ᠨᠤᠲᠤᠭ ᠤᠨ ᠪᠣᠷᠣ ᠴᠢᠯᠠᠭᠤᠳ
ᠨᠡᠶᠢᠲᠡᠯᠡᠭᠰᠡᠨ ᠴᠠᠭ᠄
2022/12/15
ᠨᠡᠭᠦᠳᠡᠯ ᠳᠤ ᠶᠠᠪᠣᠭᠰᠠᠨ ᠡᠪᠥᠭᠡᠳ ᠤᠨ ᠮᠢᠨᠢ ᠨᠢᠭᠤᠴᠠᠯᠠᠵᠣ ᠥᠯᠡᠳᠡᠭᠡᠭᠰᠡᠨ ᠬᠠᠶᠢᠷ᠎ᠠ ᠭᠠᠵᠠᠷ ᠢᠶᠠᠨ ᠡᠯᠢᠭᠡᠳᠡᠵᠥ ᠭᠡᠪᠳᠡᠭᠰᠡᠨ ᠭᠠᠭᠴᠠ ᠶᠠᠩᠵᠣ ᠪᠠᠷ ᠵᠣᠭᠰᠣᠭᠰᠠᠨ ᠠᠮᠢᠰᠬᠤᠭ᠎ᠠ ᠨᠠᠷᠠ ᠰᠠᠯᠬᠢᠨ ᠳᠤ ᠳᠠᠰᠳᠠᠯ᠎ᠠ ᠪᠠᠨ ᠳᠥᠩᠰᠦ᠋ᠭᠰᠡᠨ ᠨᠠᠮᠣᠷ ᠤᠨ ᠳᠠᠯᠠᠯᠭ᠎ᠠ ᠲᠠᠢ ᠰᠡᠳᠭᠢᠯ ᠤᠨ ᠠᠷᠭᠠᠮᠵᠢᠶ᠎ᠠ ᠰᠥᠮᠪᠥᠷ ᠶᠡᠭᠡ ᠠᠭᠤᠯᠠᠰ ᠤᠨ ᠬᠡᠯᠳᠡᠷᠬᠡᠢ ᠰᠦ ᠳᠣᠰᠣᠭᠠᠭᠰᠠᠨ ᠡᠵᠢ ᠶᠢᠨ ᠡᠩᠬᠦᠷᠠᠢ ᠣᠯᠠᠷᠢᠯ ᠤᠨ ᠴᠡᠩᠭᠡᠷ ᠰᠠᠯᠬᠢ ᠶᠢ ᠠᠨᠢᠰᠬᠠᠨ ᠳᠣᠭᠤᠣᠷ ᠢᠶᠠᠨ ᠬᠤᠷᠭᠤᠳᠠᠭᠤᠯᠵᠣ ᠠᠳᠠᠷ ᠤᠨ ᠰᠡᠮᠬᠡᠨ ᠪᠥᠷᠥᠢ ᠳᠤ ᠰᠥᠭ ᠰᠥᠨᠡᠰᠥ ᠰᠢᠭ ᠣᠷᠣᠰᠢᠭᠰᠠᠨ ᠥᠭᠡᠳᠡ ᠪᠠᠨ ᠬᠠᠨᠳᠣᠨ ᠣᠷᠭᠤᠵᠣ ᠠᠮᠢᠳᠣᠷᠠᠯ ᠡᠭᠦᠷᠥᠭᠰᠡᠨ ᠬᠠᠳᠠᠭᠤ ᠲᠠᠩᠭᠠᠷᠢᠭ ᠠᠪᠤ ᠶᠢᠨ ᠮᠢᠨᠢ ᠶᠠᠩᠵᠣᠯᠠᠵᠣ ᠬᠤᠴᠣᠷᠭᠠᠭᠰᠠᠨ ᠠᠷᠭᠠᠯ ᠤᠨ ᠳᠥᠯᠥ ᠲᠠᠢ ᠮᠥᠷᠥᠭᠡᠳᠥᠯ ᠤᠳ ᠪᠣᠷᠤᠭ᠎ᠠ ᠳᠡᠭᠡᠷ᠎ᠡ ᠴᠢᠨᠢ ᠰᠢᠪᠡᠷᠡᠵᠦ ᠬᠤᠨᠣᠳᠠᠭ ᠢᠶᠠᠷ ᠢᠶᠠᠨ ᠪᠣᠳᠣᠯ ᠤᠨ ᠥᠵᠥᠭᠦᠷ ᠴᠢ ᠬᠠᠶᠢᠷ᠎ᠠ ᠶᠢᠨ ᠲᠦᠯᠦᠭᠡᠯᠡᠯ ᠬᠠᠳᠠ ᠬᠠᠳᠠᠨ ᠤ ᠳᠣᠷᠠᠰᠣᠮᠵᠢ ᠬᠥᠷᠥᠳᠡᠭ ᠢᠶᠠᠷ ᠢᠶᠠᠨ ᠬᠠᠨᠢ ᠶᠢᠨ ᠵᠠᠶᠠᠭ᠎ᠠ ᠳᠥᠰᠢᠵᠥ ᠥᠨᠳᠡᠶᠢᠭᠰᠡᠨ ᠰᠥᠷᠯᠢᠭᠦᠨ ᠭᠠᠭᠴᠠ ᠬᠤᠶᠠᠷ ᠢᠶᠠᠷ ᠴᠣᠪᠣᠵᠣ ᠰᠠᠭᠤᠳᠠᠭ ᠴᠤᠭᠠᠩᠭᠠᠷᠠᠵᠣ ᠭᠠᠵᠠᠷ ᠲᠠᠭᠠᠨ ᠣᠷᠭᠤᠭᠰᠠᠨ ᠵᠠᠶᠠᠭ᠎ᠠ ᠰᠠᠷᠠᠨ ᠤ ᠳᠣᠶᠠᠭ᠎ᠠ ᠠᠭᠤᠰᠣᠭᠰᠠᠨ ᠰᠠᠨᠠᠬᠤ ᠶᠢᠨ ᠣᠴᠢᠷᠳᠠᠢ ᠳᠣᠷᠠᠰᠣᠮᠵᠢ ᠨᠤᠭᠤᠳ ᠥᠨᠢ ᠡᠷᠳᠡᠨ ᠤ ᠲᠠᠯ᠎ᠠ ᠳᠠᠭᠠᠨ ᠥᠯᠡᠳᠡᠵᠥ ᠬᠤᠴᠣᠷᠣᠭᠰᠠᠨ ᠬᠥᠰᠡᠯ ᠤᠳ ᠮᠢᠨᠢ ᠠᠳᠠᠨ ᠴᠠᠭᠠᠨ ᠳᠡᠮᠡᠭᠡᠳ ᠤᠨ ᠠᠯᠣᠰ ᠠᠴᠠ ᠴᠣᠣᠷᠢᠶᠠᠯᠠᠬᠤ ᠪᠤᠶᠢᠯᠠᠭ᠎ᠠ ᠴᠢᠩᠨᠠᠵᠣ ᠳᠣᠣᠯᠢ ᠳᠡᠥᠬᠡᠨ ᠠᠴᠠ ᠨᠠᠭᠠᠰᠢᠯᠠᠭᠰᠠᠨ ᠭᠠᠵᠠᠷ ᠤᠨ ᠡᠵᠡᠯᠡᠭᠦᠨ ᠳᠠᠮᠠᠭ᠎ᠠ ᠨᠤᠭᠤᠳ ᠮᠢᠨᠢ ᠪᠥᠭᠦᠳᠡ ᠶᠢᠨ ᠳᠣᠮᠳᠠ ᠪᠠᠨ ᠨᠠᠷᠠᠨ ᠵᠡᠭᠦᠳᠥ ᠲᠠᠢ ᠪᠥᠯᠢᠶᠡᠨ ᠴᠤᠭ ᠲᠠᠢ ᠠᠮᠢᠵᠢᠷᠠᠯ ᠤᠳ᠃ ᠳᠡᠭᠷᠢ ᠭᠠᠵᠠᠷ ᠤᠨ ᠬᠤᠭᠤᠷᠣᠨᠳᠣ ᠴᠢ ᠬᠠᠶᠢᠷ᠎ᠠ ᠶᠢᠨ ᠪᠥᠷᠢᠯᠳᠥᠭᠦᠨ ᠠᠯᠠᠭᠠᠨ ᠳᠡᠭᠡᠷ᠎ᠡ ᠪᠠᠨ ᠳᠠᠯᠪᠢᠭᠠᠳ ᠡᠩᠬᠦᠷᠠᠶᠢᠯᠡᠬᠦ ᠳᠤ ᠠᠮᠢᠳᠣ ᠡᠷᠳᠡᠨᠢ ᠴᠢ ᠮᠢᠨᠣ ᠨᠣᠳᠤᠭ ᠡ ᠭᠡᠷᠡᠯ ᠳᠣᠶᠠᠭᠠᠨ ᠤ ᠠᠰᠬᠠᠷᠠᠯ ᠢ ᠴᠢᠨᠢ ᠴᠢᠩᠨᠠᠬᠤ ᠳᠤ ᠭᠡᠭᠡᠷᠡᠵᠥ ᠳᠣᠭᠳᠠᠨᠢᠬᠤ ᠶᠢᠨ ᠣᠬᠠᠭ᠎ᠠ ᠱᠣᠣᠭᠢᠨ᠎ᠠ ᠭᠠᠵᠠᠷ ᠢᠶᠠᠨ ᠰᠠᠬᠢᠵᠣ ᠬᠤᠴᠣᠷᠬᠤ ᠭᠠᠯᠪᠠ ᠶᠢᠨ ᠶᠠᠰᠣᠳᠠᠢ ᠴᠢᠯᠠᠭᠤᠳ ᠮᠢᠨᠢ᠃
 
ᠢᠷᠡᠯᠲᠡ᠄ ᠨᠡᠬᠡᠶᠢᠲᠦ ᠶᠢᠨ ︽ᠠᠳᠤᠭᠤᠨᠴᠢᠯᠠᠭᠤ︾ ᠨᠤᠮ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号