ᠲᠠᠯ᠎ᠠ ᠨᠤᠲᠤᠭ ᠤᠨ ᠲᠠᠪᠤᠨ ᠡᠷᠳᠡᠨᠢ
ᠨᠡᠶᠢᠲᠡᠯᠡᠭᠰᠡᠨ ᠴᠠᠭ᠄
2022/12/19
ᠢᠮᠠᠭ᠎ᠠ ᠡᠷᠳᠡᠨᠢ ᠠᠭᠤᠯᠠᠨ ᠬᠢᠷ᠎ᠠ ᠪᠠᠷ ᠪᠡᠯᠴᠢᠬᠡᠷ ᠲᠠᠢ ᠤᠷᠳᠤᠭᠤᠨ᠎ᠠ ᠵᠠᠭᠰᠠᠭᠠᠯ ᠤᠨ ᠮᠠᠯᠳᠠᠭᠤᠰᠢ ᠲᠠᠢ ᠤᠭᠰᠠᠭ᠎ᠠ ᠤᠳᠤᠮ ᠢᠶᠠᠷ ᠢᠶᠠᠨ ᠬᠤᠳᠠᠯᠠᠳᠠᠭ ᠤᠭᠰᠢᠯ ᠤᠨ ᠴᠢᠰᠦᠨ ᠪᠠᠷᠢᠯᠳᠤᠯᠭ᠎ᠠ ᠲᠠᠢ ᠡᠪ ᠤᠨ ᠲᠤᠭᠤᠷᠢᠭ ᠲᠤ ᠪᠦᠷᠢᠳᠭᠡᠭᠳᠡᠭᠰᠡᠨ ᠡᠩᠬᠡ ᠶᠢᠨ ᠪᠦᠪᠡᠢ ᠲᠠᠢ ᠢᠮᠠᠭ᠎ᠠ ᠡᠷᠳᠡᠨᠢ ᠡ︕ ᠰᠡᠯᠡᠮᠡᠨ ᠬᠤᠶᠠᠷ ᠡᠪᠡᠷ ᠲᠠᠢ ᠰᠡᠭᠡᠷ ᠪᠤᠰᠤᠭ᠎ᠠ ᠰᠤᠷᠳᠤᠭᠤ ᠲᠠᠢ ᠵᠤᠨ ᠳᠠᠭᠠᠨ ᠲᠠᠷᠠᠤᠬᠠᠨ ᠡᠪᠦᠯ ᠳᠡᠭᠡᠨ ᠴᠤᠭᠯᠠᠭᠤᠬᠠᠨ ᠬᠡᠪᠳᠡᠳᠡᠭ ᠴᠠᠭ ᠠᠭᠤᠷ ᠤᠨ ᠴᠢᠩᠭ᠎ᠠ ᠵᠤᠬᠢᠴᠠᠯ ᠲᠠᠢ ᠴᠤᠪᠤᠭᠤ ᠴᠤᠯᠬᠢᠨ ᠢᠮᠠᠭ᠎ᠠ ᠡᠷᠳᠡᠨᠢ ᠡ︕ ᠬᠤᠨᠢ ᠡᠷᠳᠡᠨᠢ ᠠᠷᠭᠠᠯᠢ ᠤᠭᠠᠯᠵᠠ ᠶᠢᠨ ᠤᠳᠤᠮ ᠲᠠᠢ ᠠᠮᠤᠭᠤᠯᠠᠩ ᠲᠠᠶᠢᠪᠤᠩ ᠠᠷᠠᠨᠰᠢᠨ ᠲᠠᠢ ᠬᠤᠳᠤᠭᠤᠷ ᠢᠶᠠᠷ ᠲᠦᠬᠦᠷᠡᠩ ᠨᠠᠯᠠᠶᠢᠳᠠᠭ ᠬᠤᠷᠠᠵᠤ ᠭᠠᠳᠠᠨ᠎ᠠ ᠪᠠᠨ ᠦᠳᠡᠯᠡᠳᠡᠭ ᠮᠦᠷᠬᠦᠯᠳᠦᠭᠰᠡᠨ ᠬᠤᠶᠠᠷ ᠢ ᠪᠠᠨ ᠡᠪᠰᠡᠬᠦᠯᠳᠡᠭ ᠮᠤᠩᠬᠤᠷ ᠬᠠᠮᠠᠷᠳᠤ ᠬᠤᠨᠢ ᠡᠷᠳᠡᠨᠢ ᠡ︕ ᠬᠠᠯᠵᠠᠨ ᠵᠢᠰᠦᠮ ᠤᠨ ᠭᠤᠶᠤᠯᠠᠯ ᠲᠠᠢ ᠬᠠᠪᠬᠠᠭᠠᠰᠤᠨ ᠰᠡᠬᠦᠯ ᠤᠨ ᠲᠠᠯᠠᠯᠭ᠎ᠠ ᠲᠠᠢ ᠬᠤᠷᠠᠭ᠎ᠠ ᠲᠦᠯ ᠨᠢ ᠦᠰᠭᠦᠯᠡᠩ ᠬᠤᠷ ᠬᠦᠴᠦ ᠨᠢ ᠬᠠᠳᠠᠭᠠᠯᠠᠮᠠᠳᠠᠭᠠᠢ ᠬᠤᠷᠢᠮ ᠤᠨ ᠬᠤᠶᠢᠮᠤᠷ ᠲᠤ ᠲᠡᠭᠡᠵᠢᠯᠡᠭᠳᠡᠳᠡᠭ ᠬᠤᠷᠸ᠎ᠠ ᠳᠤ ᠬᠤᠪᠤᠷᠬᠠᠨ ᠬᠤᠨᠢ ᠡᠷᠳᠡᠨᠢ ᠡ︕ ᠦᠭᠡᠷ ᠡᠷᠳᠡᠨᠢ ᠲᠤᠭᠤᠯ ᠪᠢᠷᠠᠭᠤ ᠨᠢ ᠪᠡᠯᠴᠢᠭᠡᠷ ᠲᠤ ᠤᠭᠤᠳᠤᠩᠨᠠᠵᠤ ᠲᠤᠭᠤᠯᠴᠢᠨ ᠬᠡᠦᠬᠡᠳ ᠵᠠᠬ᠎ᠠ ᠳᠤᠨᠢ ᠲᠤᠭᠯᠠᠳᠠᠭ ᠰᠢᠷᠭᠠᠯ ᠰᠦ ᠨᠢ ᠰᠠᠭᠤᠯᠠᠭᠠᠨ ᠳᠤ ᠬᠦᠬᠡᠰᠦᠷᠡᠵᠦ ᠰᠠᠭᠠᠯᠢᠴᠢᠨ ᠡᠵᠡᠳ ᠨᠢ ᠪᠠᠶᠠᠰᠤᠨ ᠵᠢᠷᠭᠠᠳᠠᠭ ᠠᠷᠠᠰᠤ ᠰᠢᠷᠢ ᠨᠢ ᠢᠳᠡᠬᠡᠯᠡᠭᠳᠡᠨ ᠡᠯᠳᠡᠭᠳᠡᠵᠦ ᠠᠰᠢᠭ ᠢᠶᠠᠨ ᠬᠦᠷᠳᠡᠭᠡᠳᠡᠭ ᠦᠬᠡᠷ ᠡᠷᠳᠡᠨᠢ ᠡ︕ ᠲᠠᠩᠰᠤᠭ ᠤᠷᠭᠤᠮᠠᠯ ᠢ ᠤᠷᠢᠶᠠᠨ ᠢᠳᠡᠰᠢᠯᠡᠵᠦ ᠲᠠᠯ᠎ᠠ ᠵᠣ ᠪᠠᠷ ᠭᠡᠪᠳᠡᠨ ᠲᠠᠷᠭᠤᠯᠠᠳᠠᠭ ᠰᠢᠮᠡᠳᠡᠢ ᠮᠢᠬ᠎ᠠ ᠨᠢ ᠲᠤᠭᠤᠭᠠᠨ ᠳᠤ ᠲᠠᠷᠬᠢᠯᠵᠤ ᠰᠢᠷᠪᠦᠰᠦᠯᠢᠭ ᠡᠵᠡᠳ ᠨᠢ ᠬᠦᠷᠦᠰᠦᠵᠢᠨ ᠪᠦᠬᠡᠵᠢᠳᠡᠭ ᠰᠢᠨᠳᠡᠰᠦ ᠰᠢᠷᠪᠤᠰᠤ ᠨᠢ ᠬᠠᠰᠠᠭ ᠲᠤ ᠡᠷᠴᠢᠯᠡᠵᠦ ᠨᠡᠬᠦᠳᠡᠯ ᠬᠦᠪᠦᠷᠡᠬᠦᠯᠳᠡᠭ ᠦᠬᠡᠷ ᠡᠷᠳᠡᠨᠢ ᠡ︕ ᠠᠳᠤᠭᠤ ᠡᠷᠳᠡᠨᠢ ᠤᠨᠠᠭᠠᠨ ᠨᠤᠳᠤᠭ ᠤᠷᠤᠭᠤ ᠪᠠᠨ ᠬᠦᠶᠦᠮᠡᠳᠡᠭᠡᠢ ᠤᠨᠤᠭᠰᠠᠨ ᠡᠵᠡᠨ ᠳᠡᠭᠡᠨ ᠲᠠᠰᠤᠮᠠᠳᠠᠭᠠᠢ ᠨᠠᠭᠤᠷ ᠵᠠᠳᠠᠭᠠᠢ ᠳᠤ ᠬᠦᠷᠪᠡᠮᠡᠳᠡᠬᠡᠢ ᠨᠢᠷᠤᠭᠤ ᠵᠣ ᠪᠠᠷ ᠦᠳᠡᠯᠡᠮᠡᠳᠡᠬᠡᠢ ᠨᠠᠭᠠᠳᠤᠮᠴᠢᠳ ᠤᠨ ᠨᠢᠳᠦ ᠶᠢ ᠪᠤᠯᠢᠶᠠᠮᠠᠳᠠᠭᠠᠢ ᠨᠠᠶᠢᠷ ᠤᠨ ᠤᠳᠤ ᠲᠠᠢ ᠠᠳᠤᠭᠤ ᠡᠷᠳᠡᠨᠢ ᠡ︕ ᠦᠳᠡᠰᠢ ᠰᠦᠨᠢ ᠪᠠᠷ ᠢᠳᠡᠰᠢᠯᠡᠳᠡᠭ ᠦᠤᠷ ᠤᠨ ᠴᠤᠯᠮᠤᠨ ᠢᠶᠠᠷ ᠤᠨᠳᠠᠳᠠᠭ ᠬᠦᠷᠪᠡᠬᠦ ᠶᠢᠨ ᠭᠱᠠᠨ ᠳᠤ ᠤᠨᠠᠭᠠᠯᠠᠳᠠᠭ ᠬᠤᠨᠢᠨ ᠤ ᠲᠤᠭᠤᠰᠤᠨ ᠳᠤ ᠬᠤᠷᠳᠤᠯᠠᠳᠠᠭ ᠰᠦᠢᠯᠭ᠎ᠠ ᠤᠶᠠᠯᠭ᠎ᠠ ᠳᠤ ᠴᠢᠩᠭᠠᠷᠠᠳᠠᠭ ᠰᠢᠨᠳᠠᠰᠤᠳᠣ ᠬᠦᠯᠦ᠋ᠭ ᠠᠳᠤᠭᠤ ᠡᠷᠳᠡᠨᠢ ᠡ︕ ᠲᠡᠮᠡᠭᠡ ᠡᠷᠳᠡᠨᠢ ᠬᠤᠭᠤᠯᠠᠢ ᠬᠦᠨᠳᠡᠢ ᠪᠠᠷ ᠬᠦᠷᠡᠩᠳᠡᠩᠬᠡᠨ ᠪᠡᠯᠴᠢᠬᠡᠷᠯᠡᠵᠦ ᠬᠤᠯᠠ ᠶᠢᠨ ᠵᠡᠷᠭᠡᠯᠬᠡᠨ ᠳᠤ ᠠᠭᠤᠰᠤᠩᠬᠠᠨ ᠪᠠᠷᠠᠭᠠᠨᠳᠠᠵᠤ ᠬᠤᠶᠢᠷᠠᠭ ᠬᠠᠷᠭᠠᠨ᠎ᠠ ᠳᠤ ᠢᠳᠡᠭᠡᠰᠢᠩᠬᠡᠨ ᠢᠳᠡᠰᠢᠯᠡᠵᠦ ᠬᠡᠦᠬᠡᠳ ᠬᠦᠭᠰᠢᠳ ᠲᠤ ᠨᠤᠯᠤᠭᠤᠯᠤᠩᠬᠠᠨ ᠤᠨᠤᠭᠠᠷᠢᠰᠢᠵᠤ ᠬᠦᠦᠰᠢᠯᠡᠬᠦ ᠠᠶᠠᠯᠭᠤᠨ ᠳᠤ ᠢᠪᠢᠯᠦ᠋ᠩᠬᠡᠨ ᠰᠠᠭᠠᠮᠰᠢᠷᠠᠳᠠᠭ ᠬᠦᠢ ᠭᠤᠪᠢ ᠶᠢᠨ ᠲᠡᠮᠡᠭᠡ ᠡᠷᠳᠡᠨᠢ ᠡ︕ ᠤᠶᠠᠭ᠎ᠠ ᠲᠠᠢ ᠪᠤᠳᠤᠭᠤᠨ ᠳᠠᠭᠠᠨ ᠪᠤᠶᠢᠯᠠᠩᠬᠠᠨ ᠶᠠᠭᠠᠷᠠᠵᠤ ᠤᠨᠤᠯᠭ᠎ᠠ ᠠᠴᠢᠯᠭ᠎ᠠ ᠳᠤ ᠴᠦᠷᠬᠡᠯᠡᠬᠦᠯᠦ᠋ᠩᠬᠡᠨ ᠬᠦᠪᠦᠷᠡᠵᠦ ᠰᠢᠯᠢ ᠵᠤᠭᠳᠤᠷ ᠢᠶᠠᠨ ᠰᠤᠭᠰᠤᠯᠵᠠᠭᠤᠯᠤᠩᠬᠠᠨ ᠵᠤᠨᠵᠢᠵᠦ ᠰᠢᠷᠡᠮᠦᠨ ᠲᠠᠪᠠᠭᠠᠢ ᠪᠠᠨ ᠬᠢᠯᠠᠯᠵᠠᠭᠤᠯᠤᠩᠬᠠᠨ ᠲᠡᠰᠢᠵᠦ ᠰᠢᠷᠭᠠᠯ ᠮᠠᠩᠬ᠎ᠠ ᠶᠢ ᠲᠤᠭᠤᠴᠢᠩᠬᠠᠨ ᠲᠤᠭᠤᠯᠳᠠᠭ ᠰᠢᠳᠡᠷ᠎ᠡ ᠶᠢᠨ ᠬᠦᠯᠬᠡ ᠲᠡᠮᠡᠭᠡ ᠡᠷᠳᠡᠨᠢ ᠡ︕
 
ᠢᠷᠡᠯᠲᠡ᠄ ᠨᠡᠬᠡᠶᠢᠲᠦ ᠶᠢᠨ ︽ᠠᠳᠤᠭᠤᠨᠴᠢᠯᠠᠭᠤ︾ ᠨᠤᠮ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号