ᠮᠢᠨᠤ ᠬᠦᠰᠡᠯᠡᠩ
ᠨᠡᠶᠢᠲᠡᠯᠡᠭᠰᠡᠨ ᠴᠠᠭ᠄
2019/4/1
            ᠮᠢᠨᠤ ᠬᠦᠰᠡᠯᠡᠩ                            ᠪᠠᠢ ᠸᠧᠨ ᠵᠢᠶᠧ      ︽ᠬᠦᠰᠡᠯᠡᠩ ᠦᠭᠡᠢ ᠬᠦᠮᠦᠨ ᠪᠤᠯ ᠳᠠᠯᠠᠪᠴᠢ ᠨᠢ ᠬᠤᠭᠤᠷᠤᠭᠰᠠᠨ ᠰᠢᠪᠠᠭᠤ᠂ ᠡᠰᠢ ᠨᠢ ᠬᠤᠭᠤᠷᠠᠭᠰᠠᠨ ᠰᠦᠬᠡ ᠲᠠᠢ ᠠᠳᠠᠯᠢ︾ ᠭᠡᠭᠴᠢ ᠪᠠᠷ ᠬᠦᠰᠡᠯᠡᠩ ᠪᠤᠯ ᠲᠡᠮᠡᠴᠡᠯ ᠤᠨ ᠬᠠᠷᠠᠯᠲᠠ ᠮᠦᠨ᠃ ᠬᠦᠮᠦᠨ ᠬᠦᠰᠡᠯᠡᠩ ᠲᠠᠢ ᠪᠤᠯ ᠰᠠᠶᠢᠬᠠᠨ᠂ ᠬᠦᠰᠡᠯᠡᠩ ᠤᠨ ᠢᠶᠠᠨ ᠲᠦᠯᠦᠭᠡ ᠲᠡᠮᠦᠯᠦᠨ ᠵᠢᠳᠬᠦᠬᠦ ᠨᠢ ᠨᠡᠩ ᠰᠠᠶᠢᠬᠠᠨ ᠪᠠᠶᠢᠳᠠᠭ᠃ ᠬᠦᠮᠦᠨ ᠪᠦᠬᠦᠨ ᠳᠤ ᠪᠦᠷ ᠬᠦᠰᠡᠯᠡᠩ ᠲᠠᠢ᠂ ᠵᠠᠷᠢᠮ ᠨᠢ ᠳᠠᠭᠤᠴᠢᠨ ᠪᠤᠯᠵᠤ ᠴᠡᠭᠡᠯᠭᠡᠨ ᠬᠤᠭᠤᠯᠠᠢ ᠪᠠᠷ ᠢᠶᠠᠨ ᠲᠠᠯ᠎ᠠ ᠨᠤᠲᠤᠭ ᠢᠶᠠᠨ ᠤᠶᠠᠩᠭᠠᠯᠠᠨ ᠳᠠᠭᠤᠯᠠᠨ᠎ᠠ ᠭᠡᠵᠦ ᠰᠠᠨᠠᠨ᠎ᠠ᠃ ᠵᠠᠷᠢᠮ ᠨᠢ ᠴᠡᠷᠢᠭ ᠪᠤᠯᠵᠤ ᠤᠯᠤᠰ ᠤᠨ ᠵᠶᠠᠨ ᠠᠮᠤᠷ ᠲᠦᠪᠰᠢᠨ ᠢ ᠬᠠᠮᠠᠭᠠᠯᠠᠨ᠎ᠠ ᠭᠡᠵᠦ ᠪᠣᠳᠣᠨ᠎ᠠ᠃ ᠪᠠᠰᠠ ᠵᠠᠷᠢᠮ ᠨᠢ ᠠᠷᠠᠳ ᠤᠨ ᠪᠠᠭᠰᠢ ᠪᠤᠯᠵᠤ ᠤᠯᠤᠰ ᠤᠷᠤᠨ ᠳᠤ ᠪᠠᠨ ᠨᠡᠩ ᠤᠯᠠᠨ ᠴᠢᠳᠠᠪᠦᠷᠢᠲᠠᠨ ᠬᠦᠮᠦᠵᠢᠭᠦᠯᠦᠨ᠎ᠡ ᠭᠡᠵᠦ ᠰᠠᠨᠠᠨ᠎ᠠ᠃ ᠡᠭᠦᠨ ᠲᠠᠢ ᠠᠳᠠᠯᠢ ᠪᠠᠷ ᠨᠠᠳᠠ ᠳᠤ ᠪᠠᠰᠠ ᠨᠢᠭᠡᠨ ᠰᠠᠶᠢᠬᠠᠨ ᠬᠦᠰᠡᠯᠡᠩ ᠪᠠᠶᠢᠳᠠᠭ᠃ ᠲᠠᠷᠣᠢ ᠨᠢᠭᠡᠨ ᠡᠪᠡᠳᠴᠢᠨ ᠡᠮᠬᠡᠭ ᠢ ᠵᠠᠰᠠᠨ ᠠᠨᠠᠭᠠᠳᠠᠭ ᠡᠮᠴᠢ ᠪᠣᠯᠬᠤ ᠬᠦᠰᠡᠯᠡᠩ ᠲᠠᠢ ᠶᠤᠮ᠃ ᠤᠴᠢᠷ ᠨᠢ ᠡᠮᠴᠢ ᠬᠦᠮᠦᠨ ᠨᠠᠶᠢᠭᠡᠮ ᠨᠡᠶᠢᠳᠡ ᠳᠤ ᠲᠦᠢᠯ ᠤᠨ ᠴᠢᠬᠤᠯᠠ ᠴᠢᠨᠠᠷ ᠲᠠᠢ ᠮᠦᠷᠲᠡᠭᠡᠨ ᠡᠷᠬᠢᠮ ᠳᠡᠭᠡᠳᠤ ᠪᠠᠶᠢᠳᠠᠭ᠃ ᠲᠡᠳᠡᠨ ᠤ ᠴᠠᠭᠠᠨ ᠦᠩᠭᠡᠲᠠᠢ ᠬᠤᠪᠴᠠᠰᠤ ᠨᠢ ᠨᠡᠩ ᠴᠤ ᠬᠦᠮᠦᠨ ᠳᠤ ᠳᠠᠷᠬᠠᠨ ᠰᠦᠷᠯᠢᠭ ᠰᠠᠨᠠᠭᠳᠠᠳᠠᠭ ᠶᠤᠮ᠃ ᠮᠢᠨᠥ ᠡᠮᠴᠢ ᠪᠤᠯᠬᠤ ᠬᠦᠰᠡᠯᠡᠩ ᠪᠣᠢ ᠪᠤᠯᠤᠭᠰᠠᠨ ᠨᠢ ᠨᠢᠬᠡᠨ ᠰᠢᠯᠲᠠᠭᠠᠨ ᠪᠠᠶᠢᠳᠠᠭ᠃      ᠦᠨᠦ ᠵᠤᠨ ᠤ ᠠᠮᠠᠷᠠᠯᠲᠠ ᠪᠠᠷ ᠪᠢ ᠨᠠᠭᠠᠴᠤ ᠠᠪᠤ ᠶᠢᠨ ᠢᠶᠠᠨ ᠭᠡᠷ ᠲᠤ ᠤᠴᠢᠨ ᠨᠠᠭᠠᠳᠪᠠ᠃ ᠮᠢᠨᠤ ᠨᠠᠭᠠᠴᠤ ᠠᠪᠤ ᠪᠤᠯ ᠪᠠᠭᠰᠢ ᠶᠢᠨ ᠶᠡᠭᠡ ᠰᠤᠷᠭᠠᠭᠤᠯᠢ ᠶᠢᠨ ᠪᠠᠭᠰᠢ᠂ ᠶᠤᠰᠤᠲᠠᠢ ᠯᠡ ︽ᠪᠠᠭᠰᠢ ᠶᠢᠨ ᠪᠠᠭᠰᠢ︾ ᠭᠡᠳᠡᠭ ᠪᠢᠯᠡ᠃ ᠨᠠᠭᠠᠴᠤ ᠠᠪᠤ ᠮᠡᠳᠡᠯᠭᠡ ᠭᠦᠨ᠂ ᠬᠡᠪ ᠴᠢᠨᠠᠷ ᠦᠨᠳᠣᠷ ᠨᠠᠮ᠎ᠠ ᠳᠤ ᠲᠦᠢᠯ ᠤᠨ ᠬᠠᠶᠢᠷᠠᠲᠠᠢ ᠶᠤᠮ᠃ ᠨᠠᠳᠠ ᠶᠢ ᠦᠷᠭᠦᠯᠵᠢ ︽ᠪᠢᠴᠢᠭ ᠰᠤᠷᠤᠯᠭ᠎ᠠ ᠳᠠᠭᠠᠨ ᠰᠢᠮᠳᠠᠬᠤ ᠬᠡᠷᠡᠭᠲᠠᠢ︾ ᠭᠡᠵᠦ ᠵᠠᠬᠢᠳᠠᠭ ᠪᠠᠶᠢᠭᠰᠠᠨ᠃ ᠲᠡᠷᠡ ᠪᠠᠰᠠ᠄︽ᠳᠠᠷᠠᠭ᠎ᠠ ᠵᠢᠯ ᠰᠤᠷᠭᠤᠭ ︵ᠮᠢᠨᠤ ᠪᠢᠴᠢᠬᠠᠨ ᠦᠶ᠎ᠡ ᠶᠢᠨ ᠨᠡᠷ᠎ᠡ︶ ᠢᠶᠠᠨ ᠳᠠᠭᠠᠭᠤᠯᠵᠤ ᠡᠮᠦᠨᠡᠲᠦ ᠤᠷᠤᠨ ᠢᠶᠠᠷ ᠵᠤᠭᠠᠴᠠᠶ᠎ᠠ︾ ᠭᠡᠵᠦ ᠬᠡᠯᠡᠭᠰᠡᠨ᠃      ᠭᠡᠲᠡᠯ᠎ᠡ ᠬᠠᠭᠠᠰ ᠰᠠᠷ᠎ᠠ ᠶᠢᠨ ᠡᠮᠦᠨ᠎ᠡ᠂ ᠨᠠᠭᠠᠴᠤ ᠠᠪᠤ ᠡᠯᠢᠭᠡᠨ ᠦᠮᠠᠨ ᠠᠴᠠ ᠪᠤᠯᠵᠤ ᠶᠢᠷᠲᠢᠨᠴᠤ ᠠᠴᠠ ᠡᠭᠦᠷᠢᠳᠡ ᠰᠠᠯᠪᠠ᠃ ᠪᠢ ᠡᠭᠦᠨ ᠢ ᠰᠤᠨᠤᠰᠤᠭᠠᠳ ᠢᠲᠡᠭᠡᠵᠦ ᠶᠠᠳᠠᠪᠠ᠃ ᠬᠤᠶᠠᠷ ᠰᠠᠷ᠎ᠠ ᠶᠢᠨ ᠡᠮᠦᠨᠡᠬᠢ ᠤᠴᠠᠷᠠᠯ ᠨᠢ ᠪᠢᠳᠡ ᠤ ᠬᠠᠮᠤᠭ ᠰᠡᠭᠦᠯ ᠤᠨ ᠤᠴᠠᠷᠠᠯ ᠭᠡᠵᠦ ᠶᠠᠭ ᠪᠤᠳᠤᠵᠤ ᠤᠯᠤᠭᠰᠠᠨ ᠦᠭᠡᠢ᠃ ᠨᠠᠭᠠᠴᠤ ᠠᠪᠤ ᠶᠢᠨ ᠢᠨᠢᠶᠡᠳᠤ ᠴᠢᠷᠠᠢ ᠨᠢ ᠶᠠᠭ ᠨᠢᠳᠦᠨ ᠡᠮᠦᠨ᠎ᠡ ᠲᠤᠳᠤᠷᠠᠵᠤ ᠪᠠᠶᠢᠭ᠎ᠠ ᠮᠡᠲᠤ᠃ ᠡᠶᠢᠮᠦ ᠠᠴᠠ ᠪᠢ ᠡᠪᠡᠳᠴᠢᠨ ᠡᠮᠬᠡᠭ ᠢ ᠶᠡᠭᠡ ᠪᠠᠷ ᠬᠤᠷᠤᠰᠪᠠ᠃ ᠬᠠᠶᠢᠷᠠᠬᠠᠨ ᠨᠠᠭᠠᠴᠤ ᠠᠪᠤ ᠶᠢ ᠮᠢᠨᠢ ᠢᠡᠭᠬᠢᠭᠡᠳ ᠯᠡ ᠠᠪᠣᠭᠠᠳ ᠶᠠᠪᠣᠬᠰᠠᠨ᠃ ᠢᠡᠭᠬᠢᠭᠡᠳ ᠪᠢ ᠢᠷᠡᠭᠡᠳᠤᠢ ᠳᠤ ᠮᠡᠷᠭᠡᠵᠢᠯ ᠦᠨᠳᠣᠷ ᠡᠮᠴᠢ ᠪᠤᠯᠬᠤ ᠪᠠᠷ ᠰᠢᠳᠤ ᠵᠠᠭᠤᠪᠠ᠃      ᠤᠳᠤ ᠶᠢᠨ ᠤᠷᠴᠢᠨ ᠲᠤᠭᠤᠷᠢᠨ ᠤ ᠪᠤᠵᠠᠷᠳᠤᠯ᠂ ᠬᠡᠢ ᠠᠭᠠᠷ ᠤᠨ ᠲᠤᠭᠤᠰᠤ ᠮᠠᠨᠠᠨ ᠤᠯᠠᠰᠢᠷᠠᠭᠰᠠᠨ ᠠᠴᠠ ᠪᠤᠯᠵᠤ᠂ ᠬᠦᠮᠦᠰ ᠡᠯᠳᠡᠪ ᠶᠠᠩᠵᠤ ᠶᠢᠨ ᠡᠪᠡᠳᠴᠢᠨ ᠤᠯᠵᠤ ᠪᠠᠶᠢᠨ᠎ᠠ᠃ ᠡᠳᠦᠷ ᠪᠦᠷᠢ ᠡᠮᠨᠡᠯᠭᠡ ᠳᠤ ᠬᠦᠮᠦᠨ ᠢᠷᠡᠬᠦ ᠣᠯᠠᠰᠢᠷᠠᠵᠣ ᠪᠠᠶᠢᠨ᠎ᠠ᠃ ᠤᠬᠢᠯᠠᠵᠤ ᠬᠠᠶᠢᠯᠬᠤ ᠳᠠᠭᠤᠨ ᠲᠠᠰᠤᠷᠠᠬᠤ ᠦᠭᠡᠢ᠂ ᠡᠮ ᠠᠪᠬᠤ ᠭᠡᠵᠦ ᠮᠦᠷᠯᠡᠬᠦ ᠬᠦᠮᠦᠨ ᠬᠤᠶᠢᠨ᠎ᠠ ᠬᠤᠶᠢᠨ᠎ᠠ ᠠᠴᠠ ᠪᠠᠨ ᠤᠭᠰᠠᠷᠠᠭᠠᠳ ᠳᠠᠭᠤᠰᠤᠰᠢ ᠦᠭᠡᠢ ᠪᠠᠶᠢᠳᠠᠭ᠃ ᠪᠠᠰᠠ ᠡᠮᠨᠡᠯᠭᠡ ᠳᠦᠭᠦᠷᠡᠩ ᠰᠡᠲᠡᠮᠡᠬᠡᠢ ᠦᠨᠦᠷ ᠭᠠᠷᠳᠠᠭ᠃ ᠪᠢ ᠲᠡᠷᠡ ᠦᠨᠦᠷ ᠲᠤ ᠲᠦᠢᠯ ᠤᠨ ᠳᠤᠷ᠎ᠠ ᠦᠭᠡᠢ ᠪᠠᠶᠢᠳᠠᠭ᠃ ᠭᠡᠲᠡᠯ᠎ᠡ ᠤᠳᠤ ᠲᠡᠶᠢᠮᠦ ᠪᠢᠰᠢ ᠪᠤᠯᠪᠠ᠃ ᠡᠮᠴᠢ ᠬᠦᠮᠦᠨ ᠪᠤᠰᠤᠳ ᠢ ᠠᠪᠣᠷᠠᠬᠤ ᠶᠢᠨ ᠲᠥᠯᠣᠭᠡ ᠠᠯᠢᠪᠠ ᠡᠷᠳᠡᠮ ᠤᠬᠠᠭᠠᠨ ᠢᠶᠠᠨ ᠰᠢᠪᠬᠠᠨ ᠦᠬᠦᠯ ᠤᠨ ᠱᠤᠭᠤᠮ ᠠᠴᠠ ᠲᠠᠲᠠᠵᠤ ᠠᠪᠴᠢᠷᠠᠳᠠᠭ᠃      ᠰᠦᠨᠢ ᠪᠥᠷᠢ ᠣᠨᠲᠠᠬᠤ ᠨᠦᠢᠷ ᠢᠶᠠᠨ ᠬᠤᠯᠵᠢᠨ ᠡᠪᠡᠳᠴᠢᠲᠡᠨ ᠢᠶᠠᠨ ᠬᠠᠷᠠᠭᠠᠯᠵᠠᠵᠤ ᠯᠡ ᠪᠠᠶᠢᠳᠠᠭ᠃ ᠡᠪᠡᠳᠴᠢᠲᠡᠨ ᠨᠢ ᠬᠡᠵᠢᠶᠡᠨᠡᠢ ᠲᠡᠳᠡᠨ ᠤ ︽ᠰᠠᠳᠤᠨ︾ ᠨᠢ ᠪᠤᠯᠤᠭᠰᠠᠨ ᠶᠤᠮ᠃ ᠡᠶᠢᠮᠤ ᠠᠴᠠ ᠪᠢ ᠡᠮᠴᠢ ᠬᠦᠮᠦᠨ ᠢ ᠲᠦᠢᠯ ᠢᠶᠠᠷ ᠪᠢᠰᠢᠷᠡᠨ ᠬᠦᠨᠳᠦᠳᠬᠡᠳᠡᠭ ᠶᠤᠮ᠃ ᠬᠦᠮᠦᠨ ᠤ ᠠᠮᠢᠳᠤᠷᠠᠯ ᠳᠤ ᠡᠶᠢᠮᠥᠷᠬᠦ ᠰᠠᠶᠢᠨ ᠰᠢᠢᠬᠠᠨ ᠬᠦᠰᠡᠯᠡᠩ ᠪᠠᠶᠢᠭᠰᠠᠨ ᠠᠴᠠ ᠨᠡᠩ ᠤᠳᠬ᠎ᠠ ᠠᠭᠤᠯᠭ᠎ᠠ ᠲᠠᠢ᠂ ᠪᠠᠶᠠᠷ ᠴᠡᠩᠭᠡᠯ ᠲᠠᠢ ᠪᠣᠯᠳᠠᠭ᠃ ᠬᠦᠰᠡᠯᠡᠩ ᠲᠠᠢ ᠬᠦᠮᠦᠨ ᠪᠤᠯ ᠬᠠᠮᠤᠭ ᠤᠨ ᠬᠦᠨᠳᠦᠳᠬᠡᠭᠦᠰᠢᠲᠠᠢ᠂ ᠬᠠᠮᠤᠭ ᠤᠨ ᠢᠷᠠᠭᠤ ᠠᠯᠳᠠᠷ ᠲᠠᠢ ᠪᠠᠶᠢᠳᠠᠭ᠃ ᠲᠠᠨ ᠤ ᠶᠠᠮᠠᠷ ᠬᠦᠰᠡᠯᠡᠩ ᠪᠤᠯᠬᠤ ᠶᠢ ᠪᠠᠶᠢᠭ᠂ ᠬᠡᠷᠪᠡ ᠲᠠ ᠡᠭᠦᠨ ᠤ ᠪᠠᠨ ᠲᠦᠯᠦᠭᠡ ᠴᠢᠷᠮᠠᠶᠢᠨ ᠬᠦᠭᠡᠭᠡᠴᠡᠯᠳᠤᠪᠡᠯ ᠪᠡᠶᠡᠯᠡᠭᠳᠡᠬᠦ ᠨᠢ ᠯᠠᠪᠲᠠᠢ ᠶᠤᠮ᠃     ᠡᠶᠢᠮᠦ ᠠᠴᠠ ᠪᠢᠳᠡ ᠤᠳᠤ ᠠᠴᠠ ᠪᠠᠨ ᠡᠬᠢᠯᠡᠨ ᠪᠢᠴᠢᠭ ᠰᠤᠷᠤᠯᠭ᠎ᠠ ᠳᠠᠭᠠᠨ ᠰᠢᠮᠳᠠᠨ ᠬᠦᠰᠡᠯᠡᠩ ᠢᠶᠠᠨ ᠪᠡᠶᠡᠯᠡᠭᠦᠯᠬᠦ ᠪᠠᠷ ᠲᠡᠮᠡᠴᠡᠵᠡᠭᠡᠶ᠎ᠡ︕ ᠤᠯᠠᠮ ᠴᠢᠷᠮᠠᠶᠢᠪᠠᠯ ᠲᠡᠷᠡ ᠬᠦ ᠬᠦᠰᠡᠯᠡᠩ ᠨᠢ ᠪᠡᠶᠡᠯᠡᠭᠳᠡᠬᠦ ᠡᠳᠦᠷ ᠨᠢ ᠨᠡᠩ ᠡᠷᠲᠡ ᠢᠷᠡᠬᠦ ᠶᠤᠮ᠃              ᠵᠢᠯᠤᠭᠤᠳᠤᠭᠰᠠᠨ ᠪᠠᠭᠰᠢ᠄ ᠵᠢᠮᠢᠰᠭᠤᠸ᠎ᠠ
 
ᠢᠷᠡᠯᠲᠡ᠄ ᠦᠨᠳᠤᠰᠤᠳᠡᠨ ᠤ ᠲᠤᠮᠳᠠᠳᠤ ᠰᠤᠷᠭᠠᠭᠤᠯᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号