ᠢᠷᠡᠭᠡᠳᠦᠢ ᠶᠢᠨ ᠶᠢᠷᠳᠢᠨᠴᠦ ᠶᠢ ᠪᠠᠶᠢᠯᠳᠣᠨ ᠳᠠᠭᠠᠭᠤᠯᠣᠭᠴᠢ ᠴᠢᠩᠬᠢᠰ ᠬᠠᠭᠠᠨ ᠬᠠᠷ᠎ᠠ ᠪᠠᠭ᠎ᠠ ᠨᠠᠰᠣᠨ ᠳᠠᠭᠠᠨ | ᠬᠠᠶᠢᠷᠠᠳᠣ ᠡᠴᠢᠬᠡ ᠠᠴᠠ ᠪᠠᠨ ᠦᠨᠦᠴᠢᠷᠡᠨ ᠦᠯᠡᠳᠡᠵᠦ᠂ ᠦᠬᠡᠯᠦᠨ ᠡᠬᠡ ᠪᠣᠯᠣᠨ ᠳᠡᠬᠦᠦ ᠨᠠᠷ ᠤᠨ ᠬᠠᠮᠳᠣ | ᠭᠠᠴᠢᠭᠳᠠᠵᠦ ᠳᠣᠳᠠᠭᠳᠠᠬᠤ ᠶᠢᠨ ᠵᠣᠪᠠᠯᠠᠩ ᠢ ᠬᠠᠨᠳᠠᠯ᠎ᠠ ᠠᠮᠰᠠᠭᠰᠠᠨ ᠴᠦ ᠡᠴᠢᠬᠡ ᠶᠢᠨ ᠬᠠᠭᠤᠴᠢᠨ ᠠᠨᠳᠠ ᠸᠠᠩ | ᠬᠠᠨ ᠳᠣᠭᠤᠷᠢᠯ ᠪᠣᠯᠣᠨ ᠪᠠᠭ᠎ᠠ ᠶᠢᠨ ᠨᠦᠬᠦᠷ ᠵᠠᠮᠤᠬ᠎ᠠ ᠨᠠᠷ ᠤᠨ ᠳᠡᠮᠵᠢᠯᠬᠡ ᠶᠢ ᠠᠪᠴᠣ ᠳᠡᠭᠵᠢᠨ ᠳᠡᠭᠡᠭᠰᠢᠯᠡᠭᠰᠡᠭᠡᠷ | ᠦᠪᠡᠷ ᠤᠨ ᠵᠦᠢ ᠶᠣᠰᠣᠨ ᠤ ᠪᠠᠶᠢᠷᠢ ᠰᠠᠭᠤᠷᠢ ᠶᠢ ᠡᠵᠡᠯᠡᠵᠦ᠂ ᠬᠠᠮᠤᠭ ᠮᠣᠩᠭᠤᠯ ᠤᠨ ᠬᠠᠨ ᠪᠣᠯᠵᠦ ᠴᠢᠳᠠᠭᠰᠠᠨ | ᠶᠣᠮ᠃ ᠡᠨᠡ ᠵᠠᠮ ᠳᠠᠭᠠᠨ ᠲᠡᠷᠡ ᠪᠠᠷ ᠦᠪᠡᠷ ᠤᠨ ᠦᠰᠳᠡᠨ ᠪᠣᠯᠣᠨ ᠳᠠᠶᠢᠰᠣᠩᠨᠠᠭᠴᠢ ᠣᠯᠠᠨ ᠣᠪᠣᠭ ᠠᠶᠢᠮᠠᠭ | ᠤᠳ ᠢ ᠳᠣᠰ ᠳᠣᠰ ᠲᠤᠨᠢ ᠳᠠᠷᠣᠨ ᠮᠣᠬᠤᠭᠠᠵᠠᠢ᠃ ᠬᠡᠳᠡᠯ᠎ᠡ ᠬᠠᠮᠤᠭ ᠮᠣᠩᠭᠤᠯ ᠤᠨ ᠬᠠᠨ ᠲᠡᠮᠦᠵᠢᠨ ᠪᠣᠯᠣᠨ | ᠬᠡᠷᠡᠶᠢᠳ ᠤᠨ ᠸᠠᠩ ᠳᠣᠭᠤᠷᠢᠯ ᠨᠠᠷ ᠤᠨ ᠬᠤᠯᠪᠣᠭᠠᠨ ᠤ ᠡᠮᠦᠨ᠎ᠡ ᠬᠦᠯᠢᠶᠡᠭᠰᠡᠨ ᠣᠳᠠᠭ᠎ᠠ ᠳᠠᠷᠠᠭ᠎ᠠ ᠶᠢᠨ ᠢᠯᠠᠭᠳᠠᠯ | ᠨᠢ ᠮᠣᠩᠭᠤᠯ ᠤᠨ ᠵᠡᠬᠦᠨ ᠵᠦᠭ ᠤᠨ ᠠᠶᠢᠮᠠᠭ ᠤᠳ ᠲᠤ ᠰᠡᠷᠡᠮᠵᠢᠯᠡᠬᠦᠯᠬᠡ ᠳᠣᠬᠢᠶ᠎ᠠ ᠪᠣᠯᠣᠭᠰᠠᠨ ᠣᠴᠢᠷ ᠬᠠᠮᠳᠣ ᠶᠢᠨ | ᠬᠤᠪᠢ ᠳᠠᠪᠢᠯᠠᠩ ᠨᠢ ᠲᠦᠷ ᠴᠦ ᠬᠡᠰᠡᠨ ᠨᠢᠬᠡᠳᠬᠦ ᠶᠠᠪᠣᠴᠠ ᠶᠢ ᠲᠦᠷᠭᠡᠳᠬᠡᠪᠡ᠃ ᠲᠡᠳᠡ ᠣᠳᠠᠭ᠎ᠠ ᠳᠠᠷᠠᠭ᠎ᠠ | ᠬᠦᠴᠦᠷᠬᠡᠭ ᠬᠤᠯᠪᠣᠭᠠᠨ ᠤ ᠡᠮᠦᠨ᠎ᠡ ᠳᠠᠩ ᠳᠠᠩ ᠢᠶᠠᠷ ᠢᠶᠠᠨ ᠢᠯᠠᠭᠳᠠᠯ ᠠᠮᠰᠠᠭᠰᠠᠨ ᠴᠦ ᠪᠣᠰᠣᠳ ᠤᠨ ᠪᠣᠭᠤᠯᠭᠠᠨ | ᠳᠣᠣᠷ᠎ᠠ ᠣᠷᠣᠬᠤ ᠶᠢ ᠬᠦᠰᠡᠬᠦ ᠦᠬᠡᠢ᠂ ᠦᠬᠡᠷ᠎ᠡ ᠦᠬᠡᠷ᠎ᠡ ᠶᠢᠨ ᠳᠣᠷ᠎ᠠ ᠪᠠᠷ ᠵᠠᠰᠠᠭᠯᠠᠵᠦ ᠶᠠᠪᠣᠬᠤ ᠶᠢ ᠢᠯᠡᠬᠦᠦ | ᠦᠵᠡᠵᠦ ᠪᠠᠶᠢᠪᠠ᠃ | 1201 ᠣᠨ ᠳᠤ ᠵᠡᠬᠦᠨ ᠵᠦᠭ ᠤᠨ ᠪᠦᠬᠦ ᠠᠶᠢᠮᠠᠭ ᠤᠳ ᠡᠷᠬᠦᠨ᠎ᠡ ᠭᠤᠣᠯ᠂ ᠬᠠᠨ ᠭᠤᠣᠯ᠂ ᠳᠠᠯᠠᠮᠠᠨ | ᠭᠤᠣᠯ ᠤᠨ ᠴᠢᠳᠬᠤᠯᠠᠩ ᠭᠠᠵᠠᠷ ᠣᠯᠠᠭᠠᠨ ᠡᠷᠬᠢ ᠬᠡᠳᠡᠭ ᠭᠠᠵᠠᠷ ᠲᠤ ᠴᠢᠬᠤᠯᠠ ᠴᠢᠭᠤᠯᠭᠠᠨ ᠬᠢᠪᠡ᠃ ᠬᠠᠳᠠᠬᠢᠨ᠂ | ᠰᠠᠯᠵᠢᠭᠤᠳ᠂ ᠵᠠᠳᠠᠷᠠᠨ᠂ ᠲᠠᠲ᠋ᠠᠷ᠂ ᠨᠠᠢᠮᠠᠨ ᠵᠡᠷᠬᠡ 12 ᠠᠶᠢᠮᠠᠭ ᠤᠨ ᠳᠣᠯᠣᠭᠠᠶᠢᠯᠠᠭᠴᠢᠳ ᠴᠢᠭᠤᠯᠵᠦ᠂ ᠵᠠᠳᠠᠷᠠᠨ | ᠠᠶᠢᠮᠠᠭ ᠤᠨ ᠵᠠᠮᠤᠬ᠎ᠠ ᠶᠢ ᠬᠦᠷ ᠬᠠᠨ ᠳᠤ ᠡᠷᠬᠦᠮᠵᠢᠯᠡᠬᠦ ᠪᠠᠷ ᠳᠣᠭᠳᠠᠵᠠᠢ᠃ ᠬᠦᠷ ᠬᠠᠨ ᠬᠡᠮᠡᠬᠦ ᠨᠢ ︽ᠬᠠᠨ ᠨᠤᠭᠤᠳ | ᠤᠨ ᠬᠠᠨ᠂ ᠪᠦᠬᠦᠳᠡ ᠶᠢᠨ ᠬᠠᠨ︾ ᠬᠡᠰᠡᠨ ᠣᠳᠬ᠎ᠠ ᠲᠠᠢ ᠶᠣᠮ᠃ ᠬᠠᠮᠳᠣᠷᠠᠨ ᠪᠠᠶᠢᠯᠳᠣᠵᠦ᠂ ᠮᠦᠬᠦᠯ ᠠᠴᠠ | ᠠᠪᠣᠷᠠᠭᠳᠠᠨ᠂ ᠣᠷᠣᠰᠢᠨ ᠳᠣᠭᠳᠠᠨᠢᠬᠤ ᠶᠢᠨ ᠳᠣᠯᠠᠳᠠ᠂ ᠴᠠᠭ ᠲᠠᠭᠠᠨ ᠴᠠᠯᠬᠢᠵᠦ ᠶᠠᠪᠣᠭ᠎ᠠ ᠸᠠᠩ ᠬᠠᠨ ᠲᠡᠮᠦᠵᠢᠨ ᠨᠠᠷ | ᠤᠨ ᠡᠰᠡᠷᠬᠦ ᠳᠠᠶᠢᠯᠠᠷ᠎ᠠ ᠮᠣᠷᠳᠠᠬᠤ ᠰᠢᠢᠳᠪᠦᠷᠢ ᠭᠠᠷᠭᠠᠪᠠ᠃ ᠳᠡᠳᠡ ᠨᠠᠷ ᠠᠵᠢᠷᠭ᠎ᠠ ᠬᠡᠬᠦᠦ ᠶᠢ ᠴᠠᠪᠴᠢᠨ ᠠᠯᠠᠭᠠᠳ᠂ | ᠬᠦᠯ ᠢᠶᠠᠷ ᠡᠷᠬᠢ ᠢᠰᠬᠦᠯᠦᠨ ᠨᠣᠷᠠᠭᠠᠵᠦ᠂ ᠰᠡᠯᠡᠮ᠎ᠡ ᠪᠠᠷ ᠮᠣᠳᠣ ᠳᠠᠰᠣᠷᠠ ᠴᠠᠪᠴᠢᠨ᠄ ︽ᠪᠢᠳᠡᠨ ᠲᠠᠢ ᠨᠠᠶᠢᠷᠠᠮᠳᠠᠬᠰᠠᠨ | ᠬᠡᠨ ᠪᠦᠬᠦᠳᠡ᠂ ᠬᠡᠷᠪᠡ ᠡᠨᠡ ᠬᠤᠣᠪᠢᠯᠳᠣᠭᠠᠨ ᠢ ᠵᠠᠳᠠᠷᠠᠭᠤᠯᠪᠠᠯ ᠶᠠᠭ ᠡᠶᠢᠮᠦ ᠨᠣᠷᠠᠭᠰᠠᠨ ᠰᠢᠷᠣᠢ᠂ ᠬᠢᠷᠭᠠᠭᠤᠯᠣᠭᠰᠠᠨ | ᠮᠣᠳᠣ ᠰᠢᠭ᠋ ᠪᠣᠯᠣᠨ᠎ᠠ︾ ᠭᠡᠵᠦ ᠳᠡᠭᠷᠢ ᠳᠤ ᠰᠦᠬᠦᠷᠡᠨ ᠠᠨᠳᠠᠭᠠᠶᠢᠯᠠᠪᠠ᠃ ᠡᠨᠡ ᠨᠢ ᠬᠤᠯᠪᠣᠭᠠᠨ ᠠᠴᠠ ᠣᠷᠪᠠᠵᠦ᠂ | ᠬᠦᠷᠬᠡᠬᠦ ᠶᠢ ᠵᠢᠷᠦᠬᠡᠯᠡᠬᠦ ᠬᠦᠮᠦᠨ ᠪᠠᠶᠢᠪᠠᠯ ᠢᠩᠬᠢᠨᠡ ᠬᠡᠰᠡᠨ ᠠᠩᠬᠠᠷᠣᠭᠤᠯᠭᠠ᠂ ᠮᠠᠭᠠᠳ ᠳᠡᠶᠢᠮᠦ ᠬᠦᠮᠦᠨ ᠭᠠᠷᠪᠠᠯ | ᠴᠠᠭᠠᠰᠢᠳᠠ ᠪᠠᠨ ᠰᠠᠶᠢᠨ ᠢᠶᠠᠨ ᠦᠵᠡᠬᠦ ᠦᠬᠡᠢ ᠬᠡᠰᠡᠨ ᠢ ᠪᠣᠯᠭᠤᠮᠵᠢᠯᠠᠭᠤᠯᠬᠤ ᠣᠷᠣᠯᠳᠣᠯᠭ᠎ᠠ ᠪᠠᠶᠢᠪᠠ᠃ ᠳᠡᠬᠦᠨ | ᠠᠴᠠ ᠬᠤᠶᠢᠰᠢ ᠣᠳᠠᠭᠰᠠᠨ ᠦᠬᠡᠢ ᠪᠠᠷᠠᠭᠤᠨ ᠵᠦᠭ ᠨᠢᠬᠡᠳᠦᠭᠰᠡᠨ ᠴᠡᠷᠢᠭ ᠬᠦᠳᠡᠯᠬᠡᠵᠦ᠂ ᠲᠡᠮᠦᠵᠢᠨ᠂ ᠸᠠᠩ ᠬᠠᠨ | ᠬᠤᠶᠠᠷ ᠢ ᠬᠡᠨᠡᠳᠡᠬᠦᠯᠦᠨ ᠳᠣᠪᠳᠣᠯᠬᠤ ᠪᠠᠷ ᠪᠡᠯᠡᠳᠬᠡᠪᠡ᠃ | ᠡᠨᠡ ᠨᠢ ᠵᠠᠮᠤᠬ᠎ᠠ ᠲᠡᠷᠢᠬᠦᠦ ᠲᠠᠢ ᠢᠵᠠᠭᠤᠷᠳᠠᠨ ᠤ ᠣᠯᠣᠰ ᠲᠦᠷᠦ ᠶᠢᠨ ᠬᠤᠯᠪᠣᠭ᠎ᠠ ᠪᠠᠶᠢᠭᠰᠠᠨ ᠬᠡᠳᠦᠢ ᠴᠦ | ᠳᠡᠶᠢᠮᠦ ᠪᠠᠳᠣ ᠪᠠᠬᠢ ᠪᠠᠶᠢᠭᠰᠠᠨ ᠦᠬᠡᠢ᠃ ᠣᠴᠢᠷ ᠨᠢ ᠠᠶᠢᠮᠠᠭ ᠤᠳ ᠤᠨ ᠢᠵᠠᠭᠤᠷᠳᠠᠨ ᠨᠠᠷ ᠨᠢᠬᠡᠨᠳᠡ ᠣᠯᠣᠭᠰᠠᠨ | ᠣᠯᠣᠰ ᠲᠦᠷᠦ᠂ ᠡᠳ᠋ ᠤᠨ ᠵᠠᠰᠠᠭ ᠤᠨ ᠠᠰᠢᠭ ᠰᠣᠨᠢᠷᠬᠠᠯ ᠢᠶᠠᠨ ᠠᠯᠳᠠᠬᠤ ᠶᠢ ᠬᠦᠰᠡᠬᠦ ᠦᠬᠡᠢ ᠪᠠᠶᠢᠭᠰᠠᠨ ᠣᠴᠢᠷ | ᠠᠴᠠ ᠣᠯᠣᠰ ᠲᠦᠷᠦ ᠶᠢᠨ ᠬᠠᠮᠳᠣ ᠶᠢᠨ ᠵᠣᠷᠢᠯᠭ᠎ᠠ ᠨᠢ ᠬᠠᠩᠭᠠᠯᠳᠠ ᠦᠬᠡᠢ᠂ ᠳᠣᠳᠠᠭᠤ ᠳᠣᠯᠢᠮᠠᠭ ᠪᠠᠶᠢᠪᠠ᠃ ᠳᠡᠳᠡ | ᠪᠠᠰᠠ ᠳᠣᠰ ᠳᠣᠰ ᠤᠨ ᠴᠡᠷᠢᠭ ᠢ ᠦᠬᠡᠷ᠎ᠡ ᠬᠦᠮᠦᠨ ᠢᠶᠠᠷ ᠣᠳᠣᠷᠢᠳᠣᠭᠤᠯᠵᠦ ᠬᠦᠳᠡᠯᠬᠡᠬᠦ ᠳᠣᠷ᠎ᠠ ᠦᠬᠡᠢ ᠪᠠᠶᠢᠭᠰᠠᠨ | ᠣᠴᠢᠷ ᠠᠴᠠ ᠨᠢᠬᠡᠨ ᠵᠢᠭᠠᠪᠣᠷᠢ ᠶᠢᠨ ᠳᠠᠭᠠᠣ ᠪᠠᠶᠢᠯᠳᠣᠬᠤ ᠨᠢᠬᠡᠳᠦᠮᠡᠯ ᠴᠡᠷᠢᠭ ᠤᠨ ᠬᠦᠴᠦ ᠪᠦᠷᠢᠯᠳᠦᠬᠦᠯᠵᠦ | ᠴᠢᠳᠠᠭ᠎ᠠ ᠦᠬᠡᠢ ᠪᠠᠶᠢᠨ᠎ᠠ᠃ ᠬᠠᠮᠳᠣᠷᠠᠭᠰᠠᠨ ᠴᠡᠷᠢᠭ ᠤᠨ ᠬᠦᠴᠦ ᠬᠡᠳᠡᠭ ᠨᠢ ︽ᠭᠠᠢ ᠭᠠᠵᠠᠷ ᠳᠣᠣᠷ᠎ᠠ ᠠᠴᠠ ᠭᠠᠭ᠋ᠠᠢ | ᠮᠣᠳᠣᠨ ᠳᠣᠣᠷ᠎ᠠ ᠠᠴᠠ ᠭᠠᠷᠣᠭᠰᠠᠨ ᠴᠠᠭ ᠲᠤ︾ ᠳᠣᠯᠭᠠᠷᠠᠬᠤ ᠠᠶᠣᠯ ᠠᠴᠠ ᠠᠪᠣᠷᠠᠭᠳᠠᠬᠤ ᠶᠢᠨ ᠳᠣᠯᠠᠳᠠ ᠲᠡᠮᠦᠵᠢᠨ | ᠸᠠᠩ ᠬᠠᠨ ᠤ ᠳᠣᠪᠳᠣᠯᠭᠠᠨ ᠳᠤ ᠰᠦᠷᠬᠦ ᠴᠣᠬᠢᠯᠳᠠ ᠦᠭᠬᠦ ᠵᠣᠷᠢᠯᠭ᠎ᠠ ᠲᠠᠢ᠂ ᠲᠦᠷ ᠵᠠᠭᠤᠷ᠎ᠠ ᠡᠮᠬᠢᠯᠡᠨ | ᠪᠠᠶᠢᠭᠤᠯᠣᠭᠳᠠᠭᠰᠠᠨ ᠪᠠᠶᠢᠨ᠎ᠠ᠃ | ᠵᠠᠮᠤᠬ᠎ᠠ ᠶᠢᠨ ᠴᠡᠷᠢᠭ ᠬᠦᠳᠡᠯᠵᠦ ᠡᠬᠢᠯᠡᠮᠡᠭᠴᠡ ᠭᠤᠷᠯᠣᠰ ᠤᠨ ᠬᠤᠷᠢᠳᠠᠢ ᠠᠮᠢ ᠨᠠᠰᠣ ᠪᠠᠨ ᠠᠯᠳᠠᠬᠤ ᠠᠶᠣᠯ | ᠢ ᠰᠦᠷᠴᠦ᠂ ᠰᠦᠨᠢᠵᠢᠨ ᠳᠠᠪᠬᠢᠵᠦ ᠬᠡᠯᠡ ᠬᠦᠷᠭᠡᠭᠰᠡᠨ ᠢᠶᠠᠷ ᠰᠡᠵᠢᠭ ᠠᠵᠢᠭ ᠦᠬᠡᠢ ᠪᠠᠶᠢᠭᠰᠠᠨ ᠳᠡᠮᠦᠵᠢᠨ ᠢ | ᠵᠠᠶᠢᠯᠠᠭᠤᠯᠵᠦ ᠴᠢᠳᠠᠪᠠ᠃ ᠲᠡᠮᠦᠵᠢᠨ ᠣᠳᠣ ᠶᠢᠨ ᠬᠡᠨᠳᠡᠢ ᠠᠶᠢᠮᠠᠭ ᠤᠨ ᠴᠡᠩᠬᠡᠷ ᠤᠨ ᠭᠤᠣᠯ ᠤᠨ ᠡᠬᠢ ᠪᠠᠷ | ᠨᠣᠳᠣᠭᠯᠠᠵᠦ ᠪᠠᠶᠢᠬᠤ ᠳᠠᠭᠠᠨ ᠳᠠᠶᠢᠰᠣᠨ ᠤ ᠳᠠᠯ᠎ᠠ ᠠᠴᠠ ᠢᠷᠡᠭᠰᠡᠨ ᠮᠡᠳᠡᠭᠡ ᠶᠢ ᠠᠪᠣᠭᠠᠳ ᠲᠡᠷᠡ ᠰᠦᠨᠢ ᠳᠡᠭᠡᠨ | ᠸᠠᠩ ᠬᠠᠨ ᠳᠤ ᠳᠣᠭᠤᠯᠭᠠᠪᠠ᠃ ᠬᠤᠶᠠᠷ ᠳᠠᠯ᠎ᠠ ᠴᠡᠷᠢᠭ ᠢᠶᠠᠨ ᠶᠠᠭᠠᠷᠠᠯ ᠦᠬᠡᠢ ᠬᠤᠷᠠᠮᠳᠣᠭᠤᠯᠵᠦ᠂ ᠬᠡᠷᠦᠯᠦᠨ ᠢ | ᠲᠠᠭᠠᠨ ᠣᠷᠣᠭᠤᠳᠠᠬᠤ ᠳᠠᠭᠠᠨ ᠠᠰᠢᠭᠳᠠᠢ ᠭᠠᠵᠠᠷ ᠢ ᠡᠵᠡᠯᠡᠨ ᠪᠠᠶᠢᠷᠢᠯᠠᠵᠦ᠂ ᠠᠯᠵᠢᠶᠠᠯ ᠶᠠᠳᠠᠷᠠᠭ᠎ᠠ ᠶᠢ ᠵᠠᠮ ᠵᠠᠭᠤᠷ᠎ᠠ | ᠳᠠᠶᠢᠯᠬᠤ ᠵᠡᠷᠬᠡ ᠪᠠᠷ ᠵᠠᠮᠤᠬ᠎ᠠ ᠶᠢᠨ ᠣᠳᠣᠷᠢᠳᠣᠭᠰᠠᠨ ᠬᠠᠮᠳᠣᠷᠠᠭᠰᠠᠨ ᠴᠡᠷᠢᠭ ᠢ ᠳᠣᠰᠣᠨ ᠬᠦᠯᠢᠶᠡᠵᠦ ᠪᠠᠶᠢᠯ᠎ᠠ᠃ | ᠬᠤᠯᠪᠣᠭᠠᠳᠠᠨ ᠨᠤᠭᠤᠳ ᠴᠡᠷᠢᠭ ᠤᠨ ᠨᠠᠷᠢᠨ ᠲᠦᠯᠦᠪᠯᠡᠭᠡ ᠪᠠᠶᠢᠷᠢᠰᠢᠯ ᠬᠢᠵᠦ᠂ ᠵᠢᠷᠭᠤᠭᠠᠨ ᠮᠠᠩᠯᠠᠢ᠂ ᠭᠤᠷᠪᠠᠨ | ᠬᠠᠷᠠᠭᠤᠯ ᠳᠠᠯᠪᠢᠭᠰᠠᠨ ᠪᠦᠭᠡᠳ ᠬᠢᠶᠠᠳ ᠣᠪᠣᠭ ᠤᠨ ᠨᠡᠷ᠎ᠡ ᠲᠦᠷᠦ ᠲᠠᠢ ᠢᠵᠠᠭᠤᠷᠳᠠᠨ ᠠᠯᠳᠠᠨ᠂ ᠬᠤᠴᠢᠷ᠂ | ᠳᠠᠷᠢᠳᠠᠢ᠂ ᠸᠠᠩ ᠬᠠᠨ ᠤ ᠬᠦᠪᠡᠬᠦᠨ ᠰᠡᠩᠬᠦᠮ᠂ ᠸᠠᠩ ᠬᠠᠨ ᠤ ᠳᠡᠬᠦᠦ ᠵᠠᠬ᠎ᠠ ᠬᠠᠮᠪᠤ ᠪᠣᠯᠣᠨ ᠪᠢᠯᠬᠡ ᠪᠠᠬᠢ ᠨᠠᠷ | ᠢᠶᠠᠷ ᠮᠠᠩᠯᠠᠢ ᠠᠩᠬᠢ ᠶᠢ ᠣᠳᠣᠷᠢᠳᠣᠭᠤᠯᠪᠠ᠃ ᠮᠠᠩᠯᠠᠢ ᠳᠤ ᠶᠠᠪᠣᠭᠰᠠᠳ ᠤᠨ ᠲᠦᠷᠦᠬᠦᠨ ᠳᠤ ᠭᠤᠷᠪᠠᠨ ᠬᠠᠷᠠᠭᠤᠯ | ᠳᠠᠯᠪᠢᠵᠠᠢ᠃ | ᠢᠩᠬᠢᠬᠡᠳ ᠨᠢᠬᠡᠨ ᠦᠳᠡᠰᠢ ᠮᠠᠩᠯᠠᠢ ᠪᠣᠯᠵᠦ ᠶᠠᠪᠣᠭᠰᠠᠳ ᠤᠨ ᠲᠦᠷᠦᠭᠦᠴᠢ ᠣᠳᠬᠢᠶᠠ ᠭᠡᠳᠡᠭ ᠭᠠᠵᠠᠷ | ᠬᠦᠷᠬᠦ ᠦᠶ᠎ᠡ ᠳᠤ ᠴᠢᠬᠤᠷᠬᠤ ᠳᠤ ᠳᠠᠯᠪᠢᠭᠰᠠᠨ ᠬᠠᠷᠠᠭᠤᠯ ᠠᠴᠠ ᠬᠦᠮᠦᠨ ᠳᠠᠪᠬᠢᠨ ᠢᠷᠡᠵᠦ ︽ᠳᠠᠶᠢᠰᠣᠨ ᠠᠶᠢᠰᠣᠢ︾ | ᠭᠡᠵᠦ ᠮᠡᠳᠡᠬᠡᠯᠡᠵᠡᠢ᠃ ᠡᠶᠢᠮᠦ ᠳᠤ ᠬᠤᠯᠪᠣᠭᠠᠳᠠᠨ ᠨᠤᠭᠤᠳ ᠳᠠᠶᠢᠰᠣᠨ ᠢ ᠣᠭᠳᠣᠨ ᠪᠠᠶᠢᠯᠳᠣᠬᠤ ᠪᠠᠷ ᠲᠡᠷᠡ ᠳᠠᠷᠣᠢ | ᠬᠦᠷᠢᠶ᠎ᠡ ᠪᠠᠬᠢᠯᠡᠯᠳᠡ ᠪᠠᠨ ᠪᠠᠵᠠᠭᠠᠪᠠ᠃ | ᠡᠬᠢᠯᠡᠭᠡᠳ ᠳᠡᠮᠦᠵᠢᠨ᠂ ᠸᠠᠩ ᠬᠠᠨ ᠤ ᠴᠡᠷᠢᠭ ᠲᠠᠢ ᠵᠠᠮᠤᠬ᠎ᠠ ᠶᠢᠨ ᠲᠦᠷᠪᠡᠨ ᠮᠠᠩᠯᠠᠢ ᠴᠡᠷᠢᠭ ᠳᠣᠯᠭᠠᠷᠠᠭᠰᠠᠨ | ᠪᠦᠭᠡᠳ ᠳᠠᠶᠢᠴᠢᠭᠤᠳ ᠤᠨ ᠠᠭᠤᠴᠣ ᠪᠠᠭᠠᠳᠣᠷ᠂ ᠨᠠᠢᠮᠠᠨ ᠤ ᠪᠣᠶᠢᠷᠣᠰ ᠬᠠᠨ᠂ ᠮᠡᠷᠬᠢᠳ ᠤᠨ ᠳᠣᠭᠳᠤᠭᠠ ᠪᠠᠬᠢ | ᠶᠢᠨ ᠬᠦᠪᠡᠭᠦᠨ ᠬᠤᠳᠣ᠂ ᠣᠶᠢᠷᠠᠳ ᠤᠨ ᠬᠤᠳᠤᠭ᠎ᠠ ᠪᠠᠬᠢ ᠨᠠᠷ ᠳᠡᠬᠦᠨ ᠢ ᠣᠳᠣᠷᠢᠳᠣᠨ ᠶᠠᠪᠣᠵᠠᠢ᠃ ᠲᠡᠮᠦᠵᠢᠨ᠂ | ᠸᠠᠩ ᠬᠠᠨ ᠨᠠᠷ ᠤᠨ ᠴᠡᠷᠢᠭ ᠪᠡᠯᠡᠳᠬᠡᠯ ᠰᠠᠶᠢᠳᠠᠢ ᠶᠠᠪᠣᠭᠰᠠᠨ ᠣᠴᠢᠷ ᠵᠠᠮᠤᠬ᠎ᠠ ᠶᠢᠨ ᠬᠡᠨᠡᠳᠡᠬᠦᠯᠵᠦ ᠳᠠᠭᠠᠷᠢᠬᠤ ᠠᠷᠭ᠎ᠠ | ᠲᠠᠺᠲ᠋ᠢᠺ ᠨᠣᠷᠠᠨ ᠣᠨᠠᠵᠠᠢ᠃ ᠲᠡᠷᠡ ᠡᠳᠦᠷ ᠳᠡᠭᠷᠢ ᠬᠠᠷᠠᠩᠭᠤᠢ ᠪᠣᠯᠬᠤ ᠳᠤ ᠲᠡᠮᠦᠵᠢᠨ ᠸᠠᠩ ᠬᠠᠨ ᠨᠠᠷ ᠪᠦᠬᠦ | ᠮᠠᠩᠯᠠᠢ ᠴᠡᠷᠢᠭ ᠢᠶᠠᠨ ᠶᠡᠭᠡ ᠬᠤᠸᠠᠷᠠᠨ ᠳᠤ ᠴᠣᠭᠯᠠᠷᠠᠬᠤ ᠶᠢ ᠵᠠᠷᠯᠢᠭ ᠪᠣᠯᠭᠠᠪᠠ᠃ ᠪᠦᠬᠦ ᠴᠡᠷᠢᠭ ᠨᠢᠬᠡ ᠬᠤᠸᠠᠷᠠᠨ | ᠳᠤ ᠨᠡᠶᠢᠯᠡᠵᠦ ᠬᠤᠨᠣᠭᠰᠠᠨ ᠢᠶᠠᠷ ᠦᠪᠡᠷ ᠤᠨ ᠴᠡᠷᠢᠭ ᠤᠨ ᠬᠦᠴᠦ ᠶᠢ ᠳᠡᠭᠡᠳᠦ ᠵᠡᠷᠬᠡ ᠪᠠᠷ ᠪᠦᠬᠡᠨᠡᠬᠦᠯᠦᠭᠡᠳ | ᠳᠠᠶᠢᠰᠣᠨ ᠲᠠᠢ ᠮᠠᠷᠭᠠᠰᠢ ᠪᠠᠶᠢᠯᠳᠣᠬᠤ ᠪᠠᠷ ᠳᠣᠭᠳᠠᠪᠠ᠃ | ᠳᠣᠷᠣᠨ᠎ᠠ ᠠᠴᠠ ᠦᠦᠷ ᠬᠡᠬᠡᠷᠡᠭᠡ ᠦᠬᠡᠢ ᠪᠠᠶᠢᠬᠤ ᠳᠤ ᠲᠡᠮᠦᠵᠢᠨ᠂ ᠸᠠᠩ ᠬᠠᠨ ᠨᠠᠷ ᠳᠠᠶᠢᠰᠣᠨ ᠠᠴᠠ | ᠦᠷᠢᠰᠦᠨ ᠠᠰᠢᠭᠳᠠᠢ ᠪᠠᠶᠢᠷᠢᠯᠠᠯ ᠡᠵᠡᠯᠡᠭᠡᠳ ᠵᠠᠮᠤᠬ᠎ᠠ ᠶᠢᠨ ᠬᠠᠮᠳᠣᠷᠠᠭᠰᠠᠨ ᠴᠡᠷᠢᠭ ᠲᠠᠢ ᠬᠦᠢᠳᠡᠨ ᠬᠡᠳᠡᠭ ᠭᠠᠵᠠᠷ | ᠳᠣᠯᠭᠠᠷᠠᠨ ᠪᠠᠶᠢᠯᠳᠣᠪᠠ᠃ ᠡᠨᠡ ᠨᠢ ᠣᠳᠣ ᠶᠢᠨ ᠬᠢᠳᠠᠳ ᠮᠣᠩᠭᠤᠯ ᠤᠨ ᠬᠢᠯᠢ ᠳᠡᠬᠡᠷᠡᠬᠢ ᠬᠦᠢᠳᠡᠨ ᠠᠭᠤᠯᠠ ᠶᠢᠨ | ᠣᠷᠴᠢᠮ ᠭᠠᠵᠠᠷ ᠪᠠᠶᠢᠭᠰᠠᠨ ᠪᠦᠬᠡᠳ ᠳᠡᠮᠦᠵᠢᠨ ᠸᠠᠩ ᠬᠠᠨ ᠨᠠᠷ ᠠᠭᠤᠯᠠ ᠲᠦᠰᠢᠵᠦ ᠪᠠᠬᠢᠯᠡᠯᠳᠡ ᠪᠠᠷᠢᠭᠰᠠᠨ ᠳᠣᠯᠠ | ᠬᠠᠮᠠᠭᠠᠯᠠᠬᠤ ᠳᠤ ᠠᠮᠠᠷ᠂ ᠳᠣᠪᠳᠣᠯᠬᠤ ᠳᠤ ᠬᠡᠴᠡᠬᠦᠦ ᠶᠢᠨ ᠳᠡᠬᠡᠷ᠎ᠡ ᠬᠦᠮᠦᠨ ᠬᠦᠴᠦ ᠪᠠᠨ ᠪᠠᠭᠴᠠᠯᠠᠭᠠᠳ ᠠᠰᠢᠭᠳᠠᠢ | ᠭᠠᠵᠠᠷ ᠢ ᠣᠯᠣᠭᠠᠳ ᠠᠪᠣᠭᠰᠠᠨ ᠪᠣᠯᠪᠠᠴᠣ ᠲᠡᠷᠡ ᠡᠳᠦᠷ ᠬᠤᠪᠢᠰᠣᠨ ᠦᠬᠡᠷᠡᠴᠢᠯᠡᠭᠳᠡᠵᠦ ᠪᠠᠶᠢᠭᠰᠠᠨ ︽ᠠᠭᠠᠰᠢ ᠨᠢ | ᠣᠯᠳᠠᠬᠤ ᠦᠬᠡᠢ ᠳᠡᠭᠷᠢ︾ ᠶᠢᠨ ᠴᠢᠷᠠᠢ ᠶᠢ ᠬᠠᠷᠠᠬᠤ ᠳᠤ ᠬᠦᠷᠴᠡᠢ᠃ ᠵᠠᠮᠤᠬ᠎ᠠ ᠶᠢᠨ ᠬᠠᠮᠳᠣᠷᠠᠭᠰᠠᠨ ᠴᠡᠷᠢᠭ ᠴᠦ | ᠬᠡᠰᠡᠨ ᠳᠡᠭᠷᠢ᠂ ᠴᠠᠭ ᠠᠭᠠᠷ ᠶᠠᠭᠠᠬᠢᠳᠠᠭ ᠪᠣᠯ ᠬᠡᠵᠦ ᠰᠠᠨᠠᠭ᠎ᠠ ᠵᠣᠪᠠᠵᠦ ᠪᠠᠶᠢᠪᠠ᠃ ᠡᠨᠡ ᠦᠶ᠎ᠡ ᠳ᠋᠊᠂ ᠨᠠᠢᠮᠠᠨ ᠤ | ᠪᠣᠶᠢᠷᠣᠰ ᠬᠠᠭᠠᠨ᠂ ᠣᠶᠢᠷᠠᠳ ᠤᠨ ᠬᠤᠳᠤᠭ᠎ᠠ ᠪᠠᠬᠢ ᠨᠠᠷ ᠦᠪᠡᠷᠰᠡᠳ ᠢ ᠪᠠᠨ ᠵᠠᠳ ᠤᠨ ᠠᠷᠭ᠎ᠠ ᠶᠢ ᠮᠡᠳᠡᠬᠦ ᠷᠢᠳᠢ | ᠰᠢᠳᠢ ᠲᠠᠢ ᠬᠡᠳ ᠬᠤᠷ᠎ᠠ ᠣᠷᠣᠭᠤᠯᠵᠦ ᠰᠢᠭᠤᠷᠭ᠎ᠠ ᠳᠠᠯᠪᠢᠭᠤᠯᠬᠤ ᠪᠣᠶᠣ ᠪᠠᠶᠢᠭᠠᠯᠢ ᠳᠡᠯᠡᠬᠡᠢ ᠲᠠᠢ ᠬᠠᠮᠵᠢᠨ | ᠬᠤᠯᠪᠣᠭᠠᠳᠠᠨ ᠤ ᠴᠡᠷᠢᠭ ᠢ ᠪᠣᠳᠠ ᠴᠣᠬᠢᠬᠤ ᠠᠷᠭ᠎ᠠ ᠰᠡᠳᠦᠪᠡ᠃ ᠡᠨᠡ ᠵᠣᠷᠢᠯᠭ᠎ᠠ ᠪᠠᠷ ᠳᠡᠳᠡ᠄ ︽ᠴᠡᠷᠡᠨ ᠳᠤ ᠴᠡᠪᠡᠷ | ᠣᠰᠣ ᠠᠪᠴᠢᠷᠠ︾ ᠭᠡᠵᠦ ᠳᠣᠣᠷᠠᠳᠣ ᠬᠦᠮᠦᠰ ᠲᠤ ᠳᠣᠰᠢᠶᠠᠭᠠᠳ ᠳᠣᠳᠣᠷ᠎ᠠ ᠨᠢ ᠦᠬᠡᠷ᠂ ᠠᠳᠣᠭᠤᠨ ᠤ ᠬᠡᠳᠡᠰᠦᠨ | ᠠᠴᠠ ᠠᠪᠣᠭᠰᠠᠨ ᠬᠡᠬᠦ ᠳᠠᠬᠢᠶᠠᠨ ᠤ ᠦᠨᠳᠡᠬᠡᠨ ᠤ ᠴᠢᠨᠡᠭᠡ ᠬᠡᠳᠦᠨ ᠴᠢᠯᠠᠭᠤ ᠬᠢᠬᠡᠳ ᠲᠠᠷᠢᠨᠢᠳᠠᠬᠤ ᠪᠣᠯᠵᠠᠢ᠃ ᠣᠯᠠᠮ | ᠢᠶᠠᠷ ᠠᠮᠠᠨ ᠳᠠᠭᠠᠨ ᠣᠩᠰᠢᠨ᠂ ︽ᠳᠡᠭᠷᠢ ᠠᠴᠠ ᠠᠭᠠᠳᠠᠷ ᠪᠣᠷᠤᠭ᠎ᠠ ᠣᠷᠣᠭᠤᠯᠵᠦ᠂ ᠳᠠᠶᠢᠰᠣᠨ ᠤ ᠳᠣᠪᠳᠣᠯᠬᠤ ᠳᠤ | ᠳᠣᠰᠠᠯᠠᠭᠠᠴᠢ︾ ᠭᠡᠵᠦ ᠱᠦᠩᠰᠢᠭᠯᠡᠪᠡ᠃ ᠬᠡᠯᠡᠬᠦ ᠳᠤ ᠴᠦ ᠭᠠᠶᠢᠬᠠᠮ᠎ᠠ ᠳᠣᠬᠢᠶᠠᠯᠳᠣᠯ ᠪᠣᠯᠵᠦ ᠲᠦᠳᠡᠯ ᠦᠬᠡᠢ ᠳᠡᠭᠷᠢ | ᠬᠠᠷᠠᠩᠭᠤᠶᠢᠯᠠᠨ᠂ ᠰᠢᠭᠤᠷᠭ᠎ᠠ ᠳᠠᠯᠪᠢᠵᠦ᠂ ᠪᠣᠷᠤᠭ᠎ᠠ ᠣᠷᠣᠬᠤ ᠨᠢ ᠲᠡᠷᠡ᠃ | ᠳᠡᠭᠡᠳᠡᠯ᠎ᠡ ᠭᠤᠣᠯ ᠬᠡᠷᠡᠭ ᠨᠢ ᠳᠡᠳᠡᠨ ᠤ ᠰᠠᠨᠠᠭᠰᠠᠨ ᠢᠶᠠᠷ ᠪᠣᠯᠣᠭᠰᠠᠨ ᠦᠬᠡᠢ ᠪᠣᠷᠣᠭᠤ ᠪᠠᠷ ᠡᠷᠬᠢᠵᠦ᠂ | ᠳᠣᠭᠰᠢᠨ ᠰᠠᠯᠬᠢ᠂ ᠰᠢᠷᠦᠬᠦᠨ ᠪᠣᠷᠤᠭ᠎ᠠ ᠶᠢ ᠬᠤᠶᠢᠯᠠᠷᠠᠭᠤᠯᠣᠨ ᠵᠠᠮᠤᠬ᠎ᠠ ᠶᠢᠨ ᠬᠠᠮᠳᠣᠷᠠᠭᠰᠠᠨ ᠴᠡᠷᠢᠭ ᠳᠡᠭᠡᠷ᠎ᠡ | ᠪᠠᠭᠤᠯᠭᠠᠪᠠ᠃ ᠳᠡᠮᠦᠵᠢᠨ᠂ ᠸᠠᠩ ᠬᠠᠨ ᠨᠠᠷ ᠤᠨ ᠴᠡᠷᠢᠭ ᠰᠠᠯᠬᠢᠨ ᠤ ᠣᠷᠣᠭᠤ ᠬᠠᠷᠪᠣᠬᠤ ᠳᠤ ᠪᠦᠷ ᠬᠢᠯᠪᠠᠷ | ᠲᠦᠬᠦᠮ ᠪᠣᠯᠵᠦ᠂ ᠳᠡᠭᠷᠢ ᠶᠢᠨ ᠴᠠᠭ ᠳᠡᠮᠦᠵᠢᠨ ᠳᠤ ᠠᠰᠢᠭᠳᠠᠢ ᠪᠠᠷ ᠦᠬᠡᠷᠡᠴᠢᠯᠡᠭᠳᠡᠪᠡ᠃ ᠰᠠᠯᠬᠢ᠂ ᠪᠣᠷᠤᠭ᠎ᠠ | ᠰᠦᠷᠴᠦ᠂ ᠠᠭᠤᠯᠠ ᠦᠬᠡᠳᠡ ᠠᠪᠠᠷᠢᠬᠤ ᠵᠠᠮᠤᠬ᠎ᠠ ᠶᠢᠨ ᠬᠠᠮᠳᠣᠷᠠᠭᠰᠠᠨ ᠴᠡᠷᠢᠭ ᠤᠳ ᠪᠠᠯᠴᠢᠭ ᠲᠤ ᠭᠤᠯᠭᠤᠨ᠂ | ᠵᠢᠯᠠᠭᠠᠨ ᠳᠤ ᠣᠨᠠᠬᠤ ᠳᠤ ᠳᠡᠳᠡᠨ ᠤ ᠳᠣᠮᠳᠠ ᠠᠴᠠ᠄ ︽ᠬᠦᠬᠡ ᠳᠡᠭᠷᠢ ᠪᠢᠳᠡᠨ ᠢ ᠳᠠᠭᠠᠯᠠᠭᠰᠠᠨ ᠦᠬᠡᠢ᠃ ᠪᠢᠳᠡᠨ | ᠳᠤ ᠳᠡᠭᠷᠢ ᠶᠢᠨ ᠬᠢᠯᠢᠭ ᠪᠣᠯᠪᠠ︾ ᠭᠡᠵᠦ ᠣᠷᠢ ᠳᠠᠭᠤ ᠳᠠᠯᠪᠢᠬᠤ ᠳᠣᠭᠤᠯᠳᠠᠪᠠ᠃ ᠳᠡᠭᠷᠢ ᠪᠣᠷᠬᠠᠨ ᠠᠴᠠ | ᠳᠣᠰᠠᠯᠠᠮᠵᠢ ᠭᠤᠷᠢᠯᠠᠭᠰᠠᠨ ᠬᠦᠮᠦᠰ ᠰᠢᠳᠦᠯᠬᠡ ᠪᠢᠰᠢᠷᠡᠯ ᠤᠨ ᠢᠶᠠᠨ ᠭᠠᠢ ᠪᠠᠷᠴᠢᠳ ᠢ ᠠᠮᠰᠠᠵᠦ᠂ ᠣᠳᠠᠵᠦ ᠲᠦᠳᠡᠯ | ᠦᠬᠡᠢ ᠴᠡᠷᠢᠭ ᠤᠳ ᠨᠢ ᠴᠦᠮ ᠳᠠᠯ᠎ᠠ ᠳᠠᠯ᠎ᠠ ᠳᠡᠶᠢᠰᠢ ᠪᠣᠳᠠᠷᠠᠨ ᠳᠣᠳᠠᠭᠠᠵᠠᠢ᠃ ᠲᠦᠷ ᠵᠠᠭᠤᠷ᠎ᠠ ᠶᠢᠨ ᠡᠪᠰᠡᠯ | ᠬᠤᠯᠪᠣᠭ᠎ᠠ ᠨᠢ ᠨᠢᠬᠡᠳᠦᠭᠰᠡᠨ ᠣᠳᠣᠷᠢᠳᠣᠯᠭ᠎ᠠ ᠪᠠᠷ ᠳᠣᠳᠠᠭᠳᠠᠵᠦ᠂ ᠬᠦᠴᠦ ᠪᠠᠨ ᠬᠠᠳᠠᠭᠠᠯᠠᠵᠦ ᠦᠯᠡᠳᠡᠬᠦ ᠶᠢᠨ | ᠳᠣᠯᠠᠳᠠ ︽ᠬᠤᠪᠢ ᠪᠠᠨ ᠪᠣᠷᠣᠯᠠᠭᠤᠯᠵᠦ᠂ ᠳᠣᠪᠤ ᠪᠠᠨ ᠰᠢᠷᠠᠯᠠᠭᠤᠯᠬᠤ︾ ᠭᠡᠭᠴᠢ ᠪᠣᠯᠪᠠ᠃ ᠡᠨᠡ ᠪᠣᠯ ᠠᠩᠬᠠᠨ | ᠠᠴᠠ ᠪᠠᠨ ᠵᠠᠮᠤᠬ᠎ᠠ ᠶᠢᠨ ᠬᠠᠮᠳᠣᠷᠠᠭᠰᠠᠨ ᠴᠡᠷᠢᠭ ᠤᠨ ᠠᠮᠢᠨ ᠳᠤ ᠬᠦᠷᠬᠦ ᠰᠣᠯᠠ ᠳᠠᠯ᠎ᠠ ᠪᠠᠶᠢᠪᠠ᠃ | ᠲᠦᠩᠬᠡᠵᠢ ᠦᠴᠦᠬᠡᠨ ᠰᠠᠭᠠᠳ ᠲᠠᠢ ᠣᠴᠠᠷᠠᠮᠠᠭᠴᠠ ᠵᠠᠮᠤᠬ᠎ᠠ ᠶᠢᠨ ᠲᠦᠷᠪᠡᠨ ᠮᠠᠩᠨᠠᠢ ᠴᠡᠷᠢᠭ ᠡᠶᠢᠨᠬᠦ | ᠳᠠᠭᠠᠷᠢᠵᠦ ᠳᠣᠪᠳᠣᠯᠬᠤ ᠴᠢᠳᠠᠪᠣᠷᠢ ᠪᠠᠨ ᠠᠯᠳᠠᠭᠰᠠᠨ ᠪᠠᠶᠢᠨ᠎ᠠ᠃ ᠨᠠᠢᠮᠠᠨ ᠤ ᠪᠣᠶᠢᠷᠣᠰ ᠬᠠᠨ ᠳᠡᠮᠦᠵᠢᠨ ᠤ ᠮᠠᠩᠯᠠᠢ | ᠠᠯᠳᠠᠨ ᠤ ᠣᠳᠣᠷᠢᠳᠣᠭᠰᠠᠨ ᠬᠠᠮᠠᠭᠠᠯᠠᠯᠳᠠ ᠶᠢᠨ ᠱᠣᠭᠤᠮ ᠢ ᠰᠡᠳᠡᠯᠵᠦ ᠴᠢᠳᠠᠯ ᠦᠬᠡᠢ᠃ ᠮᠣᠷᠢᠨ ᠤ ᠪᠠᠨ ᠠᠮᠠ ᠶᠢ | ᠡᠷᠬᠢᠬᠦᠯᠵᠦ᠂ ᠠᠶᠢᠮᠠᠭ ᠤᠨ ᠢᠶᠠᠨ ᠴᠡᠷᠢᠭ ᠢ ᠳᠠᠭᠠᠭᠤᠯᠣᠨ ᠬᠤᠯᠠᠳᠬᠤ ᠳᠠᠭᠠᠨ ᠪᠦᠬᠦᠳᠡ ᠶᠢ ᠶᠡᠷᠦᠩᠬᠡᠶᠢᠯᠡᠨ ᠵᠠᠬᠢᠷᠬᠤ | ᠶᠣᠰᠣᠳᠠᠢ ᠬᠦᠷ ᠬᠠᠨ ᠵᠠᠮᠤᠬ᠎ᠠ ᠳᠤ ᠴᠦ ᠬᠡᠯᠡᠭᠰᠡᠨ ᠦᠬᠡᠢ᠂ ᠮᠦᠷᠦ ᠵᠡᠷᠭᠡᠴᠡᠨ ᠳᠣᠯᠣᠯᠳᠣᠵᠦ ᠶᠠᠪᠣᠭ᠎ᠠ ᠭᠤᠷᠪᠠᠨ | ᠮᠠᠩᠯᠠᠢ ᠳᠠᠶᠢᠴᠢᠳ ᠢᠶᠠᠨ ᠴᠦ ᠬᠠᠶᠢᠬᠤᠷᠣᠭᠰᠠᠨ ᠦᠬᠡᠢ᠂ ᠪᠠᠷᠠᠭᠤᠨ ᠳᠡᠶᠢᠰᠢ ᠬᠡᠷ ᠤᠨ ᠵᠦᠭ ᠲᠡᠷᠡ ᠴᠢᠭ ᠲᠡᠭᠡᠨ | ᠳᠣᠳᠠᠭᠠᠵᠦ ᠣᠳᠪᠠ᠃ ᠵᠣᠷᠢᠭ ᠮᠣᠬᠤᠭᠰᠠᠨ ᠴᠡᠷᠢᠭ ᠢᠯᠠᠭᠳᠠᠬᠤ ᠳᠠᠪᠢᠯᠠᠩ ᠠᠴᠠ ᠮᠣᠯᠳᠣᠷᠠᠭᠰᠠᠨ ᠦᠬᠡᠢ᠃ | ᠲᠦᠷᠦᠬᠦᠦ ᠮᠠᠩᠯᠠᠢ ᠨᠢᠷᠭᠡᠭᠳᠡᠭᠰᠡᠨ ᠤ ᠣᠷᠰᠢᠭ ᠲᠡᠷᠡ ᠳᠣᠣᠷ᠎ᠠ ᠪᠠᠨ ᠪᠣᠰᠣᠳ ᠲᠤ ᠨᠦᠯᠦᠬᠡᠯᠡᠵᠦ᠂ ᠨᠦᠬᠦᠬᠡ | ᠭᠤᠷᠪᠠᠨ ᠮᠠᠩᠯᠠᠢ ᠨᠢ ᠳᠠᠶᠢᠳᠣᠬᠤ ᠠᠴᠠ ᠬᠠᠯᠠᠰᠢᠷᠠᠪᠠ᠃ ᠮᠡᠷᠬᠢᠳ ᠤᠨ ᠬᠤᠳᠣ ᠪᠠᠶᠢᠳᠠᠯ ᠪᠢᠰᠢᠳᠡᠭᠰᠡᠨ ᠢ ᠬᠠᠷᠠᠭᠠᠳ | ᠦᠪᠡᠷ ᠤᠨ ᠠᠶᠢᠮᠠᠭ ᠤᠨ ᠬᠢᠨ ᠢᠶᠠᠨ ᠳᠠᠭᠤᠳᠠᠨ ᠴᠣᠭᠯᠠᠭᠤᠯᠵᠦ᠂ ᠠᠷᠣ ᠳᠤᠨᠢ ᠶᠠᠪᠣᠭᠰᠠᠨ ᠢᠶᠠᠨ ᠣᠷᠢᠳᠣ ᠨᠢ | ᠭᠠᠷᠴᠣ᠂ ᠰᠡᠯᠡᠩᠬᠡ ᠣᠷᠣᠭᠤ ᠣᠬᠤᠷᠢᠪᠠ᠃ ᠣᠶᠢᠷᠠᠳ ᠤᠨ ᠬᠤᠳᠤᠭ᠎ᠠ ᠪᠠᠬᠢ ᠪᠣᠷᠬᠠᠨ ᠳᠤ ᠢᠳᠡᠬᠡᠯ ᠠᠯᠳᠠᠷᠠᠵᠦ᠂ | ᠮᠣᠷᠢᠨ ᠤ ᠪᠠᠨ ᠬᠦᠯ ᠮᠡᠳᠡᠳᠦᠬᠡᠢ ᠬᠡᠰᠡᠨ ᠰᠢᠭ ᠳᠠᠰᠢᠭᠤᠷᠳᠠᠭᠰᠠᠭᠠᠷ ᠳᠠᠶᠢᠨ ᠤ ᠳᠠᠯᠠᠪᠣᠷ ᠠᠴᠠ ᠵᠠᠶᠢᠯᠠᠵᠦ᠂ ᠣᠮᠠᠷ᠎ᠠ | ᠵᠦᠭ ᠤᠨ ᠣᠢ ᠮᠣᠳᠣ ᠶᠢ ᠪᠠᠷᠠᠳᠠᠬᠤ ᠪᠠᠷ ᠣᠮ ᠬᠤᠮ ᠦᠬᠡᠢ ᠵᠢᠭᠤᠳᠠᠵᠦ᠂ ᠰᠢᠰᠢᠭᠡᠳ ᠢ ᠵᠣᠷᠢᠪᠠ᠃ ᠪᠠᠭᠠᠳᠣᠷ | ᠴᠣᠯᠠ ᠲᠠᠢ ᠳᠠᠶᠢᠴᠢᠭᠤᠳ ᠤᠨ ᠠᠭᠤᠴᠣ ᠨᠠᠷ᠎ᠡ ᠬᠤᠭᠤᠷᠠᠬᠤ ᠴᠦ ᠶᠠᠭᠠᠮᠠᠢ ᠬᠡᠰᠡᠨ ᠰᠢᠭ ᠪᠣᠰᠣᠳ ᠢ ᠪᠠᠨ | ᠳᠠᠭᠠᠭᠤᠯᠣᠨ ᠣᠨᠣᠨ ᠮᠦᠷᠡᠨ ᠳᠠᠬᠢ ᠬᠦᠷᠢᠶ᠎ᠡ ᠬᠡᠷ ᠣᠷᠣᠭᠤ ᠪᠠᠨ ᠶᠠᠭᠠᠷᠠᠨ ᠰᠠᠨᠳᠣᠷᠣᠨ ᠬᠦᠳᠡᠯᠵᠡᠢ᠃ | ᠢᠩᠬᠢᠬᠡᠳ 12 ᠠᠶᠢᠮᠠᠭ ᠤᠨ ᠬᠤᠯᠪᠣᠭ᠎ᠠ ᠪᠣᠳᠠ ᠦᠰᠦᠷᠴᠡᠢ᠃ ᠬᠠᠮᠳᠣᠷᠠᠭᠰᠠᠨ ᠴᠡᠷᠢᠭ ᠤᠨ | ᠣᠳᠣᠷᠢᠳᠣᠭᠴᠢ ᠵᠠᠮᠤᠬ᠎ᠠ ᠪᠣᠰᠣᠳ ᠠᠴᠠ ᠳᠡᠭᠡᠷᠡᠳᠡᠬᠦ ᠶᠠᠭᠤᠮ᠎ᠠ ᠦᠬᠡᠢ ᠪᠣᠯᠵᠦ᠂ ᠲᠡᠭᠦᠨ ᠤ ᠪᠦᠬᠦᠳᠡ ᠶᠢᠨ ᠬᠠᠨ | ᠬᠡᠳᠡᠭ ᠬᠦᠷ ᠬᠠᠨ ᠤ ᠨᠡᠷ᠎ᠡ ᠰᠦᠷ ᠠᠴᠠ ᠰᠢᠪᠬᠠᠷᠣᠣ ᠴᠦ ᠦᠯᠡᠳᠡᠭᠰᠡᠨ ᠦᠬᠡᠢ᠃ ᠮᠠᠩᠯᠠᠢ ᠴᠡᠷᠢᠭ ᠤᠨ ᠢᠶᠠᠨ | ᠰᠠᠷᠨᠢᠯ ᠢ ᠬᠠᠷᠠᠭᠰᠠᠭᠠᠷ ᠪᠠᠶᠢᠵᠦ᠂ ᠪᠦᠬᠦ ᠴᠡᠷᠢᠭ ᠤᠨ ᠢᠶᠠᠨ ᠰᠡᠳᠬᠢᠯ ᠢ ᠳᠠᠶᠢᠳᠬᠤᠷᠠᠭᠤᠯᠣᠨ᠂ ᠡᠮᠬᠢ ᠴᠡᠭᠴᠡᠨ ᠳᠤ | ᠣᠷᠣᠭᠤᠯᠬᠤ ᠶᠣᠰᠣᠳᠠᠢ ᠪᠠᠶᠢᠳᠠᠯ᠎ᠠ ᠦᠪᠡᠷ ᠢ ᠪᠠᠨ ᠡᠷᠬᠦᠮᠵᠢᠯᠡᠭᠰᠡᠨ ᠢᠷᠭᠡᠳ ᠢ ᠵᠠᠮ ᠳᠠᠭᠠᠨ ᠳᠡᠭᠡᠷᠡᠮᠳᠡᠨ᠂ ᠳᠡᠳᠡᠨ | ᠤ ᠬᠡᠷ ᠮᠠᠶᠢᠬᠠᠨ ᠢ ᠣᠩᠬᠢᠴᠠᠨ ᠬᠤᠭᠤᠰᠣᠯᠠᠭᠠᠳ᠂ ᠡᠷᠬᠦᠨ᠎ᠡ ᠭᠤᠣᠯ ᠢ ᠣᠷᠣᠭᠤᠳᠠᠨ ᠳᠣᠷᠣᠨ᠎ᠠ ᠵᠦᠭ ᠪᠣᠴᠠᠬᠤ | ᠵᠠᠮ ᠢᠶᠠᠨ ᠬᠦᠬᠡᠬᠡᠵᠡᠢ᠃ | ᠠᠳᠡ ᠬᠠᠷᠢᠨ ᠨᠦᠬᠦᠴᠡᠯ ᠪᠠᠶᠢᠳᠠᠯ ᠢ ᠠᠵᠢᠭᠯᠠᠵᠦ᠂ ᠳᠣᠯᠣᠯᠳᠣᠭᠠᠨ ᠳᠤ ᠣᠷᠤᠭ᠎ᠠ ᠦᠬᠡᠢ ᠪᠠᠶᠢᠭᠰᠠᠨ | ᠬᠤᠩᠬᠢᠷᠠᠳ ᠠᠶᠢᠮᠠᠭ ᠤᠨ ᠬᠢᠨ ᠵᠠᠮᠤᠬ᠎ᠠ ᠶᠢᠨ ᠲᠡᠷᠢᠬᠦᠯᠡᠭᠰᠡᠨ ᠡᠪᠰᠡᠯ ᠤᠨ ᠬᠦᠴᠦ ᠶᠢ ᠢᠯᠠᠭᠳᠠᠮᠠᠭᠴᠠ ᠳᠡᠮᠦᠵᠢᠨ | ᠲᠠᠢ ᠳᠠᠷᠣᠢ ᠣᠴᠢᠵᠦ ᠨᠡᠶᠢᠯᠡᠨ᠂ ᠣᠯᠣᠰ ᠲᠤᠨᠢ ᠨᠢᠬᠡᠳᠦᠭᠰᠡᠨ ᠪᠠᠶᠢᠨ᠎ᠠ᠃ ᠬᠦᠢᠳᠡᠨ ᠤ ᠪᠠᠶᠢᠯᠳᠣᠭᠠᠨ ᠡᠶᠢᠨᠬᠦ | ᠲᠦᠩᠬᠡᠵᠢ ᠬᠠᠭᠠᠰ ᠡᠳᠦᠷ ᠦᠷᠬᠦᠯᠵᠢᠯᠡᠭᠰᠡᠨ ᠪᠠ ᠵᠡᠭᠡᠭᠰᠡᠨ ᠬᠦᠴᠦᠷᠬᠡᠭ ᠪᠠᠶᠢᠮᠠᠷ ᠵᠠᠮᠤᠬ᠎ᠠ ᠶᠢᠨ ᠬᠤᠯᠪᠣᠭ᠎ᠠ ᠡᠷᠴᠢ | ᠨᠢ ᠵᠠᠳᠠᠷᠠᠭᠰᠠᠨ ᠳᠡᠭᠡᠰᠦ ᠮᠡᠳᠦ ᠨᠢᠬᠡᠮᠦᠰᠦᠨ ᠣᠨᠠᠪᠠ᠃ ᠡᠨᠡ ᠴᠠᠭ ᠮᠦᠴᠡ ᠠᠴᠠ ᠡᠬᠢᠯᠡᠨ ᠮᠣᠩᠭᠤᠯ ᠤᠨ ᠳᠠᠯ᠎ᠠ | ᠨᠣᠳᠤᠭ ᠲᠤ ᠡᠪ ᠨᠢᠬᠡᠳᠦᠯ ᠲᠡᠶᠢᠯᠬᠦ ᠦᠦ᠂ ᠡᠰᠡᠪᠡᠯ ᠪᠦᠬᠦᠳᠡᠭᠡᠷ ᠢᠶᠠᠨ ᠳᠠᠷᠬᠠᠢ ᠪᠣᠳᠠᠷᠬᠠᠢ ᠬᠡᠪ ᠢᠶᠠᠷ ᠪᠠᠶᠢᠬᠤ ᠦᠦ | ᠬᠡᠳᠡᠭ ᠢ ᠰᠢᠢᠳᠬᠦ ᠭᠤᠣᠯ ᠳᠣᠯᠣᠯᠳᠣᠭᠠᠨ ᠪᠠᠶᠢᠪᠠ᠃ ᠬᠡᠷᠪᠡ ᠬᠤᠯᠪᠣᠭᠠᠳᠠᠨ ᠤ ᠳᠠᠯ᠎ᠠ ᠢᠯᠠᠭᠳᠠᠭᠰᠠᠨ ᠪᠣᠯ ᠪᠣᠰᠣᠳ | ᠢ ᠦᠪᠡᠷ ᠲᠡᠭᠡᠨ ᠨᠢᠬᠡᠳᠬᠡᠨ ᠳᠠᠳᠠᠬᠤ ᠲᠦᠪᠯᠡᠷᠡᠭᠰᠡᠨ ᠬᠦᠴᠦ ᠠᠯᠠᠭ᠎ᠠ ᠪᠣᠯᠵᠦ ᠲᠦᠪ ᠠᠽᠢᠶ᠎ᠠ ᠶᠢᠨ ᠨᠡᠬᠦᠳᠡᠯᠴᠢᠳ | ᠣᠷᠢᠳᠣ ᠶᠢᠨ ᠪᠠᠬᠢ ᠪᠠᠶᠢᠳᠠᠯ ᠢᠶᠠᠷ ᠢᠶᠠᠨ ᠦᠯᠡᠳᠡᠬᠦ ᠪᠠᠶᠢᠪᠠ᠃ | ᠬᠠᠷᠢᠨ ᠵᠠᠮᠤᠬ᠎ᠠ ᠶᠢᠨ ᠡᠪᠰᠡᠯ ᠤᠨ ᠬᠢᠨ ᠲᠠᠢ ᠬᠢᠭᠰᠡᠨ ᠳᠣᠯᠣᠯᠳᠣᠭᠠᠨ ᠨᠢ ᠳᠡᠮᠦᠵᠢᠨ᠂ ᠸᠠᠩ ᠬᠠᠨ ᠬᠤᠶᠠᠷ | ᠤᠨ ᠡᠬᠡᠯᠵᠢᠳᠦ ᠢᠯᠠᠯᠳᠠ ᠪᠠᠷ ᠡᠶᠢᠨᠬᠦ ᠦᠨᠳᠦᠷᠯᠡᠭᠰᠡᠨ ᠪᠣᠯᠪᠠᠴᠣ ᠨᠦᠬᠦᠬᠡ ᠳᠠᠯ᠎ᠠ ᠪᠠᠷ ᠳᠡᠳᠡᠨ ᠢ ᠬᠠᠭᠠᠴᠠᠨ ᠰᠠᠯᠬᠤ | ᠶᠠᠪᠣᠳᠠᠯ ᠢ ᠲᠦᠷᠭᠡᠳᠭᠡᠵᠡᠢ᠃ ᠣᠴᠢᠷ ᠨᠢ ᠵᠠᠮᠤᠬ᠎ᠠ ᠢᠯᠠᠭᠳᠠᠭᠰᠠᠨ ᠤ ᠳᠠᠷᠠᠭ᠎ᠠ ᠸᠠᠩ ᠬᠠᠨ ᠲᠠᠢ ᠰᠦᠯᠪᠡᠬᠡᠯᠳᠦᠬᠦ | ᠪᠣᠯᠣᠭᠰᠠᠨ ᠪᠦᠬᠡᠳ ᠳᠡᠷᠡ ᠳᠣᠰᠣᠮ ᠢᠶᠠᠨ ᠳᠡᠮᠦᠵᠢᠨ ᠢ ᠳᠣᠭᠤᠰᠢᠳᠠᠢ ᠦᠵᠡᠨ ᠶᠠᠳᠠᠭᠴᠢ ᠰᠡᠩᠬᠦᠮ ᠲᠠᠢ ᠳᠣᠳᠣᠨᠣ | ᠬᠠᠷᠢᠯᠴᠠᠭ᠎ᠠ ᠲᠠᠢ ᠪᠣᠯᠣᠭᠰᠠᠨ ᠪᠠᠶᠢᠨ᠎ᠠ᠃ | | |