ᠲᠦᠰᠢᠶᠡᠲᠦ ᠬᠠᠨ ᠠᠶᠢᠮᠠᠭ ᠤᠨ ᠡᠷᠳᠡᠨᠢ ᠸᠠᠩ ᠤᠨ ᠬᠤᠰᠢᠭᠤᠨ ᠤ ᠪᠠᠷᠭᠤ ᠤᠳ
ᠨᠡᠶᠢᠲᠡᠯᠡᠭᠰᠡᠨ ᠴᠠᠭ᠄
2017/10/18
ᠰ᠊ · ᠮᠡᠨᠳᠦᠰᠠᠶᠢᠬᠠᠨ ︵ᠮᠣᠩᠭᠤᠯ︶           ᠲᠦᠰᠢᠶᠡᠲᠦ ᠬᠠᠨ ᠠᠶᠢᠮᠠᠭ ᠤᠨ ᠡᠷᠳᠡᠨᠢ           ᠸᠠᠩ ᠤᠨ ᠬᠤᠰᠢᠭᠤᠨ ᠤ ᠪᠠᠷᠭᠤ ᠤᠳ          ᠡᠷᠳᠡᠨᠢ ᠸᠠᠩ ᠤᠨ ᠬᠤᠰᠢᠭᠤ ᠨᠤᠲᠤᠭ ᠪᠣᠯ ᠣᠷᠬᠤᠨ᠂ ᠰᠡᠯᠡᠩᠭᠡ ᠮᠥᠷᠡᠨ᠂ ᠬᠠᠷᠠᠭ᠎ᠠ᠂ ᠢᠷᠦᠭᠡ᠂ ᠪᠣᠷᠤᠭ᠎ᠠ ᠵᠡᠷᠭᠡ ᠣᠯᠠᠨ ᠭᠤᠣᠯ᠂ ᠮᠥᠷᠡᠨ ᠤ ᠪᠣᠯᠤᠨ ᠬᠡᠨᠲᠡᠢ ᠬᠠᠨ ᠤ ᠨᠢᠷᠤᠭᠤᠨ ᠤ ᠠᠭᠤᠯᠠ᠂ ᠨᠢᠷᠤᠭᠤᠳ ᠢᠶᠠᠷ ᠬᠦᠷᠢᠶᠡᠯᠡᠭᠦᠯᠦᠭᠰᠡᠨ ᠥᠷᠭᠡᠨ ᠠᠭᠤᠳᠠᠮ ᠨᠤᠲᠤᠭ ᠲᠤ ᠣᠷᠤᠰᠢᠳᠠᠭ᠃ ᠡᠨᠡ ᠨᠤᠲᠤᠭ ᠲᠤ ᠬᠠᠯᠬ᠎ᠠ᠂ ᠪᠠᠷᠭᠤ᠂ ᠪᠤᠷᠢᠶᠠᠳ᠂ ᠴᠠᠬᠠᠷ᠂ ᠣᠷᠤᠰ᠂ ᠬᠢᠲᠠᠳ ᠵᠡᠷᠭᠡ ᠣᠯᠠᠨ ᠶᠠᠰᠤᠲᠠᠨ ᠦᠨᠳᠦᠰᠦᠲᠡᠨ ᠨᠦᠭᠦᠳ ᠣᠷᠤᠰᠢᠨ ᠰᠠᠭᠤᠵᠤ ᠠᠵᠤ ᠲᠥᠷᠥᠳᠡᠭ᠃         ᠭᠠᠵᠠᠷ ᠨᠤᠲᠤᠭ ᠨᠢ ᠠᠭᠤᠯᠠ ᠤᠰᠤ᠂ ᠤᠷᠭᠤᠮᠠᠯ᠂ ᠬᠦᠷᠦᠰᠦ ᠰᠢᠷᠤᠢ ᠰᠠᠶᠢᠲᠠᠢ ᠠᠭᠤᠳᠠᠮ ᠲᠠᠩᠰᠤᠭ᠂ ᠦᠷᠡᠵᠢᠯ ᠰᠢᠮ᠎ᠡ ᠲᠠᠢ ᠪᠣᠯᠬᠤᠷ ᠮᠠᠯ ᠠᠴᠠ ᠭᠠᠳᠠᠨ᠎ᠠ ᠲᠠᠷᠢᠶ᠎ᠠ ᠪᠤᠳᠠᠭ᠎ᠠ᠂ ᠨᠣᠭᠤᠭ᠎ᠠ ᠲᠠᠷᠢᠳᠠᠭ ᠡᠷᠲᠡᠨ ᠤ ᠤᠯᠠᠮᠵᠢᠯᠠᠯ ᠲᠠᠢ ᠰᠠᠶᠢᠬᠠᠨ ᠨᠤᠲᠤᠭ᠃ ᠡᠨᠡ ᠬᠤᠰᠢᠭᠤᠨ ᠤ ᠨᠣᠶᠠᠨ ᠨᠠᠮᠰᠠᠷᠠᠢ ᠸᠠᠩ᠂ ᠲᠡᠭᠦᠨ ᠤ ᠬᠦᠦ ᠪᠡᠶᠢᠰᠡ ᠴᠡᠷᠡᠨᠳᠣᠷᠵᠢ ᠭᠡᠵᠤ ᠪᠠᠶᠢᠪᠠ᠃         ᠮᠥᠨ ᠬᠠᠷᠠᠭ᠎ᠠ ᠶᠢᠨ ᠪᠠᠭᠠᠲᠤᠷ ᠸᠠᠩ ᠨᠠᠰᠤᠨ᠋ᠧᠴᠢᠷ ᠤᠨ ᠬᠦᠦ ᠨᠠᠸᠠᠩᠶᠦ᠋ᠨᠳᠦᠨ ᠪᠠᠭ᠎ᠠ ᠳᠠᠭᠠᠨ ᠬᠤᠰᠢᠭᠤ ᠨᠣᠶᠠᠨ ᠢᠶᠠᠷ ᠲᠣᠳᠤᠷᠠᠵᠤ᠂ ᠰᠡᠭᠦᠯ ᠳᠡᠭᠡᠨ ᠡᠷᠳᠡᠮ ᠨᠣᠮ ᠤᠨ ᠮᠥᠷ ᠬᠥᠭᠡᠭᠡᠨ᠂ ᠵᠣᠬᠢᠶᠠᠯᠴᠢ᠂ ᠢᠷᠠᠭᠤ ᠨᠠᠶᠢᠷᠠᠭᠴᠢ ᠂ ᠳ᠋ᠢᠫᠯᠤᠮᠠᠲ ᠠᠯᠪᠠ ᠬᠠᠰᠢᠵᠤ᠂ ᠲᠥᠷᠥ ᠤᠯᠤᠰ ᠨᠡᠶᠢᠭᠡᠮ ᠤᠨ ᠨᠡᠷᠡᠲᠦ ᠵᠢᠳᠬᠦᠯᠲᠡᠨ ᠪᠣᠯᠤᠭᠰᠠᠨ ᠠᠴᠠ ᠲᠡᠭᠦᠨ ᠢ ᠮᠣᠩᠭᠤᠯ ᠤᠨ ᠠᠷᠠᠳ ᠲᠦᠮᠡᠨ ︽ᠰᠣᠶᠤᠯ ᠡᠷᠳᠡᠨᠢ︾ ᠭᠡᠳᠡᠭ ᠳᠠᠭᠤᠤ ᠪᠠᠷ ᠨᠢ ᠠᠨᠳᠠᠬᠤ ᠦᠭᠡᠢ᠃        ᠮᠠᠨ ᠤ ᠨᠤᠲᠤᠭ ᠤᠨ ᠬᠤᠰᠢᠶᠠᠳᠤ ᠢᠷᠦᠭᠡ᠂ ᠰᠤᠮᠤ ᠶᠢᠨ ᠣᠷᠬᠤᠨ᠂ ᠰᠢᠷ᠎ᠠ ᠶᠢᠨ ᠪᠠᠭ᠂ ᠲᠡᠷᠭᠡ ᠱᠠᠭᠠᠵᠠᠭᠠᠶᠢᠲᠤ᠂ ᠪᠤᠤᠷᠠᠲᠤ ᠶᠢᠨ ᠭᠤᠣᠯ ᠢᠶᠠᠷ ᠪᠠᠷᠭᠤ ᠤᠳ ᠨᠤᠲᠤᠭᠯᠠᠳᠠᠭ ᠪᠠᠶᠢᠭᠰᠠᠨ᠃ ᠣᠳᠤ ᠴᠦ ᠦᠷ᠎ᠡ ᠤᠳᠤᠮ ᠨᠢ ᠪᠣᠢ᠃        ᠮᠡᠨᠳᠦᠰᠠᠶᠢᠬᠠᠨ ᠮᠢᠨᠦ ᠮᠡᠳᠡᠵᠦ ᠪᠠᠶᠢᠭ᠎ᠠ ᠪᠠᠷ ᠣᠷᠬᠤᠨ ᠪᠠᠭ ᠤᠨ ᠴᠣᠯᠮᠤᠨ᠂ ᠰᠢᠷ᠎ᠠ ᠶᠢᠨ ᠪᠠᠭ ᠤᠨ ᠪᠤᠮᠠᠴᠡᠩᠳᠡ ᠵᠡᠷᠭᠡ 120 ᠭᠠᠷᠤᠢ ᠵᠠᠯᠠᠭᠤᠰ ᠫᠠᠷᠲ᠋ᠢᠼᠠᠨ ᠴᠡᠷᠢᠭ ᠲᠤ ᠶᠠᠪᠤᠭᠰᠠᠨ ᠤ ᠶᠡᠬᠡᠩᠬᠢ ᠨᠢ ᠪᠠᠷᠭᠤ ᠤᠳ ᠪᠠᠶᠢᠭᠰᠠᠨ᠃       ᠬᠠᠷᠠᠭ᠎ᠠ ᠶᠢᠨ ᠳ᠋ᠠᠷᠢ ᠡᠬᠡ ᠯᠠᠮᠠ ᠪᠣᠯ ᠮᠠᠨ ᠤ ᠬᠤᠰᠢᠭᠤ ᠨᠤᠲᠤᠭ ᠤᠨ ᠠᠯᠳᠠᠷ ᠲᠠᠢ ᠬᠥᠮᠥᠨ ᠪᠠᠶᠢᠭᠰᠠᠨ᠃       ᠳ᠋ᠠᠷᠢ ᠡᠬᠡ ᠯᠠᠮᠠ ᠶᠢᠨ ᠬᠡᠶᠢᠳ ᠲᠤ ᠰᠠᠭᠤᠵᠤ ᠪᠠᠶᠢᠭᠰᠠᠨ ᠪᠠᠷᠭᠤ ᠠᠶᠢᠮᠠᠭ ᠤᠨ ᠭᠠᠪᠠᠵᠢ ᠢᠰᠢ ᠭᠡᠳᠡᠭ ᠬᠥᠮᠥᠨ ᠬᠤᠶᠢᠰᠢ ᠪᠠᠨ ᠤᠷᠤᠭᠰᠢ ᠪᠠᠨ ᠳ᠋ᠠᠷᠢ ᠡᠬᠡ ᠯᠠᠮᠠ ᠶᠢᠨ ᠵᠠᠷᠤᠯᠭ᠎ᠠ ᠪᠠᠷ ᠶᠡᠭᠡ ᠶᠠᠪᠤᠳᠠᠭ ᠬᠥᠮᠥᠨ ᠪᠠᠶᠢᠭᠰᠠᠨ᠃ ᠬᠢᠲᠠᠳ ᠤᠨ ᠲᠦᠷᠢᠮᠡᠬᠡᠶᠢᠯᠡᠭᠴᠢᠳ ᠤᠨ ᠡᠰᠡᠷᠭᠦ ᠲᠡᠮᠡᠴᠡᠯ ᠢ ᠵᠣᠬᠢᠶᠠᠨ ᠪᠠᠶᠢᠭᠤᠯᠤᠭᠴᠢ ᠶᠢᠨ ᠨᠢᠭᠡ ᠭᠡᠳᠡᠭ᠃ 1921 ᠣᠨ ᠤ ᠴᠠᠭᠠᠨ ᠰᠠᠷ᠎ᠠ ᠶᠢᠨ ᠡᠮᠦᠨᠡᠬᠡᠨ ᠳ᠋ᠠᠷᠢ ᠡᠬᠡ ᠯᠠᠮᠠ ᠶᠢᠨ ᠳᠠᠭᠠᠭᠠᠯᠭᠠᠪᠤᠷᠢ ᠪᠠᠷ ᠴᠠᠬᠠᠷ ᠭᠦᠩ ᠲᠣᠭᠲᠠᠬᠤ ᠶᠢᠨ ᠴᠡᠷᠢᠭ ᠲᠤ ᠬᠡᠯᠡ ᠬᠦᠷᠭᠡᠵᠦ ᠤᠯᠠᠮ ᠢᠶᠠᠷ ᠲᠣᠭᠲᠠᠬᠤ ᠶᠢᠨ ᠴᠡᠷᠢᠭ ᠢ ᠨᠢᠭᠤᠴᠠ ᠪᠠᠷ ᠳᠠᠭᠠᠭᠤᠯᠤᠨ ᠢᠷᠡᠵᠦ ᠪᠤᠷᠬᠠᠨᠲᠤ ᠶᠢᠨ ᠬᠥᠨᠳᠡᠢ ᠶᠢᠨ ᠵᠡᠭᠦᠨ ᠠᠭᠤᠯᠠᠨ ᠳᠤ ᠪᠠᠶᠢᠷᠢᠯᠠᠭᠤᠯᠤᠭᠠᠳ ᠬᠡᠶᠢᠳ ᠲᠡᠭᠡᠨ ᠢᠷᠡᠵᠦ ᠪᠠᠶᠢᠭᠰᠠᠨ ᠢᠰᠢ ᠭᠠᠪᠠᠵᠢ ᠲᠡᠭᠡᠵᠦ ᠶᠠᠪᠤᠬᠤ ᠳᠠᠭᠠᠨ ᠣᠲᠤᠭ ᠤᠨ ᠪᠠᠷᠭᠤ ᠪᠠᠲᠤᠴᠡᠷᠡᠨ ᠤ ᠰᠡᠷᠢᠳᠡᠷ᠂ ᠳᠤᠯᠵᠢᠨᠰᠦ᠋ᠷᠦᠩ ᠤᠨ ᠮᠠᠭᠰᠤᠷ ᠭᠡᠳᠡᠭ ᠬᠤᠶᠠᠷ ᠬᠥᠮᠥᠨ ᠢ ᠳᠠᠭᠠᠭᠤᠯᠵᠤ ᠶᠠᠪᠤᠵᠤ ᠪᠠᠶᠢᠭᠰᠠᠨ᠃      ᠮᠠᠨ ᠤ ᠬᠤᠰᠢᠭᠤ ᠨᠤᠲᠤᠭ ᠲᠤ ᠪᠠᠷᠭᠤ ᠤᠳ ᠨᠡᠭᠦᠵᠦ ᠢᠷᠡᠭᠰᠡᠨ ᠨᠢ ᠶᠡᠭᠡ ᠰᠣᠨᠢᠨ ᠲᠡᠦᠬᠡ ᠲᠠᠢ᠃ ᠬᠥᠯᠥᠨ ᠪᠣᠶᠢᠷ ᠨᠤᠲᠤᠭ ᠤᠨ ᠨᠣᠶᠠᠨ ᠵᠢᠶᠦ᠋ᠨ ᠸᠠᠩ ᠤᠨ ᠥᠬᠢᠨ ᠶᠠᠷ᠎ᠠ ᠰᠢᠷᠬᠠᠨ ᠳᠤ ᠪᠠᠷᠢᠭᠳᠠᠵᠤ ᠡᠮᠴᠢᠯᠡᠭᠦᠯᠵᠦ ᠳᠡᠶᠢᠯᠬᠦ ᠦᠭᠡᠢ ᠪᠣᠯᠤᠭᠰᠠᠨ ᠢᠶᠠᠷ ᠪᠣᠭᠳᠠ ᠯᠠᠮᠠ ᠳᠤ ᠠᠶᠢᠯᠠᠳᠬᠠᠵᠤ ᠠᠪᠤᠷᠠᠯ ᠡᠷᠢᠭᠦᠢ ᠳᠤᠷ ᠵᠡᠭᠦᠨ ᠬᠠᠷᠠᠭ᠎ᠠ ᠶᠢᠨ ᠡᠷᠬᠡᠲᠦ ᠠᠭᠤᠯᠠ ᠶᠢᠨ ᠡᠩᠭᠡᠷ ᠲᠤ ᠳᠣᠪᠳᠤᠮ ᠭᠡᠳᠡᠭ ᠯᠠᠮᠠ ᠪᠠᠶᠢᠭ᠎ᠠ᠂ ᠲᠡᠭᠦᠨ ᠳᠤ ᠣᠴᠢ ᠭᠡᠵᠡᠢ᠃      ᠲᠡᠷᠡ ᠬᠤᠶᠠᠷ ᠶᠠᠪᠤᠵᠤ ᠳᠣᠪᠳᠤᠮ ᠯᠠᠮᠠ ᠶᠢ ᠡᠷᠢᠵᠦ ᠣᠴᠢᠭᠠᠳ ᠤᠴᠢᠷ ᠶᠠᠪᠤᠳᠠᠯ ᠪᠠᠶᠢᠳᠠᠯ ᠢᠶᠠᠨ ᠠᠶᠢᠯᠠᠳᠬᠠᠬᠤ ᠳᠤ ︽ᠵᠠ ᠪᠢ ᠥᠪᠡᠷ ᠢᠶᠠᠨ ᠣᠴᠢᠵᠤ ᠦᠵᠡᠶ᠎ᠡ︾ ᠭᠡᠵᠡᠢ᠃ ᠢᠩᠭᠢᠭᠡᠳ ᠬᠥᠯᠥᠨ ᠪᠣᠶᠢᠷ ᠲᠤ ᠣᠴᠢᠵᠤ ᠨᠣᠶᠠᠨ ᠤ ᠥᠬᠢᠨ ᠢ ᠦᠵᠡᠭᠡᠳ ︽ᠡᠮᠴᠢᠯᠡᠵᠦ ᠪᠣᠯᠬᠤ ᠶᠤᠮ ᠪᠠᠶᠢᠨ᠎ᠠ︾ ᠭᠡᠵᠤ ᠬᠡᠯᠡᠭᠡᠳ ᠥᠪᠡᠷ ᠢᠶᠠᠨ ᠡᠮ ᠢᠶᠠᠨ ᠪᠡᠯᠡᠳᠬᠡᠵᠦ ᠵᠠᠰᠠᠯ ᠬᠢᠵᠤ ᠰᠠᠷ᠎ᠠ ᠭᠠᠷᠤᠢ ᠬᠤᠨᠤᠭ ᠪᠣᠯᠬᠤ ᠳᠤ ᠥᠬᠢᠨ ᠪᠦᠷᠢᠨ ᠡᠳᠡᠭᠡᠷᠡᠵᠡᠢ᠃      ᠯᠠᠮᠠ ᠨᠤᠲᠤᠭ ᠪᠤᠴᠠᠬᠤ ᠳᠤ ᠨᠣᠶᠠᠨ 6 ᠡᠷᠦᠬᠡ ᠠᠶᠢᠯ ᠢ ᠮᠠᠯ ᠰᠦᠷᠦᠭ᠂ ᠭᠡᠷ ᠬᠦᠷᠦᠩᠭᠡ ᠲᠠᠢ ᠨᠢ ᠱᠠᠪᠢ ᠪᠣᠯᠭᠠᠨ ᠥᠭᠴᠦ ᠶᠠᠪᠤᠭᠤᠯᠤᠭᠰᠠᠨ ᠢᠶᠠᠷ ᠲᠡᠷᠡ ᠠᠶᠢᠯ ᠤᠳ ᠤᠨ ᠬᠥᠮᠥᠨ ᠠᠮᠠ ᠦᠰᠦᠨ ᠦᠷᠡᠵᠢᠭᠰᠡᠭᠡᠷ 71 ᠣᠲᠤᠭ ᠪᠣᠯᠵᠤ ᠪᠦᠷᠢᠨ ᠤ ᠬᠦᠨᠳᠡᠢ᠂ ᠪᠠᠷᠠᠭᠤᠨ ᠬᠠᠷᠠᠭ᠎ᠠ᠂ ᠢᠷᠦᠭᠡ᠂ ᠰᠢᠷ᠎ᠠ ᠶᠢᠨ ᠭᠤᠣᠯ᠂ ᠥᠷᠭᠡᠨ ᠬᠦᠨᠳᠡᠢ᠂ ᠲᠤᠵᠢ ᠶᠢᠨ ᠨᠠᠷᠠᠰᠤ᠂ ᠳᠦᠷᠰᠦ ᠨᠠᠷᠠᠰᠤ ᠵᠡᠷᠭᠡ ᠭᠠᠵᠠᠷ ᠢᠶᠠᠷ ᠲᠠᠷᠬᠠᠨ ᠨᠤᠲᠤᠭᠯᠠᠬᠤ ᠪᠣᠯᠤᠭᠰᠠᠨ ᠭᠡᠳᠡᠭ᠃ ᠪᠠᠷᠭᠤ ᠣᠲᠤᠭ ᠤᠨ ᠰᠡᠭᠦᠯ ᠤᠨ ᠦᠶ᠎ᠡ ᠶᠢᠨ ᠳᠠᠷᠤᠭ᠎ᠠ ᠴᠣᠯᠠᠭᠦᠦ᠂ ᠳᠠᠭᠠᠭᠠᠮᠠᠯ ᠯᠤᠪᠰᠠᠩᠰᠡᠳᠦᠪ ᠢ ᠵᠠᠶᠢᠰᠠᠩ ᠴᠡᠪᠡᠭᠳᠣᠷᠵᠢ᠂ ᠰᠢᠭᠦᠭᠴᠢ ᠬᠠᠮᠷᠠᠭ᠎ᠠ ᠨᠠᠷ ᠤᠨ ᠬᠥᠮᠥᠰ ᠪᠠᠶᠢᠭᠰᠠᠨ ᠢ ᠪᠢ ᠮᠡᠳᠡᠬᠦ ᠶᠤᠮ᠃ ᠪᠠᠷᠭᠤ ᠣᠲᠤᠭ 6 ᠪᠠᠭ ᠲᠠᠢ᠃     ᠪᠠᠷᠭᠤ ᠣᠲᠤᠭ ᠤᠳ ᠣᠲᠤᠭ ᠤᠨ ᠢᠶᠠᠨ ᠨᠠᠭᠠᠳᠤᠮ ᠢ ᠵᠢᠯ ᠳᠤ ᠨᠢᠭᠡ ᠤᠳᠠᠭ᠎ᠠ ᠠᠯᠲᠠᠨ ᠬᠤᠨᠳᠠᠭ᠎ᠠ ᠭᠡᠳᠡᠭ ᠭᠠᠵᠠᠷ ᠬᠢᠳᠡᠭ ᠪᠠᠶᠢᠭᠰᠠᠨ᠃ ᠮᠠᠨ ᠤ ᠣᠲᠤᠭ ᠤᠨ ᠬᠢᠨ ᠢ ᠬᠤᠷᠳᠤ ᠰᠠᠶᠢᠲᠠᠢ ᠭᠡᠳᠡᠭ᠂ ᠵᠠᠶᠢᠰᠠᠩ ᠴᠡᠪᠡᠭᠳᠣᠷᠵᠢ  ᠶᠢᠨ ᠬᠠᠪᠴᠢᠭ ᠬᠠᠷ᠎ᠠ᠂ ᠰᠣᠨᠣᠮᠴᠣᠬᠤᠮ ︵ᠳ᠋ᠠᠷᠢ ᠡᠬᠡ ᠶᠢᠨ ᠬᠡᠶᠢᠳ ᠤᠨ ᠭᠡᠰᠭᠦᠢ ᠯᠠᠮᠠ︶ ᠤᠨ ᠬᠤᠩᠭᠤᠷ ᠭᠡᠳ ᠵᠠᠷ ᠲᠠᠢ ᠬᠤᠷᠳᠤᠨ ᠮᠣᠷᠢᠳ ᠪᠠᠶᠢᠪᠠ᠃     ᠮᠠᠨ ᠤ ᠨᠤᠲᠤᠭ ᠤᠨ ᠪᠠᠷᠭᠤ ᠤᠳ ᠪᠣᠭᠳᠠ ᠶᠢᠨ ᠵᠡᠭᠦᠨ ᠬᠦᠷᠢᠶᠡᠨ ᠤ ᠵᠠᠰᠠᠭ ᠤᠨ ᠮᠠᠯ ᠰᠦᠷᠦᠭ ᠢ ᠮᠠᠯᠯᠠᠳᠠᠭ ᠵᠢᠷᠭᠤᠭᠠᠨ ᠪᠠᠭ ᠤᠨ 200 ᠭᠠᠷᠤᠢ ᠠᠶᠢᠯ ᠤᠳ ᠢ ᠶᠡᠭᠡ ᠱᠠᠪᠢ ᠶᠢᠨ ᠣᠲᠤᠭ ᠭᠡᠳᠡᠭ ᠪᠠᠶᠢᠭᠰᠠᠨ᠃     ᠮᠠᠨ ᠤ ᠣᠲᠤᠭ ᠤᠨ ᠳᠣᠪᠳᠤᠮ ᠯᠠᠮᠠᠲᠠᠨ᠂ ᠵᠠᠳᠬ᠎ᠠ ᠪᠠᠯᠳᠠᠨ ᠬᠤᠶᠠᠷ ᠢ ᠠᠶᠢᠬᠤᠪᠲᠤᠷ ᠬᠡᠴᠡᠭᠦᠦ ᠬᠥᠮᠥᠰ ᠪᠠᠶᠢᠭᠰᠠᠨ ᠭᠡᠯᠴᠡᠳᠡᠭ᠃ ᠮᠠᠨ ᠤ ᠨᠤᠲᠤᠭ ᠤᠨ ᠤᠯᠤᠰ ᠤᠨ ᠵᠠᠭᠠᠨ ᠭᠤᠮᠪᠤᠳᠠᠭᠪᠠ ᠪᠣᠯ ᠪᠠᠷᠭᠤ ᠬᠥᠮᠥᠨ᠃ ᠭᠤᠮᠪᠤᠳᠠᠭᠪᠠ ᠪᠠᠭ᠎ᠠ ᠳᠠᠭᠠᠨ ᠡᠪᠡᠳᠦᠭᠡᠳ ᠪᠠᠶᠢᠬᠤ ᠳᠤ ᠨᠢ ᠬᠠᠷᠠᠭ᠎ᠠ ᠶᠢᠨ ᠳ᠋ᠠᠷᠢ ᠡᠬᠡ ᠯᠠᠮᠠ ᠳᠤ ᠡᠴᠢᠭᠡ ᠨᠢ ᠦᠵᠡᠭᠦᠯᠦᠭᠰᠡᠨ ᠳᠤ ᠬᠤᠶᠠᠷ ᠭᠠᠷ ᠠᠴᠠ ᠨᠢ ᠡᠷᠭᠦᠵᠦ ᠬᠤᠰᠭᠢᠨᠠᠭ ᠲᠤᠨᠢ ᠶᠣᠣᠲᠠᠩ ᠬᠠᠪᠴᠢᠭᠤᠯᠤᠭᠠᠳ ᠣᠷᠤᠨ ᠳᠡᠭᠡᠷ᠎ᠡ ᠰᠢᠳᠡᠴᠢᠬᠡᠭᠰᠡᠨ ᠢᠶᠠᠨ ᠪᠠᠷᠠᠭᠤᠨ ᠠᠶᠢᠮᠠᠭ ᠤᠨ ᠴᠡᠮᠪᠠᠯ ᠤᠨ ᠭᠠᠯᠢᠳᠠ ᠶᠢᠨ ᠬᠦᠦ ᠶᠢᠨ ᠰᠦᠨᠡᠰᠦ ᠲᠠᠨ ᠤ  ᠳᠤ ᠨᠢᠭᠡ ᠮᠠᠭᠤ ᠪᠥᠬᠡ ᠪᠣᠯᠬᠤ ᠰᠠᠨᠠᠭ᠎ᠠ ᠲᠠᠢ ᠢᠷᠡᠵᠦ ᠲᠥᠷᠥᠭᠰᠡᠨ ᠪᠠᠶᠢᠨ᠎ᠠ᠃ ᠮᠠᠨᠳᠤᠬᠤ ᠭᠡᠳᠡᠭ ᠨᠡᠷ᠎ᠡ ᠶᠢ ᠰᠣᠯᠢᠵᠤ  ᠭᠤᠮᠪᠤᠳᠠᠭᠪᠠ ᠭᠡᠵᠤ ᠨᠡᠷ᠎ᠡ ᠥᠭᠭᠦᠭᠰᠡᠨ ᠶᠤᠮ ᠬᠡᠮᠡᠨ ᠬᠠᠭᠤᠴᠢᠯᠠᠳᠠᠭ ᠪᠠᠶᠢᠭᠰᠠᠨ᠃ ᠮᠢᠨᠦ ᠮᠡᠳᠡᠬᠦ ᠪᠠᠷᠭᠤ ᠭᠡᠳᠡᠭ ᠵᠣᠨ ᠣᠯᠠᠨ᠂ ᠮᠠᠨ ᠤ ᠨᠤᠲᠤᠭ ᠲᠤ ᠪᠠᠶᠢᠭᠰᠠᠨ᠃ ᠣᠳᠤ ᠴᠦ ᠪᠠᠶᠢᠭ᠎ᠠ ᠶᠢ ᠭᠡᠷᠡᠴᠢᠯᠡᠵᠦ ᠡᠭᠦᠨ ᠢ ᠪᠢᠴᠢᠪᠡ᠃                                  ︵ᠴᠣ · ᠳᠤᠭᠠᠷᠵᠠᠪ ᠺᠢᠷᠢᠯ ᠦᠰᠦᠭ ᠠᠴᠠ ᠪᠠᠭᠤᠯᠭᠠᠪᠠ︶
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号