ᠴᠠᠬᠠᠷ ᠨᠠᠢᠮᠠᠨ ᠬᠤᠰᠢᠭᠤᠨ ᠤ ᠪᠠᠷᠭᠤ ︵ᠨᠢᠭᠡ︶
ᠨᠡᠶᠢᠲᠡᠯᠡᠭᠰᠡᠨ ᠴᠠᠭ᠄
2022/12/8
                                 ᠬᠤᠷᠯᠠᠳ ᠮᠧᠰᠢᠭᠡ      ᠴᠠᠬᠠᠷᠴᠦᠳ ᠤᠨ ᠤᠭ ᠢᠷᠡᠯ ᠤᠨ ᠳᠤᠬᠠᠢ ᠮᠡᠬᠦᠰ ᠪᠢ ᠦᠯᠦ ᠤᠢᠢᠯᠠᠭᠠᠮᠤᠢ᠃ 1479 ᠤᠨ ᠳᠤ ᠳᠠᠶᠠᠨ ᠬᠠᠭᠠᠨ ᠪᠠᠲᠦᠮᠦ᠋ᠡᠭᠬᠡ ᠳᠠᠬᠢᠨ ᠨᠢᠬᠡ ᠤᠳᠠᠭ᠎ᠠ ᠮᠤᠩᠭᠤᠯ ᠤᠨ ᠡᠯ᠎ᠡ ᠠᠶᠢᠮᠠᠬ ᠢ ᠨᠢᠬᠡᠳᠬᠡᠭᠰᠡᠨ ᠤ ᠳᠠᠷᠠᠭ᠎ᠠ ᠦᠪᠡᠷ ᠤᠨ ᠨᠤᠶᠠᠷᠬᠠᠯ ᠢᠶᠠᠨ ᠪᠠᠬᠢᠵᠢᠬᠦᠯᠬᠦ ᠶᠢᠨ ᠳᠤᠰᠡᠳᠡ ᠤᠤᠯ ᠤᠨ ᠮᠤᠩᠭᠤᠯ ᠤᠨ ᠳᠠᠶᠢᠱᠢ᠂ ᠴᠢᠩᠰᠠᠩ ᠤᠨ ᠳᠤᠰᠢᠶᠠᠯ ᠢ ᠦᠬᠡᠶᠢᠰᠬᠡᠬᠡᠳ ᠵᠡᠬᠦᠨ ᠮᠤᠩᠭᠤᠯ ᠢ ᠤᠷᠳᠤᠰ ᠳᠦᠮᠡᠨ᠂ ᠳᠦᠮᠡᠳ ᠳᠦᠮᠡᠨ᠂ ᠶᠦᠡᠭᠰᠢᠶᠠᠪᠦ ᠲᠦᠮᠡᠨ᠂ ᠴᠠᠬᠠᠷ ᠲᠦᠮᠡᠨ᠂ ᠬᠠᠯᠬ᠎ᠠ ᠲᠦᠮᠡᠨ᠂ ᠤᠷᠢᠶᠠᠩᠬᠠᠢ ᠲᠦᠮᠡᠨ ᠵᠡᠷᠬᠡ ᠵᠢᠷᠭᠤᠭᠠᠨ ᠲᠦᠮᠡᠨ ᠳᠤ ᠬᠤᠪᠢᠶᠠᠨ ᠵᠠᠬᠢᠷᠪᠠ᠃ ᠡᠬᠦᠨ ᠳᠤ ᠵᠡᠬᠦᠨ ᠭᠤᠷᠪᠠᠨ ᠲᠦᠮᠡᠨ ᠤ ᠳᠤᠳᠤᠷ᠎ᠡ ᠴᠠᠬᠠᠷ ᠨᠢᠬᠡ ᠲᠦᠮᠡ᠂ ᠤᠷᠢᠶᠠᠩᠬᠠᠢ ᠨᠢᠬᠡ ᠲᠦᠮᠡ᠂ ᠬᠠᠯᠬ᠎ᠠ ᠨᠢᠬᠡ ᠲᠦᠮᠡ ᠪᠠᠭᠳᠡᠵᠦ᠂ ᠳᠠᠶᠠᠨ ᠬᠠᠭᠠᠨ ᠤ ᠤᠷᠳᠤᠨ ᠢ ᠴᠠᠬᠠᠷ ᠲᠦᠮᠡᠨ ᠡᠷᠦᠬᠡ ᠶᠢᠨ ᠲᠤᠮᠳᠠ ᠪᠠᠶᠢᠭᠤᠯᠪᠠ᠃ ᠪᠠᠷᠠᠭᠤᠨ ᠭᠤᠷᠪᠡᠨ ᠲᠦᠮᠡᠨ ᠤ ᠳᠤᠳᠤᠷ᠎ᠡ ᠤᠷᠳᠦᠰ ᠨᠢᠬᠡ ᠲᠦᠮᠡ᠂ ᠲᠦᠮᠡᠳ ᠨᠢᠬᠡ ᠲᠦᠮᠡ᠂ ᠶᠦᠡᠭᠰᠢᠶᠠᠪᠦ‍ ᠨᠢᠬᠡ ᠲᠦᠮᠡ ᠪᠠᠭᠳᠡᠵᠦ᠂ ᠳᠠᠶᠠᠨ ᠬᠠᠭᠠᠨ ᠤ ᠭᠤᠷᠪᠠᠳᠤᠭᠠᠷ ᠬᠦᠪᠡᠬᠦᠨ ᠪᠠᠷᠰᠪᠤᠯᠤᠳ ᠨᠢ ᠤᠷᠳᠤᠰ ᠤᠨ ᠲᠦᠮᠡᠨ ᠡᠷᠦᠬᠡ ᠶᠢᠨ ᠨᠤᠳᠤᠬ ᠲᠤ ᠰᠠᠭᠤᠵᠦ᠂ ᠪᠠᠷᠠᠭᠤᠨ ᠭᠤᠷᠪᠡᠨ ᠲᠦᠮᠡᠨ ᠢ ᠵᠢᠯᠤᠭᠤᠳᠴᠤ ᠪᠠᠶᠢᠵᠠᠢ᠃      ᠳᠡᠤᠬᠡ ᠶᠢᠨ ᠰᠤᠷᠪᠤᠯᠵᠢ ᠪᠢᠴᠢᠭ ᠳᠡᠬᠡᠷ᠎ᠡ ︽ᠮᠢᠩ ᠤᠯᠤᠰ ᠤᠨ ᠦᠶ᠎ᠡ ᠳᠤ ᠴᠠᠬᠠᠷ ᠤᠨ ᠳᠤᠰ ᠠᠶᠢᠮᠠᠬ ᠨᠢ ᠨᠠᠢᠮᠠᠨ ᠨᠤᠳᠤᠬ ᠢᠶᠠᠷ ᠪᠦᠷᠢᠯᠳᠦᠵᠦ᠂ ᠶᠡᠷᠦᠩᠬᠡᠢ ᠳᠤᠨᠢ ᠴᠠᠬᠠᠷ ᠨᠠᠢᠮᠡ ᠬᠡᠵᠦ ᠨᠡᠷᠡᠶᠢᠳᠤᠳᠡᠭ ᠪᠠᠶᠢᠵᠠᠢ︾᠃ ᠡᠨᠡ ᠨᠢ ᠴᠢᠩ ᠤᠯᠤᠰ ᠤᠨ ᠦᠶ᠎ᠡ ᠳᠤ ᠵᠤᠬᠢᠶᠠᠬᠰᠡᠨ ᠴᠠᠬᠠᠷ ᠨᠠᠢᠮᠠ ᠵᠠᠰᠠᠬ ᠤᠨ ᠪᠠᠶᠢᠭᠤᠯᠤᠮᠵᠢ ᠪᠤᠯᠤᠨ ᠪᠦᠬᠦᠳᠡ ᠶᠢᠨ ᠳᠠᠷᠤᠭ᠎ᠠ ᠶᠢᠨ ᠨᠠᠢᠮᠠᠨ ᠬᠤᠰᠢᠭᠤᠨ ᠤ ᠪᠠᠶᠢᠭᠤᠯᠤᠮᠵᠢ ᠲᠠᠢ ᠤᠬᠳᠦ ᠠᠳᠠᠯᠢ ᠦᠬᠡᠢ ᠶᠤᠮ᠃      ᠳᠡᠬᠡᠳᠦ ᠡᠷᠳᠡᠮᠳᠦ ᠶᠢᠨ ᠠᠩᠬᠠᠳᠠᠬᠴᠢ ᠤᠨ ᠳᠤ ᠤᠤᠯ ᠤᠨ ᠴᠠᠬᠠᠷ ᠠᠶᠢᠮᠠᠬ ᠢ ᠳᠠᠷᠬᠠᠭᠠᠬᠤ᠂ ᠬᠤᠪᠢᠶᠠᠬᠤ ᠡᠰᠡᠬᠦᠯ᠎ᠡ ᠬᠤᠳᠬᠤᠨ ᠨᠡᠶᠢᠯᠡᠬᠦᠯᠬᠦ᠂ ᠮᠤᠩᠭᠤᠯ ᠤᠨ ᠪᠤᠰᠤᠳ ᠠᠶᠢᠮᠠᠬ ᠤᠨ ᠬᠢᠨ ᠢ ᠨᠡᠮᠡᠨ ᠤᠷᠤᠭᠤᠯᠬᠤ ᠵᠡᠷᠬᠡ ᠰᠠᠯᠭᠠᠨ ᠵᠠᠬᠢᠷᠬᠤ ᠠᠷᠭ᠎ᠠ ᠶᠢ ᠬᠡᠷᠡᠭᠯᠡᠵᠦ᠂ ᠴᠠᠬᠠᠷ ᠨᠠᠢᠮᠡᠨ ᠵᠠᠰᠠᠬ ᠬᠤᠰᠢᠭᠤ ᠶᠢ ᠵᠤᠬᠢᠶᠠᠬᠰᠡᠨ ᠪᠠᠶᠢᠯ᠎ᠡ᠃ ᠡᠩᠬᠡ ᠠᠮᠤᠭᠤᠯᠠᠩ ᠤᠨ 14 ᠳ᠋ᠤᠬᠡᠷ ᠤᠨ ︵1675 ᠤᠨ︶ ᠤ 3 ᠰᠠᠷ ᠎ᠡ ᠳᠤ ᠴᠠᠬᠠᠷ ᠤᠨ ᠯᠢᠭᠳᠡᠨ ᠬᠠᠭᠠᠨ ᠤ ᠠᠴᠢ ᠰᠦᠮᠪᠦᠷ᠂ ᠯᠤᠪᠰᠡᠩ ᠠᠬ᠎ᠠ ᠳᠡᠬᠦᠦ ᠬᠤᠶᠠᠭᠤᠯᠠ ᠶᠢᠨ ᠮᠠᠨᠵᠦ ᠶᠢ ᠡᠰᠡᠷᠬᠦᠴᠡᠭᠰᠡᠨ ᠪᠤᠰᠤᠯᠭ᠎ᠠ ᠨᠢ ᠢᠯᠠᠬᠳᠡᠬᠰᠡᠨ ᠤ ᠳᠠᠷᠠᠭ᠎ᠠ ᠮᠠᠨᠵᠦ ᠴᠢᠩ ᠤᠯᠤᠰ ᠴᠠᠬᠠᠷ ᠠᠶᠢᠮᠠᠬ ᠲᠤ ᠰᠡᠷᠡᠮᠵᠢ ᠲᠠᠢ ᠪᠤᠯᠵᠦ᠂ ᠤᠤᠯ ᠤᠨ ᠬᠠᠷᠢᠶ᠎ᠡ᠂ ᠨᠤᠳᠤᠬ ᠢ ᠬᠤᠷᠢᠶᠠᠨ ᠠᠪᠴᠦ᠂ ᠱᠢᠤᠸᠠᠨ ᠬᠤᠸᠠ᠂ ᠳ᠋ᠡᠲ᠋ᠤᠩ ᠤᠨ ᠭᠠᠵᠡᠷ ᠰᠢᠯᠵᠢᠬᠦᠯᠦᠨ ᠮᠠᠯᠵᠢᠭᠤᠯᠪᠠ᠃ ᠴᠠᠬᠠᠷ ᠤᠨ ᠸᠠᠩ ᠬᠦᠡᠭ ᠵᠠᠰᠠᠬ ᠬᠤᠰᠢᠭᠤ ᠶᠢ ᠨᠢ ᠦᠬᠡᠶᠢᠰᠬᠡᠵᠦ᠂ ᠴᠠᠬᠠᠷ ᠤᠨ ᠤᠭᠤᠷᠳᠡ ︵ᠪᠦᠬᠦᠳᠡ ᠶᠢᠨ ᠳᠠᠷᠤᠭ᠎ᠠ︶ ᠨᠠᠢᠮᠠᠨ ᠬᠤᠰᠢᠭᠤ ᠵᠤᠬᠢᠶᠡᠵᠦ᠂ ᠵᠡᠩ ᠵᠢᠶᠠ ᠺᠸᠤ ᠳᠤ ᠳ᠋ᠦᠲ᠋ᠤᠩ ᠶᠠᠮᠤᠨ ᠪᠠᠶᠢᠭᠤᠯᠵᠦ ᠵᠠᠬᠢᠷᠤᠭᠤᠯᠪᠠ᠃ ᠡᠬᠦᠨ ᠤ ᠳᠠᠷᠠᠭ᠎ᠠ ᠪᠠᠷ ᠮᠠᠨᠵᠦ ᠤᠯᠤᠰ ᠢ ᠳᠠᠭᠠᠷ᠎ᠡ ᠢᠷᠡᠭᠰᠡᠨ ᠪᠤᠰᠤᠳ ᠮᠤᠩᠭᠤᠯ ᠠᠶᠢᠮᠠᠬ ᠤᠨ ᠢᠷᠬᠡᠳ ᠢ ᠡᠨᠡ ᠬᠦ ᠴᠠᠬᠠᠷ ᠨᠠᠢᠮᠠᠨ ᠬᠤᠰᠢᠭᠤᠨ ᠳᠤ ᠬᠤᠪᠢᠶᠠᠨ ᠤᠷᠤᠭᠤᠯᠪᠠ︾ ᠬᠡᠵᠦ ᠳᠡᠮᠳᠡᠭᠯᠡᠵᠦ ᠪᠠᠶᠢᠨ᠎ᠡ᠃      2004 ᠤᠨ ᠤ 8 ᠰᠠᠷ ᠎ᠡ ᠳᠤ ᠬᠡᠪᠯᠡᠭᠳᠡᠭᠰᠡᠨ ︽ᠤᠯᠠᠭᠠᠨᠴᠠᠪ ᠠᠶᠢᠮᠠᠭ ᠤᠨ ᠤᠢᠢᠯᠠᠯᠭ᠎ᠠ︾ ᠳᠤ ᠴᠠᠬᠠᠷ ᠨᠠᠢᠮᠠᠨ ᠬᠤᠰᠢᠭᠤ ᠶᠢ ᠪᠠᠶᠢᠭᠤᠯᠤᠬᠰᠡᠨ ᠤ ᠰᠡᠬᠦᠯᠡᠷ ᠮᠡᠨᠵᠦ ᠴᠢᠩ ᠤᠯᠤᠰ ᠠᠴᠠ ︽ᠰᠢᠨᠵᠢᠶᠠᠩ ᠤᠨ ᠢᠯᠢ ᠶᠢᠨ ︿ᠦᠬᠡᠯᠡᠳ﹀ ᠬᠠᠯᠠ ᠶᠢᠨ ᠬᠢᠨ ᠢ ᠬᠦᠪᠡᠬᠡᠳᠦ ᠬᠦᠬᠡ ᠬᠤᠰᠢᠭᠤᠨ ᠤ 8 ᠳ᠋ᠤᠭᠠᠷ ᠰᠤᠮᠤ ᠳᠤ ᠳᠤᠬᠢᠷᠠᠭᠤᠯᠪᠠ᠃ ᠬᠦᠯᠦᠨ ᠪᠤᠶᠢᠷ ᠤᠨ ᠰᠢᠨ᠎ᠡ ᠪᠠᠷᠭᠤ ᠬᠤᠰᠢᠭᠤᠨ ᠤ ︿ᠪᠠᠷᠭᠤ﹀ ᠮᠤᠩᠭᠤᠯ ᠢ ᠴᠠᠬᠠᠷ ᠨᠠᠢᠮᠠᠨ ᠬᠤᠰᠢᠭᠤᠨ ᠤ ᠬᠤᠰᠢᠭᠤ ᠪᠦᠷᠢ ᠳᠤ ᠬᠤᠶᠡᠷ ᠰᠤᠮᠤᠨ ᠳᠤ ᠳᠠᠷᠬᠠᠭᠠᠨ ᠳᠤᠬᠢᠷᠠᠭᠤᠯᠪᠠ ᠁︾ ᠬᠡᠵᠠᠢ᠃ ᠳᠤᠬᠠᠢ ᠶᠢᠨ ᠦᠶ᠎ᠡ ᠳᠤ ᠴᠠᠬᠠᠷ ᠨᠠᠢᠮᠠᠨ ᠬᠤᠰᠢᠭᠤ ᠵᠡᠬᠦᠨ᠂ ᠪᠠᠷᠠᠭᠤᠨ ᠭᠠᠷ ᠭᠡᠵᠦ ᠬᠤᠪᠢᠶᠠᠬᠰᠡᠨ ᠪᠦᠬᠡᠳ ᠨᠤᠳᠤᠬ ᠤᠰᠤ ᠳᠤᠩ ᠠᠭᠤᠳᠡᠮ ᠳᠡᠨᠢᠬᠡᠷ ᠪᠠᠶᠢᠬᠰᠡᠨ᠃ ᠳᠤᠬᠠᠢᠢᠯᠠᠪᠠᠯ ᠴᠠᠬᠠᠷ ᠪᠠᠷᠠᠭᠤᠨ ᠭᠠᠷᠦᠨ 4 ᠬᠤᠰᠢᠭᠤ ᠨᠢ ᠤᠳᠤ ᠶᠢᠨ ᠤᠯᠠᠭᠠᠨᠴᠠᠪ ᠤᠨ ᠨᠤᠳᠤᠭ ᠲᠤ ᠪᠠᠶᠢᠪᠠ᠃ ᠵᠡᠬᠦᠨ ᠠᠴᠠ ᠪᠠᠷᠠᠭᠤᠨᠰᠢ᠂ ᠰᠢᠯᠤᠭᠤᠨ ᠰᠢᠷ᠎ᠡ ᠬᠤᠰᠢᠭᠤ ᠶᠢᠨ ᠨᠤᠳᠤᠭ ᠳᠡᠪᠢᠰᠬᠡᠷ ᠲᠤ ᠡᠳᠦᠬᠡ ᠶᠢᠨ ᠴᠠᠬᠠᠷ ᠪᠠᠷᠠᠭᠤᠨ ᠡᠮᠤᠨᠡᠳᠦ ᠬᠤᠰᠢᠭᠤ᠂ ᠰᠢᠩ ᠾᠧ ᠰᠢᠶᠠᠨ ᠤ ᠶᠡᠬᠡᠨᠭᠬᠡᠢ ᠬᠡᠰᠡᠭ᠂ ᠱᠠᠩᠳᠦ ᠰᠢᠶᠠᠨ ᠤ ᠪᠠᠷᠠᠭᠤᠨ ᠡᠮᠤᠨᠡᠳᠦ ᠬᠡᠰᠡᠭ ᠪᠤᠯᠤᠨ ᠪᠠᠷᠠᠭᠤᠨ ᠭᠠᠷᠦᠨ ᠬᠤᠶᠢᠳᠦ ᠬᠤᠰᠢᠭᠤᠨ ᠤ ᠵᠡᠬᠦᠨ ᠬᠡᠰᠡᠭ ᠵᠡᠷᠬᠡ ᠪᠠᠭᠳᠡᠵᠦ ᠪᠠᠶᠢᠯ᠎ᠡ᠃ ᠰᠢᠯᠤᠭᠤᠨ ᠤᠯᠠᠭᠠᠨ ᠬᠤᠰᠢᠭᠤᠨ ᠤ ᠨᠤᠳᠤᠬ ᠳᠡᠪᠢᠰᠬᠡᠷ ᠲᠤ ᠡᠳᠦᠬᠡ ᠶᠢᠨ ᠵᠢᠨᠢᠩ ᠬᠤᠳᠡ᠂ ᠴᠠᠬᠠᠷ ᠪᠠᠷᠠᠭᠤᠨ ᠭᠠᠷᠦᠨ ᠡᠮᠤᠨᠡᠳᠦ᠂ ᠬᠤᠶᠢᠳᠦ ᠬᠤᠶᠡᠷ ᠬᠤᠰᠢᠭᠤᠨ ᠤ ᠪᠠᠷᠠᠭᠤᠨ ᠬᠡᠰᠡᠭ᠂ ᠹᠸᠡᠭ ᠵᠧᠨ ᠬᠤᠳᠡ ᠶᠢᠨ ᠪᠠᠷᠠᠭᠤᠨ ᠬᠡᠰᠡᠭ ᠪᠤᠯᠤᠨ ᠵᠦᠸᠧ ᠽᠢ ᠰᠢᠶᠠᠨ ᠤ ᠵᠡᠬᠦᠨ ᠬᠤᠶᠢᠳᠦ ᠬᠡᠰᠡᠭ ᠵᠡᠷᠬᠡ ᠪᠠᠭᠳᠡᠵᠦ ᠪᠠᠶᠢᠯ᠎ᠡ᠃ ᠬᠦᠪᠡᠬᠡᠳᠦ ᠤᠯᠠᠭᠠᠨ ᠬᠤᠰᠢᠭᠤ ᠶᠢᠨ ᠨᠤᠳᠤᠬ ᠳᠡᠪᠢᠰᠬᠡᠷ ᠲᠤ ᠡᠳᠦᠬᠡ ᠶᠢᠨ ᠴᠠᠬᠠᠷ ᠪᠠᠷᠠᠭᠤᠨ ᠭᠠᠷᠦᠨ ᠳᠤᠮᠳᠡᠳᠦ ᠬᠤᠰᠢᠭᠤ ᠶᠢᠨ ᠵᠡᠬᠦᠨ ᠡᠮᠤᠨ᠎ᠡ ᠬᠡᠰᠡᠭ᠂ ᠵᠦᠸᠧ ᠽᠢ ᠰᠢᠶᠠᠨ ᠤ ᠵᠡᠬᠦᠨ ᠬᠡᠰᠡᠭ᠂ ᠯᠢᠶᠠᠩ ᠴᠸᠡᠭ ᠰᠢᠶᠠᠨ ᠤ ᠶᠡᠬᠡᠨᠭᠬᠡᠢ ᠬᠡᠰᠡᠭ᠂ ᠹᠸᠡᠭ ᠵᠧᠨ ᠬᠤᠳᠡ ᠶᠢᠨ ᠪᠠᠷᠠᠭᠤᠨ ᠳᠠᠯ᠎ᠡ ᠶᠢᠨ ᠨᠢᠬᠡ ᠪᠠᠭ᠎ᠠ ᠬᠡᠰᠡᠭ ᠵᠡᠷᠬᠡ ᠪᠠᠭᠳᠡᠵᠦ ᠪᠠᠶᠢᠨ᠎ᠡ᠃ ᠬᠦᠪᠡᠬᠡᠳᠦ ᠬᠦᠬᠡ ᠬᠤᠰᠢᠭᠤᠨ ᠤ ᠨᠤᠳᠤᠬ ᠳᠡᠪᠢᠰᠬᠡᠷ ᠲᠤ ᠡᠳᠦᠬᠡ ᠶᠢᠨ ᠴᠠᠬᠠᠷ ᠪᠠᠷᠠᠭᠤᠨ ᠭᠠᠷᠦᠨ ᠳᠤᠮᠳᠡᠳᠦ ᠬᠤᠰᠢᠭᠤ ᠶᠢᠨ ᠪᠠᠷᠠᠭᠤᠨ ᠬᠡᠰᠡᠭ ᠪᠤᠯᠤᠨ ᠬᠤᠶᠢᠳᠦ ᠬᠡᠰᠡᠭ᠂ ᠵᠦᠸᠧ ᠽᠢ ᠰᠢᠶᠠᠨ ᠤ ᠶᠡᠬᠡᠨᠭᠬᠡᠢ ᠬᠡᠰᠡᠭ᠂ ᠯᠢᠶᠠᠩ ᠴᠸᠡᠭ ᠰᠢᠶᠠᠨ ᠤ ᠪᠠᠷᠠᠭᠤᠨ ᠬᠡᠰᠡᠭ ᠪᠤᠯᠤᠨ ᠡᠦ ᠴᠤᠸᠠᠨ ᠰᠢᠶᠠᠨ ᠤ ᠵᠡᠬᠦᠨ ᠳᠠᠯ᠎ᠡ ᠶᠢᠨ ᠨᠢᠬᠡ ᠪᠠᠭ᠎ᠠ ᠬᠡᠰᠡᠭ ᠵᠡᠷᠬᠡ ᠪᠠᠭᠳᠡᠵᠦ ᠪᠠᠶᠢᠯ᠎ᠡ᠃      ᠴᠠᠬᠠᠷ ᠵᠡᠬᠦᠨ ᠭᠠᠷᠦᠨ ᠬᠤᠰᠢᠭᠤ ᠨᠤᠭᠤᠳ ᠨᠢ ᠡᠳᠦᠬᠡ ᠶᠢᠨ ᠰᠢᠯᠢ ᠶᠢᠨ ᠭᠤᠤᠯ ᠠᠶᠢᠮᠠᠬ ᠲᠤ ᠪᠠᠭᠳᠡᠵᠦ ᠪᠠᠶᠢᠨ᠎ᠡ᠃ ᠡᠬᠦᠨ ᠳᠤ ᠰᠢᠯᠤᠭᠤᠨ ᠬᠦᠬᠡ ᠬᠤᠰᠢᠭᠤ᠂ ᠰᠢᠯᠤᠭᠤᠨ ᠴᠠᠭᠠᠨ ᠬᠤᠰᠢᠭᠤ᠂ ᠬᠦᠪᠡᠬᠡᠳᠦ ᠰᠢᠷ᠎ᠡ ᠬᠤᠰᠢᠭᠤ ︵ᠠᠳᠡ ᠬᠠᠭᠠᠨ ᠤ ᠤᠷᠳᠤᠨ ᠤ ᠠᠬᠳᠡ ᠶᠢᠨ ᠳᠠᠯᠠᠪᠠᠢ ᠪᠠᠶᠢᠬᠰᠡᠨ︶ ᠵᠡᠷᠬᠡ ᠲᠦᠷᠪᠡᠨ ᠬᠤᠰᠢᠭᠤ ᠪᠤᠯᠤᠨ᠎ᠡ᠃      ᠮᠦᠡᠭᠬᠡᠳᠠᠯᠠᠢ ᠶᠢᠨ ︽ᠪᠠᠷᠭᠤ ᠮᠤᠩᠭᠤᠯ ᠤᠨ ᠳᠡᠤᠬᠡ︾ ᠳᠤ ᠡᠩᠬᠡ ᠠᠮᠤᠭᠤᠯᠠᠩ ᠤᠨ ᠤᠨ ᠤ ᠦᠶ᠎ᠡ ᠳᠤ ᠳᠠᠷᠦᠢ ᠭᠠᠯᠳᠡᠨ ᠪᠤᠱᠤᠬᠳᠦ ᠶᠢᠨ ᠳᠤᠪᠳᠤᠯᠤᠯ ᠢ ᠳᠦᠪᠰᠢᠳᠬᠡᠭᠰᠡᠨ ᠤ ᠳᠠᠷᠠᠭ᠎ᠠ᠂ ᠮᠠᠨᠵᠦ ᠶᠢᠨ ᠬᠠᠭᠠᠨ ᠨᠢᠬᠡᠨᠳᠡ ᠳᠠᠭᠠᠷ᠎ᠠ ᠤᠷᠤᠬᠰᠡᠨ ᠬᠠᠯᠬ᠎ᠠ᠂ ᠪᠠᠷᠭᠤ᠂ ᠵᠦᠡᠭᠭᠠᠷ ᠬᠦᠮᠦᠰ ᠢ ᠴᠠᠬᠠᠷ ᠨᠠᠢᠮᠠᠨ ᠬᠤᠰᠢᠭᠤᠨ ᠳᠤ ᠵᠠᠯᠭᠠᠪᠠᠷ ᠳᠤᠬᠢᠷᠠᠭᠤᠯᠤᠨ ᠤᠷᠤᠭᠤᠯᠵᠦ ᠪᠠᠶᠢᠬᠰᠡᠨ᠃ 1726 ᠤᠨ ︵ᠨᠠᠶᠢᠷᠡᠯᠳᠦ ᠲᠦᠪ ᠤᠨ 4 ᠳ᠋ᠤᠬᠡᠷ ᠤᠨ︶ ᠳᠤ ᠨᠢᠬᠡᠨ ᠤᠷᠤᠰ ᠠᠴᠠ ᠳᠤᠳᠠᠭᠠᠨ ᠢᠷᠡᠭᠰᠡᠨ ᠮᠤᠩᠭᠤᠯ ᠬᠦᠮᠦᠨ᠂ ᠮᠤᠩᠭᠤᠯ ᠤᠨ ᠵᠢᠶᠦ᠋ᠨ ᠸᠠᠩ ᠳ᠋ᠠᠩᠵᠢᠨᠳᠤᠷᠵᠢ ᠳᠤ ᠮᠡᠳᠡᠬᠦᠯᠦᠭᠰᠡᠨ ᠨᠢ᠄ ᠳᠡᠷᠡ ᠤᠷᠤᠰ ᠬᠦᠮᠦᠨ ᠤ ᠶᠠᠷᠢᠶᠠᠨ ᠳᠤᠮᠳᠡ ᠠᠴᠠ ᠤᠷᠤᠰᠴᠤᠳ ︽ᠳᠤᠯᠤᠨ ᠨᠤᠶᠡᠨᠳᠡᠨ᠂ ᠴᠠᠬᠠᠷ ᠨᠠᠢᠮᠠᠨ ᠬᠤᠰᠢᠭᠤᠨ ᠳᠤ ᠬᠠᠷᠢᠶᠠᠯᠠᠬᠳᠡᠵᠦ ᠪᠠᠶᠢᠭ᠎ᠠ ᠪᠠᠷᠭᠤᠴᠤᠳ ᠢ ᠡᠷᠢᠵᠦ ᠠᠪᠠᠴᠢᠬᠤ ᠪᠠᠷ ᠪᠠᠶᠢᠨ᠎ᠡ︾ ᠬᠡᠵᠠᠢ᠃ ︿ᠮᠠᠨᠵᠦ ᠶᠢᠨ ᠱᠢ ᠽᠦᠡᠭ ᠤᠨ ᠦᠨᠡᠨ ᠬᠠᠤᠯᠢᠳᠦ ᠪᠢᠴᠢᠭ﹀ ᠲᠤᠷ ᠳᠡᠮᠳᠡᠭᠯᠡᠭᠰᠡᠨ ᠠᠨᠤ᠄ ᠨᠠᠶᠢᠷᠡᠯᠳᠦ ᠳᠦᠪ ᠤᠨ 10 ᠳ᠋ᠤᠭᠠᠷ ᠤᠨ ︵1732 ᠤᠨ︶ ᠳᠤ ᠴᠡᠷᠢᠭ ᠤᠨ ᠶᠠᠪᠤᠳᠡᠯ ᠤᠨ ᠰᠠᠶᠢᠳ ᠤᠨ ᠠᠶᠢᠯᠡᠳᠬᠠᠬᠰᠡᠨ ᠠᠨᠤ᠄ ︿ᠡᠳᠦᠬᠡ ᠴᠬᠠᠠᠷ ᠪᠠᠷᠭᠤ ᠠᠬ᠎ᠠ ᠳᠡᠬᠦᠦ ᠮᠤᠩᠭᠤᠯ ᠤᠨ ᠢᠳᠡᠷ ᠡᠷ᠎ᠡ ᠨᠢᠬᠡ ᠮᠢᠩᠭ᠎ᠠ ᠲᠦᠷᠪᠡ᠂ ᠳᠠᠪᠦᠨ ᠵᠠᠭᠤ ᠪᠤᠢ᠂ ᠨᠤᠮᠤ ᠰᠤᠮᠤ ᠶᠠᠭᠤᠢ ᠰᠠᠶᠢᠨ᠂ ᠡᠷᠡᠴᠤᠳ ᠨᠢ ᠬᠦᠳᠡᠷ ᠴᠢᠬᠢᠷᠠᠬ᠂ ᠡᠯ᠎ᠡ ᠭᠠᠵᠡᠷ ᠤᠨ ᠦᠯᠦᠰᠬᠦᠯᠠᠩ ᠠᠷᠡᠳ ᠲᠠᠢ ᠪᠠᠨ ᠨᠡᠶᠢᠯᠡᠪᠡᠯ ᠬᠤᠶᠡᠷ ᠮᠢᠩᠭ᠎ᠠ ᠭᠠᠷᠦᠢ ᠬᠦᠮᠦᠨ ᠪᠠᠶᠢᠨ᠎ᠡ᠃ ᠡᠳᠡᠬᠡᠷ ᠬᠦᠮᠦᠰ ᠢ ᠠᠷᠪᠠ ᠶᠢᠰᠦᠨ ᠰᠤᠮᠤ ᠪᠤᠯᠭᠠᠨ ᠵᠤᠬᠢᠶᠠᠵᠦ᠂ ᠤᠤᠯ ᠤᠨ ᠪᠠᠶᠢᠬᠰᠡᠨ 81 ᠰᠤᠮᠤ ᠲᠠᠢ ᠨᠡᠶᠢᠳᠡ 100 ᠰᠤᠮᠤ ᠪᠤᠯᠭᠠᠬᠤ ᠪᠤᠯᠪᠠᠤ ᠁ ᠡᠬᠦᠨ ᠤ ᠳᠤᠯᠠ ᠡᠷᠬᠦᠪᠠᠢ﹀ ᠬᠡᠮᠡᠵᠦᠬᠡᠢ᠃ ᠡᠬᠦᠨ ᠠᠴᠠ ᠦᠵᠡᠬᠦᠶ᠎ᠡ ᠴᠠᠬᠠᠷ ᠨᠠᠶᠢᠮᠠᠨ ᠬᠤᠰᠢᠭᠤᠨ ᠳᠤ ᠤᠷᠤᠬᠰᠡᠨ ᠪᠠᠷᠭᠤᠴᠤᠳ ᠪᠤᠯ ᠡᠩᠬᠡ ᠠᠮᠤᠭᠤᠯᠠᠩ ᠤᠨ ᠤᠨ ᠤ ᠦᠶ᠎ᠡ ᠳᠤ ᠨᠡᠬᠦᠵᠦ ᠢᠷᠡᠭᠰᠡᠨ ᠬᠡᠳᠡᠭ ᠨᠢ ᠰᠡᠵᠢᠭᠯᠡᠭᠳᠡᠰᠢ ᠦᠬᠡᠢ ᠶᠤᠮ︾ ᠬᠡᠮᠡᠨ ᠦᠬᠦᠯᠡᠵᠦᠬᠦᠢ᠃      ᠮᠦᠡᠭᠬᠡᠳᠠᠯᠠᠢ ᠵᠠᠯᠭᠠᠭᠠᠳ ᠪᠠᠰᠠ ᠬᠦᠪᠡᠬᠡᠳᠦ ᠴᠠᠭᠠᠨ ᠬᠤᠰᠢᠭᠤᠨ ᠳᠤ ᠬᠠᠷᠢᠶᠠᠯᠠᠬᠳᠡᠵᠦ ᠪᠠᠶᠢᠭ᠎ᠠ ᠴᠠᠬᠠᠷ ᠭᠤᠷᠪᠠᠳᠤᠭᠠᠷ ᠰᠤᠮᠤ ᠪᠤᠯ ᠤᠤᠯ ᠤᠨ ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠳᠤ ᠪᠠᠷᠭᠤ ᠵᠡᠷᠬᠡ ᠮᠤᠩᠭᠤᠯ ᠪᠤᠯᠤᠨ ᠴᠠᠬᠠᠷ ᠮᠤᠩᠭᠤᠯ ᠤᠨ ᠢᠳᠡᠷ ᠡᠷ᠎ᠡ ᠶᠢ ᠨᠡᠶᠢᠯᠡᠬᠦᠯᠵᠦ ᠵᠤᠬᠢᠶᠠᠬᠰᠡᠨ ᠨᠢᠬᠡ ᠰᠤᠮᠤ ᠮᠦᠨ ᠬᠡᠰᠡᠨ ᠢ ︽ᠨᠠᠢᠮᠠᠨ ᠬᠤᠰᠢᠭᠤᠨ ᠤ ᠨᠡᠪᠳᠡᠷᠬᠡᠢ ᠳᠡᠮᠳᠡᠭᠯᠡᠯ︾ ᠳᠤ ᠳᠡᠮᠳᠡᠭᠯᠡᠵᠦ ᠪᠠᠶᠢᠨ᠎ᠡ ᠬᠡᠵᠠᠢ᠃      ᠮᠦᠡᠭᠬᠡᠳᠠᠯᠠᠢ ᠪᠠᠰᠠ ᠳᠡᠤᠬᠡ ᠶᠢᠨ ᠮᠠᠲ᠋ᠧᠷᠢᠶᠠᠯ ᠳᠤ ᠳᠡᠮᠳᠡᠭᠯᠡᠭᠰᠡᠨ ᠠᠴᠠ ᠡᠰᠢ ᠳᠡᠳᠡᠵᠦ᠂ ᠴᠠᠬᠠᠷ ᠰᠢᠯᠤᠭᠤᠨ ᠰᠢᠷ᠎ᠠ ᠬᠤᠰᠢᠭᠤᠨ ᠤ 12 ᠳ᠋ᠤᠭᠠᠷ ᠰᠤᠮᠤᠨ ᠳᠤ 1946 ᠤᠨ ᠠᠴᠠ 1947 ᠤᠨ ᠤ ᠬᠤᠭᠤᠷᠤᠨᠳᠦ 108 ᠡᠷᠦᠬᠡ᠂ 400 ᠭᠠᠷᠦᠢ ᠪᠠᠷᠭᠤ ᠬᠦᠮᠦᠨ ᠪᠠᠶᠢᠬᠰᠡᠨ᠃ ᠰᠢᠯᠤᠭᠤᠨ ᠰᠢᠷ᠎ᠡ ᠬᠤᠰᠢᠭᠤᠨ ᠤ 13 ᠳ᠋ᠤᠭᠠᠷ ᠰᠤᠮᠤᠨ ᠳᠤ 80 ᠭᠠᠷᠦᠢ ᠡᠷᠦᠬᠡ ᠪᠠᠷᠭᠤ ᠠᠶᠢᠯ ᠪᠠᠶᠢᠬᠰᠡᠨ᠃ ᠬᠦᠪᠡᠬᠡᠳᠦ ᠰᠢᠷ᠎ᠡ ᠬᠤᠰᠢᠭᠤᠨ ᠤ 11 ᠳ᠋ᠤᠭᠡᠷ ᠰᠤᠮᠤ ᠪᠤᠯ ᠴᠤᠯ ᠪᠠᠷᠭᠤ ᠬᠦᠮᠦᠨ ᠢᠶᠠᠷ ᠪᠦᠷᠢᠯᠳᠦᠭᠰᠡᠨ ᠰᠤᠮᠤ ᠮᠦᠨ︾ ᠬᠡᠵᠦ ᠳᠤᠳᠤᠷᠬᠠᠢ ᠢᠯᠡᠳᠬᠡᠵᠠᠢ᠃      ᠬᠦᠯᠦᠨ ᠪᠤᠶᠢᠷ ᠳᠡᠬᠡᠳᠦ ᠰᠤᠷᠭᠠᠭᠤᠯᠢ ᠶᠢᠨ ᠳᠡᠤᠬᠡ ᠶᠢᠨ ᠫᠷᠤᠹᠧᠰᠰᠤᠷ ᠱᠠᠬᠳᠡᠷ ᠤᠨ ᠰᠤᠩᠳᠦᠢ ︽ᠡᠷᠳᠡᠨ ᠤ ᠪᠠᠷᠭᠤ ᠶᠠᠰᠦᠳᠡᠨ︾ ᠬᠡᠬᠦ ᠨᠤᠮ ᠳᠠᠭᠠᠨ ︽ᠮᠠᠨᠵᠦ ᠶᠢᠨ ᠨᠤᠶᠠᠷᠬᠠᠭᠴᠢᠳ ᠴᠠᠬᠠᠷ ᠢ ᠡᠷᠬᠡᠰᠢᠶᠡᠵᠦ ᠤᠷᠤᠭᠤᠯᠤᠬᠰᠡᠨ ᠤ ᠳᠠᠷᠠᠭ᠎ᠠ ᠴᠠᠬᠠᠷ ᠲᠤ ᠨᠠᠢᠮᠠᠨ ᠬᠤᠰᠢᠭᠤ ᠶᠢ ᠪᠠᠶᠢᠭᠤᠯᠪᠠ ︵1675 ᠤᠨ ᠳᠤ︶᠃ ᠢᠡᠭᠬᠢᠬᠡᠳ ᠤᠤᠯ ᠤᠨ ᠠᠯᠳᠡᠨ ᠬᠠᠭᠠᠨ ᠤ ᠬᠠᠷᠢᠶᠠᠨ ᠳᠤ ᠪᠠᠶᠢᠬᠰᠡᠨ ᠪᠠᠷᠭᠤᠴᠤᠳ ᠨᠢ ᠮᠠᠨᠵᠦ ᠶᠢᠨ ᠴᠠᠬᠠᠷ ᠨᠠᠢᠮᠠᠨ ᠬᠤᠰᠢᠭᠤᠨ ᠳᠤ ᠬᠤᠪᠢᠶᠠᠬᠳᠡᠨ ᠵᠠᠬᠢᠷᠤᠬᠳᠡᠪᠠ᠃ ᠴᠠᠬᠠᠷ ᠤᠨ ᠰᠢᠯᠤᠭᠤᠨ ᠰᠢᠷ᠎ᠡ ᠬᠤᠰᠢᠭᠤᠨ ᠤ 12 ᠳ᠋ᠤᠭᠠᠷ ᠰᠤᠮᠤ ᠪᠤᠶᠤ 13 ᠳ᠋ᠤᠭᠠᠷ ᠰᠤᠮᠤᠨ ᠳᠤ ᠬᠡᠳᠦᠨ ᠵᠠᠭᠤᠨ ᠡᠷᠦᠬᠡ ᠪᠠᠷᠭᠤᠴᠤᠳ ᠪᠠᠶᠢᠪᠠ᠃ ᠬᠦᠪᠡᠬᠡᠳᠦ ᠬᠦᠬᠡ ᠬᠤᠰᠢᠭᠤᠨ ᠤ 8 ᠳ᠋ᠤᠭᠠᠷ ᠰᠤᠮᠤ ᠪᠤᠯ ᠴᠤᠯ ᠪᠠᠷᠭᠤᠴᠤᠳ ᠢᠶᠠᠷ ᠪᠦᠷᠢᠯᠳᠦᠭᠰᠡᠨ ᠰᠤᠮᠤ ᠶᠤᠮ︾ ᠬᠡᠵᠠᠢ᠃ ᠳᠡᠷᠡ ᠪᠠᠰᠠ ︽ᠴᠠᠬᠠᠷ ᠮᠤᠩᠭᠤᠯ ᠦᠨᠳᠦᠰᠦᠳᠡᠨ ᠤ ᠳᠡᠤᠬᠡᠨ ᠦᠬᠦᠯᠡᠯ︾ ᠠᠴᠠ ᠡᠰᠢ ᠳᠡᠳᠡᠵᠦ᠂ ︽ᠬᠦᠪᠡᠬᠡᠳᠦ ᠰᠢᠷ᠎ᠡ ᠬᠤᠰᠢᠭᠤᠨ ᠤ 7 ᠳ᠋ᠤᠭᠠᠷ᠂ 10 ᠳ᠋ᠤᠭᠠᠷ ᠰᠤᠮᠤ᠂ ᠬᠦᠪᠡᠬᠡᠳᠦ ᠤᠯᠠᠭᠠᠨ ᠬᠤᠰᠢᠭᠤᠨ ᠤ 2 ᠳ᠋ᠤᠭᠠᠷ᠂ 10 ᠳ᠋ᠤᠭᠠᠷ ᠰᠤᠮᠤ᠂ ᠰᠢᠯᠤᠭᠤᠨ ᠬᠦᠬᠡ ᠬᠤᠰᠢᠭᠤᠨ ᠤ 7 ᠳ᠋ᠤᠭᠠᠷ᠂ 8 ᠳ᠋ᠤᠭᠠᠷ ᠰᠤᠮᠤ᠂ ᠰᠢᠯᠤᠭᠤᠨ ᠴᠠᠭᠠᠨ ᠬᠤᠰᠢᠭᠤᠨ ᠤ 12 ᠳ᠋ᠤᠭᠠᠷ᠂ 13 ᠳ᠋ᠤᠭᠠᠷ ᠰᠤᠮᠤ᠂ ᠬᠦᠪᠡᠬᠡᠳᠦ ᠰᠢᠷ᠎ᠡ ᠬᠤᠰᠢᠭᠤᠨ ᠤ 16 ᠳ᠋ᠤᠭᠠᠷ᠂ 17 ᠳ᠋ᠤᠭᠠᠷ ᠰᠤᠮᠤ ᠪᠤᠯ ᠪᠦᠷ ᠪᠠᠷᠭᠤ ᠬᠦᠮᠦᠨ ᠤ ᠰᠤᠮᠤ ᠪᠠᠶᠢᠵᠠᠢ︾ ᠬᠡᠵᠦ ᠦᠬᠦᠯᠡᠵᠠᠢ᠃ ᠭᠠᠯᠵᠤᠳ᠂ ᠲᠦᠪᠰᠢᠨᠨᠢᠮ᠎ᠡ ᠶᠢᠨ ᠨᠠᠶᠢᠷᠠᠭᠤᠯᠤᠨ ᠵᠤᠬᠢᠶᠠᠬᠰᠡᠨ ︽ᠪᠠᠷᠭᠤᠴᠤᠳ ᠤᠨ ᠳᠡᠤᠬᠡᠨ ᠢᠷᠡᠯᠳᠡ︾ ᠬᠡᠮᠡᠬᠦ ᠵᠤᠬᠢᠶᠠᠯ ᠤᠨ ︽ᠴᠢᠩ ᠤᠯᠤᠰ ᠤᠨ ᠦᠶ᠎ᠡ ᠶᠢᠨ ᠪᠠᠷᠭᠤᠴᠤᠳ︾ ᠪᠦᠯᠦᠭ ᠲᠤ ︽᠁ ᠪᠠᠰᠠ ᠴᠠᠬᠠᠷ ᠨᠠᠢᠮᠠᠨ ᠬᠤᠰᠢᠭᠤᠨ ᠤ ᠬᠤᠰᠢᠭᠤ ᠪᠦᠷᠢ ᠳᠤ ᠪᠠᠷᠭᠤᠴᠤᠳ ᠪᠠᠶᠢᠵᠠᠢ᠃ ᠳᠡᠳᠡᠬᠡᠷ ᠪᠠᠷᠭᠤᠴᠤᠳ ᠤᠳᠤ ᠴᠤ ᠳᠡᠨᠳᠡ ᠪᠠᠨ ᠨᠤᠳᠤᠬᠰᠢᠬᠰᠠᠭᠠᠷ ᠪᠠᠶᠢᠨ᠎ᠡ᠃ ᠳᠡᠳᠡᠨ ᠪᠤᠯ ᠤᠳᠤ ᠠᠴᠠ 285 ᠵᠢᠯ ᠤᠨ ᠡᠮᠤᠨ᠎ᠡ ᠴᠬᠠᠠᠷ ᠨᠤᠳᠤᠬ ᠲᠤ ᠤᠴᠢᠬᠰᠡᠨ ᠪᠠᠶᠢᠨ᠎ᠡ︾ ᠬᠡᠵᠠᠢ᠃ ᠳᠦᠪᠰᠢᠨᠨᠢᠮ᠎ᠡ ᠭᠤᠸᠠᠢ ᠡᠨᠡ ᠬᠦ ᠨᠤᠮ ᠢ 1985 ᠤᠨ ᠤ 8 ᠰᠠᠷ ᠎ᠡ ᠳᠤ ᠬᠡᠪᠯᠡᠬᠦᠯᠪᠠ᠃ ︽ᠤᠳᠤ ᠠᠴᠠ 285 ᠵᠢᠯ ᠤᠨ ᠡᠮᠤᠨ᠎ᠡ︾ ᠬᠡᠳᠡᠭ ᠨᠢ ᠪᠠᠷᠤᠬ ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠢ ᠵᠢᠭᠠᠵᠦ ᠪᠠᠶᠢᠬᠤ ᠪᠤᠯᠤᠯᠳᠠᠢ᠃ ᠡᠨᠡ ᠪᠤᠯ ᠮᠦᠡᠭᠬᠡᠳᠠᠯᠠᠢ ᠶᠢᠨ ᠦᠬᠦᠯᠡᠭᠰᠡᠨ ︽ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠳᠤ ᠪᠠᠷᠭᠤ ᠵᠡᠷᠬᠡ ᠮᠤᠩᠭᠤᠯ ᠪᠤᠯᠤᠨ ᠴᠠᠬᠠᠷ ᠮᠤᠩᠭᠤᠯ ᠤᠨ ᠢᠳᠡᠷ ᠡᠷ᠎ᠡ ᠶᠢ ᠨᠡᠶᠢᠯᠡᠬᠦᠯᠵᠦ ᠵᠤᠬᠢᠶᠠᠬᠰᠡᠨ ᠨᠢᠬᠡ ᠰᠤᠮᠦ︾ ᠬᠡᠳᠡᠭ ᠲᠠᠢ ᠴᠠᠬ ᠦᠶ᠎ᠡ ᠶᠢᠨ ᠳᠠᠯ᠎ᠡ ᠪᠠᠷ ᠵᠤᠬᠢᠴᠡᠯᠳᠦᠵᠦ ᠪᠠᠶᠢᠨ᠎ᠡ᠃ ᠬᠡᠪᠡᠴᠦ ᠡᠳᠡᠬᠡᠷ ᠪᠠᠷᠭᠤᠴᠤᠳ ᠨᠢ ᠡᠩᠬᠡ ᠠᠮᠤᠭᠤᠯᠠᠩ ᠤᠨ 38 