ᠴᠡᠴᠡᠭᠲᠦ ᠲᠣᠯᠣᠭᠠᠳ ᠤᠨ ᠲᠤᠤᠯᠢ
ᠨᠡᠶᠢᠲᠡᠯᠡᠭᠰᠡᠨ ᠴᠠᠭ᠄
2019/4/11
             ᠵᠣᠬᠢᠶᠠᠭᠴᠢ᠄ ︹ᠮᠣᠩᠭᠤᠯ ᠣᠯᠣᠰ︺ ᠴ᠊᠊ ᠪᠤᠶᠠᠨᠵᠠᠶᠠᠭ᠎ᠠ      ᠨᠢᠭᠡ      ᠬᠥᠳᠡᠭᠡ ᠶᠢᠨ ᠪᠢᠴᠢᠬᠠᠨ ᠰᠠᠭᠤᠷᠢᠨ ᠳᠤ ᠲᠡᠷᠡ ᠪᠠᠷ ᠮᠢᠨᠤ ᠬᠠᠷᠠᠭᠰᠠᠨ ᠬᠠᠮᠤᠭ ᠤᠨ ᠰᠠᠶᠢᠬᠠᠨ ᠪᠦᠰᠡᠭᠦᠢ ᠪᠠᠶᠢᠭᠰᠠᠨ ᠶᠤᠮ᠃ ᠲᠡᠭᠦᠨ ᠤ ᠲᠤᠩᠭᠠᠯᠠᠭ ᠬᠠᠷ᠎ᠠ ᠨᠢᠳᠦ᠂ ᠶᠠᠯᠢᠭ ᠶᠠᠭᠠᠨ ᠲᠤᠶᠠᠭ᠎ᠠ ᠲᠠᠢ ᠬᠠᠴᠠᠷ ᠲᠠᠢ ᠪᠠᠨ ᠵᠣᠬᠢᠴᠠᠭᠰᠠᠨ ᠨᠢᠮᠭᠡᠨ ᠴᠠᠭᠠᠨ ᠴᠢᠷᠠᠢ ᠨᠢ ᠣᠳᠣ ᠶᠢ ᠪᠣᠯᠲᠠᠯ᠎ᠠ ᠰᠠᠨᠠᠭᠠᠨ ᠠᠴᠠ ᠮᠢᠨᠢ ᠭᠠᠷᠳᠠᠭ ᠦᠭᠡᠢ ᠪᠢᠯᠡ᠃ ᠪᠦᠰᠡᠭᠦᠢ ᠳᠠᠩᠳᠠ ᠯᠠ ᠴᠠᠭᠠᠨ ᠳᠠᠰᠢᠨᠵᠠ ᠡᠮᠦᠰᠴᠦ ᠶᠠᠪᠤᠳᠠᠭ ᠰᠠᠨ᠃ ᠳᠥᠩᠭᠡᠵᠦ ᠠᠷᠪᠠᠨ ᠨᠠᠢᠮᠠᠨ ᠨᠠᠰᠤ ᠱᠦᠷᠭᠦᠵᠦ ᠶᠠᠪᠤᠭᠰᠠᠨ ᠲᠡᠭᠦᠨ ᠢ ᠮᠠᠨ ᠤ ᠰᠠᠭᠤᠷᠢᠨ ᠤ ᠡᠷ᠎ᠡ ᠬᠦᠢᠰᠦᠲᠡᠨ ᠪᠣᠯᠭᠠᠨ ᠰᠣᠨᠵᠢᠵᠤ ᠶᠠᠪᠤᠭᠰᠠᠨ ᠢ ᠪᠢ ᠲᠣᠳᠣᠬᠠᠨ ᠰᠠᠨᠠᠵᠤ ᠪᠠᠶᠢᠨ᠎ᠠ᠃ ᠶᠠᠭᠠᠬᠢᠭᠠᠳ ᠴᠦ ᠶᠤᠮ ᠪᠤᠢ᠂ ᠪᠢ ᠪᠤᠰᠤᠳ ᠡᠷᠡᠴᠦᠳ ᠤᠨ ᠠᠳᠠᠯᠢ ᠲᠡᠭᠦᠨ ᠢ ᠪᠢᠲᠡᠭᠦᠬᠡᠨ ᠬᠠᠷᠠᠵᠤ ᠶᠠᠪᠤᠭᠰᠠᠨ ᠶᠤᠮ᠃ ᠲᠡᠭᠡᠬᠦ ᠳᠤ ᠪᠢ ᠠᠷᠪᠠᠨ ᠳᠣᠯᠣᠭᠠᠨ ᠨᠠᠰᠤ ᠴᠦ ᠬᠦᠷᠦᠭᠡ ᠦᠭᠡᠢ ᠪᠠᠶᠢᠭᠰᠠᠨ ᠪᠢᠯᠡ᠃      ᠮᠠᠭᠠᠳ ᠦᠭᠡᠢ᠂ ᠲᠡᠷᠡ ᠮᠢᠨᠤ ᠠᠩᠬᠠᠨ ᠤ ᠬᠠᠶᠢᠷ᠎ᠠ ᠪᠠᠶᠢᠭᠰᠠᠨ ᠪᠠᠶᠢᠬᠤ᠃ ᠮᠠᠭᠠᠳ ᠦᠭᠡᠢ ᠴᠦ ᠭᠡᠵᠦ ᠳ᠋ᠡ᠂ ᠠᠩᠬᠠᠨ ᠤ ᠮᠢᠨᠢ ᠬᠠᠶᠢᠷ᠎ᠠ ᠪᠠᠶᠢᠭᠰᠠᠨ ᠶᠤᠮ᠃ ᠭᠡᠪᠡᠴᠦ ᠪᠢ ᠲᠡᠷᠡ ᠬᠠᠶᠢᠷ᠎ᠠ ᠪᠠᠨ ᠣᠶᠢᠯᠠᠭᠠᠭ᠎ᠠ ᠴᠦ ᠦᠭᠡᠢ᠂ ᠬᠠᠶᠢᠷᠠᠯᠠᠭ᠎ᠠ ᠴᠦ ᠦᠭᠡᠢ ᠲᠡᠭᠦᠰᠬᠡᠭᠰᠡᠨ ᠪᠢᠯᠡ᠃ ᠲᠡᠭᠦᠨ ᠢ ᠬᠠᠲᠣᠩᠭᠤᠸ᠎ᠠ ᠭᠡᠳᠡᠭ ᠪᠠᠶᠢᠭᠰᠠᠨ ᠶᠤᠮ᠃ ᠬᠠᠲᠣᠩᠭᠤᠸ᠎ᠠ ᠶᠢᠨ ᠬᠢ ᠮᠠᠨ ᠤ ᠬᠢ ᠬᠤᠶᠠᠷ ᠬᠥᠷᠰᠢ ᠨᠦᠭᠦᠳ ᠪᠠᠶᠢᠭᠰᠠᠨ ᠪᠢᠯᠡ᠃ ᠳᠤᠮᠳᠠᠳᠤ ᠰᠤᠷᠭᠠᠭᠤᠯᠢ ᠶᠢᠨ ᠶᠢᠰᠦᠳᠦᠭᠡᠷ ᠠᠩᠭᠢ ᠳᠤ ᠣᠷᠣᠳᠠᠭ ᠵᠢᠯ ᠢᠶᠠᠨ ᠪᠢ ᠬᠠᠲᠣᠩᠭᠤᠸ᠎ᠠ ᠲᠠᠢ ᠳᠣᠲᠣᠨᠣᠰᠢᠨ ᠦᠶᠡᠷᠬᠡᠭᠰᠡᠨ ᠶᠤᠮ᠃ ᠲᠡᠭᠦᠨ ᠲᠠᠢ ᠪᠠᠶᠢᠬᠤ ᠳᠤ ᠨᠠᠳᠠ ᠳᠤ ᠰᠠᠶᠢᠬᠠᠨ ᠪᠠᠶᠢᠳᠠᠭ ᠪᠠᠶᠢᠭᠰᠠᠨ ᠪᠣᠯᠬᠤ ᠪᠠᠷ ᠪᠢ ᠨᠢᠭᠡ ᠴᠦ ᠤᠳᠠᠭ᠎ᠠ ᠲᠡᠭᠦᠨ ᠠᠴᠠ ᠬᠤᠯᠠᠳᠬᠤ ᠶᠢ ᠬᠦᠰᠡᠵᠦ ᠪᠠᠶᠢᠭᠰᠠᠨ ᠦᠭᠡᠢ᠃ ᠮᠠᠨ ᠤ ᠰᠠᠭᠤᠷᠢᠨ ᠤ ᠡᠮᠦᠨ᠎ᠡ ᠪᠠᠶᠢᠳᠠᠭ ᠴᠡᠴᠡᠭᠲᠦ ᠲᠣᠯᠣᠭᠠᠳ ᠬᠡᠮᠡᠬᠦ ᠬᠠᠳᠠ ᠲᠠᠢ ᠪᠢᠴᠢᠬᠠᠨ ᠲᠣᠯᠣᠭᠠᠳ ᠤᠷᠤᠭᠤ ᠪᠢᠳᠠ ᠬᠤᠶᠠᠷ ᠮᠥᠨ ᠴᠦ ᠣᠯᠠᠨ ᠤᠳᠠᠭ᠎ᠠ ᠭᠠᠷᠴᠤ᠂ ᠡᠯᠳᠡᠪ ᠢ ᠬᠦᠦᠷᠨᠢᠵᠦ ᠰᠠᠭᠤᠭᠰᠠᠨ ᠰᠠᠨ᠃ ᠲᠡᠭᠡᠬᠦ ᠳᠤ ᠬᠠᠲᠣᠩᠭᠤᠸ᠎ᠠ ᠴᠡᠴᠡᠭᠲᠦ ᠲᠣᠯᠣᠭᠠᠳ ᠤᠨ ᠲᠤᠬᠠᠢ ᠨᠠᠳᠠ ᠳᠤ ᠨᠢᠭᠡ ᠳᠣᠮᠤᠭ ᠶᠠᠷᠢᠵᠤ ᠥᠭᠭᠦᠭᠰᠡᠨ ᠶᠤᠮ᠃ ᠬᠠᠲᠣᠩᠭᠤᠸ᠎ᠠ ᠶᠢᠨ ᠶᠠᠷᠢᠭᠰᠠᠨ ᠲᠡᠷᠡ ᠳᠣᠮᠤᠭ ᠢᠶᠠᠷ ᠬᠡᠵᠢᠶ᠎ᠡ ᠴᠦ ᠶᠤᠮ ᠪᠤᠢ᠂ ᠪᠦᠦ ᠮᠡᠳᠡ᠃ ᠡᠷᠲᠡ ᠴᠠᠭ ᠲᠤ ᠡᠨᠡ ᠲᠣᠯᠣᠭᠠᠳ ᠬᠠᠯᠵᠠᠨ ᠲᠣᠯᠣᠭᠠᠢ ᠨᠡᠷ᠎ᠡ ᠲᠠᠢ ᠪᠠᠶᠢᠭᠰᠠᠨ ᠠᠵᠢ᠃ ᠬᠠᠯᠵᠠᠨ ᠲᠣᠯᠣᠭᠠᠢ ᠶᠢᠨ ᠡᠩᠭᠡᠷ ᠲᠤ ᠰᠢᠨᠡᠬᠡᠨ ᠬᠠᠨᠢᠯᠠᠭᠰᠠᠨ ᠡᠷ᠎ᠡ᠂ ᠡᠮ᠎ᠡ ᠬᠤᠶᠠᠷ ᠨᠤᠲᠤᠭᠯᠠᠳᠠᠭ ᠪᠠᠶᠢᠵᠠᠢ᠃      ᠲᠡᠭᠡᠲᠡᠯ᠎ᠡ ᠲᠡᠷᠡ ᠬᠤᠶᠠᠷ ᠤᠨ ᠦᠵᠡᠰᠬᠦᠯᠡᠩ ᠲᠡᠭᠦᠰ ᠴᠢᠷᠠᠢ ᠵᠢᠰᠦᠨ ᠳᠤ ᠠᠲᠠᠭᠠᠷᠬᠠᠵᠤ ᠶᠠᠪᠤᠳᠠᠭ ᠨᠢᠭᠡᠨ ᠮᠠᠭᠤ ᠰᠠᠨᠠᠭᠠᠲᠠᠨ ᠵᠠᠯᠠᠭᠤ ᠶᠢ ᠨᠢ ᠬᠤᠣᠷᠯᠠᠵᠤ ᠠᠮᠢ ᠶᠢ ᠨᠢ ᠶᠡᠭᠦᠳᠬᠡᠵᠡᠢ᠃ ᠬᠠᠶᠢᠷᠠᠲᠠᠢ ᠬᠠᠨᠢ ᠪᠠᠨ ᠠᠯᠳᠠᠭᠰᠠᠨ ᠪᠦᠰᠡᠭᠦᠢ ᠡᠪᠦᠯ᠂ ᠬᠠᠪᠤᠷ᠂ ᠵᠤᠨ᠂ ᠨᠠᠮᠤᠷ ᠢ ᠴᠦ ᠦᠯᠦ ᠠᠩᠵᠠᠭᠠᠷᠠᠨ ᠬᠠᠯᠵᠠᠨ ᠲᠣᠯᠣᠭᠠᠢ ᠶᠢᠨ ᠣᠷᠣᠢ ᠳᠤ ᠰᠠᠭᠤᠨ ᠠᠰᠬᠠᠷᠠᠲᠠᠯ᠎ᠠ ᠤᠬᠢᠯᠠᠳᠠᠭ ᠪᠠᠶᠢᠵᠠᠢ᠃ ᠪᠦᠰᠡᠭᠦᠢ ᠤᠬᠢᠯᠠᠭᠰᠠᠭᠠᠷ ᠨᠢᠯᠪᠤᠰᠤ ᠨᠢ ᠰᠠᠭᠤᠭᠰᠠᠨ ᠭᠠᠵᠠᠷ ᠤᠨ ᠬᠢ ᠨᠢ ᠰᠢᠷᠣᠢ ᠳᠤ ᠰᠢᠩᠭᠡᠭᠰᠡᠭᠡᠷ ᠯᠠ ᠪᠠᠶᠢᠵᠠᠢ᠃ ᠰᠡᠭᠦᠯ ᠳᠤ ᠪᠠᠨ ᠪᠦᠰᠡᠭᠦᠢ ᠤᠬᠢᠯᠠᠭᠰᠠᠭᠠᠷ ᠪᠠᠶᠢᠭᠠᠳ ᠬᠠᠷᠠᠭ᠎ᠠ ᠦᠭᠡᠢ ᠪᠣᠯᠵᠠᠢ᠃ ᠪᠦᠰᠡᠭᠦᠢ ᠶᠢᠨ ᠤᠢ ᠭᠠᠰᠢᠭᠤ᠂ ᠨᠢᠯᠪᠤᠰᠤᠨ ᠳᠤ ᠨᠣᠷᠣᠭᠰᠠᠨ ᠲᠣᠯᠣᠭᠠᠢ ᠬᠠᠷ᠎ᠠ ᠠᠶᠠᠨ ᠳᠤ ᠪᠠᠨ ᠭᠡᠪ ᠭᠡᠨᠡᠳᠲᠡ ᠯᠠ ᠴᠡᠴᠡᠭ ᠲᠤ ᠬᠤᠴᠢᠭᠳᠠᠨ ᠥᠭᠡᠷᠡᠴᠢᠯᠡᠭᠳᠡᠵᠡᠢ᠃ ᠲᠡᠭᠦᠨ ᠠᠴᠠ ᠬᠤᠶᠢᠰᠢ ᠬᠥᠮᠥᠰ ᠬᠠᠯᠵᠠᠨ ᠲᠣᠯᠣᠭᠠᠢ ᠶᠢ ᠴᠡᠴᠡᠭᠲᠦ ᠲᠣᠯᠣᠭᠠᠳ ᠭᠡᠵᠦ ᠨᠡᠷᠡᠯᠡᠬᠦ ᠪᠣᠯᠵᠠᠢ᠃ ᠴᠡᠴᠡᠭᠲᠦ ᠲᠣᠯᠣᠭᠠᠳ ᠤᠨ ᠵᠡᠭᠦᠨ ᠰᠤᠭᠤ ᠠᠴᠠ ᠨᠢᠳᠦᠨ ᠤ ᠬᠠᠷᠠᠭᠠᠨ ᠳᠤ ᠰᠠᠶᠢᠨ ᠭᠡᠭᠳᠡᠳᠡᠭ ᠨᠢᠳᠦᠨ ᠬᠡᠮᠡᠬᠦ ᠬᠠᠯᠠᠭᠤᠨ ᠷᠠᠰᠢᠶᠠᠨ ᠤᠷᠤᠰᠳᠠᠭ ᠨᠢ ᠠᠮᠠᠷᠠᠭ ᠢᠶᠠᠨ ᠰᠠᠨᠠᠨ ᠭᠠᠩᠰᠠᠷᠠᠵᠤ ᠣᠬᠤᠷᠬᠠᠢ ᠪᠠᠨ ᠰᠢᠷᠭᠡᠭᠡᠭᠰᠡᠨ ᠪᠦᠰᠡᠭᠦᠢ ᠶᠢᠨ ᠨᠢᠯᠪᠤᠰᠤ ᠠᠵᠢ᠃ ᠲᠡᠷᠡ ᠷᠠᠰᠢᠶᠠᠨ ᠡᠭᠴᠡ ᠤᠯᠠᠭᠠᠨ ᠬᠠᠳᠠᠨ ᠤ ᠡᠩᠭᠡᠷ ᠠᠴᠠ ᠳᠣᠰᠣᠩᠨᠠᠨ ᠭᠤᠭᠤᠵᠢᠬᠤ ᠠᠭᠠᠳ ᠬᠠᠵᠠᠭᠤ ᠳᠤ ᠨᠢ ᠣᠴᠢᠭᠠᠳ ᠬᠥᠮᠥᠨ ᠦᠨᠡᠨ ᠰᠡᠳᠬᠢᠯ ᠠᠴᠠ ᠪᠠᠨ ᠮᠡᠭᠰᠢᠨ ᠣᠬᠢᠯᠠᠪᠠᠯ ᠳᠣᠰᠣᠯᠠᠬᠤ ᠨᠢ ᠬᠤᠷᠳᠣᠯᠠᠳᠠᠭ ᠭᠡᠯᠴᠡᠳᠡᠭ ᠪᠠᠶᠢᠭᠰᠠᠨ ᠶᠤᠮ᠃ ᠬᠠᠷᠢᠨ ᠴᠢᠩᠭ᠎ᠠ ᠴᠢᠩᠭ᠎ᠠ ᠳᠤᠤᠭᠠᠷᠪᠠᠯ ᠳᠣᠰᠣᠩᠨᠠᠬᠤ ᠪᠠᠨ ᠪᠣᠯᠢᠳᠠᠭ ᠭᠡᠰᠡᠨ ᠦᠭᠡ ᠲᠠᠢ ᠶᠤᠮ᠃ ᠬᠠᠲᠣᠩᠭᠤᠸ᠎ᠠ ᠪᠢᠳᠠ ᠬᠤᠶᠠᠷ ᠳᠣᠮᠤᠭ ᠦᠨᠡᠨ ᠡᠰᠡᠬᠦ ᠶᠢ ᠰᠢᠯᠭᠠᠬᠤ ᠪᠠᠷ ᠤᠬᠢᠯᠠᠵᠤ ᠴᠦ ᠦᠵᠡᠭᠰᠡᠨ᠂ ᠴᠢᠩᠭ᠎ᠠ ᠴᠢᠩᠭ᠎ᠠ ᠬᠠᠰᠬᠢᠷᠴᠤ ᠴᠦ ᠦᠵᠡᠭᠰᠡᠨ᠃ ᠤᠬᠢᠯᠠᠵᠤ ᠮᠡᠭᠰᠢᠬᠦ ᠶᠢ ᠨᠢ ᠬᠠᠲᠣᠩᠭᠤᠸ᠎ᠠ ᠲᠤᠷᠰᠢᠭᠰᠠᠨ᠃ ᠬᠠᠲᠣᠩᠭᠤᠸ᠎ᠠ ᠦᠨᠡᠨ ᠰᠠᠨᠠᠭᠠᠨ ᠠᠴᠠ ᠮᠡᠭᠰᠢᠭᠡ ᠦᠭᠡᠢ ᠶᠤᠮ ᠪᠠᠶᠢᠯᠭᠦᠢ᠂ ᠮᠥᠨᠦᠬᠢ ᠷᠠᠰᠢᠶᠠᠨ ᠳᠣᠰᠤᠳᠠᠭ ᠢᠶᠠᠷ ᠢᠶᠠᠨ ᠯᠠ ᠳᠣᠰᠤᠵᠤ ᠪᠠᠶᠢᠭᠰᠠᠨ᠃ ᠬᠠᠷᠢᠨ ᠨᠠᠮ᠎ᠠ ᠶᠢ ᠴᠢᠩᠭ᠎ᠠ ᠴᠢᠩᠭ᠎ᠠ ᠬᠠᠰᠬᠢᠷᠬᠤ ᠳᠤ ᠷᠠᠰᠢᠶᠠᠨ ᠳᠣᠰᠤᠬᠤ ᠪᠠᠨ ᠪᠣᠯᠢᠵᠤ ᠪᠠᠶᠢᠭᠰᠠᠨ ᠨᠢ ᠦᠨᠡᠨ ᠪᠢᠯᠡ᠃ ᠮᠥᠨ ᠬᠠᠲᠣᠩᠭᠤᠸ᠎ᠠ ᠴᠡᠴᠡᠭᠲᠦ ᠲᠣᠯᠣᠭᠠᠳ ᠲᠤ ᠪᠦᠰᠡᠭᠦᠢ ᠬᠥᠮᠥᠨ ᠣᠶᠢᠷ᠎ᠠ ᠣᠶᠢᠷᠠᠬᠠᠨ ᠭᠠᠷᠤᠭᠠᠳ ᠪᠠᠶᠢᠪᠠᠯ ᠬᠦᠰᠡᠭᠡ ᠦᠭᠡᠢ ᠪᠠᠶᠢᠬᠤ ᠳᠤ ᠪᠠᠨ ᠵᠢᠷᠮᠦᠰᠦᠯᠡᠳᠡᠭ ᠭᠡᠰᠡᠨ ᠶᠤᠮ᠃ ᠲᠡᠶᠢᠮᠦ ᠪᠣᠯᠬᠤ ᠪᠠᠷ ᠬᠠᠲᠣᠩᠭᠤᠸ᠎ᠠ ᠵᠠᠷᠢᠮ ᠳᠤ ᠪᠠᠨ ᠴᠡᠴᠡᠭᠲᠦ ᠲᠣᠯᠣᠭᠠᠳ ᠲᠤ ᠭᠠᠷᠬᠤ ᠳᠤ ᠪᠠᠨ ᠤᠴᠢᠷ ᠦᠭᠡᠢ ᠳᠤᠷ᠎ᠠ ᠦᠭᠡᠶᠢᠴᠡᠳᠡᠭ ᠪᠠᠶᠢᠭᠰᠠᠨ ᠪᠢᠯᠡ᠃ ᠬᠠᠷᠢᠨ ᠪᠢ ᠬᠠᠲᠣᠩᠭᠤᠸ᠎ᠠ ᠲᠠᠢ ᠬᠤᠶᠠᠭᠤᠯᠠᠬᠠᠨ ᠢᠶᠠᠨ ᠪᠠᠶᠢᠬᠤ ᠶᠢ ᠬᠦᠰᠡᠳᠡᠭ ᠪᠠᠶᠢᠭᠰᠠᠨ ᠪᠣᠯᠬᠤᠷ ᠬᠥᠮᠥᠨ ᠤ ᠬᠥᠯ ᠠᠴᠠ ᠳᠠᠶᠢᠵᠢᠨ ᠴᠡᠴᠡᠭᠲᠦ ᠲᠣᠯᠣᠭᠠᠳ ᠤᠨ ᠣᠷᠣᠢ ᠳᠤ ᠭᠠᠷᠬᠤ ᠶᠢ ᠪᠠᠶᠢᠩᠭᠤ ᠬᠦᠰᠡᠳᠡᠭ ᠪᠠᠶᠢᠭᠰᠠᠨ ᠶᠤᠮ᠃      ᠬᠤᠶᠠᠷ      ᠬᠠᠲᠣᠩᠭᠤᠸ᠎ᠠ ᠪᠢᠳᠠ ᠬᠤᠶᠠᠷ ᠤᠨ ᠣᠢ ᠵᠠᠢ ᠦᠭᠡᠢ ᠲᠣᠲᠣᠨᠣᠰᠳᠠᠭ ᠲᠡᠷᠡ ᠵᠢᠯ ᠤᠨ ᠨᠠᠮᠤᠷ ᠮᠠᠨ ᠤ ᠰᠤᠷᠭᠠᠭᠤᠯᠢ ᠳᠤ ᠵᠠᠯᠠᠭᠤᠬᠠᠨ ᠬᠥᠭᠵᠢᠮ ᠤᠨ ᠪᠠᠭᠰᠢ ᠢᠷᠡᠭᠰᠡᠨ ᠪᠢᠯᠡ᠃ ᠬᠥᠭᠵᠢᠮ ᠤᠨ ᠪᠠᠭᠰᠢ ᠵᠠᠯᠠᠭᠤ ᠢᠷᠡᠭᠰᠡᠨ ᠳᠠᠷᠤᠢ ᠳᠤ ᠪᠠᠨ ᠯᠡ ᠰᠢᠬᠠᠮ ᠬᠥᠭᠵᠢᠮ ᠤᠨ ᠳᠤᠭᠤᠶᠢᠯᠠᠩ ᠬᠢᠴᠢᠶᠡᠯᠯᠡᠭᠦᠯᠦᠭᠰᠡᠨ ᠶᠤᠮ᠃ ᠬᠠᠲᠣᠩᠭᠤᠸ᠎ᠠ ᠨᠠᠮ᠎ᠠ ᠶᠢ ᠲᠡᠷᠡ ᠳᠤᠭᠤᠶᠢᠯᠠᠩ ᠳᠤ ᠨᠢ ᠬᠠᠮᠲᠤ ᠶᠠᠪᠤᠶ᠎ᠠ ᠭᠡᠰᠡᠨ ᠪᠣᠯᠪᠠᠴᠤ ᠪᠢ ᠨᠡᠷᠡᠯᠬᠡᠦ ᠵᠠᠩ ᠠᠴᠠ ᠪᠠᠨ ᠪᠣᠯᠣᠭᠠᠳ ᠴᠦ ᠭᠡᠬᠦ ᠦᠦ᠂ ᠬᠠᠲᠣᠩᠭᠤᠸ᠎ᠠ ᠶᠢ ᠬᠠᠷᠠᠮᠯᠠᠬᠤ ᠰᠡᠳᠬᠢᠯ ᠠᠴᠠ ᠪᠠᠨ ᠪᠣᠯᠣᠭᠠᠳ ᠴᠦ ᠭᠡᠬᠦ ᠦᠦ ᠴᠠᠭᠠᠷᠭᠤᠯᠠᠨ ᠶᠠᠪᠤᠭ᠎ᠠ ᠦᠭᠡᠢ ᠪᠢᠯᠡ᠃ ᠬᠠᠷᠢᠨ ᠬᠢᠭᠢᠯᠢ ᠬᠡᠮᠡᠬᠦ ᠰᠡᠳᠬᠢᠯ ᠰᠡᠮᠡᠯᠦᠮ᠎ᠡ ᠠᠶᠠᠯᠭᠤ ᠲᠠᠢ ᠲᠡᠷᠡ ᠬᠦ ᠴᠢᠪᠬᠠᠳᠠᠰᠤᠲᠤ ᠬᠥᠭᠵᠢᠮ ᠢ ᠭᠠᠶᠢᠬᠠᠯᠲᠠᠢ ᠰᠠᠶᠢᠨ ᠰᠤᠷᠤᠭᠰᠠᠨ ᠶᠤᠮ᠃ ᠬᠠᠲᠣᠩᠭᠤᠸ᠎ᠠ ᠶᠢ ᠬᠢᠬᠢᠯᠢ ᠪᠠᠨ ᠳᠠᠷᠤᠬᠤ ᠳᠤ ᠨᠢ ᠵᠢᠷᠦᠬᠡ ᠶᠢ ᠮᠢᠨᠢ ᠬᠠᠶᠢᠷ᠎ᠠ ᠨᠠᠶᠢᠷ ᠦᠭᠡᠢ ᠪᠠᠷ ᠬᠡᠨ ᠨᠢᠭᠡᠨ ᠥᠷᠭᠡᠰᠦ ᠪᠠᠷ ᠬᠠᠳᠬᠤᠬᠤ ᠠᠳᠠᠯᠢ ᠶᠡᠷᠦ ᠪᠤᠰᠤ ᠶᠢᠨ ᠡᠪᠡᠳᠦᠯᠲᠡ ᠥᠭᠳᠡᠭ ᠪᠠᠶᠢᠭᠰᠠᠨ ᠪᠢᠯᠡ᠃      ᠣᠳᠣ ᠪᠣᠳᠣᠬᠤ ᠳᠤ ᠲᠡᠷᠡ ᠡᠪᠡᠳᠦᠯᠲᠡ ᠨᠠᠮ᠎ᠠ ᠶᠢ ᠬᠠᠲᠣᠩᠭᠤᠸ᠎ᠠ ᠶᠢ ᠬᠠᠷᠠᠮᠯᠠᠬᠤ ᠰᠡᠳᠬᠢᠯ ᠢᠶᠠᠷ ᠡᠪᠡᠳᠴᠢᠯᠡᠭᠦᠯᠵᠦ᠂ ᠠᠮᠢᠳᠤᠷᠠᠯ ᠢ ᠭᠡᠷᠡᠯ ᠲᠠᠢ ᠨᠢᠳᠦ ᠪᠠᠷ ᠬᠠᠷᠠᠬᠤ ᠪᠣᠯᠣᠮᠵᠢ ᠶᠢ ᠮᠢᠨᠢ ᠬᠠᠭᠠᠵᠤ ᠪᠠᠶᠢᠭᠰᠠᠨ ᠰᠢᠭ᠋ ᠰᠠᠨᠠᠭᠳᠠᠳᠠᠭ ᠶᠤᠮ᠃ ᠮᠢᠨᠤ ᠰᠡᠳᠬᠢᠯ ᠤᠨ ᠬᠦᠨᠳᠡᠭᠦᠷ ᠢ ᠤᠯᠠᠮ ᠯᠡ ᠡᠪᠡᠳᠬᠡᠬᠦ ᠭᠡᠰᠡᠨ ᠶᠤᠮ ᠰᠢᠭ ᠥᠨᠥᠬᠢ ᠬᠥᠭᠵᠢᠮ ᠤᠨ ᠪᠠᠭᠰᠢ ᠵᠠᠯᠠᠭᠤ ᠬᠠᠲᠣᠩᠭᠤᠸ᠎ᠠ ᠶᠢ ᠤᠯᠠᠶᠢᠮ᠎ᠠ ᠴᠠᠶᠢᠮ᠎ᠠ ᠯᠠ ᠭᠡᠷ ᠲᠤ ᠨᠢ ᠣᠷᠣᠢ ᠦᠳᠡᠰᠢ ᠳᠥᠬᠦᠭᠦᠯᠵᠦ ᠥᠭᠳᠡᠭ ᠪᠣᠯᠣᠭᠰᠠᠨ ᠪᠢᠯᠡ᠃ ᠨᠠᠮ᠎ᠠ ᠶᠢ ᠬᠠᠷᠠᠮᠯᠠᠬᠤ᠂ ᠰᠢᠨᠠᠯᠬᠤ ᠰᠡᠳᠬᠢᠯ ᠢᠶᠠᠷ ᠢᠶᠠᠨ ᠰᠢᠲᠠᠵᠤ ᠶᠠᠪᠤᠭ᠎ᠠ ᠶᠢ ᠮᠢᠨᠢ ᠭᠠᠳᠠᠷᠯᠠᠭᠰᠠᠨ ᠪᠣᠯᠣᠭᠠᠳ ᠴᠦ ᠲᠡᠷᠡ ᠦᠦ ᠨᠢᠭᠡ ᠤᠳᠠᠭ᠎ᠠ ᠬᠠᠲᠣᠩᠭᠤᠸ᠎ᠠ ︽ᠴᠢ ᠵᠥᠪ ᠢᠶᠠᠷ ᠣᠶᠢᠯᠠᠭ᠎ᠠ ᠯᠠ ᠳ᠋ᠠ᠃ ᠪᠢ ᠶᠠᠭᠤ ᠭᠡᠵᠦ ᠥᠪᠡᠷ ᠠᠴᠠ ᠪᠠᠨ ᠣᠯᠠᠨ ᠠᠬ᠎ᠠ ᠬᠥᠮᠥᠨ ᠲᠠᠢ ᠨᠠᠶᠢᠵᠠᠯᠠᠬᠤ ᠶᠤᠮ᠃ ᠬᠥᠭᠵᠢᠮ ᠤᠨ ᠪᠠᠭᠰᠢ ᠨᠠᠮ᠎ᠠ ᠶᠢ ᠰᠠᠶᠢᠨ ᠱᠠᠪᠢ ᠪᠠᠨ ᠭᠡᠵᠦ ᠪᠣᠳᠣᠭᠠᠳ ᠯᠡ ᠣᠷᠦ᠋ᠢᠳᠠᠬᠤ ᠳᠤ ᠮᠢᠨᠢ ᠭᠡᠷ ᠲᠤ ᠳᠥᠭᠦᠭᠦᠯᠳᠡᠭ ᠶᠤᠮ᠃ ᠤᠭ ᠠᠴᠠ ᠪᠠᠨ ᠴᠦ ᠪᠠᠭᠰᠢ ᠨᠠᠶᠢᠵᠠ ᠪᠦᠰᠡᠭᠦᠢ ᠲᠠᠢ ᠭᠡᠰᠡᠨ᠃ ᠲᠡᠷᠡ ᠨᠠᠶᠢᠵᠠ ᠪᠦᠰᠡᠭᠦᠢ ᠨᠢ ᠣᠶᠤᠲᠠᠨ ᠶᠤᠮ ᠭᠡᠨ᠎ᠡ ᠯᠠ᠃ ᠲᠡᠭᠡᠭᠡᠳ ᠴᠦ ᠭᠡᠰᠡᠨ ᠡᠷ᠎ᠡ ᠬᠥᠮᠥᠨ ᠪᠠᠶᠢᠵᠤ ᠪᠦᠰᠡᠭᠦᠢ ᠬᠥᠮᠥᠨ ᠢ ᠣᠷᠣᠢ ᠦᠳᠡᠰᠢ ᠭᠠᠭᠴᠠᠭᠠᠷ ᠢ ᠨᠢ ᠭᠡᠷ ᠲᠤ ᠨᠢ ᠳᠥᠬᠦᠭᠦᠯᠵᠦ ᠥᠭᠬᠦ ᠦᠭᠡᠢ ᠪᠣᠯ ᠮᠠᠭᠤᠬᠠᠢ ᠪᠢᠵᠡ ᠳ᠋ᠡ︖ ᠴᠢ ᠥᠪᠡᠷ ᠢᠶᠠᠨ ᠶᠠᠮᠠᠷ ᠨᠠᠮ᠎ᠠ ᠶᠢ ᠣᠷᠦ᠋ᠢᠳᠠᠬᠤ ᠪᠠᠷ ᠣᠴᠢᠵᠤ ᠠᠪᠬᠤ ᠪᠢᠰᠢ︾ ᠭᠡᠰᠡᠨ ᠭᠤᠮᠣᠳᠠᠯ ᠤᠨ ᠦᠭᠡ ᠴᠢᠯᠠᠭᠤᠳᠠᠭᠰᠠᠨ ᠪᠢᠯᠡ᠃ ᠪᠢ ᠬᠠᠲᠣᠩᠭᠤᠸ᠎ᠠ ᠶᠢᠨ ᠡᠨᠡ ᠦᠭᠡᠨ ᠳᠤ ᠣᠭᠲᠣ ᠢᠲᠡᠭᠡᠭᠡ ᠦᠭᠡᠢ ᠪᠥᠭᠡᠳ ᠬᠥᠭᠵᠢᠮ ᠤᠨ ᠪᠠᠭᠰᠢ ᠵᠠᠯᠠᠭᠤ ᠲᠠᠢ ᠨᠠᠶᠢᠵᠠᠯᠠᠵᠣ ᠪᠠᠶᠢᠭ᠎ᠠ ᠪᠠᠨ ᠨᠠᠳᠠ ᠠᠴᠠ ᠨᠢᠭᠤᠵᠤ ᠪᠠᠶᠢᠨ᠎ᠠ ᠯᠡ ᠭᠡᠵᠦ ᠪᠣᠳᠣᠭᠰᠠᠨ ᠶᠤᠮ᠃      ᠭᠤᠷᠪᠠ      ᠬᠠᠲᠣᠩᠭᠤᠸ᠎ᠠ ᠲᠠᠢ ᠥᠩᠭᠡᠷᠡᠭᠦᠯᠦᠭᠰᠡᠨ ᠲᠡᠷᠡ ᠨᠢᠭᠡᠨ ᠰᠥᠨᠢ ᠮᠢᠨᠤ ᠠᠮᠢᠳᠤᠷᠠᠯ ᠳᠤ ᠲᠣᠬᠢᠶᠠᠯᠳᠤᠭᠰᠠᠨ ᠬᠠᠮᠤᠭ ᠤᠨ ᠭᠠᠶᠢᠬᠠᠯᠲᠠᠢ ᠬᠢᠷᠢᠨ᠎ᠡ ᠨᠠᠰᠤᠨ ᠲᠤᠷᠰᠢᠲᠠ ᠮᠢᠨᠢ ᠦᠯᠦ ᠲᠠᠶᠢᠯᠤᠭᠳᠠᠬᠤ ᠣᠨᠢᠰᠤᠭ᠎ᠠ ᠪᠣᠯᠵᠤ ᠦᠯᠡᠳᠡᠭᠰᠡᠨ ᠪᠢᠯᠡ᠃ ᠲᠡᠭᠡᠬᠦ ᠳᠤ ᠪᠢ ᠡᠷ᠎ᠡ ᠬᠥᠮᠥᠨ ᠪᠣᠯᠣᠭᠰᠠᠨ ᠶᠤᠮ᠃ ᠠᠪᠤ ᠡᠵᠢ ᠶᠢᠨ ᠢᠶᠠᠨ ᠡᠵᠡᠭᠦᠢ ᠳᠤ ᠨᠠᠮ᠎ᠠ ᠶᠢ ᠬᠠᠨᠢ ᠲᠠᠲᠠᠨ ᠭᠡᠷ ᠲᠤ ᠪᠠᠨ ᠬᠤᠨᠣᠭᠤᠯᠣᠭᠰᠠᠨ ᠬᠠᠲᠣᠩᠭᠤᠸ᠎ᠠ ᠲᠡᠭᠡᠬᠦ ᠳᠤ ᠡᠬᠡ ᠠᠴᠠ ᠲᠥᠷᠥᠭᠰᠡᠨ ᠢᠶᠠᠷ ᠢᠶᠠᠨ ᠡᠪᠦᠷ ᠲᠤ ᠮᠢᠨᠢ ᠣᠷᠣᠵᠤ ᠢᠷᠡᠨ ︽ᠴᠢ ᠣᠳᠣ ᠨᠥᠬᠦᠷ ᠨᠢ᠂ ᠪᠢ ᠡᠬᠡᠨᠡᠷ ᠨᠢ ᠪᠣᠯᠵᠤ ᠡᠨᠡ ᠰᠥᠨᠢ ᠶᠢ ᠥᠩᠭᠡᠷᠡᠭᠡᠶ᠎ᠡ︾ ᠭᠡᠰᠡᠨ ᠪᠢᠯᠡ᠃ ᠡᠶᠢᠮᠦ ᠶᠠᠭᠤᠮ᠎ᠠ ᠪᠣᠯᠣᠨ᠎ᠠ ᠴᠢᠨᠡᠭᠡ ᠪᠣᠳᠣᠵᠤ ᠶᠠᠪᠤᠭ᠎ᠠ ᠦᠭᠡᠢ ᠨᠠᠮ᠎ᠠ ᠶᠢ ᠤᠴᠢᠷ ᠢᠶᠠᠨ ᠣᠯᠤᠭ᠎ᠠ ᠦᠭᠡᠢ ᠭᠠᠶᠢᠬᠠᠨ ᠮᠡᠩᠳᠡᠵᠦ ᠪᠠᠶᠢᠲᠠᠯ᠎ᠠ ᠬᠠᠲᠣᠩᠭᠤᠸ᠎ᠠ ᠬᠠᠴᠢᠨ ᠰᠣᠷᠮᠠᠭ ᠢᠶᠠᠷ ᠬᠠᠮᠤᠭ ᠬᠤᠪᠴᠠᠰᠤ ᠶᠢ ᠮᠢᠨᠢ ᠲᠠᠶᠢᠯᠵᠤ ᠣᠷᠬᠢᠭᠰᠠᠨ ᠶᠤᠮ᠃ ᠡᠨᠡ ᠰᠥᠨᠢ ᠶᠢᠨ ᠵᠢᠭᠲᠡᠢ ᠶᠠᠪᠤᠳᠠᠯ ᠨᠠᠮ᠎ᠠ ᠶᠢ ᠬᠠᠲᠣᠩᠭᠤᠸ᠎ᠠ ᠠᠴᠠ ᠨᠢᠭᠡᠮᠦᠰᠦᠨ ᠬᠥᠨᠳᠡᠶᠢᠷᠡᠬᠦ ᠰᠢᠯᠲᠠᠭᠠᠨ ᠪᠣᠯᠣᠭᠰᠠᠨ ᠪᠥᠭᠡᠳ ᠲᠡᠭᠦᠨ ᠤ ᠲᠡᠷᠡ ᠬᠦ ᠡᠷᠡᠭᠡ ᠴᠡᠭᠡᠷ ᠦᠭᠡᠢ ᠪᠠᠶᠢᠳᠠᠯ ᠵᠢᠭᠰᠢᠬᠦ᠂ ᠵᠢᠪᠡᠭᠦᠴᠡᠬᠦ ᠰᠡᠳᠬᠢᠯ ᠢ ᠲᠥᠷᠥᠭᠦᠯᠦᠭᠰᠡᠨ ᠪᠢᠯᠡ᠃ ᠮᠢᠨᠤ ᠡᠭ ᠮᠡᠭ ᠦᠭᠡᠢ ᠬᠠᠴᠢᠨ ᠪᠠᠶᠢᠳᠠᠯ ᠠᠴᠠ ᠶᠠᠮᠠᠷ ᠨᠢᠭᠡᠨ ᠰᠠᠨᠠᠭ᠎ᠠ ᠠᠪᠤᠭᠰᠠᠨ ᠴᠦ ᠶᠤᠮ ᠦᠦ ᠬᠠᠲᠣᠩᠭᠤᠸ᠎ᠠ ︽ᠴᠢ ᠨᠠᠳᠠ ᠳᠤ ᠢᠲᠡᠭᠡᠬᠦ ᠬᠡᠷᠡᠭᠲᠡᠢ᠃ ᠲᠡᠭᠡᠬᠦ ᠦᠭᠡᠢ ᠪᠣᠯ ᠪᠢ ᠶᠠᠭ ᠳᠣᠮᠤᠭ ᠲᠤ ᠭᠠᠷᠳᠠᠭ ᠪᠦᠰᠡᠭᠦᠢ ᠰᠢᠭ ᠴᠡᠴᠡᠭᠲᠦ ᠲᠣᠯᠣᠭᠠᠳ ᠳᠡᠭᠡᠷ᠎ᠡ ᠭᠠᠷᠴᠤ ᠰᠠᠭᠤᠭᠠᠳ ᠤᠬᠢᠯᠠᠬᠤ ᠪᠣᠯᠣᠨ᠎ᠠ︾ ᠭᠡᠰᠡᠨ ᠶᠤᠮ᠃ ᠪᠢ ᠬᠠᠲᠣᠩᠭᠤᠸ᠎ᠠ ᠶᠢ ᠢᠲᠡᠭᠡᠭᠡ ᠦᠭᠡᠢ᠃ ᠬᠠᠲᠣᠩᠭᠤᠸ᠎ᠠ ᠶᠢ ᠴᠡᠴᠡᠭᠲᠦ ᠲᠣᠯᠣᠭᠠᠳ ᠳᠡᠭᠡᠷ᠎ᠡ ᠭᠠᠷᠤᠭᠠᠳ ᠳᠣᠮᠤᠭ ᠲᠤ ᠭᠠᠷᠳᠠᠭ ᠪᠦᠰᠡᠭᠦᠢ ᠰᠢᠭ ᠤᠬᠢᠯᠠᠨ᠎ᠠ ᠭᠡᠵᠦ ᠪᠣᠳᠤᠭ᠎ᠠ ᠦᠭᠡᠢ ᠪᠢᠯᠡ᠃      ᠳᠥᠷᠪᠡ      ᠪᠢ ᠬᠠᠲᠣᠩᠭᠤᠸ᠎ᠠ ᠠᠴᠠ ᠰᠡᠳᠬᠢᠯ ᠢᠶᠠᠨ ᠬᠥᠨᠳᠡᠶᠢᠷᠡᠭᠦᠯᠬᠦ ᠭᠡᠵᠦ ᠬᠢᠷᠢᠨ ᠳᠤ ᠪᠠᠨ ᠬᠢᠴᠢᠶᠡᠭᠰᠡᠨ᠃ ᠨᠢᠳᠦᠨ ᠪᠤᠯᠠᠭ ᠤᠨ ᠳᠡᠷᠭᠡᠳᠡ ᠣᠴᠢᠨ ᠦᠨᠡᠨ ᠰᠠᠨᠠᠭᠠᠨ ᠠᠴᠠ ᠴᠦ ᠤᠬᠢᠯᠠᠵᠤ ᠦᠵᠡᠭᠰᠡᠨ᠃ ᠭᠠᠶᠢᠬᠠᠯᠲᠠᠢ ᠨᠢ᠂ ᠪᠢ ᠬᠠᠲᠣᠩᠭᠤᠸ᠎ᠠ ᠶᠢ ᠲᠡᠳᠦᠢ ᠯᠠ ᠤᠳᠠᠯ ᠦᠭᠡᠢ ᠮᠠᠷᠲᠠᠵᠤ ᠣᠷᠬᠢᠭᠰᠠᠨ ᠶᠤᠮ᠃ ᠮᠠᠭᠠᠳ ᠦᠭᠡᠢ᠂ ᠥᠪᠡᠷ ᠢᠶᠠᠨ ᠡᠪᠦᠷ ᠢᠶᠠᠨ ᠨᠡᠭᠡᠭᠡᠭᠰᠡᠨ ᠪᠦᠰᠡᠭᠦᠢ ᠶᠢ ᠡᠷ᠎ᠡ ᠬᠥᠮᠥᠨ ᠠᠮᠠᠷᠬᠠᠨ ᠮᠠᠷᠲᠠᠳᠠᠭ ᠪᠣᠯᠣᠭᠠᠳ ᠯᠠ ᠲᠡᠷᠡ ᠪᠢᠵᠡ᠃ ᠬᠠᠷᠢᠨ ᠲᠡᠷᠡ ᠵᠤᠨ ᠨᠢ ᠬᠠᠲᠣᠩᠭᠤᠸ᠎ᠠ ᠵᠢᠷᠮᠦᠰᠦᠨ ᠪᠣᠯᠴᠢᠬᠠᠭᠰᠠᠨ ᠪᠠᠶᠢᠭᠰᠠᠨ᠃ ᠡᠳᠦᠷ ᠠᠴᠠ ᠡᠳᠦᠷ ᠲᠤ ᠲᠣᠮᠣᠷᠠᠬᠤ ᠭᠡᠳᠡᠰᠦ ᠪᠠᠨ ᠬᠥᠮᠥᠨ ᠠᠴᠠ ᠢᠴᠢᠩᠭᠦ᠋ᠢᠷᠡᠨ ᠨᠢᠭᠤᠵᠤ᠂ ᠴᠡᠴᠡᠭᠲᠦ ᠲᠣᠯᠣᠭᠠᠳ ᠤᠨ ᠣᠷᠣᠢ ᠳᠤ ᠭᠠᠷᠴᠤ ᠰᠠᠭᠤᠬᠤ ᠬᠠᠲᠣᠩᠭᠤᠸ᠎ᠠ ᠶᠢ ᠪᠢ ᠪᠤᠰᠤᠳ ᠤᠨ ᠠᠳᠠᠯᠢ ᠵᠢᠭᠰᠢᠨ ᠵᠢᠪᠡᠭᠦᠴᠡᠬᠦ ᠪᠣᠯᠣᠭᠰᠠᠨ ᠪᠢᠯᠡ᠃ ᠮᠠᠨ ᠤ ᠰᠠᠭᠤᠷᠢᠨ ᠤ ᠬᠢᠨ ᠬᠠᠲᠣᠩᠭᠤᠸ᠎ᠠ ᠶᠢ ᠬᠥᠭᠵᠢᠮ ᠤᠨ ᠪᠠᠭᠰᠢ ᠵᠠᠯᠠᠭᠤ ᠶᠢ ᠳᠠᠭᠠᠵᠤ ᠭᠦᠶᠦᠵᠦ ᠪᠠᠶᠢᠭᠠᠳ ᠵᠢᠷᠮᠦᠰᠦᠯᠡᠭᠰᠡᠨ ᠭᠡᠵᠦ ᠬᠤᠪ ᠵᠢᠪ ᠪᠣᠯᠭᠠᠨ ᠶᠠᠷᠢᠵᠠᠭᠠᠭᠰᠠᠨ᠃ ᠪᠢ ᠰᠠᠭᠤᠷᠢᠨ ᠤ ᠪᠠᠨ ᠬᠥᠮᠥᠰ ᠤᠨ ᠶᠠᠷᠢᠶᠠᠨ ᠳᠤ ᠦᠨᠡᠨ ᠰᠡᠳᠬᠢᠯ ᠠᠴᠠ ᠪᠠᠨ ᠢᠲᠡᠭᠡᠵᠦ ᠪᠠᠶᠢᠭᠰᠠᠨ᠃ ᠲᠡᠭᠡᠬᠦ ᠲᠡᠭᠡᠬᠦ ᠳᠤ ᠪᠠᠨ ᠪᠦᠷ ︽ᠬᠤᠬᠢ ᠨᠢ᠂ ᠪᠣᠯᠵᠠᠢ ᠁︾ ᠬᠡᠮᠡᠨ ᠳᠣᠲᠣᠷ᠎ᠠ ᠪᠠᠨ ᠲᠠᠪᠠᠯᠠᠵᠣ ᠪᠠᠶᠢᠭᠰᠠᠨ ᠶᠤᠮ᠃ ᠲᠡᠷᠡ ᠦᠶ᠎ᠡ ᠳᠤ ᠪᠢ ︽ᠴᠡᠴᠡᠭᠲᠦ ᠲᠣᠯᠣᠭᠠᠳ ᠲᠤ ᠣᠶᠢᠷ᠎ᠠ ᠣᠶᠢᠷᠠᠬᠠᠨ ᠭᠠᠷᠤᠭᠠᠳ ᠪᠠᠶᠢᠪᠠᠯ ᠡᠮᠡᠭᠲᠡᠢ ᠬᠥᠮᠥᠨ ᠥᠪᠡᠷ ᠤᠨ ᠮᠡᠳᠡᠯ ᠦᠭᠡᠢ ᠬᠦᠰᠡᠭᠡ ᠦᠭᠡᠢ ᠵᠢᠷᠮᠦᠰᠦᠯᠡᠯ ᠲᠠᠢ ᠤᠴᠠᠷᠠᠳᠠᠭ︾ ᠭᠡᠰᠡᠨ ᠬᠠᠲᠣᠩᠭᠤᠸ᠎ᠠ ᠶᠢᠨ ᠦᠭᠡ ᠶᠢ ᠴᠦ ᠮᠠᠷᠲᠠᠴᠢᠬᠠᠭᠰᠠᠨ ᠪᠠᠶᠢᠭᠰᠠᠨ ᠶᠤᠮ᠃ ᠲᠡᠷᠡ ᠦᠭᠡ ᠶᠢ ᠮᠠᠷᠲᠠᠬᠤ ᠪᠣᠯᠣᠭᠰᠠᠨ ᠰᠢᠯᠲᠠᠭᠠᠨ ᠮᠠᠨ ᠤ ᠰᠠᠭᠤᠷᠢᠨ ᠤ ᠬᠢᠨ ᠤ ᠠᠮᠠᠨ ᠤ ᠫᠠᠢ ᠪᠣᠯᠣᠭᠠᠳ ᠪᠠᠶᠢᠭᠰᠠᠨ ᠬᠠᠲᠣᠩᠭᠤᠸ᠎ᠠ᠂ ᠬᠥᠭᠵᠢᠮ ᠤᠨ ᠪᠠᠭᠰᠢ ᠬᠤᠶᠠᠷ ᠤᠨ ᠲᠤᠬᠠᠢ ᠶᠠᠷᠢᠶ᠎ᠠ ᠪᠠᠶᠢᠭᠰᠠᠨ ᠪᠢᠯᠡ᠃      ᠲᠠᠪᠤ      ᠬᠠᠲᠣᠩᠭᠤᠸ᠎ᠠ ᠶᠢᠨ ᠬᠡᠪᠡᠯᠢ ᠳᠤ ᠪᠤᠢ ᠬᠡᠦᠬᠡᠳ ᠢ ᠬᠥᠮᠥᠨ ᠪᠣᠯᠭᠠᠨ ᠯᠠ ᠬᠥᠭᠵᠢᠮ ᠤᠨ ᠪᠠᠭᠰᠢ ᠵᠠᠯᠠᠭᠤ ᠶᠢᠨ ᠬᠢ ᠭᠡᠵᠦ ᠢᠲᠡᠭᠡᠵᠦ ᠪᠠᠶᠢᠯ᠎ᠠ᠃ ᠪᠢ ᠴᠦ ᠲᠡᠷᠡ ᠦᠭᠡᠨ ᠳᠤ ᠢᠲᠡᠭᠡᠵᠦ ᠪᠠᠶᠢᠭᠰᠠᠨ᠃ ᠮᠠᠨ ᠤ ᠰᠤᠷᠭᠠᠭᠤᠯᠢ ᠶᠢᠨ ᠬᠡᠦᠬᠡᠳ ᠤᠳ ᠤᠨ ᠬᠠᠮᠤᠭ ᠤᠨ ᠶᠡᠭᠡ ᠳᠤᠷᠠᠯᠠᠳᠠᠭ ᠪᠠᠶᠢᠭᠰᠠᠨ ᠬᠥᠭᠵᠢᠮ ᠤᠨ ᠳᠤᠭᠤᠶᠢᠯᠠᠩ ᠳᠤ ᠲᠡᠳᠦᠢ ᠤᠳᠠᠯ ᠦᠭᠡᠢ ᠨᠢᠭᠡ ᠴᠦ ᠬᠡᠦᠬᠡᠳ ᠣᠴᠢᠬᠤ ᠪᠠᠨ ᠪᠣᠯᠢᠭᠰᠠᠨ ᠪᠢᠯᠡ᠃ ᠣᠯᠠᠨ ᠤ ᠶᠠᠷᠢᠶᠠᠨ ᠤ ᠫᠠᠢ ᠪᠣᠯᠣᠭᠠᠳ ᠪᠠᠶᠢᠭ᠎ᠠ ᠪᠠᠨ ᠮᠡᠳᠡᠭᠰᠡᠨ ᠴᠦ ᠶᠤᠮ ᠦᠦ᠂ ᠡᠰᠡ ᠮᠡᠳᠡᠭᠰᠡᠨ ᠴᠦ ᠶᠤᠮ ᠦᠦ ᠲᠣᠯᠣᠭᠠᠢ ᠭᠤᠳᠦ᠋ᠢᠨ ᠠᠯᠬᠤᠬᠤ ᠬᠥᠭᠵᠢᠮ ᠤᠨ ᠪᠠᠭᠰᠢ ᠵᠠᠯᠠᠭᠤ ᠮᠠᠨ ᠤ ᠰᠤᠷᠭᠠᠭᠤᠯᠢ ᠶᠢᠨ ᠬᠢᠨ ᠤ ᠨᠢᠳᠦᠨ ᠳᠤ ᠣᠷᠣᠭᠰᠠᠨ ᠥᠷᠭᠡᠰᠦ ᠪᠣᠯᠵᠤ ᠪᠠᠶᠢᠭᠰᠠᠨ ᠢ ᠪᠢ ᠰᠠᠶᠢᠨ ᠰᠠᠨᠠᠵᠤ ᠶᠠᠪᠤᠳᠠᠭ ᠶᠤᠮ᠃ ᠨᠢᠭᠡ ᠤᠳᠠᠭ᠎ᠠ ᠰᠢᠤᠳᠠᠨ ᠤ ᠰᠠᠯᠪᠤᠷᠢ ᠠᠴᠠ ᠣᠷᠣᠵᠤ ᠦᠪᠡᠷ ᠲᠤ ᠨᠢ ᠵᠠᠬᠢᠶ᠎ᠠ ᠢᠷᠡᠭᠰᠡᠨ ᠡᠰᠡᠬᠦ ᠶᠢ ᠠᠰᠠᠭᠤᠭᠰᠠᠨ ᠲᠡᠭᠦᠨ ᠢ ᠰᠢᠦᠳᠠᠨᠴᠢ ᠪᠦᠰᠡᠭᠦᠢ ᠨᠢᠭᠡ ᠯᠠ ᠶᠣᠣᠵᠠ ᠦᠭᠡᠢ ᠨᠢᠳᠦ ᠪᠠᠷ ᠬᠠᠷᠠᠵᠤ᠂ ︽ᠴᠢ ᠡᠳᠦᠷ ᠪᠣᠯᠭᠠᠨ ᠰᠢᠬᠠᠭᠤ ᠯᠠ ᠵᠠᠬᠢᠶ᠎ᠠ ᠰᠤᠷᠠᠬᠤ ᠶᠤᠮ᠃ ᠴᠢᠮ᠎ᠠ ᠳᠤ ᠵᠠᠬᠢᠶ᠎ᠠ ᠪᠢᠴᠢᠬᠦ ᠠᠷᠢᠭᠤᠨ ᠶᠠᠪᠤᠳᠠᠯᠲᠤ ᠬᠥᠮᠥᠨ ᠡᠨᠡ ᠣᠷᠴᠢᠯᠠᠩ ᠳᠡᠭᠡᠷ᠎ᠡ ᠪᠠᠶᠢᠳᠠᠭ ᠶᠤᠮ ᠦᠦ︖︾ ᠭᠡᠵᠦ ᠲᠠᠪᠠᠯᠠᠬᠤ᠂ ᠦᠵᠡᠨ ᠶᠠᠳᠠᠬᠤ ᠬᠤᠣᠰᠯᠠᠭᠤᠯᠤᠨ ᠬᠡᠯᠡᠬᠦ ᠶᠢ ᠪᠢ ᠰᠣᠨᠣᠰᠤᠭᠰᠠᠨ ᠶᠤᠮ᠃ ᠲᠡᠭᠡᠬᠦ ᠳᠤ ᠬᠥᠭᠵᠢᠮ ᠤᠨ ᠪᠠᠭᠰᠢ ᠵᠠᠯᠠᠭᠤ ᠨᠢᠭᠡ ᠯᠡ ᠭᠠᠶᠢᠬᠠᠭᠰᠠᠨ᠂ ᠴᠥᠬᠦᠷᠡᠭᠰᠡᠨ ᠬᠠᠷᠠᠴᠠ ᠪᠠᠷ ᠰᠢᠤᠳᠠᠨᠴᠢ ᠶᠢ ᠬᠠᠷᠠᠴᠢᠬᠠᠭᠠᠳ ᠭᠠᠷᠴᠤ ᠪᠢᠯᠡ᠃ ᠲᠡᠷᠡ ᠬᠠᠷᠠᠴᠠ ᠶᠠᠭ ᠶᠠᠭᠤ ᠬᠡᠯᠡᠭᠰᠡᠨ ᠢ ᠣᠳᠣ ᠪᠣᠯᠲᠠᠯ᠎ᠠ ᠪᠣᠳᠣᠭᠠᠳ ᠣᠯᠳᠠᠳᠠᠭ ᠦᠭᠡᠢ ᠶᠤᠮ᠃      ᠵᠢᠷᠭᠤᠭ᠎ᠠ      ᠠᠷᠪᠠᠨ ᠶᠢᠰᠦᠨ ᠨᠠᠰᠤ ᠳᠥᠩᠭᠡᠵᠦ ᠬᠦᠷᠬᠦ ᠭᠡᠵᠦ ᠪᠠᠶᠢᠭᠰᠠᠨ ᠲᠡᠷᠡ ᠨᠠᠮᠣᠷ ᠢᠶᠠᠨ ᠬᠠᠲᠣᠩᠭᠤᠸ᠎ᠠ ᠬᠡᠦᠬᠡᠳ ᠢᠶᠠᠨ ᠲᠥᠷᠥᠭᠦᠯᠬᠦ ᠭᠡᠳ ᠲᠥᠷᠥᠭᠦᠯᠵᠦ ᠴᠢᠳᠠᠭ᠎ᠠ ᠦᠭᠡᠢ ᠨᠠᠰᠤ ᠪᠠᠷᠠᠭᠰᠠᠨ ᠶᠤᠮ᠃ ᠶᠠᠮᠠᠷ ᠴᠦ ᠪᠠᠶᠢᠭᠰᠠᠨ ᠬᠠᠲᠣᠩᠭᠤᠸ᠎ᠠ ᠦᠬᠦᠶ᠎ᠡ ᠭᠡᠵᠦ ᠪᠣᠳᠤᠭ᠎ᠠ ᠦᠭᠡᠢ ᠯᠡ ᠪᠠᠶᠢᠭᠰᠠᠨ ᠪᠠᠶᠢᠬᠤ᠃ ᠬᠡᠷᠪᠡ ᠬᠠᠲᠣᠩᠭᠤᠸ᠎ᠠ ᠦᠬᠦᠶ᠎ᠡ ᠭᠡᠵᠦ ᠪᠣᠳᠣᠭᠰᠠᠨ ᠪᠣᠯ ᠲᠥᠷᠥᠬᠦ ᠶᠢ ᠬᠦᠰᠡᠬᠦ ᠦᠭᠡᠢ ᠪᠠᠶᠢᠭᠰᠠᠨ ᠪᠠᠶᠢᠬᠤ ᠠ᠋᠃ ᠬᠠᠷᠢᠨ ᠬᠠᠲᠣᠩᠭᠤᠸ᠎ᠠ ᠨᠠᠰᠤ ᠪᠠᠷᠠᠬᠤ ᠶᠢᠨ ᠢᠶᠠᠨ ᠡᠮᠦᠨ᠎ᠡ ᠨᠠᠳᠠ ᠳᠤ ᠵᠠᠬᠢᠶ᠎ᠠ ᠥᠭᠭᠦᠭᠦᠯᠦᠭᠰᠡᠨ ᠶᠤᠮ᠃ ᠥᠷᠯᠥᠭᠡ ᠣᠷᠣᠨ ᠠᠴᠠ ᠪᠠᠨ ᠪᠣᠰᠤᠭ᠎ᠠ ᠦᠭᠡᠢ ᠬᠡᠪᠲᠡᠵᠦ ᠪᠠᠶᠢᠭᠰᠠᠨ ᠨᠠᠳᠠ ᠳᠤ ᠡᠵᠢ ︽ᠬᠠᠲᠣᠩᠭᠤᠸ᠎ᠠ ᠡᠨᠡ ᠵᠠᠬᠢᠶ᠎ᠠ ᠶᠢ ᠴᠢᠮ᠎ᠠ ᠳᠤ ᠥᠭᠭᠦᠭᠦᠯᠵᠦ ᠪᠠᠶᠢᠨ᠎ᠠ︾ ᠬᠡᠮᠡᠨ ᠳᠥᠷᠪᠡᠯᠵᠢᠯᠡᠵᠦ ᠨᠤᠭᠤᠯᠤᠭᠰᠠᠨ ᠪᠢᠴᠢᠬᠠᠨ ᠵᠠᠬᠢᠶ᠎ᠠ ᠶᠢ ᠥᠭᠭᠦᠭᠰᠡᠨ ᠶᠤᠮ᠃ ᠡᠵᠢ ᠶᠢᠨ ᠠᠪᠴᠤ ᠢᠷᠡᠭᠰᠡᠨ ᠵᠠᠬᠢᠶ᠎ᠠ ᠶᠢ ᠪᠢ ᠵᠠᠳᠠᠯᠵᠤ ᠴᠦ ᠦᠵᠡᠭᠡ ᠦᠭᠡᠢ ᠭᠠᠯ ᠤᠷᠤᠭᠤ ᠴᠢᠯᠠᠭᠤᠳᠠᠴᠢᠬᠠᠭᠰᠠᠨ ᠪᠢᠯᠡ᠃ ᠬᠠᠲᠣᠩᠭᠤᠸ᠎ᠠ ᠶᠢᠨ ᠲᠡᠷᠡ ᠵᠠᠬᠢᠶ᠎ᠠ ᠶᠢ ᠢᠳᠡ ᠳᠦᠷᠡᠯᠵᠡᠵᠦ ᠪᠠᠶᠢᠭᠰᠠᠨ ᠭᠠᠯ ᠶᠠᠭᠠᠬᠢᠬᠤ ᠢᠢᠬᠦ ᠶᠢᠨ ᠵᠠᠭᠤᠷ᠎ᠠ ᠦᠭᠡᠢ ᠵᠠᠯᠭᠢᠵᠤ ᠣᠷᠬᠢᠭᠰᠠᠨ ᠶᠤᠮ᠃ ᠲᠡᠭᠡᠬᠦ ᠳᠤ ᠡᠵᠢ ︽ᠶᠠᠭᠠᠬᠢᠵᠤ ᠪᠠᠶᠢᠨ᠎ᠠ ᠠ᠋᠂ ᠴᠢ︖ ᠦᠶ᠎ᠡ ᠶᠢᠨ ᠶᠤᠮ ᠪᠣᠯᠬᠤ ᠪᠠᠷ ᠯᠠ ᠬᠠᠲᠣᠩᠭᠤᠸ᠎ᠠ ᠴᠢᠮ᠎ᠠ ᠳᠤ ᠵᠣᠪᠠᠯᠠᠩ ᠵᠢᠷᠭᠠᠯ ᠢᠶᠠᠨ ᠪᠢᠴᠢᠭᠡ ᠪᠢᠵᠡ᠃ ᠬᠥᠮᠥᠨ ᠤ ᠰᠡᠳᠬᠢᠯ ᠢ ᠬᠤᠪᠢᠶᠠᠯᠴᠠᠴᠢᠬᠠᠬᠤ ᠳᠤ ᠶᠠᠭᠠᠬᠢᠳᠠᠭ ᠪᠠᠶᠢᠨ᠎ᠠ ᠠ᠋︖ ᠲᠤᠰᠠ ᠦᠭᠡᠢ ᠬᠡᠦᠬᠡᠳ ᠪᠤᠢ᠂ ᠴᠢ︾ ᠭᠡᠵᠦ ᠢᠯᠡᠳᠲᠡ ᠬᠡᠷᠡᠭ ᠲᠤ ᠳᠤᠷᠠᠯᠠᠭᠰᠠᠨ ᠶᠠᠩᠵᠤ ᠲᠠᠢ ᠬᠠᠷᠠᠮᠰᠠᠩᠭᠤᠢ ᠥᠭᠦᠯᠡᠵᠦ ᠪᠢᠯᠡ᠃      ᠳᠣᠯᠤᠭ᠎ᠠ      ᠬᠠᠲᠣᠩᠭᠤᠸ᠎ᠠ ᠶᠢᠨ ᠬᠡᠦᠬᠡᠳ ᠴᠦ ᠬᠥᠮᠥᠨ ᠪᠣᠯᠵᠤ ᠴᠢᠳᠠᠭ᠎ᠠ ᠦᠭᠡᠢ ᠶᠤᠮ᠃ ᠡᠨᠡ ᠲᠤᠬᠠᠢ ᠮᠠᠨ ᠤ ᠠᠪᠤ ᠡᠵᠢ ᠬᠤᠶᠠᠷ ︽ᠬᠤᠶᠠᠷ ᠤᠨ ᠬᠤᠶᠠᠷ ᠠᠮᠢ ᠨᠢᠭᠡ ᠳᠣᠣᠷ᠎ᠠ ᠡᠷᠡᠰᠳᠡᠯ᠎ᠡ᠃ ᠨᠢᠯᠬ᠎ᠠ ᠠᠮᠢᠲᠠᠨ ᠶᠠᠭᠠᠬᠢᠵᠤ ᠴᠦ ᠲᠥᠷᠥᠯᠲᠡ ᠶᠢᠨ ᠬᠦᠨᠳᠦᠷᠡᠯ ᠳᠠᠭᠠᠭᠠᠬᠤ ᠪᠢᠯᠡ ᠳ᠋ᠡ᠃ ᠡᠮᠴᠢ ᠨᠠᠷ ᠶᠠᠳᠠᠵᠤ ᠬᠡᠦᠬᠡᠳ ᠢ ᠨᠢ ᠬᠥᠮᠥᠨ ᠪᠣᠯᠭᠠᠴᠢᠬᠠᠶ᠎ᠠ ᠭᠡᠵᠦ ᠬᠢᠴᠢᠶᠡᠭᠡᠳ ᠳᠡᠶᠢᠯᠦᠭᠡ ᠦᠭᠡᠢ ᠭᠡᠨ᠎ᠡ᠃ ᠮᠠᠭᠤᠬᠠᠢ ᠯᠠ ᠶᠠᠭᠤᠮ᠎ᠠ ᠪᠣᠯᠣᠯ᠎ᠠ ᠳ᠋ᠠ︾ ᠬᠡᠮᠡᠨ ᠶᠠᠷᠢᠵᠤ ᠪᠠᠶᠢᠭᠰᠠᠨ ᠶᠤᠮ᠃      ᠨᠠᠢᠮᠠ      ᠬᠠᠲᠣᠩᠭᠤᠸ᠎ᠠ ᠶᠢᠨ ᠬᠤᠪᠢ ᠵᠠᠶᠠᠭ᠎ᠠ ᠢᠩᠭᠢᠵᠦ ᠣᠨᠢᠰᠤᠭ᠎ᠠ ᠠᠳᠠᠯᠢ ᠳᠠᠭᠤᠰᠤᠭᠰᠠᠨ ᠶᠤᠮ᠃ ᠪᠦᠬᠦ ᠬᠥᠮᠥᠨ ᠳᠤ ᠭᠡᠮᠲᠡᠨ ᠭᠡᠵᠦ ᠰᠠᠨᠠᠭᠳᠠᠵᠤ ᠪᠠᠶᠢᠭᠰᠠᠨ ᠬᠥᠭᠵᠢᠮ ᠤᠨ ᠪᠠᠭᠰᠢ ᠵᠠᠯᠠᠭᠤ ᠴᠦ ᠲᠡᠷᠡ ᠨᠠᠮᠣᠷ ᠢᠶᠠᠨ ᠬᠠᠮᠢᠭ᠎ᠠ ᠨᠢᠭᠡ ᠲᠡᠶᠢᠰᠢ ᠪᠠᠨ ᠠᠷᠢᠯᠵᠤ ᠣᠳᠣᠭᠰᠠᠨ ᠪᠢᠯᠡ᠃ ᠲᠡᠭᠡᠬᠦ ᠳᠤ ᠪᠠᠨ ᠲᠡᠷᠡ ᠪᠠᠷ ︽ᠪᠢ ᠶᠠᠮᠠᠷ ᠴᠦ ᠪᠤᠷᠤᠭᠤ ᠦᠭᠡᠢ ᠰᠢᠦ︾ ᠭᠡᠳᠡᠭ ᠭᠠᠭᠴᠠ ᠥᠭᠦᠯᠡᠪᠦᠷᠢ ᠶᠢ ᠬᠡᠯᠡᠵᠦ ᠴᠢᠳᠠᠭ᠎ᠠ ᠦᠭᠡᠢ ᠶᠤᠮ᠃ ᠮᠠᠭᠠᠳ ᠦᠭᠡᠢ᠂ ᠲᠡᠭᠦᠨ ᠳᠤ ᠲᠡᠭᠡᠵᠦ ᠬᠡᠯᠡᠬᠦ ᠪᠣᠯᠣᠮᠵᠢ ᠪᠠᠶᠢᠭ᠎ᠠ ᠦᠭᠡᠢ ᠴᠦ ᠶᠤᠮ ᠪᠢᠯᠡ ᠦᠦ︖ ᠲᠡᠭᠡᠵᠦ ᠬᠡᠯᠡᠭᠰᠡᠨ ᠪᠠᠶᠢᠯ᠎ᠠ ᠴᠦ ᠭᠡᠰᠡᠨ ᠬᠥᠮᠥᠰ ᠲᠡᠭᠦᠨ ᠳᠤ ᠢᠲᠡᠭᠡᠬᠦ ᠦᠭᠡᠢ ᠪᠠᠶᠢᠭᠰᠠᠨ ᠪᠢᠵᠡ᠃ ᠴᠢᠩ ᠦᠨᠡᠨ ᠳᠤ ᠪᠠᠨ ᠪᠦᠬᠦ ᠦᠨᠡᠨ ᠢ ᠬᠠᠲᠣᠩᠭᠤᠸ᠎ᠠ ᠬᠡᠦᠬᠡᠳ ᠲᠠᠢ ᠪᠠᠨ ᠬᠠᠮᠲᠤ ᠡᠭᠦᠷᠢᠳᠡ ᠠᠪᠤᠭᠠᠳ ᠶᠠᠪᠤᠴᠢᠬᠠᠭᠰᠠᠨ ᠪᠢᠯᠡ᠃ ᠬᠤᠵᠢᠮ ᠨᠢ ᠬᠠᠲᠣᠩᠭᠤᠸ᠎ᠠ ᠶᠢᠨ ᠠᠪᠤ ᠡᠵᠢ ᠬᠤᠶᠠᠷ ᠠᠶᠢᠯ ᠰᠠᠭᠠᠬᠠᠯᠲᠠ ᠶᠢᠨ ᠢᠶᠠᠨ ᠬᠥᠮᠥᠰ ᠲᠤ ︽ᠬᠠᠲᠣᠩᠭᠤᠸ᠎ᠠ ᠴᠠᠭ ᠨᠢ ᠪᠣᠯᠬᠤ ᠪᠠᠷ ᠪᠦᠬᠦ ᠦᠨᠡᠨ ᠢ ᠥᠪᠡᠷ ᠢᠶᠠᠨ ᠬᠡᠯᠡᠨ᠎ᠡ ᠭᠡᠳᠡᠭ ᠪᠠᠶᠢᠭᠰᠠᠨ ᠶᠤᠮ︾ ᠬᠡᠮᠡᠨ ᠶᠠᠷᠢᠭᠰᠠᠨ ᠪᠠᠶᠢᠵᠤ ᠪᠢᠯᠡ᠃      ᠶᠢᠰᠦ      ᠪᠢ ᠰᠠᠶ᠋ᠢᠬᠠᠨ ᠴᠡᠴᠡᠭᠲᠦ ᠲᠣᠯᠣᠭᠠᠳ ᠳᠡᠭᠡᠷ᠎ᠡ ᠭᠠᠷᠴᠤ ᠪᠠᠭ᠋ᠠᠨ ᠰᠠᠭᠤᠯ᠎ᠠ᠃ ᠲᠡᠷᠡ ᠶᠠᠪᠤᠳᠠᠯ ᠠᠴᠠ ᠬᠤᠶᠢᠰᠢ ᠬᠤᠷᠢᠭᠠᠳ ᠵᠢᠯ ᠪᠣᠯᠵᠠᠢ᠃ ᠡᠨᠡ ᠬᠤᠷᠢᠨ ᠵᠢᠯ ᠤᠨ ᠳᠣᠲᠣᠷ᠎ᠠ ᠣᠯᠠᠨ ᠶᠠᠭᠤᠮ᠎ᠠ ᠥᠭᠡᠷᠡᠴᠢᠯᠡᠭᠳᠡᠵᠡᠢ᠃ ᠮᠠᠨ ᠤ ᠰᠠᠭᠤᠷᠢᠨ ᠤ ᠲᠠᠨᠢᠳᠠᠭ ᠬᠥᠮᠥᠰ ᠤᠨ ᠮᠠᠨᠢ ᠶᠡᠬᠡᠩᠬᠢ ᠨᠢ ᠪᠤᠷᠬᠠᠨ ᠤ ᠣᠷᠣᠨ ᠤᠷᠤᠭᠤ ᠣᠳᠴᠤ᠂ ᠦᠯᠡᠳᠡᠭᠰᠡᠨ ᠵᠠᠷᠢᠮ ᠨᠢ ᠠᠮᠢ ᠠᠮᠢᠳᠤᠷᠠᠯ ᠤᠨ ᠢᠶᠠᠨ ᠮᠥᠷ ᠢ ᠬᠥᠭᠡᠭᠡᠨ ᠬᠠᠮᠢᠭ᠎ᠠ ᠨᠢᠭᠡ ᠲᠡᠶᠢᠰᠢ ᠪᠠᠨ ᠰᠢᠯᠵᠢᠨ ᠣᠳᠴᠠᠢ᠃ ᠬᠠᠲᠣᠩᠭᠤᠸ᠎ᠠ ᠶᠢᠨ ᠭᠡᠷ ᠤᠨ ᠪᠠᠭᠤᠷᠢ ᠴᠦ ᠲᠡᠷᠡ᠂ ᠮᠠᠨ ᠤ ᠭᠡᠷ ᠤᠨ ᠪᠠᠭᠤᠷᠢ ᠴᠦ ᠲᠡᠷᠡ ᠢᠯᠭᠠᠯ ᠦᠭᠡᠢ ᠡᠯᠳᠡᠪ ᠯᠣᠣᠯᠢ᠂ ᠰᠢᠷᠠᠯᠵᠢᠨ ᠳᠤ ᠳᠠᠷᠤᠭᠳᠠᠨ ᠪᠠᠷᠤᠭ ᠡᠳᠡᠭᠡᠷᠡᠵᠡᠢ᠃ ᠬᠠᠷᠢᠨ ᠮᠢᠨᠤ ᠰᠡᠳᠬᠢᠯ ᠤᠨ ᠭᠦᠨ ᠳᠤ ᠬᠢ ᠲᠡᠷᠡ ᠨᠢᠭᠡᠨ ᠰᠢᠷᠬ᠎ᠠ ᠶᠡᠷᠦ ᠠᠴᠠ ᠪᠠᠨ ᠡᠳᠡᠭᠡᠭᠡ ᠦᠭᠡᠢ ᠪᠢᠯᠡ᠃ ᠮᠡᠳᠡᠭᠡᠵᠢ᠂ ᠲᠡᠷᠡ ᠰᠢᠷᠬᠠᠨ ᠤ ᠭᠦᠨᠵᠡᠭᠡᠢ ᠰᠣᠷᠪᠢ ᠨᠢ ᠬᠠᠲᠣᠩᠭᠤᠸ᠎ᠠ ᠶᠢᠨ ᠨᠠᠳᠠ ᠳᠤ ᠥᠭᠭᠦᠭᠰᠡᠨ ᠵᠠᠬᠢᠳᠠᠯ ᠪᠠᠶᠢᠭᠰᠠᠨ ᠶᠤᠮ᠃ ᠲᠡᠷᠡ ᠪᠠᠶᠢᠵᠤ ᠪᠣᠯᠬᠤ ᠦᠨᠡᠨ ᠢ ᠪᠢ ᠥᠪᠡᠷ ᠢᠶᠠᠨ ᠤᠰᠠᠳᠬᠠᠭᠰᠠᠨ ᠶᠤᠮ᠃ ᠮᠠᠭᠠᠳ ᠦᠭᠡᠢ᠂ ᠲᠡᠷᠡ ᠵᠠᠬᠢᠶᠠᠨ ᠳᠤ ᠬᠥᠭᠵᠢᠮ ᠤᠨ ᠪᠠᠭᠰᠢ ᠵᠠᠯᠠᠭᠤ ᠶᠢᠨ ᠬᠡᠯᠡᠵᠦ ᠴᠢᠳᠠᠭ᠎ᠠ ᠦᠭᠡᠢ ᠭᠤᠷᠪᠠᠨ ᠦᠭᠡᠨ ᠤ ᠤᠴᠢᠷ ᠤᠳᠬ᠎ᠠ ᠪᠠᠶᠢᠭᠰᠠᠨ ᠴᠦ ᠪᠠᠶᠢᠵᠤ ᠮᠡᠳᠡᠬᠦ ᠶᠤᠮ᠃ ᠵᠠᠷᠢᠮ ᠳᠤ ᠪᠠᠨ ᠪᠢ ᠲᠡᠷᠡ ᠵᠠᠬᠢᠶ᠎ᠠ ᠶᠢ ᠣᠩᠰᠢᠭ᠎ᠠ ᠦᠭᠡᠢ ᠳᠤ ᠪᠠᠨ ᠥᠪᠡᠷ ᠲᠤ ᠪᠠᠨ ᠴᠦ ᠪᠠᠶᠠᠷᠯᠠᠳᠠᠭ ᠶᠤᠮ᠃ ᠤᠴᠢᠷ ᠨᠢ᠂ ᠦᠨᠡᠨ ᠭᠡᠭᠴᠢ ᠵᠠᠷᠢᠮ ᠲᠣᠬᠢᠶᠠᠯᠳᠤᠯ ᠳᠤ ᠮᠡᠳᠡᠵᠦ ᠪᠣᠯᠬᠤ ᠦᠭᠡᠢ ᠵᠦᠢᠯ ᠪᠠᠶᠢᠳᠠᠭ ᠰᠢᠦ ᠳ᠋ᠡ᠃      ᠠᠷᠪᠠ      ᠴᠡᠴᠡᠭᠲᠦ ᠲᠣᠯᠣᠭᠠᠳ ᠤᠨ ᠲᠤᠬᠠᠢ᠂ ᠬᠠᠲᠣᠩᠭᠤᠸ᠎ᠠ ᠶᠢᠨ ᠲᠤᠬᠠᠢ ᠡᠨᠡ ᠪᠢᠴᠢᠬᠠᠨ ᠲᠡᠦᠬᠡ ᠶᠢ ᠬᠤᠯᠠ ᠵᠠᠮ ᠳᠤ ᠳᠥᠷᠥᠭᠡ ᠨᠡᠶᠢᠯᠡᠵᠦ ᠶᠠᠪᠤᠬᠤ ᠳᠤ ᠨᠢᠭᠡᠨ ᠲᠠᠨᠢᠯ ᠮᠢᠨᠢ ᠨᠠᠳᠠ ᠳᠤ ᠶᠠᠷᠢᠵᠤ ᠥᠭᠭᠦᠭᠰᠡᠨ ᠪᠢᠯᠡ᠃ ᠬᠠᠷᠢᠨ ᠲᠡᠷᠡ ᠲᠠᠨᠢᠯ ᠮᠠᠨᠢ ᠨᠠᠳᠠ ᠳᠤ ᠥᠪᠡᠷ ᠤᠨ ᠶᠠᠷᠢᠭᠰᠠᠨ ᠲᠡᠦᠬᠡ ᠪᠠᠨ ᠦᠨᠡᠨ ᠢᠶᠠᠷ ᠨᠢ ᠶᠠᠷᠢᠭ᠎ᠠ ᠦᠭᠡᠢ ᠶᠤᠮ ᠰᠢᠭ ᠯᠠ ᠰᠠᠨᠠᠭᠳᠠᠭᠰᠠᠨ᠃ ᠤᠴᠢᠷ ᠨᠢ᠂ ᠲᠡᠭᠦᠨ ᠢ ᠲᠡᠷᠡ ᠲᠡᠦᠬᠡ ᠪᠠᠨ ᠶᠠᠷᠢᠭᠰᠠᠨ ᠠᠴᠠ ᠬᠤᠶᠢᠰᠢ ᠨᠡᠯᠢᠶᠡᠳ ᠬᠡᠳᠦᠨ ᠵᠢᠯ ᠤᠨ ᠳᠠᠷᠠᠭ᠎ᠠ ᠪᠢ ᠴᠡᠴᠡᠭᠲᠦ ᠲᠣᠯᠣᠭᠠᠳ ᠢ ᠥᠪᠡᠷ ᠤᠨ ᠪᠡᠶ᠎ᠡ ᠪᠠᠷ ᠦᠵᠡᠵᠦ᠂ ᠨᠤᠲᠤᠭ ᠤᠨ ᠬᠥᠮᠥᠰ ᠲᠠᠢ ᠠᠭᠤᠯᠵᠠᠭᠰᠠᠨ ᠶᠤᠮ᠃ ᠲᠡᠭᠡᠬᠦ ᠳᠤ ᠨᠤᠲᠤᠭ ᠤᠨ ᠬᠥᠮᠥᠰ ᠴᠡᠴᠡᠭᠲᠦ ᠲᠣᠯᠣᠭᠠᠳ ᠤᠨ ᠲᠤᠬᠠᠢ ︽ᠰᠡᠭᠦᠯ ᠤᠨ ᠦᠶ᠎ᠡ ᠳᠤ ᠴᠥᠯᠵᠢᠯᠲᠡ ᠶᠡᠬᠡᠰᠦᠭᠡᠳ ᠴᠦ ᠲᠡᠷᠡ ᠶᠤᠮ ᠦᠦ᠂ ᠳᠡᠭᠡᠷ᠎ᠡ ᠨᠢ ᠠᠳᠡ ᠲᠡᠨᠳᠡ ᠬᠢ ᠶᠢᠨ ᠳᠣᠩᠰᠢᠭᠤᠴᠢᠳ ᠠᠯᠲᠠ᠂ ᠡᠷᠲᠡᠨᠢᠰ ᠬᠠᠶᠢᠵᠤ ᠣᠬᠤᠭᠰᠠᠨ ᠠᠴᠠ ᠪᠣᠯᠣᠭᠠᠳ ᠴᠦ ᠲᠡᠷᠡ ᠶᠤᠮ ᠦᠦ ᠬᠠᠪᠤᠷ ᠡᠷᠲᠡ ᠪᠠᠭᠰᠢᠷᠠᠲᠠᠯ᠎ᠠ ᠤᠷᠭᠤᠳᠠᠭ ᠰᠢᠷ᠎ᠠ ᠴᠡᠴᠡᠭ ᠤᠳ ᠨᠢ ᠣᠷᠭᠤᠬᠤ ᠪᠠᠨ ᠪᠣᠯᠢᠭᠰᠠᠨ᠃ ᠨᠢᠳᠦᠨ ᠷᠠᠰᠢᠶᠠᠨ ᠨᠢ ᠣᠷᠣ ᠦᠭᠡᠢ ᠰᠢᠷᠭᠢᠭᠰᠡᠨ︾ ᠬᠡᠮᠡᠨ ᠶᠠᠷᠢᠵᠤ ᠪᠠᠶᠢᠭᠰᠠᠨ ᠪᠢᠯᠡ᠃ ᠮᠠᠭᠠᠳ ᠦᠭᠡᠢ᠂ ᠴᠡᠴᠡᠭᠲᠦ ᠲᠣᠯᠣᠭᠠᠳ ᠤᠨ ᠲᠤᠬᠠᠢ ᠵᠢᠩᠬᠢᠨᠢ ᠦᠨᠡᠨ ᠡᠨᠡ ᠴᠦ ᠪᠠᠶᠢᠵᠤ ᠮᠡᠳᠡᠬᠦ ᠶᠤᠮ᠃ ᠬᠡᠷᠪᠡ ᠬᠡᠵᠢᠶ᠎ᠡ ᠨᠢᠭᠡᠨ ᠴᠠᠭ ᠲᠤ ᠨᠠᠮ᠎ᠠ ᠶᠢ ᠳᠠᠬᠢᠨ ᠣᠴᠢᠬᠤ ᠳᠤ ᠴᠡᠴᠡᠭᠲᠦ ᠲᠣᠯᠣᠭᠠᠳ ᠤᠨ ᠨᠡᠷ᠎ᠡ ᠥᠭᠡᠷᠡᠴᠢᠯᠡᠭᠳᠡᠭᠰᠡᠨ ᠪᠠᠶᠢᠪᠠᠯ ᠡᠨᠡ ᠣᠷᠴᠢᠯᠠᠩ ᠤᠨ ᠪᠦᠬᠦ ᠵᠦᠢᠯ ᠦᠨᠡᠨ ᠠᠴᠠ ᠨᠢᠭᠤᠭᠳᠠᠬᠤ ᠶᠢᠨ ᠲᠥᠯᠥᠭᠡ ᠣᠷᠣᠰᠢᠳᠠᠭ ᠭᠡᠳᠡᠭ ᠲᠤ ᠪᠢ ᠯᠠ ᠯᠠᠪ ᠪᠦᠷᠢᠨ ᠳᠦᠭᠦᠷᠡᠩ ᠢᠲᠡᠭᠡᠬᠦ ᠪᠣᠯᠣᠨ᠎ᠠ᠃           ᠵᠤᠬᠢᠶᠠᠯᠴᠢ ᠴ᠊ · ᠪᠤᠶᠠᠨᠵᠠᠶᠠᠭ᠎ᠠ ᠶᠢᠨ ︽ᠮᠠᠨᠠᠨ ᠳᠤᠮᠳᠡᠬᠢ ᠡᠷᠪᠡᠬᠡᠢ︾ ᠨᠤᠮ ᠠᠴᠠ ᠲᠦᠮᠡᠲᠦ ᠰᠢᠨ᠎ᠡ ᠪᠠᠭᠤᠯᠭᠠᠪᠠ           ︽ᠲᠡᠯᠡᠬᠡᠢ ᠶᠢᠨ ᠤᠳᠬ᠎ᠠ ᠵᠤᠬᠢᠶᠠᠯ︾ ᠰᠡᠳᠬᠦᠯ ᠠᠴᠠ ᠰᠢᠯᠵᠢᠭᠦᠯᠪᠡ
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号