ᠪᠠᠷᠭᠤ ᠪᠤᠷᠢᠶᠠᠳ ᠮᠣᠩᠭᠤᠯᠴᠤᠳ ᠤᠨ ᠤᠭ ᠤᠨ ᠪᠢᠴᠢᠭ
ᠨᠡᠶᠢᠲᠡᠯᠡᠭᠰᠡᠨ ᠴᠠᠭ᠄
2017/10/13
ᠪ᠊ · ᠠᠳᠢᠶ᠎ᠠ ︵ᠮᠣᠩᠭᠤᠯ︶         ᠪᠠᠷᠭᠤ ᠪᠤᠷᠢᠶᠠᠳ ᠮᠣᠩᠭᠤᠯᠴᠤᠳ ᠤᠨ ᠤᠭ ᠤᠨ ᠪᠢᠴᠢᠭ         ᠤᠭ ᠤᠨ ᠪᠢᠴᠢᠭ ᠭᠡᠵᠤ ᠶᠠᠭᠤ ᠪᠣᠢ︖         ᠮᠣᠩᠭᠤᠯᠴᠤᠳ ᠤᠨ ᠳᠤᠮᠳᠠ ᠥᠪᠡᠷᠰᠡᠳ ᠤᠨ ᠤᠳᠤᠮ ᠤᠨ ᠢᠶᠠᠨ ᠲᠡᠦᠬᠡ ᠶᠢ ᠤᠭ ᠢᠵᠠᠭᠤᠷ ᠤᠨ ᠥᠨᠳᠦᠷ ᠲᠡᠭᠡᠳᠦ ᠡᠪᠦᠭᠡ ᠠᠴᠠ ᠪᠠᠨ ᠡᠬᠢᠯᠡᠨ ᠠᠮᠠᠨ ᠪᠣᠯᠤᠨ ᠪᠢᠴᠢᠭ ᠤᠨ ᠬᠡᠯᠪᠡᠷᠢ ᠪᠠᠷ ᠲᠡᠮᠳᠡᠭᠯᠡᠨ ᠦᠯᠡᠳᠡᠭᠡᠬᠦ ᠤᠯᠠᠮᠵᠢᠯᠠᠯ ᠨᠡᠩ ᠡᠷᠲᠡ ᠡᠭᠦᠰᠴᠦ᠂ ᠲᠡᠷᠡ ᠨᠢ ᠲᠤᠬᠠᠢ ᠶᠢᠨ ᠨᠡᠶᠢᠭᠡᠮ ᠤᠨ ᠢᠶᠠᠨ ᠬᠥᠭᠵᠢᠯ ᠤᠨ ᠲᠦᠪᠰᠢᠨ ᠲᠠᠢ ᠬᠤᠯᠪᠤᠭᠳᠠᠨ ᠡᠬᠢᠨ ᠦᠶ᠎ᠡ ᠳᠡᠭᠡᠨ ᠣᠪᠤᠭ ᠨᠡᠶᠢᠲᠡ ᠶᠢᠨ ᠲᠡᠦᠬᠡ ᠶᠢᠨ ᠲᠡᠮᠳᠡᠭᠯᠡᠯ ᠰᠢᠨᠵᠢᠲᠡᠢ ᠪᠠᠶᠢᠭᠠᠳ ᠣᠪᠤᠭ ᠵᠠᠳᠠᠷᠠᠵᠤ ᠹᠸᠤᠳᠠᠯ ᠤᠨ ᠬᠠᠷᠢᠯᠴᠠᠭ᠎ᠠ ᠡᠭᠦᠰᠴᠦ ᠬᠥᠭᠵᠢᠬᠦ ᠶᠢᠨ ᠬᠢᠷᠢ ᠪᠠᠷ ᠡᠷᠦᠬᠡ ᠭᠡᠷ ᠤᠨ ᠲᠡᠦᠬᠡ ᠪᠣᠯᠤᠨ ᠬᠤᠪᠢᠷᠠᠭᠰᠠᠨ ᠪᠠᠶᠢᠨ᠎ᠠ᠃ ᠡᠨᠡ ᠨᠢ ᠹᠸᠤᠳᠠᠯ ᠤᠨ ᠨᠡᠶᠢᠭᠡᠮ ᠭᠦᠨᠵᠡᠭᠡᠶᠢᠷᠡᠨ ᠬᠥᠭᠵᠢᠬᠦ ᠶᠠᠪᠤᠴᠠ ᠳᠤ ᠨᠡᠶᠢᠭᠡᠮ ᠤᠨ ᠠᠮᠢᠳᠤᠷᠠᠯ ᠳᠤ ᠭᠡᠷ ᠤᠨ ᠲᠡᠦᠬᠡ ᠶᠢᠨ ᠭᠦᠢᠴᠡᠳᠬᠡᠬᠦ ᠡᠭᠦᠷᠭᠡ ᠶᠡᠬᠡᠳᠡ ᠡᠭᠦᠰᠴᠦ᠂ ᠰᠤᠷᠪᠤᠯᠵᠢᠲᠤ ᠡᠷᠦᠬᠡ ᠪᠦᠷᠢ  ᠶᠢᠨ ᠵᠠᠶᠢᠯᠠᠰᠢ ᠦᠭᠡᠢ ᠬᠥᠲᠦᠯᠬᠦ ᠠᠯᠪᠠᠨ ᠪᠠᠷᠢᠮᠲᠠ ᠪᠣᠯᠵᠠᠢ᠃        ᠣᠨ ᠲᠣᠭᠠᠯᠠᠯ ᠤᠨ 8 ᠳ᠋ᠤᠭᠠᠷ ᠵᠠᠭᠤᠨ ᠤ ᠦᠶ᠎ᠡ ᠳᠤ ᠮᠣᠩᠭᠤᠯᠴᠤᠳ ᠣᠪᠤᠭ ᠨᠡᠶᠢᠲᠡ ᠶᠢᠨ ᠪᠣᠯᠤᠨ ᠰᠤᠷᠪᠤᠯᠵᠢᠲᠤ ᠡᠷᠦᠬᠡ ᠠᠶᠢᠯ ᠤᠨ ᠡᠷᠡᠴᠦᠳ ᠤᠨ ᠦᠶ᠎ᠡ ᠵᠠᠯᠭᠠᠮᠵᠢ ᠶᠢ ᠵᠢᠷᠤᠭᠯᠠᠭᠰᠠᠨ ᠲᠡᠦᠬᠡᠨ ᠲᠡᠮᠳᠡᠭᠯᠡᠯ ᠬᠥᠲᠦᠯᠳᠡᠭ ᠪᠠᠶᠢᠭᠰᠠᠨ ᠢ 1240 ᠣᠨ ᠳᠤ ᠵᠣᠬᠢᠶᠠᠭᠳᠠᠭᠰᠠᠨ ︽ᠮᠣᠩᠭᠤᠯ ᠤᠨ ᠨᠢᠭᠤᠴᠠ ᠲᠣᠪᠴᠢᠶᠠᠨ︾ ᠭᠡᠷᠡᠴᠢᠯᠡᠵᠦ ᠪᠠᠶᠢᠨ᠎ᠠ᠃       ︽ᠮᠣᠩᠭᠤᠯ ᠤᠨ ᠨᠢᠭᠤᠴᠠ ᠲᠣᠪᠴᠢᠶᠠᠨ︾ ᠪᠣᠯ ᠮᠠᠰᠢ ᠣᠯᠠᠨ ᠣᠪᠤᠭ ᠤᠨ ᠭᠠᠷᠤᠯ ᠡᠭᠦᠰᠦᠯ᠂ ᠲᠡᠭᠦᠨ ᠤ ᠲᠡᠦᠬᠡ ᠶᠢ ᠲᠣᠪᠴᠢᠯᠠᠨ ᠪᠢᠴᠢᠭᠰᠡᠨ ᠰᠥᠮᠪᠦᠷ ᠣᠷᠬᠢᠯ ᠪᠢᠯᠡ᠃ ᠭᠡᠷ ᠤᠨ ᠲᠡᠦᠬᠡ ᠶᠢ ᠬᠥᠲᠥᠯᠵᠦ ᠢᠷᠡᠭᠰᠡᠨ ᠪᠢᠴᠢᠭ ᠤᠨ ᠤᠯᠠᠮᠵᠢᠯᠡᠯ ᠶᠡᠷᠦᠩᠬᠡᠢ ᠳᠡᠭᠡᠨ ᠭᠤᠷᠪᠠᠨ ᠶᠠᠩᠵᠤ ᠪᠠᠶᠢᠨ᠎ᠠ ᠃ ᠡᠭᠦᠨ ᠳᠤ᠄      ⒈ ᠳᠡᠭᠡᠷ᠎ᠡ ᠠᠴᠠ ᠳᠣᠷᠤᠭᠰᠢ ᠴᠤᠪᠤᠭᠤᠯᠤᠨ ᠰᠠᠯᠪᠤᠷᠢᠯᠠᠭᠤᠯᠵᠤ ᠪᠢᠴᠢᠬᠦ︔      ⒉ ᠮᠣᠳᠤᠨ ᠤ ᠰᠠᠷᠬᠢᠶᠠᠭ ᠮᠡᠲᠦ ᠲᠤᠭᠤᠷᠢᠭ ᠲᠠᠲᠠᠨ ᠬᠥᠲᠥᠯᠬᠦ︔      ⒊ ᠮᠣᠳᠤᠨ ᠤ ᠮᠥᠴᠢᠷ ᠮᠡᠲᠦ ᠰᠠᠯᠪᠤᠷᠢᠯᠠᠭᠤᠯᠤᠨ ᠵᠢᠷᠤᠵᠤ ᠪᠢᠴᠢᠬᠦ ᠵᠡᠷᠭᠡ ᠭᠤᠷᠪᠠᠨ ᠬᠡᠯᠪᠡᠷᠢ ᠪᠠᠶᠢᠨ᠎ᠠ᠃      ᠡᠭᠦᠨ ᠠᠴᠠ ᠪᠠᠷᠭᠤ᠂ ᠪᠤᠷᠢᠶᠠᠳ ᠮᠣᠩᠭᠤᠯᠴᠤᠳ ᠤᠨ ᠤᠭ ᠤᠨ ᠪᠢᠴᠢᠭ ᠢᠶᠠᠨ ᠤᠯᠠᠮᠵᠢᠯᠠᠨ ᠢᠷᠡᠭᠰᠡᠨ ᠭᠤᠷᠪᠠᠳᠠᠬᠢ ᠬᠤᠪᠢᠯᠪᠤᠷᠢ ᠪᠠᠷ ᠶᠡᠬᠡᠪᠴᠢᠯᠡᠨ ᠬᠥᠲᠥᠯᠵᠦ ᠢᠷᠡᠵᠡᠢ᠃     ᠤᠭ ᠤᠨ ᠪᠢᠴᠢᠭ ᠡᠷᠲᠡᠨ ᠠᠴᠠ ᠬᠥᠲᠥᠯᠵᠦ ᠢᠷᠡᠭᠰᠡᠨ ᠡᠨᠡᠬᠦ ᠤᠯᠠᠮᠵᠢᠯᠠᠯ ᠮᠠᠨ ᠤ ᠳᠤ ᠨᠢᠭᠡᠨ ᠦᠶ᠎ᠡ ᠪᠦᠷᠭᠦᠭᠳᠡᠨ ᠲᠠᠰᠤᠷᠠᠭᠰᠠᠨ ᠪᠣᠯᠪᠠᠴᠤ ᠲᠠᠭᠦᠨ ᠤ ᠳᠠᠪᠲᠠᠭᠳᠠᠰᠢ ᠦᠭᠡᠢ ᠦᠨ᠎ᠡ ᠴᠡᠨ᠎ᠡ᠂ ᠤᠷᠤᠭ ᠲᠥᠷᠥᠯ ᠪᠤᠯᠠᠩᠭᠢᠷᠲᠤᠬᠤ ᠦᠭᠡᠢ ᠴᠡᠪᠡᠷ ᠪᠠᠶᠢᠬᠤ ᠠᠴᠢ ᠬᠤᠯᠪᠤᠭᠳᠠᠯ ᠢ ᠤᠬᠠᠪᠤᠷᠢᠯᠠᠭᠰᠠᠨ ᠤ ᠦᠨᠳᠦᠰᠦᠨ ᠳᠡᠭᠡᠷ᠎ᠡ ᠲᠥᠷᠥ  ᠠᠴᠠ ᠠᠬᠢᠨ ᠰᠡᠷᠭᠦᠭᠡᠬᠦ ᠠᠷᠭ᠎ᠠ ᠬᠡᠮᠵᠢᠶ᠎ᠡ ᠶᠢ ᠬᠤᠵᠢᠭᠤ ᠴᠦ ᠭᠡᠰᠡᠨ ᠠᠪᠤᠭᠰᠠᠨ᠃     ᠲᠤᠬᠠᠶᠢᠯᠠᠪᠠᠯ᠂ ᠤᠭ ᠤᠨ ᠪᠢᠴᠢᠭ ᠰᠡᠷᠭᠦᠭᠡᠨ ᠬᠥᠲᠥᠯᠬᠦ ᠲᠤᠬᠠᠢ 1996 ᠣᠨ ᠳᠤ ᠪᠠᠲᠤᠯᠠᠭᠳᠠᠭᠰᠠᠨ ᠮᠣᠩᠭᠤᠯ ᠤᠯᠤᠰ ᠤᠨ ᠰᠣᠶᠤᠯ ᠤᠨ ᠲᠤᠬᠠᠢ 2 ᠳ᠋ᠤᠭᠠᠷ ᠪᠣᠳᠢ ᠶᠢᠨ 5 ᠳ᠋ᠤᠭᠠᠷ ᠵᠦᠢᠯ ᠳᠤ ︽ᠭᠡᠷ ᠪᠦᠯᠢ ᠶᠢᠨ ᠰᠣᠶᠤᠯ ᠬᠥᠮᠥᠵᠢᠯ ᠤᠨ ᠤᠯᠠᠮᠵᠢᠯᠠᠯ ᠢ ᠳᠡᠭᠡᠳᠦᠯᠡᠨ ᠬᠥᠭᠵᠢᠭᠦᠯᠵᠦ ᠤᠳᠬ᠎ᠠ ᠤᠭᠰᠠᠭ᠎ᠠ ᠮᠡᠳᠡᠬᠦ᠂ ᠤᠭ ᠤᠨ ᠪᠢᠴᠢᠭ ᠬᠥᠲᠦᠯᠬᠦ︾ ᠭᠡᠵᠤ ᠵᠢᠭᠠᠭᠰᠠᠨ ᠪᠣᠢ᠃ ᠡᠭᠦᠨ ᠲᠠᠢ ᠬᠤᠯᠪᠤᠭᠳᠠᠭᠤᠯᠵᠤ ᠮᠣᠩᠭᠤᠯ ᠤᠯᠤᠰ ᠤᠨ ᠶᠡᠭᠡ ᠬᠤᠷᠠᠯ ᠤᠨ 1996 ᠣᠨ ᠤ 22 ᠳ᠋ᠤᠭᠠᠷ ᠲᠣᠭᠲᠠᠭᠠᠯ ᠳᠤ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ 1991 ᠣᠨ ᠤ 115 ᠳ᠋ᠤᠭᠠᠷ ᠵᠠᠷᠯᠢᠭ᠂ ᠮᠣᠩᠭᠤᠯ ᠤᠯᠤᠰ ᠤᠨ ᠵᠠᠰᠠᠭ ᠤᠨ ᠭᠠᠵᠠᠷ ᠤᠨ 1997 ᠣᠨ ᠤ 17 ᠳ᠋ᠤᠭᠠᠷ ᠲᠣᠭᠲᠠᠭᠠᠯ ᠤᠳ ᠲᠤᠰ ᠲᠤᠰ ᠭᠠᠷᠴᠠᠢ᠃ ᠡᠭᠦᠨ ᠠᠴᠠ ᠬᠤᠶᠢᠰᠢ ᠤᠭ ᠤᠨ ᠪᠢᠴᠢᠭ ᠢ ᠠᠷᠠᠳ ᠢᠷᠭᠡᠳ ᠬᠥᠲᠥᠯᠵᠦ ᠣᠪᠤᠭ ᠤᠷᠤᠭ ᠤᠨ ᠲᠠᠨᠢᠯᠴᠠᠬᠤ ᠴᠤᠭᠯᠠᠷᠠᠯᠲᠠ᠂ ᠨᠠᠭᠠᠳᠤᠮ ᠵᠣᠬᠢᠶᠠᠨ ᠪᠠᠶᠢᠭᠤᠯᠤᠭᠳᠠᠬᠤ ᠪᠣᠯᠤᠭᠰᠠᠨ᠃     ᠣᠪᠤᠭ ᠭᠡᠵᠤ ᠶᠠᠭᠤ ᠪᠣᠢ︖     ᠤᠭ ᠤᠨ ᠪᠢᠴᠢᠭ ᠤᠨ ᠦᠨᠳᠦᠰᠦ ᠪᠣᠯᠤᠭᠰᠠᠨ ᠣᠪᠤᠭ ᠲᠡᠭᠦᠨ ᠤ ᠲᠤᠬᠠᠢ ᠳᠤᠷᠠᠳᠪᠠᠯ ᠰᠤᠳᠤᠯᠤᠭᠠᠴᠢᠳ ᠣᠪᠤᠭ ᠭᠡᠳᠡᠭ ᠢ ︽ᠨᠢᠭᠡᠨ ᠣᠪᠤᠭ ᠳᠡᠭᠡᠳᠦᠰ ᠠᠴᠠ ᠭᠠᠷᠤᠯᠲᠠᠢ ᠶᠠᠰᠤᠨ ᠲᠥᠷᠥᠯ ᠤᠨ ᠬᠤᠯᠪᠤᠭ᠎ᠠ ᠪᠦᠬᠦᠢ ᠪᠦᠯᠦᠭ ᠬᠥᠮᠥᠰ ᠤᠨ ᠳᠤᠮᠳᠠ ᠦᠶ᠎ᠡ ᠤᠯᠠᠮᠵᠢᠯᠠᠨ ᠬᠡᠷᠡᠭᠯᠡᠳᠡᠭ ᠨᠡᠷᠡᠯᠡᠯ ᠪᠣᠯᠤᠨ᠎ᠠ᠃ ᠡᠨᠡᠬᠦ ᠤᠯᠠᠮᠵᠢᠯᠠᠯ ᠬᠥᠮᠥᠨ ᠤ ᠨᠡᠶᠢᠭᠡᠮ  ᠳᠤ ᠡᠴᠢᠭᠡ ᠶᠢᠨ ᠡᠷᠬᠡᠲᠦ ᠶᠣᠰᠤ ᠨᠣᠶᠠᠷᠬᠠᠬᠤ ᠠᠴᠠ ᠡᠮᠦᠨ᠎ᠡ ᠡᠬᠡ ᠶᠢᠨ ᠡᠷᠬᠡᠲᠦ ᠶᠣᠰᠤᠨ ᠤ ᠦᠶ᠎ᠡ ᠠᠴᠠ ᠤᠯᠪᠠᠭ᠎ᠠ ᠲᠠᠢ ᠪᠥᠭᠡᠳ ᠲᠡᠭᠦᠨ ᠢ ︿ᠣᠮᠤᠭ﹀ ᠭᠡᠰᠡᠨ ᠤᠬᠠᠭᠳᠠᠬᠤᠨ ᠳᠤ ᠬᠠᠮᠢᠶᠠᠷᠠᠭᠤᠯᠵᠤ ᠪᠠᠶᠢᠵᠠᠢ︾ ᠭᠡᠰᠡᠨ ᠪᠠᠶᠢᠳᠠᠭ᠃       12 — 13 ᠳ᠋ᠤᠭᠠᠷ ᠵᠠᠭᠤᠨ ᠤ ᠦᠶ᠎ᠡ ᠶᠢᠨ ᠮᠣᠩᠭᠤᠯ᠂ ᠲᠦᠷᠺ ᠤᠭᠰᠠᠭᠠᠲᠠᠨ ᠨᠢ ᠣᠪᠤᠭ ᠤᠨ ︵ᠠᠶᠢᠮᠠᠭ︶ ᠵᠣᠬᠢᠶᠠᠨ ᠪᠠᠶᠢᠭᠤᠯᠤᠯᠲᠠ ᠪᠠᠷ ᠠᠮᠢᠳᠤᠷᠠᠨ ᠰᠠᠭᠤᠳᠠᠭ ᠨᠡᠶᠢᠭᠡᠮ ᠤᠨ ᠵᠣᠬᠢᠶᠠᠨ ᠪᠠᠶᠢᠭᠤᠯᠤᠯᠲᠠ ᠳᠤ ᠰᠢᠯᠵᠢᠭᠰᠡᠨ ᠪᠠᠶᠢᠨ᠎ᠠ᠃ ︵ᠥᠭᠡᠷ᠎ᠡ ᠪᠠᠷ ᠬᠡᠯᠡᠪᠡᠯ ᠲᠤᠬᠠᠢ ᠶᠢᠨ ᠦᠶ᠎ᠡ ᠶᠢᠨ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ︶       ᠲᠡᠷᠡ ᠦᠶ᠎ᠡ ᠳᠤ ᠣᠳᠤ ᠶᠢᠨ ᠠᠶᠢᠮᠠᠭ ᠬᠡᠮᠡᠬᠦ ᠶᠢ ︽ᠤᠪᠠᠭ︾ ᠭᠡᠵᠤ ᠨᠡᠷᠡᠯᠡᠳᠡᠭ ᠪᠠᠶᠢᠭᠰᠠᠨ ᠪᠠ ᠡᠨᠡ ᠲᠤᠬᠠᠢ ᠬᠡ᠊ · ᠫᠧᠷᠯᠠᠢ ᠠᠪᠤᠭᠠᠢ ᠲᠡᠮᠳᠡᠭᠯᠡᠯ ᠳᠡᠭᠡᠨ᠄ ᠲᠡᠷᠡ ︽ᠤᠪᠠᠭ︾ ᠭᠡᠳᠡᠭ ᠨᠢ ᠪᠢᠳᠡᠨ ᠤ ᠬᠡᠯᠡᠯᠴᠡᠭᠡ ᠪᠠᠷ ᠵᠠᠩᠰᠢᠭᠰᠠᠨ ︽ᠠᠶᠢᠮᠠᠭ︾ ᠲᠠᠢ ᠤᠳᠬ᠎ᠠ ᠳ᠋ᠦᠢᠵᠦ ᠪᠠᠶᠢᠨ᠎ᠠ ᠭᠡᠵᠡᠢ᠃ ᠲᠡᠭᠡᠬᠦᠯᠡᠷ ᠲᠡᠦᠬᠡᠨ ᠬᠤᠭᠤᠴᠠᠭᠠᠨ ᠳᠤ ᠣᠪᠤᠭ᠂ ᠠᠶᠢᠮᠠᠭ᠂ ᠣᠮᠤᠭ᠂ ᠡᠯᠺᠢᠨ᠂ ᠬᠠᠯᠠᠭ᠎ᠠ᠂ ᠬᠦᠬᠦᠦᠷ ᠭᠡᠬᠦ ᠮᠡᠲᠦ ᠪᠠᠷ ᠮᠣᠩᠭᠤᠯ ᠤᠭᠰᠠᠭᠠᠲᠠᠨ ᠨᠤᠭᠤᠳ ᠲᠤᠰ ᠪᠦᠷᠢ ᠳᠡᠭᠡᠨ ᠨᠡᠷᠡᠯᠡᠨ ᠢᠷᠡᠵᠡᠢ᠃      ᠡᠨᠡᠬᠦ ᠣᠪᠤᠭ ᠭᠡᠳᠡᠭ ᠨᠢ ᠮᠣᠩᠭᠤᠯ ᠤᠭᠰᠠᠭᠠᠲᠠᠨ ᠪᠦᠷᠢᠯᠳᠦᠨ ᠲᠣᠭᠲᠠᠬᠤ ᠳᠤ ᠣᠨᠴᠠᠭᠠᠢ ᠡᠭᠦᠷᠭᠡ ᠭᠦᠢᠴᠡᠳᠬᠡᠵᠡᠢ ᠬᠡᠮᠡᠨ ᠦᠵᠡᠵᠦ ᠪᠣᠯᠬᠤ ᠪᠠᠷ ᠪᠠᠶᠢᠨ᠎ᠠ᠃ ᠲᠤᠬᠠᠶᠢᠯᠠᠪᠠᠯ ᠪᠦᠷᠲᠡ ᠴᠢᠨ᠋ᠸ᠎ᠠ ᠠᠴᠠ ᠡᠬᠢ ᠲᠠᠢ ᠪᠣᠷᠵᠢᠭᠢᠨ ᠣᠪᠤᠭ ᠤᠨ ᠬᠢᠨ ᠲᠤᠬᠠᠢ ᠶᠢᠨ ᠦᠶ᠎ᠡ ᠶᠢᠨ ᠣᠪᠤᠭ ᠤᠳ ᠳᠣᠲᠤᠷ᠎ᠠ ᠠᠴᠠ ᠲᠣᠳᠤᠷᠠᠵᠤ ᠬᠠᠮᠤᠭ ᠮᠣᠩᠭᠤᠯ ᠠᠴᠠ ᠠᠪᠤᠬᠤᠯᠬᠤ ᠳᠤ ᠶᠡᠭᠡ ᠮᠣᠩᠭᠤᠯ ᠭᠦᠷᠦᠨ ᠢ ᠪᠠᠶᠢᠭᠤᠯᠬᠤ ᠳᠤ ᠢᠮᠠᠭᠲᠠ ᠣᠷᠣᠶᠢᠯᠠᠨ ᠲᠡᠷᠢᠭᠦᠯᠡᠵᠦ ᠢᠷᠡᠭᠰᠡᠨ ᠢ ᠲᠡᠦᠬᠡ ᠬᠡᠷᠡᠴᠢᠯᠡᠵᠦ ᠪᠠᠶᠢᠨ᠎ᠠ᠃    ᠡᠨᠡ ᠤᠳᠬ᠎ᠠ ᠪᠠᠷ ᠢᠶᠠᠨ ᠣᠪᠤᠭ ᠨᠢ ᠥᠪᠡᠷ ᠤᠨ ᠨᠡᠷ᠎ᠡ ᠬᠦᠨᠳᠦ᠂ ᠲᠡᠷᠢᠭᠦᠯᠡᠬᠦ ᠴᠢᠳᠠᠪᠤᠷᠢ ᠪᠠᠨ ᠬᠠᠳᠠᠭᠠᠯᠠᠵᠤ ᠪᠠᠶᠢᠬᠤ ᠶᠢᠨ ᠲᠥᠯᠥᠭᠡ ᠴᠢᠷᠮᠠᠶᠢᠵᠤ ᠢᠷᠡᠭᠰᠡᠨ ᠢ ᠪᠠᠷᠭᠤ — ᠪᠤᠷᠢᠶᠠᠳ ᠠᠴᠠ ᠭᠠᠷᠤᠯ ᠲᠠᠢ ᠠᠯᠤᠨ ᠭᠤᠸ᠎ᠠ ᠡᠬᠡ  ᠶᠢᠨ ᠳᠣᠮᠤᠭ ᠪᠠᠲᠤᠯᠠᠳᠠᠭ᠃ ᠳᠣᠮᠤᠭ ᠲᠤ ᠳᠤᠷᠠᠳᠤᠭᠰᠠᠨ ᠢᠶᠠᠷ ᠳᠡᠭᠡᠳᠦ ᠲᠡᠭᠷᠢ ᠠᠴᠠ ᠵᠠᠶᠠᠭᠠᠲᠤ ᠲᠥᠷᠥᠭᠰᠡᠨ ᠪᠦᠷᠲᠡ ᠴᠢᠨ᠋ᠸ᠎ᠠ ᠶᠢᠨ ᠤᠳᠤᠮ ᠲᠡᠭᠷᠢ ᠶᠢᠨ ᠬᠦᠪᠡᠭᠦᠳ ᠲᠠ ᠨᠠᠷ ᠡᠶ᠎ᠡ ᠡᠪ ᠲᠠᠢ ᠪᠠᠶᠢᠭ ᠬᠡᠮᠡᠨ ᠲᠠᠪᠤᠨ ᠰᠤᠮᠤ ᠶᠢᠨ ᠰᠤᠷᠭᠠᠯ ᠢᠶᠠᠨ ᠠᠶᠢᠯᠠᠳᠤᠭᠰᠠᠨ ᠢᠶᠠᠷ ᠢᠶᠠᠨ ᠣᠪᠤᠭ ᠤᠨ ᠢᠶᠠᠨ ᠨᠡᠷ᠎ᠡ ᠬᠦᠨᠳᠦ᠂ ᠪᠠᠲᠤ ᠨᠢᠭᠡᠳᠦᠯ ᠢ ᠬᠠᠮᠠᠭᠠᠯᠠᠵᠤ᠂ ᠦᠶ᠎ᠡ ᠶᠢᠨ ᠦᠶ᠎ᠡ ᠳᠡᠭᠡᠨ ᠤᠯᠠᠮᠵᠢᠯᠠᠭᠤᠯᠵᠤ ᠢᠷᠡᠭᠰᠡᠨ ᠨᠢ ᠡᠳᠦᠭᠡ ᠴᠦ ᠲᠡᠦᠬᠡᠨ ᠠᠴᠢ ᠬᠤᠯᠪᠤᠭᠳᠠᠯ᠂ ᠦᠨ᠎ᠡ ᠴᠡᠨ᠎ᠡ ᠪᠠᠨ ᠠᠯᠳᠠᠭ᠎ᠠ ᠦᠭᠡᠢ ᠪᠠᠶᠢᠨ᠎ᠠ᠃       ︽ᠪᠠᠷᠭᠤ ᠣᠪᠤᠭ ᠦᠨᠳᠦᠰᠦᠲᠡᠨ ᠤ ᠭᠠᠷᠤᠯ ᠡᠭᠦᠰᠦᠯ ᠤᠨ ᠲᠤᠬᠠᠢ ᠪᠠᠷᠭᠤᠴᠤᠳ ᠤᠨ ᠲᠤᠬᠠᠢ ᠡᠷᠲᠡᠨ ᠤ ᠭᠷᠧᠭ ᠤᠨ ᠲᠡᠦᠬᠡ᠂ ᠷᠤᠮ ᠤᠨ ᠲᠡᠦᠬᠡ᠂ ᠭᠧᠷᠦᠳᠢᠲ ᠤᠨ ᠲᠡᠦᠬᠡ᠂ ᠭᠤᠶᠢᠮᠧᠷ ᠤᠨ ᠲᠤᠤᠯᠢᠰ᠂ ᠭᠢᠷᠭᠢᠰ ᠤᠨ ᠮᠠᠨᠠᠰ ᠬᠡᠮᠡᠬᠦ ᠠᠯᠳᠠᠷᠲᠤ ᠲᠤᠤᠯᠢᠰ ᠠᠴᠠ ᠭᠠᠳᠠᠨ᠎ᠠ ᠸᠧᠢ ︵ᠣᠨ ᠲᠣᠭᠠᠯᠠᠯ ᠤᠨ ᠡᠮᠦᠨ᠎ᠡ 220 — 265 ᠣᠨ︶᠂ ᠰᠦᠢ ︵ᠣᠨ ᠲᠣᠭᠠᠯᠠᠯ ᠤᠨ 589 — 618 ᠣᠨ︶ ᠲᠠᠩ ︵ᠣᠨ ᠲᠣᠭᠠᠯᠠᠯ ᠤᠨ 618 — 907 ᠣᠨ︶ ᠤᠯᠤᠰ ᠵᠡᠷᠭᠡ ᠭᠠᠳᠠᠭᠠᠳᠤ ᠳᠣᠲᠤᠭᠠᠳᠤ ᠶᠢᠨ ᠰᠤᠷᠪᠤᠯᠵᠢ ᠲᠡᠦᠬᠡᠨ ᠳᠤ ᠲᠡᠮᠳᠡᠭᠯᠡᠭᠳᠡᠵᠦ᠂ ᠲᠡᠭᠦᠨ ᠤ ᠲᠡᠦᠬᠡᠨ ᠤᠯᠠ ᠮᠥᠷ ᠠᠽᠢᠶ᠎ᠠ᠂ ᠡᠸᠦ᠋ᠷᠦᠫᠡ ᠶᠢᠨ ᠬᠤᠶᠠᠷ ᠲᠢᠪ ᠢ ᠰᠤᠨᠳᠠᠯᠠᠵᠠᠢ︾ ᠬᠡᠮᠡᠨ ᠥᠪᠥᠷᠯᠡᠭᠴᠢ ᠮᠢᠩᠭᠠᠳ ᠱ᠊ · ᠲᠦᠩᠰᠢᠭ ᠪᠦᠲᠦᠭᠡᠯ ᠳᠡᠭᠡᠨ ᠲᠤᠷᠠᠳᠤᠭᠰᠠᠨ ᠪᠠᠶᠢᠳᠠᠭ᠃ ᠲᠡᠷᠡᠪᠡᠷ ︽ᠪᠠᠷᠭᠤ ᠤᠳ ᠤᠨ ᠡᠷᠲᠡᠨ ᠤ ᠪᠢᠴᠢᠭ ᠳᠠᠭᠤᠳᠠᠯᠭ᠎ᠠ ᠨᠢ ᠪᠠᠷᠢᠭ ᠪᠤᠶᠤ ᠪᠠᠷᠦ᠋ᠭ᠂ ᠪᠠᠷᠢᠭ ᠪᠣᠯ ᠨᠡᠶᠢᠲᠡ ᠶᠢᠨ ᠣᠨ ᠲᠣᠭᠠᠯᠠᠯ ᠤᠨ ᠡᠮᠦᠨ᠎ᠡ 14 ᠳ᠋ᠤᠭᠡᠷ ᠵᠠᠭᠤᠨ ᠠᠴᠠ ᠡᠮᠦᠨ᠎ᠡ ᠪᠠᠷᠭᠤ ᠠᠽᠢᠶ᠎ᠠ ᠶᠢᠨ ᠰᠠᠭᠠᠷᠢ ︵︶ ᠭᠤᠣᠯ ᠤᠨ ᠰᠠᠪᠠ ᠣᠷᠤᠨ ᠳᠤ ᠲᠥᠷᠥ ᠪᠠᠶᠢᠭᠤᠯᠤᠭᠰᠠᠨ ᠪᠠᠷᠢᠭ ᠮᠥᠨ᠃ ᠲᠡᠳᠡᠨ ᠤ ᠤᠤᠭᠠᠯ ᠨᠤᠲᠤᠭ ᠨᠢ ᠶᠧᠹᠷᠠᠲ ᠮᠥᠷᠡᠨ ᠤ ᠳᠡᠭᠡᠳᠦ ᠰᠠᠯᠪᠤᠷᠢ ᠤᠷᠤᠰᠬᠠᠯ ᠬᠠᠪᠠᠷ ᠭᠤᠣᠯ ᠤᠨ ᠰᠠᠪᠠ ᠣᠷᠤᠨ ᠭᠡᠵᠤ ᠡᠷᠳᠡᠮᠲᠡᠳ ᠮᠥᠷᠳᠡᠨ ᠰᠤᠳᠤᠯᠵᠤ ᠲᠣᠳᠤᠷᠬᠠᠶᠢᠯᠠᠪᠠ︾ ᠭᠡᠵᠡᠢ᠃ ᠮᠥᠨ ᠲᠡᠦᠬᠡ ᠰᠤᠷᠪᠤᠯᠵᠢ ᠤᠳ ᠲᠤ ᠪᠢᠴᠢᠭᠰᠡᠨ ᠢᠶᠠᠷ ᠪᠣᠯ ᠪᠠᠷᠭᠤ ᠤᠳ ᠤᠨ ᠡᠯᠦᠨᠴᠡ ᠦᠶ᠎ᠡ ᠣᠨ ᠲᠣᠭᠠᠯᠠᠯ ᠤᠨ ᠡᠮᠦᠨ᠎ᠡ 3 ᠳ᠋ᠤᠭᠠᠷ ᠵᠠᠭᠤᠨ ᠳᠤ ᠮᠣᠩᠭᠤᠯᠴᠤᠳ ᠤᠨ ᠬᠤᠯᠪᠤᠭ᠎ᠠ ᠪᠤᠶᠤ ᠲᠡᠭᠦᠨ ᠤ ᠤᠮᠠᠷᠠᠳᠤ ᠰᠠᠯᠪᠤᠷᠢ ᠪᠣᠯᠬᠤ ᠿᠧᠦ ᠿᠠᠨ ᠤ ᠬᠠᠷᠢᠶᠠᠨ ᠳᠤ ᠪᠠᠭᠲᠠᠵᠤ ᠪᠠᠶᠢᠭᠠᠳ ᠤᠭ ᠬᠤᠯᠪᠤᠭ᠎ᠠ ᠵᠠᠳᠠᠷᠠᠨ ᠰᠠᠷᠨᠢᠬᠤ ᠳᠤ ᠡᠳᠡᠨ ᠢ ᠣᠨ ᠲᠣᠭᠠᠯᠠᠯ ᠤᠨ 4 ᠳ᠋ᠤᠭᠡᠷ ᠵᠠᠭᠤᠨ ᠬᠦᠷᠲᠡᠯ᠎ᠡ ᠬᠡᠳᠦᠨ ᠵᠠᠭᠤᠨ ᠵᠢᠯ ᠤᠨ ᠤᠷᠲᠤ ᠬᠤᠭᠤᠴᠠᠭᠠᠨ ᠳᠤ ᠾᠦᠩᠨᠦ ᠭᠦᠷᠦᠨ ︵ᠣᠨ ᠲᠣᠭᠠᠯᠠᠯ ᠤᠨ ᠡᠮᠦᠨ᠎ᠡ 209 — ᠣᠨ ᠲᠣᠭᠠᠯᠠᠯ ᠤᠨ 91 ᠣᠨ︶ ᠬᠢᠭᠡᠳ ᠰᠢᠶᠠᠨᠪᠢ ︵ᠣᠨ ᠲᠣᠭᠠᠯᠠᠯ ᠤᠨ 150 — 235 ᠣᠨ︶ ᠬᠦᠷᠦᠨ ᠳᠤ ᠬᠦᠴᠦ ᠪᠠᠨ ᠡᠷᠭᠦᠵᠦ ᠶᠠᠪᠤᠭᠰᠠᠨ ᠪᠥᠭᠡᠳ ᠲᠦᠷᠡᠭ ᠤᠭᠰᠠᠭᠠᠲᠠᠨ ᠲᠧᠶᠧᠯᠧ ᠶᠢᠨ ᠰᠠᠯᠪᠤᠷᠢ ᠯᠤᠭ᠎ᠠ ᠬᠤᠯᠢᠯᠳᠤᠨ ᠢᠵᠢᠯᠰᠡᠨ ᠢᠷᠡᠵᠡᠢ ᠭᠡᠳᠡᠭ᠃     ᠡᠶᠢᠮᠦ ᠠᠴᠠ ︽ᠪᠠᠷᠭᠤᠴᠤᠳ ᠨᠢ ᠴᠣᠯ ᠲᠦᠷᠡᠭ ᠭᠠᠷᠤᠯ ᠲᠠᠢ ᠬᠥᠮᠥᠰ ᠪᠢᠰᠢ ᠮᠠᠶ᠋ᠢᠭ ᠲᠠᠢ᠂ ᠬᠠᠷᠢᠨ ᠤᠷᠲᠤ ᠤᠳᠠᠭᠠᠨ ᠵᠢᠯ ᠤᠨ ᠬᠥᠭᠵᠢᠯ ᠤᠨ ᠶᠠᠪᠤᠴᠠ ᠳᠤ ᠲᠦᠷᠡᠭ ᠬᠥᠮᠥᠰ ᠪᠣᠯᠤᠨ ᠮᠤᠨ ᠤᠭᠰᠠᠭᠠᠲᠠᠨ ᠬᠠᠷᠢᠯᠴᠠᠨ ᠢᠵᠢᠯᠰᠡᠵᠦ ᠨᠡᠶᠢᠯᠡᠵᠦ ᠪᠦᠷᠢᠯᠳᠦᠭᠰᠡᠨ ᠲᠦᠷᠡᠭᠵᠢᠭᠰᠡᠨ ᠮᠣᠩᠭᠤᠯᠴᠤᠳ ᠪᠣᠯᠤᠨ᠎ᠠ᠃ ᠥᠭᠡᠷ᠎ᠡ ᠪᠠᠷ ᠬᠡᠯᠡᠪᠡᠯ ᠪᠠᠷᠭᠤᠴᠤᠳ ᠪᠣᠯ ᠲᠦᠷᠡᠭᠵᠢᠭᠰᠡᠨ ᠮᠣᠩᠭᠤᠯ ᠬᠥᠮᠥᠨ︾ ᠭᠡᠵᠤ ᠥᠪᠥᠷᠯᠡᠭᠴᠢ ᠱᠠᠭᠳᠠᠷ ᠤᠨ ᠰᠣᠩᠳᠤᠢ ᠪᠢᠴᠢᠭᠰᠡᠨ ᠪᠠᠶᠢᠳᠠᠭ᠃    ᠶᠠᠮᠠᠷ ᠲᠠᠢ ᠴᠦ ᠨᠢᠭᠤᠴᠠ ᠲᠣᠪᠴᠢᠶᠠᠨ ᠤ 239 ᠳ᠋ᠤᠭᠡᠷ ᠨᠢᠭᠤᠷ ᠲᠤ ᠳᠤᠷᠠᠳᠤᠭᠰᠠᠨ ᠢᠶᠠᠷ   ︽ᠲᠠᠤᠯᠠᠢ ᠵᠢᠯ ︵1207 ᠣᠨ︶ ᠵᠦᠴᠢ ᠶᠢ ᠪᠠᠷᠠᠭᠤᠨ ᠭᠠᠷᠤᠨ ᠴᠡᠷᠢᠭ ᠤᠳ ᠢᠶᠠᠷ ᠣᠢ ᠶᠢᠨ ᠢᠷᠭᠡᠳ ᠲᠤ ᠮᠣᠷᠳᠠᠭᠤᠯᠪᠠ ᠁ ᠵᠦᠴᠢ ᠣᠶᠢᠷᠠᠳ᠂ ᠪᠤᠷᠢᠶᠠᠳ᠂ ᠪᠠᠷᠭᠤᠳ᠂ ᠤᠷᠠᠴᠤᠳ᠂ ᠬᠠᠪᠬᠠᠨᠠᠰ᠂ ᠲᠤᠪᠠ ᠲᠡᠷᠢᠭᠦᠲᠡᠨ ᠢ ᠣᠷᠤᠭᠤᠯᠤᠭᠠᠳ ᠁︾ ᠭᠡᠰᠡᠨ ᠠᠴᠠ ᠬᠤᠶᠢᠰᠢ ᠶᠡᠭᠡ ᠮᠣᠩᠭᠤᠯ ᠤᠯᠤᠰ ᠤᠨ ᠭᠠᠵᠠᠷ ᠨᠤᠲᠤᠭ ᠠᠴᠠ ᠣᠶᠢᠵᠤ ᠬᠠᠯᠢᠭ᠎ᠠ ᠦᠭᠡᠢ᠂ ᠣᠳᠤ  ᠶᠢ ᠬᠦᠷᠲᠡᠯ᠎ᠡ ᠲᠤᠰ ᠲᠤᠰ ᠤᠨ ᠨᠤᠲᠤᠭ ᠲᠠᠭᠠᠨ ᠰᠠᠭᠤᠷᠢᠰᠢᠵᠤ ᠠᠵᠤ ᠲᠥᠷᠥᠵᠦ ᠪᠠᠶᠢᠭ᠎ᠠ ᠮᠣᠩᠭᠤᠯ ᠤᠭᠰᠠᠭᠠᠲᠠᠨ ᠵᠣᠨ ᠣᠯᠠᠨ ᠪᠢᠯᠡ᠃    ᠪᠠᠷᠭᠤ ᠬᠡᠮᠡᠬᠦ ᠨᠡᠷ᠎ᠡ ᠶᠢᠨ ᠲᠤᠬᠠᠢ   ᠡᠨᠡ ᠨᠡᠷ᠎ᠡ ᠶᠢᠨ ᠲᠤᠬᠠᠢ ᠰᠤᠳᠤᠯᠭ᠎ᠠ ᠨᠤᠭᠤᠳ ᠢ ᠲᠣᠶᠢᠮᠤᠯᠠᠬᠤ ᠳᠤ᠄   ⒈ ᠪᠠᠷᠭᠤ ᠬᠡᠮᠡᠬᠦ ᠬᠥᠮᠥᠨ ᠤ ᠨᠡᠷ᠎ᠡ ᠠᠴᠠ ᠡᠭᠦᠰᠦᠯ ᠲᠠᠢ︔   ⒉ ᠪᠠᠷᠭᠦ᠋ ︵︶ ᠬᠡᠮᠡᠬᠦ ᠬᠦᠴᠦ ᠴᠢᠳᠠᠯ ᠲᠠᠢ ᠨᠢᠭᠡᠨ ᠲᠥᠷᠥᠯ ᠤᠨ ᠨᠣᠬᠠᠢ ᠶᠢᠨ ᠨᠡᠷ᠎ᠡ ᠠᠴᠠ ᠡᠭᠦᠰᠦᠯ ᠲᠠᠢ︔   ⒊ ᠪᠠᠷᠭᠤᠵᠢᠨ ᠳᠥᠬᠦᠮ ᠭᠡᠳᠡᠭ ᠭᠠᠵᠠᠷ ᠤᠰᠤᠨ ᠤ ᠨᠡᠷ᠎ᠡ ᠠᠴᠠ ᠡᠭᠦᠰᠦᠯ ᠲᠠᠢ︔   ⒋ ᠲᠦᠷᠡᠭ ᠬᠡᠯᠡᠨ ᠤ ᠪᠠᠶᠧᠷᠭᠦ᠋ ᠭᠡᠳᠡᠭ ᠦᠭᠡ ᠠᠴᠠ ᠢᠷᠡᠯ ᠲᠠᠢ ᠭᠡᠬᠦ ᠮᠡᠲᠦ ᠪᠠᠷ ᠰᠤᠳᠤᠯᠤᠭᠠᠴᠢᠳ ᠦᠵᠡᠭᠰᠡᠨ ᠪᠠᠶᠢᠨ᠎ᠠ᠃    ᠳᠡᠭᠡᠷᠡᠬᠢ ᠠᠴᠠ᠄ ᠪᠠᠷᠭᠤᠴᠤᠳ ᠨᠢ ᠪᠠᠷᠭᠤᠵᠢᠨ ᠳᠦᠬᠦᠮ ᠳᠤ 9 ᠳ᠋ᠤᠭᠡᠷ ᠵᠠᠭᠤᠨ ᠤ ᠦᠶ᠎ᠡ ᠳᠤ ᠨᠡᠭᠦᠳᠡᠯᠯᠡᠨ ᠢᠷᠡᠭᠰᠡᠨ ᠠᠴᠠ ᠬᠤᠯᠠ ᠡᠮᠦᠨ᠎ᠡ 3 ᠳ᠋ᠤᠭᠠᠷ ᠵᠠᠭᠤᠨ ᠤ ᠲᠡᠦᠬᠡ ᠲᠡᠮᠳᠡᠭᠯᠡᠯ ᠳᠤ ᠪᠠᠷᠭᠤ ᠨᠡᠷ᠎ᠡ ᠪᠠᠷ ᠲᠡᠮᠳᠡᠭᠯᠡᠭᠳᠡᠭᠰᠡᠨ ᠭᠡᠵᠤ ᠡᠷᠳᠡᠮᠲᠡᠳ ᠦᠵᠡᠭᠰᠡᠨ ᠪᠣᠢ᠃ ᠬᠠᠷᠢᠨ ᠪᠠᠷᠭᠤ ᠭᠡᠳᠡᠭ ᠪᠣᠳᠠᠲᠤ ᠬᠥᠮᠥᠨ ᠪᠥᠭᠡᠳ ᠡᠷᠲᠡᠨ ᠤ ᠨᠢᠭᠡᠨ ᠠᠶᠢᠮᠠᠭ  ᠤᠨ ᠲᠡᠷᠢᠭᠦᠨ ᠶᠠᠪᠤᠵᠠᠢ᠃ ᠲᠡᠷᠡ ᠠᠶᠢᠮᠠᠭ ᠳᠣᠲᠤᠷᠠᠬᠢ ᠣᠪᠤᠭ ᠶᠠᠰᠤᠲᠠᠨ ᠨᠤᠭᠤᠳ ︽ᠪᠢᠳᠡ ᠪᠠᠷᠭᠦ᠋ ᠶᠢᠨ ᠬᠠᠷᠢᠶᠠᠲᠤ ᠢᠷᠭᠡᠳ᠂ ᠪᠠᠷᠭᠦ᠋ ᠬᠥᠮᠥᠰ ᠪᠤᠶᠤ ᠪᠠᠷᠭᠤᠴᠤᠳ ᠭᠡᠵᠡᠭᠡᠬᠦ ᠪᠣᠯᠤᠭᠰᠠᠨ ᠠᠴᠠ ᠡᠨᠡ ᠨᠢ ᠶᠠᠪᠤᠨ ᠶᠠᠪᠤᠭᠰᠠᠭᠠᠷ ᠪᠠᠷᠭᠤ ᠶᠠᠰᠤᠲᠠᠨ ᠤ ᠨᠢᠭᠡ ᠪᠣᠯᠵᠤ ᠬᠤᠪᠢᠷᠠᠵᠠᠢ︾ ᠭᠡᠰᠡᠨ ᠳ᠋ᠦᠩᠨᠡᠯᠲᠡ ᠶᠢ ᠰᠤᠳᠤᠯᠤᠭᠠᠴᠢᠳ ᠬᠢᠭᠰᠡᠨ ᠪᠠᠶᠢᠳᠠᠭ᠃   ᠨᠥᠭᠦᠭᠡ ᠲᠠᠯ᠎ᠠ ᠪᠠᠷ ︽ᠪᠠᠷᠭᠦ᠋ ︵︶᠂ ᠪᠠᠷᠭᠦ᠋ ︵︶ ᠨᠢ ᠲᠦᠷᠡᠭ ᠬᠡᠯᠡᠨ ᠤ ᠪᠠᠷᠦ᠋ᠭ᠂ ᠪᠠᠷᠭ᠎ᠠ ᠭᠡᠰᠡᠨ ᠦᠭᠡ ᠪᠥᠭᠡᠳ ᠡᠨᠡ ᠰᠢᠳᠡᠭ ᠨᠣᠬᠠᠢ ᠪᠤᠶᠤ ᠴᠢᠨ᠋ᠸ᠎ᠠ ᠶᠢᠨ ᠨᠡᠷ᠎ᠡ ᠪᠣᠯᠤᠨ᠎ᠠ︾ ᠭᠡᠵᠤ ᠲᠠᠶᠢᠯᠪᠤᠷᠢᠯᠠᠭᠰᠠᠨ ᠢ ᠦᠨᠳᠦᠰᠦᠯᠡᠵᠦ ᠪᠠᠷᠭᠤ ᠪᠣᠯ ᠬᠥᠮᠥᠨ ᠤ ᠨᠡᠷ᠎ᠡ ᠪᠥᠭᠡᠳ ᠨᠡᠷ᠎ᠡ ᠶᠢᠨ ᠤᠳᠬ᠎ᠠ ᠨᠢ ᠨᠣᠬᠠᠢ ᠭᠡᠰᠡᠨ ᠦᠭᠡ ᠪᠣᠯᠤᠨ᠎ᠠ᠃    ᠨᠣᠬᠠᠢ ᠭᠡᠳᠡᠭ ᠦᠭᠡ ᠶᠢ ᠡᠷᠳᠡᠮᠲᠡᠨ ᠱ᠊ · ᠭᠠᠳᠠᠮᠪᠠ ︽ᠮᠣᠩᠭᠤᠯ ᠤᠨ ᠨᠢᠭᠤᠴᠠ ᠲᠣᠪᠴᠢᠶᠠᠨ ᠤ ᠰᠤᠳᠤᠯᠤᠯ  ᠤᠨ ᠵᠠᠷᠢᠮ ᠠᠰᠠᠭᠤᠳᠠᠯ︾ ᠪᠦᠲᠦᠭᠡᠯ ᠳᠡᠭᠡᠨ ᠨᠣᠬᠠᠢ ᠶᠢ ᠵᠥᠪᠬᠡᠨ ᠮᠣᠩᠭᠤᠯ ᠳᠤ ᠴᠦ ᠪᠢᠰᠢ᠂ ᠶᠡᠷᠦ ᠨᠢ ᠲᠥᠪ ᠠᠽᠢᠶ᠎ᠠ ᠶᠢᠨ ᠨᠡᠭᠦᠳᠡᠯᠴᠢᠨ ᠠᠶᠢᠮᠠᠭ᠂ ᠲᠤᠬᠠᠶᠢᠯᠠᠪᠠᠯ ᠵᠠᠷᠢᠮ ᠲᠦᠷᠺ ᠦᠨᠳᠦᠰᠦᠲᠡᠨ ᠳᠤ ᠴᠦ ᠮᠥᠨ ︽ᠦᠨᠡᠨᠴᠢ ᠢᠲᠡᠭᠡᠯ︾ ᠲᠠᠢ ᠶᠢᠨ ᠪᠤᠶᠤ ︽ᠪᠣᠭᠤᠯ ᠮᠡᠲᠦ ᠬᠦᠯᠢᠴᠡᠩᠭᠦᠢ︾ ᠶᠢᠨ ᠪᠡᠯᠭᠡᠳᠡᠯ ᠪᠣᠯᠭᠠᠨ ᠦᠵᠡᠳᠡᠭ ᠵᠠᠩᠰᠢᠯ ᠤᠯᠠᠮᠵᠢᠯᠠᠯ ᠪᠠᠶᠢᠭᠰᠠᠨ ᠁ ᠭᠡᠵᠡᠢ᠃ ᠮᠥᠨ ᠴᠠᠭᠠᠰᠢ ᠨᠢ ︽ᠮᠣᠩᠭᠤᠯ ᠤᠨ ᠹᠸᠤᠳᠠᠯ ᠤᠨ ᠪᠡᠯᠭᠡ ᠲᠡᠮᠳᠡᠭ ᠤᠨ ᠬᠡᠯᠡᠨ ᠳᠤ ᠦᠨᠡᠨᠴᠢ ᠵᠢᠷᠤᠮ ᠲᠠᠢ᠂ ᠪᠠᠲᠤ ᠢᠲᠡᠭᠡᠯ ᠲᠠᠢ ᠶᠢᠨ ᠳᠦᠷᠢ ᠶᠢ ᠲᠥᠯᠥᠭᠡᠯᠡᠨ ᠭᠠᠷᠳᠠᠭ ︽ᠨᠣᠬᠠᠢ︾ ᠭᠡᠵᠤ ᠪᠢᠴᠢᠭᠰᠡᠨ ᠪᠣᠢ᠃   ᠡᠶᠢᠮᠦ ᠠᠴᠠ ᠪᠠᠷᠬᠦ᠋ ᠨᠢ ᠪᠣᠳᠠᠲᠤ ᠬᠥᠮᠥᠨ ᠪᠠᠶᠢᠭᠰᠠᠨ ᠠᠭᠠᠳ ᠲᠡᠷᠡᠪᠡᠷ ᠪᠡᠯᠭᠡᠳᠡᠯ ᠤᠨ ᠤᠳᠬ᠎ᠠ ᠪᠦᠬᠦᠢ ᠨᠡᠷ᠎ᠡ ᠦᠭᠡ᠂ ᠡᠭᠦᠪᠡᠷ ᠡᠨᠡ ᠣᠪᠤᠭ ᠦᠨᠳᠦᠰᠦᠲᠡᠨ ᠪᠠᠶᠢᠨ᠎ᠠ ᠭᠡᠵᠤ ᠦᠵᠡᠬᠦ ᠨᠢ ᠦᠨᠡᠨ ᠳᠤ ᠣᠶᠢᠷᠠᠲᠤᠬᠤ ᠪᠣᠯᠤᠨ᠎ᠠ᠃    ᠪᠠᠷᠭᠤ ᠪᠤᠷᠢᠶᠠᠳ ᠮᠣᠩᠭᠤᠯᠴᠤᠳ ᠤᠨ ᠤᠭ ᠤᠨ ᠪᠢᠴᠢᠭ    ⒈ ᠪᠠᠷᠭᠤ — ᠪᠤᠷᠢᠶᠠᠳ ᠮᠣᠩᠭᠤᠯᠴᠤᠳ ᠢ ᠪᠦᠷᠢᠯᠳᠦᠭᠦᠯᠵᠦ ᠪᠣᠢ ᠵᠣᠩᠬᠢᠯᠠᠬᠤ 250 ᠭᠠᠷᠤᠢ ᠣᠪᠤᠭ ᠬᠠᠯᠠ ᠬᠦᠬᠦᠦᠷ ᠤᠳ ᠢ ᠬᠠᠮᠤᠷᠤᠭᠤᠯᠤᠭᠰᠠᠨ ᠢᠶᠠᠷ ᠢᠶᠠᠨ ᠤᠭ ᠤᠨ ᠡᠬᠢ ᠪᠢᠴᠢᠭ ᠪᠣᠯᠤᠨ᠎ᠠ ᠭᠡᠵᠤ ᠦᠵᠡᠵᠦ ᠪᠠᠶᠢᠨ᠎ᠠ ᠃ ᠤᠭ ᠤᠨ ᠪᠢᠴᠢᠭ ᠤᠳ ᠨᠢ ᠵᠥᠪᠬᠡᠨ ᠨᠢᠭᠡ ᠣᠪᠤᠭ ᠠᠴᠠ ᠡᠭᠦᠰᠦᠯ ᠲᠠᠢ ᠤᠷᠤᠭ ᠢ ᠰᠠᠯᠪᠤᠷᠢᠯᠠᠭᠤᠯᠤᠨ ᠳᠡᠯᠭᠡᠷᠡᠭᠦᠯᠵᠦ ᠪᠢᠴᠢᠭᠰᠡᠨ ᠪᠠᠶᠢᠳᠠᠭ ᠪᠣᠯ ᠡᠨᠡᠬᠦ ᠤᠭ ᠤᠨ ᠪᠢᠴᠢᠭᠡᠰᠦ ᠨᠢ ᠪᠠᠷᠭᠤ ᠪᠤᠷᠢᠶᠠᠳ ᠵᠣᠨ ᠣᠯᠠᠨ ᠤ ᠶᠠᠮᠠᠷ ᠴᠦ ᠣᠪᠤᠭ ᠤᠨ ᠬᠥᠮᠥᠨ ᠤᠷᠤᠭ ᠤᠨ ᠢᠶᠠᠨ ᠡᠬᠢ ᠶᠢ ᠲᠣᠭᠲᠠᠭᠠᠵᠤ᠂ ᠡᠭᠦᠨ ᠠᠴᠠ ᠴᠠᠭᠠᠰᠢ ᠦᠷᠭᠦᠯᠵᠢᠯᠡᠭᠦᠯᠦᠨ ᠪᠢᠴᠢᠬᠦ ᠪᠣᠯᠤᠮᠵᠢ ᠲᠠᠢ ᠤᠴᠢᠷ ᠡᠶᠢᠨ ᠬᠦ ᠨᠡᠷᠡᠯᠡᠬᠦ ᠦᠨᠳᠦᠰᠦ ᠲᠠᠢ ᠭᠡᠵᠤ ᠦᠵᠡᠵᠦ ᠪᠠᠶᠢᠨ᠎ᠠ᠃   ⒉ ᠤᠭ ᠤᠨ ᠪᠢᠴᠢᠭ ᠲᠤ ᠤᠳᠤᠮ ᠤᠭᠰᠠᠭᠠᠨ ᠤ ᠦᠶᠡᠴᠢᠯᠡᠯ ᠲᠣᠭᠲᠠᠭᠠᠵᠤ ᠤᠷᠤᠭ ᠤᠨ ᠨᠡᠷ᠎ᠡ ᠶᠢᠨ ᠡᠮᠦᠨ᠎ᠡ ᠪᠢᠴᠢᠪᠠ᠃ ᠤᠳᠤᠮ ᠤᠭᠰᠠᠭᠠᠨ ᠤ ᠦᠶᠡᠴᠢᠯ ᠢ ᠲᠣᠭᠲᠠᠭᠠᠬᠤ ᠳᠠᠭᠠᠨ ᠮᠣᠩᠭᠤᠯ ᠤᠨ ᠲᠡᠦᠬᠡ ᠲᠠᠢ ᠤᠶᠠᠯᠳᠤᠭᠤᠯᠵᠤ ᠪᠦᠷᠲᠡ ᠴᠢᠨ᠋ᠸ᠎ᠠ ᠶᠢᠨ ᠲᠥᠷᠥᠭᠰᠡᠨ ᠣᠨ ᠴᠠᠭ ᠢ ᠨᠢᠭᠡᠳᠦᠭᠡᠷ ᠦᠶ᠎ᠡ ᠪᠣᠯᠭᠠᠨ ᠠᠪᠤᠯ᠎ᠠ᠃  ᠡᠭᠦᠨ ᠤ ᠠᠴᠢ ᠬᠤᠯᠪᠤᠭᠳᠠᠯ ᠨᠢ᠄ ᠲᠤᠬᠠᠢ ᠶᠢᠨ ᠦᠶ᠎ᠡ ᠳᠤ ᠲᠡᠮᠳᠡᠭᠯᠡᠭᠳᠡᠭᠰᠡᠨ ᠲᠡᠦᠬᠡᠨ ᠬᠥᠮᠥᠨ ᠢ ᠲᠡᠷᠡ ᠴᠠᠭ  ᠤᠨ ᠪᠤᠰᠤᠳ ᠮᠣᠩᠭᠤᠯ ᠤᠭᠰᠠᠭᠠᠨ ᠤ ᠲᠡᠦᠬᠡᠲᠦ ᠬᠥᠮᠥᠰ ᠤᠨ ᠦᠢᠯᠡ ᠶᠠᠪᠤᠳᠠᠯ ᠲᠠᠢ ᠤᠶᠠᠯᠳᠤᠭᠤᠯᠤᠨ ᠬᠠᠷᠢᠴᠠᠭᠤᠯᠬᠤ ᠳᠤ ᠣᠷᠤᠰᠢᠨ᠎ᠠ᠃ ᠲᠤᠬᠠᠶᠢᠯᠠᠪᠠᠯ᠄ ᠠᠯᠤᠨ ᠭᠤᠸ᠎ᠠ ᠬᠠᠲᠤᠨ 944 ᠣᠨ ᠳᠤ ᠲᠥᠷᠥᠭᠡᠳ 980 ᠣᠨ ᠳᠤ ᠨᠠᠰᠤ ᠪᠠᠷᠠᠭᠰᠠᠨ ᠪᠣᠯᠤᠯᠲᠠᠢ ᠭᠡᠵᠤ ᠲᠡᠦᠬᠡ ᠰᠤᠳᠤᠯᠤᠭᠠᠴᠢ ᠨᠠᠷ ᠤᠨ ᠲᠣᠭᠲᠠᠭᠠᠭᠰᠠᠨ ᠣᠨ ᠴᠠᠭ᠃ ᠪᠦᠷᠲᠡ ᠴᠢᠨ᠋ᠸ᠎ᠠ ᠶᠢᠨ 12 ᠳ᠋ᠤᠭᠠᠷ ᠦᠶ᠎ᠡ ᠶᠢᠨ ᠲᠣᠪᠤ ᠮᠡᠷᠭᠡᠨ ᠤ ᠠᠮᠢᠳᠤᠷᠠᠵᠤ ᠪᠠᠶᠢᠭᠰᠠᠨ 10 ᠳ᠋ᠤᠭᠠᠷ ᠵᠠᠭᠤᠨ ᠤ ᠦᠶ᠎ᠡ ᠲᠠᠢ ᠲᠣᠬᠢᠷᠠᠵᠤ ᠪᠠᠶᠢᠬᠤ ᠰᠢᠨᠵᠢ ᠲᠠᠢ᠃   ⒊ ᠤᠭ ᠤᠨ ᠪᠢᠴᠢᠭ ᠲᠤ ᠬᠠᠮᠤᠷᠤᠭᠳᠠᠭᠰᠠᠨ ᠴᠠᠭ ᠬᠤᠭᠤᠴᠠᠭᠠᠨ ᠤ ᠲᠤᠬᠠᠢ ᠳᠤ ᠣᠨ ᠲᠣᠭᠠᠯᠠᠯ ᠤᠨ 420 ᠣᠨ ᠠᠴᠠ ᠳᠤᠮᠳᠠ ᠲᠠᠰᠤᠷᠠᠭᠰᠠᠨ ᠬᠤᠷᠢ ᠭᠠᠷᠤᠢ ᠦᠶ᠎ᠡ ︵ᠡᠨᠡ ᠦᠶ᠎ᠡ ᠶᠢᠨ ᠪᠠᠷᠢᠮᠲᠠ ᠰᠤᠳᠤᠯᠭ᠎ᠠ ᠶᠢ ᠣᠯᠵᠤ ᠦᠵᠡᠭᠡ ᠦᠭᠡᠢ︶ ᠶᠢ ᠡᠰᠡ ᠲᠣᠭᠠᠴᠢᠪᠠᠯ 1560 ᠭᠠᠷᠤᠢ ᠵᠢᠯ ᠢ ᠪᠠᠭᠲᠠᠭᠠᠭᠰᠠᠨ ᠪᠣᠯᠤᠨ᠎ᠠ᠃ ᠡᠬᠢ ᠪᠣᠯᠭᠠᠵᠤ ᠠᠪᠤᠭᠰᠠᠨ 420 ᠣᠨ ᠢ ᠲᠣᠬᠢᠶᠠᠯᠳᠤᠯ ᠢᠶᠠᠷ ᠰᠣᠩᠭᠤᠭ᠎ᠠ ᠦᠭᠡᠢ ᠪᠥᠭᠡᠳ ᠡᠨᠡ ᠨᠢ ︽ᠣᠨ ᠲᠣᠭᠠᠯᠠᠯ ᠤᠨ 551 — 554 ᠣᠨ ᠤ ᠬᠤᠭᠤᠷᠤᠨᠳᠤ ᠪᠢᠴᠢᠭᠳᠡᠭᠰᠡᠨ ︿ᠸᠧᠢ ᠤᠯᠤᠰ ᠤᠨ ᠪᠢᠴᠢᠭ﹀ ᠤᠨ ᠿᠸᠦ ᠿᠤᠸᠠᠨ ᠤ ᠱᠠᠰᠲᠢᠷ ᠲᠤ ᠿᠸᠦ ᠿᠤᠸᠠᠨ ᠤ    ︵402 — 555 ᠣᠨ︶ ᠪᠠᠷᠠᠭᠤᠨ ᠬᠤᠶᠢᠨ᠎ᠠ ᠾᠦᠩᠨᠦ ᠶᠢᠨ ᠦᠯᠡᠳᠡᠭᠳᠡᠯ ᠪᠠᠶᠢᠨ᠎ᠠ᠃ ᠤᠯᠤᠰ ᠨᠢ ᠪᠠᠶᠠᠨ ᠬᠦᠴᠦᠷᠭᠡᠭ᠂ ᠲᠡᠷᠢᠭᠦᠨ ᠨᠢ ᠪᠠ ᠶᠧ ᠵᠢᠢ ᠭᠡᠳᠡᠭ᠃ ᠲᠡᠷᠡ ᠨᠢ ᠴᠡᠷᠢᠭ ᠳᠠᠶᠢᠴᠢᠯᠠᠨ ᠱᠧᠯᠦ᠋ᠨ ᠢ ᠴᠣᠬᠢᠭᠰᠠᠨ ᠳᠤ ᠱᠧᠯᠦ᠋ᠨ ᠡᠸ᠋ ᠭᠧᠨ ︵ᠣᠳᠤ ᠶᠢᠨ ᠣᠷᠬᠤᠨ ᠭᠤᠣᠯ︶ ᠭᠤᠣᠯ ᠳᠤ ᠲᠣᠰᠴᠤ ᠴᠣᠬᠢᠭᠠᠳ ᠶᠡᠭᠡ ᠪᠠᠷ ᠢᠯᠠᠪᠠ᠃ ᠡᠭᠦᠨ ᠠᠴᠠ ᠬᠤᠶᠢᠰᠢ ᠳᠡᠳᠡ ᠨᠠᠷ ᠱᠧᠯᠦ᠋ᠨ ᠳᠤ ᠬᠠᠷᠢᠶᠠᠯᠠᠭᠳᠠᠵᠠᠢ᠃︾ ᠭᠡᠰᠡᠨ ᠲᠡᠮᠳᠡᠭᠯᠡᠯ ᠪᠠᠶᠢᠨ ᠳᠤᠷᠠᠳᠤᠭᠳᠠᠵᠤ ᠪᠣᠢ᠃ ᠪᠠ ᠶᠧ ᠵᠢᠢ ᠨᠢ ᠪᠠᠷᠭᠤ ᠠᠶᠢᠮᠠᠭ ᠤᠨ ᠲᠡᠷᠢᠭᠦᠨ ᠮᠥᠨ ᠪᠣᠯᠬᠤ ᠲᠠᠯ᠎ᠠ ᠪᠠᠷ ᠡᠷᠳᠡᠮᠲᠡᠨ ᠵ᠊ · ᠥᠯᠵᠡᠢ ᠪᠦᠲᠦᠭᠡᠯ ᠳᠡᠭᠡᠨ᠄ ᠿᠸᠦ ᠿᠠᠨ ᠤ ᠬᠠᠭᠠᠨ ᠱᠧᠯᠦ᠋ᠨ ᠁ ᠥᠪᠡᠷᠲᠡᠭᠡᠨ ᠨᠢᠭᠡᠳᠬᠡᠭᠰᠡᠨ ︵394 — 409 ᠣᠨ ᠤ ᠦᠶ᠎ᠡ ᠳᠤ︶ ᠨᠢᠭᠡᠨ ᠠᠶᠢᠮᠠᠭ ᠤᠨ ᠲᠣᠯᠤᠭᠠᠶᠢᠯᠠᠭᠴᠢ ᠨᠢ ︽ᠶᠢᠦ ᠸᠧ ︵︶ ᠪᠠ ᠶᠧ ᠵᠢᠢ︾ ᠬᠡᠮᠡᠨ ᠨᠡᠷ᠎ᠡ ᠲᠠᠢ ᠪᠠᠶᠢᠭᠰᠠᠨ᠃ ᠡᠨᠡ ᠪᠠ ᠶᠧ ᠵᠢᠢ ᠪᠣᠯ ᠪᠠᠷᠭᠤᠵᠢᠨ ᠭᠡᠰᠡᠨ ᠦᠭᠡ᠃ ᠪᠠᠷᠭᠤᠵᠢᠨ ᠬᠡᠮᠡᠬᠦ ᠨᠡᠷ᠎ᠡ ᠨᠢ ᠡᠷᠲᠡᠨ ᠤ ᠾᠦᠩᠨᠦ᠂ ᠿᠸᠦ ᠿᠠᠨ᠂ ᠲᠦᠷᠡᠭ ᠤᠨ ᠦᠶ᠎ᠡ ᠠᠴᠠ ᠤᠯᠠᠮᠵᠢᠯᠠᠵᠤ ᠢᠷᠡᠭᠰᠡᠨ ᠪᠠᠶᠧᠷᠺᠦ᠂ ᠪᠠ ᠶᠧ ᠭᠦ᠋᠂ ᠪᠠᠷᠭᠤ ᠬᠡᠮᠡᠬᠦ ᠮᠥᠨ ᠪᠣᠯᠬᠤ ᠶᠢ ᠨᠣᠲᠠᠯᠠᠵᠤ ᠪᠣᠢ︾ ᠭᠡᠵᠤ ᠪᠢᠴᠢᠭᠰᠡᠨ ᠪᠠᠶᠢᠳᠠᠭ᠃ ᠤᠭ ᠤᠨ ᠪᠢᠴᠢᠭ ᠤᠨ ᠢᠵᠠᠭᠤᠷ ᠣᠪᠤᠭ ᠪᠣᠯᠤᠨ ᠪᠤᠰᠤᠳ ᠤᠷᠤᠭ ᠤᠨ ᠰᠠᠯᠠᠭ᠎ᠠ ᠰᠠᠯᠪᠤᠷᠢ ᠤᠳ ᠢ ᠡᠨᠡ ᠮᠡᠲᠦ ᠲᠡᠦᠬᠡᠨ ᠰᠤᠷᠪᠤᠯᠵᠢ ᠪᠢᠴᠢᠭ ᠠᠴᠠ ᠲᠡᠭᠦᠪᠦᠷᠢᠯᠡᠨ ᠪᠢᠴᠢᠭᠰᠡᠨ ᠪᠣᠯᠤᠨ᠎ᠠ᠃     ⒋ ᠡᠨᠡ ᠤᠭ ᠤᠨ ᠡᠬᠢ ᠪᠢᠴᠢᠭ ᠲᠤ ᠲᠡᠦᠬᠡ ᠰᠤᠷᠪᠤᠯᠵᠢ ᠤᠳ ᠲᠤ ᠮᠥᠩᠬᠡᠷᠡᠭᠰᠡᠨ ᠪᠠᠭᠠᠲᠤᠷᠯᠢᠭ ᠦᠢᠯᠡᠰᠲᠡᠨ᠂ ᠰᠡᠴᠡᠨ ᠮᠡᠷᠭᠡᠳ ᠤᠳ᠂ ᠲᠣᠪᠤᠶᠢᠨ ᠰᠢᠯᠭᠠᠷᠠᠭᠰᠠᠨ ᠬᠥᠮᠥᠰ᠂ ᠲᠡᠳᠡᠨ ᠤ ᠤᠷᠤᠭ ᠰᠠᠳᠤᠨ ᠣᠷᠤᠭᠰᠠᠨ ᠤᠴᠢᠷ ᠮᠣᠩᠭᠤᠯᠴᠤᠳ ᠠᠯᠲᠠᠨ ᠤᠷᠤᠭ ᠤᠨ ᠬᠢᠨ ᠤ ᠤᠭ ᠤᠨ ᠪᠢᠴᠢᠭ ᠢ ᠳᠡᠭᠡᠳᠦᠯᠡᠳᠡᠭ ᠤᠨ ᠠᠳᠠᠯᠢ  ᠪᠠᠷ ᠪᠠᠷᠭᠤ ᠪᠤᠷᠢᠶᠠᠳ ᠵᠣᠨ ᠡᠷᠬᠢᠮᠯᠡᠪᠡᠯ ᠵᠣᠬᠢᠬᠤ ᠬᠦᠨᠳᠦᠲᠡᠢ ᠤᠭ ᠤᠨ ᠪᠢᠴᠢᠭ ᠪᠣᠯᠤᠨ᠎ᠠ᠃     ᠡᠳᠦᠭᠡ ᠬᠥᠯᠥᠨ ᠪᠣᠶᠢᠷ ᠤᠨ ᠪᠠᠷᠭᠤ ᠤᠳ ᠳᠣᠲᠤᠷ᠎ᠠ ᠡᠸᠡᠩᠬᠢ ︵ᠬᠠᠮᠨᠢᠭᠠᠨ︶᠂ ᠲᠦᠩᠬᠦᠰ᠂ ᠣᠷᠴᠤᠨ᠂ ᠪᠤᠷᠢᠶᠠᠳ᠂ ᠴᠢᠪᠴᠢᠨ ᠪᠠᠷᠭᠤ᠂ ᠰᠣᠯᠤᠨ ︵ᠮᠠᠨᠵᠤ ᠬᠠᠮᠨᠢᠭᠠᠨ︶᠂ ᠥᠭᠡᠯᠡᠳ ︵ᠣᠶᠢᠷᠠᠳ︶ ᠭᠡᠬᠦ ᠮᠡᠲᠦ ᠶᠠᠰᠤᠲᠠᠨ ᠨᠤᠭᠤᠳ ᠬᠤᠯᠢᠯᠳᠤᠨ ᠠᠮᠢᠳᠤᠷᠠᠵᠤ ᠪᠠᠶᠢᠭ᠎ᠠ ᠪᠥᠭᠡᠳ ᠲᠡᠳᠡᠨ ᠤ 120 ᠭᠠᠷᠤᠢ ᠣᠪᠤᠭ ᠡᠳᠦᠭᠡ ᠪᠦᠷᠢᠳᠬᠡᠭᠳᠡᠭᠡᠳ ᠪᠠᠶᠢᠨ᠎ᠠ᠃     ᠪᠠᠷᠭᠤ᠂ ᠪᠤᠷᠢᠶᠠᠳ ᠲᠦᠮᠡᠨ ᠤ ᠤᠭ ᠤᠨ ᠪᠢᠴᠢᠭ ᠤᠨ ᠲᠤᠬᠠᠢ ᠥᠪᠡᠷ ᠤᠨ ᠰᠤᠳᠤᠯᠭᠠᠨ ᠳᠤ ᠲᠤᠯᠭᠠᠭᠤᠷᠢᠯᠠᠨ ᠲᠡᠳᠡᠨ ᠤ ᠤᠭ ᠢᠵᠠᠭᠤᠷ᠂ ᠣᠳᠤ ᠶᠢᠨ ᠬᠡᠯᠡᠯᠴᠡᠭᠳᠡᠵᠦ ᠢᠷᠡᠭᠰᠡᠨ ᠣᠪᠤᠭ ᠤᠳᠤᠮ ᠤᠨ ᠲᠠᠯ᠎ᠠ  ᠪᠠᠷ ᠳᠠᠷᠠᠭᠠᠬᠢ ᠳ᠋ᠦᠩᠨᠡᠯᠲᠡ ᠶᠢ ᠬᠢᠵᠦ ᠪᠠᠶᠢᠨ᠎ᠠ᠃     ⒈ ᠪᠠᠷᠭᠤ ᠪᠤᠷᠢᠶᠠᠳ ᠨᠠᠷ ᠤᠨ ᠣᠪᠤᠭ ᠭᠠᠷᠪᠠᠯᠢ ᠪᠦᠷ ᠾᠦᠩᠨᠦ ᠶᠢᠨ ᠦᠶ᠎ᠡ ᠠᠴᠠ ᠤᠯᠪᠠᠭᠠᠯᠠᠵᠤ᠂ ᠣᠨ ᠴᠠᠭ ᠤᠨ ᠲᠡᠦᠬᠡᠨ ᠬᠡᠯᠬᠢᠶᠡᠨ ᠳᠤ ᠶᠡᠬᠡᠪᠴᠢᠯᠡᠨ ᠠᠯᠢ ᠨᠢᠭᠡᠨ ᠠᠶᠢᠮᠠᠭ᠂ ᠤᠯᠤᠰ ᠤᠨ ᠥᠮᠥᠭ ᠲᠦᠰᠢᠭ ᠬᠠᠷᠢᠶᠠᠯᠠᠯ ᠳᠣᠣᠷ᠎ᠠ ᠶᠠᠪᠤᠵᠤ ᠢᠷᠡᠭᠰᠡᠨ ᠤᠴᠢᠷ ᠲᠡᠷᠡ ᠴᠠᠭ ᠤᠨ ᠲᠡᠦᠬᠡ ᠰᠤᠷᠪᠤᠯᠵᠢ ᠪᠢᠴᠢᠭ ᠲᠤ ᠡᠯᠦᠨᠴᠡ ᠬᠤᠯᠤᠨᠴᠠ ᠶᠢᠨ ᠬᠢᠨᠢ ᠲᠤᠬᠠᠢ ᠮᠥᠴᠢᠳ ᠲᠡᠮᠳᠡᠭᠯᠡᠭᠳᠡᠨ ᠦᠯᠡᠳᠡᠭᠰᠡᠨ ᠪᠣᠯᠤᠯᠲᠠᠢ᠃ ᠭᠡᠪᠡᠴᠦ ᠡᠴᠢᠭᠡ ᠡᠪᠦᠭᠡᠳ ᠤᠨ ᠢᠶᠠᠨ ᠲᠤᠬᠠᠢ ᠳᠣᠮᠤᠭ ᠲᠤᠤᠯᠢᠰ ᠢᠶᠠᠷ ᠠᠮᠠ ᠳᠠᠮᠵᠢᠭᠤᠯᠤᠨ ᠡᠳᠦᠭᠡ ᠬᠦᠷᠲᠡᠯ᠎ᠡ ᠠᠮᠠᠨ ᠤᠯᠠᠮᠵᠢᠯᠠᠯ ᠢᠶᠠᠷ ᠲᠡᠦᠬᠡ ᠪᠠᠨ ᠠᠮᠢᠳᠤ ᠬᠠᠳᠠᠭᠠᠯᠠᠵᠤ ᠢᠷᠡᠭᠰᠡᠨ ᠡᠨᠡ ᠠᠷᠠᠳ ᠲᠦᠮᠡᠨ ᠤ ᠠᠭᠤᠤ ᠤᠬᠠᠭᠠᠨ᠂ ᠥᠪ ᠰᠣᠶᠤᠯ ᠢ ᠨᠢ ᠪᠠᠭ᠋ᠠᠲᠤᠨ ᠳᠡᠮᠳᠡᠭᠯᠡᠭᠦᠰᠢᠲᠡᠢ᠃    ⒉ ᠡᠨᠡᠬᠦ ᠰᠤᠳᠤᠯᠭᠠᠨ ᠳᠤ ᠬᠠᠮᠤᠷᠤᠭᠳᠠᠭᠰᠠᠨ ᠪᠠᠷᠭᠤ ᠪᠤᠷᠢᠶᠠᠳ ᠵᠣᠨ ᠤ ᠡᠪᠦᠭᠡ ᠳᠡᠭᠡᠳᠦᠰ ᠣᠨ ᠲᠣᠭᠠᠯᠠᠯ  ᠤᠨ 4 ᠳ᠋ᠤᠭᠡᠷ ᠵᠠᠭᠤᠨ ᠠᠴᠠ ᠡᠬᠢᠯᠡᠵᠦ ᠪᠠᠶᠢᠭ᠎ᠠ ᠪᠠ ᠪᠦᠷ ᠡᠷᠲᠡᠨ ᠤ ᠣᠪᠤᠭ ᠭᠠᠷᠪᠠᠯᠢ ᠶᠢᠨ ᠲᠤᠬᠠᠢ ᠥᠪᠥᠷ ᠮᠣᠩᠭᠤᠯ ᠤᠨ ᠡᠷᠳᠡᠮᠲᠡᠨ᠂ ᠳᠣᠮᠤᠭ ᠲᠤᠤᠯᠢᠰ ᠤᠨ ᠰᠤᠳᠤᠯᠤᠭᠠᠴᠢ ᠴᠢᠨᠳᠠᠮᠤᠨᠢ᠂ ᠲᠠᠩᠭᠢᠰ ᠨᠠᠷ ᠤᠨ ᠪᠦᠲᠦᠭᠡᠯ ᠨᠥᠬᠦᠵᠦ ᠥᠭᠬᠦ ᠪᠣᠯᠤᠮᠵᠢ ᠲᠠᠢ ᠪᠠᠶᠢᠨ᠎ᠠ᠃   ⒊ ᠣᠳᠤ ᠶᠢᠨ ᠬᠡᠯᠡᠯᠴᠡᠭᠳᠡᠵᠦ ᠪᠣᠢ ᠪᠠᠷᠭᠤ ᠪᠠᠭᠠᠲᠤᠷ ᠤᠨ ᠭᠤᠷᠪᠠᠨ ᠬᠦᠪᠡᠭᠦᠨ ᠤ ᠦᠷ᠎ᠡ ᠤᠳᠤᠮ ᠪᠣᠯᠬᠤ ᠪᠤᠷᠢᠶᠠᠳ ᠵᠣᠨ ᠤ ᠡᠭᠢᠷᠢᠳ᠂ ᠪᠤᠯᠠᠭᠠᠲᠠᠢ᠂ ᠬᠤᠷᠢ ᠣᠪᠤᠭ ᠤᠳ ᠨᠢ ᠣᠨ ᠲᠣᠭᠠᠯᠠᠯ ᠤᠨ 9 ᠳ᠋ᠦ᠋ᠭᠡᠷ ᠵᠠᠭᠤᠨ ᠠᠴᠠ ᠡᠭᠦᠰᠦᠨ ᠰᠠᠶ᠋ᠢ ᠲᠦᠯᠦᠪᠰᠢᠭᠰᠡᠨ ᠪᠥᠭᠡᠳ ᠡᠭᠦᠨ ᠠᠴᠠ ᠤᠷᠤᠭᠰᠢᠬᠢ ᠦᠶ᠎ᠡ ᠨᠢ ᠲᠡᠦᠬᠡ ᠶᠢᠨ ᠰᠤᠳᠤᠯᠭ᠎ᠠ ᠪᠠᠷ ᠪᠠᠷᠤᠭᠲᠠᠢ ᠬᠠᠮᠢᠶᠠᠷᠤᠯᠲᠠᠲᠠᠢ ᠨᠢ ᠪᠠᠲᠤᠯᠠᠭᠳᠠᠵᠤ ᠪᠠᠶᠢᠨ᠎ᠠ᠃   ⒋ ᠬᠠᠯᠬ᠎ᠠ ᠮᠣᠩᠭᠤᠯ ᠮᠠᠨᠵᠤ ᠴᠢᠩ ᠤᠯᠤᠰ ᠤᠨ ᠨᠥᠯᠥᠭᠡᠨ ᠳᠤ ᠠᠪᠲᠠᠵᠤ ᠲᠤᠰᠠᠭᠠᠷ ᠲᠣᠭᠲᠠᠨᠢᠯ ᠢᠶᠠᠨ ᠠᠯᠳᠠᠬᠤ ᠳᠤ ᠮᠣᠩᠭᠤᠯ ᠠᠴᠠ ᠳᠠᠶᠢᠵᠢᠨ ᠳᠥᠷᠪᠡᠵᠦ ᠪᠤᠷᠢᠶᠠᠳ ᠤᠨ ᠨᠤᠲᠤᠭ ᠲᠤ ᠨᠡᠭᠦᠨ ᠣᠷᠤᠭᠰᠠᠨ ᠬᠠᠯᠬ᠎ᠠ᠂ ᠥᠪᠥᠷᠯᠡᠭᠴᠢ᠂ ᠥᠭᠡᠯᠡᠳ ᠤᠳ ᠤᠨ ᠵᠠᠷᠢᠮ ᠣᠪᠤᠭ ᠤᠳ ᠢᠶᠠᠷ ᠪᠤᠷᠢᠶᠠᠳ ᠵᠣᠨ ᠥᠨᠢᠷᠵᠢᠨ ᠢᠷᠡᠵᠡᠢ᠃ ᠲᠤᠬᠠᠶᠢᠯᠠᠪᠠᠯ ᠳ᠋ᠠᠷᠯᠧᠺᠠᠨ ᠤ ᠬᠤᠩᠭᠢᠷᠠᠳ ᠠᠶᠢᠮᠠᠭ ᠤᠨ ᠰᠠᠯᠪᠤᠷᠢ ᠣᠪᠤᠭ ᠤᠳ ᠪᠣᠯᠬᠤ ᠭᠤᠷᠯᠤᠰ᠂ ᠬᠠᠷᠠᠨᠤᠳ᠂ ᠨᠢᠷᠤᠭᠤᠨ ᠤ ᠬᠠᠳᠠᠬᠢᠨ᠂ ᠵᠡᠭᠦᠨ ᠮᠣᠩᠭᠤᠯ ᠤᠨ ᠵᠢᠷᠭᠤᠭᠠᠨ ᠲᠦᠮᠡᠨ ᠤ ᠨᠢᠭᠡ ᠶᠦᠩᠰᠢᠶᠡᠪᠦ᠂ ᠴᠠᠬᠠᠷ ᠨᠠᠢᠮᠠᠨ ᠬᠤᠰᠢᠭᠤᠨ ᠠᠴᠠ ᠭᠠᠷᠤᠯ ᠲᠠᠢ ᠭᠡᠭᠳᠡᠬᠦ ᠰᠣᠩᠭᠤᠯ᠂ ᠬᠠᠯᠬ᠎ᠠ ᠭᠠᠷᠤᠯ ᠲᠠᠢ ᠰᠡᠯᠡᠩᠭᠡ ᠶᠢᠨ ᠭᠤᠷᠪᠠᠨ ᠡᠴᠢᠭᠡ ᠶᠢᠨ ᠲᠠᠪᠤᠠᠭᠤᠳ ᠵᠡᠷᠭᠡ ᠣᠯᠠᠨ ᠣᠪᠤᠭ ᠤᠳ ᠢ ᠳᠤᠷᠠᠳᠴᠤ ᠪᠣᠯᠤᠨ᠎ᠠ᠃ ᠭᠠᠭᠴᠠ ᠬᠦ᠋‍ ᠨᠢᠭᠡ ᠣᠨᠴᠠᠯᠢᠭ ᠨᠢ ᠭᠠᠳᠠᠨ᠎ᠠ  ᠠᠴᠠ ᠣᠴᠢᠭᠰᠠᠨ ᠣᠪᠤᠭ ᠤᠳ ᠨᠢ ᠪᠤᠷᠢᠶᠠᠳ ᠵᠣᠨ ᠤ ᠬᠡᠪ ᠶᠣᠰᠤ ᠵᠠᠩᠰᠢᠯ᠂ ᠬᠡᠯᠡ ᠰᠣᠶᠤᠯ ᠳᠤ ᠨᠡᠪᠲᠡᠷᠡᠵᠦ ᠢᠯᠭᠠᠭᠳᠠᠮ᠎ᠠ ᠦᠭᠡᠢ ᠪᠣᠯᠤᠭᠰᠠᠨ ᠨᠢ ᠭᠠᠶᠢᠬᠠᠯᠲᠠᠢ᠃    ⒌ ᠪᠠᠷᠭᠤ ᠪᠤᠷᠢᠶᠠᠳ ᠤᠳ ᠨᠢ ᠪᠣᠷᠵᠢᠭᠢᠨ ᠣᠪᠤᠭ ᠤᠨ ᠬᠢᠨ ᠲᠠᠢ ᠠᠨᠳᠠᠭᠠᠢ ᠬᠤᠳᠠ ᠪᠠᠷᠢᠯᠴᠠᠵᠤ ᠤᠯᠠᠮ ᠢᠶᠠᠷ ︽ᠠᠯᠲᠠᠨ ᠤᠷᠤᠭ︾ ᠤᠨ ᠬᠢᠨ ᠤ ᠨᠠᠭᠠᠴᠤ ᠪᠤᠶᠤ ᠴᠢᠰᠤᠨ ᠲᠥᠷᠥᠯ ᠡᠨᠡ ᠶᠠᠰᠤᠨ ᠠᠴᠠ ᠪᠦᠷᠢᠯᠳᠦᠵᠡᠢ᠃ ᠵᠢᠱᠢᠶᠡᠯᠡᠪᠡᠯ ᠲᠣᠪᠤ ᠮᠡᠷᠭᠡᠨ ᠤ ᠭᠡᠷᠭᠡᠢ ᠠᠯᠳᠠᠷᠲᠤ ᠠᠯᠤᠨ ᠭᠤᠸ᠎ᠠ ᠬᠠᠲᠤᠨ᠂ ᠴᠢᠩᠭᠢᠰ ᠤᠨ ᠡᠪᠦᠭᠡ ᠪᠠᠷᠳᠠᠨ ᠪᠠᠭᠠᠲᠤᠷ ᠤᠨ ᠭᠡᠷᠭᠡᠢ ᠰᠦᠨᠢᠭᠦᠯ ᠦᠵᠢᠨ᠂ ᠴᠢᠨᠠᠭᠰᠢᠯᠠᠭᠠᠳ ᠡᠬᠡ ᠥᠭᠡᠯᠦᠨ ᠦᠵᠢᠨ᠂ ᠶᠡᠭᠡ ᠬᠠᠲᠤᠨ ᠪᠦᠷᠲᠡ ᠦᠵᠢᠨ᠂ ᠬᠤᠪᠢᠯᠠᠢ᠂ ᠬᠦᠯᠡᠭᠦᠦ ᠬᠠᠭᠠᠳ ᠤᠨ ᠨᠠᠮᠪᠤᠢ ᠬᠠᠲᠤᠨ᠂ ᠺᠣᠳᠠᠢ ᠬᠠᠲᠤᠨ᠂ ᠬᠡᠷᠮᠡᠨ ᠬᠠᠲᠤᠨ ᠵᠡᠷᠭᠡ ᠣᠯᠠᠨ ᠬᠠᠲᠤᠳ ᠢ ᠨᠡᠷᠡᠯᠡᠵᠦ ᠪᠣᠯᠤᠨ᠎ᠠ᠃ ᠡᠭᠦᠪᠡᠷ ᠢᠶᠠᠨ ᠪᠤᠰᠤᠳ ᠮᠣᠩᠭᠤᠯ ᠤᠭᠰᠠᠭ᠎ᠠ ᠲᠠᠢ ᠠᠶᠢᠮᠠᠭ ᠶᠠᠰᠤᠲᠠᠨ᠂ ᠣᠪᠤᠭ ᠤᠳ ᠠᠴᠠ ᠨᠡᠩ ᠢᠯᠭᠠᠷᠠᠳᠠᠭ ᠤᠴᠢᠷ ᠪᠠᠷᠭᠤ᠂ ᠪᠤᠷᠢᠶᠠᠳ ᠲᠦᠮᠡᠨ ᠤ ᠨᠢᠭᠡᠨ ᠪᠠᠭ᠋ᠠᠷᠬᠠᠯ ᠪᠣᠯᠬᠤ ᠶᠢ ᠬᠤᠶᠢᠴᠢ ᠦᠶ᠎ᠡ ᠮᠡᠳᠡᠲᠦᠭᠡᠢ᠃ ᠪᠠᠷᠭᠤ ᠪᠤᠷᠢᠶᠠᠳ ᠮᠣᠩᠭᠤᠯᠴᠤᠳ ᠤᠨ ᠤᠭ ᠤᠨ ᠪᠢᠴᠢᠭ ᠠᠴᠠ ᠪᠤᠷᠢᠶᠠᠳ ᠲᠦᠮᠡᠨ ᠤ ᠣᠪᠤᠭ ᠠᠶᠢᠮᠠᠭ ᠤᠨ ᠲᠣᠪᠴᠢ ᠣᠶᠢᠯᠠᠭᠠᠯᠲᠠ᠂ ᠣᠪᠤᠭ ᠤᠳ ᠤᠨ ᠤᠭ ᠢᠵᠠᠭᠤᠷ᠂ ᠲᠠᠳᠡᠨ ᠤ ᠲᠤᠬᠠᠢ ᠳᠣᠮᠤᠭ᠂ ᠡᠳᠡᠭᠡᠷ ᠣᠪᠤᠭ ᠠᠴᠠ ᠭᠠᠷᠤᠯ ᠲᠠᠢ ᠲᠡᠦᠬᠡᠲᠦ ᠬᠥᠮᠥᠰ ᠤᠨ ᠤᠳᠤᠮ᠂ ᠲᠡᠳᠡᠨ ᠤ ᠲᠣᠪᠴᠢ ᠲᠠᠶᠢᠯᠪᠤᠷᠢ ᠵᠡᠷᠭᠡ ᠶᠢ ᠨᠢᠭᠡᠳᠬᠡᠨ ᠦᠵᠡᠬᠦ ᠪᠣᠯᠤᠮᠵᠢ ᠲᠠᠢ᠃                                
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号