰᠡᠨ ᠶᠤᠮ᠃ ᠲᠡᠷᠡ ᠦᠶ᠎ᠡ ᠳᠤ ᠮᠠᠨ ᠤ ᠬᠢ ᠴᠢᠪᠠᠭᠠᠨᠴᠠ ᠶᠢᠨ ᠬᠠᠳᠠᠨ ᠤ ᠳᠡᠷᠭᠡᠳᠡ ᠡᠪᠦᠯᠵᠢᠵᠦ ᠪᠠᠶᠢᠯ᠎ᠠ᠃    ᠬᠡᠳᠦᠨ ᠡᠳᠦᠷ ᠤᠨ ᠳᠠᠷᠠᠭ᠎ᠠ ᠮᠢᠨᠦ ᠪᠠᠭ᠎ᠠ ᠰᠤᠷᠭᠠᠭᠤᠯᠢ ᠶᠢᠨ ᠬᠠᠮᠲᠤ ᠰᠤᠷᠤᠭᠴᠢ ᠠᠢ ᠮᠢᠨ ᠨᠠᠮᠠᠢᠢ ᠢᠷᠡᠯ᠎ᠡ ᠭᠡᠵᠤ ᠰᠣᠨᠣᠰᠤᠭᠠᠳ ᠮᠠᠨ ᠤ ᠳᠤ ᠬᠦᠷᠴᠦ ᠢᠷᠡᠪᠡ᠃ ᠠᠢ ᠮᠢᠨ ᠨᠠᠮᠠᠢᠢ ᠬᠠᠷᠠᠩᠭᠤᠲᠠ ᠪᠦᠳᠦᠭᠦᠨ ᠪᠦᠳᠦᠭᠦᠨ ᠨᠢᠯᠪᠤᠰᠤ ᠪᠥᠮᠪᠦᠷᠢᠭᠦᠯᠦᠨ ᠲᠡᠪᠡᠷᠢᠨ ᠠᠪᠤᠪᠠ᠃ ᠪᠢ ᠴᠦ ᠠᠢ ᠮᠢᠨ ᠤ ᠤᠬᠢᠯᠠᠬᠤ ᠶᠢ ᠬᠠᠷᠠᠭᠠᠳ ᠲᠡᠰᠦᠭᠰᠡᠨ ᠦᠭᠡᠢ ᠃ ᠬᠠᠮᠠᠷ ᠤᠨ ᠦᠵᠦᠭᠦᠷ ᠨᠢᠭᠡ ᠯᠡ ᠭᠠᠰᠢᠭᠤᠨ ᠱᠠᠷᠭᠢᠷᠠᠵᠤ ᠤᠷᠤᠭᠤᠯ ᠥᠮᠥᠯᠵᠡᠨ ᠨᠢᠳᠦᠨ ᠳᠤ ᠶᠠᠭᠤ ᠶᠠᠭᠤ ᠦᠭᠡᠢ ᠨᠢᠯᠪᠤᠰᠤ ᠪᠦᠷᠭᠦᠪᠡ᠃ ᠪᠢᠳᠡ ᠬᠤᠶᠠᠷ ᠪᠡᠶ᠎ᠡ ᠪᠡᠶ᠎ᠡ ᠪᠠᠨ ᠳᠠᠩᠴᠤ ᠶᠡᠭᠡ ᠰᠠᠨᠠᠭᠰᠠᠨ ᠪᠠᠶᠢᠵᠠᠢ᠃ ᠠᠢ ᠮᠢᠨ᠄ ︽ᠴᠢ ᠬᠠᠶᠢᠯᠠᠷ ᠲᠤ ᠶᠠᠪᠤᠴᠢᠬᠠᠯ᠎ᠠ᠃ ᠮᠠᠨ ᠤ ᠠᠩᠭᠢ ᠶᠢᠨ ᠪᠠᠯᠠᠮ᠎ᠠ᠂ ᠪᠠᠭᠠᠲᠤᠷ᠂ ᠪᠣᠣ ᠭᠦᠸᠧ᠂ ᠬᠤᠪᠢᠰᠬᠠᠯᠲᠤ᠂ ᠰᠢᠦ ᠵᠧᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠳᠤ ᠰᠢᠯᠭᠠᠵᠤ ᠣᠷᠤᠪᠠ᠃ ᠦᠯᠡᠳᠡᠭᠰᠡᠨ ᠨᠢ ᠠᠳᠤᠭᠤᠨᠴᠢᠯᠠᠭᠤ ᠰᠤᠷᠭᠠᠭᠤᠯᠢ ᠶᠢᠨ ᠢᠶᠠᠨ ᠠᠩᠬ᠎ᠠ ᠨᠢᠭᠡᠳᠦᠭᠡᠷ ᠣᠨ ᠳᠤ ᠬᠢᠴᠢᠶᠡᠯᠯᠡᠵᠦ ᠪᠠᠶᠢᠨ᠎ᠠ᠃ ᠨᠠᠨᠳᠢᠨ ᠪᠠᠭᠰᠢ ᠮᠠᠨ ᠤ ᠠᠩᠭᠢ ᠶᠢᠨ ᠡᠷᠬᠢᠯᠡᠭᠴᠢ ᠪᠣᠯᠤᠭᠰᠠᠨ᠃ ᠨᠠ᠊ ᠪᠠᠭᠰᠢ ᠰᠤᠷᠭᠠᠭᠤᠯᠢ ᠲᠠᠷᠬᠠᠬᠤ ᠶᠢᠨ ᠯᠡ ᠡᠮᠦᠨᠡᠬᠡᠨ ᠴᠢᠨᠦ ᠶᠠᠪᠤᠭᠤᠯᠤᠭᠰᠠᠨ ᠵᠠᠬᠢᠳᠠᠯ ᠢ ᠣᠯᠵᠤ ᠠᠪᠤᠭᠠᠳ ᠮᠠᠨ ᠤ ᠠᠩᠭᠢ ᠶᠢᠨ ᠪᠥᠬᠦ ᠨᠥᠬᠦᠳ ᠲᠤ ᠤᠩᠰᠢᠵᠤ ᠥᠭᠭᠦᠭᠰᠡᠨ᠃ ᠲᠡᠭᠡᠭᠡᠳ ᠴᠢᠮ᠎ᠠ ᠶᠢ ᠶᠡᠭᠡ ᠯᠡ ᠮᠠᠭᠲᠠᠵᠤ ᠪᠠᠶᠢᠭᠰᠠᠨ᠃ ᠪᠢᠳᠡᠨ ᠢ ᠴᠢᠮ᠎ᠠ ᠲᠠᠢ ᠠᠳᠠᠯᠢ ᠰᠠᠶᠢᠨ ᠰᠤᠷ ᠭᠡᠰᠡᠨ᠃ ᠨᠠ᠊ ᠪᠠᠭᠰᠢ ᠪᠠᠰᠠ ᠴᠢᠨᠦ ᠬᠠᠶ᠋ᠢᠭ ᠢ ᠰᠠᠮᠪᠠᠷ᠎ᠠ ᠳᠡᠭᠡᠷ᠎ᠡ ᠬᠢᠲᠠᠳ ᠢᠶᠠᠷ ᠪᠢᠴᠢᠵᠦ ᠥᠭᠭᠦᠭᠡᠳ ᠪᠢᠳᠡᠨ ᠢ ᠴᠢᠮ᠎ᠠ ᠳᠤ ᠵᠠᠬᠢᠳᠠᠯ ᠶᠠᠪᠤᠭᠤᠯ ᠭᠡᠰᠡᠨ᠃ ᠮᠠᠨ ᠤ ᠠᠩᠭᠢ ᠶᠢᠨ ᠪᠦᠬᠦ ᠨᠥᠬᠦᠳ ᠴᠢᠮ᠎ᠠ ᠳᠤ ᠪᠦᠷ ᠪᠠᠶᠠᠷᠯᠠᠵᠤ ᠪᠠᠶᠢᠭᠰᠠᠨ᠃ ᠣᠷᠭᠢᠯ᠂ ᠲᠤᠶᠠᠭ᠎ᠠ᠂ ᠰᠣᠶᠤᠯᠮ᠎ᠠ ᠨᠠᠷ ᠴᠢᠮ᠎ᠠ ᠳᠤ ᠵᠠᠬᠢᠳᠠᠯ ᠪᠢᠴᠢᠨ᠎ᠡ ᠯᠡ ᠭᠡᠵᠤ ᠶᠠᠷᠢᠵᠤ ᠪᠠᠶᠢᠭᠰᠠᠨ ᠳ᠋ᠠ ᠁︾ ᠭᠡᠬᠦ ᠮᠡᠲᠦ ᠪᠠᠷ ᠠᠯᠢ ᠪᠠᠶᠢᠭᠰᠠᠨ ᠢᠶᠠᠨ ᠶᠠᠷᠢᠨ᠎ᠠ᠃ ᠪᠢ ᠴᠦ ᠬᠤᠲᠠ ᠶᠢᠨ ᠰᠤᠷᠭᠠᠭᠤᠯᠢ ᠶᠢᠨ ᠪᠠᠶᠢᠳᠠᠯ ᠢᠶᠠᠨ ᠶᠠᠷᠢᠨ᠎ᠠ᠃ ᠁ ᠦᠨᠡᠬᠡᠷ ᠳᠠᠷᠠᠭ᠎ᠠ ᠬᠤᠭᠤᠴᠠᠭ᠎ᠠ ᠨᠢ ᠰᠤᠷᠭᠠᠭᠤᠯᠢ ᠳᠤ ᠪᠠᠨ ᠣᠴᠢᠬᠤ ᠳᠤ ᠵᠠᠬᠢᠳᠠᠯ ᠭᠡᠭᠴᠢ ᠨᠢ ᠴᠠᠰᠤᠨ ᠯᠠᠪᠰᠠ ᠰᠢᠭ᠋ ᠬᠤᠶᠢᠨ᠎ᠠ ᠬᠤᠶᠢᠨ᠎ᠠ ᠠᠴᠠ ᠪᠠᠨ ᠨᠠᠳᠠᠳᠤ ᠬᠦᠷᠴᠦ ᠢᠷᠡᠪᠡ᠃ ᠪᠦᠷ ᠯᠡ ᠮᠢᠨᠦ ᠪᠠᠭ᠎ᠠ ᠰᠤᠷᠭᠠᠭᠤᠯᠢ ᠶᠢᠨ ᠡᠮᠡᠭᠲᠡᠢ ᠬᠠᠮᠲᠤ ᠰᠤᠷᠤᠭᠴᠢᠳ ᠤᠨ ᠵᠠᠬᠢᠳᠠᠯ ᠪᠠᠶᠢᠯ᠎ᠠ᠃ ᠲᠡᠳᠡᠨ ᠤ ᠠᠰᠪᠤᠷᠢ ᠴᠠᠭᠠᠪᠤᠷ᠂ ᠦᠨᠡᠨᠴᠢ ᠬᠥᠭᠡᠷᠦᠬᠦᠨ ᠦᠭᠡᠰ ᠨᠢ ᠨᠠᠮᠠᠢᠢ ᠤᠷᠮᠠᠰᠢᠭᠤᠯᠤᠨ ᠵᠣᠷᠢᠭᠵᠢᠭᠤᠯᠵᠤ ᠬᠡᠮᠵᠢᠶᠡᠯᠡᠰᠢ ᠦᠭᠡᠢ ᠬᠥᠭᠰᠡᠭᠦᠯᠦᠨ ᠵᠢᠷᠭᠠᠭᠤᠯᠵᠤ ᠪᠠᠶᠢᠪᠠ᠃ ᠭᠡᠪᠡᠴᠦ ᠡᠨᠡ ᠪᠠᠶᠠᠷ ᠵᠢᠷᠭᠠᠯ ᠤᠳᠠᠭᠠᠨ ᠪᠠᠶᠢᠵᠤ ᠴᠢᠳᠠᠭᠰᠠᠨ ᠦᠭᠡᠢ᠃ ᠬᠠᠷᠢᠨ ᠠᠩᠭᠢ ᠶᠢᠨ ᠡᠷᠭᠢᠯᠡᠭᠴᠢ ᠸᠠᠩ ᠭᠦᠢ ᠯᠠᠨ ᠪᠠᠭᠰᠢ ᠮᠢᠨᠢ ᠠᠩᠭᠢ ᠶᠢᠨ ᠬᠤᠷᠠᠯ ᠳᠡᠭᠡᠷ᠎ᠡ᠄ ︽ᠳᠤᠯᠭᠠᠷ ᠲᠤ ᠣᠯᠠᠨ ᠵᠠᠬᠢᠳᠠᠯ ᠢᠷᠡᠵᠦ ᠪᠠᠶᠢᠨ᠎ᠠ᠃ ᠰᠤᠷᠤᠭᠴᠢ ᠬᠥᠮᠥᠨ ᠪᠠᠶᠢᠵᠤ ᠪᠠᠶᠢᠭᠠᠳ ᠶᠠᠮᠠᠷ ᠯᠡ ᠬᠥᠮᠥᠨ ᠲᠠᠢ ᠵᠠᠬᠢᠳᠠᠯ ᠨᠡᠪᠲᠡᠷᠡᠯᠴᠡᠵᠦ ᠪᠠᠶᠢᠬᠤ ᠶᠤᠮ︖︾ ᠭᠡᠵᠤ ᠨᠡᠷ᠎ᠡ ᠳᠤᠷᠠᠳᠤᠨ ᠵᠠᠩᠨᠠᠵᠤ ᠪᠠᠷᠤᠭ ᠯᠡ ᠨᠠᠮᠠᠢᠢ ᠡᠷᠡᠭᠲᠡᠢ ᠬᠥᠮᠥᠨ ᠲᠠᠢ ᠤᠷᠤᠭ ᠬᠡᠯᠡᠯᠴᠡᠵᠦ ᠪᠠᠶᠢᠨ᠎ᠠ ᠭᠡᠬᠦ‍ ᠰᠢᠭ ᠠᠭᠤᠷᠯᠠᠪᠠ ᠃ ᠡᠨᠡ ᠨᠢ ᠭᠡᠭᠡᠨ ᠴᠠᠭᠠᠨ ᠡᠳᠦᠷ ᠠᠶᠤᠩᠭ᠎ᠠ ᠨᠢᠵᠢᠭᠢᠨᠡᠭᠰᠡᠨ ᠰᠢᠭ᠋ ᠨᠠᠳᠠ ᠳᠤ ᠬᠦᠴᠦᠲᠡᠢ ᠴᠣᠬᠢᠯᠲᠠ ᠥᠭᠴᠦ ᠨᠢᠯᠬ᠎ᠠ ᠨᠢᠯᠵᠠᠷᠠᠢ ᠵᠢᠷᠦᠬᠡᠨ ᠳᠤ ᠮᠢᠨᠢ ᠭᠦᠨ ᠰᠣᠷᠪᠢ ᠰᠠᠭᠤᠯᠭᠠᠵᠤ ᠪᠢᠯᠡ᠃ ᠪᠢ ᠬᠢᠯᠢᠰᠳᠡᠭᠰᠡᠨ ᠳᠤ ᠪᠠᠨ ᠭᠤᠮᠤᠷᠬᠠᠨ ᠭᠤᠮᠤᠳᠠᠪᠠᠴᠤ ᠬᠡᠯᠡᠬᠦ ᠭᠠᠵᠠᠷ ᠦᠭᠡᠢ ᠪᠣᠬᠢᠨᠢᠳᠤᠨ ᠶᠠᠪᠤᠨ᠎ᠠ᠃ ᠠᠩᠭᠢ ᠶᠢᠨ ᠨᠥᠬᠦᠳ ᠴᠦ ᠨᠠᠮᠠᠢᠢ ᠣᠨᠳᠤᠤ ᠨᠢᠳᠦ ᠪᠠᠷ ᠬᠠᠷᠠᠵᠤ ᠪᠠᠶᠢᠬᠤ ᠰᠢᠭ᠋ ᠰᠠᠨᠠᠭᠳᠠᠬᠤ ᠪᠣᠯᠪᠠ᠃ ᠢᠩᠭᠢᠵᠦ ᠪᠠᠶᠢᠲᠠᠯ᠎ᠠ ᠨᠢᠭᠡ ᠡᠳᠦᠷ ᠵᠠᠪᠰᠠᠷ ᠤᠨ ᠲᠠᠮᠢᠷ ᠬᠢᠬᠦ ᠪᠠᠷ ᠰᠤᠷᠤᠭᠴᠢᠳ ᠪᠦᠷ ᠮᠥᠷᠯᠡᠨ ᠵᠢᠭᠰᠠᠵᠤ ᠪᠠᠶᠢᠯ᠎ᠠ᠃ ᠮᠠᠨ ᠤ ᠠᠩᠭᠢ ᠶᠢᠨ ᠰᠢᠷ᠎ᠠ ᠰᠣᠳᠤ ᠬᠤᠶᠠᠷ ᠭᠠᠷᠯᠠᠨ ᠮᠥᠷᠯᠡᠨ ᠵᠣᠭᠰᠤᠵᠤ ᠪᠠᠶᠢᠭ᠎ᠠ ᠰᠤᠷᠤᠭᠴᠢᠳ ᠤᠨ ᠳᠤᠮᠳᠠᠭᠤᠷ ᠰᠦᠯᠵᠢᠨ ᠭᠦᠶᠦᠵᠦ᠄ ︽ᠬᠦᠢ︕ ᠳᠤᠯᠭᠠᠷ ᠲᠤ ᠳᠤᠯᠤᠭᠠᠨ ᠵᠠᠬᠢᠳᠠᠯ ᠢᠷᠡᠵᠡᠢ᠃ ᠳᠤᠯᠭᠠᠷ ᠲᠤ ᠳᠣᠯᠤᠭᠠᠨ ᠵᠠᠬᠢᠳᠠᠯ ᠢᠷᠡᠵᠡᠢ︾ ᠭᠡᠵᠤ ᠪᠠᠷᠬᠢᠷᠠᠨ ᠦᠰᠦᠷᠦᠨ᠎ᠡ᠃ ᠮᠢᠨᠦ ᠲᠡᠷᠡ ᠢᠴᠢᠭᠰᠡᠨ ᠭᠡᠵᠢ ᠡ︕ ᠶᠠᠭ ᠯᠡ ᠪᠢ ᠨᠢᠭᠡ ᠶᠠᠯ᠎ᠠ ᠨᠢᠭᠦᠯ ᠬᠢᠭᠰᠡᠨ ᠰᠢᠭ ᠣᠷᠤᠬᠤ ᠭᠠᠵᠠᠷ ᠢᠶᠠᠨ ᠣᠯᠬᠤ ᠦᠭᠡᠢ ᠪᠣᠯᠵᠤ ᠪᠢᠯᠡ᠃ ᠲᠡᠭᠦᠨ ᠠᠴᠠ ᠬᠤᠶᠢᠰᠢ ᠪᠢ ᠨᠡᠯᠢᠶᠡᠳ ᠡᠳᠦᠷ ᠤᠷᠮ᠎ᠠ ᠦᠭᠡᠢ ᠶᠠᠪᠤᠵᠤ ᠣᠷᠤᠢ ᠨᠢ ᠪᠣᠯᠪᠠᠯ ᠬᠦᠨᠵᠢᠯᠨ ᠳᠣᠲᠤᠷ᠎ᠠ ᠪᠠᠨ ᠨᠥᠬᠦᠳ ᠠᠴᠠ ᠪᠠᠨ ᠨᠢᠭᠤᠵᠤ ᠰᠡᠮᠡᠭᠡᠷ ᠤᠬᠢᠯᠠᠨ᠎ᠠ᠃ ᠮᠢᠨᠦ ᠬᠠᠵᠠᠭᠤ ᠳᠤ ᠤᠨᠲᠠᠵᠤ ᠪᠠᠶᠢᠭᠰᠠᠨ ᠳᠣᠯᠵᠢᠨᠵᠠᠪ ᠨᠠᠮᠠᠢᠢ ᠠᠷᠭᠠᠳᠠᠵᠤ ᠴᠢᠳᠠᠯ ᠢᠶᠠᠷ ᠢᠶᠠᠨ ᠳᠠᠶᠢᠳᠬᠤᠷᠠᠭᠤᠯᠤᠨ᠎ᠠ᠃ ᠪᠢ ᠳᠣᠯᠵᠢᠨᠵᠠᠪ ᠲᠤ᠄ ︽ᠴᠢ ᠦᠵᠡ ᠳ᠋ᠠ︕ ᠡᠨᠡ ᠬᠠᠶᠢᠷ᠎ᠠ ᠶᠢᠨ ᠵᠠᠬᠢᠳᠠᠯ ᠮᠥᠨ ᠦᠦ︖ ᠪᠦᠷ ᠯᠡ ᠮᠠᠨ ᠤ ᠠᠩᠭᠢ ᠶᠢᠨ ᠡᠮᠡᠭᠲᠡᠢ ᠰᠤᠷᠤᠭᠴᠢᠳ ᠠᠴᠠ ᠢᠷᠡᠭᠰᠡᠨ ᠵᠠᠬᠢᠳᠠᠯ ᠰᠢᠦ ᠳ᠋ᠠ︾ ᠭᠡᠵᠤ ᠦᠨᠡᠨ ᠢᠶᠠᠨ ᠬᠡᠯᠡᠵᠦ ᠵᠠᠬᠢᠳᠠᠯ  ᠢᠶᠠᠨ ᠦᠵᠡᠭᠦᠯᠦᠨ᠎ᠡ᠃ ᠠᠢ︕ ᠬᠡᠦᠬᠡᠳ ᠨᠠᠰᠤ ᠡ︕ ᠲᠣᠮᠤᠴᠤᠤᠯ ᠤᠨ ᠡᠮᠦᠨ᠎ᠡ ᠠᠴᠠ ᠦᠭᠡ ᠬᠡᠯᠡᠵᠦ ᠦᠵᠡᠭᠡ ᠦᠭᠡᠢ ᠮᠢᠨᠦ ᠬᠡᠦᠬᠡᠳ ᠨᠠᠰᠤ ᠦᠨᠡᠬᠡᠷ ᠬᠥᠭᠡᠷᠦᠬᠦᠢ︕ ᠭᠡᠬᠦ ᠳᠤ᠂ ᠥᠨᠥᠳᠦᠷ ᠪᠣᠯᠬᠤ ᠳᠤ᠂ ᠣᠨ ᠵᠢᠯ ᠣᠯᠠᠨ ᠣᠯᠠᠨ ᠢᠶᠠᠷ ᠤᠷᠤᠰᠤᠨ ᠠᠯᠤᠰᠯᠠᠵᠤ ᠪᠢᠲᠡᠨ ᠤ ᠦᠶ᠎ᠡ ᠶᠢᠨ ᠬᠢᠨ ᠠᠮᠢᠳᠤᠷᠠᠯ ᠤᠨ ᠶᠡᠭᠡ ᠤᠷᠤᠰᠬᠠᠯ ᠳᠤ ᠮᠥᠨ ᠴᠦ ᠦᠭᠡᠢ ᠤᠰᠤᠨ ᠤ ᠴᠢᠯᠠᠭᠤ ᠰᠢᠭ᠋ ᠮᠦᠯᠢᠢᠵᠦ ᠳ᠋ᠠ ᠭᠡᠵᠤ ᠰᠡᠳᠬᠢᠯ ᠤᠨ ᠭᠡᠷᠡᠯ ᠢᠶᠠᠷ ᠢᠶᠠᠨ ᠵᠠᠮ ᠮᠥᠷ ᠢᠶᠠᠨ ᠮᠢᠯᠢᠶᠠᠨ ᠢᠲᠡᠭᠡᠯ ᠤᠨ ᠬᠠᠳᠠᠭ ᠰᠢᠭ᠋ ᠬᠥᠪᠦᠷᠡᠭᠰᠡᠨ ᠭᠦᠨ ᠪᠣᠳᠤᠯ ᠠᠴᠠ ᠪᠠᠨ ᠰᠡᠷᠢᠬᠦ ᠳᠤ ᠦᠳᠡ ᠶᠢᠨ ᠬᠤᠶᠢᠨᠠᠬᠢ ᠲᠥᠷᠪᠡᠨ ᠴᠠᠭ ᠪᠣᠯᠴᠢᠬᠠᠭᠰᠠᠨ ᠪᠠᠶᠢᠯ᠎ᠠ᠃ ᠪᠢᠳᠡᠨ ᠢ ᠬᠤᠭᠤᠯᠠᠨ ᠭᠡᠷ ᠲᠤ ᠬᠦᠷᠭᠦ ᠳᠤ ᠬᠠᠮᠳᠤ ᠰᠤᠷᠤᠭᠴᠢ ᠮᠠᠨᠳᠠᠷᠠᠸ᠎ᠠ ᠲᠤᠰᠴᠤ ᠠᠪᠤᠭᠠᠳ᠄ ︽ᠨᠠᠷᠠᠨᠬᠡᠷᠡᠯ ᠠᠩᠭᠢ ᠶᠢᠨ ᠰᠤᠷᠤᠭᠴᠢᠳ ᠲᠤ ᠪᠠᠨ ᠨᠡᠯᠢᠶᠡᠳ ᠲᠤ ᠨᠢ ᠬᠡᠯᠡᠭᠰᠡᠨ᠃ ᠬᠡᠳᠦᠢ ᠨᠢ ᠢᠷᠡᠬᠦ ᠶᠢ ᠮᠡᠳᠡᠬᠦ ᠦᠭᠡᠢ᠃ ᠶᠠᠭᠤ ᠴᠦ ᠪᠣᠯᠤᠭᠰᠠᠨ ᠡᠨᠡ ᠬᠤᠶᠠᠷ ᠰᠢᠷᠡᠭᠡᠨ ᠳᠤ ᠬᠠᠮᠲᠤ ᠨᠥᠬᠦᠳ ᠢᠶᠠᠷ ᠢᠶᠠᠨ ᠰᠠᠭᠤᠶ᠎ᠠ︾ ᠭᠡᠵᠤ ᠵᠡᠭᠦᠨ ᠡᠮᠦᠨ᠎ᠡ ᠲᠠᠯ᠎ᠠ ᠳᠤ ᠪᠠᠶᠢᠭ᠎ᠠ ᠬᠤᠶᠠᠷ ᠰᠢᠷᠡᠭᠡ ᠶᠢᠨ ᠪᠠᠷᠠᠭᠤᠨ ᠲᠠᠯ᠎ᠠ ᠶᠢᠨ ᠬᠢ ᠳᠤ ᠨᠢ ᠪᠢᠳᠡᠨ ᠢ ᠰᠠᠭᠤᠯᠭᠠᠪᠠ᠃ ᠰᠤᠷᠤᠭᠴᠢ ᠪᠠᠶᠢᠬᠤ ᠳᠤ ᠪᠠᠨ ᠬᠤᠶᠠᠷ ᠨᠣᠮᠧᠷᠲᠤ ᠢᠰᠡᠭᠡᠢ ᠭᠤᠲᠤᠯ ᠲᠠᠢ᠂ ᠬᠦᠷᠡᠩ ᠡᠷᠢᠶᠡᠨ ᠰᠤᠳᠠᠯ ᠲᠠᠢ ᠪᠦᠰ ᠢᠶᠠᠷ ᠭᠠᠳᠠᠷᠯᠠᠭᠰᠠᠨ ᠬᠡᠨᠵᠡ ᠬᠤᠷᠠᠭᠠᠨ ᠠᠷᠠᠰᠤᠨ ᠳ᠋ᠠᠴᠠᠩ ᠡᠮᠦᠰᠴᠦ ᠦᠭᠡ ᠳᠠᠭᠤᠨ ᠴᠥᠭᠡᠨ ᠲᠠᠢ ᠶᠠᠪᠤᠳᠠᠭ ᠮᠠᠨᠳᠠᠷᠠᠸ᠎ᠠ ᠮᠠᠨᠢ ᠨᠡᠯᠢᠶᠡᠳ ᠵᠤᠭᠵᠠᠶᠢᠭᠰᠠᠨ ᠮᠠᠷᠢᠶᠠᠯᠢᠭ ᠰᠢᠷ᠎ᠠ ᠪᠦᠰᠡᠭᠦᠢ ᠪᠣᠯᠤᠨ ᠬᠤᠪᠢᠷᠠᠭᠰᠠᠨ ᠪᠠᠶᠢᠯ᠎ᠠ᠃     ᠪᠢᠳᠡ ᠳᠥᠷᠪᠡ ᠡᠭᠦᠳᠡᠨ ᠥᠭᠡᠳᠡ ᠪᠠᠶᠢᠨ ᠪᠠᠶᠢᠨ ᠬᠠᠷᠠᠵᠤ ᠬᠡᠨ ᠨᠢ ᠤᠷᠢᠳ ᠢᠶᠠᠷ ᠣᠷᠤᠵᠤ ᠢᠷᠡᠳᠡᠭ ᠪᠣᠯ ᠭᠡᠵᠤ ᠥᠨᠳᠡᠯᠵᠡᠨ ᠬᠦᠯᠢᠶᠡᠨ᠎ᠡ᠃ ᠲᠡᠭᠡᠵᠦ ᠪᠠᠶᠢᠲᠠᠯ᠎ᠠ ᠡᠸᠡᠩᠬᠢ ᠬᠤᠰᠢᠭᠤᠨ ᠤ ᠤᠰᠤᠨ ᠠᠰᠢᠭᠯᠠᠯᠲᠠ ᠶᠢᠨ ᠲᠣᠪᠴᠢᠶᠠᠨ ᠳᠤ ᠳᠠᠷᠤᠭ᠎ᠠ ᠪᠠᠷ ᠠᠵᠢᠯᠯᠠᠳᠠᠭ ᠥᠭᠡᠯᠡᠳ ᠶᠠᠰᠤᠲᠠᠨ ᠬᠦᠳᠡᠷ ᠮᠠᠨᠢ ᠴᠡᠯᠮᠡᠭ᠂ ᠰᠧᠵᠢᠳᠮ᠎ᠠ᠂ ᠰᠠᠷᠠᠨᠴᠡᠴᠡᠭ ᠭᠤᠷᠪᠠᠨ ᠪᠤᠷᠢᠶᠠᠳ ᠡᠮᠡᠭᠲᠡᠢ ᠬᠠᠮᠲᠤ ᠰᠤᠷᠤᠭᠴᠢ ᠪᠠᠨ ᠳᠠᠭᠠᠭᠤᠯᠤᠨ ᠣᠯᠠᠨ ᠤ ᠳᠤᠮᠳᠠᠭᠤᠷ ᠨᠠᠮᠪᠠᠯᠢᠭ ᠠᠯᠬᠤᠯᠠᠭᠰᠠᠭᠠᠷ ᠣᠷᠤᠵᠤ ᠢᠷᠡᠯ᠎ᠡ᠃ ᠴᠡᠯᠮᠡᠭ ᠪᠠᠭᠰᠢ ᠡᠵᠢ ᠲᠠᠢ᠂ ᠡᠭᠡᠴᠢ ᠳᠡᠭᠦᠦ ᠳᠥᠷᠪᠡᠭᠦᠯᠡ᠃ ᠶᠡᠭᠡ ᠯᠡ ᠠᠰᠪᠤᠷᠢ ᠴᠠᠭᠠᠪᠤᠷ ᠬᠡᠦᠬᠡᠳ ᠪᠠᠶᠢᠭᠰᠠᠨ᠃ ᠡᠭᠡᠴᠢ ᠴᠡᠩᠭᠡᠯ ᠨᠢ ᠳᠡᠭᠡᠭᠦᠷ ᠠᠩᠭᠢ ᠳᠤ ᠰᠤᠷᠤᠯᠴᠠᠳᠠᠭ ᠪᠣᠯᠬᠤᠷ ᠳᠡᠭᠦᠦ ᠶᠢᠨ ᠢᠶᠠᠨ ᠬᠤᠪᠴᠠᠰᠤ ᠬᠤᠨᠠᠷ ᠢ ᠨᠢ ᠤᠬᠢᠶᠠᠵᠤ ᠴᠡᠪᠡᠷᠯᠡᠵᠦ ᠰᠠᠶᠢᠨ ᠬᠠᠷᠠᠭᠠᠯᠵᠠᠳᠠᠭ ᠠᠴᠠ ᠴᠡᠯᠮᠡᠭ ᠮᠠᠨᠢ ᠡᠭᠡᠴᠢ ᠲᠠᠢ ᠪᠠᠶᠢᠬᠤ ᠶᠢᠨ ᠬᠤᠪᠢ ᠴᠡᠩᠭᠡᠯ ᠢ ᠬᠥᠮᠥᠨ ᠠᠴᠠ ᠢᠯᠡᠭᠦᠦ ᠬᠦᠷᠲᠡᠳᠡᠭ ᠲᠡᠭᠡᠨ ᠵᠢᠷᠭᠠᠯᠲᠠᠢ᠃ ᠰᠧᠵᠢᠳᠮ᠎ᠠ ᠶᠢᠨ ᠠᠮᠢᠳᠤᠷᠠᠯ ᠨᠡᠯᠢᠶᠡᠳ ᠴᠢᠨᠡᠭᠡᠯᠢᠭ᠃ ᠭᠡᠷ ᠨᠢ ᠣᠶᠢᠷᠠᠬᠠᠨ ᠲᠤᠯᠠᠳᠠ ᠬᠠᠭᠠᠷᠢᠮᠠᠯ᠂ ᠪᠣᠣᠪᠤ᠂ ᠶᠠᠩᠵᠤ ᠪᠦᠷᠢ ᠶᠢᠨ ᠢᠳᠡᠬᠦ ᠶᠠᠭᠤᠮ᠎ᠠ ᠵᠦᠩᠳᠡᠭᠡᠨ ᠢᠷᠡᠨ᠎ᠡ᠃ ᠲᠡᠭᠡᠬᠦ ᠪᠦᠷᠢ ᠰᠧᠵᠢᠳᠮ᠎ᠠ ᠪᠢᠳᠡᠨ ᠲᠠᠢ ᠬᠤᠪᠢᠶᠠᠯᠴᠠᠵᠤ ᠢᠳᠡᠳᠡᠭ᠃ ᠪᠢᠳᠡᠨ ᠰᠢᠭ ᠨᠢᠭᠡ ᠬᠤᠭᠤᠴᠠᠭ᠎ᠠ ᠭᠡᠷ ᠠᠴᠠ ᠨᠢ ᠬᠥᠮᠥᠨ ᠤ ᠪᠠᠷ᠎ᠠ ᠬᠠᠷᠠᠭᠳᠠᠬᠤ ᠦᠭᠡᠢ᠂ ᠥᠪᠡᠷ  ᠢᠶᠠᠨ ᠬᠠᠷᠢᠵᠤ ᠳᠡᠶᠢᠯᠬᠦ ᠦᠭᠡᠢ ᠬᠤᠯᠠ ᠭᠡᠷ ᠲᠠᠢ ᠶᠠᠳᠠᠭᠤᠬᠠᠨ ᠬᠡᠦᠬᠡᠳ ᠤᠳ ᠲᠡᠭᠦᠨ ᠤ ᠢᠳᠡᠬᠦ ᠶᠠᠭᠤᠮᠠᠨ ᠳᠤ ᠬᠡᠴᠢᠨᠡᠨ ᠭᠤᠷᠢ ᠬᠥᠳᠡᠯᠵᠦ ᠪᠠᠶᠢᠭᠰᠠᠨ ᠢ ᠪᠣᠣ ᠮᠡᠳᠡ᠃ ᠰᠠᠷᠠᠨᠴᠡᠴᠡᠭ ᠤᠨ ᠡᠭᠡᠴᠢ ᠨᠢ ᠭᠡᠵᠤ ᠬᠠᠶᠢᠯᠠᠷ ᠤᠨ ᠴᠡᠷᠢᠭ  ᠤᠨ ᠲᠣᠭᠤᠷᠢᠭ ᠤᠨ ᠡᠮᠨᠡᠯᠭᠡ ᠳᠤ ᠠᠵᠢᠯᠯᠠᠳᠠᠭ ᠴᠡᠷᠢᠭ ᠡᠭᠡᠴᠢ ᠳᠠᠩᠳᠠ ᠰᠠᠷᠠᠨᠴᠡᠴᠡᠭ ᠢ ᠡᠷᠭᠢᠵᠦ ᠢᠷᠡᠨ᠎ᠡ᠃ ᠲᠡᠷᠡ ᠡᠭᠡᠴᠢ ᠶᠢᠨ ᠭᠤᠶᠤ ᠭᠡᠵᠢ ᠡ︕  ᠨᠣᠭᠤᠭᠠᠨ ᠥᠩᠭᠡ ᠶᠢᠨ ᠴᠡᠷᠢᠭ ᠬᠤᠪᠴᠠᠰᠤ ᠶᠢ ᠴᠢᠪᠬᠢᠲᠡᠯ᠎ᠡ ᠡᠮᠦᠰᠴᠦ ᠠᠯᠬᠤᠵᠤ ᠬᠢᠰᠬᠢᠬᠦ ᠶᠢᠨ ᠬᠢᠨᠢ ᠰᠠᠶᠢᠬᠠᠨ ᠭᠡᠵᠢ ᠡ︕ ᠰᠠᠷᠠᠨᠴᠡᠴᠡᠭ ᠲᠣᠩ ᠡᠷᠬᠡ᠃ ᠳᠠᠩᠳᠠ ᠯᠡ ᠡᠭᠡᠴᠢ ᠳᠤ ᠪᠠᠨ ᠡᠷᠬᠡᠯᠡᠵᠦ ᠪᠠᠶᠢᠬᠤ ᠬᠠᠷᠠᠭᠳᠠᠨ᠎ᠠ᠃ ᠬᠠᠵᠠᠭᠤ ᠳᠤ ᠨᠢ ᠪᠠᠶᠢᠭᠰᠠᠨ ᠪᠢᠳᠡ ᠪᠢᠲᠡᠭᠦᠬᠡᠨ ᠳᠤ ᠪᠠᠨ ᠠᠲᠠᠭᠠᠷᠬᠠᠵᠤ ᠪᠢ ᠪᠠᠰᠠ ᠡᠶᠢᠮᠦ ᠭᠤᠶᠤ ᠡᠭᠡᠴᠢ ᠲᠠᠢ ᠪᠠᠶᠢᠭᠰᠠᠨ ᠪᠣᠯ ᠡ ᠭᠡᠵᠤ ᠰᠡᠮᠡᠭᠡᠷᠬᠡᠨ ᠬᠦᠰᠡᠨ᠎ᠡ᠃ ᠮᠠᠨ ᠤ ᠠᠩᠭᠢ ᠶᠢᠨ ᠡᠮᠡᠭᠲᠡᠢ ᠰᠤᠷᠤᠭᠴᠢᠳ ᠰᠠᠷᠠᠨᠴᠡᠴᠡᠭ ᠢᠶᠠᠷ ᠡᠭᠡᠴᠢ ᠶᠢᠨ ᠬᠢᠨᠢ ᠴᠡᠷᠢᠭ ᠤᠨ ᠬᠤᠪᠴᠠᠰᠤ ᠶᠢ ᠵᠢᠭᠡᠯᠡᠭᠦᠯᠵᠦ ᠭᠠᠷᠠᠭ ᠤᠨ ᠡᠳᠦᠷ ᠪᠣᠯᠪᠠᠯ ᠰᠡᠭᠦᠳᠡᠷ ᠲᠠᠲᠠᠭᠤᠯᠤᠨ᠎ᠠ᠃ ᠲᠡᠶᠢᠮᠦ ᠠᠴᠠ ᠰᠧᠵᠢᠳᠮ᠎ᠠ ᠶᠢᠨ ᠴᠡᠷᠢᠭ ᠬᠤᠪᠴᠠᠰᠤ ᠡᠮᠦᠰᠴᠦ ᠲᠠᠲᠠᠭᠤᠯᠤᠭᠰᠠᠨ ᠰᠡᠭᠦᠳᠡᠷ ᠣᠳᠤ ᠪᠣᠯᠲᠠᠯ᠎ᠠ ᠮᠢᠨᠦ ᠰᠡᠭᠦᠳᠡᠷ ᠤᠨ ᠬᠠᠪᠢᠰᠤᠨ ᠳᠤ ᠬᠠᠳᠠᠭᠠᠯᠠᠭᠳᠠᠭᠰᠠᠭᠠᠷ ᠪᠠᠶᠢᠭ᠎ᠠ ᠰᠢᠦ᠃ ᠭᠠᠳᠠᠨ᠎ᠠ ᠠᠴᠠ ᠨᠢ ᠬᠠᠷᠠᠬᠤ ᠳᠤ᠂ ᠦᠭᠡ ᠳᠠᠭᠤᠨ ᠣᠯᠠᠨ ᠦᠭᠡᠢ ᠴᠦ ᠴᠠᠭᠠᠨ᠎ᠠ ᠪᠠᠨ ᠨᠢᠭᠡ ᠯᠡ ᠬᠡᠷᠰᠡᠦ᠃ ᠤᠭ  ᠠᠴᠠ ᠪᠠᠨ ᠨᠢᠮᠪᠠᠢ ᠬᠢᠨᠠᠭᠤᠷ᠂ ᠰᠠᠨᠠᠵᠤ ᠵᠣᠷᠢᠭᠰᠠᠨ ᠳᠤ ᠪᠠᠨ ᠢᠲᠡᠭᠡᠯ ᠲᠠᠢ ᠥᠬᠢᠨ ᠪᠠᠶᠢᠭᠰᠠᠨ ᠬᠠᠰ ᠮᠠᠨᠢ ᠴᠦ ᠬᠦᠷᠦᠯᠴᠡᠨ ᠢᠷᠡᠵᠡᠢ᠃ ᠳ᠋ᠠᠰᠢᠨᠢᠮ᠎ᠠ ᠪᠦᠰᠡᠭᠦᠢ ᠲᠠᠢ ᠪᠠᠨ ᠢᠷᠡᠯ᠎ᠡ ᠭᠡᠵᠤ ᠬᠡᠨ ᠨᠢᠭᠡ ᠨᠢ ᠬᠡᠯᠡᠨ᠎ᠡ᠃ ᠬᠠᠭᠤᠴᠢᠨ ᠪᠠᠷᠭᠤ ᠬᠤᠰᠢᠭᠤᠨ ᠤ ᠡᠸᠡᠩᠬᠢ ᠰᠤᠮᠤᠨ ᠳᠤ ᠨᠤᠲᠤᠭ ᠲᠠᠢ᠂ ᠳᠤᠭᠤᠢ ᠨᠣᠮᠤᠬᠠᠨ᠂ ᠠᠩᠭᠢ ᠶᠢᠨ ᠨᠥᠭᠦᠳ ᠲᠡᠭᠡᠨ ᠬᠦᠷᠢᠶᠡᠯᠡᠯ ᠲᠠᠢ ᠬᠡᠦᠬᠡᠳ ᠪᠠᠶᠢᠭᠰᠠᠨ ᠳ᠋ᠠᠰᠢᠨᠢᠮ᠎ᠠ ᠶᠢ ᠪᠢ ᠲᠡᠳᠡᠭᠡᠷ ᠣᠷᠤᠵᠤ ᠢᠷᠡᠵᠦ ᠪᠠᠶᠢᠭ᠎ᠠ ᠬᠥᠮᠥᠰ ᠤᠨ ᠤᠷᠤᠰᠬᠠᠯ ᠠᠴᠠ ᠡᠷᠢᠭᠡᠳ ᠣᠯᠤᠭᠰᠠᠨ ᠦᠭᠡᠢ᠃ ᠢᠩᠭᠢᠵᠦ ᠪᠠᠶᠢᠲᠠᠯ᠎ᠠ ᠨᠢᠭᠡ ᠳᠤᠮᠳᠠ ᠶᠢᠨ ᠪᠡᠶ᠎ᠡ ᠲᠠᠢ᠂ ᠬᠠᠷᠠᠪᠲᠤᠷ ᠴᠢᠷᠠᠢ ᠲᠠᠢ᠂ ᠶᠡᠷᠦ ᠳᠡᠭᠡᠨ ᠯᠡ ᠨᠢᠭᠡ ᠨᠠᠷᠠᠨ ᠤ ᠪᠣᠷᠤ ᠮᠠᠯᠴᠢᠨ ᠮᠠᠨ ᠤ ᠰᠢᠷᠡᠭᠡᠨ ᠳᠤ ᠢᠷᠡᠵᠦ ᠰᠠᠭᠤᠪᠠ᠃ ᠲᠡᠷᠡ ᠨᠢ ᠳ᠋ᠠᠰᠢᠨᠢᠮ᠎ᠠ ᠪᠠᠶᠢᠵᠠᠢ᠃ ᠡᠷᠳᠡᠨᠢᠴᠢᠮᠡᠭ ᠢᠷᠡᠯ᠎ᠡ ᠭᠡᠨ᠎ᠡ᠃ ᠬᠠᠵᠠᠭᠤ ᠳᠤ ᠰᠠᠭᠤᠵᠤ ᠪᠠᠶᠢᠭᠰᠠᠨ ᠬᠦᠳᠡᠷ᠄ ︽ᠡᠷᠳᠡᠨᠢᠴᠢᠮᠡᠭ ᠴᠢᠨᠢ ᠬᠡᠨ ᠪᠢᠯᠡ︖︾ ᠭᠡᠵᠤ ᠨᠠᠳᠠ ᠠᠴᠠ ᠠᠰᠠᠭᠤᠨ᠎ᠠ᠃ ᠪᠢ᠄ ︽ᠮᠠᠨ ᠤ ᠠᠩᠭᠢ ᠳᠤ ᠬᠠᠭᠤᠴᠢᠨ ᠪᠠᠷᠭᠤ ᠶᠢᠨ ᠬᠠᠷᠭᠠᠨᠠᠲᠤ ᠠᠴᠠ ᠣᠴᠢᠭᠰᠠᠨ ᠨᠢᠭᠡ ᠥᠨᠳᠦᠷ ᠪᠡᠶ᠎ᠡ ᠲᠠᠢ ᠰᠢᠷ᠎ᠠ ᠥᠬᠢᠨ᠂ ᠨᠢᠭᠡ ᠨᠠᠮᠬᠠᠨ ᠪᠡᠶ᠎ᠡ ᠲᠠᠢ ᠪᠣᠷᠤ ᠬᠡᠦᠬᠡᠨ ᠬᠤᠶᠠᠭᠤᠯᠠ ᠳᠠᠩᠳᠠ ᠯᠡ ᠬᠠᠮᠲᠤ ᠶᠠᠪᠤᠳᠠᠭ ᠪᠠᠶᠢᠭᠰᠠᠨ ᠰᠢᠳᠡ᠃ ᠲᠡᠷᠡ ᠨᠠᠮᠬᠠᠨ ᠪᠡᠶ᠎ᠡ ᠲᠠᠢ ᠶᠢ ᠨᠢ ᠨᠠᠷᠠᠨᠬᠡᠷᠡᠯ ᠭᠡᠳᠡᠭ᠃ ᠣᠳᠤ ᠬᠡᠦᠬᠡᠨ ᠢᠶᠠᠨ ᠮᠣᠷᠳᠠᠭᠤᠯᠵᠤ ᠪᠠᠶᠢᠨ᠎ᠠ᠃ ᠲᠡᠭᠦᠨ ᠲᠠᠢ ᠬᠠᠮᠲᠤ ᠶᠠᠪᠤᠳᠠᠭ ᠥᠨᠳᠦᠷ ᠰᠢᠷ᠎ᠠ ᠥᠬᠢᠨ ᠢ ᠨᠢ ᠡᠷᠳᠡᠨᠢᠴᠢᠮᠡᠭ ᠭᠡᠳᠡᠭ ᠶᠤᠮ᠃ ᠴᠢ ᠰᠠᠶᠢᠬᠠᠨ ᠪᠣᠳᠤᠪᠠᠯ ᠪᠣᠳᠤᠵᠤ ᠣᠯᠬᠤ ᠪᠠᠶᠢᠬ᠎ᠠ︾ ᠭᠡᠲᠡᠯ᠎ᠡ ᠡᠷᠲᠡᠨᠢᠴᠢᠮᠡᠭ ᠬᠦᠷᠴᠦ ᠢᠷᠡᠭᠡᠳ ᠨᠥᠭᠦᠭᠡ ᠰᠢᠷᠡᠭᠡᠨ ᠳᠤ ᠰᠠᠭᠤᠯ᠎ᠠ᠃ ᠡᠨᠡ ᠦᠶ᠎ᠡ ᠳᠤ ᠮᠠᠨᠳᠠᠷᠠᠸ᠎ᠠ᠄ ︽ᠡᠷᠳᠡᠨᠢᠴᠢᠮᠡᠭ ᠤᠨ ᠭᠡᠷ  ᠨᠢ ᠬᠤᠰᠢᠭᠤᠨ ᠠᠴᠠ ᠭᠤᠴᠢᠭᠠᠳ ᠭᠠᠵᠠᠷ ᠬᠤᠯᠠ ᠪᠠᠶᠢᠭ᠎ᠠ ᠬᠥᠬᠡᠨᠠᠭᠤᠷ ᠵᠤᠭᠠᠴᠠᠯ ᠤᠨ ᠭᠠᠵᠠᠷ ᠠᠴᠠ ᠡᠮᠦᠨ᠎ᠡ ᠪᠠᠶᠠᠨᠬᠠᠳᠠ ᠰᠤᠮᠤᠨ ᠤ ᠪᠠᠶᠠᠨᠬᠠᠳᠠ ᠭᠠᠴᠠᠭᠠᠨ ᠳᠤ ᠪᠠᠶᠢᠳᠠᠭ᠃ ᠲᠡᠷᠡ ᠡᠨᠡ ᠦᠳᠡ ᠳᠤ ᠰᠠᠶ᠋ᠢ ᠠᠳᠡ ᠬᠡᠦᠬᠡᠳ ᠤᠨ ᠨᠠᠶᠢᠷ ᠲᠤ ᠰᠠᠭᠤᠴᠢᠬᠠᠭᠠᠳ ᠲᠡᠷᠭᠡ ᠬᠦᠯᠦᠰᠦᠯᠡᠵᠦ ᠭᠡᠷ ᠲᠡᠭᠡᠨ ᠬᠠᠷᠢᠭᠰᠠᠨ ᠶᠤᠮ᠃ ᠲᠡᠭᠡᠭᠡᠳ ᠣᠷᠤᠢ ᠶᠢᠨ ᠦᠨᠢᠶ᠎ᠡ ᠪᠠᠨ ᠰᠠᠭᠠᠴᠢᠬᠠᠭᠠᠳ ᠥᠨᠥ ᠡᠨᠡ ᠬᠤᠷᠢᠮ ᠳᠤ ᠳᠠᠬᠢᠨ ᠢᠷᠡᠵᠦ ᠪᠠᠶᠢᠨ᠎ᠠ ᠰᠢᠦ︾ ᠭᠡᠵᠤ ᠶᠠᠷᠢᠨ᠎ᠠ᠃ ᠡᠭᠦᠨ  ᠢ ᠰᠣᠨᠤᠰᠤᠭᠠᠳ ᠮᠢᠨᠦ ᠰᠡᠳᠬᠢᠯ ᠥᠪᠡᠷ ᠤᠨ ᠡᠷᠬᠡ ᠦᠭᠡᠢ ᠢᠭᠳᠦᠯᠦᠨ ᠳᠣᠭᠳᠤᠯᠵᠤ ᠨᠢᠭᠡ ᠵᠦᠢᠯ ᠤᠨ ᠭᠠᠯ ᠬᠠᠯᠠᠭᠤᠨ ᠢᠯᠴᠢ ᠲᠥᠭᠡᠨᠡᠭᠡᠳ ᠠᠪᠬᠤ ᠰᠢᠭ᠋ ᠪᠣᠯᠤᠯ᠎ᠠ᠃ ᠶᠠᠮᠠᠷ ᠬᠠᠯᠠᠭᠤᠬᠠᠨ ᠰᠡᠳᠬᠢᠯ ᠪᠣᠢ︕ ᠡᠷᠳᠡᠨᠢᠴᠢᠮᠡᠭ ᠡ︕    ᠮᠠᠨ ᠤ ᠠᠩᠭᠢ ᠳᠤ ᠶᠡᠭᠡ᠂ ᠪᠠᠭ᠎ᠠ ᠬᠤᠶᠠᠷ ᠤᠯᠠᠭᠠᠨᠬᠡᠷᠡᠯ ᠲᠠᠢ᠃ ᠪᠣᠯᠤᠷ ᠲᠡᠷᠡ ᠬᠤᠶᠠᠷ ᠲᠠᠢ ᠭᠤᠷᠪᠠᠭᠤᠯᠠ ᠨᠢᠭᠡ ᠰᠢᠷᠡᠭᠡᠨ ᠳᠤ ᠰᠠᠭᠤᠳᠠᠭ ᠶᠤᠮ᠃ ᠬᠢᠴᠢᠶᠡᠯ ᠤᠨ ᠴᠠᠭ ᠲᠤ ᠬᠤᠶᠠᠷ ᠤᠯᠠᠭᠠᠨᠬᠡᠷᠡᠯ ᠮᠠᠨᠢ ᠪᠣᠯᠤᠷ ᠲᠤ ᠰᠠᠨᠳᠠᠯᠢ ᠥᠭᠬᠦ ᠦᠭᠡᠢ᠃ ᠪᠣᠯᠤᠷ ᠪᠠᠭᠰᠢ ᠳᠤ ᠪᠠᠰᠠ ᠵᠠᠭᠠᠯᠳᠤᠵᠤ ᠴᠢᠳᠠᠬᠤ ᠦᠭᠡᠢ ᠲᠤᠯᠠ ᠠᠷᠭ᠎ᠠ ᠦᠭᠡᠢ ᠯᠡ ᠵᠣᠭᠰᠤᠭ᠎ᠠ  ᠪᠠᠷ ᠢᠶᠠᠨ ᠬᠢᠴᠢᠶᠡᠯ ᠰᠣᠨᠤᠰᠴᠤ ᠪᠠᠶᠢᠬᠤ ᠳᠤ ᠬᠤᠶᠠᠷ ᠤᠯᠠᠭᠠᠨᠬᠡᠷᠡᠯ ᠤᠨ ᠰᠠᠨᠠᠭ᠎ᠠ ᠨᠢ ᠬᠠᠩᠬᠤ ᠦᠭᠡᠢ ︽ᠵᠢᠷᠤᠭ᠎ᠠ ᠪᠣᠯᠤᠷ᠂ ᠵᠢᠷᠤᠭ᠎ᠠ ᠪᠣᠯᠤᠷ︾ ᠭᠡᠵᠤ ᠳᠣᠭᠤᠭᠢᠯᠠᠨ᠎ᠠ᠃ ᠡᠨᠡ ᠮᠡᠲᠦ ᠪᠠᠷ ᠪᠦᠲᠦᠯ ᠦᠭᠡᠢ ᠶᠠᠪᠤᠳᠠᠯ᠂ ᠭᠡᠨᠡᠨ ᠴᠠᠭᠠᠬᠠᠨ ᠳᠦᠷᠰᠦ ᠦᠭᠡᠶᠢᠲᠡᠯ ᠭᠡᠳᠡᠭ ᠬᠡᠦᠬᠡᠳ ᠨᠠᠰᠤ ᠶᠢ ᠳᠠᠭᠠᠵᠤ ᠶᠠᠪᠤᠳᠠᠭ ᠬᠤᠶᠢᠨ᠎ᠠ ᠳ᠋ᠠ᠂ ᠮᠠᠭᠲᠠᠭᠠᠯ ᠵᠢᠮᠡᠯᠡᠯ ᠭᠡᠭᠴᠢ ᠮᠥᠨ ᠯᠡ ᠲᠡᠷᠡ ᠪᠦᠭᠦᠨ ᠢ ᠰᠡᠭᠦᠳᠡᠷ ᠮᠡᠲᠦ ᠮᠥᠷᠳᠡᠨ ᠳᠠᠭᠠᠳᠠᠭ ᠣᠷᠴᠢᠯᠠᠩ ᠳᠤ ᠥᠷᠦᠭᠡᠰᠦᠨ ᠨᠢᠳᠦ ᠪᠠᠨ ᠳᠠᠩᠳᠠ ᠠᠨᠢᠪᠴᠢᠵᠤ᠂ ᠨᠢᠰᠤ ᠪᠠᠨ ᠲᠠᠲᠠᠵᠤ ᠵᠣᠭᠰᠤᠳᠠᠭ᠂ ᠠᠩᠭ᠍ᠯᠢ ᠬᠡᠯᠡᠨ ᠤ ᠲᠥᠯᠥᠭᠡᠯᠡᠭᠴᠢ ᠪᠠᠶᠢᠭᠰᠠᠨ ᠪᠣᠯᠤᠷ ᠮᠠᠨᠢ ᠬᠦᠷᠦᠭᠡᠳ ᠢᠷᠡᠯ᠎ᠡ᠃ ᠬᠠᠮᠤᠭ ᠤᠨ ᠲᠦᠷᠦᠭᠦᠨ ᠳᠤ ᠴᠡᠯᠮᠡᠭ᠄ ︽ᠪᠢ ᠬᠡᠨ ᠪᠣᠢ︖︾ ᠭᠡᠳ ᠭᠠᠷ ᠪᠠᠷᠢᠬᠤ  ᠳᠤ ᠲᠡᠷᠡ ᠨᠡᠷ᠎ᠡ ᠶᠢ ᠨᠢ ᠬᠡᠯᠡᠵᠦ ᠳᠡᠶᠢᠯᠬᠦ ᠦᠭᠡᠢ ᠲᠦᠭᠳᠡᠷᠡᠨ᠎ᠡ᠃ ᠵᠠᠯᠭᠠᠭᠠᠳ ᠪᠢᠳᠡ ᠪᠦᠭᠦᠳᠡᠭᠦᠯᠡ ᠭᠠᠷ ᠪᠠᠷᠢᠨ ᠠᠭᠤᠯᠵᠠᠬᠤ ᠳᠤ ᠲᠡᠷᠡ ᠨᠡᠷ᠎ᠡ ᠬᠥᠮᠥᠨ ᠬᠤᠶᠠᠷ ᠢ ᠨᠢ ᠨᠢᠭᠡ ᠴᠦ ᠳᠠᠭᠠᠷᠠᠭᠤᠯᠵᠤ ᠴᠢᠳᠠᠭᠰᠠᠨ ᠦᠭᠡᠢ᠃ ᠦᠨᠡᠨ ᠳᠤ  ᠪᠠᠨ ᠡᠮᠡᠭᠲᠡᠢ ᠰᠤᠷᠤᠭᠴᠢ ᠲᠠᠢ ᠬᠠᠮᠤᠭ ᠠᠴᠠ ᠢᠯᠡᠭᠦᠦ ᠬᠡᠷᠡᠯᠳᠦᠭᠰᠡᠨ ᠢᠶᠠᠷ ᠨᠢ ᠪᠣᠳᠤᠪᠠᠯ ᠮᠠᠨ ᠤ ᠡᠮᠡᠭᠲᠡᠢ ᠰᠤᠷᠤᠭᠴᠢ ᠶᠢ ᠨᠢᠭᠡ ᠶᠢ ᠨᠢ ᠴᠦ ᠮᠠᠷᠲᠠᠬᠤ ᠦᠭᠡᠢ ᠪᠠᠶᠢᠪᠠᠯ ᠲᠠᠭᠠᠷᠠᠬᠤ ᠶᠤᠮᠰᠠᠨ᠃ ᠭᠡᠲᠡᠯ᠎ᠡ ᠪᠣᠯᠤᠷ ᠬᠠᠷᠢᠨ ᠨᠡᠷ᠎ᠡ ᠬᠥᠮᠥᠨ ᠬᠤᠶᠠᠷ ᠢ ᠨᠢ ᠲᠠᠰᠤ ᠣᠨᠳᠤᠤ ᠬᠡᠯᠡᠵᠦ ᠪᠢᠳᠡᠨ ᠢ ᠢᠨᠢᠶᠡᠯᠭᠡᠵᠦ ᠪᠠᠶᠢᠪᠠ᠃ ᠲᠡᠭᠡᠯᠭᠦᠢ ᠶᠠᠭᠠᠬᠢᠬᠤ ᠪᠣᠢ ᠳ᠋ᠠ᠃ ᠠᠷᠪᠠᠨ ᠬᠡᠳᠦᠬᠡᠨ ᠨᠠᠰᠤᠲᠠᠢ ᠳᠤ ᠪᠠᠨ ᠰᠠᠯᠤᠯᠴᠠᠭᠰᠠᠨ ᠠᠴᠠ ᠬᠤᠶᠢᠰᠢ ᠭᠤᠴᠢᠨ ᠵᠢᠯ ᠤᠨ ᠳᠠᠷᠠᠭ᠎ᠠ ᠥᠨᠥᠳᠦᠷ ᠠᠭᠤᠯᠵᠠᠬᠤ ᠳᠤ ᠪᠢᠳᠡᠨ ᠤ ᠴᠡᠭᠡᠵᠢᠨ ᠳᠤ ᠬᠠᠮᠲᠤ ᠰᠤᠷᠤᠭᠴᠢᠳ ᠤᠨ ᠮᠠᠨᠢ ᠨᠡᠷ᠎ᠡ ᠯᠡ ᠲᠤᠨᠵᠤ ᠦᠯᠡᠳᠡᠭᠰᠡᠨ ᠠᠴᠠ ᠪᠢᠰᠢ ᠵᠢᠰᠦ ᠴᠢᠷᠠᠢ ᠨᠢ ᠮᠠᠷᠲᠠᠭᠳᠠᠵᠤ ᠣᠷᠬᠢᠭᠳᠠᠬᠤ ᠨᠢ ᠵᠠᠶᠢᠯᠠᠰᠢ ᠦᠭᠡᠢ ᠬᠡᠷᠡᠭ ᠡ︕ ᠪᠢᠳᠡ ᠢᠩᠭᠢᠵᠦ ᠯᠡ ᠭᠤᠴᠢᠨ ᠵᠢᠯ ᠤᠨ ᠡᠮᠦᠨᠡᠬᠢ ᠨᠤᠲᠤᠭ ᠨᠤᠲᠤᠭ ᠤᠨ ᠪᠣᠷᠤ ᠪᠢᠯᠵᠤᠤᠬᠠᠢ ᠨᠤᠭᠤᠳ ᠭᠤᠴᠢᠨ ᠵᠢᠯ ᠤᠨ ᠳᠠᠷᠠᠭ᠎ᠠ ᠪᠠᠶᠠᠷ ᠳᠡᠭᠡᠷ᠎ᠡ ᠪᠠᠶᠠᠷ ᠨᠡᠮᠡᠵᠦ ᠱᠣᠯᠤᠭᠠᠨᠠᠯᠳᠤᠨ ᠵᠢᠷᠭᠢᠯᠳᠦᠨ ᠠᠭᠤᠯᠵᠠᠯᠳᠤᠵᠤ ᠪᠢᠯᠡ᠃ ᠡᠨᠡ ᠪᠣᠯ ᠭᠤᠴᠢᠨ ᠵᠢᠯ ᠤᠨ ᠳᠠᠷᠠᠭᠠᠬᠢ ᠬᠠᠮᠲᠤ ᠰᠤᠷᠤᠭᠴᠢᠳ ᠤᠨ ᠠᠭᠤᠯᠵᠠᠯᠲᠠ᠃ ᠡᠨᠡ ᠬᠦ ᠠᠭᠤᠯᠵᠠᠯᠲᠠ ᠶᠢᠨ ᠠᠮᠲᠠ ᠨᠢ ᠬᠦᠷᠲᠡᠯ᠎ᠡ ᠲᠠᠰᠤ ᠣᠨᠳᠤᠤ ᠪᠠᠶᠢᠳᠠᠭ ᠶᠤᠮ ᠪᠠᠶᠢᠨ᠎ᠠ ᠯᠠᠢ᠃ ᠬᠥᠲᠦᠯᠦᠭᠴᠢ ᠶᠢᠨ ᠤᠷᠤᠰᠤᠮ᠎ᠠ ᠶᠠᠷᠢᠶ᠎ᠠ᠂ ᠤᠬᠠᠭᠠᠨ ᠲᠠᠢ ᠵᠣᠬᠢᠴᠠᠭᠤᠯᠤᠯᠲᠠ ᠪᠠᠷ ᠬᠤᠷᠢᠮ ᠮᠠᠰᠢ ᠬᠥᠭᠵᠢᠶᠡᠨ ᠲᠠᠢ ᠶᠠᠪᠤᠭᠳᠠᠵᠤ ᠪᠠᠶᠢᠯ᠎ᠠ᠃ ᠭᠡᠨᠡᠳᠲᠡ ᠭᠦᠴᠦᠲᠡᠢ ᠳᠣᠯᠭᠢᠶᠠᠯᠠᠵᠤ ᠢᠷᠡᠬᠦ ᠤᠷᠲᠤ ᠶᠢᠨ ᠳᠠᠭᠤᠨ ᠤ ᠠᠶᠠᠯᠭᠤ ᠠᠭᠤᠯᠠᠰ ᠠᠭᠤᠯᠠᠰ ᠤᠨ ᠴᠠᠭᠠᠨ᠎ᠠ ᠠᠴᠠ ᠨᠥᠷᠢᠭᠡᠳ ᠪᠠᠭᠤᠬᠤ ᠰᠢᠭ᠋ ᠪᠣᠯᠪᠠ᠃ ᠴᠤᠮᠪᠤᠨ ᠲᠤᠭᠤᠷᠠᠢ ᠲᠠᠢ ᠠᠭᠰᠤᠮ ᠬᠦᠯᠦᠭ  ᠤᠨ ᠠᠮᠢᠰᠬᠤᠭ᠎ᠠ ᠲᠣᠩ ᠣᠶᠢᠷᠠᠬᠠᠨ ᠰᠣᠨᠤᠰᠳᠠᠬᠤ ᠰᠢᠭ᠋ ᠪᠣᠯᠪᠠ᠃ ᠡᠨᠡ ᠶᠠᠭᠤ ᠪᠣᠯᠪᠠ︖ ᠢᠨᠵᠠᠭᠠᠨ ᠵᠣ ᠲᠠᠢ ᠰᠠᠭᠠᠷᠠᠯ ᠮᠣᠷᠢ ᠶᠢ ᠪᠠᠨ ᠢᠨᠴᠠᠭᠠᠬᠤ ᠶᠢᠨ ᠴᠢᠮᠡᠭᠡ ᠪᠠᠷ ᠲᠠᠨᠢᠭᠰᠠᠨ ᠶᠤᠮ ᠢᠨᠠᠭ ᠤᠨ ᠢᠶᠠᠨ ᠠᠮᠠᠷᠠᠭ ᠬᠤᠩᠭᠤᠷ ᠴᠢᠮᠠᠢᠢ ᠪᠠᠨ ᠢᠨᠢᠶᠡᠬᠦ ᠶᠢᠨ ᠴᠢᠮᠡᠭᠡ ᠪᠠᠷ ᠲᠠᠨᠢᠭᠰᠠᠨ ᠶᠤᠮ ᠬᠥ᠋ ᠲᠠᠤᠯᠠᠢ ᠵᠣ ᠲᠠᠢ ᠰᠠᠭᠠᠷᠠᠯ ᠮᠣᠷᠢ ᠶᠢ ᠪᠠᠨ ᠲᠤᠷᠭᠢᠬᠤ ᠶᠢᠨ ᠴᠢᠮᠡᠭᠡ ᠪᠠᠷ ᠲᠠᠨᠢᠭᠰᠠᠨ ᠶᠤᠮ ᠲᠣᠩ ᠴᠦ ᠯᠡ ᠬᠠᠶᠢᠷᠠᠲᠠᠢ ᠬᠤᠩᠭᠤᠷ ᠴᠢᠮᠠᠢᠢ ᠪᠠᠨ ᠳᠠᠭᠤᠯᠠᠬᠤ ᠶᠢᠨ ᠴᠢᠮᠡᠭᠡ ᠪᠠᠷ ᠲᠠᠨᠢᠭᠰᠠᠨ ᠶᠤᠮ ᠬᠥ᠋ ᠁ ᠭᠡᠵᠤ ᠡᠷᠭᠦᠨ᠎ᠡ ᠬᠤᠲᠠ ᠶᠢᠨ ᠤᠯᠠᠭᠠᠨᠮᠥ᠋ᠴᠢᠷ ᠤᠨ ᠳᠠᠭᠤᠴᠢᠨ — ᠨᠠᠷᠠᠨᠬᠡᠷᠡᠯ ᠤᠨ ᠮᠠᠨᠢ ᠤᠤᠭᠠᠨ ᠥᠬᠢᠨ ᠰᠣᠷᠭᠤᠭ ︽ᠢᠨᠵᠠᠭᠠᠨ ᠵᠣ ᠲᠠᠢ ᠰᠠᠭᠠᠷᠠᠯ︾ ᠢ ᠬᠠᠩᠭᠢᠨᠠᠭᠤᠯᠵᠤ ᠪᠠᠶᠢᠨ᠎ᠠ᠃ ᠮᠣᠩᠭᠤᠯ ᠬᠥᠮᠥᠨ ᠤ ᠰᠡᠳᠬᠢᠯ ᠳᠤ ᠬᠦᠷᠴᠦ ᠴᠢᠳᠠᠳᠠᠭ ᠳᠠᠭᠤᠤ ᠤᠷᠠᠯᠢᠭ ᠪᠠᠶᠢᠨ᠎ᠠ ᠭᠡᠬᠦ ᠳᠤ ᠬᠥᠮᠥᠨ ᠪᠦᠬᠦᠨ ᠤ ᠰᠡᠳᠬᠢᠯ ᠵᠢᠷᠦᠬᠡᠨ ᠳᠤ ᠬᠦᠷᠭᠡᠵᠦ ᠴᠢᠳᠠᠳᠠᠭ ᠤᠷᠠᠨ ᠠᠪᠢᠶᠠᠰᠲᠠᠨ ᠢ ᠮᠢᠨᠦ ᠬᠠᠮᠲᠤ ᠰᠤᠷᠤᠭᠴᠢ ᠨᠠᠷᠠᠨᠬᠡᠷᠡᠯ᠂ ᠮᠥᠩᠬᠡᠨᠷᠳᠡᠨᠢ ᠬᠤᠶᠠᠷ ᠲᠦᠷᠦᠭᠦᠯᠦᠭᠰᠡᠨ ᠪᠠᠶᠢᠵᠤ ᠯᠡ ᠳ᠋ᠠ᠃    ᠨᠠᠷᠠᠨᠬᠡᠷᠡᠯ ᠬᠤᠶᠠᠷ ᠥᠬᠢᠨ᠂ ᠨᠢᠭᠡ ᠬᠦᠦ ᠲᠠᠢ᠃ ᠲᠡᠭᠦᠨ ᠤ ᠨᠥᠬᠦᠷ ᠮᠥᠩᠬᠡᠨᠷᠳᠡᠨᠢ ᠭᠡᠳᠡᠭ ᠨᠢ ᠶᠣᠰᠤᠲᠠᠢ ᠲᠡᠷᠭᠡᠯ ᠰᠠᠷᠠᠨ ᠰᠢᠭ᠋ ᠭᠡᠷᠡᠯ ᠭᠡᠶᠢᠭᠰᠡᠨ ᠲᠡᠭᠷᠢ ᠬᠡᠰᠢᠭ ᠲᠠᠢ ᠪᠠᠷᠭᠤ ᠡᠷ᠎ᠡ᠃ ᠣᠩᠭᠤᠨ ᠪᠠᠯᠭᠠᠰᠤ ᠶᠢᠨ ᠪᠤᠷᠬᠠᠨᠲᠤ ᠭᠠᠴᠠᠭ᠎ᠠ ᠳᠤ ᠬᠤᠷᠢᠨ ᠬᠡᠳᠦᠨ ᠵᠢᠯ ᠳᠠᠷᠤᠭ᠎ᠠ᠂ ᠱᠦᠵᠢ ᠶᠢᠨ ᠲᠤᠰᠢᠶᠠᠯ ᠲᠠᠢ ᠶᠠᠪᠤᠭᠰᠠᠨ ᠰᠣᠳᠤᠨ ᠮᠠᠯᠴᠢᠨ᠃ ᠡᠶᠢᠮᠦ ᠠᠴᠠ ᠤᠨᠠᠵᠤ ᠪᠣᠰᠳᠠᠭ ᠠᠮᠢᠳᠤᠷᠠᠯ ᠤᠨ ᠨᠤᠭᠤᠯᠤᠭᠠᠨ ᠳᠤ ᠢᠲᠡᠭᠡᠯ ᠰᠡᠳᠬᠢᠯ ᠢᠶᠠᠷ ᠢᠶᠠᠨ ᠪᠡᠶ᠎ᠡ ᠪᠡᠶ᠎ᠡ ᠪᠠᠨ ᠲᠦᠰᠢᠵᠦ ᠡᠨᠡ ᠬᠤᠷᠸ᠎ᠠ ᠳᠤ ᠡᠯᠢᠭᠡ ᠪᠦᠲᠦᠨ ᠠᠮᠢᠳᠤᠷᠠᠳᠠᠭ ᠪᠠᠶᠢᠵᠠᠢ ᠮᠢᠨᠦ ᠨᠠᠶᠢᠵᠠ᠃    ᠬᠤᠷᠢᠮ ᠣᠷᠭᠢᠯ ᠳᠤ ᠪᠠᠨ ᠲᠤᠯᠪᠠ᠃ ᠬᠠᠶᠢᠯᠠᠷ ᠬᠤᠲᠠ ᠠᠴᠠ ᠮᠣᠷᠢᠯᠠᠨ ᠰᠠᠭᠠᠲᠠᠭᠰᠠᠨ ᠰᠠᠷᠠᠨᠬᠡᠷᠡᠯ ᠮᠠᠨᠢ ᠶᠠᠪᠤᠬᠤ ᠪᠣᠯᠪᠠ᠃ ᠰᠠᠷᠠᠨᠬᠡᠷᠡᠯ ᠰᠢᠭᠡᠰᠦᠨ ᠤ ᠬᠤᠣᠷᠠᠳᠤᠯ ᠳᠤ ᠨᠡᠷᠪᠡᠭᠳᠡᠭᠡᠳ ᠭᠠᠷᠠᠭ ᠪᠦᠷᠢ ᠬᠡᠳᠦ ᠤᠳᠠᠭ᠎ᠠ ᠴᠢᠰᠦ  ᠪᠠᠨ ᠰᠣᠯᠢᠭᠤᠯᠵᠤ ᠪᠠᠶᠢᠨ᠎ᠠ ᠭᠡᠨ᠎ᠡ᠃ ᠥᠨᠥᠳᠦᠷ ᠲᠡᠷᠡ ᠨᠥᠬᠦᠷ ᠢᠶᠠᠷ ᠢᠶᠠᠨ ᠲᠡᠷᠭᠡ ᠪᠠᠨ ᠵᠢᠯᠣᠭᠤᠳᠤᠭᠤᠯᠤᠭᠠᠳ ᠬᠦᠷᠦᠭᠡᠳ ᠢᠷᠡᠵᠡᠢ᠃ ᠭᠠᠳᠠᠨ᠎ᠠ ᠠᠴᠠ ᠨᠢ ᠦᠵᠡᠬᠦ ᠳᠤ᠂ ᠲᠡᠭᠦᠨ ᠤ ᠴᠢᠷᠠᠢ ᠵᠢᠭᠠᠬᠠᠨ ᠬᠠᠷᠠᠯᠠᠭᠰᠠᠨ ᠠᠴᠠ ᠪᠢᠰᠢ ᠤᠶᠢᠳᠬᠠᠷ ᠭᠤᠨᠢᠭ ᠬᠠᠷᠠᠭᠳᠠᠬᠤ ᠦᠭᠡᠢ᠃ ᠶᠠᠮᠠᠷ ᠬᠡᠴᠡᠭᠦᠦ ᠲᠠᠮᠢᠷᠯᠢᠭ ᠪᠦᠰᠡᠭᠦᠢ ᠶᠤᠮ ᠳ᠋ᠠ︕ ᠬᠠᠶᠢᠷ᠎ᠠ᠂ ᠵᠣᠷᠢᠭ ᠬᠤᠶᠠᠷ ᠲᠤ ᠪᠠᠨ ᠯᠡ ᠲᠤᠯᠭᠠᠭᠤᠷᠢᠯᠠᠨ ᠵᠣᠭᠰᠤᠳᠠᠭ ᠪᠠᠶᠢᠵᠤ ᠤᠤ ᠴᠢ ᠮᠢᠨᠢ︕ ᠭᠡᠬᠦ ᠳᠤ ᠲᠡᠷᠡ᠂ ᠪᠦᠰᠡᠭᠦᠢ ᠬᠥᠮᠥᠨ ᠢᠩᠭᠢᠵᠦ ᠭᠤᠨᠢᠭ ᠢᠶᠠᠨ ᠨᠢᠭᠤᠵᠤ ᠢᠨᠢᠶᠡᠳᠦ ᠪᠠᠨ ᠨᠡᠭᠡᠭᠡᠵᠦ ᠶᠠᠪᠤᠬᠤ ᠳᠤ ᠲᠣᠩ ᠴᠦ ᠭᠡᠮ ᠦᠭᠡᠢ ᠶᠤᠮ ᠪᠠᠶᠢᠨ᠎ᠠ ᠭᠡᠵᠤ ᠮᠡᠳᠡᠳᠡᠭ ᠣᠶᠢᠯᠠᠭᠠᠳᠠᠭ ᠬᠥᠮᠥᠨ ᠪᠦᠬᠦᠨ ᠢᠶᠠᠨ ᠳᠠᠭᠤᠨ ᠦᠭᠡᠢ ᠤᠬᠠᠭᠠᠷᠠᠭᠤᠯᠵᠤ ᠪᠠᠶᠢᠯ᠎ᠠ᠃ ᠪᠢ ᠴᠦ ︽ᠬᠥᠭᠡᠷᠦᠬᠦᠢ ᠴᠢ ᠮᠢᠨᠢ ᠪᠢᠳᠡᠨ ᠳᠤ ᠪᠠᠨ ᠦᠷᠭᠦᠯᠵᠢ ᠪᠠᠷ᠎ᠠ ᠪᠠᠨ ᠬᠠᠷᠠᠭᠤᠯᠵᠤ ᠪᠠᠶᠠᠰᠬᠤᠯᠠᠩᠲᠤ ᠬᠠᠷᠠᠴᠠ ᠪᠠᠷ  ᠢᠶᠠᠨ ᠢᠯᠪᠢᠭᠡᠳ ᠯᠡ ᠶᠠᠪᠤᠪᠠᠯ ᠪᠣᠯᠤᠭ᠎ᠠ ᠨᠢ ᠲᠡᠷᠡ ᠡ︕ ᠨᠥᠬᠦᠳ ᠲᠤ ᠴᠢᠨᠢ ᠲᠡᠭᠦᠨ ᠠᠴᠠ ᠥᠭᠡᠷ᠎ᠡ ᠵᠢᠷᠭᠠᠯ ᠬᠡᠷᠡᠭ ᠦᠭᠡᠢ ᠰᠢᠦ᠃ ᠁ ᠡᠷᠲᠡ ᠨᠢᠭᠡᠨ ᠡᠳᠦᠷ ᠡᠪᠡᠳᠴᠢᠨ ᠬᠠᠭᠤᠴᠢᠨ ᠴᠢᠨᠢ ᠠᠷᠢᠯᠵᠤ ᠡᠷᠡᠭᠦᠯ ᠡᠩᠬᠡ ᠶᠢᠨ ᠡᠯᠴᠢ ᠢᠪᠡᠭᠡᠭᠡᠰᠡᠢ ᠴᠢᠮ᠎ᠠ ᠶᠢ︾ ᠭᠡᠵᠤ ᠰᠡᠳᠬᠢᠯ ᠳᠣᠲᠤᠷ᠎ᠠ ᠪᠠᠨ ᠰᠡᠮᠡᠭᠡᠷᠬᠡᠨ ᠳᠠᠭᠠᠳᠬᠠᠭᠰᠠᠭᠠᠷ ᠲᠡᠭᠦᠨ ᠢ ᠦᠳᠡᠵᠦ ᠪᠢᠯᠡ᠃     ᠬᠥᠮᠥᠰ ᠬᠤᠶᠢᠨ᠎ᠠ ᠬᠤᠶᠢᠨ᠎ᠠ ᠠᠴᠠ ᠪᠠᠨ ᠴᠤᠪᠤᠷᠠᠯᠳᠤᠨ ᠶᠠᠪᠤᠵᠠᠭᠠᠵᠤ ᠪᠠᠶᠢᠪᠠ᠃ ᠪᠢᠳᠡ ᠴᠦ   ︽ᠣᠷᠤᠭᠰᠠᠨ ᠪᠣᠷᠤᠭ᠎ᠠ ᠠᠷᠢᠯᠵᠤ ᠢᠷᠡᠭᠰᠡᠨ ᠵᠣᠴᠢᠨ ᠶᠠᠪᠤᠳᠠᠭ︾ ᠵᠣᠷᠰᠢᠯ ᠢᠶᠠᠷ ᠢᠯᠳᠠᠮ ᠰᠥᠨᠢ ᠶᠢᠨ ᠲᠡᠭᠷᠢ ᠶᠢᠨ ᠳᠡᠭᠡᠭᠦᠷ ᠬᠤᠶᠢᠮᠤᠷ ᠲᠤ ᠢᠯᠭᠤᠮ ᠰᠠᠶᠢᠬᠠᠨ ᠳᠣᠯᠤᠭᠠᠨ ᠪᠤᠷᠬᠠᠨ ᠣᠳᠤ ᠠᠰᠠᠨ ᠭᠢᠯᠠᠯᠵᠠᠵᠤ ᠪᠠᠶᠢᠬᠤ ᠡᠷᠡᠨ ᠢᠶᠠᠷ ᠨᠥᠬᠦᠳ ᠤᠨ ᠢᠶᠠᠨ ᠰᠠᠶᠢᠨ ᠰᠠᠶᠢᠬᠠᠨ ᠢ ᠢᠲᠡᠭᠡᠯ ᠰᠡᠳᠬᠢᠯ ᠢᠶᠠᠷ ᠢᠶᠠᠨ ᠵᠦᠩᠨᠡᠭᠰᠡᠭᠡᠷ ᠪᠤᠴᠠᠪᠠ᠃    ᠲᠡᠶᠢᠮᠦ ᠡ︕ ᠭᠤᠴᠢᠨ ᠵᠢᠯ ᠤᠨ ᠡᠮᠦᠨᠡᠬᠢ ᠨᠤᠲᠤᠭ ᠨᠤᠲᠤᠭ ᠤᠨ ᠪᠣᠷᠤ ᠪᠢᠯᠵᠤᠤᠬᠠᠢ ᠨᠤᠭᠤᠳ ᠡ︕ ᠵᠢᠭᠠᠰᠤ ᠰᠢᠭ᠋ ᠨᠠᠭᠠᠳᠴᠤ ᠲᠣᠭᠤᠷᠤᠤ ᠰᠢᠭ᠋ ᠪᠥᠵᠢᠳᠡᠭ ᠬᠥᠭᠡᠷᠦᠬᠦᠨ ᠳᠦᠷᠢ ᠮᠢᠨᠢ ᠴᠠᠭ ᠴᠠᠭ ᠤᠨ ᠥᠩᠭᠡᠨ ᠳᠤ ᠬᠤᠪᠢᠷᠠᠰᠢ ᠦᠭᠡᠢ ᠬᠡᠪ ᠢᠶᠠᠷ ᠢᠶᠠᠨ ᠬᠠᠳᠠᠭᠠᠯᠠᠭᠳᠠᠨ ᠦᠯᠡᠳᠡᠭᠰᠡᠭᠡᠷ ᠪᠠᠶᠢᠭ᠎ᠠ ᠰᠢᠦ᠃ ᠁ ᠨᠠᠰᠤ ᠵᠢᠯ ᠢ ᠳᠠᠭᠠᠭᠠᠳ ᠪᠤᠭᠤᠷᠤᠯ ᠬᠢᠷᠠᠭᠤ ᠪᠠᠭᠤᠭᠰᠠᠨ ᠴᠦ ᠨᠠᠷᠠᠲᠤ ᠶᠢᠨ ᠵᠠᠮ ᠳᠤ ᠪᠢᠯᠢᠭ ᠢᠶᠠᠨ ᠰᠣᠷᠢᠵᠤ ᠪᠢᠷ ᠢᠶᠠᠨ ᠬᠤᠷᠴᠠᠯᠠᠭᠰᠠᠨ ᠡᠷᠪᠡᠬᠡᠢ ᠪᠠᠭ᠎ᠠ ᠨᠠᠰᠤᠨ ᠤ ᠪᠠᠨ ᠠᠯᠲᠠᠩᠬᠠᠨ ᠡᠳᠦᠷ ᠤᠳ ᠢᠶᠠᠨ ᠳᠤᠷᠠᠰᠴᠤ ᠶᠠᠪᠤᠬᠤ ᠶᠢᠨ ᠵᠢᠷᠭᠠᠯ ᠪᠢᠳᠡᠨ ᠳᠤ ᠥᠭᠡᠷ᠎ᠡ ᠬᠠᠮᠢᠭ᠎ᠠ ᠪᠠᠶᠢᠬᠤ ᠶᠤᠮ ᠪᠣᠢ︖ ᠁                             2012.12.24 — 12.28 ᠬᠦᠷᠲᠡᠯ᠎ᠡ ᠠᠯᠲᠠᠭᠮᠡᠭᠡᠯ ᠳᠤ                                                  ᠪᠢᠴᠢᠵᠦ᠂ 2013.1.9 ᠳᠤ ᠵᠠᠰᠠᠪᠠ                                   ᠵᠣᠬᠢᠶᠠᠭᠴᠢ   ᠶᠢᠨ  ᠬᠠᠶ᠋ᠢᠭ  ᠄  ᠰᠢᠨ᠎ᠡ ᠪᠠᠷᠭᠤ ᠪᠠᠷᠠᠭᠤᠨ                                  ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号