ᠳ᠋ᠤᠭᠠᠷ ᠤᠨ ᠳᠤ ᠶᠠᠮᠡᠷ ᠰᠢᠯᠳᠠᠭᠠᠨ ᠢᠶᠠᠷ ᠬᠠᠮᠢᠭ᠎ᠠ ᠠᠴᠠ ᠴᠠᠬᠠᠷ ᠨᠤᠳᠤᠬ ᠲᠤ ᠤᠴᠢᠬᠰᠡᠨ ᠬᠡᠳᠡᠭ ᠢ ᠬᠠᠷᠠᠭᠤᠯᠬᠤ ᠴᠢᠬᠤᠯᠠᠳᠠᠢ ᠪᠠᠶᠢᠨ᠎ᠡ᠃ ︽ᠨᠠᠢᠮᠠᠨ ᠬᠤᠰᠢᠭᠤᠨ ᠤ ᠨᠡᠪᠳᠡᠷᠬᠡᠢ ᠳᠡᠮᠳᠡᠭᠯᠡᠯ︾ ᠳᠤ ︽ᠡᠩᠬᠡ ᠠᠮᠤᠭᠤᠯᠠᠩ ᠤᠨ 38 ᠳ᠋ᠤᠭᠠᠷ ᠤᠨ ︵1699 ᠤᠨ︶ ᠤ ᠳᠡᠷᠢᠬᠦᠨ ᠰᠠᠷ᠎ᠡ ᠳᠤᠷ ᠵᠠᠷᠯᠢᠭ᠄ ᠤᠷᠤᠵᠦ ᠦᠭᠬᠦᠭᠰᠡᠨ ᠭᠤᠷᠪᠡᠨ ᠮᠢᠩᠭᠠᠨ ᠤᠷᠴᠢᠮ ᠪᠠᠷᠭᠤ ᠶᠢ ᠴᠠᠬᠠᠷ ᠤᠨ ᠨᠤᠳᠤᠭ ᠲᠤ ᠰᠠᠭᠤᠯᠭᠠᠵᠦ᠂ ᠰᠤᠮᠤ ᠵᠤᠬᠢᠶᠠᠪᠠᠢ᠂ ᠶᠢᠰᠦᠨ ᠰᠠᠷ᠎ᠡ ᠳᠤ ᠪᠠᠷᠭᠤ ᠶᠢᠨ ᠰᠤᠮᠤᠨ ᠵᠠᠩᠬᠢ ᠡᠬᠢᠳᠦ ᠵᠡᠷᠬᠡ ᠬᠦᠮᠦᠨ᠂ ᠴᠠᠬᠠᠷ ᠤᠨ ᠳᠡᠳ᠋ ᠡᠯᠴᠢ ᠠᠮᠢᠳᠡᠨ᠂ ᠤᠷᠤᠯᠡᠨ ᠬᠦᠬᠡᠭᠴᠢ ᠪᠠᠨᠳᠠᠢ ᠵᠡᠷᠬᠡ ᠶᠢ ᠠᠯᠡᠵᠦ ᠮᠠᠯ ᠤᠨᠤᠭ᠎ᠠ ᠪᠠᠨ ᠠᠪᠴᠤ ᠳᠤᠳᠠᠭᠠᠬᠰᠡᠨ ᠳᠤ ᠡᠦ ᠳ᠋ᠠ ᠴᠸᠡᠭ ᠨᠡᠬᠡᠮᠵᠢᠯᠠᠪᠡᠢ᠃ ᠬᠠᠯᠬ᠎ᠠ ᠶᠢᠨ ᠬᠦᠡᠭ ᠰᠢᠪᠦᠳᠠᠢ᠂ ᠬᠠᠳᠡᠨ ᠵᠡᠷᠬᠡ ᠬᠦᠮᠦᠰ ᠨᠢᠬᠡᠨᠳᠡ ᠵᠠᠷᠯᠢᠭ ᠢ ᠤᠯᠵᠦ ᠮᠤᠩᠭᠤᠯ ᠴᠡᠷᠢᠭ ᠢᠶᠠᠷ ᠪᠦᠰᠡᠯᠡᠬᠡᠳ᠂ ᠡᠦ ᠳ᠋ᠠ ᠴᠸᠡᠭ 138 ᠬᠦᠮᠦᠨ ᠢ ᠠᠯᠡᠵᠦ᠂ 400 ᠬᠦᠮᠦᠨ ᠢ ᠬᠤᠷᠢᠶᠠᠮᠵᠢᠯᠡᠨ ᠡᠬᠡᠪᠡᠢ︾ ᠬᠡᠵᠦ ᠳᠡᠮᠳᠡᠭᠯᠡᠵᠠᠢ᠃ ᠡᠨᠡ ᠨᠢ ᠮᠠᠨᠵᠦ ᠴᠢᠩ ᠤᠨ ᠱᠢᠽᠦ᠋ᠡᠭ ᠬᠠᠭᠠᠨ  ᠨᠠᠶᠢᠷᠡᠯᠳᠦ ᠲᠦᠪ︶ ᠤ ᠦᠨᠡᠨ ᠬᠠᠤᠯᠢᠳᠦ ᠪᠢᠴᠢᠭ ᠲᠤ ︽ᠬᠠᠯᠬ᠎ᠠ ᠶᠢᠨ ᠤᠯᠤᠰ ᠤᠨ ᠲᠦᠰᠢᠶ᠎ᠡ ᠬᠦᠡᠭ ᠰᠢᠪᠦᠳᠠᠢ᠂ ᠳᠤᠳᠠᠭᠠᠬᠰᠡᠨ ᠪᠠᠷᠭᠤ ᠶᠢ ᠵᠠᠮ ᠳᠤᠮᠳᠡ ᠨᠢ ᠳᠤᠰᠴᠦ ᠬᠤᠷᠢᠬᠯᠠᠪᠠᠢ︾ ᠬᠡᠰᠡᠨ ᠯᠦᠭᠡ ᠠᠭᠤᠯᠭ᠎ᠠ ᠠᠳᠠᠯᠢ ᠪᠠᠶᠢᠬᠤ ᠶᠤᠮ ᠪᠠᠶᠢᠨ᠎ᠡ᠃      ᠳᠦᠪᠰᠢᠨᠨᠢᠮ᠎ᠡ ᠭᠤᠸᠠᠢ ᠪᠠᠰᠠ ︽ᠨᠠᠶᠢᠷᠡᠯᠳᠦ ᠳᠦᠪ ᠤᠨ ᠶᠢᠰᠦᠳᠤᠬᠡᠷ ᠤᠨ ︵1731 ᠤᠨ︶ ᠳᠤ ᠴᠠᠬᠠᠷ ᠲᠤ ᠰᠠᠭᠤᠭ᠎ᠠ ᠪᠠᠷᠭᠤ ᠠᠴᠠ ᠵᠠᠭᠤᠨ ᠬᠤᠶᠠᠬ ᠴᠡᠷᠢᠭ ᠢ ᠭᠠᠳᠠᠬᠰᠢ ᠳᠠᠳᠡᠵᠦ ᠪᠠᠶᠢᠬᠰᠡᠨ ᠢ ᠱᠢᠽᠦ᠋ᠡᠭ ᠬᠠᠭᠠᠨ ᠤ ᠦᠨᠡᠨ ᠬᠠᠤᠯᠢᠳᠦ ᠪᠢᠴᠢᠭ ᠲᠤ ᠳᠡᠮᠳᠡᠭᠯᠡᠵᠦ ᠪᠠᠶᠢᠬᠤ ᠠᠴᠠ ᠦᠵᠡᠪᠡᠯ᠂ ᠳᠡᠳᠡᠨ ᠡᠬᠦᠨ ᠠᠴᠠ ᠡᠮᠤᠨ᠎ᠡ ᠴᠠᠬᠠᠷ ᠲᠤ ᠤᠴᠢᠬᠰᠡᠨ ᠨᠢ ᠳᠤᠳᠤᠷᠬᠠᠢ ᠶᠤᠮ᠃ ᠡᠶᠢᠮᠦ ᠠᠴᠠ 1699 ᠤᠨ ᠳᠤ ᠤᠴᠢᠬᠰᠡᠨ ᠳᠤᠬᠠᠢ ᠳᠡᠮᠳᠡᠭᠯᠡᠯ ᠪᠤᠯ ᠢᠳᠡᠬᠡᠬᠦᠰᠢᠳᠠᠢ ᠶᠤᠮ᠃ ᠤᠳᠤ ᠴᠬᠠᠠᠷ ᠲᠤ ᠪᠠᠶᠢᠭ᠎ᠠ ᠪᠠᠷᠭᠤ ᠬᠦᠮᠦᠰ ᠦᠪᠡᠷᠰᠡᠳ ᠢ ᠪᠠᠨ ᠭᠤᠷᠪᠡᠨ ᠵᠠᠭᠤ ᠤᠷᠴᠢᠮ ᠵᠢᠯ ᠤᠨ ᠡᠮᠤᠨ᠎ᠡ ᠰᠤᠯᠦᠨ ᠪᠠᠷᠭᠤ ᠠᠴᠠ ᠢᠷᠡᠭᠰᠡᠨ ᠬᠡᠳᠡᠭ ᠶᠤᠮ᠃ ᠪᠠᠰᠠ ᠬᠤᠷᠢᠳᠤᠭᠠᠷ ᠵᠠᠭᠤᠨ ᠤ ᠵᠢᠷᠠᠭᠠᠳ ᠤᠨ ᠪᠤᠯᠳᠠᠯ᠎ᠡ ᠳᠡᠳᠡᠨ ᠪᠦᠬᠡ ᠶᠢᠨ ᠮᠦᠷᠬᠦᠯ ᠤᠨ ᠰᠢᠳᠦᠯᠬᠡ ᠲᠠᠢ ᠪᠠᠶᠢᠬᠰᠡᠨ ᠠᠴᠠ ᠦᠵᠡᠪᠡᠯ ᠳᠡᠳᠡᠨ ᠤᠳᠤ ᠶᠢᠨ ᠬᠠᠭᠤᠴᠢᠨ ᠪᠠᠷᠭᠤ ᠶᠢᠨ ᠨᠢᠬᠡᠨ ᠰᠠᠯᠪᠦᠷᠢ ᠪᠤᠯᠤᠯᠳᠠᠢ᠃ ᠬᠡᠬᠦ ᠳᠡᠭᠡᠨ ᠴᠠᠬ ᠦᠶ᠎ᠡ ᠶᠢᠨ ᠳᠠᠯ᠎ᠡ ᠠᠴᠠ ᠰᠢᠨᠵᠢᠪᠡᠯ ᠬᠠᠭᠤᠴᠢᠨ ᠪᠠᠷᠭᠤᠴᠤᠳ ᠬᠦᠯᠦᠨ ᠪᠤᠶᠢᠷ ᠲᠤ ᠤᠴᠢᠬᠤ ᠠᠴᠠ ᠡᠮᠤᠨ᠎ᠡ ᠰᠠᠯᠤᠬᠰᠡᠨ ᠪᠠᠶᠢᠨ᠎ᠡ ᠬᠡᠵᠦ ᠦᠵᠡᠨ᠎ᠡ᠃ ᠪᠠᠰᠠ ᠳᠡᠳᠡᠨ ᠤ ᠳᠤᠳᠤᠷ᠎ᠡ ᠬᠤᠵᠢᠮ ᠤᠴᠢᠬᠰᠡᠳ ᠪᠠᠶᠢᠬᠤ ᠶᠤᠮ᠃ ᠳᠡᠳᠡᠨ ᠤ ᠳᠤᠳᠤᠷᠡᠬᠢ ᠤᠯᠡᠨ ᠤᠪᠤᠬᠳᠡᠨ ᠤ ᠳᠤᠳᠤᠷ᠎ᠡ ᠪᠠᠳᠤᠤᠨ · ᠳᠠᠯᠠᠩᠭᠤᠳ ︵ᠰᠢᠨ᠎ᠡ ᠪᠠᠷᠭᠤ ᠵᠡᠬᠦᠨ ᠬᠤᠰᠢᠭᠤ᠂ ᠪᠠᠷᠠᠭᠤᠨ ᠬᠤᠰᠢᠭᠤᠨ ᠳᠤ ᠪᠤᠢ︶᠂ ᠴᠤᠩᠭᠤᠯ ︵ᠪᠦᠷᠢᠶᠠᠳ ᠤᠨ ᠳᠤᠳᠤᠷ᠎ᠡ ᠴᠤᠩᠭᠤᠯ ᠬᠦᠮᠦᠨ ᠪᠤᠢ︶ ᠬᠡᠬᠦ ᠮᠡᠳᠦ ᠶᠢᠨ ᠤᠪᠤᠬᠳᠡᠨ ᠪᠠᠶᠢᠬᠤ ᠠᠴᠠ ᠦᠵᠡᠪᠡᠯ ᠳᠡᠳᠡᠨ ᠤ ᠳᠤᠳᠤᠷ᠎ᠡ ᠰᠢᠨ᠎ᠡ ᠪᠠᠷᠭᠤ ᠪᠠ ᠪᠦᠷᠢᠶᠠᠳ ᠲᠠᠢ ᠤᠢᠢᠷᠡᠯᠴᠠᠭ᠎ᠠ ᠨᠢᠬᠡ ᠰᠠᠯᠪᠦᠷᠢ ᠪᠤᠯᠬᠤ ᠬᠦᠮᠦᠰ ᠴᠤ ᠪᠠᠶᠢᠬᠤ ᠶᠤᠮ᠃ ᠳᠡᠷᠡᠴᠢᠯᠡᠨ ᠳᠡᠳᠡᠨ ᠤ ᠤᠪᠤᠬ ᠤᠨ ᠨᠡᠷᠡᠶᠢᠳᠦᠯ ᠨᠢ ᠤᠬ ᠨᠤᠳᠤᠬ ᠤᠨ ᠭᠠᠵᠡᠷ ᠤᠰᠤᠨ ᠤ ᠨᠡᠷ᠎ᠡ ᠠᠴᠠ ᠨᠢᠬᠡ ᠬᠡᠰᠡᠭ ᠨᠢ ᠡᠬᠦᠰᠦᠭᠰᠡᠨ ᠶᠤᠮ︾ ᠬᠡᠵᠦ ᠳᠡᠮᠳᠡᠭᠯᠡᠵᠦ ᠪᠠᠶᠢᠨ᠎ᠡ᠃      ᠳᠡᠬᠡᠷᠡᠬᠢ ᠦᠬᠦᠯᠡᠯ ᠨᠦᠬᠦᠳ ᠠᠴᠠ ᠨᠢᠬᠡ ᠬᠡᠰᠡᠭ ᠪᠠᠷᠭᠤᠴᠤᠳ᠂ ᠮᠠᠨᠵᠦ ᠴᠢᠩ ᠤᠨ ᠡᠩᠬᠡ ᠠᠮᠤᠭᠤᠯᠠᠩ ᠤᠨ ᠤᠨ ᠤ ᠦᠶ᠎ᠡ ᠪᠠᠷ ᠴᠠᠬᠠᠷ ᠨᠤᠳᠤᠬ ᠲᠤ ᠤᠷᠢᠳ ᠬᠤᠵᠢᠳ ᠨᠡᠬᠦᠳᠡᠯᠯᠡᠨ ᠢᠷᠡᠵᠦ ᠴᠠᠬᠠᠷ ᠨᠠᠢᠮᠠᠨ ᠬᠤᠰᠢᠭᠤᠨ ᠳᠤ ᠬᠠᠷᠢᠶᠠᠯᠠᠬᠳᠡᠨ ᠤᠷᠤᠭᠠᠳ ᠬᠡᠳᠦᠨ ᠵᠠᠭᠤᠨ ᠵᠢᠯ ᠤᠨ ᠰᠠᠯᠬᠢ ᠪᠤᠷᠤᠭᠠᠨ ᠢ ᠦᠡᠭᠬᠡᠷᠡᠬᠦᠯᠵᠠᠢ ᠬᠡᠳᠡᠭ ᠢ ᠮᠦᠴᠢᠳᠬᠡᠨ ᠤᠢᠢᠯᠠᠭᠠᠵᠠᠢ᠃ ᠬᠡᠪᠡᠴᠦ ᠡᠨᠡ ᠪᠦᠯᠦᠭ ᠪᠠᠷᠭᠤᠴᠤᠳ ᠴᠤᠬᠤᠮ ᠬᠠᠮᠢᠭ᠋᠎ᠠ ᠠᠴᠠ ᠠᠯᠢ ᠦᠶ᠎ᠡ ᠳᠤ ᠴᠠᠬᠠᠷ ᠤᠨ ᠳᠠᠯ᠎ᠡ ᠨᠤᠳᠤᠬ ᠲᠤ ᠤᠴᠢᠬᠰᠡᠨ ᠪᠤᠢ ᠬᠡᠳᠡᠭ ᠠᠰᠠᠭᠤᠳᠡᠯ ᠳᠤ ᠬᠠᠰᠢ ᠯᠡ ᠬᠠᠨᠤᠮᠵᠢᠳᠠᠢ ᠬᠠᠷᠢᠭᠤᠯᠳᠡ ᠦᠭᠴᠦ ᠴᠢᠳᠠᠭᠠᠳᠦᠢ ᠪᠠᠶᠢᠬᠰᠠᠭᠠᠷ ᠪᠢᠰᠢᠦ︕      ᠱᠠᠬᠳᠡᠷ ᠤᠨ ᠰᠤᠩᠳᠠᠢ ︽ᠡᠨᠡ ᠪᠦᠯᠦᠭ ᠪᠠᠷᠭᠤᠴᠤᠳ ᠨᠢ ᠤᠤᠯ ᠳᠠᠭᠠᠨ ᠠᠯᠳᠡᠨ ᠬᠠᠭᠠᠨ ᠤ ᠬᠠᠷᠢᠶᠠᠨ ᠳᠤ ᠪᠠᠶᠢᠬᠰᠡᠨ ᠪᠠᠷᠭᠤᠴᠤᠳ︾ ᠬᠡᠵᠦ ᠦᠵᠡᠪᠡ᠃ ᠳᠦᠪᠰᠢᠨᠨᠢᠮ᠎ᠡ ᠶᠢᠨ ᠬᠡᠯᠡᠬᠦ ᠪᠠᠷ ᠪᠤᠯ ︽ᠤᠳᠤ ᠴᠠᠬᠠᠷ ᠲᠤ ᠪᠠᠶᠢᠭ᠎ᠠ ᠪᠠᠷᠭᠤ ᠬᠦᠮᠦᠰ ᠦᠪᠡᠷᠰᠡᠳ ᠢ ᠪᠠᠨ ᠭᠤᠷᠪᠠᠨ ᠵᠠᠭᠤ ᠰᠢᠬᠠᠮ ᠵᠢᠯ ᠤᠨ ᠡᠮᠤᠨ᠎ᠡ ᠰᠤᠯᠤᠨ ᠪᠠᠷᠭᠤ ᠠᠴᠠ ᠢᠷᠡᠭᠰᠡᠨ ᠬᠡᠳᠡᠭ︾ ᠬᠡᠵᠠᠢ᠃      ᠪᠠᠷᠭᠤ ᠶᠢᠨ ᠳᠡᠤᠬᠡ ᠶᠢ ᠡᠷᠬᠢᠴᠡᠬᠦᠯᠦᠨ ᠦᠵᠡᠪᠡᠰᠦ᠂ ᠤᠯᠡᠨ ᠵᠠᠭᠤᠨ ᠵᠢᠯ ᠤᠨ ᠳᠤᠷᠰᠢ ᠤᠯᠤᠰ ᠬᠦᠷᠦᠨ ᠬᠤᠪᠢᠰᠦᠨ ᠤᠯᠠᠷᠢᠵᠦ᠂ ᠬᠦᠮᠦᠨ ᠲᠦᠷᠦᠯᠬᠢᠳᠡᠨ ᠤ ᠨᠡᠶᠢᠬᠡᠮ ᠤᠷᠪᠡᠵᠦ ᠬᠦᠷᠪᠡᠭᠰᠡᠨ ᠶᠠᠪᠤᠴᠡ ᠶᠢᠨ ᠳᠤᠮᠳᠡ ᠪᠠᠷᠭᠤ ᠶᠠᠰᠦᠳᠡᠨ ᠬᠡᠳᠦ᠋ᠢᠪᠡᠷ ᠡᠨᠡ ᠳᠤᠨᠢ ᠵᠠᠬᠢᠷᠦᠬᠳᠡᠨ᠂ ᠳᠡᠷᠡ ᠳᠤᠨᠢ ᠬᠠᠷᠢᠶᠠᠯᠠᠬᠳᠡᠵᠦ᠂ ᠰᠠᠷᠨᠢᠨ ᠪᠤᠳᠡᠷᠡᠵᠦ᠂ ᠳᠠᠷᠬᠠᠬᠳᠡᠨ ᠬᠤᠪᠢᠶᠠᠬᠳᠠᠬᠰᠠᠭᠠᠷ ᠢᠷᠡᠭᠰᠡᠨ ᠪᠤᠯᠪᠠᠴᠤ ᠬᠡᠰᠡᠭ ᠬᠡᠰᠡᠭ ᠤᠪᠤᠬ ᠲᠦᠷᠦᠯ ᠢᠶᠠᠷ ᠢᠶᠠᠨ ᠪᠠᠷᠭᠤ ᠬᠡᠰᠡᠨ ᠨᠡᠷ᠎ᠡ ᠨᠢᠳᠡᠷ ᠢᠶᠠᠨ ᠠᠯᠳᠡᠯ ᠦᠬᠡᠢ ᠪᠠᠷ ᠤᠷᠤᠰᠢᠨ ᠳᠤᠬᠳᠡᠬᠰᠡᠨ ᠭᠠᠵᠡᠷ ᠤᠷᠤᠨ ᠳᠠᠭᠠᠨ ᠪᠠᠷᠭᠤ ᠶᠠᠰᠦᠳᠡᠨ ᠤ ᠨᠡᠬᠦᠳᠡᠯ ᠮᠠᠯᠵᠢᠯ ᠰᠤᠶᠤᠯ ᠢᠶᠠᠨ ᠨᠡᠯᠢᠶᠡᠳ ᠪᠦᠷᠢᠨ ᠪᠦᠳᠦᠨ ᠢᠶᠠᠷ ᠦᠯᠡᠳᠡᠬᠡᠨ ᠬᠠᠳᠠᠭᠠᠯᠡᠵᠦ ᠤᠯᠠᠷᠢᠨ ᠵᠠᠯᠭᠠᠮᠵᠢᠯᠠᠬᠠᠰᠠᠭᠠᠷ ᠢᠷᠡᠭᠰᠡᠨ ᠨᠢ ᠪᠠᠷᠭᠤ ᠮᠤᠩᠭᠤᠯ ᠬᠦᠮᠦᠨ ᠤ ᠡᠳᠡᠬᠡᠳ ᠵᠤᠷᠢᠬ ᠰᠦᠰᠦ᠂ ᠴᠤᠬ ᠵᠢᠪᠬᠤᠭ᠎ᠠ ᠶᠢ ᠬᠠᠷᠠᠭᠤᠯᠵᠦ ᠪᠠᠶᠢᠬᠤ ᠪᠠᠷ ᠪᠠᠷᠠᠬᠤ ᠦᠬᠡᠢ ᠤᠯᠡᠨ ᠦᠨᠳᠦᠰᠦᠳᠡᠨ ᠶᠠᠰᠦᠳᠡᠨ ᠤ ᠳᠡᠤᠬᠡ ᠶᠢᠨ ᠬᠠᠭᠤᠳᠡᠰᠦᠨ ᠳᠤ ᠤᠨᠴᠡ ᠦᠵᠡᠭᠳᠡᠭᠰᠡᠨ ᠭᠠᠶᠢᠬᠠᠮᠰᠢᠬᠳᠦ ᠦᠵᠡᠭᠳᠡᠯ ᠤᠨ ᠨᠢᠬᠡ ᠪᠤᠯᠬᠤ ᠶᠤᠮ ᠬᠡᠵᠦ ᠦᠵᠡᠨ᠎ᠡ᠃ ᠵᠢᠭᠠᠴᠢᠳᠠᠢ ᠪᠤᠶᠡᠨᠳᠡᠯᠬᠡᠷ ︽ᠬᠠᠯᠬ᠎ᠠ ᠪᠠᠷᠭᠤ ᠶᠢᠨ ᠡᠬᠦᠰᠦᠯ ᠢᠷᠡᠯ︾ ᠬᠡᠳᠡᠭ ᠵᠤᠬᠢᠶᠠᠯ ᠳᠠᠭᠠᠨ 15 ᠳ᠋ᠤᠭᠠᠷ ᠵᠠᠭᠤᠨ ᠤ ᠳᠤᠮᠳᠡᠴᠢ ᠦᠶ᠎ᠡ ᠪᠠᠷ ︽ᠤᠤᠯ ᠤᠨ ᠤᠢ ᠶᠢᠨ ᠢᠷᠬᠡᠨ ᠠᠶᠢᠮᠠᠬ ᠤᠳ ᠪᠤᠶᠤ ᠠᠷᠢᠬᠪᠦ᠋ᠬᠡ ᠵᠢᠴᠢ ᠬᠤᠶᠢᠴᠢᠰ ᠤᠨ ᠨᠤᠶᠡᠯᠡᠯ ᠳᠤᠤᠷᠡᠬᠢ ᠤᠯᠤᠰ ᠢᠷᠬᠡᠳ ᠬᠤᠶᠡᠷ ᠵᠠᠭᠤᠭᠠᠳ ᠵᠢᠯ ᠤᠨ ᠳᠡᠤᠬᠡ ︵ᠳᠤᠬᠠᠢᠢᠯᠠᠪᠠᠯ 13 ᠳ᠋ᠤᠭᠠᠷ ᠵᠠᠭᠤᠨ ᠤ ᠡᠬᠢᠨ ᠠᠴᠠ 15 ᠳ᠋ᠤᠭᠠᠷ ᠵᠠᠭᠤᠨ ᠤ ᠡᠬᠢ ᠬᠦᠷᠳᠡᠯ᠎ᠡ︶ ᠶᠢ ᠦᠡᠭᠬᠡᠷᠡᠬᠦᠯᠦᠭᠡᠳ ᠪᠠᠷᠠᠭᠤᠨ ᠮᠤᠩᠭᠤᠯ ᠤᠢᠢᠷᠡᠳ ᠪᠦᠷᠢᠯᠳᠦᠭᠰᠡᠨ ᠶᠠᠪᠤᠴᠡ ᠳᠤ ᠪᠠᠷᠭᠤ ᠪᠠᠷ ᠠᠬᠠᠯᠠᠬᠴᠢ ᠤᠳᠤᠬ ᠪᠤᠯᠭᠠᠬᠰᠡᠨ ᠪᠠᠭᠠᠳᠦᠳ ᠳᠦᠮᠡᠨ ᠪᠤᠢ ᠪᠤᠯᠤᠬᠰᠡᠨ ᠢ ᠤᠯᠵᠦ ᠬᠠᠷᠡᠨ᠎ᠡ᠃ ᠡᠬᠦᠨ ᠢᠶᠠᠷ ᠪᠠᠷᠠᠬᠤ ᠦᠬᠡᠢ᠂ ᠳᠠᠶᠠᠨ ᠬᠠᠭᠠᠨ ᠤ ᠪᠠᠷᠭᠤ ᠤᠪᠤᠬᠳᠡᠨ ᠪᠠᠭ᠎ᠠ ᠬᠠᠳᠤᠨ ᠤ ᠳᠤᠬᠠᠢ ︿ᠡᠷᠳᠡᠨᠢ ᠶᠢᠨ ᠳᠤᠪᠴᠢ﹀ ᠶᠢᠨ ᠳᠡᠮᠳᠡᠭᠯᠡᠯ ᠨᠢ ︿ᠬᠠᠯᠬ᠎ᠠ ᠪᠠᠷᠭᠤ﹀ ᠶᠢᠨ ᠡᠬᠦᠰᠦᠯ ᠢᠷᠡᠯ ᠢ ᠳᠤᠳᠤᠯᠠᠬᠤ ᠴᠢᠬᠤᠯᠠ ᠰᠦᠪᠡᠭᠴᠢ ᠬᠠᠨᠭ᠍ᠭᠠᠬᠰᠡᠨ ᠢ ᠴᠤ ᠳᠡᠮᠳᠡᠭᠯᠡᠬᠦᠰᠢᠳᠠᠢ︾ ᠬᠡᠵᠦ ᠦᠬᠦᠯᠡᠭᠰᠡᠨ ᠨᠢ ᠳᠤᠬᠠᠢ ᠶᠢᠨ ᠦᠶ᠎ᠡ ᠳᠤ ᠪᠠᠶᠢᠭᠠᠯ ᠤᠷᠤᠨ ᠠᠴᠠ ᠤᠢᠢᠷᠡᠳ ᠪᠤᠶᠤ ᠴᠢᠩᠬᠢᠰ ᠬᠠᠭᠠᠨ ᠤ ᠬᠤᠶᠢᠴᠢᠰ ᠢ ᠳᠠᠭᠠᠵᠦ ᠨᠡᠬᠦᠭᠰᠡᠨ ᠬᠤᠶᠡᠷ ᠪᠦᠯᠦᠭ ᠪᠠᠷᠭᠤᠴᠤᠳ ᠤᠨ ᠳᠤᠬᠠᠢ ᠤᠢᠢᠯᠠᠯᠭ᠎ᠠ ᠳᠤ ᠴᠢᠨᠠᠬᠰᠢᠳᠡ ᠨᠡᠩ ᠰᠤᠳᠤᠯᠤᠭᠤᠰᠢᠳᠠᠢ ᠰᠡᠳᠦᠪ ᠢ ᠨᠡᠮᠡᠵᠦ ᠦᠭᠬᠦᠯ᠎ᠡ ᠬᠡᠵᠦ ᠦᠵᠡᠵᠦ ᠪᠤᠯᠬᠤ ᠶᠤᠮ᠃ ᠡᠨᠡ ᠪᠦᠯᠦᠭ ᠪᠠᠷᠭᠤᠴᠤᠳ ᠤᠨ ᠳᠡᠤᠬᠡ ᠶᠢᠨ ᠬᠠᠭᠤᠳᠡᠰᠦ ᠶᠢ ᠨᠡᠬᠡᠬᠡᠵᠦ ᠴᠢᠳᠠᠪᠠᠯ ᠴᠠᠬᠠᠷ ᠪᠠᠷᠭᠤ ᠶᠢᠨ ᠤᠬ ᠦᠨᠳᠦᠰᠦ ᠶᠢ ᠤᠢᠢᠯᠠᠭᠠᠵᠦ ᠪᠤᠯᠤᠮᠡᠷ ᠪᠠᠶᠢᠬᠤ ᠬᠡᠵᠦ ᠪᠤᠳᠤᠬᠳᠠᠭᠠᠳ ᠪᠠᠶᠢᠨ᠎ᠡ᠃
 
ᠢᠷᠡᠯᠲᠡ᠄ ᠬᠦᠯᠦᠨ ᠪᠣᠶᠢᠷ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号