ᠬᠦᠯᠦᠨ ᠪᠣᠶᠢᠷ ᠰᠣᠮᠣ | | ᠮᠣᠩᠭᠤᠯ ᠤᠯᠤᠰ ᠤᠨ ᠳᠣᠷᠣᠨᠠᠲᠤ ᠠᠶᠢᠮᠠᠭ ᠤᠨ ᠬᠦᠯᠦᠨ ᠪᠣᠶᠢᠷ ᠰᠣᠮᠣ ᠶᠢᠨ ᠲᠥᠪ ᠨᠢ ᠴᠣᠶᠢᠪᠠᠯᠰᠠᠩ | ᠬᠤᠲᠠ ᠠᠴᠠ ᠪᠠᠷᠠᠭᠤᠨᠰᠢ 130 ᠺᠢᠯᠤᠮᠧᠲᠷ ᠤᠨ ᠵᠠᠢ ᠳᠤ ᠪᠠᠶᠢᠬᠤ ᠪᠠᠶᠠᠨ ᠰᠠᠭᠤᠷᠢᠨ ᠭᠡᠳᠡᠭ ᠭᠠᠵᠠᠷ ᠪᠣᠢ᠃ | ᠨᠤᠲᠤᠭ ᠳᠡᠪᠢᠰᠭᠡᠷ ᠤᠨ ᠲᠠᠯᠠᠪᠠᠢ ᠨᠢ 3773 ᠬᠠᠪᠲᠠᠭᠠᠢ ᠳᠦᠷᠪᠡᠯᠵᠢᠨ ᠺᠢᠯᠤᠮᠧᠲᠷ ᠪᠢᠯᠡ᠃ 2006 ᠣᠨ ᠤ | ᠵᠢᠯ ᠤᠨ ᠡᠴᠦᠰ ᠤᠨ ᠲᠣᠭᠠᠯᠠᠯᠭ᠎ᠠ ᠪᠠᠷ ᠬᠦᠮᠦᠨ ᠠᠮᠠ 1370 ᠪᠣᠯᠵᠤ᠂ ᠡᠭᠦᠨ ᠤ ᠳᠣᠲᠣᠷ᠎ᠠ ᠪᠠᠷᠭᠤ ᠶᠠᠰᠤᠲᠠᠨ | 886 ᠪᠠᠶᠢᠪᠠ᠃ ᠪᠦᠬᠦ ᠮᠠᠯ 60957 ᠲᠣᠯᠣᠭᠠᠢ ᠪᠠᠶᠢᠪᠠ᠃ ᠲᠤᠰ ᠬᠤᠰᠢᠭᠤ ᠶᠢ ᠢᠷᠡᠯ ᠡᠭᠦᠰᠦᠯ ᠪᠣᠯ᠂ | ᠰᠢᠨ᠎ᠡ ᠪᠠᠷᠭᠤ ᠵᠡᠭᠦᠨ ᠭᠠᠷᠤᠨ ᠬᠦᠪᠡᠭᠡᠲᠦ ᠴᠠᠭᠠᠨ ᠬᠤᠰᠢᠭᠤ ᠳᠠᠶᠢᠨ ᠤ ᠬᠥᠯ ᠳᠤ ᠶᠡᠬᠡᠪᠡᠷ ᠳᠠᠭᠠᠷᠢᠬᠳᠠᠵᠦ᠂ | ᠬᠦᠮᠦᠨ ᠤ ᠠᠮᠢ ᠨᠠᠰᠤ ᠦᠷᠡᠭᠳᠡᠵᠦ᠂ ᠮᠠᠯ ᠬᠦᠷᠦᠩᠭᠡ ᠳᠡᠭᠡᠷᠡᠮᠳᠡᠭᠳᠡᠵᠦ᠂ ᠰᠦᠮ᠎ᠡ ᠬᠡᠶᠢᠳ ᠡᠪᠳᠡᠭᠳᠡᠨ | ᠰᠦᠢᠳᠦᠭᠰᠡᠨ ᠪᠢᠯᠡ᠃ ᠢᠩᠭᠢᠵᠦ ᠳᠠᠶᠢᠨ ᠤ ᠬᠥᠯ ᠳᠤ ᠳᠠᠭᠠᠷᠢᠬᠳᠠᠭᠰᠠᠨ ᠠᠴᠠ ᠪᠣᠯᠵᠤ᠂ ᠬᠦᠪᠡᠭᠡᠲᠦ ᠴᠠᠭᠠᠨ | ᠬᠤᠰᠢᠭᠤᠨ ᠤ ᠣᠯᠠᠨ ᠠᠶᠢᠯ ᠵᠣᠨ ᠡᠮᠦᠨᠡᠰᠢ ᠨᠡᠭᠦᠵᠦ ᠣᠷᠱᠤᠨ ᠭᠤᠣᠯ ᠢ ᠭᠠᠲᠤᠯᠤᠨ ᠳᠦᠷᠪᠡᠵᠡᠢ᠃ | 1945 ᠣᠨ ᠤ 11 ᠰᠠᠷ᠎ᠠ ᠶᠢᠨ ᠠᠷᠪᠠᠳ ᠢᠶᠠᠷ ᠬᠦᠯᠦᠨ ᠪᠣᠶᠢᠷ ᠤᠨ ᠰᠢᠨ᠎ᠡ ᠪᠠᠷᠭᠤ ᠵᠡᠭᠦᠨ ᠭᠠᠷᠣᠨ | ᠬᠤᠰᠢᠭᠤᠨ ᠤ ᠬᠦᠪᠡᠭᠡᠲᠦ ᠴᠠᠭᠠᠨ ᠤ ᠵᠣᠨ ᠲᠦᠷᠦᠭᠦᠯᠡᠵᠦ᠂ ᠮᠣᠩᠭᠤᠯ ᠤᠯᠤᠰ ᠤᠨ ᠬᠢᠯᠢ ᠳᠤ ᠪᠣᠶᠢᠷ ᠨᠠᠭᠤᠷ ᠤᠨ | ᠬᠤᠶᠢᠳᠣ ᠲᠠᠯ᠎ᠠ᠂ ᠪᠤᠯᠤᠩ ᠳᠡᠷᠡᠰᠦ ᠶᠢᠨ ᠣᠷᠴᠢᠮ ᠢᠶᠠᠷ 2000 ᠰᠢᠬᠠᠮ ᠡᠷᠦᠬᠡ ᠵᠣᠨ ᠨᠡᠭᠦᠵᠦ ᠣᠷᠣᠵᠠᠢ᠃ ᠶᠠᠭ | ᠲᠡᠷᠡ ᠦᠶ᠎ᠡ ᠳᠤ᠂ ᠮᠣᠩᠭᠤᠯ ᠤᠯᠤᠰ ᠤᠨ ᠳᠣᠲᠤᠭᠠᠳᠤ ᠶᠠᠪᠤᠳᠠᠯ ᠤᠨ ᠶᠠᠮᠤᠨ ᠠᠴᠠ ᠲᠦᠷᠦᠭᠦᠯᠡᠵᠦ ᠣᠷᠣᠭᠰᠠᠨ | ᠵᠣᠨ ᠤ ᠳᠣᠲᠣᠷ᠎ᠠ ᠠᠴᠠ ᠬᠡᠰᠡᠭ ᠬᠦᠮᠦᠰ ᠢ ᠤᠯᠤᠰ ᠲᠥᠷᠥ ᠶᠢᠨ ᠬᠡᠷᠡᠭᠲᠡᠨ ᠭᠡᠵᠦ ᠪᠠᠷᠢᠪᠴᠢᠯᠠᠭᠰᠠᠨ᠃ ᠲᠠᠮᠰᠤᠭ ᠤᠨ | ᠴᠡᠷᠢᠭ ᠤᠨ ᠤᠲᠷᠢᠶᠠᠲ ᠠᠴᠠ ᠴᠡᠷᠢᠭ ᠤᠨ ᠲᠦᠯᠡᠰᠢᠨ ᠳᠤ ᠵᠣᠷᠢᠭᠤᠯᠵᠤ 300 ᠲᠡᠷᠭᠡ ᠳᠠᠶᠢᠴᠢᠯᠠᠨ ᠬᠠᠯᠬ᠎ᠠ | ᠭᠤᠣᠯ ᠤᠨ ᠪᠤᠷᠭᠠᠰᠤ ᠶᠢ ᠲᠡᠭᠡᠭᠡᠪᠦᠷᠢᠯᠡᠬᠦ ᠶᠢ ᠲᠤᠰᠢᠶᠠᠭᠰᠠᠨ ᠵᠡᠷᠭᠡ ᠳᠤ ᠬᠦᠮᠦᠰ ᠠᠶᠤᠨ ᠬᠡᠯᠮᠡᠭᠳᠡᠵᠦ ᠳᠤᠷ᠎ᠠ | ᠦᠭᠡᠶᠢᠴᠡᠭᠰᠡᠨ ᠪᠠᠶᠢᠵᠠᠢ᠃ ᠡᠭᠦᠨ ᠤ ᠳᠡᠭᠡᠷ᠎ᠡ ᠪᠦᠬᠡ ᠮᠣᠬᠤᠭᠠ ᠭᠡᠳᠡᠭ ᠬᠦᠮᠦᠨ ︽ᠨᠡᠭᠦᠵᠦ ᠣᠷᠣᠭᠰᠠᠨ | ᠠᠶᠢᠯ ᠤᠳ ᠤᠨ ᠬᠦᠮᠦᠨ ᠢ ᠨᠢ ᠣᠷᠭᠤᠳᠠᠯ ᠭᠡᠳ ᠪᠠᠷᠢᠪᠴᠢᠯᠠᠵᠤ ᠪᠠᠶᠢᠨ᠎ᠠ᠃ ᠮᠠᠯ ᠢ ᠨᠢ ᠠᠯᠳᠠᠭᠤᠯ ᠭᠡᠳ | ᠬᠤᠷᠢᠶᠠᠵᠦ ᠪᠠᠶᠢᠨ᠎ᠠ︾ ᠭᠡᠰᠡᠨ ᠶᠠᠷᠢᠶ᠎ᠠ ᠲᠠᠷᠬᠠᠭᠠᠭᠰᠠᠨ᠃ ᠵᠠᠷᠢᠮ ᠨᠣᠶᠠᠳ ᠯᠠᠮᠠ ᠨᠠᠷ ᠨᠡᠭᠦᠬᠦ ᠳᠤᠷ᠎ᠠ ᠦᠭᠡᠢ | ᠪᠠᠶᠢᠭᠰᠠᠨ᠃ ᠢᠩᠭᠢᠭᠡᠳ ᠯᠡ ᠣᠯᠠᠩᠬᠢ ᠠᠶᠢᠯ ᠵᠣᠨ ᠭᠡᠳᠡᠷᠭᠦ ᠨᠡᠭᠦᠵᠦ ᠨᠤᠲᠤᠭ ᠲᠠᠭᠠᠨ ᠪᠤᠴᠠᠨ ᠢᠷᠡᠵᠡᠢ᠃ | ᠮᠣᠩᠭᠤᠯ ᠤᠯᠤᠰ ᠲᠤ ᠬᠡᠰᠡᠭ ᠵᠣᠨ ᠨᠡᠭᠦᠵᠦ ᠣᠷᠣᠭᠰᠠᠨ ᠤ ᠳᠠᠷᠠᠭ᠎ᠠ ᠴᠣᠶᠢᠪᠠᠯᠰᠠᠩ ᠠᠶᠢᠮᠠᠭ ᠤᠨ ᠨᠠᠮ ᠤᠨ | ᠬᠤᠷᠢᠶᠠᠨ ᠤ ᠨᠢᠭᠡᠳᠦᠭᠡᠷ ᠨᠠᠷᠢᠨ ᠪᠢᠴᠢᠭ ᠤᠨ ᠳᠠᠷᠤᠭ᠎ᠠ ᠲᠤᠬᠮᠢᠳ ᠨᠠᠷ ᠢᠷᠡᠭᠡᠳ ᠪᠣᠶᠢᠷ ᠤᠨ ᠪᠠᠷᠠᠭᠤᠨ ᠤᠷᠳᠤ | ᠲᠠᠯ᠎ᠠ ᠶᠢᠨ ᠵᠢᠭᠠᠰᠤᠨ ᠤ ᠦᠢᠯᠡᠳᠪᠦᠷᠢ ᠶᠢᠨ ᠳᠡᠷᠭᠡᠳᠡ ᠪᠠᠶᠢᠭ᠎ᠠ ᠣᠷᠣᠰ ᠤᠨ ᠴᠡᠷᠢᠭ ᠤᠨ ᠺᠢᠯᠣᠪ ᠲᠤ ᠣᠯᠠᠨ ᠢ | ᠴᠤᠭᠯᠠᠭᠤᠯᠵᠤ ᠬᠤᠷᠠᠯ ᠬᠢᠵᠡᠢ᠃ | ᠡᠨᠡ ᠬᠤᠷᠠᠯ ᠤᠨ ᠳᠠᠷᠠᠭ᠎ᠠ᠂ ᠨᠡᠭᠦᠵᠦ ᠣᠷᠣᠭᠰᠠᠳ ᠤᠨ ᠲᠦᠯᠦᠭᠡᠯᠡᠭᠴᠢ ᠶᠢ ᠠᠶᠢᠮᠠᠭ ᠤᠨ ᠲᠥᠪ ᠲᠤ | ᠣᠴᠢᠭᠤᠯᠵᠤ ᠲᠣᠭᠤᠷᠢᠨ ᠦᠵᠡᠭᠦᠯᠦᠭᠰᠡᠨ ᠪᠠ ᠨᠡᠭᠦᠨ ᠢᠷᠡᠭᠰᠡᠳ ᠢ ᠬᠠᠯᠬ᠎ᠠ ᠭᠤᠣᠯ ᠰᠣᠮᠣ ᠶᠢᠨ ᠨᠤᠲᠤᠭ ᠲᠤ | ᠰᠠᠭᠤᠷᠢᠰᠢᠭᠤᠯᠤᠨ᠎ᠠ ᠭᠡᠵᠦ ᠰᠢᠢᠳᠪᠦᠷᠢ ᠭᠠᠷᠭᠠᠵᠠᠢ᠃ ᠲᠦᠯᠦᠭᠡᠯᠡᠭᠴᠢᠳ ᠢ ᠠᠶᠢᠮᠠᠭ ᠤᠨ ᠳᠠᠷᠤᠭ᠎ᠠ ᠬᠦᠯᠢᠶᠡᠨ | ᠠᠪᠤᠯᠲᠠ ᠬᠢᠭᠰᠡᠨ ᠤ ᠳᠠᠷᠠᠭ᠎ᠠ᠂ ᠵᠦᠷᠮᠡᠳᠡᠰᠦ ᠶᠢᠨ ᠨᠠᠮᠰᠠᠷᠠᠢ ᠭᠡᠳᠡᠭ ᠬᠦᠮᠦᠨ ᠢ ᠲᠣᠮᠢᠯᠠᠵᠤ ᠤᠳᠤᠷᠢᠳᠤᠨ ᠵᠣᠬᠢᠶᠠᠨ | ᠪᠠᠶᠢᠭᠤᠯᠤᠨ ᠰᠤᠩᠭᠤᠭᠤᠯᠢ ᠬᠢᠯᠭᠡᠨ ᠨᠡᠭᠦᠯᠭᠡᠬᠦ ᠠᠵᠢᠯ ᠢ ᠬᠠᠷᠢᠭᠤᠴᠠᠭᠤᠯᠵᠠᠢ᠃ ᠰᠤᠩᠭᠤᠭᠤᠯᠢ ᠪᠠᠷ ᠳᠠᠮᠵᠢᠨ | ᠢᠳᠡᠮᠰᠦ᠋ᠷᠦᠩ ᠤᠨ ᠱᠠᠷᠠᠪᠤᠤ ᠶᠢ ᠰᠣᠮᠣᠨ ᠳᠠᠷᠤᠭ᠎ᠠ ᠪᠣᠯᠭᠠᠵᠤ᠂ ᠫᠤᠩᠰᠤᠭ ᠤᠨ ᠰᠤᠮᠢᠶ᠎ᠠ ᠶᠢ ᠨᠠᠷᠢᠨ ᠪᠢᠴᠢᠭ ᠤᠨ | ᠳᠠᠷᠤᠭ᠎ᠠ ᠪᠣᠯᠭᠠᠪᠠ᠃ ᠰᠣᠮᠣ ᠶᠢᠨ ᠵᠣᠬᠢᠶᠠᠨ ᠪᠠᠶᠢᠭᠤᠯᠤᠯᠲᠠ ᠶᠢ ᠪᠠᠶᠢᠭᠤᠯᠤᠭᠰᠠᠨ ᠤ ᠳᠠᠷᠠᠭ᠎ᠠ᠂ 1946 ᠣᠨ ᠤ 1 | ᠰᠠᠷ᠎ᠠ ᠳᠤ 90 ᠺᠢᠯᠤᠮᠧᠲᠷ ᠦᠷᠭᠡᠨ ᠲᠦᠢᠮᠡᠷ ᠰᠢᠲᠠᠭᠰᠠᠨ ᠭᠠᠵᠠᠷ ᠢ ᠨᠢᠭᠡ ᠪᠦᠲᠦᠨ ᠡᠳᠦᠷ ᠬᠤᠶᠠᠷ ᠬᠠᠭᠠᠰ | ᠰᠦᠨᠢ ᠶᠢᠨ ᠨᠡᠭᠦᠳᠡᠯ ᠢᠶᠠᠷ ᠲᠤᠭᠤᠯᠤᠭᠤᠯᠤᠭᠰᠠᠨ ᠪᠠᠶᠢᠵᠠᠢ᠃ ᠵᠠᠯᠭᠠᠭᠠᠳ 18 ᠤᠳᠠᠭ᠎ᠠ ᠶᠢᠨ ᠤᠷᠲᠤ ᠨᠡᠭᠦᠳᠡᠯ ᠢᠶᠠᠷ | ᠠᠯᠳᠠᠳᠤ ᠨᠠᠭᠤᠷ ᠭᠡᠳᠡᠭ ᠭᠠᠵᠠᠷ ᠲᠤ ᠬᠦᠷᠪᠡ᠃ | 1946 ᠣᠨ ᠤ 4 ᠰᠠᠷ᠎ᠠ ᠶᠢᠨ 25 ᠤ ᠡᠳᠦᠷ ᠤᠨ ᠤᠯᠤᠰ ᠤᠨ ᠪᠠᠭ᠎ᠠ ᠬᠤᠷᠠᠯ ᠤᠨ 24 ᠳ᠋ᠦ᠋ᠭᠡᠷ ᠲᠣᠭᠠᠲᠤ | ᠵᠠᠷᠯᠢᠭ ᠢᠶᠠᠷ ᠲᠤᠰ ᠰᠣᠮᠣ ᠶᠢᠨ ᠢᠷᠭᠡᠳ ᠢ ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠬᠠᠷᠢᠶᠠᠲᠤ | ᠪᠣᠯᠭᠠᠵᠠᠢ᠃ ᠲᠤᠰ ᠰᠣᠮᠣ ᠶᠢ ᠬᠦᠮᠦᠨ ᠪᠣᠶᠢᠷ ᠰᠣᠮᠣ ᠭᠡᠮᠡᠨ ᠨᠡᠷᠡᠶᠢᠳᠴᠦ᠂ 3 ᠪᠠᠭ ᠲᠠᠢ ᠪᠠᠶᠢᠭᠰᠠᠨ ᠢ 4 ᠪᠠᠭ ᠲᠠᠢ | ᠪᠣᠯᠭᠠᠵᠠᠢ᠃ | 1946 ᠣᠨ ᠤ 7 ᠰᠠᠷ᠎ᠠ ᠶᠢᠨ ᠲᠣᠭᠠᠯᠠᠯᠭ᠎ᠠ ᠪᠠᠷ ᠬᠦᠯᠦᠨ ᠪᠣᠶᠢᠷ ᠰᠣᠮᠣ 256 ᠡᠷᠦᠬᠡ᠂ 954 ᠬᠦᠮᠦᠨ᠂ | ᠪᠦᠬᠦ ᠮᠠᠯ 74865 ᠲᠣᠯᠣᠭᠠᠢ ᠪᠠᠶᠢᠪᠠ᠃ | ᠬᠦᠯᠦᠨ ᠪᠣᠶᠢᠷ ᠰᠣᠮᠣᠨ ᠳᠤ ᠶᠦᠩᠰᠢᠶᠡᠪᠦ᠂ ᠭᠦᠢᠴᠡᠯᠢᠭ᠂ ᠰᠢᠷᠠᠶᠢᠳ᠂ ᠭᠠᠯᠵᠤᠳ᠂ ᠬᠠᠷᠠᠴᠤᠳ᠂ ᠰᠡᠭᠡᠷ᠂ | ᠬᠦᠪᠲᠦᠳ᠂ ᠬᠠᠷᠠᠭᠠᠨ᠎ᠠ᠂ ᠤᠯᠢᠶᠠᠳ᠂ ᠲᠤᠭᠤᠯᠭᠠᠴᠢᠨ᠂ ᠲᠠᠪᠤᠨᠠᠩ᠂ ᠵᠣᠷᠭᠤᠨ᠂ ᠴᠢᠪᠴᠢᠨ᠂ ᠠᠯᠳᠠᠴᠢᠨ ᠵᠡᠷᠭᠡ | ᠣᠪᠣᠭ ᠤᠳ ᠪᠣᠢ᠃ | ᠮᠣᠩᠭᠤᠯ ᠤᠯᠤᠰ ᠲᠤ ᠪᠠᠷᠭᠤ ᠶᠢᠨ ᠲᠡᠦᠬᠡ ᠶᠢᠨ ᠲᠤᠬᠠᠢ ᠲᠡᠮᠳᠡᠭᠯᠡᠭᠰᠡᠨ ᠨᠣᠮ ᠤᠳ ᠭᠡᠪᠡᠯ᠄ ᠱ᠊ · | ᠨᠠᠴᠤᠭᠳᠤᠷᠵᠢ ᠶᠢᠨ ︽ᠮᠠᠩᠯᠠᠢ ᠪᠠᠭᠠᠲᠤᠷ ᠳᠠᠮᠳᠢᠨᠰᠦ᠋ᠷᠦᠩ︾ ︵1946 ᠣᠨ︶᠂ ᠯ᠊ · ᠵᠠᠮᠰᠦ᠋ᠷᠦᠩ ᠤᠨ ︽ | ᠵᠠᠩᠵᠤᠨ ᠮᠠᠩᠯᠠᠢ ᠪᠠᠭᠠᠲᠤᠷ ᠳᠠᠮᠳᠢᠨᠰᠦ᠋ᠷᠦᠩ ᠲᠡᠭᠦᠨ ᠤ ᠰᠢᠨᠡᠳᠭᠡᠯ ᠤᠨ ᠪᠤᠳᠤᠷᠤᠤᠯ ᠤᠳ︾ ︵1991 ᠣᠨ︶᠂ | ᠲᠠᠬᠢᠯᠲᠤ ᠣᠪᠣᠭ ᠤᠨ ᠭᠠᠯᠢᠨᠳᠢᠪ ᠤᠨ ᠮᠢᠭᠮᠡᠰᠠᠩᠪᠤᠤ ᠶᠢᠨ ︽ᠪᠠᠷᠭᠤ ᠶᠢᠨ ᠡᠷᠬᠡ ᠴᠢᠯᠦᠭᠡᠨ ᠤ ᠲᠡᠮᠡᠴᠡᠯ᠄ ᠨᠡᠭᠦᠳᠡᠯ᠂ | ᠰᠠᠭᠤᠳᠠᠯ︾ ︵2007 ᠣᠨ︶ ᠪᠠ ︽ᠴᠡᠷᠢᠭ ᠤᠨ ᠵᠠᠩᠵᠤᠨ ᠮᠠᠩᠯᠠᠢ ᠪᠠᠭᠠᠲᠤᠷ ᠵᠠᠮᠰᠦ᠋ᠷᠦᠩ ᠤᠨ ᠳᠠᠮᠳᠢᠨᠰᠦ᠋ᠷᠦᠩ | ︾ ︵2012 ᠣᠨ︶᠃ ᠯᠣᠨᠵᠢᠳ᠂ ᠽ᠊ · ᠬᠦᠷᠡᠯᠪᠠᠭᠠᠲᠤᠷ ᠤᠨ ︽ᠪᠠᠷᠭᠤ ᠶᠢᠨ ᠮᠠᠩᠯᠠᠢ ᠪᠠᠭᠠᠲᠤᠷ ᠳᠠᠮᠳᠢᠨᠰᠦ᠋ᠷᠦᠩ︾ ︵ | 2011 ᠣᠨ︶ ᠵᠡᠷᠭᠡ ᠨᠣᠮ ᠪᠦᠲᠦᠭᠡᠯ ᠪᠣᠯᠣᠨ᠎ᠠ᠃ | | |