ᠬᠤᠷᠯᠠᠳ ᠮᠧᠰᠢᠭᠡ | | | ︽ᠡᠷᠳᠡᠨᠢ ᠶᠢᠨ ᠳᠤᠪᠴᠢ︾ ᠳᠤ ᠳᠠᠶᠠᠨ ᠬᠠᠭᠠᠨ ᠪᠠᠳᠤᠮᠦ᠋ᠡᠭᠬᠡ ᠶᠢᠨ ᠠᠷᠪᠠᠨ ᠨᠢᠬᠡᠨ ᠬᠦᠪᠡᠬᠦᠳ ᠢ | ᠦᠬᠦᠯᠡᠬᠦ ᠳᠡᠭᠡᠨ ︽ᠤᠢᠢᠷᠡᠳ ᠤᠨ ᠪᠠᠭᠠᠳᠤᠳ ᠤᠨ ᠪᠠᠭᠠᠷᠠᠬᠤᠨ ︵ᠪᠠᠷᠠᠭᠤᠨ — ᠪᠠᠷᠭᠤ ᠶᠢᠨ ᠤᠨᠳᠤᠤ ᠪᠢᠴᠢᠯᠬᠡ | ᠪᠤᠯᠠᠢ︶ ᠤᠳᠤᠬ ᠤᠨ ᠠᠯᠠᠬ ᠴᠢᠩᠰᠠᠩ ᠤᠨ ᠬᠦᠪᠡᠬᠦᠨ ᠮᠠᠩᠯᠠᠢ ᠶᠢᠨ ᠦᠬᠢᠨ ᠬᠦᠰᠠᠢ ᠬᠠᠳᠦᠨ ᠠᠴᠠ ᠤᠪᠠᠰᠠᠨᠵᠡ | ᠴᠢᠩ ᠳᠠᠶᠢᠵᠢ ᠬᠡᠷᠡᠳᠦ ᠴᠢᠩ ᠳᠠᠶᠢᠵᠢ ᠬᠤᠶᠡᠷ ᠳᠦᠷᠦᠪᠠ︾ ᠬᠡᠵᠠᠢ᠃ ᠡᠨᠡ ᠬᠦ ᠬᠦᠰᠠᠢ ᠬᠠᠳᠦᠨ ᠪᠤᠯ ᠳᠠᠶᠠᠨ | ᠬᠠᠭᠠᠨ ᠤ ᠪᠠᠭ᠎ᠠ ᠬᠠᠳᠦᠨ ᠤ ᠨᠢᠬᠡᠨ ᠪᠤᠯᠬᠤ ᠳᠤᠯᠠ ᠪᠠᠷᠭᠤ ᠨᠤᠳᠤᠬ ᠤᠨ ᠠᠯᠠᠬ ᠴᠢᠩᠰᠠᠩ ᠤᠨ ᠬᠦᠪᠡᠬᠦᠨ ᠮᠠᠩᠯᠠᠢ | ᠪᠤᠯ ᠳᠠᠶᠠᠨ ᠬᠠᠭᠠᠨ ᠤ ᠬᠠᠳᠡᠮ ᠠᠪᠤ ᠨᠢ ᠶᠤᠮ ᠪᠠᠶᠢᠨ᠎ᠡ᠃ 1454 ᠤᠨ ᠳᠤ ᠪᠤᠯᠤᠬᠰᠡᠨ ᠤᠢᠢᠷᠡᠳ ᠡᠰᠡᠨ ᠬᠠᠭᠠᠨ | ︵ᠠᠯᠳᠡᠨ ᠤᠷᠤᠬᠳᠡᠨ ᠪᠤᠰᠤ︶ ᠢ ᠪᠠᠷᠭᠤ ᠤᠳᠤᠬ ᠤᠨ ᠠᠯᠠᠬ ᠴᠢᠩᠰᠠᠩ ᠠᠯᠠᠬᠰᠡᠨ ᠬᠡᠷᠡᠭ ᠨᠢ ᠳᠤᠬᠠᠢ ᠶᠢᠨ | ᠦᠶ᠎ᠡ ᠶᠢᠨ ᠮᠤᠩᠭᠤᠯ ᠳᠠᠶᠠᠭᠠᠷ ᠳᠤᠩᠰᠤᠯᠳᠡ ᠪᠤᠯᠤᠬᠰᠡᠨ ᠬᠡᠵᠦ ᠪᠤᠶᠡᠨᠳᠡᠯᠬᠡᠷ ᠦᠬᠦᠯᠡᠪᠠ᠃ ᠢᠡᠭᠬᠢᠬᠡᠳ 1456 | ᠤᠨ ᠳᠤ᠂ ᠡᠨᠡ ᠬᠦ ᠤᠢᠢᠷᠡᠳ ᠤᠨ ᠬᠤᠯᠪᠤᠭᠠᠨ ᠤ ᠳᠤᠮᠤ ᠨᠤᠶᠠᠨ ᠪᠠᠶᠢᠬᠰᠡᠨ ᠠᠯᠠᠬ ᠴᠢᠩᠰᠠᠩ ᠶᠠᠬ ᠤᠢᠢᠷᠡᠳ ᠤᠨ | ᠳᠤᠳᠤᠭᠠᠳᠦ ᠶᠢᠨ ᠰᠠᠮᠠᠭᠤᠷᠡᠯ ᠤᠨ ᠳᠤᠮᠳᠡ ᠦᠬᠦᠭᠰᠡᠨ ᠠᠴᠠ ᠬᠤᠶᠢᠰᠢ ᠪᠠᠷᠠᠭᠤᠨ ᠮᠤᠩᠭᠤᠯ ᠤᠨ ᠳᠠᠯ᠎ᠡ ᠳᠤ | ᠪᠠᠶᠢᠬᠰᠡᠨ ᠪᠠᠭᠠᠳᠤᠳ ᠳᠦᠮᠡᠨ ᠤ ᠠᠬᠠᠯᠠᠬᠴᠢ ᠤᠳᠤᠬ — ᠪᠠᠷᠭᠤ ᠶᠢᠨ ᠳᠤᠬᠠᠢ ᠰᠤᠷᠠᠬ ᠴᠢᠮᠡᠭᠡ ᠨᠢᠬᠡᠨ ᠦᠶ᠎ᠡ | ᠳᠤᠭᠤᠯᠳᠠᠬᠤ ᠪᠠᠨ ᠪᠤᠯᠢᠪᠠ ᠬᠡᠳᠡᠭ᠃ ᠬᠤᠷᠢ ᠭᠠᠷᠦᠢ ᠵᠢᠯ ᠤᠨ ᠳᠠᠷᠠᠭ᠎ᠠ᠂ ᠠᠯᠠᠭ ᠴᠢᠩᠰᠠᠩ ᠤᠨ ᠬᠤᠶᠢᠴᠢᠰ ᠤᠨ | ᠨᠤᠶᠠᠯᠠᠯ ᠳᠤ ᠪᠠᠶᠢᠬᠰᠡᠨ ᠡᠨᠡ ᠪᠦᠯᠦᠭ ᠪᠠᠷᠭᠤᠴᠤᠳ ᠵᠡᠬᠦᠨ ᠮᠤᠩᠭᠤᠯ ᠤᠨ ᠶᠦᠡᠭᠰᠢᠶᠠᠪᠤ ᠳᠦᠮᠡᠨ ᠤ ᠳᠤᠤᠷᠡᠬᠢ ᠨᠢᠬᠡ | ᠤᠳᠤᠬ ᠤᠨ ᠬᠤᠪᠢ ᠪᠠᠷ ᠠᠯᠳᠡᠨ ᠬᠠᠭᠠᠨ ᠤ ᠬᠠᠷᠢᠶᠠᠳᠦ ᠪᠤᠯᠵᠦ ᠢᠯᠡᠷᠡᠭᠰᠡᠨ ᠪᠠᠶᠢᠯ᠎ᠡ᠃ ᠡᠨᠡ ᠨᠢ ᠳᠠᠶᠠᠨ ᠬᠠᠭᠠᠨ | ᠪᠠᠷᠠᠭᠤᠨ ᠮᠤᠩᠭᠤᠯ ᠤᠢᠢᠷᠡᠳ ᠢ ᠳᠠᠶᠢᠯᠡᠨ ᠢᠯᠡᠵᠦ᠂ ᠳᠠᠬᠢᠨ ᠳᠦᠮᠡᠳ ᠤᠨ ᠬᠤᠰᠦᠢ᠂ ᠶᠦᠡᠭᠰᠢᠶᠠᠪᠤ ᠶᠢᠨ ᠢᠪᠡᠷᠡᠢ | ᠳᠠᠶᠢᠰᠢ᠂ ᠤᠷᠳᠦᠰ ᠤᠨ ᠯᠡᠬᠦᠱᠢ ᠠᠬᠠᠯᠠᠬᠴᠢ ᠶᠢ ᠵᠠᠯᠭᠠᠪᠡᠷ ᠳᠠᠷᠦᠵᠦ᠂ ᠰᠡᠬᠦᠯᠡᠷ ᠨᠢ ᠪᠠᠷᠠᠭᠤᠨ ᠳᠦᠮᠡᠨ ᠤ | ᠪᠤᠰᠤᠯᠭ᠎ᠠ ᠶᠢ ᠳᠦᠪᠰᠢᠳᠬᠡᠭᠰᠡᠨ ᠤ ᠳᠠᠷᠠᠭ᠎ᠠ ᠤᠷᠢᠶᠠᠩᠬᠠᠢᠢᠴᠤᠳ ᠢ ᠦᠪᠡᠷ ᠤᠨ ᠡᠷᠬᠡ ᠵᠠᠬᠢᠷᠭᠠᠨ ᠳᠠᠭᠠᠨ | ᠤᠷᠤᠭᠤᠯᠤᠬᠰᠡᠨ ᠳᠤᠯᠠ ᠤᠤᠯ ᠤᠨ ᠤᠢᠢᠷᠡᠳ᠂ ᠲᠦᠮᠡᠳ᠂ ᠶᠦᠡᠭᠰᠢᠶᠠᠪᠤ ᠶᠢᠨ ᠬᠠᠷᠢᠶᠠᠨ ᠳᠤ ᠪᠠᠶᠢᠬᠰᠡᠨ | ᠪᠠᠷᠭᠤᠴᠤᠳ ᠠᠶᠠᠨᠳᠠᠭᠠᠨ ᠵᠡᠬᠦᠨ ᠮᠤᠩᠭᠤᠯ ᠤᠨ ᠳᠠᠶᠠᠨ ᠬᠠᠭᠠᠨ ᠤ ᠬᠠᠷᠢᠶᠠᠨ ᠳᠤ ᠤᠯᠠᠷᠢᠨ ᠰᠢᠯᠵᠢᠬᠦ ᠨᠢ ᠮᠡᠳᠡᠬᠡᠵᠢ | ᠬᠡᠷᠡᠭ ᠪᠤᠶᠤ᠃ ᠨᠦᠬᠦᠬᠡ ᠳᠠᠯ᠎ᠡ ᠪᠠᠷ ᠤᠤᠯ ᠤᠨ ᠤᠢᠢᠷᠡᠳ ᠤᠨ ᠪᠠᠭᠠᠳᠤᠳ ᠤᠨ ᠠᠬᠠᠯᠠᠬᠴᠢ ᠤᠳᠤᠬ ᠪᠠᠷᠭᠤ ᠶᠢᠨ | ᠠᠯᠠᠬ ᠴᠢᠩᠰᠠᠩ ᠤᠨ ᠬᠦᠪᠡᠬᠦᠨ ᠮᠠᠩᠯᠠᠢ ᠶᠢᠨ ᠦᠬᠢᠨ ᠬᠦᠰᠠᠢ ᠪᠤᠯ ᠳᠠᠶᠠᠨ ᠬᠠᠭᠠᠨ ᠤ ᠪᠠᠭ᠎ᠠ ᠬᠠᠳᠤᠨ ᠪᠤᠯᠵᠦ | ᠵᠠᠶᠠᠭᠠᠬᠰᠡᠨ ᠤᠷᠤᠬ ᠰᠠᠳᠦᠨ ᠤ ᠬᠠᠷᠢᠴᠠᠭ᠎ᠠ ᠲᠠᠢ ᠪᠤᠯᠤᠬᠰᠡᠨ ᠳᠤᠯᠠ ᠡᠨᠡ ᠬᠦ ᠪᠠᠷᠭᠤ ᠬᠠᠳᠤᠨ ᠠᠴᠠ ᠲᠦᠷᠦᠭᠰᠡᠨ | ᠬᠦᠪᠡᠬᠦᠨ ᠤᠪᠠᠰᠠᠨᠵᠡ ᠴᠢᠩ ᠳᠠᠶᠢᠵᠢ ᠶᠢ ︽ᠶᠦᠡᠭᠰᠢᠶᠠᠪᠤ ᠲᠦᠮᠡᠨ ᠤ ᠪᠠᠷᠭᠤ ᠨᠤᠳᠤᠬ ᠳᠡᠬᠡᠷ᠎ᠡ ᠰᠠᠭᠤᠵᠠᠢ ᠬᠡᠵᠦ | ᠦᠵᠡᠬᠦ ᠳᠤ ᠪᠤᠷᠤᠭᠤᠳᠠᠬᠤ ᠦᠬᠡᠢ︾ ᠬᠡᠵᠦ ᠪᠤᠶᠠᠨᠳᠡᠯᠡᠬᠡᠷ ᠦᠬᠦᠯᠡᠭᠰᠡᠨ ᠪᠠᠶᠢᠪᠠ᠃ | ︽ᠬᠠᠯᠬ᠎ᠠ ᠶᠢᠨ ᠳᠡᠤᠬᠡ︾ ᠬᠡᠮᠡᠬᠦ ᠨᠤᠮ ᠠᠴᠠ ᠡᠰᠢ ᠳᠡᠳᠡᠪᠠᠰᠦ᠄ ᠠᠯᠳᠡᠨ ᠬᠠᠭᠠᠨ ᠤ ᠤᠢᠢᠷᠡᠳ ᠤᠨ ᠡᠰᠡᠷᠬᠦ | ᠶᠠᠪᠤᠭᠤᠯᠤᠬᠰᠡᠨ ᠳᠡᠮᠡᠴᠡᠯ ᠨᠢ 1552 ᠤᠨ ᠳᠤ ᠤᠢᠢᠷᠡᠳ ᠢ ᠬᠠᠷᠠᠬᠤᠷᠦᠮ ᠬᠤᠳᠡ ᠠᠴᠠ ᠬᠦᠬᠡᠬᠡᠨ ᠭᠠᠷᠭᠠᠬᠤ | ᠶᠠᠪᠤᠳᠡᠯ ᠠᠴᠠ ᠡᠬᠢᠯᠡᠵᠠᠢ᠃ ᠳᠤᠬᠠᠢ ᠶᠢᠨ ᠦᠶ᠎ᠡ ᠳᠤᠷ ᠮᠤᠩᠭᠤᠯ ᠤᠨ ᠬᠠᠭᠤᠴᠢᠨ ᠨᠡᠶᠢᠰᠯᠡᠯ ᠪᠤᠯᠬᠤ ᠬᠠᠷᠠᠬᠤᠷᠦᠮ | ᠬᠤᠳᠡ ᠶᠢ ᠡᠵᠡᠯᠡᠨ ᠠᠪᠤᠬᠰᠡᠨ ᠪᠠᠶᠢᠯ᠎ᠡ᠃ ᠠᠯᠳᠡᠨ ᠬᠠᠭᠠᠨ ᠤᠢᠢᠷᠡᠳ ᠢ ᠬᠦᠬᠡᠬᠡᠨ ᠶᠠᠪᠤᠭᠤᠯᠤᠬᠰᠡᠨ ᠳᠤᠬᠢᠶᠠᠯ ᠢᠶᠠᠷ | ᠤᠷᠳᠤᠰ ᠤᠨ ᠡᠷᠬᠡ ᠰᠦᠷ ᠲᠠᠢ ᠳᠤᠮᠤ ᠹᠸᠤᠳᠡᠯ ᠤᠨ ᠡᠵᠡᠨ ᠬᠤᠳᠤᠬᠳᠠᠢ ᠰᠡᠴᠡᠨ ᠬᠤᠨᠭ᠌ ᠳᠠᠶᠢᠵᠢ ᠬᠡᠮᠡᠭᠴᠢ ᠠᠯᠳᠡᠨ | ᠬᠠᠭᠠᠨ ᠤ ᠵᠠᠷᠯᠢᠬ ᠢᠶᠠᠷ 1562 ᠤᠨ ᠳᠤ ᠢᠷᠲ᠋ᠢᠱ ᠮᠦᠷᠢᠨ ᠤ ᠬᠠᠪᠢ ᠪᠠᠷ ᠨᠤᠳᠤᠬ ᠲᠠᠢ ᠤᠢᠢᠷᠡᠳ᠂ ᠳᠤᠷᠭᠤᠳ ᠢ | ᠪᠠᠶᠢᠯᠳᠤᠨ ᠡᠵᠡᠯᠡᠬᠦ ᠪᠠᠷ ᠴᠡᠷᠢᠭ ᠳᠠᠶᠢᠯᠡᠨ ᠮᠤᠷᠳᠡᠪᠠ᠃ 1563 ᠤᠨ ᠳᠤ ᠬᠤᠳᠤᠬᠳᠠᠢ ᠰᠡᠴᠡᠨ ᠬᠤᠨᠭ᠌ ᠳᠠᠶᠢᠵᠢ | ᠳᠡᠬᠢᠨ ᠴᠡᠷᠢᠭ ᠳᠠᠶᠢᠯᠡᠵᠦ᠂ ᠳᠤᠬᠮᠠᠬ ᠤᠨ ᠬᠠᠰᠠᠬ ᠤᠳ᠂ ᠤᠢᠢᠷᠡᠳ ᠤᠨ ᠴᠤᠷᠤᠰ᠂ ᠪᠠᠭᠠᠳᠤᠳ ᠠᠶᠢᠮᠠᠬ ᠤᠳ ᠢ | ᠳᠤᠪᠳᠤᠯᠤᠭᠠᠳ᠂ 1574 ᠤᠨ ᠳᠤ ᠴᠤᠷᠤᠰ ᠪᠠᠭᠠᠳᠤᠳ ᠬᠤᠶᠡᠷ ᠠᠶᠢᠮᠠᠬ ᠢ ᠪᠠᠭᠤᠯᠭᠠᠨ ᠤᠷᠤᠭᠤᠯᠵᠠᠢ᠃ | ᠡᠬᠦᠨ ᠠᠴᠠ ᠦᠵᠡᠬᠦᠶ᠎ᠡ᠂ ᠪᠠᠷᠭᠤ ᠶᠠᠰᠦᠳᠡᠨ ᠶᠡᠷᠦ ᠨᠢ ᠤᠷᠢᠳ ᠬᠤᠵᠢᠳ ᠵᠡᠬᠦᠨ ︵ᠶᠡᠭᠡ ᠮᠤᠩᠭᠤᠯ︶᠂ ᠪᠠᠷᠠᠭᠤᠨ | ᠮᠤᠩᠭᠤᠯ ︵ᠤᠢᠢᠷᠡᠳ︶ ᠤᠨ ᠬᠠᠷᠢᠶᠠᠨ ᠳᠤ ᠪᠦᠷ ᠪᠠᠭᠳᠡᠵᠦ ᠪᠠᠶᠢᠬᠰᠡᠨ ᠪᠦᠬᠡᠳ ᠵᠡᠬᠦᠨ ᠮᠤᠩᠭᠤᠯ ᠤᠨ ᠪᠠᠷᠠᠭᠤᠨ | ᠭᠤᠷᠪᠠᠨ ᠲᠦᠮᠡᠨ ᠤ ᠳᠤᠳᠤᠷᠡᠬᠢ ᠳᠦᠮᠡᠳ ᠳᠦᠮᠡᠨ᠂ ᠶᠦᠡᠭᠰᠢᠶᠠᠪᠤ ᠲᠦᠮᠡᠨ ᠳᠤ ᠭᠤᠤᠯᠴᠢᠯᠡᠨ ᠳᠤᠬᠳᠡᠵᠦ ᠪᠠᠶᠢᠯ᠎ᠡ᠃ | ᠡᠬᠦᠨ ᠠᠴᠠ ᠡᠮᠤᠨ᠎ᠡ ᠪᠠᠷᠠᠭᠤᠨ ᠮᠤᠩᠭᠤᠯ ᠤᠨ ᠤᠢᠢᠷᠡᠳ ᠤᠨ ᠪᠠᠭᠠᠳᠤᠳ ᠠᠶᠢᠮᠠᠬ ᠤᠨ ᠠᠬᠠᠯᠠᠬᠴᠢ ᠤᠳᠤᠬ | ︵ᠤᠪᠤᠬ︶ ᠪᠤᠯᠵᠦ ᠬᠠᠮᠤᠬ ᠶᠡᠭᠡ ᠮᠡᠳᠡᠯ ᠲᠠᠢ ᠪᠠᠶᠢᠬᠰᠡᠨ ᠠᠴᠠ ᠪᠠᠨ ᠠᠯᠳᠡᠨ ᠬᠠᠭᠠᠨ ᠤ ᠬᠠᠷᠢᠶᠠᠨ ᠳᠠᠬᠢ ᠶᠦᠡᠭᠰᠢᠶᠠᠪᠤ | ᠲᠦᠮᠡᠨ ᠢ ᠳᠠᠭᠠᠷᠡ ᠤᠷᠤᠬᠰᠡᠨ ᠨᠢ ᠳᠤᠳᠤᠷᠬᠠᠢ ᠪᠠᠶᠢᠨ᠎ᠡ᠃ ᠡᠬᠦᠨ ᠢᠶᠠᠷ ᠰᠦᠪᠡᠭᠴᠢ ᠪᠤᠯᠭᠠᠭᠠᠳ ᠴᠢᠨᠠᠬᠰᠢᠯᠠᠪᠠᠯ | ᠴᠠᠬᠠᠷ ᠪᠠᠷᠭᠤ ᠶᠢᠨ ᠳᠡᠤᠬᠡᠨ ᠢᠷᠡᠯ ᠢ ᠤᠬᠤᠴᠢᠯᠡᠨ ᠤᠯᠵᠦ ᠪᠤᠯᠬᠤ ᠶᠤᠮ ᠬᠡᠵᠦ ᠦᠵᠡᠨ᠎ᠡ᠃ | ᠤᠪᠰᠠᠨᠵᠡ ᠴᠢᠩ ᠳᠠᠶᠢᠵᠢ ᠵᠢᠴᠢ ᠳᠡᠬᠦᠨ ᠤ ᠨᠤᠶᠠᠯᠠᠯ ᠳᠤᠤᠷᠡᠬᠢ ᠪᠠᠷᠭᠤ ᠤᠳᠤᠬ 16 ᠳ᠋ᠤᠭᠠᠷ ᠵᠠᠭᠤᠨ ᠤ | 30 — 40 ᠬᠡᠳ ᠤᠨ ᠨᠤᠭᠤᠳ ᠲᠤ ᠠᠯᠳᠡᠷ ᠶᠡᠬᠡᠳᠡᠢ ᠪᠠᠶᠢᠬᠰᠡᠨ ᠬᠡᠳᠡᠭ᠃ ᠵᠢᠭᠠᠴᠢᠳᠠᠢ ᠪᠤᠶᠠᠨᠳᠡᠯᠬᠡᠷ ︽ | ᠬᠠᠯᠬ᠎ᠠ ᠪᠠᠷᠭᠤ ᠶᠢᠨ ᠡᠬᠦᠰᠦᠯ ᠢᠷᠡᠯ︾ ᠳᠤ ︽1543 ᠤᠨ ᠳᠤ ᠨᠠᠶᠢᠷᠡᠭᠤᠯᠤᠬᠰᠡᠨ ᠮᠢᠨ ᠡᠸ᠋ ᠱᠠᠨ ᠬᠦᠮᠦᠨ | ᠬᠡᠮᠡᠬᠦ ᠴᠤᠯᠠ ᠲᠠᠢ ᠰᠦ᠋ ᡁᠢ ᠭᠤᠤ ᠶᠢᠨ ︵︿ᠤᠮᠠᠷᠡᠳᠦ ᠵᠦᠭ ᠤᠨ ᠬᠡᠷᠡᠭ ᠤᠴᠢᠷ﹀︶ ᠪᠢᠴᠢᠭ ᠲᠤ ᠪᠠᠷᠭᠤ ᠶᠢ 把儿 | 户 ᠬᠡᠳ ︿ᠮᠤᠩᠭᠤᠯᠴᠤᠳ ᠳᠡᠳᠡᠨ ᠢ ᠬᠠᠷ᠎ᠡ ᠮᠤᠩᠭᠤᠯ ᠬᠡᠮᠡᠮᠤᠢ᠂ ᠳᠠᠶᠢᠨ ᠪᠠᠶᠢᠯᠳᠤᠭᠠᠨ ᠳᠤ ᠴᠠᠭᠠᠷᠡᠬᠰᠡᠨ᠂ | ᠬᠡᠳᠦᠨ ᠳᠦᠮᠡᠨ ᠴᠡᠷᠢᠭ ᠲᠠᠢ᠂ ᠪᠤᠯᠤᠳ ᠢᠶᠠᠷ ᠵᠡᠪᠰᠡᠭ ᠬᠢᠮᠦᠢ ︵把儿户,虏中呼为黑达 | 子᠂ 好战斗᠂ 兵之数万᠂ 以镔铁为刀︶︾ ᠬᠡᠵᠦ ᠶᠠᠷᠢᠬᠰᠡᠨ ᠪᠦᠬᠡᠳ | ᠪᠠᠭ᠎ᠠ ᠬᠠᠭᠠᠨ ︵ᠪᠤᠳᠢ ᠠᠯᠠᠬ︶ ᠢ ᠳᠠᠭᠠᠵᠦ ᠤᠷᠢᠶᠠᠩᠬᠠᠨ ᠲᠦᠮᠡᠨ ᠳᠤ ᠴᠡᠷᠢᠭᠯᠡᠭᠰᠡᠨ ᠠᠵᠢ᠃ ᠡᠬᠦᠨ ᠠᠴᠠ | ᠭᠠᠳᠡᠨ᠎ᠡ ︿ᠳᠠᠶᠢᠮᠢᠩ ᠤᠨ ᠱᠢᠽᠦ᠋ᠡᠭ ᠬᠠᠭᠠᠨ ᠤ ᠮᠠᠭᠠᠳ ᠬᠠᠤᠯᠢ﹀ ᠶᠢᠨ ᠵᠢᠶᠠ ᠵᠢᠩ ᠤᠨ 25 ᠳ᠋ᠤᠭᠠᠷ ᠤᠨ ︵ | 1540 ᠤᠨ︶ ᠤ 6 ᠰᠠᠷ᠎ᠡ ᠶᠢᠨ ᠴᠠᠭᠠᠬᠴᠢᠨ ᠦᠬᠡᠷ ᠡᠳᠦᠷ ᠤᠨ ᠵᠤᠷᠪᠤᠰ ᠲᠤ ᠴᠢᠩ ᠳᠠᠶᠢᠵᠢ 8 ᠰᠠᠷ᠎ᠡ ᠶᠢᠨ | 15 ᠤ ᠳᠡᠷᠬᠡᠯ ᠰᠠᠷᠡᠨ ᠢ ᠬᠦᠯᠢᠶᠡᠵᠦ᠂ ᠵᠡᠬᠦᠨᠰᠢ ᠴᠡᠷᠢᠭᠯᠡᠬᠦ ᠪᠠᠷ ᠪᠤᠢ ᠬᠡᠮᠡᠬᠦ ᠰᠤᠷᠠᠬ ᠢ ᠤᠯᠵᠦ ᠠᠪᠤᠬᠰᠡᠨ ᠳᠠᠷᠦᠢ | ᠮᠢᠩ ᠤᠯᠤᠰ ᠤᠨ ᠬᠢᠨᠢ ᠨᠡᠶᠢᠰᠯᠡᠯ ᠬᠤᠳᠡ ᠤᠷᠴᠢᠮ ᠳᠠᠬᠢ ᠴᠤᠤ ᠡᡁᠧ ︵ᠤᠳᠤ ᠶᠢᠨ ᠪᠡᠬᠡᠵᠢᠩ ᠬᠤᠳᠡ ᠶᠢᠨ ᠮᠢ | ᠶᠦᠨ ᠰᠢᠶᠠᠨ ᠤ ᠭᠠᠵᠡᠷ︶᠂ ᠪᠠᠢ ᠶᠠᠩ ︵ᠤᠳᠤ ᠶᠢᠨ ᠪᠡᠬᠡᠵᠢᠩ ᠬᠤᠳᠡ ᠶᠢᠨ ᠴᠠᠩ ᠫᠢᠡᠭ ᠰᠢᠶᠠᠨ ᠤ ᠭᠠᠵᠡᠷ︶᠂ | ᠬᠦ᠋ ᠪᠸᠢ ︵ᠮᠤᠩᠭᠤᠯ ᠨᠡᠷ᠎ᠡ ᠨᠢ ᠮᠤᠯᠳᠤᠬᠴᠢᠨ ᠤ ᠰᠦᠪᠠ ᠤᠳᠤ ᠶᠢᠨ ᠪᠡᠬᠡᠵᠢᠩ ᠬᠤᠳᠡ ᠶᠢᠨ ᠮᠢ ᠶᠦᠨ ᠰᠢᠶᠠᠨ ᠤ | ᠭᠠᠵᠡᠷ︶᠂ ᠰᠢ ᠹᠸᠡᠭ ︵ᠮᠤᠩᠭᠤᠯ ᠨᠡᠷ᠎ᠡ ᠨᠢ ᠪᠠᠶᠠᠰᠬᠤᠯᠠᠩ ᠬᠠᠳᠡᠳᠦ᠂ ᠤᠳᠤ ᠶᠢᠨ ᠡᡁᠧᠪᠸᠢ ᠮᠤᠵᠢ ᠶᠢᠨ ᠴᠢᠶᠠᠨ | ᠰᠢ ᠰᠢᠶᠠᠨ ᠤ ᠭᠠᠵᠡᠷ︶ ᠵᠡᠷᠬᠡ ᠪᠤᠭᠤᠮᠳᠡ ᠶᠢᠨ ᠰᠡᠷᠬᠡᠶᠢᠯᠡᠯᠳᠡ ᠪᠠᠨ ᠴᠢᠩᠭᠠᠯᠡᠵᠦ ᠪᠠᠶᠢᠬᠰᠡᠨ ᠳᠡᠮᠳᠡᠭᠯᠡᠯ ᠲᠠᠢ︾ | ᠬᠡᠵᠦ ᠦᠬᠦᠯᠡᠪᠠ᠃ | ᠳᠡᠬᠡᠪᠡᠯ᠂ ᠡᠨᠡ ᠬᠦ ᠤᠪᠠᠰᠠᠨᠵᠠ ᠴᠢᠩ ᠳᠠᠶᠢᠵᠢ ᠶᠢᠨ ᠬᠠᠷᠢᠶᠠᠨ ᠳᠠᠬᠢ ᠪᠠᠷᠭᠤᠴᠤᠳ ᠪᠤᠯ ᠳᠡᠬᠡᠷ᠎ᠡ ᠳᠤᠷᠡᠳᠴᠦ | ᠦᠡᠭᠬᠡᠷᠡᠭᠰᠡᠨ ᠬᠤᠳᠤᠬᠳᠠᠢ ᠰᠡᠴᠡᠨ ᠬᠤᠨᠭ᠌ ᠳᠠᠶᠢᠵᠢ ᠶᠢᠨ ᠤᠷᠤᠭᠤᠯᠤᠨ ᠠᠪᠴᠢᠷᠠᠬᠰᠡᠨ ᠪᠠᠭᠠᠳᠤᠳ ᠤᠳᠤᠬ | ︵ᠤᠪᠤᠬ︶ ᠪᠠᠷᠭᠤ ᠮᠦᠨ ᠮᠦᠷᠳᠡᠬᠡᠨ ᠳᠡᠳᠡᠨ ᠤ ᠳᠦᠷᠦᠬᠦᠦ ᠠᠯᠠᠬ ᠴᠢᠩᠰᠠᠩ ᠤᠨ ᠬᠦᠪᠡᠬᠦᠨ ᠮᠠᠩᠯᠠᠢ ᠠᠬᠠᠯᠠᠬᠤ ᠶᠢᠨ | ᠦᠬᠢᠨ ᠬᠦᠰᠠᠢ ᠬᠡᠮᠡᠭᠴᠢ ᠪᠤᠯ ᠳᠠᠶᠠᠨ ᠬᠠᠭᠠᠨ ᠤ ᠪᠠᠭ᠎ᠠ ᠬᠠᠳᠤᠨ᠂ ᠳᠠᠷᠦᠢ ᠴᠢᠩ ᠳᠠᠶᠢᠵᠢ ᠤᠪᠠᠰᠠᠨᠵᠡ ᠶᠢᠨ | ᠲᠦᠷᠦᠭᠰᠡᠨ ᠡᠬᠡ ᠨᠢ ᠪᠤᠯᠤᠨ᠎ᠡ᠃ ᠡᠳᠡᠬᠡᠷ ᠪᠠᠷᠭᠤ ᠪᠤᠯ ᠳᠠᠶᠠᠨ ᠬᠠᠭᠠᠨ ᠤ ᠬᠦᠪᠡᠬᠦᠨ ᠤᠪᠠᠰᠠᠨᠵᠠ ᠶᠢᠨ | ᠬᠠᠷᠢᠶᠠᠨ ᠳᠠᠬᠢ ᠶᠦᠡᠭᠰᠢᠶᠠᠪᠤ ᠲᠦᠮᠡᠨ ᠳᠤ ᠤᠯᠠᠷᠢᠨ ᠰᠢᠯᠵᠢᠭᠰᠡᠨ ᠵᠤᠨ ᠪᠤᠯᠠᠢ᠃ | ᠶᠡᠭᠡ ᠮᠤᠩᠭᠤᠯ ᠤᠨ ᠪᠤᠳᠢ ᠠᠯᠠᠬ ᠬᠠᠭᠠᠨ ︵1519 — 1547︶ ᠤ ᠦᠶ᠎ᠡ ᠳᠤ ᠪᠠᠷᠠᠭᠤᠨ ᠭᠤᠷᠪᠠᠨ | ᠲᠦᠮᠡᠨ ᠨᠢ ᠬᠦᠪᠡᠬᠡᠯᠢᠭ ᠪᠤᠯᠤᠨ ᠠᠯᠳᠡᠨ ᠠᠬ᠎ᠠ ᠳᠡᠬᠦᠦ ᠬᠤᠶᠠᠭᠤᠯᠠ ᠶᠢᠨ ᠮᠡᠳᠡᠯ ᠳᠤ ᠪᠠᠶᠢᠪᠠ᠃ ᠢᠡᠭᠬᠢᠬᠡᠳ | ᠪᠠᠷᠠᠭᠤᠨ ᠭᠤᠷᠪᠡᠨ ᠲᠦᠮᠡᠨ ᠤ ᠳᠤᠳᠤᠷᠡᠬᠢ ᠳᠦᠮᠡᠳ ᠳᠦᠮᠡᠨ ᠤ ᠬᠠᠷᠢᠶᠠᠨ ᠳᠤ ᠪᠠᠶᠢᠭ᠎ᠠ ᠪᠠᠷᠭᠤ ᠪᠤᠷᠢᠶᠠᠳ ᠤᠨ ᠬᠢᠨ | ᠠᠯᠳᠡᠨ ᠬᠠᠭᠠᠨ ᠤ ᠮᠡᠳᠡᠯ ᠳᠤ ᠤᠷᠤᠬᠰᠡᠨ ᠶᠤᠮ ᠪᠠᠶᠢᠨ᠎ᠡ᠃ ᠪᠤᠳᠢ ᠠᠯᠠᠬ ᠬᠠᠭᠠᠨ ᠢ ᠳᠠᠭᠠᠵᠦ | ᠤᠷᠢᠶᠠᠩᠬᠠᠢᠢᠴᠤᠳ ᠢ ᠳᠠᠶᠢᠯᠠᠬᠤ ᠳᠠᠶᠢᠨ ᠤ ᠳᠤᠮᠳᠡ ᠬᠦᠪᠡᠭᠡᠯᠢᠭ ᠵᠢᠨᠦᠩ᠂ ᠠᠯᠳᠡᠨ ᠠᠬ ᠠ ᠳᠡᠬᠦᠦ ᠬᠤᠶᠠᠭᠤᠯᠠ | ᠶᠡᠭᠡ ᠭᠠᠪᠢᠶ᠎ᠡ ᠪᠠᠶᠢᠭᠤᠯᠤᠬᠰᠡᠨ ᠳᠤᠯᠠ ᠪᠤᠳᠢ ᠠᠯᠠᠬ ᠬᠠᠭᠠᠨ ᠬᠦᠪᠡᠬᠡᠯᠢᠭ ᠵᠢᠨᠦᠩ ᠢ ︽ᠮᠡᠷᠬᠡᠨ ᠵᠢᠨᠦᠩ︾ ᠴᠤᠯᠠ | ᠬᠠᠶᠢᠷᠡᠯᠠᠵᠦ᠂ ᠳᠡᠬᠦᠨ ᠤ ᠳᠡᠬᠦᠦ ᠠᠯᠳᠡᠨ ᠳᠤ ︽ᠠᠯᠳᠡᠨ ᠰᠤᠳᠤ ᠬᠠᠨ︾ ᠬᠡᠮᠡᠬᠦ ᠴᠤᠯᠠ ᠰᠤᠶᠤᠷᠬᠠᠵᠠᠢ᠃ | 1547 ᠤᠨ ᠳᠤ ᠪᠤᠳᠢ ᠠᠯᠠᠬ ᠬᠠᠭᠠᠨ ᠬᠠᠯᠢᠵᠦ᠂ ᠪᠤᠳᠢ ᠠᠯᠠᠬ ᠬᠠᠭᠠᠨ ᠤ ᠤᠤᠭᠠᠨ ᠬᠦᠪᠡᠬᠦᠨ | ᠳᠠᠷᠡᠶᠢᠰᠦᠨ ᠬᠦᠳᠡᠩ ᠬᠠᠭᠠᠨ ᠰᠠᠭᠤᠪᠠ᠃ ᠳᠠᠶᠠᠨ ᠬᠠᠭᠠᠨ ᠤ ᠭᠤᠷᠪᠠᠳᠤᠭᠠᠷ ᠬᠦᠪᠡᠬᠦᠨ ᠪᠠᠷᠰᠪᠤᠯᠤᠳ ᠤᠨ | ᠬᠦᠪᠡᠬᠦᠨ ᠪᠤᠳᠢᠳᠠᠷᠡ ᠳᠠᠶᠢᠵᠢ ᠶᠢᠨ ᠬᠤᠶᠠᠳᠤᠭᠠᠷ ᠬᠦᠪᠡᠬᠦᠨ ᠠᠰᠠᠨᠳᠠᠷᠡ ᠳᠠᠶᠢᠵᠢ ᠳᠤ ᠭᠠᠭᠴᠡ ᠪᠠᠷᠭᠤ ᠳᠠᠶᠢᠵᠢ | ᠬᠡᠰᠡᠨ ᠨᠢᠬᠡ ᠬᠦᠪᠡᠬᠦᠨ ᠲᠠᠢ᠂ ᠪᠠᠷᠭᠤ ᠬᠡᠳᠡᠭ ᠨᠡᠷ᠎ᠡ ᠶᠢᠨ ᠢᠷᠡᠯ ᠪᠤᠯ ᠮᠦᠨ ᠳᠡᠬᠦᠨ ᠤ ᠨᠤᠶᠡᠯᠡᠵᠦ ᠪᠠᠶᠢᠬᠰᠡᠨ | ᠪᠠᠷᠭᠤ ᠤᠪᠤᠬ ᠨᠠᠷ᠎ᠡ ᠲᠠᠢ ᠬᠤᠯᠪᠤᠬᠳᠡᠨᠡ ᠬᠡᠵᠦ ᠪᠤᠶᠠᠨᠳᠡᠯᠬᠡᠷ ᠭᠤᠸᠠᠢ ᠳᠤᠷᠡᠳᠤᠬᠰᠡᠨ ᠶᠤᠮ᠃ ᠡᠨᠡ ᠦᠶ᠎ᠡ ᠳᠤ | ᠵᠡᠬᠦᠨ ᠮᠤᠩᠭᠤᠯ ᠤᠨ ᠪᠠᠷᠠᠭᠤᠨ ᠭᠠᠷᠦᠨ ᠭᠤᠷᠪᠡᠨ ᠲᠦᠮᠡᠨ ᠤ ᠳᠤᠳᠤᠷ᠎ᠡ ᠲᠦᠮᠡᠳ ᠳᠦᠮᠡᠨ ᠮᠠᠰᠢ ᠬᠦᠴᠦᠷᠬᠡᠭ | ᠪᠤᠯᠤᠬᠰᠡᠨ ᠪᠠᠶᠢᠪᠠ᠃ ᠲᠦᠮᠡᠳ ᠤᠨ ᠠᠯᠳᠡᠨ ᠬᠠᠭᠠᠨ ᠪᠤᠯ ᠪᠤᠳᠢ ᠠᠯᠠᠬ ᠬᠠᠭᠠᠨ ᠤ ᠬᠦᠪᠡᠬᠦᠨ ᠬᠦᠳᠡᠩ ᠬᠠᠭᠠᠨ ᠤ | ᠦᠶᠡᠯᠢᠳ ᠠᠪᠠᠭ᠎ᠠ ᠪᠤᠯᠬᠤ ᠮᠦᠷᠳᠡᠬᠡᠨ ᠬᠦᠴᠦᠷᠬᠡᠭ ᠤᠯᠡᠨ ᠴᠡᠷᠢᠭ ᠤᠨ ᠬᠦᠴᠦ ᠪᠠᠷ ᠳᠠᠷᠡᠶᠢᠰᠦᠨ ᠬᠦᠳᠡᠩ | ᠬᠠᠭᠠᠨ ᠢ ᠰᠦᠷᠳᠡᠬᠦᠯᠦᠨ ᠰᠢᠬᠠᠮᠳᠠᠭᠤᠯᠵᠦ᠂ 1547 ᠤᠨ ᠤ ᠦᠶᠡᠰ ᠢᠶᠠᠷ ᠳᠠᠷᠡᠶᠢᠰᠦᠨ ᠬᠦᠳᠡᠩ ᠬᠠᠭᠠᠨ ᠴᠠᠬᠠᠷ | ᠲᠦᠮᠡᠨ ᠤ ᠵᠠᠷᠢᠮ ᠬᠠᠷᠢᠶᠠᠳᠦ ᠪᠠᠨ ᠠᠪᠴᠤ᠂ ᠵᠡᠬᠦᠨ ᠳᠡᠶᠢᠰᠢ ᠪᠠᠨ ᠨᠡᠬᠦᠵᠦ᠂ ᠤᠳᠤ ᠶᠢᠨ ᠦᠪᠦᠷ ᠮᠤᠩᠭᠤᠯ ᠤᠨ | ᠨᠤᠳᠤᠬ᠂ ᠰᠢᠷ᠎ᠡ ᠮᠦᠷᠡᠨ ᠤ ᠰᠠᠪᠠ ᠳᠠᠭᠠᠤ ᠮᠠᠯ ᠮᠠᠯᠵᠢᠨ ᠰᠠᠭᠤᠵᠠᠢ᠃ ᠡᠨᠡ ᠦᠶ᠎ᠡ ᠠᠴᠠ ᠪᠠᠷᠠᠭᠤᠨ ᠭᠤᠷᠪᠠᠨ | ᠲᠦᠮᠡᠨ ᠴᠦᠮ ᠠᠯᠳᠡᠨ ᠬᠠᠭᠠᠨ ᠤ ᠬᠠᠷᠢᠶᠠᠨ ᠳᠤ ᠵᠢᠬᠢᠷᠦᠬᠳᠠᠬᠤ ᠪᠤᠯᠪᠠ᠃ ᠲᠦᠮᠡᠨ ᠴᠦᠮ ᠠᠯᠳᠡᠨ ᠬᠠᠭᠠᠨ ᠤ | ᠬᠠᠷᠢᠶᠠᠨ ᠳᠤ ᠵᠠᠬᠢᠷᠤᠬᠳᠡᠬᠤ ᠪᠤᠯᠪᠠ᠃ ᠤᠪᠠᠰᠠᠨᠵᠠ ᠴᠢᠩ ᠳᠠᠶᠢᠵᠢ ᠪᠤᠯᠤᠨ ᠠᠯᠳᠡᠨ ᠬᠠᠨ ᠬᠤᠶᠠᠭᠤᠯᠠ ᠬᠡᠳᠦ᠋ᠢᠪᠡᠷ | ᠠᠪᠠᠭ᠎ᠠ ᠠᠴᠢ ᠶᠢᠨ ᠬᠠᠷᠢᠴᠠᠭ᠎ᠠ ᠲᠠᠢ ᠪᠤᠯᠪᠠᠴᠤ ᠪᠤᠳᠢ ᠠᠯᠠᠬ ᠬᠠᠭᠠᠨ ᠤ ᠦᠶ ᠡ ᠳᠤ ᠨᠢᠬᠡ ᠪᠦᠯᠦᠭ ᠪᠠᠷᠭᠤᠴᠤᠳ ᠢ | ᠳᠤᠰ ᠳᠤᠰ ᠲᠠᠭᠠᠨ ᠵᠠᠬᠢᠷᠴᠤ ᠪᠠᠶᠢᠬᠰᠡᠨ ᠪᠤᠶᠤ ᠤᠪᠠᠰᠠᠨᠵᠠ ᠨᠢ ᠶᠦᠡᠭᠰᠢᠶᠠᠪᠤ ᠶᠢᠨ ᠬᠠᠷᠢᠶᠠᠨ ᠤ ᠪᠠᠷᠭᠤ ᠶᠢ | ᠬᠠᠮᠢᠶᠠᠷᠴᠤ᠂ ᠠᠯᠳᠡᠨ ᠬᠠᠨ ᠨᠢ ᠲᠦᠮᠡᠳ ᠤᠨ ᠬᠠᠷᠢᠶᠠᠨ ᠤ ᠪᠠᠷᠭᠤ ᠶᠢ ᠬᠠᠮᠢᠶᠠᠷᠴᠤ ᠪᠠᠶᠢᠬᠰᠡᠨ ᠬᠡᠬᠦ | ᠤᠢᠢᠯᠠᠭᠠᠬᠳᠡᠬᠤᠨ ᠢ ᠳᠦᠷᠦᠭᠳᠡᠬᠦᠯᠵᠦ ᠪᠠᠶᠢᠬᠤ ᠨᠢ ᠳᠤᠩ ᠰᠤᠨᠢᠨ ᠶᠠᠪᠤᠳᠡᠯ ᠪᠤᠯᠬᠤ ᠪᠤᠯᠪᠠᠴᠤ ᠡᠳᠡᠬᠡᠷ ᠬᠤᠶᠡᠷ | ᠪᠦᠯᠦᠭ ᠪᠠᠷᠭᠤᠴᠤᠳ ᠨᠢ ᠪᠦᠷ ᠯᠡ ᠪᠠᠶᠢᠭᠠᠯ ᠨᠠᠭᠤᠷ ᠤᠷᠤᠨ ᠠᠴᠠ ᠡᠮᠤᠨᠡᠰᠢ ᠨᠡᠬᠦᠭᠰᠡᠨ ᠢᠷᠡᠯ ᠡᠬᠦᠰᠦᠯᠳᠠᠢ ᠪᠠᠶᠢᠯ᠎ᠡ | ᠬᠡᠰᠡᠨ ᠠᠯᠢ ᠬᠡᠳᠦ᠋ᠢᠨ ᠠᠴᠠ ᠠᠳᠠᠯᠢ ᠪᠤᠰᠤ ᠤᠯᠤᠰ ᠲᠦᠷᠦ ᠶᠢᠨ ᠬᠦᠴᠦᠨ ᠳᠤ ᠬᠠᠷᠢᠶᠠᠯᠠᠬᠳᠡᠵᠦ᠂ ᠦᠪᠡᠷ | ᠦᠪᠡᠷ ᠤᠨ ᠳᠡᠤᠬᠡ ᠶᠢᠨ ᠵᠠᠮᠨᠠᠯ ᠳᠠᠭᠠᠨ ᠤᠷᠤᠬᠰᠡᠨ ᠬᠡᠳᠡᠭ ᠨᠢ ᠦᠨᠡᠮᠰᠢᠬᠦᠰᠢᠳᠠᠢ ᠪᠠᠶᠢᠨ᠎ᠡ᠃ | ᠳᠠᠶᠠᠨ ᠬᠠᠭᠠᠨ ᠠᠴᠠ ᠯᠢᠭᠳᠡᠨ ᠬᠠᠭᠠᠨ ᠬᠦᠷᠳᠡᠯᠡᠬᠢ ᠵᠠᠭᠤ ᠭᠠᠷᠦᠢ ᠵᠢᠯ ᠤᠨ ᠳᠤᠷᠰᠢᠬᠢ ᠮᠤᠩᠭᠤᠯ | ᠦᠨᠳᠦᠰᠦᠳᠡᠨ ᠤ ᠳᠤᠳᠤᠭᠠᠳᠦ ᠭᠠᠳᠠᠭᠠᠳᠦ ᠶᠢᠨ ᠳᠡᠮᠡᠴᠡᠯ ᠤᠨ ᠶᠠᠪᠤᠴᠡ ᠶᠢᠨ ᠳᠤᠮᠳᠡ ᠴᠠᠬᠠᠷ ᠲᠦᠮᠡᠨ ᠨᠢ | ᠠᠬᠠᠯᠠᠬᠴᠢ ᠤᠳᠤᠬ ᠤᠨ ᠬᠤᠪᠢ ᠪᠠᠷ ᠭᠤᠤᠯ ᠴᠤᠬᠴᠡ ᠪᠤᠯᠵᠦ᠂ ᠬᠠᠭᠠᠳ ᠤᠨ ᠴᠡᠷᠢᠭ ᠤᠨ ᠭᠤᠤᠯ ᠬᠦᠴᠦᠨ | ᠪᠤᠯᠵᠦ ᠶᠠᠪᠤᠬᠰᠡᠨ ᠬᠠᠷᠡᠬᠳᠡᠨᠡ᠃ ᠮᠤᠩᠭᠤᠯ ᠤᠨ ᠬᠠᠮᠤᠬ ᠡᠴᠦᠰ ᠤᠨ ᠬᠠᠭᠠᠨ ᠯᠢᠭᠳᠡᠨ ᠬᠠᠯᠢᠬᠰᠡᠨ ᠤ ᠳᠠᠷᠠᠭ᠎ᠠ᠂ | ᠮᠤᠩᠭᠤᠯ ᠤᠨ ᠤᠯᠡᠨ ᠠᠶᠢᠮᠠᠬ ︵ᠤᠳᠤᠬ︶ ᠤᠳ ᠤᠷᠢᠳ ᠬᠤᠵᠢᠳ ᠮᠠᠨᠵᠦ ᠶᠢᠨ ᠨᠤᠶᠠᠷᠬᠠᠯ ᠳᠤ ᠬᠡᠰᠡᠭᠯᠡᠭᠳᠡᠨ | ᠬᠤᠪᠢᠶᠠᠬᠳᠡᠭᠠᠳ ᠤᠷᠤᠪᠠ᠃ | ᠳᠡᠬᠡᠷᠡᠬᠢ ᠳᠤᠷᠡᠳᠤᠬᠰᠡᠨ ᠳᠡᠤᠬᠡ ᠶᠢᠨ ᠶᠠᠪᠤᠴᠡ ᠠᠴᠠ ᠦᠵᠡᠪᠡᠯ ᠴᠬᠠᠠᠷ ᠪᠠᠷᠭᠤ ᠶᠢᠨ ᠢᠷᠡᠯ ᠡᠬᠦᠰᠦᠯ ᠨᠢ | ᠤᠯᠡᠨ ᠳᠠᠯ᠎ᠡ ᠠᠴᠠ ᠪᠦᠷᠢᠯᠳᠦᠭᠰᠡᠨ ᠬᠡᠵᠦ ᠦᠵᠡᠬᠦ ᠪᠤᠯᠪᠠᠴᠤ ᠤᠤᠯ ᠨᠢ ᠵᠡᠬᠦᠨ ᠮᠤᠩᠭᠤᠯ ᠤᠨ ᠪᠠᠷᠠᠭᠤᠨ ᠭᠤᠷᠪᠠᠨ | ᠳᠦᠮᠡᠨ ᠤ ᠳᠤᠳᠤᠷᠡᠬᠢ ᠶᠦᠡᠭᠰᠢᠶᠠᠪᠤ ᠲᠦᠮᠡᠨ᠂ ᠲᠦᠮᠡᠳ ᠲᠦᠮᠡᠨ ᠤ ᠬᠠᠷᠢᠶᠠᠨ ᠳᠤ ᠪᠠᠶᠢᠬᠰᠡᠨ ᠪᠠᠷᠭᠤᠴᠤᠳ ᠪᠤᠯ | ᠡᠳᠦᠬᠡ ᠶᠢᠨ ᠴᠬᠠᠠᠷ ᠪᠠᠷᠭᠤ ᠶᠢᠨ ᠳᠡᠬᠡᠳᠦᠰ ᠮᠦᠨ ᠪᠤᠯᠬᠤ ᠨᠢ ᠮᠡᠳᠡᠭᠳᠡᠮ᠎ᠡ ᠪᠠᠶᠢᠨ᠎ᠡ᠃ 1688 ᠤᠨ ᠳᠤ ᠭᠠᠯᠳᠡᠨ | ᠪᠤᠱᠤᠬᠳᠦ ᠶᠢᠨ ᠳᠤᠪᠳᠤᠯᠤᠯ ᠠᠴᠠ ᠪᠤᠯᠵᠦ᠂ ᠬᠠᠯᠬᠠᠴᠤᠳ ᠢ ᠳᠠᠭᠠᠵᠦ᠂ ᠤᠷᠳᠦ ᠴᠠᠭᠠᠨ ᠬᠡᠷᠡᠮ ᠤᠨ ᠭᠠᠳᠡᠨ᠎ᠡ | ᠪᠦᠬᠡᠮᠨᠡᠷᠡᠵᠦ ᠪᠠᠶᠢᠬᠰᠡᠨ ᠪᠠᠷᠭᠤᠴᠤᠳ ᠤᠨ ᠤᠯᠠᠩᠬᠢ ᠨᠢ ᠳᠤᠮᠳᠠᠳᠦ ᠤᠯᠤᠰ ᠤᠨ ᠵᠡᠬᠦᠨ ᠭᠤᠷᠪᠠᠨ ᠮᠤᠵᠢ ᠳᠤ | ᠨᠡᠬᠦᠵᠦ ᠤᠴᠢᠬᠰᠡᠨ ᠠᠴᠠ ᠪᠤᠰᠤᠳ ᠪᠠᠷᠭᠤᠴᠤᠳ ᠨᠢ ᠭᠠᠯᠳᠡᠨ ᠤ ᠳᠤᠪᠳᠤᠯᠤᠯ ᠢ ᠳᠦᠪᠰᠢᠳᠬᠡᠭᠰᠡᠨ ᠤ ᠳᠠᠷᠠᠭ᠎ᠠ | ᠳᠤᠬᠠᠢᠢᠯᠠᠪᠠᠯ 1697 ᠤᠨ ᠪᠤᠶᠤ 1698 ᠤᠨ ᠤ ᠦᠶ᠎ᠡ ᠪᠠᠷ ᠬᠠᠯᠬᠠᠴᠤᠳ ᠭᠤᠪᠢ ᠶᠢᠨ ᠠᠷᠦ ᠳᠤ ᠪᠤᠴᠠᠬᠤ | ᠦᠶ᠎ᠡ ᠳᠤ ᠬᠠᠯᠬ᠎ᠠ ᠶᠢᠨ ᠬᠠᠷᠢᠶ᠎ᠡ ᠠᠶᠢᠮᠠᠬ ᠬᠤᠰᠢᠭᠤ ᠪᠠᠨ ᠳᠠᠭᠠᠭᠠᠳ ᠬᠠᠯᠬ᠎ᠠ ᠶᠢᠨ ᠨᠤᠳᠤᠬ ᠲᠤ ᠪᠤᠴᠠᠬᠰᠡᠨ ᠴᠤ | ᠪᠤᠢ᠂ ᠨᠢᠬᠡ ᠬᠡᠰᠡᠭ ᠵᠤᠨ ᠪᠠᠰᠠ ᠤᠷᠳᠦ ᠴᠠᠭᠠᠨ ᠬᠡᠷᠡᠮ ᠤᠨ ᠬᠤᠶᠢᠳᠦ ᠪᠡᠶ᠎ᠡ ᠪᠠᠷ ᠦᠯᠡᠳᠡᠵᠦ ᠨᠤᠳᠤᠬᠯᠠᠬᠰᠡᠨ ᠴᠤ | ᠪᠤᠢ᠃ ᠳᠡᠳᠡᠨ ᠤ ᠤᠯᠠᠩᠬᠢ ᠨᠢ ᠤᠤᠯ ᠠᠴᠠ ᠪᠠᠨ ᠠᠯᠳᠡᠨ ᠬᠠᠭᠠᠨ ᠤ ᠵᠠᠬᠢᠷᠦᠯ ᠳᠤᠤᠷᠡᠬᠢ ᠪᠠᠷᠠᠭᠤᠨ ᠭᠤᠷᠪᠡᠨ | ᠲᠦᠮᠡᠨ ᠤ ᠬᠠᠷᠢᠶᠠᠨ ᠳᠤ ᠪᠠᠶᠢᠬᠰᠡᠨ ᠪᠠᠷᠭᠤᠴᠤᠳ ᠪᠤᠯᠬᠤ ᠪᠦᠬᠡᠳ ᠡᠳᠦᠬᠡ ᠶᠢᠨ ᠴᠬᠠᠠᠷ ᠪᠠᠷᠭᠤ ᠶᠢᠨ ᠳᠡᠬᠡᠳᠦᠰ ᠤᠨ | ᠨᠢᠬᠡ ᠰᠠᠯᠠᠭ᠎ᠠ ᠨᠢ ᠪᠤᠯᠤᠨ᠎ᠡ᠃ ᠮᠦᠨ ᠴᠤ ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠳᠤ ︽ | ᠪᠠᠷᠭᠤ ᠵᠡᠷᠬᠡ ᠮᠤᠩᠭᠤᠯ ᠴᠠᠬᠠᠷ ᠲᠠᠢ ᠨᠡᠶᠢᠯᠡᠬᠦᠯᠵᠦ ᠨᠢᠬᠡ ᠰᠤᠮᠤ ᠵᠤᠬᠢᠶᠠᠬᠰᠡᠨ︾ ᠳᠤ ᠦᠶ᠎ᠡ ᠳᠤᠷ ᠴᠠᠬᠠᠷ ᠨᠠᠢᠮᠠᠨ | ᠬᠤᠰᠢᠭᠤᠨ ᠳᠤ ᠤᠷᠤᠬᠰᠡᠨ ᠤᠤᠯ ᠤᠨ ᠤᠷᠳᠦ ᠴᠠᠭᠠᠨ ᠬᠡᠷᠡᠮ ᠤᠨ ᠭᠠᠳᠠᠭᠤᠷ ᠰᠠᠭᠤᠭ᠎ᠠ ᠴᠠᠬᠠᠷ 3 ᠳ᠋ᠤᠭᠠᠷ | ᠰᠤᠮᠤᠨ ᠤ ᠪᠠᠷᠭᠤᠴᠤᠳ ᠮᠦᠨ ᠪᠤᠶᠤ᠃ 18 ᠳ᠋ᠤᠭᠠᠷ ᠵᠠᠭᠤᠨ ᠤ ᠳᠤᠮᠳᠡᠴᠢ ᠪᠠᠷ ᠵᠦᠡᠭᠭᠠᠷ ᠤᠨ ᠠᠮᠤᠷᠰᠠᠨᠠᠭ᠎ᠠ ᠶᠢᠨ | ᠤᠳᠤᠷᠢᠳᠤᠬᠰᠡᠨ ᠮᠠᠨᠵᠦ ᠶᠢ ᠡᠰᠡᠷᠬᠦᠴᠡᠭᠰᠡᠨ ᠪᠤᠰᠤᠯᠭ᠎ᠠ ᠪᠠ ᠬᠠᠯᠬ᠎ᠠ ᠶᠢᠨ ᠴᠡᠩᠬᠦᠨᠵᠠᠪ ᠤᠨ ᠤᠳᠤᠷᠢᠳᠤᠬᠰᠡᠨ | ᠮᠠᠨᠵᠦ ᠶᠢ ᠡᠰᠡᠷᠬᠦᠴᠡᠭᠰᠡᠨ ᠪᠤᠰᠤᠯᠭ᠎ᠠ ᠶᠢ ᠳᠠᠷᠤᠬᠤ ᠶᠢᠨ ᠲᠦᠯᠦᠬᠡ ᠮᠠᠨᠵᠦ ᠴᠢᠩ ᠤᠯᠤᠰ ᠬᠦᠯᠦᠨ ᠪᠤᠶᠢᠷ ᠤᠨ | ᠰᠤᠯᠤᠨ᠂ ᠪᠠᠷᠭᠤ ᠴᠡᠷᠢᠭ ᠪᠤᠯᠤᠨ ᠴᠠᠬᠠᠷ ᠨᠠᠢᠮᠠᠨ ᠬᠤᠰᠢᠭᠤᠨ ᠤ ᠴᠠᠬᠠᠷ᠂ ᠪᠠᠷᠭᠤ ᠴᠡᠷᠢᠭ ᠢ ᠳᠠᠳᠠᠬᠰᠡᠨ ᠳᠤᠯᠠ | ᠳᠡᠳᠡᠨ ᠪᠦᠷ ᠴᠤᠬ ᠢᠶᠠᠷ ᠢᠶᠠᠨ ᠴᠡᠷᠢᠭ ᠪᠤᠯᠵᠦ ᠬᠠᠷᠠᠮᠦ᠋ᠷᠡᠨ ᠤ ᠵᠠᠩᠵᠦᠨ ᠤ ᠵᠢᠯᠤᠭᠤᠳᠤᠯᠭ᠎ᠠ ᠳᠤᠤᠷ᠎ᠡ ᠶᠠᠪᠤᠬᠰᠡᠨ | ᠶᠤᠮ᠃ ᠳᠡᠳᠡᠨ ᠤ ᠳᠤᠳᠤᠷ᠎ᠡ ᠠᠴᠠ ᠨᠢᠬᠡ ᠰᠠᠯᠠᠭ᠎ᠠ ᠪᠠᠷᠭᠤ ᠴᠡᠷᠢᠭ ᠡᠷᠬᠢᠵᠦ ᠪᠤᠴᠠᠬᠤ ᠵᠠᠮ ᠵᠠᠭᠤᠷ᠎ᠡ ᠪᠠᠨ ᠴᠠᠬᠠᠷ | ᠨᠤᠳᠤᠬ ᠲᠤ ᠦᠯᠡᠳᠡᠵᠦ ᠬᠤᠴᠤᠷᠦᠬᠰᠡᠨ ᠴᠤ ᠪᠠᠶᠢᠵᠦ ᠮᠡᠳᠡᠬᠦ ᠶᠤᠮ᠃ ᠡᠨᠡ ᠨᠢ ᠶᠠᠬ ᠳᠦᠪᠰᠢᠨᠨᠢᠮᠡ ᠶᠢᠨ | ᠳᠡᠮᠳᠡᠭᠯᠡᠭᠰᠡᠨ ︽ᠤᠳᠤ ᠴᠠᠬᠠᠷ ᠲᠤ ᠪᠠᠶᠢᠭ᠎ᠠ ᠪᠠᠷᠭᠤ ᠬᠦᠮᠦᠰ ᠦᠪᠡᠷᠰᠡᠳ ᠢᠶᠠᠨ ᠭᠤᠷᠪᠡᠨ ᠵᠠᠭᠤ ᠰᠢᠬᠠᠮ ᠵᠢᠯ ᠤᠨ | ᠡᠮᠤᠨ᠎ᠡ ᠰᠤᠯᠤᠨ ᠪᠠᠷᠭᠤ ᠠᠴᠠ ᠢᠷᠡᠭᠰᠡᠨ ᠬᠡᠳᠡᠭ︾ ᠲᠠᠢ ᠤᠢᠢᠷᠡᠳᠦᠵᠦ ᠤᠴᠢᠬᠤ ᠪᠤᠶᠤ ᠡᠬᠦᠨ ᠠᠴᠠ ᠭᠠᠳᠡᠨ᠎ᠡ | ᠪᠤᠳᠬ᠎ᠠ ᠤᠷᠤᠨ ᠤ ᠪᠠᠷᠭᠤ ᠰᠤᠯᠤᠨ ᠪᠤᠯᠤᠨ ᠬᠦᠯᠦᠨ ᠪᠤᠶᠢᠷ ᠤᠨ ᠪᠠᠷᠭᠤ ᠰᠤᠯᠤᠨ ᠠᠴᠠ ᠴᠬᠠᠠᠷ ᠨᠤᠳᠤᠬ ᠲᠤ | ᠰᠢᠯᠵᠢᠬᠦᠯᠦᠨ ᠨᠡᠬᠦᠯᠬᠡᠭᠰᠡᠨ ᠳᠤᠬᠠᠢ ᠶᠠᠪᠤᠳᠡᠯ ᠢ ᠤᠳᠤ ᠪᠠᠷ ᠪᠠᠳᠤᠯᠠᠬᠤ ᠳᠡᠤᠬᠡᠨ ᠮᠠᠲ᠋ᠧᠷᠢᠶᠠᠯ ᠶᠠᠷᠦ ᠨᠢ | ᠤᠯᠳᠤᠭᠠᠳᠦᠢ ᠪᠠᠶᠢᠬᠰᠠᠭᠠᠷ ᠬᠡᠳᠡᠭ ᠢ ᠠᠳᠡ ᠳᠡᠮᠳᠡᠭᠯᠡᠵᠦᠬᠦᠢ᠂ ᠴᠠᠬᠠᠷ ᠠᠶᠢᠮᠠᠬ ᠪᠤᠯᠤᠨ ᠪᠠᠷᠭᠤ ᠵᠤᠨ ᠤ ᠤᠷᠤᠰᠢᠨ | ᠨᠤᠳᠤᠬᠯᠡᠵᠦ ᠦᠡᠭᠬᠡᠷᠡᠭᠰᠡᠨ ᠪᠠᠶᠢᠴᠡ ᠠᠴᠠ ᠦᠵᠡᠬᠦ ᠳᠤ ᠪᠦᠷ ᠯᠡ ᠤᠷᠳᠦ ᠴᠠᠭᠠᠨ ᠬᠡᠷᠡᠮ ᠤᠨ ᠭᠠᠳᠡᠷ ᠪᠡᠶ᠎ᠡ ᠶᠢ | ᠳᠠᠭᠠᠵᠦ ᠨᠤᠳᠤᠬᠯᠡᠵᠦ ᠪᠠᠶᠢᠬᠰᠡᠨ ᠳᠡᠤᠬᠡ ᠲᠠᠢ ᠵᠤᠨ ᠪᠠᠶᠢᠵᠠᠢ᠃ ᠢᠡᠭᠬᠢᠬᠡᠳ ᠤᠢᠢᠷᠡᠯᠴᠠᠭᠠ ᠨᠤᠳᠤᠬ ᠲᠠᠢ ᠪᠠᠷᠭᠤ | ᠴᠠᠬᠠᠷ ᠨᠡᠶᠢᠯᠡᠵᠦ᠂ ᠨᠢᠬᠡ ᠬᠤᠰᠢᠭᠤ ᠰᠤᠮᠤ ᠪᠤᠯᠬᠤ ᠪᠤᠯᠤᠯᠴᠠᠭ᠎ᠠ ᠲᠠᠢ ᠪᠠᠶᠢᠵᠦ ᠮᠡᠳᠡᠬᠦ ᠮᠦᠷᠳᠡᠬᠡᠨ ᠡᠨᠡ ᠨᠢ ᠶᠠᠬ | ᠮᠠᠨᠵᠦ ᠴᠢᠩ ᠤᠨ ︽ᠬᠠᠷᠢ ᠶᠢ ᠬᠠᠷᠢ ᠪᠠᠷ ᠵᠠᠰᠠᠬᠤ︾ ᠲᠦᠷᠦ ᠶᠢᠨ ᠪᠤᠳᠤᠯᠭ᠎ᠠ ᠶᠢᠨ ᠪᠤᠳᠠᠳᠦ ᠢᠯᠡᠷᠡᠯ ᠪᠤᠯᠵᠦ | ᠳᠡᠤᠬᠡᠨ ᠳᠤ ᠬᠠᠷᠡᠬᠳᠡᠮᠡ ᠳᠤᠳᠤᠯᠠᠬᠳᠡᠪᠠ᠃ | | |