ᠴᠣ᠊ · ᠳᠤᠭᠠᠷᠵᠠᠪ | ︽ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ︾ | ᠭᠡᠮᠡᠬᠦ ᠨᠣᠮ ᠤᠨ ᠲᠤᠬᠠᠢ ᠥᠭᠦᠯᠡᠬᠦ ᠨᠢ | ᠨᠢᠭᠡ ᠮᠢᠩᠭ᠎ᠠ ᠲᠠᠪᠤᠨ ᠵᠠᠭᠤᠨ ᠬᠤᠷᠢᠭᠠᠳ ᠣᠨ ᠤ ᠦᠶ᠎ᠡ ᠠᠴᠠ ᠡᠬᠢᠯᠡᠨ ᠣᠷᠤᠰᠴᠤᠳ ᠦᠷᠡᠯ ᠤᠨ | ᠨᠢᠷᠤᠭᠤ ᠶᠢ ᠳᠠᠪᠠᠨ ᠡᠮᠦᠨᠡᠰᠢᠯᠡᠵᠦ ᠪᠠᠷᠭᠤᠴᠤᠳ ᠤᠨ ᠨᠤᠲᠤᠭᠯᠠᠵᠤ ᠪᠠᠶᠢᠭᠰᠠᠨ ᠪᠠᠶᠢᠭᠠᠯ ᠳᠠᠯᠠᠢ᠂ ᠪᠠᠷᠭᠤᠵᠢᠨ | ᠳᠥᠬᠦᠮ ᠳᠤ ᠣᠷᠤᠵᠤ ᠢᠷᠡᠭᠰᠡᠨ ᠪᠥᠭᠡᠳ ᠣᠨ ᠵᠢᠯ ᠤᠯᠠᠷᠢᠨ ᠥᠩᠭᠡᠷᠡᠬᠦ ᠶᠢ ᠳᠠᠭᠠᠯᠳᠤᠨ ᠣᠯᠠᠰᠢᠷᠠᠨ ᠨᠠᠮᠡᠭᠳᠡᠵᠦ | ᠤᠤᠭᠠᠯ ᠨᠤᠲᠤᠭ ᠤᠨ ᠡᠵᠡᠳ ᠤᠨ ᠠᠵᠤ ᠠᠮᠢᠳᠤᠷᠠᠯ᠂ ᠠᠮᠤᠷ ᠲᠦᠪᠰᠢᠨ ᠳᠤ ᠠᠶᠤᠯ ᠬᠥᠨᠦᠭᠡᠯ ᠪᠣᠯᠤᠭᠰᠠᠨ ᠠᠵᠠᠢ᠃ | | ᠡᠶᠢᠮᠦᠷᠬᠦᠦ ᠪᠠᠶᠢᠳᠠᠯ ᠢ ᠤᠷᠢᠳ ᠠᠴᠠ ᠰᠡᠷᠡᠵᠦ ᠮᠡᠳᠡᠷᠡᠭᠰᠡᠨ ᠪᠠᠷᠭᠤᠴᠤᠳ 16 ᠳ᠋ᠤᠭᠠᠷ ᠵᠠᠭᠤᠨ ᠤ | ᠰᠡᠭᠦᠯᠴᠢ ᠠᠴᠠ 17 ᠳ᠋ᠤᠭᠠᠷ ᠵᠠᠭᠤᠨ ᠤ ᠡᠬᠢ ᠪᠣᠯᠲᠠᠯᠠᠬᠢ ᠴᠠᠭ ᠡᠷᠢᠨ ᠳᠤ ᠤᠤᠭᠠᠯ ᠨᠤᠲᠤᠭ ᠪᠠᠶᠢᠭᠠᠯ ᠳᠠᠯᠠᠢ᠂ | ᠪᠠᠷᠭᠤᠵᠢᠨ ᠳᠥᠬᠦᠮ ᠠᠴᠠ ᠪᠠᠨ ᠬᠠᠯᠬ᠎ᠠ ᠶᠢᠨ ᠨᠤᠲᠤᠭ ᠤᠷᠤᠭᠤ ᠨᠡᠭᠦᠵᠦ ᠣᠷᠤᠭᠰᠠᠨ ᠪᠠᠶᠢᠵᠠᠢ᠃ ᠲᠡᠦᠬᠡᠨ | ᠲᠡᠮᠳᠡᠭᠯᠡᠯ ᠢ ᠠᠵᠢᠭᠯᠠᠬᠤ ᠳᠤ ᠪᠤᠷᠢᠶᠠᠳ ᠪᠠ ᠺᠠᠽᠠᠭ ᠴᠡᠷᠢᠭ ᠤᠨ ᠳᠠᠶᠢᠨ ᠭᠡᠵᠤ ᠪᠠᠶᠢᠬᠤ ᠠᠴᠠ ᠪᠢᠰᠢ ᠬᠠᠷᠢᠨ | ᠪᠠᠷᠭᠤ ᠪᠣᠯᠤᠨ ᠺᠠᠽᠠᠭ ᠪᠤᠶᠤ ᠣᠷᠤᠰ ᠤᠨ ᠳᠠᠶᠢᠨ ᠭᠡᠬᠦ ᠲᠡᠮᠳᠡᠭᠯᠡᠯ ᠪᠠᠶᠢᠬᠤ ᠦᠭᠡᠢ ᠪᠠᠶᠢᠭ᠎ᠠ ᠶᠠᠪᠤᠳᠠᠯ ᠨᠢ ᠳᠠᠷᠤᠢ | ᠲᠡᠦᠬᠡᠨ ᠪᠠᠷᠢᠮᠲᠠ ᠪᠣᠯᠤᠨ᠎ᠠ ᠭᠡᠵᠤ ᠪᠢ ᠦᠵᠡᠵᠦ ᠪᠠᠶᠢᠨ᠎ᠠ᠃ | ᠪᠠᠷᠭᠤᠴᠤᠳ ᠪᠠᠷᠭᠤᠵᠢᠨ ᠳᠥᠬᠦᠮ ᠠᠴᠠ ᠨᠡᠭᠦᠭᠰᠡᠨ ᠤ ᠳᠠᠷᠠᠭ᠎ᠠ ᠬᠠᠮᠨᠢᠭᠠᠨᠴᠤᠳ ᠨᠡᠭᠦᠵᠦ ᠣᠴᠢᠭᠰᠠᠨ᠃ ᠣᠳᠤ | ᠶᠢᠨ ᠪᠠᠶᠢᠭ᠎ᠠ ᠢᠭᠢᠷᠢᠰ ᠤᠨ ᠪᠤᠷᠢᠶᠠᠳᠴᠤᠳ ᠪᠣᠯ 18 ᠳ᠋ᠤᠭᠠᠷ ᠵᠠᠭᠤᠨ ᠳᠤ ᠲᠡᠨᠳᠡ ᠨᠡᠭᠦᠵᠦ ᠣᠴᠢᠭᠰᠠᠨ ᠪᠢᠯᠡ᠃ | ᠣᠳᠤ ᠪᠠᠷᠭᠤᠵᠢᠨ ᠳᠥᠬᠦᠮ ᠳᠤ ᠪᠠᠷᠭᠤᠵᠢᠨ ᠷᠠᠶᠤᠨ ᠪᠠ ᠬᠤᠷᠮᠤᠬᠠᠨ ᠷᠠᠶᠤᠨ ᠭᠡᠳᠡᠭ ᠬᠤᠶᠠᠷ ᠷᠠᠶᠤᠨ ᠪᠠᠶᠢᠳᠠᠭ᠃ | ᠬᠤᠷᠮᠤᠬᠠᠨ ᠷᠠᠶᠤᠨ ᠳᠤᠨᠢ ᠣᠷᠤᠰ ᠴᠥᠬᠡᠨ ᠪᠤᠷᠢᠶᠠᠳ ᠣᠯᠠᠨ᠃ ᠪᠠᠷᠭᠤᠵᠢᠨ ᠷᠠᠶᠤᠨ ᠳᠤᠨᠢ ᠣᠷᠤᠰ ᠣᠯᠠᠨ | ᠪᠤᠷᠢᠶᠠᠳ ᠴᠥᠭᠡᠨ ᠠᠮᠢᠳᠤᠷᠠᠵᠤ ᠪᠠᠶᠢᠨ᠎ᠠ᠃ | ᠲᠡᠭᠦᠨ ᠠᠴᠠ ᠬᠤᠶᠢᠰᠢ ᠪᠠᠷᠭᠤᠴᠤᠳ ᠡᠷᠢᠨ ᠴᠠᠭ ᠤᠨ ᠤᠳᠠᠭ᠎ᠠ ᠳᠠᠷᠠᠭ᠎ᠠ ᠶᠢᠨ ᠳᠠᠶᠢᠨ ᠳᠠᠵᠢᠨ ᠠᠴᠠ | ᠪᠣᠯᠵᠤ ᠬᠠᠯᠬ᠎ᠠ᠂ ᠥᠪᠥᠷ ᠮᠣᠩᠭᠤᠯ᠂ ᠣᠷᠤᠰ ᠤᠨ ᠨᠤᠲᠤᠭ ᠢᠶᠠᠷ ᠳᠥᠷᠪᠡᠵᠦ ᠳᠣᠷᠬᠢᠵᠤ ᠨᠡᠭᠦᠵᠦ ᠶᠠᠪᠤᠭᠰᠠᠨ | ᠲᠦᠪᠡᠭ ᠪᠤᠳᠤᠯᠢᠶᠠᠨ ᠲᠠᠢ ᠥᠩᠭᠡᠷᠡᠯᠲᠡ ᠲᠠᠢ ᠪᠢᠯᠡ᠃ ᠢᠩᠭᠢᠭᠡᠳ ᠨᠠᠶᠢᠷᠠᠯᠲᠤ ᠲᠥᠪ ᠤᠨ ᠠᠷᠪᠠᠨ ᠬᠤᠶᠠᠳᠤᠭᠠᠷ | ᠣᠨ ︵1734︶ ᠳᠤ ᠬᠠᠯᠬ᠎ᠠ ᠶᠢᠨ ᠰᠡᠴᠡᠨ ᠬᠠᠨ ᠠᠶᠢᠮᠠᠭ ᠠᠴᠠ ᠨᠡᠭᠦᠵᠦ ᠢᠷᠡᠭᠰᠡᠨ ᠪᠠᠷᠭᠤᠴᠤᠳ ᠬᠥᠯᠥᠨ | ᠪᠣᠶᠢᠷ ᠤᠨ ᠰᠢᠨ᠎ᠡ ᠪᠠᠷᠭᠤ ᠵᠡᠭᠦᠨ ᠪᠠᠷᠠᠭᠤᠨ ᠬᠤᠶᠠᠷ ᠭᠠᠷ᠂ ᠨᠠᠢᠮᠠᠨ ᠬᠤᠰᠢᠭᠤ ᠪᠣᠯᠤᠨ ᠵᠣᠬᠢᠶᠠᠨ ᠪᠠᠶᠢᠭᠤᠯᠤᠭᠳᠠᠵᠤ | ᠣᠷᠱᠤᠨ ᠭᠤᠣᠯ ᠢᠶᠠᠷ ᠵᠠᠭᠠᠭᠯᠠᠨ ᠣᠷᠤᠰᠢᠨ ᠰᠠᠭᠤᠭᠰᠠᠨ ᠠᠵᠠᠢ᠃ | ᠡᠳᠡᠭᠡᠷ ᠪᠠᠷᠭᠤᠴᠤᠳ ᠬᠠᠯᠬ᠎ᠠ ᠶᠢᠨ ᠨᠤᠲᠤᠭ ᠲᠤ ᠣᠷᠤᠰᠢᠨ ᠰᠠᠭᠤᠵᠤ ᠪᠠᠶᠢᠬᠤ ᠳᠠᠭᠠᠨ ᠲᠡᠳᠡᠨ ᠤ | ᠰᠢᠲᠦᠵᠦ ᠪᠠᠶᠢᠭᠰᠠᠨ ᠰᠢᠷ᠎ᠠ ᠶᠢᠨ ᠱᠠᠰᠢᠨ ᠤ ᠨᠥᠯᠥᠭᠡ ᠶᠢ ᠨᠡᠯᠢᠶᠡᠳ ᠬᠦᠯᠢᠶᠡᠨ ᠠᠪᠴᠤ ᠬᠥᠯᠥᠨ ᠪᠣᠶᠢᠷ ᠲᠤ | ᠢᠷᠡᠬᠦ ᠳᠡᠭᠡᠨ 157 ᠯᠠᠮᠠ ᠲᠠᠢ ᠪᠠᠶᠢᠭᠰᠠᠨ ᠭᠡᠳᠡᠭ ᠲᠡᠦᠬᠡᠨ ᠲᠡᠮᠳᠡᠭᠯᠡᠯ ᠪᠣᠢ᠃ ᠤᠤᠯ ᠤᠨ ᠰᠢᠲᠦᠵᠦ ᠪᠠᠶᠢᠭᠰᠠᠨ | ᠪᠥᠭᠡ ᠶᠢᠨ ᠱᠠᠰᠢᠨ ᠢᠶᠠᠨ ᠪᠣᠯ ᠨᠡᠯᠢᠶᠡᠳ ᠣᠷᠬᠢᠭᠰᠠᠨ ᠪᠠᠶᠢᠵᠠᠢ᠃ | ᠡᠳᠡᠭᠡᠷ ᠰᠢᠨ᠎ᠡ ᠪᠠᠷᠭᠤᠴᠤᠳ ᠨᠤᠲᠤᠭᠰᠢᠨ ᠰᠠᠭᠤᠭᠰᠠᠨ ᠤ ᠪᠠᠨ ᠳᠠᠷᠠᠭ᠎ᠠ᠂ ᠠᠭᠠᠵᠢᠮ ᠢᠶᠠᠷ ᠰᠦᠮ᠎ᠡ ᠬᠡᠶᠢᠳ ᠪᠠᠷᠢᠨ | ᠂ ᠯᠠᠮᠠ ᠬᠤᠸᠠᠷᠠᠭ ᠢ ᠣᠯᠠᠰᠢᠷᠠᠭᠤᠯᠵᠤ᠂ ᠠᠭᠤᠯᠠ ᠣᠪᠤᠭᠠᠨ ᠤ ᠤᠤᠯ ᠤᠨ ᠪᠥᠭᠡ ᠶᠢᠨ ᠲᠠᠬᠢᠯᠭ᠎ᠠ ᠳᠤ | ᠥᠭᠡᠷᠡᠴᠢᠯᠡᠯᠲᠡ ᠬᠢᠵᠦ ᠯᠠᠮᠠ ᠵᠠᠯᠠᠨ ᠲᠦᠪᠡᠳ ᠨᠣᠮ ᠰᠤᠳᠤᠷ ᠤᠩᠰᠢᠭᠤᠯᠵᠤ ᠲᠠᠬᠢᠳᠠᠭ ᠪᠣᠯᠵᠠᠢ᠃ | ᠰᠢᠨ᠎ᠡ ᠪᠠᠷᠭᠤᠴᠤᠳ ᠤᠨ ᠠᠩᠬᠠᠨ ᠤ ᠪᠠᠶᠢᠭᠤᠯᠤᠭᠰᠠᠨ ᠰᠦᠮ᠎ᠡ ᠪᠣᠯ ᠰᠢᠨ᠎ᠡ ᠪᠠᠷᠭᠤ ᠨᠠᠢᠮᠠᠨ ᠬᠤᠰᠢᠭᠤᠨ ᠤ | ᠰᠦᠮ᠎ᠡ — ᠭᠠᠨᠵᠤᠤᠷ ᠰᠦᠮ᠎ᠡ ︵ᠥᠯᠵᠠᠢ ᠡᠩᠬᠡᠵᠢᠭᠦᠯᠦᠭᠴᠢ ᠰᠦᠮ᠎ᠡ︶ ᠪᠥᠭᠡᠳ ᠲᠤᠰ ᠰᠦᠮ᠎ᠡ ᠶᠢ ᠲᠡᠭᠷᠢ | ᠲᠡᠳᠬᠦᠭᠴᠢ ᠶᠢᠨ ᠳᠦᠴᠢᠨ ᠶᠢᠰᠦᠨ ᠣᠨ ︵1784︶ ᠳᠤ ᠣᠳᠤ ᠶᠢᠨ ᠰᠢᠨ᠎ᠡ ᠪᠠᠷᠭᠤ ᠵᠡᠭᠦᠨ ᠬᠤᠰᠢᠭᠤᠨ ᠤ | ᠠᠮᠤᠭᠤᠯᠠᠩ ᠪᠤᠯᠠᠭ ᠰᠤᠮᠤᠨ ᠤ ᠨᠤᠲᠤᠭ ᠪᠣᠯᠬᠤ ᠪᠤᠶᠠᠨᠲᠤ ᠪᠥᠷᠢᠳᠦ ᠬᠡᠮᠡᠬᠦ ᠭᠠᠵᠠᠷ ᠲᠤ ᠪᠠᠶᠢᠭᠤᠯᠵᠠᠢ᠃ ᠰᠢᠨ᠎ᠡ | ᠪᠠᠷᠭᠤᠴᠤᠳ ᠤᠨ ᠬᠥᠯᠥᠨ ᠪᠣᠶᠢᠷ ᠲᠤ ᠣᠷᠤᠰᠢᠨ ᠲᠣᠭᠲᠠᠨᠢᠭᠰᠠᠨ 278 ᠵᠢᠯ ᠤᠨ ᠰᠢᠷ᠎ᠠ ᠶᠢᠨ ᠱᠠᠰᠢᠨ ᠤ ᠲᠡᠦᠬᠡ | ᠶᠢ ᠰᠣᠨᠢᠭᠤᠴᠢᠯᠠᠨ ᠠᠵᠢᠭᠯᠠᠭᠠᠳ ᠰᠦᠮ᠎ᠡ ᠬᠡᠶᠢᠳ᠂ ᠠᠭᠤᠯᠠ ᠣᠪᠤᠭ᠎ᠠ᠂ ᠭᠡᠷ ᠡᠷᠦᠬᠡ ᠳᠤ ᠳᠡᠯᠭᠡᠷᠡᠭᠰᠡᠨ ᠱᠠᠰᠢᠨ | ᠤ ᠠᠵᠢᠯᠯᠠᠭ᠎ᠠ ᠶᠢᠨ ᠳᠣᠲᠤᠷ᠎ᠠ ᠰᠢᠨ᠎ᠡ ᠪᠠᠷᠭᠤᠴᠤᠳ ᠤᠨ ᠥᠪᠡᠷ ᠤᠨ ᠢᠮ ᠲᠠᠮᠠᠭ᠎ᠠ ᠲᠠᠢ ᠦᠢᠯᠡ ᠶᠠᠪᠤᠳᠠᠯ ᠶᠠᠭᠤ | ᠪᠠᠶᠢᠳᠠᠭ ᠪᠢᠯᠡ︖ ᠭᠡᠰᠡᠨ ᠪᠣᠳᠤᠯ ᠨᠠᠳᠠ ᠳᠤ ᠠᠶᠠᠨᠳᠠᠭᠠᠨ ᠪᠣᠢ ᠪᠣᠯᠤᠭᠰᠠᠨ ᠶᠤᠮ᠃ | ᠢᠩᠭᠢᠭᠡᠳ ᠪᠢ ᠰᠢᠨ᠎ᠡ ᠪᠠᠷᠭᠤᠴᠤᠳ ᠤᠨ ᠱᠠᠰᠢᠨ ᠤ ᠵᠠᠩ ᠦᠢᠯᠡ ᠶᠢᠨ ᠲᠤᠬᠠᠢ ᠣᠶᠢᠯᠠᠭᠠᠵᠤ ᠠᠪᠬᠤ ᠪᠠᠷ | ᠲᠡᠦᠬᠡ ᠲᠡᠮᠳᠡᠭᠯᠡᠯ ᠢ ᠰᠡᠭᠦᠵᠦ ᠦᠵᠡᠬᠦ᠂ ᠨᠠᠰᠤᠲᠠᠨ ᠲᠣᠮᠤᠭᠠᠲᠠᠨ ᠠᠴᠠ ᠠᠰᠠᠭᠤᠨ ᠰᠤᠷᠠᠬᠤ᠂ ᠱᠠᠰᠢᠨ ᠤ ᠪᠣᠳᠠᠲᠤ | ᠠᠵᠢᠯᠯᠠᠭ᠎ᠠ ᠳᠤ ᠣᠷᠤᠯᠴᠠᠬᠤ ᠵᠡᠷᠭᠡ ᠠᠷᠭ᠎ᠠ ᠪᠠᠷᠢᠯ ᠢ ᠬᠡᠷᠡᠭᠯᠡᠭᠡᠳ ᠣᠳᠤ ᠬᠦᠷᠲᠡᠯ᠎ᠡ ᠣᠶᠢᠯᠠᠭᠠᠭᠰᠠᠨ ᠵᠦᠢᠯ ᠪᠣᠯ | ᠳᠠᠷᠤᠢ ᠮᠡᠨᠡᠩ ᠤᠨ ᠪᠣᠭᠳᠠ ᠠᠭᠤᠯᠠ᠂ ᠮᠣᠭᠠᠶᠢᠲᠤ ᠶᠢᠨ ᠪᠣᠭᠳᠠ ᠠᠭᠤᠯᠠ᠂ ᠳᠠᠭ᠎ᠠ ᠶᠢᠨ ᠳᠡᠯ ᠠᠭᠤᠯᠠ ︵ᠶᠡᠭᠡ | ᠠᠭᠤᠯᠠ︶ ᠵᠡᠷᠭᠡ ᠭᠤᠷᠪᠡᠨ ᠠᠭᠤᠯᠠ ᠶᠢᠨ ᠲᠠᠬᠢᠯᠭ᠎ᠠ ᠪᠣᠯ ᠰᠢᠨ᠎ᠡ ᠪᠠᠷᠭᠤᠴᠤᠳ ᠤᠨ ᠰᠢᠷ᠎ᠠ ᠶᠢᠨ ᠱᠠᠰᠢᠨ ᠤ ᠵᠠᠩ | ᠦᠢᠯᠡ ᠳᠤ ᠨᠡᠮᠡᠷᠢᠯᠡᠭᠰᠡᠨ ᠥᠪᠡᠷ ᠤᠨ ᠬᠢᠨᠢ ᠪᠦᠲᠦᠭᠡᠯ ᠭᠡᠳᠡᠭ ᠢ ᠣᠯᠵᠤ ᠮᠡᠳᠡᠭᠰᠡᠨ ᠶᠤᠮ᠃ | ᠡᠨᠡᠬᠦ ᠪᠣᠳᠠᠲᠤ ᠦᠨᠡᠨ ᠢ ᠮᠡᠳᠡᠭᠰᠡᠨ ᠤ ᠪᠠᠨ ᠳᠠᠷᠠᠭ᠎ᠠ᠂ 2008 ᠣᠨ ᠳᠤ ᠷᠠᠰᠢᠶᠠᠨ ᠰᠦᠮ᠎ᠡ ᠶᠢᠨ ᠪᠣ᠊ · | ᠡᠷᠳᠡᠨᠢ ᠯᠠᠮᠠ ᠠᠴᠠ ᠡᠨᠡᠬᠦ ᠭᠤᠷᠪᠠᠨ ᠰᠤᠳᠤᠷ ᠤᠨ ᠲᠦᠪᠡᠳ ᠬᠡᠪᠯᠡᠯ ᠢ ᠣᠯᠵᠤ ᠠᠪᠤᠭᠠᠳ ᠲᠤᠰ ᠵᠢᠯ ᠳᠡᠭᠡᠨ ᠠᠷᠤ | ᠬᠤᠷᠴᠢᠨ ᠤ ᠳᠣᠩᠷᠤᠪᠵᠠᠮᠰᠤ ᠳᠤ ᠥᠭᠴᠦ ᠮᠣᠩᠭᠤᠯ ᠢᠶᠠᠷ ᠣᠷᠴᠢᠭᠤᠯᠤᠭᠤᠯᠤᠨ᠂ 2009 ᠣᠨ ᠳᠤ ᠬᠥᠯᠥᠨ | ᠪᠣᠶᠢᠷ ᠤᠨ ᠡᠳᠦᠷ ᠤᠨ ᠰᠣᠨᠢᠨ ᠤ ᠬᠤᠷᠢᠶᠠᠨ ᠤ ᠬᠡᠪᠯᠡᠬᠦ ᠦᠢᠯᠡᠳᠪᠦᠷᠢ ᠳᠤ ᠥᠭᠴᠦ ᠬᠡᠪᠯᠡᠭᠦᠯᠦᠭᠡᠳ 2010 ᠣᠨ | ᠳᠤ ᠤᠩᠰᠢᠭᠴᠢᠳ ᠲᠠᠢ ᠵᠣᠯᠭᠠᠭᠤᠯᠤᠭᠰᠠᠨ ᠶᠤᠮ᠃ | ᠢᠩᠭᠢᠵᠦ ᠬᠢᠭᠰᠡᠨ ᠮᠢᠨᠦ ᠪᠣᠳᠤᠯ ᠪᠣᠯ᠄ | ⒈ ᠡᠨᠡᠬᠦ ᠭᠤᠷᠪᠠᠨ ᠠᠭᠤᠯᠠ ᠶᠢᠨ ᠲᠠᠬᠢᠯᠭ᠎ᠠ ᠪᠣᠯ ᠰᠢᠨ᠎ᠡ ᠪᠠᠷᠭᠤᠴᠤᠳ ᠤᠨ ᠱᠠᠰᠢᠨ ᠤ ᠵᠠᠩ ᠦᠢᠯᠡ ᠳᠤ | ᠣᠷᠤᠭᠤᠯᠤᠭᠰᠠᠨ ᠥᠪᠡᠷ ᠤᠨ ᠬᠢᠨᠢ ᠬᠤᠪᠢ ᠨᠡᠮᠡᠷᠢ ᠮᠥᠨ ᠭᠡᠳᠡᠭ ᠢ ᠦᠨᠡᠯᠡᠬᠦ︔ | ⒉ ᠤᠷᠠᠳ᠂ ᠣᠷᠳᠤᠰ ᠲᠤ ᠰᠦᠮ᠎ᠡ ᠶᠢᠨ ᠬᠤᠷᠠᠯ ᠪᠠ ᠠᠭᠤᠯᠠ ᠣᠪᠤᠭᠠᠨ ᠤ ᠲᠠᠬᠢᠯᠭ᠎ᠠ ᠪᠠᠨ ᠮᠣᠩᠭᠤᠯ | ᠢᠶᠠᠷ ᠤᠩᠰᠢᠳᠠᠭ᠃ ᠰᠢᠨ᠎ᠡ ᠪᠠᠷᠭᠤᠴᠤᠳ ᠬᠤᠶᠢᠰᠢᠳᠠ ᠮᠣᠩᠭᠤᠯ ᠢᠶᠠᠷ ᠤᠩᠰᠢᠳᠠᠭ ᠪᠣᠯᠬᠤ ᠰᠡᠨ ᠪᠣᠯ ᠤᠤ ᠭᠡᠰᠡᠨ | ᠰᠠᠨᠠᠭ᠎ᠠ︔ | ⒊ ᠥᠷᠭᠡᠨ ᠣᠯᠠᠨ ᠰᠢᠲᠦᠭᠴᠢᠳ ᠲᠠᠬᠢᠯᠭ᠎ᠠ ᠶᠢᠨ ᠲᠦᠪᠡᠳ ᠤᠩᠰᠢᠯᠭ᠎ᠠ ᠶᠢ ᠮᠡᠯᠡᠷᠡᠨ ᠰᠣᠨᠣᠰᠴᠤ᠂ ᠮᠡᠨᠡᠷᠡᠨ | ᠰᠠᠭᠤᠭᠰᠠᠨ ᠠᠴᠠ ᠤᠳᠬ᠎ᠠ ᠶᠢ ᠨᠢ ᠮᠡᠳᠡᠪᠡᠯ ᠶᠠᠮᠠᠷ ᠰᠢᠲᠦᠭᠡᠨ ᠢ ᠶᠠᠭᠠᠬᠢᠵᠤ ᠲᠠᠬᠢᠵᠤ ᠪᠠᠶᠢᠭ᠎ᠠ ᠪᠠᠨ ᠮᠡᠳᠡᠬᠦ ᠰᠡᠨ | ᠪᠣᠯᠪᠠᠤ᠃ ᠡᠶᠢᠮᠦ ᠯᠡ ᠪᠣᠳᠤᠯ ᠠᠴᠠ ᠪᠣᠯᠤᠭᠰᠠᠨ ᠶᠤᠮ᠃ | ᠶᠡᠷᠦ ᠨᠢ ᠣᠳᠤ ᠪᠣᠯᠲᠠᠯ᠎ᠠ ᠡᠨᠡ ᠭᠤᠷᠪᠠᠨ ᠠᠭᠤᠯᠠᠨ ᠠᠴᠠ ᠪᠤᠰᠤᠳ ᠠᠭᠤᠯᠠ᠂ ᠣᠪᠤᠭ᠎ᠠ ᠶᠢ ᠲᠠᠬᠢᠬᠤ ᠳᠠᠭᠠᠨ | ᠨᠠᠮᠰᠠᠷᠠᠢ ᠪᠤᠶᠤ ᠯᠾᠠᠮᠤ ᠵᠡᠷᠭᠡ ᠪᠤᠷᠬᠠᠨ ᠤ ᠪᠡᠯᠡᠨ ᠪᠠᠶᠢᠭ᠎ᠠ ᠲᠦᠪᠡᠳ ᠰᠤᠳᠤᠷ ᠢ ᠤᠩᠰᠢᠵᠤ ᠲᠠᠬᠢᠭᠰᠠᠭᠠᠷ ᠢᠷᠡᠭᠰᠡᠨ | ᠪᠢᠯᠡ᠃ | ᠪᠢ ᠳᠣᠣᠷ᠎ᠠ ︽ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ︾ ᠬᠡᠮᠡᠬᠦ ᠨᠣᠮ ᠢᠶᠠᠷ ᠰᠦᠪᠡᠭᠴᠢ ᠪᠣᠯᠭᠠᠵᠤ | ᠮᠡᠨᠡᠩ ᠤᠨ ᠪᠣᠭᠳᠠ ᠠᠭᠤᠯᠠ᠂ ᠮᠣᠭᠠᠶᠢᠲᠤ ᠶᠢᠨ ᠪᠣᠭᠳᠠ ᠠᠭᠤᠯᠠ᠂ ᠳᠠᠭ᠎ᠠ ᠶᠢᠨ ᠳᠡᠯ ᠠᠭᠤᠯᠠ ︵ᠶᠡᠭᠡ ᠠᠭᠤᠯᠠ︶ | ᠶᠢᠨ ᠲᠠᠬᠢᠯᠭ᠎ᠠ ᠶᠢᠨ ᠰᠤᠳᠤᠷ ᠤᠨ ᠲᠤᠬᠠᠢ ᠮᠡᠭᠦᠰ ᠮᠢᠨᠦ ᠠᠵᠢᠭᠯᠠᠯᠲᠠ ᠪᠠᠨ ᠦᠨᠳᠦᠰᠦᠯᠡᠵᠦ᠂ ᠱᠦᠭᠦᠷᠡᠭᠡᠢ | ᠥᠭᠦᠯᠡᠯ ᠢᠶᠠᠨ ᠳᠡᠪᠰᠢᠭᠦᠯᠰᠦᠭᠡᠢ᠃ | ᠨᠢᠭᠡ᠂ ᠮᠡᠨᠡᠩ ᠤᠨ ᠪᠣᠭᠳᠠ ᠠᠭᠤᠯᠠ ᠶᠢᠨ ᠲᠠᠬᠢᠯᠭ᠎ᠠ ᠶᠢᠨ ᠲᠤᠬᠠᠢ ᠥᠭᠦᠯᠡᠬᠦ ᠨᠢ᠄ | ︵ᠨᠢᠭᠡ︶ ᠲᠠᠬᠢᠯᠭ᠎ᠠ ᠶᠢᠨ ᠰᠤᠳᠤᠷ ᠢ ᠵᠣᠬᠢᠶᠠᠭᠰᠠᠨ ᠴᠠᠭ ᠦᠶ᠎ᠡ | ᠲᠠᠬᠢᠯᠭ᠎ᠠ ᠶᠢᠨ ᠰᠤᠳᠤᠷ ᠲᠤ ︽᠁ ᠬᠠᠷ᠎ᠠ ᠯᠤᠤ ᠵᠢᠯ ᠤᠨ ᠨᠠᠮᠤᠷ ᠤᠨ ᠳᠤᠮᠳᠠ ᠰᠠᠷ᠎ᠠ ᠶᠢᠨ ᠠᠷᠪᠠᠨ | ᠲᠠᠪᠤᠨ ᠳᠤ ᠨᠠᠶᠢᠷᠠᠭᠤᠯᠪᠠᠢ︾ ᠭᠡᠵᠤ ᠪᠢᠴᠢᠵᠦ ᠪᠠᠶᠢᠨ᠎ᠠ᠃ ᠲᠡᠭᠡᠪᠡᠯ ᠲᠤᠬᠠᠢ ᠶᠢᠨ ᠴᠠᠭ ᠦᠶ᠎ᠡ ᠲᠠᠢ ᠬᠤᠯᠪᠤᠭᠳᠠᠬᠤ | ᠬᠠᠷ᠎ᠠ ᠯᠤᠤ ᠵᠢᠯ ᠨᠢ ᠠᠯᠢ ᠵᠢᠯ ᠪᠣᠯᠬᠤ ᠪᠣᠢ︖ ᠭᠡᠳᠡᠭ ᠠᠰᠠᠭᠤᠳᠠᠯ ᠭᠠᠷᠤᠨ᠎ᠠ᠃ ᠷ᠊ · ᠰᠧᠪᠵᠢᠩᠭᠡ ᠶᠢᠨ ︽ | ᠰᠢᠨ᠎ᠡ ᠪᠠᠷᠭᠤ ᠪᠠᠷᠠᠭᠤᠨ ᠭᠠᠷᠤᠨ ᠡᠬᠢᠨ ᠤ ᠦᠶ᠎ᠡ ᠶᠢᠨ ᠨᠤᠲᠤᠭᠯᠠᠯ ᠤᠨ ᠪᠠᠶᠢᠳᠠᠯ ᠬᠢᠭᠡᠳ ᠲᠡᠭᠦᠨ ᠤ ᠪᠠᠭᠤᠷᠢ ᠶᠢᠨ | ᠲᠤᠬᠠᠢ︾ ᠬᠡᠮᠡᠬᠦ ᠥᠭᠦᠯᠡᠯ ᠳᠤ ︽ᠨᠤᠲᠤᠭ ᠤᠨ ᠭᠤᠣᠯ ᠳᠤ ᠰᠦᠨᠳᠡᠷᠯᠡᠭᠰᠡᠨ ᠪᠣᠭᠳᠠ ᠠᠭᠤᠯᠠ ᠶᠢ ᠠᠩᠬ᠎ᠠ | ᠳᠡᠭᠡᠷ᠎ᠡ ᠦᠶ᠎ᠡ ᠳᠤ ︿ᠬᠦᠢᠲᠡᠨ ᠬᠠᠷᠠᠭᠠᠲᠤ﹀ ᠭᠡᠵᠤ ᠪᠠᠶᠢᠭᠰᠠᠨ ᠢ ︿ᠳᠤᠯᠠᠭᠠᠨ ᠬᠠᠷᠠᠭᠠᠲᠤ﹀ ᠬᠡᠮᠡᠨ ᠥᠭᠡᠷᠡᠴᠢᠯᠡᠨ | ᠨᠡᠷᠡᠶᠢᠳᠴᠦ᠂ ᠲᠡᠭᠷᠢ ᠲᠡᠳᠬᠦᠭᠴᠢ ᠶᠢᠨ ᠲᠠᠪᠤᠳᠤᠭᠠᠷ ︵1740︶ ᠣᠨ ᠳᠤ ᠰᠢᠨ᠎ᠡ ᠪᠠᠷᠭᠤ ᠪᠠᠷᠠᠭᠤᠨ ᠭᠠᠷᠤᠨ | ᠳᠥᠷᠪᠡᠨ ᠬᠤᠰᠢᠭᠤ᠂ ᠠᠷᠪᠠᠨ ᠬᠤᠶᠠᠷ ᠰᠤᠮᠤ ᠪᠠᠷ ᠢᠶᠠᠨ ᠭᠤᠣᠯ ᠣᠪᠤᠭᠠᠨ ᠠᠴᠠ ᠭᠠᠳᠠᠨ᠎ᠠ ᠠᠷᠪᠠᠨ ᠬᠤᠶᠠᠷ ᠰᠤᠮᠤ | ᠪᠦᠷᠢ ᠨᠢᠵᠡᠭᠡᠳ ᠣᠪᠤᠭ᠎ᠠ ᠪᠣᠰᠬᠠᠵᠤ ᠲᠠᠬᠢᠵᠠᠢ᠃ ᠬᠤᠵᠢᠮ ᠨᠢ ᠨᠡᠶᠢᠲᠡ ᠶᠢᠨ ᠣᠨ ᠲᠣᠭᠠᠯᠠᠯ ᠤᠨ 1850 ᠊ᠭᠠᠳ | ᠣᠨ ᠠᠴᠠ ᠡᠬᠢᠯᠡᠨ ᠵᠢᠯ ᠪᠦᠷᠢ ᠶᠢᠨ ᠳᠣᠯᠤᠭᠠᠨ ᠰᠠᠷ᠎ᠠ ᠶᠢᠨ ᠰᠢᠨ᠎ᠡ ᠶᠢᠨ ᠭᠤᠷᠪᠠᠨ ᠤ ᠡᠳᠦᠷ ᠰᠢᠨ᠎ᠡ ᠪᠠᠷᠭᠤ | ᠪᠠᠷᠠᠭᠤᠨ᠂ ᠵᠡᠭᠦᠨ ᠬᠤᠶᠠᠷ ᠭᠠᠷ ᠢᠶᠠᠷ ᠢᠶᠠᠨ ᠲᠠᠬᠢᠬᠤ ᠪᠣᠯᠵᠤ᠂ ᠲᠡᠭᠦᠨ ᠢᠶᠠᠨ ᠪᠠᠰᠠ ᠪᠣᠭᠳᠠ ᠠᠭᠤᠯᠠ ᠶᠢᠨ ︿ᠡᠪ | ᠤᠨ ᠨᠠᠶᠢᠷ﹀ ᠴᠦ ᠭᠡᠳᠡᠭ ᠪᠢᠯᠡ︾ ᠭᠡᠵᠤ ᠲᠡᠮᠳᠡᠭᠯᠡᠭᠰᠡᠨ ᠪᠠᠶᠢᠳᠠᠭ᠃ ᠡᠨᠡ ᠬᠤᠶᠠᠷ ᠲᠠᠮᠳᠡᠭᠯᠡᠯ ᠢ ᠬᠠᠷᠢᠴᠠᠭᠤᠯᠤᠨ | ᠦᠵᠡᠬᠦ ᠳᠤ ᠬᠤᠯᠪᠤᠭᠳᠠᠬᠤ ᠬᠠᠷ᠎ᠠ ᠯᠤᠤ ᠵᠢᠯ ᠪᠣᠯ — 1772 ᠣᠨ ᠤ ᠬᠠᠷ᠎ᠠ ᠯᠤᠤ ᠵᠢᠯ ᠪᠠ 1832 ᠣᠨ ᠤ | ᠬᠠᠷ᠎ᠠ ᠯᠤᠤ ᠵᠢᠯ ᠤᠨ ᠨᠢᠭᠡ ᠨᠢ ᠪᠠᠶᠢᠬᠤ ᠶᠣᠰᠤᠲᠠᠢ᠃ ᠡᠷᠭᠢᠴᠡᠭᠦᠯᠵᠦ ᠪᠣᠳᠤᠪᠠᠯ᠂ ᠪᠣᠭᠳᠠ ᠠᠭᠤᠯᠠ ᠶᠢᠨ ᠲᠠᠬᠢᠯᠭ᠎ᠠ | ᠨᠢ 1740 ᠣᠨ ᠳᠤ ᠨᠢᠭᠡ ᠭᠠᠷᠤᠨ ︽ᠪᠠᠭ᠎ᠠ︾ ᠲᠠᠬᠢᠯᠭ᠎ᠠ ᠪᠠᠶᠢᠭᠰᠠᠨ ᠠᠴᠠ ᠪᠠᠨ 1850 ᠣᠨ ᠳᠤ ᠬᠤᠶᠠᠷ | ᠭᠠᠷ ᠤᠨ ᠳᠦᠷᠢᠮᠵᠢᠭᠰᠡᠨ ︽ᠶᠡᠭᠡ︾ ᠲᠠᠬᠢᠯᠭ᠎ᠠ ᠪᠣᠯᠤᠨ ᠥᠷᠭᠡᠵᠢᠭᠰᠡᠨ ᠪᠠᠶᠢᠨ᠎ᠠ᠃ ᠥᠭᠡᠷ᠎ᠡ ᠪᠠᠷ ᠬᠡᠯᠡᠪᠡᠯ ᠪᠥᠭᠡ | ᠶᠢᠨ ᠲᠠᠬᠢᠯᠭ᠎ᠠ ᠶᠢᠨ ᠤᠳᠤᠮᠰᠢᠯᠲᠤ ᠲᠠᠬᠢᠯᠭ᠎ᠠ ᠠᠴᠠ ᠪᠠᠨ ᠰᠣᠶᠤᠯᠵᠢᠭᠰᠠᠨ᠂ ᠳᠦᠷᠢᠮᠵᠢᠭᠰᠡᠨ᠂ ᠪᠦᠬᠦᠶᠢᠯᠡ ᠰᠢᠨ᠎ᠡ | ᠪᠠᠷᠭᠤᠴᠤᠳ ᠢ ᠬᠠᠮᠤᠷᠤᠭᠰᠠᠨ ᠲᠣᠮᠤ ᠰᠢᠲᠦᠭᠡᠨ ᠤ ᠲᠠᠬᠢᠯᠭ᠎ᠠ ᠪᠣᠯᠤᠭᠰᠠᠨ ᠪᠣᠯᠬᠤᠷ ᠲᠠᠬᠢᠯᠭ᠎ᠠ ᠶᠢᠨ ᠲᠤᠰᠬᠠᠢ | ᠰᠤᠳᠤᠷ ᠲᠠᠢ ᠪᠣᠯᠬᠤ ᠱᠠᠭᠠᠷᠳᠠᠯᠭ᠎ᠠ ᠪᠣᠢ ᠪᠣᠯᠤᠭᠰᠠᠨ ᠪᠠᠶᠢᠨ᠎ᠠ᠃ ᠲᠡᠭᠡᠭᠦᠯᠡᠷ ᠡᠨᠡ ᠴᠠᠭ ᠦᠶ᠎ᠡ ᠪᠣᠯ 1772 ᠣᠨ | ᠤ ᠬᠠᠷ᠎ᠠ ᠯᠤᠤ ᠵᠢᠯ ᠪᠢᠰᠢ᠂ ᠬᠠᠷᠢᠨ 1832 ᠣᠨ ᠤ ᠬᠠᠷ᠎ᠠ ᠯᠤᠤ ᠵᠢᠯ ᠪᠠᠶᠢᠬᠤ ᠶᠣᠰᠤᠲᠠᠢ ᠭᠡᠵᠤ ᠪᠢ ᠦᠵᠡᠵᠦ | ᠪᠠᠶᠢᠨ᠎ᠠ᠃ ᠥᠭᠡᠷ᠎ᠡ ᠪᠠᠷ ᠬᠡᠯᠡᠪᠡᠯ ᠮᠡᠨᠡᠩ ᠤᠨ ᠪᠣᠭᠳᠠ ᠠᠭᠤᠯᠠ ᠶᠢᠨ ᠲᠦᠪᠡᠳ ᠤᠩᠰᠢᠯᠭ᠎ᠠ ᠶᠢᠨ ᠰᠤᠳᠤᠷ 1832 | ᠣᠨ ᠳᠤ ᠵᠣᠬᠢᠶᠠᠭᠳᠠᠵᠤ᠂ ᠬᠤᠶᠠᠷ ᠭᠠᠷ ᠢᠶᠠᠷ ᠢᠶᠠᠨ ᠲᠠᠬᠢᠳᠠᠭ ᠪᠣᠯᠤᠭᠰᠠᠨ ᠠᠴᠠ ᠪᠠᠷᠠᠭᠤᠨ ᠭᠠᠷ ᠪᠢᠯᠢᠭ ᠤᠨ | ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠦᠷ᠂ ᠪᠠᠷᠠᠭᠤᠨ᠂ ᠵᠡᠭᠦᠨ ᠭᠠᠷ ᠨᠡᠶᠢᠯᠡᠭᠡᠳ ᠳᠤᠯᠤᠭᠠᠨ ᠰᠠᠷ᠎ᠠ ᠶᠢᠨ | ᠰᠢᠨ᠎ᠡ ᠶᠢᠨ ᠭᠤᠷᠪᠠᠨ ᠤ ᠡᠳᠦᠷ ᠲᠠᠬᠢᠳᠠᠭ ᠪᠣᠯᠤᠭᠰᠠᠨ ᠪᠠᠶᠢᠨ᠎ᠠ᠃ 1832 ᠣᠨ ᠳᠤ ᠮᠡᠨᠡᠩ ᠤᠨ ᠪᠣᠭᠳᠠ | ᠠᠭᠤᠯᠠ ᠶᠢᠨ ᠲᠠᠬᠢᠯᠭ᠎ᠠ ᠶᠢᠨ ᠲᠦᠪᠡᠳ ᠰᠤᠳᠤᠷ ᠭᠠᠷᠬᠤ ᠠᠴᠠ ᠡᠮᠦᠨ᠎ᠡ ᠰᠢᠨ᠎ᠡ ᠪᠠᠷᠭᠤᠴᠤᠳ ᠪᠥᠭᠡ ᠶᠢᠨ ᠱᠠᠰᠢᠨ | ᠤ ᠤᠳᠤᠮᠰᠢᠯ ᠢᠶᠠᠷ ᠢᠶᠠᠨ ᠪᠣᠭᠳᠠ ᠠᠭᠤᠯᠠ ᠪᠠᠨ ᠲᠠᠬᠢᠳᠠᠭ ᠪᠠᠶᠢᠵᠤ᠂ 1832 ᠣᠨ ᠠᠴᠠ ᠬᠤᠶᠢᠰᠢ ᠰᠠᠶ᠋ᠢ | ᠲᠠᠬᠢᠯᠭ᠎ᠠ ᠶᠢᠨ ᠲᠦᠪᠡᠳ ᠰᠤᠳᠤᠷ ᠢ ᠤᠩᠰᠢᠭᠤᠯᠵᠤ ᠲᠠᠬᠢᠭᠰᠠᠭᠠᠷ ᠢᠷᠡᠵᠡᠢ ᠭᠡᠳᠡᠭ ᠢ ᠡᠳᠡᠭᠡᠷ ᠲᠡᠦᠬᠡᠨ ᠲᠡᠮᠳᠡᠭᠯᠡᠯ | ᠠᠴᠠ ᠣᠶᠢᠯᠠᠭᠠᠵᠤ ᠪᠣᠯᠤᠨ᠎ᠠ᠃ | ︵ᠬᠤᠶᠠᠷ︶ ᠲᠠᠬᠢᠯᠭ᠎ᠠ ᠶᠢᠨ ᠰᠤᠳᠤᠷ ᠢ ᠵᠣᠬᠢᠶᠠᠭᠰᠠᠨ ᠬᠥᠮᠥᠨ | ᠲᠠᠬᠢᠯᠭ᠎ᠠ ᠶᠢᠨ ᠰᠤᠳᠤᠷ ᠲᠤ ︽᠁ ᠤᠮᠠᠷ᠎ᠠ ᠵᠦᠭ ᠤᠨ ᠶᠡᠭᠡ ᠮᠣᠩᠭᠤᠯ ᠣᠷᠤᠨ ᠤ ᠪᠤᠷᠬᠠᠨ ᠱᠠᠰᠢᠨ | ᠳᠡᠭᠡᠳᠦ ᠨᠣᠮ ᠶᠡᠭᠡ ᠪᠠᠷ ᠳᠡᠯᠭᠡᠷᠡᠭᠰᠡᠨ ᠠᠭᠤᠤ ᠠᠭᠤᠳᠠᠮ ᠣᠷᠤᠨ ᠪᠣᠯᠬᠤ ᠬᠥᠯᠥᠨ ᠪᠣᠶᠢᠷ ᠤᠨ ᠣᠷᠤᠨ ᠤ ᠲᠡᠭᠷᠢ | ᠭᠠᠵᠠᠷ ᠤᠨ ᠡᠵᠡᠳ ᠲᠤ ᠪᠠ ᠶᠡᠷᠦ ᠬᠢᠭᠡᠳ ᠢᠯᠠᠩᠭᠤᠶ᠎ᠠ ᠪᠠᠶᠠᠨᠮᠦ᠋ᠩᠭᠡ ᠠᠭᠤᠯᠠ ᠶᠢᠨ ᠰᠠᠪᠳᠠᠭ ᠲᠤ ᠲᠠᠬᠢᠯ ᠪᠠᠯᠢᠩ | ᠡᠷᠭᠦᠬᠦ ᠶᠣᠰᠤ ᠶᠡᠭᠡ ᠠᠮᠤᠭᠤᠯᠠᠩ ᠤᠨ ᠬᠤᠷ᠎ᠠ ᠶᠢ ᠪᠠᠭᠤᠯᠭᠠᠭᠴᠢ ᠭᠡᠳᠡᠭ ᠡᠭᠦᠨ ᠢ ᠪᠤᠶᠠᠨ ᠤ ᠶᠠᠪᠤᠳᠠᠯ ᠳᠤ ᠬᠠᠭᠠᠰ | ᠦᠭᠡᠢ ᠢᠳᠡ ᠬᠦᠴᠦᠨ ᠲᠡᠭᠦᠯᠳᠡᠷ᠂ ᠨᠢᠭᠤᠴᠠ ᠲᠠᠷᠨᠢ ᠶᠢᠨ ᠳᠡᠪᠢᠰᠬᠡᠷ ᠲᠤᠷ ᠰᠡᠳᠬᠢᠯ ᠤᠨ ᠳᠣᠷᠪᠢ ᠳᠣᠣᠷ᠎ᠠ ᠪᠤᠰᠤ | ᠳᠡᠮᠴᠢ ᠭᠡᠯᠦᠩ ᠰᠢᠷᠠᠪ ᠢᠶᠠᠷ ᠶᠡᠭᠡ ᠰᠢᠮᠳᠠᠯ ᠢᠶᠠᠷ ᠳᠠᠬᠢᠨ ᠳᠠᠬᠢᠨ ᠳᠤᠷᠠᠳᠬᠠᠭᠰᠠᠨ ᠮᠡᠲᠦ᠃ ᠳᠡᠭᠡᠳᠦ ᠪᠠᠭᠰᠢ ᠶᠢᠨ | ᠵᠠᠷᠯᠢᠭ ᠡᠰᠢ ᠪᠠᠷ ᠡᠷᠳᠡᠨᠢ ᠪᠠᠨᠳᠢᠳᠠ ᠶᠢᠨ ᠴᠣᠯᠠ ᠬᠠᠮᠠᠭᠠᠯᠠᠭᠰᠠᠨ ᠶᠡᠭᠡ ᠲᠥᠷᠥᠯᠬᠢᠲᠡᠨ ᠫᠤᠩᠴᠤᠭᠨᠠᠮᠵᠢᠯ ᠢᠶᠠᠷ ᠁ | ᠨᠠᠶᠢᠷᠠᠭᠤᠯᠪᠠᠢ᠃ ᠡᠭᠦᠨ ᠢ ᠪᠢᠴᠢᠭᠯᠡᠭᠰᠡᠨ ᠨᠢ ᠤᠬᠠᠭᠠᠨ ᠤ ᠣᠷᠤᠨ᠎ᠠ ᠣᠶᠤᠨ ᠤ ᠨᠢᠳᠦ ᠨᠢ ᠠᠭᠤᠳᠠᠮ ᠭᠡᠯᠦᠩ | ᠯᠤᠪᠰᠠᠩᠴᠣᠶᠢᠴᠤᠭ ᠪᠤᠯᠠᠢ︾ ᠭᠡᠵᠤ ᠪᠢᠴᠢᠵᠡᠢ᠃ | ᠦᠴᠦᠬᠡᠨ ᠮᠢᠨᠦ ᠪᠢᠳᠠᠭᠤ ᠣᠶᠤᠨ ᠳᠠᠭᠠᠨ ᠲᠣᠩᠭᠠᠵᠤ ᠦᠵᠡᠬᠦ ᠪᠠᠷ᠄ ᠠᠳᠡ ᠳᠤᠷᠠᠳᠤᠭᠳᠠᠵᠤ ᠪᠠᠶᠢᠭ᠎ᠠ | ᠭᠤᠷᠪᠠᠨ ᠬᠥᠮᠥᠨ — ᠡᠰᠢ᠂ ᠫᠤᠩᠴᠤᠭᠨᠠᠮᠵᠢᠯ᠂ ᠯᠤᠪᠰᠠᠩᠴᠣᠶᠢᠴᠤᠭ ᠴᠣᠬᠤᠮ ᠶᠠᠮᠠᠷ ᠡᠭᠦᠷᠭᠡ ᠭᠦᠢᠴᠡᠳᠬᠡᠭᠰᠡᠨ | ᠢ ᠠᠩᠬᠠᠷᠬᠤ ᠴᠢᠬᠤᠯᠠ ᠲᠠᠢ ᠪᠠᠶᠢᠨ᠎ᠠ᠃ ᠳᠡᠮᠴᠢ ᠭᠡᠯᠦᠩ ᠡᠰᠢ ᠪᠣᠯ ᠲᠠᠬᠢᠯᠭ᠎ᠠ ᠶᠢᠨ ᠰᠤᠳᠤᠷ ᠢ ᠵᠣᠬᠢᠶᠠᠯᠭᠠᠬᠤ ᠪᠠᠷ | ᠳᠤᠷᠠᠳᠤᠭᠰᠠᠨ ᠬᠥᠮᠥᠨ ᠪᠠᠶᠢᠵᠤ ᠮᠡᠳᠡᠨ᠎ᠡ᠃ ᠥᠭᠡᠷ᠎ᠡ ᠪᠠᠷ ᠬᠡᠯᠡᠪᠡᠯ ᠲᠠᠬᠢᠯᠭ᠎ᠠ ᠶᠢᠨ ᠰᠤᠳᠤᠷ ᠢ ᠵᠣᠬᠢᠶᠠᠯᠭᠠᠬᠤ | ᠡᠭᠦᠷᠭᠡ ᠶᠢ ᠬᠦᠯᠢᠶᠡᠵᠦ ᠠᠪᠤᠭᠰᠠᠨ ᠰᠢᠨ᠎ᠡ ᠪᠠᠷᠭᠤᠴᠤᠳ ᠤᠨ ᠲᠥᠯᠥᠭᠡᠯᠡᠭᠴᠢ ᠴᠦ ᠪᠠᠶᠢᠵᠤ ᠮᠡᠳᠡᠨ᠎ᠡ᠃ | ᠫᠤᠩᠴᠤᠭᠨᠠᠮᠵᠢᠯ ᠪᠣᠯ ᠲᠠᠬᠢᠯᠭ᠎ᠠ ᠶᠢᠨ ᠰᠤᠳᠤᠷ ᠢ ᠵᠣᠬᠢᠶᠠᠭᠰᠠᠨ ᠬᠥᠮᠥᠨ ᠭᠡᠵᠤ ᠪᠢ ᠦᠵᠡᠵᠦ ᠪᠠᠶᠢᠨ᠎ᠠ᠃ ᠪᠣᠭᠳᠠ | ᠠᠭᠤᠯᠠ ᠶᠢᠨ ᠲᠠᠬᠢᠯᠭ᠎ᠠ ᠶᠢᠨ ᠰᠤᠳᠤᠷ ᠢ ᠵᠠᠪᠠᠯ ᠱᠠᠰᠢᠨ ᠤ ᠳᠡᠭᠡᠲᠦ ᠬᠡᠷᠬᠡᠮᠲᠡᠨ ᠯᠡ ᠵᠣᠬᠢᠶᠠᠬᠤ ᠶᠣᠰᠤᠲᠠᠢ | ᠪᠠᠶᠢᠭᠰᠠᠨ ᠨᠢ ᠲᠣᠳᠤᠷᠬᠠᠢ᠃ ᠣᠳᠤᠬᠠᠨ ᠳᠤ ᠶᠠᠩᠵᠤ ᠪᠦᠷᠢ ᠶᠢᠨ ᠬᠥᠮᠥᠰ ︵ᠪᠦᠰᠡᠭᠦᠶᠢᠴᠦᠳ ᠪᠠᠭᠲᠠᠨ᠎ᠠ︶ | ᠪᠣᠭᠳᠠ ᠠᠭᠤᠯᠠ ᠶᠢ ᠮᠠᠭᠲᠠᠭᠰᠠᠨ ᠰᠢᠯᠦᠭ᠂ ᠳᠠᠭᠤᠤ ᠵᠣᠬᠢᠶᠠᠵᠤ ᠪᠠᠶᠢᠨ᠎ᠠ᠃ ᠭᠡᠪᠡᠴᠦ ᠲᠡᠳᠡᠭᠡᠷ ᠬᠥᠮᠥᠰ ᠪᠣᠳᠤᠵᠤ | ᠦᠵᠡᠭᠰᠡᠨ ᠤᠤ︖ ᠪᠣᠭᠳᠠ ᠠᠭᠤᠯᠠ ᠪᠣᠯ ᠪᠦᠭᠦᠳᠡ ᠶᠢᠨ ᠮᠠᠨᠢ ᠰᠢᠲᠦᠭᠡᠨ ᠰᠢᠦ ᠳ᠋ᠠ︕ ᠥᠪᠡᠷ ᠤᠨ ᠰᠢᠲᠦᠭᠡᠨ | ᠠᠴᠠ ᠪᠠᠨ ᠠᠪᠤᠷᠠᠯ ᠥᠷᠦᠰᠢᠶᠡᠯ ᠭᠤᠶᠤᠬᠤ ᠠᠴᠠ ᠪᠢᠰᠢ᠂ ᠰᠢᠲᠦᠭᠡᠨ ᠠᠴᠠ ᠪᠠᠨ ᠬᠡᠳᠦᠶᠢᠳᠴᠢᠭᠡᠭᠡᠳ ᠰᠢᠲᠦᠭᠡᠨ | ᠢᠶᠠᠨ ᠮᠠᠭᠲᠠᠬᠤ ᠰᠠᠶᠢᠰᠢᠶᠠᠬᠤ ᠲᠠᠶᠢᠮᠦ ᠬᠢᠷᠢ ᠬᠡᠮᠵᠢᠶ᠎ᠡ ᠲᠠᠢ ᠪᠣᠯᠵᠤ ᠴᠢᠳᠠᠨ᠎ᠠ ᠭᠡᠵᠤ ᠤᠤ ᠳ᠋ᠠ︕ | ᠯᠤᠪᠰᠠᠩᠴᠣᠶᠢᠴᠤᠭ ᠢ ᠪᠢ ᠲᠠᠬᠢᠯᠭ᠎ᠠ ᠶᠢᠨ ᠰᠤᠳᠤᠷ ᠢ ᠳᠠᠷᠤᠮᠠᠯᠯᠠᠵᠤ ᠳᠡᠯᠭᠡᠷᠡᠭᠦᠯᠦᠭᠰᠡᠨ ᠬᠥᠮᠥᠨ ᠪᠣᠯᠪᠠᠤ ᠭᠡᠵᠤ | ᠦᠵᠡᠵᠦ ᠪᠠᠶᠢᠨ᠎ᠠ᠃ | ︵ᠭᠤᠷᠪᠠ︶ ᠰᠤᠳᠤᠷ ᠲᠤ ᠲᠠᠬᠢᠯᠭ᠎ᠠ ᠶᠢ ᠶᠠᠭᠠᠬᠢᠵᠤ ᠪᠢᠴᠢᠭᠰᠡᠨ ᠪᠣᠢ︖ | ᠮᠡᠨᠡᠩ ᠤᠨ ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ ᠲᠤ ︽ᠪᠠᠶᠠᠨᠮᠦ᠋ᠩᠬᠡ ᠶᠡᠭᠡ ᠠᠭᠤᠯᠠ ᠶᠢᠨ ᠰᠠᠩ | ᠣᠷᠤᠰᠢᠪᠠᠢ︾ ᠪᠠ ︽ᠪᠤᠶᠠᠨ ᠪᠡᠯᠭᠡ ᠮᠥᠩᠬᠡ ᠣᠷᠤᠰᠢᠬᠤ ᠢᠯᠡ ᠥᠯᠵᠡᠶᠢᠲᠦ ᠶᠡᠭᠡ ᠠᠭᠤᠯᠠ ᠪᠠᠶᠠᠨᠮᠦ᠋ᠩᠭᠡ ᠶᠢᠨ | ᠰᠠᠪᠳᠠᠭ ᠲᠤ ᠲᠠᠬᠢᠯ ᠪᠠᠯᠢᠩ ᠡᠷᠭᠦᠬᠦ ᠶᠣᠰᠤᠨ ᠶᠡᠭᠡ ᠠᠮᠤᠭᠤᠯᠠᠩ ᠤᠨ ᠬᠤᠷ᠎ᠠ ᠶᠢ ᠪᠠᠭᠤᠯᠭᠠᠭᠴᠢ ᠬᠡᠮᠡᠬᠦ ᠣᠷᠤᠰᠢᠪᠠᠢ | ︾ ᠭᠡᠳᠡᠭ ᠬᠤᠶᠠᠷ ᠰᠤᠳᠤᠷ ᠪᠣᠢ᠃ | ︽ᠰᠠᠩ ᠣᠷᠤᠰᠢᠪᠠᠢ︾ ᠳᠤ ᠪᠠᠶᠠᠨᠮᠦ᠋ᠩᠭᠡ ᠪᠠᠷ ᠰᠦᠯᠳᠡ ᠪᠤᠯᠭᠠᠭᠰᠠᠨ ᠨᠠᠪᠳᠠᠭ ᠰᠠᠪᠳᠠᠭ ᠢ ︽ | ᠮᠣᠷᠢᠯᠠᠭᠲᠤᠨ︾ ᠬᠡᠮᠡᠨ ᠵᠠᠯᠠᠵᠠᠢ᠃ ᠡᠭᠦᠨ ᠳᠤ᠄ | ︽ᠥᠪᠡᠷ ᠢᠶᠠᠨ ᠭᠤᠷᠪᠠᠨ ᠴᠠᠭ ᠤᠨ ᠪᠤᠷᠬᠠᠨ ᠯᠢᠩᠬᠸ᠎ᠠ ᠠᠴᠠ ᠲᠥᠷᠥᠭᠴᠢ ᠪᠠᠭᠰᠢ | ᠤᠯᠠᠭᠠᠨ ᠪᠣᠷᠤ ᠥᠩᠭᠡᠲᠦ ᠸᠴᠢᠷ ᠲᠤᠳᠪᠠ ᠶᠢᠨ ᠪᠡᠯᠭᠡ ᠴᠣᠬᠤᠶᠢᠵᠤ | ᠺᠠᠷᠠᠮᠭᠠ ᠶᠢ ᠭᠠᠷ ᠲᠤᠷ ᠪᠠᠷᠢᠵᠤ ᠤᠯᠠᠭᠠᠨ ᠫᠠᠩᠰᠠ ᠬᠤᠪᠴᠠᠰᠤ ᠵᠣᠭᠤᠭᠯᠠᠨ | ᠨᠠᠷᠠᠨ ᠰᠠᠷᠠᠨ ᠳᠡᠪᠢᠰᠬᠡᠷ ᠳᠡᠭᠡᠷ᠎ᠡ ᠸᠴᠢᠷ ᠵᠠᠪᠢᠯᠠᠯ ᠢᠶᠠᠷ ᠰᠠᠭᠠᠲᠠᠪᠠᠢ︾ ᠬᠡᠮᠡᠭᠡᠳ ︽ᠯᠠᠮᠠ ᠢᠳᠡᠮ | ᠪᠠᠳᠮᠠᠵᠤᠩᠨᠠᠢ ᠮᠡᠲᠦ ᠶᠢᠨ ᠪᠠᠭᠰᠢ ᠨᠠᠷ︾᠂ ︽ᠪᠤᠷᠬᠠᠨ ᠪᠣᠳᠢᠰᠠᠸᠠ ᠳᠠᠬᠢᠨᠢ ᠱᠠᠰᠢᠨ ᠤ ᠣᠯᠠᠨ ᠰᠠᠬᠢᠭᠤᠰᠤ︾᠂ ︽ | ᠰᠦᠯᠳᠡ ᠲᠡᠭᠷᠢ ᠣᠷᠤᠳ ᠤᠨ ᠡᠵᠡᠳ︾᠂ ︽ᠪᠠᠶᠠᠨᠮᠦ᠋ᠩᠬᠡ ᠨᠡᠷᠡᠲᠦ ᠶᠡᠭᠡ ᠠᠭᠤᠯᠠ︾᠂ ︽ᠣᠣᠷᠵᠢᠨ ᠠᠭᠤᠯᠠ︾ | ᠂ ︽ᠮᠡᠨᠡᠩ ᠤᠨ ᠲᠠᠯ᠎ᠠ︾᠂ ︽ᠶᠡᠭᠡ ᠪᠠᠭ᠎ᠠ ᠭᠤᠪᠢ︾᠂ ︽ᠭᠤᠷᠪᠠᠨ ᠤ ᠷᠠᠰᠢᠶᠠᠨ︾᠂ ︽ᠬᠠᠷᠠᠭᠠᠲᠤ︾ | ᠂ ︽ᠬᠡᠷᠦᠯᠦᠨ ᠶᠡᠭᠡ ᠭᠤᠣᠯ︾᠂ ︽ᠠᠪᠳᠠᠷ᠎ᠠ ᠬᠦᠷᠢᠶ᠎ᠡ︾᠂ ︽ᠦᠰᠦᠷᠢ ᠤᠰᠤ︾᠂ ︽ᠶᠡᠭᠡ ᠪᠠᠭ᠎ᠠ ᠬᠠᠷᠠᠭᠤᠯ︾ | ᠭᠡᠬᠦ ᠮᠡᠲᠦ ᠪᠠᠷ ᠭᠠᠵᠠᠷ ᠤᠰᠤᠨ ᠤ ᠨᠡᠷ᠎ᠡ ᠶᠢ ᠳᠤᠷᠠᠳᠤᠨ ᠵᠠᠯᠠᠨ᠎ᠠ᠃ | ᠳᠠᠷᠠᠭ᠎ᠠ ᠨᠢ ᠶᠠᠭᠤ ᠶᠠᠭᠤ ᠶᠢ ᠲᠠᠬᠢᠯ ᠲᠠᠯᠪᠢᠭᠰᠠᠨ ᠢᠶᠠᠨ ᠲᠣᠭᠠᠴᠢᠵᠤ | ︽ᠰᠠᠨᠰᠠᠷ ᠨᠢᠷᠸᠠᠨ ᠤ ᠵᠣᠴᠢᠳ ᠢ ᠪᠠᠶᠠᠰᠬᠠᠬᠤ ᠶᠢᠨ ᠲᠤᠯᠠ ᠡᠷᠭᠦᠮᠦ | ᠵᠣᠭᠤᠭᠯᠠᠵᠤ ᠱᠠᠰᠢᠨ ᠠᠮᠢᠲᠠᠨ ᠤ ᠵᠢᠷᠭᠠᠯ ᠢ ᠠᠷᠪᠢᠳᠬᠠᠨ ᠵᠣᠬᠢᠶᠠ︾ ᠬᠡᠮᠡᠨ ᠵᠠᠯᠪᠠᠷᠢᠨ᠎ᠠ᠃ | ᠢᠩᠭᠢᠭᠡᠳ ︽ᠯᠠᠮᠠ ᠨᠠᠷ︾᠂ ︽ᠢᠳᠡᠮ ᠪᠤᠷᠬᠠᠳ︾᠂ ︽ᠳᠠᠭᠢᠨᠢᠰ︾᠂ ︽ᠲᠡᠭᠷᠢ ᠯᠤᠤᠰ︾᠂ ︽ᠪᠠᠶᠠᠨᠮᠥ᠋ᠩᠬᠡ | ︾᠂ ︽ᠣᠣᠷᠵᠢᠨ︾᠂ ︽ᠪᠣᠶᠢᠷ ᠨᠠᠭᠤᠷ︾᠂ ︽ᠶᠡᠭᠡ ᠪᠠᠭ᠎ᠠ ᠭᠤᠪᠢ︾᠂ ︽ᠭᠤᠷᠪᠠᠨ ᠤ ᠷᠠᠰᠢᠶᠠᠨ︾᠂ ︽ | ᠬᠠᠷᠠᠭᠠᠲᠤ︾᠂ ︽ᠬᠡᠷᠦᠯᠦᠨ︾᠂ ︽ᠠᠪᠳᠠᠷ᠎ᠠ ᠬᠦᠷᠢᠶ᠎ᠡ︾᠂ ︽ᠦᠰᠦᠷᠢ ᠤᠰᠤ︾᠂ ︽ᠶᠡᠭᠡ ᠪᠠᠭ᠎ᠠ | ᠬᠠᠷᠠᠭᠤᠯ︾ ᠵᠡᠷᠭᠡ ᠭᠠᠵᠠᠷ ᠤᠰᠤᠨ ᠤ ᠨᠠᠪᠳᠠᠭ ᠰᠠᠪᠳᠠᠭ ᠢ ᠳᠠᠭᠤᠳᠠᠨ ︽ᠠᠷᠢᠭᠤᠯᠠᠮᠤ︾ ᠬᠡᠮᠡᠨ᠎ᠡ᠃ | ᠲᠡᠭᠦᠨ ᠤ ᠳᠠᠷᠠᠭ᠎ᠠ ᠪᠠᠶᠠᠨᠮᠥ᠋ᠩᠬᠡ ᠪᠠᠷ ᠰᠦᠯᠳᠡ ᠪᠣᠯᠭᠠᠭᠰᠠᠨ ᠠᠭᠤᠯᠠ ᠤᠰᠤᠨ ᠤ ᠨᠠᠪᠳᠠᠭ ᠰᠠᠪᠳᠠᠭ ᠲᠤ ︽ | ᠬᠤᠣᠷᠯᠠᠯ ᠪᠦᠬᠦᠨ ᠠᠴᠠ ᠰᠠᠬᠢᠨ ᠰᠣᠶᠤᠷᠬ᠎ᠠ︾᠂ ︽ᠳᠠᠶᠢᠰᠤᠨ ᠲᠦᠢᠳᠬᠡᠷ ᠪᠦᠬᠦᠨ ᠢ ᠰᠦᠢᠳᠬᠡᠨ ᠵᠣᠬᠢᠶᠠ︾᠂ | ︽ᠭᠠᠯ ᠳᠦᠢᠮᠡᠷ᠂ ᠤᠰᠤ ᠦᠶᠡᠷ ᠭᠡᠢ ᠰᠠᠯᠬᠢᠨ᠂ ᠮᠠᠯ ᠰᠦᠷᠦᠭ ᠤᠨ ᠡᠪᠡᠳᠴᠢᠨ ᠬᠤᠷᠤᠭᠳᠠᠯ᠂ ᠠᠷᠢᠶᠠᠲᠠᠨ ᠤ | ᠬᠤᠣᠷᠯᠠᠯ ᠢ ᠠᠮᠤᠷᠯᠢᠨ ᠵᠣᠬᠢᠶᠠ︾᠂ ︽ᠬᠢᠷᠠᠭᠤ ᠮᠥᠨᠳᠦᠷ ᠭᠠᠩ ᠬᠠᠭᠰᠠᠷᠭᠠᠨ᠂ ᠬᠦᠰᠡᠰᠢ ᠦᠭᠡᠢ ᠬᠦᠨᠦᠭᠡᠯ ᠪᠠ | ᠴᠠᠭ ᠲᠤᠷ ᠢᠶᠠᠨ ᠬᠤᠷ᠎ᠠ ᠪᠠᠭᠤᠵᠤ ᠳᠠᠷᠢᠶ᠎ᠠ ᠰᠠᠶᠢᠨ᠂ ᠳᠡᠭᠡᠳᠦ ᠨᠣᠮ ᠢ ᠠᠷᠪᠢᠵᠢᠭᠤᠯᠤᠨ ᠵᠣᠬᠢᠶᠠ︾ ᠬᠡᠮᠡᠨ | ᠳᠠᠭᠠᠳᠬᠠᠨ᠎ᠠ᠃ ᠬᠠᠮᠤᠭ ᠤᠨ ᠰᠡᠭᠦᠯ ᠳᠤ᠄ | ︽ᠲᠣᠪᠴᠢᠯᠠᠪᠠᠰᠤ ᠪᠤᠷᠬᠠᠨ ᠱᠠᠰᠢᠨ ᠳᠡᠯᠭᠡᠷᠡᠵᠦ | ᠠᠮᠢᠲᠠᠨ ᠤ ᠠᠮᠤᠭᠤᠯᠠᠩ ᠠᠷᠪᠢᠵᠢᠬᠤ ᠬᠡᠰᠢᠭ | ᠡᠨᠡ ᠡᠳᠦᠷ ᠠᠴᠠ ᠠᠳᠡ ᠨᠡᠶᠢᠳᠡᠮ ᠪᠢᠯᠬᠠᠷᠠᠨ | ᠤᠷᠪᠠᠯᠲᠠ ᠦᠭᠡᠢ ᠬᠡᠰᠢᠭ ᠤᠨ ᠥᠯᠵᠡᠢ ᠣᠷᠤᠰᠢᠭᠲᠤᠨ︕︾ ᠬᠡᠮᠡᠨ ᠲᠡᠭᠦᠰᠬᠡᠳᠡᠭ᠃ | ︽ᠶᠡᠭᠡ ᠠᠮᠤᠭᠤᠯᠠᠩ ᠤᠨ ᠬᠤᠷ᠎ᠠ ᠶᠢ ᠪᠠᠭᠤᠯᠭᠠᠭᠴᠢ ᠬᠡᠮᠡᠬᠦ ᠣᠷᠤᠰᠢᠪᠠᠢ︾ ᠳᠤ᠄ | ︽ᠪᠦᠬᠦᠨ ᠢ ᠠᠶᠢᠯᠠᠳᠤᠭᠴᠢ ᠭᠠᠷᠬᠤ ᠶᠢᠨ ᠣᠷᠤᠨ ᠢᠵᠠᠭᠤᠷ ᠤᠨ ᠯᠠᠮᠠ | ᠪᠦᠬᠦᠨ ᠢ ᠠᠵᠢᠭᠯᠠᠬᠤ ᠴᠢᠬᠤᠯᠠ ᠵᠠᠮ ᠢ ᠵᠢᠭᠠᠭᠴᠢ ᠢᠳᠡᠮ ᠪᠤᠷᠬᠠᠨ | ᠪᠦᠬᠦᠨ᠎ᠡ ᠲᠦᠭᠡᠮᠡᠯ ᠬᠦᠴᠦᠲᠦ ᠳᠠᠭᠢᠨᠢ ᠰᠠᠬᠢᠭᠤᠰᠤ ᠶᠢᠨ ᠴᠢᠭᠤᠯᠭᠠᠨ | ᠪᠦᠬᠦᠨ᠎ᠡ ᠲᠦᠭᠡᠮᠡᠯ ᠠᠮᠤᠭᠤᠯᠠᠩ ᠳᠡᠯᠭᠡᠷᠡᠬᠦ ᠥᠯᠵᠡᠢ ᠶᠢ ᠰᠣᠶᠤᠷᠬ᠎ᠠ︾ ᠬᠡᠮᠡᠨ ᠡᠬᠢᠯᠡᠭᠡᠳ᠂ | ︽ᠥᠨᠳᠦᠷ ᠰᠦᠷᠯᠢᠭ ᠪᠦᠷᠢᠳᠦᠭᠰᠡᠨ ᠶᠡᠭᠡ ᠠᠭᠤᠯᠠ ᠶᠢᠨ ᠦᠵᠦᠭᠦᠷ ᠲᠤᠷ | ᠣᠪᠤᠭ᠎ᠠ ᠪᠣᠰᠬᠠᠨ ᠲᠠᠬᠢᠵᠤ ᠲᠠᠩᠭᠠᠷᠢᠭ ᠤᠨ ᠡᠳ᠋ ᠪᠣᠯᠤᠨ | ᠤᠨᠤᠭ᠎ᠠ ᠮᠠᠯ᠂ ᠤᠲᠤᠯᠭ᠎ᠠ ᠶᠢᠨ ᠰᠠᠩ ᠤᠨ ᠡᠭᠦᠯᠡᠨ ᠤᠲᠤᠭ᠎ᠠ | ᠡᠯᠳᠡᠪ ᠵᠦᠢᠯ ᠤᠨ ᠲᠠᠬᠢᠯ ᠢ ᠴᠤᠬᠠᠭ ᠳᠡᠭᠡᠳᠦ ᠳᠤᠷ ᠡᠷᠭᠦᠵᠦ | ᠲᠠᠶᠢᠨ ᠣᠯᠠᠨ ᠣᠷᠤᠳ ᠤᠨ ᠡᠵᠡᠳ ᠨᠠᠢᠮᠠᠨ ᠠᠶᠢᠮᠠᠭ | ᠲᠡᠶᠢᠨ ᠣᠯᠠᠨ ᠰᠠᠨᠰᠠᠷ ᠨᠢᠷᠸᠠᠨ ᠤ ᠵᠣᠴᠢᠳ ᠪᠦᠬᠦᠨ᠎ᠡ | ᠲᠡᠶᠢᠨ ᠠᠷᠢᠭᠤᠨ ᠰᠡᠳᠬᠢᠯ ᠢᠶᠠᠷ ᠲᠠᠬᠢᠬᠤ ᠪᠥᠭᠡᠳ ᠮᠠᠭᠲᠠᠬᠤ ᠨᠢ | ᠲᠡᠶᠢᠨ ᠠᠷᠢᠭᠤᠨ ᠰᠠᠶᠢᠨ ᠶᠣᠰᠤᠨ ᠢ ᠳᠠᠭᠠᠭᠰᠠᠨ ᠶᠤᠮ᠃ | ᠲᠡᠶᠢᠮᠦ ᠪᠣᠯᠬᠤᠷ ᠠᠭᠤᠤ ᠶᠡᠭᠡ ᠮᠣᠩᠭᠤᠯ ᠣᠷᠤᠨ ᠤ | ᠭᠠᠵᠠᠷ ᠤᠨ ᠡᠳ᠋ ᠪᠦᠷᠢᠳᠦᠭᠰᠡᠨ ᠬᠥᠯᠥᠨ ᠪᠣᠶᠢᠷ ᠨᠤᠲᠤᠭ ᠲᠤ | ᠪᠤᠷᠬᠠᠨ ᠱᠠᠰᠢᠨ ᠬᠢᠭᠡᠳ ᠬᠤᠸᠠᠷᠠᠭ ᠤᠨ ᠠᠶᠢᠮᠠᠭ ᠳᠡᠯᠭᠡᠷᠡᠵᠦ | ᠱᠠᠰᠢᠨ ᠤ ᠥᠭᠯᠢᠭᠡ ᠶᠢᠨ ᠡᠵᠡᠨ ᠪᠦᠷᠢᠨ ᠲᠡᠭᠦᠯᠳᠡᠷ ᠪᠣᠯᠲᠤᠭᠠᠢ | ᠲᠣᠭᠰᠢᠨ ᠠᠭᠤᠯᠠ ᠪᠦᠬᠦᠨ ᠠᠴᠠ ᠡᠵᠡᠯᠡᠬᠦᠨ ᠥᠨᠳᠦᠷ ᠣᠷᠬᠢᠯ | ᠬᠠᠨ ᠠᠭᠤᠯᠠ ᠰᠦᠮᠪᠦᠷ ᠰᠢᠭ ᠦᠵᠡᠰᠬᠦᠯᠡᠩ ᠪᠠᠲᠤ | ᠠᠭᠤᠯᠠ ᠶᠢᠨ ᠢᠷᠤᠭᠠᠷ ᠨᠠᠭᠤᠷ ᠳᠠᠯᠠᠢ ᠨᠡᠶᠢᠳᠡᠮ ᠬᠦᠷᠢᠶᠡᠯᠡᠭᠰᠡᠨ | ᠠᠭᠤᠯᠠ ᠶᠢᠨ ᠣᠬᠢ ᠪᠣᠯᠤᠭᠰᠠᠨ ᠰᠦᠷᠯᠢᠭ ᠪᠠᠶᠠᠨᠮᠥ᠋ᠩᠬᠡ ᠳᠤ | ᠲᠠᠬᠢᠯ ᠪᠠᠯᠢᠩ ᠤᠨ ᠡᠷᠭᠦᠯ ᠢ ᠮᠡᠷᠭᠡᠳ ᠤᠨ ᠰᠠᠶᠢᠨ ᠨᠣᠮᠯᠠᠯ ᠤᠨ | ᠲᠤᠷᠰᠢᠯᠭ᠎ᠠ ᠰᠤᠷᠭᠠᠮᠵᠢ ᠶᠢ ᠲᠦᠪᠯᠡᠷᠡᠭᠦᠯᠦᠭᠰᠡᠨ ᠪᠠᠲᠤ ᠪᠠᠬᠢ ᠳᠡᠭᠡᠰᠦᠨᠡ | ᠡᠰᠢ ᠤᠬᠠᠭᠠᠨ ᠢ ᠬᠡᠯᠬᠢᠭᠰᠡᠨ ᠰᠤᠪᠤᠳ ᠤᠨ ᠰᠠᠶᠢᠬᠠᠨ ᠡᠷᠢᠬᠡ ᠶᠢ | ᠤᠬᠠᠭᠠᠨᠳᠠᠳ ᠤᠨ ᠬᠦᠵᠦᠭᠦᠨ ᠴᠢᠮᠡᠭ ᠢᠶᠠᠷ ᠡᠳᠦᠭᠡ ᠠᠳᠡ ᠪᠦᠲᠦᠭᠡᠪᠡᠢ︾ ᠭᠡᠵᠤ ︽ᠠᠷᠪᠠᠨ ᠪᠤᠶᠠᠨ | ᠪᠦᠷᠢᠳᠦᠭᠰᠡᠨ ᠳᠡᠭᠡᠳᠦ ᠣᠷᠤᠨ ᠪᠤᠷᠬᠠᠨ ᠱᠠᠰᠢᠨ ᠤ ᠪᠤᠶᠠᠨ ᠤ ᠵᠦᠭ ᠢ ᠲᠡᠳᠬᠦᠬᠦ ᠣᠷᠤᠨ ᠭᠠᠵᠠᠷ ᠤᠨ ᠡᠵᠡᠳ ᠤᠨ | ᠣᠷᠤᠰᠢᠵᠤ ᠪᠠᠶᠢᠭ᠎ᠠ ᠶᠡᠭᠡ ᠠᠭᠤᠯᠠ ᠪᠣᠯᠬᠤ᠂ ᠠᠩᠬᠠᠨ ᠤ ᠬᠠᠭᠤᠴᠢᠨ ᠨᠡᠷ᠎ᠡ ᠨᠢ ᠳᠤᠯᠠᠭᠠᠨ ᠬᠠᠷ᠎ᠠ ᠭᠡᠵᠤ | ᠠᠯᠳᠠᠷᠰᠢᠭᠰᠠᠨ ᠲᠡᠭᠦᠨ᠎ᠡ ᠰᠢᠲᠦᠨ ᠪᠠᠷᠢᠯᠳᠤᠯᠭ᠎ᠠ ᠶᠢᠨ ᠣᠨᠢᠰᠤᠨ ᠢᠶᠠᠷ ᠪᠠᠶᠠᠨᠮᠥ᠋ᠩᠬᠡ ᠶᠡᠭᠡ ᠠᠭᠤᠯᠠ ᠭᠡᠵᠤ ᠨᠡᠷ᠎ᠡ | ᠬᠠᠶᠢᠷᠠᠯᠠᠭᠰᠠᠨ ᠠᠨᠤ ᠡᠭᠦᠨ᠎ᠡ ᠣᠷᠤᠰᠢᠨ ᠰᠠᠭᠤᠭᠴᠢ ᠲᠡᠭᠷᠢ᠂ ᠯᠤᠤᠰ᠂ ᠭᠠᠵᠠᠷ ᠤᠨ ᠡᠵᠡᠳ ᠢ ᠪᠠᠶᠠᠷᠯᠠᠭᠤᠯᠬᠤ ᠰᠠᠩ | ᠬᠢᠭᠡᠳ ᠲᠠᠬᠢᠯ ᠪᠠᠯᠢᠩ ᠡᠷᠭᠦᠬᠦ ᠶᠢᠨ ᠶᠣᠰᠤ ᠭᠤᠷᠢᠮ ᠢ ᠵᠣᠬᠢᠰᠲᠠᠢ ᠵᠣᠬᠢᠶᠠᠬᠤ ᠳᠤ ᠭᠤᠷᠪᠠ ᠪᠣᠢ᠃ ᠪᠡᠯᠡᠳᠬᠡᠯ᠂ | ᠭᠤᠣᠯ ᠴᠣᠭᠴᠠ᠂ ᠡᠴᠦᠰ ᠤᠨ ᠳᠠᠷᠠᠭᠠᠯᠠᠯ ᠪᠤᠯᠠᠢ︾ ᠭᠡᠵᠡᠢ᠃ | ᠪᠡᠯᠡᠳᠬᠡᠯ — ᠲᠠᠬᠢᠯᠭ᠎ᠠ ᠶᠢᠨ ᠡᠮᠦᠨ᠎ᠡ ᠡᠳᠦᠷ ᠣᠴᠢᠵᠤ ᠲᠠᠬᠢᠯᠭ᠎ᠠ ᠶᠢᠨ ᠪᠦᠬᠦᠶᠢᠯᠡ ᠵᠦᠢᠯ ᠢ ᠪᠡᠯᠡᠨ | ᠪᠣᠯᠭᠠᠨ᠎ᠠ᠃ | ᠭᠤᠣᠯ ᠴᠣᠭᠴᠠ — ᠲᠠᠬᠢᠬᠤ ᠡᠳᠦᠷ ᠤᠨ ᠨᠠᠷᠠᠨ ᠭᠠᠷᠬᠤ ᠠᠴᠠ ᠡᠬᠢᠯᠡᠨ ᠲᠠᠬᠢᠯᠭ᠎ᠠ ᠶᠢᠨ ᠵᠦᠢᠯ ᠢ | ᠪᠦᠷᠢᠳᠦᠭᠦᠯᠵᠦ᠂ ᠤᠩᠰᠢᠯᠭ᠎ᠠ ᠶᠢᠨ ᠨᠣᠮ ᠳᠠᠭᠠᠨ ᠣᠷᠤᠨ᠎ᠠ᠃ ᠲᠡᠭᠡᠭᠡᠳ ᠣᠯᠠᠨ ᠪᠤᠷᠬᠠᠨ ᠰᠠᠬᠢᠭᠤᠰᠤᠨ᠂ ᠨᠠᠪᠳᠠᠭ | ᠰᠠᠪᠳᠠᠭ ᠢ ᠵᠠᠯᠠᠬᠤ ᠶᠢᠨ ᠳᠣᠲᠤᠷ᠎ᠠ ︽ᠶᠡᠭᠡ ᠠᠭᠤᠯᠠ ᠪᠠᠶᠠᠨᠮᠥ᠋ᠩᠬᠡ ᠶᠢᠨ ᠰᠠᠪᠳᠠᠭ ᠪᠣᠯᠬᠤ ᠰᠦᠯᠳᠡ ᠬᠠᠭᠠᠨ ᠤ | ᠪᠡᠶ᠎ᠡ ᠶᠢᠨ ᠥᠩᠭᠡ ᠮᠣᠳᠤᠷ ᠤᠨ ᠪᠡᠯᠭᠡ ᠵᠡᠷᠭᠡ ᠶᠢ ᠲᠣᠳᠤ ᠦᠭᠡᠢ ᠴᠦ ᠬᠡᠷᠬᠢᠪᠡᠴᠦ ᠦᠵᠡᠭᠳᠡᠨ ᠨᠠᠢᠮᠠᠨ ᠠᠶᠢᠮᠠᠭ | ᠲᠡᠭᠷᠢ ᠯᠤᠤᠰ ᠢᠶᠠᠷ ᠬᠦᠷᠢᠶᠡᠯᠡᠵᠦ᠂ ᠠᠪᠤᠷᠠᠯ ᠡᠷᠢᠵᠦ ᠪᠠᠶᠢᠭ᠎ᠠ ᠥᠭᠯᠢᠭᠡ ᠶᠢᠨ ᠡᠵᠡᠳ ᠢ ᠰᠠᠬᠢᠨ ᠬᠠᠮᠠᠭᠠᠯᠠᠬᠤ | ᠪᠥᠭᠡᠳ ᠰᠢᠳᠢ ᠶᠢ ᠰᠣᠶᠤᠷᠬᠠᠬᠤ ᠠᠭᠠᠷ ᠲᠤᠷ ᠣᠷᠤᠰᠢᠪᠠᠢ︾ ᠭᠡᠵᠤ ᠪᠠᠶᠠᠨᠮᠥ᠋ᠩᠬᠡ ᠶᠢ ᠳᠣᠪᠤᠶᠢᠯᠭᠠᠨ ᠳᠤᠷᠠᠳᠤᠨ᠎ᠠ᠃ | | ᠲᠡᠭᠡᠭᠡᠳ ᠡᠳᠡᠭᠡᠷ ᠣᠯᠠᠨ ᠨᠠᠪᠳᠠᠭ ᠰᠠᠪᠳᠠᠭ ᠢᠶᠠᠨ ᠳᠠᠭᠤᠳᠠᠵᠤ ᠨᠢᠭᠡ ᠨᠢᠭᠡ ᠪᠠᠷ ︽ᠮᠥᠷᠭᠦᠮᠦ︾ | ᠬᠡᠮᠡᠨ ᠳᠠᠭᠠᠳᠬᠠᠨ᠎ᠠ᠃ ᠳᠠᠷᠠᠭ᠎ᠠ ᠨᠢ ᠬᠦᠰᠡᠯ ᠰᠡᠳᠬᠢᠯ ᠢᠶᠠᠷ ᠵᠠᠯᠪᠠᠷᠢᠨ ︽ᠡᠷᠭᠦᠮᠦ︾ ᠬᠡᠮᠡᠨ ᠣᠯᠠᠨᠳᠠ ᠤᠩᠰᠢᠨ᠎ᠠ᠃ | ᠪᠠᠰᠠ ᠠᠯᠢᠪᠠ ᠣᠰᠤᠯ ᠠᠳᠡᠭᠦᠦ᠂ ᠰᠦᠰᠦᠭ ᠦᠭᠡᠢ᠂ ᠬᠡᠮᠲᠦ ᠶᠠᠪᠤᠳᠠᠯ ᠢᠶᠠᠨ ︽ᠨᠠᠮᠠᠨᠴᠢᠯᠠᠮᠤ︾ ᠬᠡᠮᠡᠮᠣᠢ᠃ | ᠲᠠᠬᠢᠯᠭ᠎ᠠ ᠶᠢᠨ ᠠᠵᠢᠯᠯᠠᠭ᠎ᠠ ᠶᠢᠨ ᠰᠡᠭᠦᠯᠴᠢ ᠪᠠᠷ᠄ | ︽ᠯᠠᠮᠠ ᠢᠳᠡᠮ ᠲᠡᠳᠡᠭᠡᠷ ᠪᠦᠬᠦᠨ ᠤ ᠰᠡᠳᠬᠢᠯ ᠬᠠᠨᠤᠭᠲᠤᠨ | ᠣᠷᠤᠨ ᠤ ᠲᠡᠭᠷᠢ ᠭᠠᠵᠠᠷ ᠤᠨ ᠡᠵᠡᠳ ᠤᠨ ᠰᠡᠳᠬᠢᠯ ᠬᠠᠨᠤᠭᠲᠤᠨ | ᠵᠠᠷᠯᠢᠭ ᠨᠣᠮ ᠤᠨ ᠰᠠᠬᠢᠭᠤᠰᠤ ᠤᠳ ᠤᠨ ᠰᠡᠳᠬᠢᠯ ᠬᠠᠨᠤᠭᠲᠤᠨ | ᠪᠠᠶᠠᠨᠮᠥ᠋ᠩᠭᠡ ᠰᠦᠯᠳᠡ ᠲᠡᠭᠷᠢ ᠶᠢᠨ ᠰᠡᠳᠬᠢᠯ ᠬᠠᠨᠤᠭᠲᠤᠨ︾ ᠬᠡᠮᠡᠮᠣᠢ᠃ ᠪᠠᠰᠠ ᠬᠡᠰᠢᠭ ᠪᠤᠶᠠᠨ ᠤ | ᠳᠠᠯᠠᠯᠭ᠎ᠠ ᠠᠪᠤᠨ᠎ᠠ᠃ | ᠡᠴᠦᠰ ᠤᠨ ᠳᠠᠷᠠᠭᠠᠯᠠᠯ — ︽ᠣᠷᠤᠨ ᠤ ᠡᠵᠡᠳ ᠤᠨ ᠰᠡᠳᠬᠢᠯ ᠢ ᠬᠠᠩᠭᠠᠵᠤ᠂ ᠥᠭᠯᠢᠭᠡ ᠶᠢᠨ ᠡᠵᠡᠳ | ᠤᠨ ᠪᠠᠶᠠᠷ ᠨᠠᠶᠢᠷ ᠢ ᠠᠷᠪᠢᠵᠢᠭᠤᠯᠬᠤ ᠶᠢᠨ ᠲᠥᠯᠥᠭᠡ ᠬᠤᠷᠠᠯ ᠨᠣᠮ ᠤᠨ ᠲᠠᠬᠢᠯ ᠤᠨ ᠡᠳ᠋ ᠢ ᠲᠦᠭᠡᠭᠡᠵᠦ ᠢᠳᠡᠭᠦᠯᠵᠦ | ᠬᠦᠷᠲᠡᠭᠦᠯᠬᠦ ᠭᠡᠷᠡᠭᠲᠡᠢ᠃ ᠬᠦᠨᠳᠦ ᠠᠴᠢ ᠶᠢ ᠬᠤᠷᠢᠶᠠᠬᠤ ᠶᠢᠨ ᠲᠥᠯᠥᠭᠡ ᠮᠣᠷᠳᠠᠭᠤᠯᠵᠤ ᠢᠯᠡᠭᠡᠬᠦ ᠶᠢᠨ ᠲᠠᠬᠢᠯ | ᠮᠠᠭᠲᠠᠭᠠᠯ ᠶᠠᠪᠤᠭᠤᠯᠤᠨ᠎ᠠ᠃ ᠰᠠᠶᠢᠨ ᠪᠤᠶᠠᠨ ᠢ ᠠᠷᠪᠢᠵᠢᠭᠤᠯᠬᠤ ᠶᠢᠨ ᠲᠥᠯᠥᠭᠡ ᠥᠯᠵᠡᠢ ᠬᠤᠲᠤᠭ ᠢ ᠥᠭᠦᠯᠡᠨ᠎ᠡ︾ | ᠬᠡᠮᠡᠵᠡᠢ᠃ | ᠣᠳᠤ ᠶᠢᠨ ᠮᠡᠨᠡᠩ ᠤᠨ ᠪᠣᠭᠳᠠ ᠠᠭᠤᠯᠠ ᠶᠢ ᠲᠠᠬᠢᠭᠴᠢᠳ ᠡᠨᠡ ᠬᠦ ᠲᠡᠦᠬᠡᠲᠦ ᠤᠳᠤᠮᠰᠢᠯ᠂ ᠨᠣᠮ ᠰᠤᠳᠤᠷ | ᠤᠨ ᠰᠤᠷᠭᠠᠯ ᠢ ᠮᠥᠷᠳᠡᠨ ᠪᠠᠷᠢᠮᠲᠠᠯᠠᠵᠤ ᠲᠠᠬᠢᠯᠭ᠎ᠠ ᠶᠢᠨ ᠠᠵᠢᠯᠯᠠᠭ᠎ᠠ ᠶᠢ ᠶᠠᠪᠤᠭᠳᠠᠭᠤᠯᠵᠤ ᠪᠠᠶᠢᠭ᠎ᠠ ᠪᠢᠯᠡ᠃ ᠭᠡᠬᠦ | ᠳᠡᠭᠡᠨ ᠨᠢᠭᠡᠨ ᠵᠦᠢᠯ ᠢ ᠠᠩᠬᠠᠷᠤᠯ ᠳᠠᠭᠠᠨ ᠠᠪᠤᠭᠤᠰᠢᠲᠠᠢ ᠪᠠᠶᠢᠨ᠎ᠠ᠃ ᠥᠩᠭᠡᠷᠡᠭᠰᠡᠨ ᠳᠤ ᠲᠠᠬᠢᠯ ᠤᠨ ᠡᠳ᠋ — | ᠢᠳᠡᠭᠡᠨ ᠤᠮᠳᠠᠭᠠᠨ ᠢ ᠲᠠᠬᠢᠯ ᠤᠨ ᠰᠢᠷᠡᠭᠡᠨ ᠳᠡᠭᠡᠷ᠎ᠡ ᠲᠠᠯᠪᠢᠭᠠᠳ ᠲᠠᠬᠢᠯ ᠳᠠᠭᠤᠰᠤᠭᠰᠠᠨ ᠤ ᠳᠠᠷᠠᠭ᠎ᠠ ᠲᠠᠬᠢᠯᠭ᠎ᠠ ᠳᠤ | ᠣᠷᠤᠯᠴᠠᠭᠰᠠᠨ ᠬᠥᠮᠥᠰ ᠲᠤ ᠳᠡᠭᠡᠳᠦ ᠳᠣᠣᠷᠠᠳᠤ ᠭᠡᠵᠤ ᠢᠯᠭᠠᠯ ᠦᠭᠡᠢ ᠲᠦᠭᠡᠭᠡᠵᠦ ᠬᠦᠷᠲᠡᠭᠦᠯᠳᠡᠭ ᠪᠠᠶᠢᠭᠰᠠᠨ | ᠰᠠᠶᠢᠬᠠᠨ ᠵᠠᠩᠰᠢᠯ ᠲᠠᠢ ᠪᠠᠶᠢᠵᠠᠢ᠃ ᠭᠡᠲᠡᠯ᠎ᠡ ᠣᠳᠤ ᠠᠭᠤᠯᠠᠨ ᠤ ᠪᠠᠨ ᠣᠪᠤᠭᠠᠨ ᠥᠭᠡᠳᠡ ᠣᠮ ᠬᠤᠮ ᠦᠭᠡᠢ | ᠰᠠᠴᠤᠯᠠᠵᠤ᠂ ᠠᠭᠤᠯᠠ ᠣᠪᠤᠭ᠎ᠠ ᠪᠣᠯᠤᠨ ᠣᠷᠴᠢᠨ ᠲᠣᠭᠤᠷᠢᠨ ᠢ ᠪᠤᠵᠠᠷᠳᠠᠭᠤᠯᠵᠤ᠂ ᠢᠳᠡᠭᠡᠨ ᠤᠮᠳᠠᠭᠠᠨ ᠢᠶᠠᠨ | ᠪᠦᠷᠢᠯᠭᠡᠵᠦ᠂ ᠪᠣᠯᠬᠢ ᠪᠦᠲᠦᠭᠦᠯᠢᠭ᠂ ᠪᠣᠯᠪᠠᠰᠤᠨ ᠪᠤᠰᠤ᠂ ᠰᠢᠳᠦᠯᠭᠡ ᠶᠢᠨ ᠰᠣᠶᠤᠯ ᠢ ᠪᠤᠬᠢᠷᠳᠠᠭᠤᠯᠵᠤ ᠪᠠᠶᠢᠭ᠎ᠠ ᠪᠠᠨ | ᠮᠡᠳᠡᠷᠡᠵᠦ᠂ ᠰᠡᠴᠡᠨ ᠰᠡᠬᠡᠭᠡᠷᠡᠭᠰᠡᠨ᠂ ᠰᠢᠲᠦᠨ ᠪᠢᠰᠢᠷᠡᠭᠰᠡᠨ ᠣᠢ ᠤᠬᠠᠭᠠᠨ ᠤ ᠰᠢᠲᠦᠯᠭᠡ ᠪᠢᠰᠢᠷᠡᠯ ᠤᠨ ᠵᠠᠩ | ᠦᠢᠯᠡ ᠶᠢ ᠢᠮᠠᠭᠲᠠ ᠪᠠᠷᠢᠮᠲᠠᠯᠠᠳᠠᠭ ᠪᠣᠯᠤᠭᠠᠰᠠᠢ︕ | ᠬᠤᠶᠠᠷ᠂ ᠮᠣᠭᠠᠶᠢᠲᠤ ᠶᠢᠨ ᠪᠣᠭᠳᠠ ᠠᠭᠤᠯᠠ ᠶᠢᠨ ᠲᠠᠬᠢᠯᠭ᠎ᠠ ᠶᠢᠨ ᠲᠤᠬᠠᠢ ᠥᠭᠦᠯᠡᠬᠦ ᠨᠢ᠄ | ︵ᠨᠢᠭᠡ︶ ᠲᠠᠬᠢᠯᠭ᠎ᠠ ᠶᠢᠨ ᠰᠤᠳᠤᠷ ᠢ ᠵᠣᠬᠢᠶᠠᠭᠰᠠᠨ ᠴᠠᠭ ᠦᠶ᠎ᠡ ᠪᠠ ᠵᠣᠬᠢᠶᠠᠭᠰᠠᠨ ᠬᠥᠮᠥᠨ | ᠲᠠᠬᠢᠯᠭ᠎ᠠ ᠶᠢᠨ ᠰᠤᠳᠤᠷ ᠲᠤ ᠵᠣᠬᠢᠶᠠᠭᠰᠠᠨ ᠴᠠᠭ ᠦᠶ᠎ᠡ ᠪᠠ ᠵᠣᠬᠢᠶᠠᠭᠰᠠᠨ ᠬᠥᠮᠥᠨ ᠤ ᠲᠤᠬᠠᠢ ᠶᠠᠭᠤ ᠴᠦ | ᠳᠤᠷᠠᠳᠤᠭᠰᠠᠨ ᠦᠭᠡᠢ᠃ ᠭᠡᠪᠡᠴᠦ ᠰᠢᠨ᠎ᠡ ᠪᠠᠷᠭᠤ ᠵᠡᠭᠦᠨ ᠭᠠᠷᠤᠨ ᠰᠢᠯᠤᠭᠤᠨ ᠬᠥᠬᠡ ᠬᠤᠰᠢᠭᠤᠨ ᠳᠤ ᠡᠶᠢᠮᠦ ᠨᠢᠭᠡ | ᠶᠠᠷᠢᠶ᠎ᠠ ᠤᠯᠠᠮᠵᠢᠯᠠᠭᠳᠠᠭᠰᠠᠭᠠᠷ ᠢᠷᠡᠵᠡᠢ᠃ | ᠬᠠᠮᠤᠭ ᠲᠡᠷᠢᠭᠦᠨ ᠳᠤ ᠮᠣᠭᠠᠶᠢᠲᠤ ᠶᠢᠨ ᠪᠣᠭᠳᠠ ᠠᠭᠤᠯᠠ ᠶᠢ ᠲᠠᠬᠢᠭᠰᠠᠨ ᠯᠠᠮᠠ ᠪᠣᠯ ᠰᠢᠯᠤᠭᠤᠨ ᠬᠥᠬᠡ ᠶᠢᠨ | ᠭᠤᠨᠴᠤᠭᠳᠣᠮᠢ ᠭᠡᠳᠡᠭ ᠯᠠᠮᠠ ᠮᠥᠨ ᠭᠡᠯᠴᠡᠳᠡᠭ᠃ ᠲᠡᠷᠡ ᠠᠭᠤᠯᠠ ᠶᠢᠨ ᠢᠶᠠᠨ ᠣᠪᠤᠭ᠎ᠠ ᠶᠢ ᠲᠠᠬᠢᠵᠤ ᠪᠠᠷᠠᠭᠠᠳ | ᠳᠣᠷᠤᠭᠰᠢ ᠪᠠᠭᠤᠵᠤ ᠶᠠᠪᠤᠲᠠᠯ᠎ᠠ ᠣᠳᠤ ᠶᠢᠨ ᠬᠡᠦᠬᠡᠳ ᠤᠨ ᠣᠪᠤᠭᠠᠨ ᠤ ᠳᠡᠷᠭᠡᠳᠡ ᠢᠷᠡᠭᠡᠳ ᠮᠣᠷᠢᠨ ᠤ ᠬᠢᠨᠢ ᠬᠥᠯ | ᠬᠤᠭᠤᠷᠠᠵᠤ ᠭᠡᠨ᠎ᠡ᠃ ᠲᠡᠭᠡᠭᠰᠡᠨ ᠳᠤ ᠯᠠᠮᠠ ᠭᠤᠸᠠᠢ᠄ ︽ᠠᠶ᠎ᠠ︕ ᠡᠨᠡ ᠠᠭᠤᠯᠠ ᠶᠢ ᠲᠠᠬᠢᠵᠤ ᠪᠠᠶᠢᠭᠰᠠᠨ | ᠪᠥᠭᠡ ᠴᠢᠨᠢ ᠠᠮᠠᠷ ᠦᠭᠡᠢ ᠴᠢᠳᠠᠯ ᠲᠠᠢ ᠪᠥᠭᠡ ᠶᠤᠮ ᠪᠠᠶᠢᠨ᠎ᠠ ᠳ᠋ᠠ᠃ ᠳᠠᠷᠠᠭ᠎ᠠ ᠵᠢᠯ ᠮᠢᠨᠦ ᠮᠣᠷᠢᠨ ᠤ ᠬᠥᠯ | ᠬᠤᠭᠤᠷᠠᠭᠰᠠᠨ ᠡᠨᠡ ᠭᠠᠵᠠᠷ ᠨᠢᠭᠡ ᠣᠪᠤᠭ᠎ᠠ ᠪᠣᠰᠬᠠᠵᠤ ᠥᠭᠭᠦᠭᠡᠷᠡᠢ︾ ᠭᠡᠰᠡᠨ ᠶᠤᠮ ᠭᠡᠨ᠎ᠡ᠃ ᠢᠩᠭᠢᠭᠡᠳ ᠬᠡᠦᠬᠡᠳ | ᠤᠨ ᠣᠪᠤᠭ᠎ᠠ ᠶᠢ ᠳᠠᠷᠠᠭ᠎ᠠ ᠵᠢᠯ ᠨᠢ ᠲᠡᠷᠡ ᠭᠠᠵᠠᠷ ᠲᠤᠨᠢ ᠪᠣᠰᠬᠠᠭᠰᠠᠨ ᠶᠤᠮ ᠪᠠᠶᠢᠵᠠᠢ᠃ | 1732 ᠣᠨ ᠳᠤ ᠬᠥᠯᠥᠨ ᠪᠣᠶᠢᠷ ᠲᠤ ᠨᠡᠭᠦᠵᠦ ᠢᠷᠡᠭᠰᠡᠨ ᠬᠠᠭᠤᠴᠢᠨ ᠪᠠᠷᠭᠤᠴᠤᠳ ᠲᠤ ᠬᠠᠯᠬ᠎ᠠ | ᠭᠤᠣᠯ ᠤᠨ ᠵᠡᠭᠦᠨ ᠬᠦᠪᠡᠭᠡ ᠳᠠᠭᠠᠤ ᠨᠤᠲᠤᠭ ᠢ ᠣᠯᠭᠤᠭᠰᠠᠨ ᠪᠣᠯᠬᠤᠷ ᠮᠣᠭᠠᠶᠢᠲᠤ ᠶᠢᠨ ᠪᠣᠭᠳᠠ ᠠᠭᠤᠯᠠ ᠨᠢ | ᠬᠠᠭᠤᠴᠢᠨ ᠪᠠᠷᠭᠤᠴᠤᠳ ᠤᠨ ᠨᠤᠲᠤᠭ ᠪᠠᠶᠢᠵᠤ᠂ ᠬᠠᠭᠤᠴᠢᠨ ᠪᠠᠷᠭᠤ ᠪᠥᠭᠡ ᠮᠣᠭᠠᠶᠢᠲᠤ ᠶᠢᠨ ᠪᠣᠭᠳᠠ ᠠᠭᠤᠯᠠ ᠶᠢ | ᠲᠠᠬᠢᠳᠠᠭ ᠪᠠᠶᠢᠵᠠᠢ᠃ ᠥᠭᠡᠷ᠎ᠡ ᠪᠠᠷ ᠬᠡᠯᠡᠪᠡᠯ ᠰᠢᠨ᠎ᠡ ᠪᠠᠷᠭᠤ ᠵᠡᠭᠦᠨ ᠭᠠᠷᠤᠨ ᠰᠢᠯᠤᠭᠤᠨ ᠬᠥᠬᠡ ᠬᠤᠰᠢᠭᠤ ᠲᠠᠬᠢᠬᠤ | ᠠᠴᠠ ᠡᠮᠦᠨ᠎ᠡ ᠬᠠᠭᠤᠴᠢᠨ ᠪᠠᠷᠭᠤ ᠪᠥᠭᠡ ᠲᠠᠬᠢᠵᠤ ᠪᠠᠶᠢᠭᠰᠠᠨ ᠠᠵᠠᠢ᠃ | ᠥᠭᠡᠷ᠎ᠡ ᠪᠠᠰᠠ ᠨᠢᠭᠡ ᠤᠯᠠᠮᠵᠢᠯᠠᠯ ᠶᠠᠷᠢᠶ᠎ᠠ ᠪᠠᠶᠢᠳᠠᠭ ᠨᠢ᠂ ᠮᠣᠭᠠᠶᠢᠲᠤ ᠶᠢᠨ ᠪᠣᠭᠳᠠ ᠠᠭᠤᠯᠠ ᠶᠢᠨ | ᠲᠠᠬᠢᠯᠭ᠎ᠠ ᠶᠢ ᠳᠠᠯᠠᠢ ᠯᠠᠮᠠ ᠪᠠᠷ ᠵᠣᠬᠢᠶᠠᠯᠭᠠᠭᠰᠠᠨ ᠭᠡᠯᠴᠡᠳᠡᠭ᠃ ᠬᠡᠷᠪᠡ ᠡᠨᠡ ᠲᠠᠬᠢᠯᠭ᠎ᠠ ᠶᠢ ᠳᠠᠯᠠᠢ ᠯᠠᠮᠠ | ᠵᠣᠬᠢᠶᠠᠭᠰᠠᠨ ᠪᠣᠯ ᠲᠡᠷᠡ ᠴᠠᠭ ᠦᠶ᠎ᠡ ᠲᠠᠢ ᠬᠤᠯᠪᠤᠭᠳᠠᠬᠤ ᠳᠠᠯᠠᠢ ᠯᠠᠮᠠ ᠪᠣᠯ 11 ᠳ᠋ᠤᠭᠡᠷ ᠳᠠᠯᠠᠢ ᠯᠠᠮᠠ | ᠬᠠᠶᠢᠷᠤᠪᠵᠠᠮᠰᠤ ︵1838 — 1855︶ 18 ᠨᠠᠰᠤᠯᠠᠭᠰᠠᠨ᠂ 12 ᠳ᠋ᠤᠭᠠᠷ ᠳᠠᠯᠠᠢ ᠯᠠᠮᠠ ᠫᠧᠷᠡᠩᠯᠠᠶᠢᠵᠠᠮᠰᠤ | ︵1856 — 1875︶ 20 ᠨᠠᠰᠤᠯᠠᠭᠰᠠᠨ᠂ 13 ᠳ᠋ᠤᠭᠠᠷ ᠳᠠᠯᠠᠢ ᠯᠠᠮᠠ ᠲᠦᠪᠳᠡᠨᠵᠠᠮᠰᠤ ︵1876 — | 1933︶ 58 ᠨᠠᠰᠤᠯᠠᠭᠰᠠᠨ᠃ ᠡᠨᠡ ᠭᠤᠷᠪᠡᠨ ᠳᠠᠯᠠᠢ ᠯᠠᠮᠠ ᠶᠢᠨ ᠨᠢᠭᠡ ᠨᠢ ᠪᠠᠶᠢᠬᠤ ᠶᠣᠰᠤᠲᠠᠢ᠃ | ᠮᠢᠨᠦ ᠦᠵᠡᠬᠦ ᠪᠠᠷ ᠮᠡᠨᠡᠩ ᠤᠨ ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ 1832 ᠣᠨ ᠳᠤ | ᠵᠣᠬᠢᠶᠠᠭᠳᠠᠭᠰᠠᠨ ᠪᠣᠯ ᠮᠣᠭᠠᠶᠢᠲᠤ ᠶᠢᠨ ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ ᠢ 11 ᠳ᠋ᠤᠭᠡᠷ ᠳᠠᠯᠠᠢ ᠯᠠᠮᠠ | ᠬᠠᠶᠢᠷᠤᠪᠵᠠᠮᠰᠤ ᠪᠤᠶᠤ 12 ᠳ᠋ᠤᠭᠠᠷ ᠳᠠᠯᠠᠢ ᠯᠠᠮᠠ ᠫᠧᠷᠡᠩᠯᠠᠶᠢᠵᠠᠮᠰᠤ ᠵᠣᠬᠢᠶᠠᠭᠰᠠᠨ ᠪᠠᠶᠢᠬᠤ ᠪᠣᠯᠤᠯᠴᠠᠭ᠎ᠠ ᠮᠠᠰᠢ ᠶᠡᠭᠡ | ᠪᠠᠶᠢᠨ᠎ᠠ᠃ ᠴᠢᠩᠭᠢᠪᠡᠯ ᠡᠨᠡ ᠬᠤᠶᠠᠷ ᠰᠤᠳᠤᠷ ᠵᠣᠬᠢᠶᠠᠭᠳᠠᠭᠰᠠᠨ ᠬᠤᠭᠤᠴᠠᠭ᠎ᠠ ᠬᠤᠭᠤᠷᠤᠨᠳᠤ ᠪᠠᠨ ᠪᠠᠷᠤᠭ 20 | — 40 ᠵᠢᠯ ᠤᠨ ᠵᠠᠢ ᠲᠠᠢ ᠪᠠᠶᠢᠨ᠎ᠠ᠃ ᠭᠤᠨᠴᠤᠭᠳᠣᠮᠢ ᠴᠦ ᠰᠤᠳᠤᠷ ᠵᠣᠬᠢᠶᠠᠭᠳᠠᠬᠤ ᠦᠶ᠎ᠡ ᠶᠢᠨ ᠬᠥᠮᠥᠨ | ᠪᠠᠶᠢᠬᠤ ᠪᠣᠯᠤᠨ᠎ᠠ᠃ ᠥᠭᠡᠷ᠎ᠡ ᠪᠠᠷ ᠬᠡᠯᠡᠪᠡᠯ ᠭᠤᠨᠴᠤᠭᠳᠤᠮᠢ ᠪᠣᠯ 19 ᠳ᠋ᠤᠭᠡᠷ ᠵᠠᠭᠤᠨ ᠤ ᠳᠤᠮᠳᠠᠴᠢ ᠦᠶ᠎ᠡ ᠶᠢᠨ | ᠰᠢᠯᠤᠭᠤᠨ ᠬᠥᠬᠡ ᠬᠤᠰᠢᠭᠤᠨ ᠤ ᠬᠥᠮᠥᠨ ᠠᠵᠠᠢ᠃ | ︵ᠬᠤᠶᠠᠷ︶ ᠰᠤᠳᠤᠷ ᠲᠤ ᠲᠠᠬᠢᠯᠭ᠎ᠠ ᠶᠢ ᠶᠠᠭᠠᠬᠢᠵᠤ ᠪᠢᠴᠢᠭᠰᠡᠨ ᠪᠣᠢ︖ | ᠮᠣᠭᠠᠶᠢᠲᠤ ᠶᠢᠨ ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ ᠲᠤ ︽ᠮᠣᠭᠠᠶᠢᠲᠤ ᠶᠢᠨ ᠬᠠᠨ ᠠᠭᠤᠯᠠ | ᠶᠢᠨ ᠰᠠᠩ ᠰᠡᠷᠵᠢᠮ ᠬᠡᠮᠡᠭᠳᠡᠬᠦ ᠣᠷᠤᠰᠢᠪᠠᠢ︾ ᠪᠠ ︽ᠶᠡᠭᠡ ᠯᠾᠡᠶ᠋ᠢᠭᠧᠨᠢᠨ ᠤ ᠵᠠᠯᠪᠠᠷᠢᠯ ᠲᠠᠬᠢᠯ ᠬᠡᠮᠡᠭᠴᠢ ᠣᠷᠤᠰᠢᠪᠠᠢ︾ | ᠭᠡᠳᠡᠭ ᠬᠤᠶᠠᠷ ᠰᠤᠳᠤᠷ ᠪᠣᠢ᠃ | ︽ᠰᠠᠩ ᠰᠡᠷᠵᠢᠮ ᠬᠡᠮᠡᠭᠳᠡᠬᠦ ᠣᠷᠤᠰᠢᠪᠠᠢ︾ ᠳᠤ ᠡᠬᠢᠯᠡᠭᠡᠳ᠂ | ︽ᠡᠷᠳᠡ ᠴᠠᠭ ᠲᠤ ᠪᠠᠶᠠᠷ ᠤᠨ ᠴᠠᠭᠠᠨ ᠵᠦᠭ ᠢ ᠰᠠᠬᠢᠭᠴᠢ | ᠳᠦᠷᠰᠦ ᠦᠭᠡᠢ ᠲᠦᠮᠡᠨ ᠪᠣᠳᠠᠰ ᠤᠨ ᠣᠮᠤᠭ ᠤᠨ ᠴᠢᠭᠤᠯᠭᠠᠨ | ᠨᠠᠢᠮᠠᠨ ᠶᠡᠭᠡ ᠯᠤᠤᠰ ᠪᠠ ᠳᠥᠷᠪᠡᠨ ᠢᠵᠠᠭᠤᠷ ᠯᠤᠤᠰ | ᠰᠣᠯᠣᠨ ᠪᠠᠷᠭᠤ ᠨᠤᠲᠤᠭ ᠤᠨ ᠣᠢ ᠰᠢᠭᠤᠢ ᠬᠢᠭᠡᠳ | ᠶᠡᠭᠡ ᠬᠠᠨ ᠠᠭᠤᠯᠠ ᠵᠡᠷᠭᠡ ᠶᠢᠨ ᠠᠭᠤᠯᠠ ᠬᠠᠳᠠ ᠳᠠᠯᠠᠢ | ᠪᠤᠯᠠᠭ ᠭᠤᠷᠤᠬ᠎ᠠ ᠮᠥᠷᠡᠨ ᠭᠤᠣᠯ ᠬᠡᠳᠦᠢ ᠴᠢᠨᠡᠭᠡᠨ | ᠲᠡᠳᠡᠭᠡᠷ ᠪᠦᠬᠦᠨ᠎ᠡ ᠣᠷᠤᠰᠢᠭᠴᠢ ᠭᠠᠵᠠᠷ ᠤᠨ ᠡᠵᠡᠨ ᠯᠤᠤᠰ ᠢ | ᠪᠢ ᠪᠠᠷ ᠲᠠᠬᠢᠵᠤ ᠤᠷᠢᠮᠤ ᠡᠨᠡ ᠣᠷᠤᠨ᠎ᠠ ᠮᠣᠷᠢᠯᠠᠭᠲᠤᠨ︾ ᠬᠡᠮᠡᠮᠣᠢ᠃ | ᠳᠠᠷᠠᠭ᠎ᠠ ᠨᠢ ︽ᠴᠠᠭᠠᠨ ᠢᠮᠠᠭ᠎ᠠ᠂ ᠤᠯᠠᠭᠠᠨ ᠦᠨᠢᠶᠡᠨ ᠤ ᠰᠦ︾᠂ ︽ᠵᠠᠭᠤᠨ ᠠᠮᠲᠠᠲᠤ ᠰᠠᠶᠢᠨ ᠢᠳᠡᠭᠡᠨ︾᠂ ︽ | ᠢᠷᠠᠭᠤ ᠬᠥᠭᠵᠢᠮ︾᠂ ︽ᠰᠠᠶᠢᠨ ᠡᠮ︾᠂ ︽ᠮᠠᠩᠨᠤᠭ ᠲᠣᠷᠭ᠎ᠠ᠂ ᠬᠢᠲᠠᠳ ᠴᠠᠢ︾ ᠡᠷᠭᠦᠵᠦ᠂ ︽ᠲᠦᠯᠡᠭᠰᠡᠨ | ᠤᠲᠤᠭᠠᠨ ᠤ ᠡᠭᠦᠯᠡ︾ ᠪᠠᠷ ᠠᠷᠢᠭᠤᠯᠠᠮᠤ᠂ ︽ᠳᠡᠭᠡᠲᠦ ᠲᠥᠷᠥᠯᠬᠢᠲᠡᠨ ᠪᠠᠶᠠᠰᠤᠨ ᠵᠣᠭᠤᠭᠯᠠ︾ ᠭᠡᠵᠡᠢ᠃ | ᠵᠠᠯᠭᠠᠭᠠᠳ᠄ | ︽ᠡᠨᠡ ᠣᠷᠤᠨ ᠵᠦᠭ ᠲᠤ ᠬᠥᠮᠥᠨ ᠮᠠᠯ ᠤᠨ ᠬᠢᠵᠢᠭ | ᠤᠰᠤᠨ ᠤ ᠬᠠᠪᠤᠩ ᠬᠥᠯ ᠤᠨ ᠪᠠᠮ ᠬᠠᠪᠤᠳᠠᠷ ᠶᠠᠷ᠎ᠠ | ᠯᠤᠤᠰ ᠨᠢᠶᠠᠨ ᠤ ᠡᠭᠦᠰᠬᠡᠭᠰᠡᠨ ᠡᠪᠡᠳᠴᠢᠨ ᠠᠳᠠ ᠲᠦᠢᠳᠬᠡᠷ ᠢ | ᠣᠳᠤ ᠠᠴᠠ ᠡᠬᠢᠯᠡᠵᠦ ᠨᠡᠷ᠎ᠡ ᠶᠢᠨ ᠲᠡᠳᠦᠢ ᠴᠦ ᠦᠭᠡᠢ ᠪᠣᠯᠭ᠎ᠠ | ᠴᠠᠭ ᠲᠠᠭᠠᠨ ᠬᠤᠷ᠎ᠠ ᠪᠠᠭᠤᠵᠤ ᠲᠠᠷᠢᠶ᠎ᠠ ᠲᠥᠮᠥᠰᠦ ᠰᠠᠶᠢᠨ | ᠮᠣᠳᠤ ᠰᠢᠭᠤᠢ ᠦᠷ᠎ᠡ ᠵᠢᠮᠢᠰ ᠤᠭᠤᠭᠤᠳᠠ ᠪᠣᠯᠪᠠᠰᠤᠷᠠᠵᠤ | ᠦᠵᠡᠰᠬᠦᠯᠡᠩ ᠡᠬᠡᠨᠡᠷ ᠤᠨ ᠰᠢᠮ᠎ᠡ ᠪᠦᠬᠦᠨ ᠲᠡᠶᠢᠨ ᠠᠷᠪᠢᠵᠢᠭᠰᠠᠨ ᠢᠶᠠᠷ | ᠠᠮᠢᠲᠠᠨ ᠪᠦᠬᠦᠨ ᠬᠡᠵᠢᠶᠡᠳᠡ ᠠᠮᠤᠷ ᠢ ᠡᠳ᠋ᠯᠡᠬᠦ ᠪᠣᠯᠲᠤᠭᠠᠢ︾ ᠬᠡᠮᠡᠨ ᠳᠠᠭᠠᠳᠬᠠᠨ᠎ᠠ᠃ | ᠲᠡᠭᠦᠰᠬᠡᠯ ᠤᠨ ᠦᠶ᠎ᠡ ᠳᠤ᠂ ᠠᠷᠢᠭᠤᠨ ᠤᠮᠳᠠᠭᠠᠨ ᠤ ᠳᠡᠭᠡᠵᠢ ᠰᠡᠷᠵᠢᠮ ᠢ ︽ᠯᠠᠮᠠ ᠢᠳᠡᠮ ᠪᠤᠷᠬᠠᠨ | ᠪᠤᠳᠢᠰᠠᠳ᠋ᠸ᠎ᠠ︾᠂ ︽ᠪᠠᠭᠠᠲᠤᠷ ᠳᠠᠬᠢᠨᠢ ᠨᠣᠮ ᠢ ᠳᠡᠳᠬᠦᠨ ᠰᠠᠬᠢᠭᠴᠢᠳ︾᠂ ︽ᠯᠾᠡᠶ᠋ᠢᠭᠧᠨᠢᠨ ᠮᠠᠭᠪᠤᠨ ᠰᠡᠩᠭᠡ︾᠂ | ︽ᠵᠠᠷᠯᠢᠭ ᠨᠣᠮ ᠤᠨ ᠰᠠᠬᠢᠭᠤᠰᠤ︾᠂ ︽ᠣᠮᠤᠭᠲᠤ ᠨᠠᠢᠮᠠᠨ ᠠᠶᠢᠮᠠᠭ︾ ᠲᠤ ︽ᠵᠠᠯᠪᠠᠷᠢᠨ ᠲᠠᠬᠢᠬᠤ ᠠᠬᠤᠯ᠎ᠠ | ᠳᠠᠭᠠᠳᠬᠠᠯ ᠢ ᠪᠦᠲᠦᠭᠡ︾ ᠭᠡᠳᠡᠭ᠃ | ︽ᠵᠠᠯᠪᠠᠷᠢᠯ ᠲᠠᠬᠢᠯ ᠬᠡᠮᠡᠭᠴᠢ ᠣᠷᠤᠰᠢᠪᠠᠢ︾ ᠳᠤ ︽᠁ ᠶᠡᠭᠡ ᠯᠾᠡᠶ᠋ᠢᠭᠧᠨᠢᠨ ᠮᠠᠭᠪᠤᠨ ᠰᠡᠩᠭᠡ ᠶᠢᠨ ᠪᠡᠶ᠎ᠡ | ᠶᠢᠨ ᠥᠩᠭᠡ ᠴᠠᠭᠠᠨ ᠰᠢᠷᠭᠠᠯ᠂ ᠬᠢᠯᠢᠩ ᠪᠠᠶᠠᠷ ᠤᠨ ᠳᠦᠷᠢᠲᠤ᠂ ᠪᠡᠶ᠎ᠡ ᠳᠤᠷ ᠡᠷᠳᠡᠨᠢ ᠶᠢᠨ ᠬᠤᠶᠠᠭ ᠬᠢᠭᠡᠳ | ᠲᠡᠷᠢᠭᠦᠨ᠎ᠡ ᠲᠣᠭᠤᠰ ᠤᠨ ᠥᠳᠥᠨ ᠪᠥᠭᠡᠷᠡᠩᠭᠡᠢ ᠳᠤᠭᠤᠯᠠᠭ᠎ᠠ ᠶᠢ ᠵᠣᠭᠤᠭᠯᠠᠵᠤ᠂ ᠪᠠᠷᠠᠭᠤᠨ᠎ᠠ ᠪᠠᠷᠰ ᠤᠨ ᠵᠣᠭᠳᠤᠷ᠂ | ᠵᠡᠭᠦᠨ᠎ᠡ ᠢᠷᠪᠢᠰ ᠤᠨ ᠬᠤᠶᠠᠭ ᠢ ᠵᠡᠭᠦᠭᠦ ᠵᠡᠷᠭᠡ ᠪᠠᠭᠠᠲᠤᠷ ᠤᠨ ᠤᠭᠤᠭᠤᠳᠠ ᠪᠦᠷᠢᠨ᠂ ᠪᠠᠷᠠᠭᠤᠨ ᠮᠣᠲᠤᠷ ᠲᠠᠭᠠᠨ | ᠢᠯᠳᠦ ᠳᠠᠯᠠᠶᠢᠵᠤ᠂ ᠵᠡᠭᠦᠨ ᠮᠤᠲᠤᠷ ᠲᠠᠭᠠᠨ ᠳᠠᠯᠪᠠᠭᠠᠲᠤ ᠵᠢᠳᠠ ᠶᠢ ᠪᠠᠷᠢᠭᠠᠳ᠂ ᠤᠯᠠᠭᠠᠨ ᠪᠤᠯᠭᠠᠷᠢ ᠶᠢᠨ ᠭᠤᠲᠤᠯ | ᠡᠮᠦᠰᠴᠦ᠂ ᠬᠤᠶᠠᠷ ᠥᠯᠮᠡᠢ ᠵᠢᠪᠬᠤᠯᠠᠩ ᠤᠨ ᠪᠠᠶᠢᠳᠠᠯ ᠲᠠᠢ ᠥᠭᠡᠳᠡ ᠠᠴᠠ ᠨᠢ ᠬᠠᠷᠠᠵᠤ ᠪᠠᠶᠢᠭ᠎ᠠ ᠠᠷᠰᠯᠠᠨ ᠤ | ᠨᠢᠷᠤᠭᠤᠨ ᠳᠡᠭᠡᠷ᠎ᠡ ᠣᠷᠤᠰᠢᠪᠠᠢ᠃ ᠲᠡᠭᠦᠨ ᠤ ᠳᠥᠷᠪᠡᠨ ᠵᠦᠭ ᠲᠤ ᠳᠣᠷᠤᠨ᠎ᠠ ᠠᠨᠤ ᠴᠠᠭᠠᠨ ᠥᠩᠭᠡᠲᠦ | ᠯᠾᠡᠶ᠋ᠢᠭᠧᠨᠢᠨ᠂ ᠪᠠᠷᠠᠭᠤᠨ᠎ᠠ ᠬᠦᠷᠲᠤ ᠪᠠ ᠵᠡᠭᠦᠨ᠎ᠡ ᠸᠴᠢᠷ ᠴᠠᠯᠮ᠎ᠠ ᠭᠤᠬ᠎ᠠ ᠵᠡᠷᠭᠡ ᠶᠢ ᠪᠠᠷᠢᠵᠤ ᠴᠠᠭᠠᠨ ᠮᠣᠷᠢ | ᠤᠨᠤᠭᠰᠠᠨ᠂ ᠡᠮᠦᠨ᠎ᠡ ᠢᠨᠦ ᠰᠢᠷ᠎ᠠ ᠥᠩᠭᠡᠲᠦ ᠯᠾᠡᠶ᠋ᠢᠭᠧᠨᠢᠨ᠂ ᠪᠠᠷᠠᠭᠤᠨ᠎ᠠ ᠡᠷᠳᠡᠨᠢ ᠬᠢᠭᠡᠳ ᠵᠡᠭᠦᠨ᠎ᠡ ᠸᠴᠢᠷ ᠴᠡᠯᠮᠠ | ᠭᠤᠬ᠎ᠠ ᠵᠡᠷᠭᠡ ᠶᠢ ᠪᠠᠷᠢᠵᠤ ᠵᠢᠷᠤᠭ᠎ᠠ ᠮᠣᠷᠢ ᠤᠨᠤᠵᠤ᠂ ᠥᠷᠦᠨ᠎ᠡ ᠤᠯᠠᠭᠠᠨ ᠥᠩᠭᠡᠲᠦ ᠯᠾᠡᠶ᠋ᠢᠭᠧᠨᠢᠨ ᠪᠠᠷᠠᠭᠤᠨ᠎ᠠ | ᠪᠢᠯᠠᠭᠤ ᠬᠢᠭᠡᠳ ᠵᠡᠭᠦᠨ᠎ᠡ ᠸᠴᠢᠷ ᠴᠡᠯᠮᠠ ᠭᠤᠬ᠎ᠠ ᠵᠡᠷᠭᠡ ᠶᠢ ᠪᠠᠷᠢᠵᠤ ᠤᠯᠠᠭᠠᠨ ᠮᠣᠷᠢ ᠤᠨᠤᠭᠰᠠᠨ᠂ ᠤᠮᠠᠷ᠎ᠠ | ᠨᠣᠭᠤᠭᠠᠨ ᠥᠩᠭᠡᠲᠦ ᠯᠾᠡᠶ᠋ᠢᠭᠧᠨᠢᠨ ᠪᠠᠷᠠᠭᠤᠨ᠎ᠠ ᠢᠯᠳᠦ ᠬᠢᠭᠡᠳ ᠵᠡᠭᠦᠨ᠎ᠡ ᠸᠴᠢᠷ ᠴᠡᠯᠮᠠ ᠭᠤᠬ᠎ᠠ ᠵᠡᠷᠭᠡ ᠶᠢ ᠪᠠᠷᠢᠵᠤ | ᠨᠣᠭᠤᠭᠠᠨ ᠮᠣᠷᠢ ᠤᠨᠤᠭᠰᠠᠨ᠂ ᠳᠡᠭᠡᠷ᠎ᠡ ᠳᠣᠣᠷ᠎ᠠ ᠡᠷᠭᠢᠨ ᠲᠣᠭᠤᠷᠢᠨ ᠳᠤ ᠲᠤᠭ᠎ᠠ ᠦᠭᠡᠢ ᠣᠯᠠᠨ ᠣᠮᠤᠭᠲᠤ ᠨᠠᠢᠮᠠᠨ | ᠠᠶᠢᠮᠠᠭ ᠤᠨ ᠣᠯᠠᠨ ᠴᠡᠷᠢᠭ ᠡᠷᠭᠢᠴᠡᠭᠰᠡᠨ ᠲᠡᠳᠡᠭᠡᠷ ᠤᠨ ᠣᠷᠣᠢ ᠳᠤᠷ ᠴᠠᠭᠠᠨ ᠣᠮ᠂ ᠬᠦᠵᠦᠭᠦᠨ ᠳᠤᠷ ᠤᠯᠠᠭᠠᠨ | ᠠ᠂ ᠵᠢᠷᠦᠬᠡᠨ ᠳᠤᠷ ᠬᠥᠬᠡ ᠾᠦᠩ ᠦᠰᠦᠭ ᠢᠶᠠᠷ ᠪᠡᠯᠭᠡᠳᠡᠪᠡᠢ︾᠃ ᠡᠨᠡᠬᠦ ᠯᠾᠡᠶ᠋ᠢᠭᠧᠨᠢᠨ ᠮᠠᠭᠪᠤᠨ ᠰᠡᠩᠭᠡ ᠪᠣᠯ | ᠳᠠᠷᠤᠢ ᠮᠣᠭᠠᠶᠢᠲᠤ ᠶᠢᠨ ᠪᠣᠭᠳᠠ ᠠᠭᠤᠯᠠ ᠶᠢᠨ ᠰᠠᠬᠢᠭᠤᠰᠤ ᠮᠥᠨ ᠭᠡᠵᠤ ᠪᠢ ᠦᠵᠡᠵᠦ ᠪᠣᠢ᠃ | ᠲᠠᠬᠢᠯᠭ᠎ᠠ ᠶᠢᠨ ᠵᠢᠷᠤᠮ ᠢᠶᠠᠷ ᠦᠷᠭᠦᠯᠵᠢᠯᠡᠨ ᠶᠠᠪᠤᠭᠳᠠᠬᠤ ᠵᠦᠢᠯ ᠪᠦᠬᠦᠨ ᠢ ᠭᠦᠢᠴᠡᠳᠬᠡᠵᠦ᠂ | ︽ᠶᠡᠭᠡ ᠡᠷᠬᠡᠲᠦ ᠯᠾᠡᠶ᠋ᠢᠭᠧᠨᠢᠨ ᠰᠡᠳᠬᠢᠯ ᠮᠠᠰᠢ ᠬᠠᠨᠤᠭᠲᠤᠨ | ᠵᠢᠸ᠎ᠠ ᠪᠤᠮᠠᠨ ᠠᠶᠢᠮᠠᠭ ᠤᠨ ᠨᠥᠬᠦᠷ ᠰᠡᠯᠳᠠ ᠨᠢ ᠬᠠᠨᠤᠭᠲᠤᠨ | ᠰᠡᠳᠬᠢᠯ ᠮᠠᠰᠢ ᠬᠠᠨᠤᠭᠠᠳ ᠳᠣᠷᠣᠶᠢᠲᠠᠯ ᠪᠠᠭᠤᠷᠠᠯ ᠢ ᠰᠡᠷᠭᠦᠭᠡᠵᠦ | ᠶᠡᠭᠦᠵᠡᠷ ᠪᠠᠭᠰᠢ ᠱᠠᠪᠢ ᠮᠠᠨ ᠤ ᠶᠠᠪᠤᠳᠠᠯ ᠢ ᠰᠠᠶᠢᠲᠤᠷ ᠪᠦᠲᠦᠭᠡᠨ | ᠪᠤᠷᠬᠠᠨ ᠱᠠᠰᠢᠨ ᠢ ᠥᠨᠢ ᠡᠭᠦᠷᠢᠳᠡ ᠳᠡᠯᠭᠡᠷᠡᠭᠦᠯᠦᠨ ᠵᠣᠬᠢᠶᠠ︾ ᠬᠡᠮᠡᠨ ᠳᠠᠭᠠᠳᠬᠠᠨ᠎ᠠ᠃ | ᠲᠡᠭᠦᠰᠬᠡᠯ ᠤᠨ ᠦᠶ᠎ᠡ ᠳᠤ | ︽ᠲᠡᠷᠡ ᠮᠡᠲᠦ ᠲᠠ ᠨᠠᠷ ᠢ ᠲᠠᠬᠢᠬᠤ ᠪᠥᠭᠡᠳ ᠮᠠᠭᠲᠠᠪᠠᠰᠤ | ᠰᠣᠯᠣᠨ ᠪᠠᠷᠭᠤ ᠬᠡᠮᠡᠬᠦ ᠦᠵᠡᠰᠬᠦᠯᠡᠩᠲᠦ ᠡᠨᠡ ᠣᠷᠤᠨ᠎ᠠ | ᠮᠠᠭᠤ ᠵᠦᠢᠯᠡᠰ ᠠᠷᠢᠯᠵᠤ ᠰᠠᠶᠢᠨ ᠤ ᠶᠠᠪᠤᠳᠠᠯ ᠳᠡᠯᠭᠡᠷᠡᠨ | ᠨᠣᠮ ᠲᠥᠷᠥ ᠪᠠᠯᠠᠷᠠᠰᠢ ᠦᠭᠡᠢ ᠵᠣᠨ ᠤ ᠳᠠᠯᠠᠢ ᠠᠷᠪᠢᠵᠢᠭᠲᠤᠨ | ᠢᠯᠠᠩᠭᠤᠶ᠎ᠠ ᠬᠥᠯᠥ ᠬᠥᠬᠡ ᠨᠡᠷᠡᠲᠦ ᠡᠨᠡ ᠬᠤᠰᠢᠭᠤᠨ ᠤ | ᠨᠣᠶᠠᠳ ᠨᠠᠷ ᠨᠢ ᠬᠤᠶᠠᠷ ᠶᠣᠰᠤᠨ ᠤ ᠠᠪᠬᠤ ᠣᠷᠬᠢᠬᠤ ᠳᠤ ᠮᠡᠷᠭᠡᠨ | ᠡᠭᠡᠯ ᠠᠷᠠᠳ ᠨᠢ ᠪᠣᠯᠪᠠᠴᠤ ᠶᠡᠬᠡᠰ ᠳᠡᠭᠡᠳᠦ ᠪᠣᠯᠬᠤ ᠦᠶᠡᠰ | ᠬᠤᠸᠠᠷᠠᠭ ᠤᠨ ᠰᠡᠳᠬᠢᠯ ᠵᠣᠬᠢᠯᠳᠤᠨ ᠨᠤᠮ ᠤᠨ ᠶᠠᠪᠤᠳᠠᠯ ᠠᠷᠪᠢᠵᠢᠭᠲᠤᠨ | ᠤᠯᠤᠰ ᠣᠷᠤᠨ᠎ᠠ ᠡᠪᠡᠳᠴᠢᠨ ᠭᠠᠮᠰᠢᠭ ᠬᠡᠷᠡᠭᠦᠯ ᠮᠠᠷᠭᠤᠭᠠᠨ | ᠬᠢᠷᠠᠭᠤ ᠮᠥᠨᠳᠦᠷ ᠭᠠᠩ ᠬᠠᠭᠰᠠᠷᠭᠠᠨ ᠭᠠᠷᠬᠤ ᠦᠭᠡᠢ | ᠴᠠᠭᠠᠲᠤ ᠳᠠᠶᠢᠰᠤᠨ ᠤ ᠬᠡᠵᠢᠶᠡᠳᠡ ᠥᠯᠥ ᠬᠤᠣᠷᠯᠠᠬᠤ | ᠶᠢᠰᠦᠨ ᠬᠦᠰᠡᠯ ᠤᠨ ᠰᠠᠶᠢᠨ ᠪᠤᠶᠠᠨ ᠢ ᠪᠦᠲᠦᠭᠡᠨ ᠳᠡᠯᠭᠡᠷᠡᠭᠦᠯ | ᠲᠣᠪᠴᠢᠯᠠᠪᠠᠰᠤ ᠪᠢᠳᠠ ᠪᠠ ᠥᠭᠯᠢᠭᠡ ᠪᠤᠶᠠᠨ ᠤ ᠡᠵᠡᠳ ᠨᠠᠷ ᠤᠨ | ᠲᠡᠩᠴᠡᠰᠢ ᠦᠭᠡᠢ ᠳᠥᠷᠪᠡᠨ ᠵᠦᠢᠯ ᠤᠨ ᠦᠢᠯᠡᠰ ᠶᠠᠪᠤᠳᠠᠯ ᠨᠢ | ᠰᠠᠨᠠᠭᠰᠠᠨ ᠶᠣᠰᠤᠭᠠᠷ ᠠᠶᠠᠨᠳᠠᠭᠠᠨ ᠮᠠᠰᠢ ᠰᠠᠶᠢᠲᠤᠷ ᠪᠦᠲᠦᠬᠦ | ᠥᠯᠵᠡᠢ ᠪᠠᠶᠠᠷ ᠢ ᠠᠷᠪᠠᠨ ᠵᠦᠭ ᠲᠤ ᠳᠡᠯᠭᠡᠷᠡᠭᠦᠯᠦᠨ ᠵᠣᠬᠢᠶᠠ︾᠃ ᠭᠡᠰᠢᠭ ᠳᠠᠯᠠᠯᠭ᠎ᠠ ᠬᠤᠷᠤᠶᠢᠯᠠᠨ᠎ᠠ᠃ | ᠭᠤᠷᠪᠡ᠂ ᠳᠠᠭ᠎ᠠ ᠶᠢᠨ ᠳᠡᠯ ᠠᠭᠤᠯᠠ ᠶᠢᠨ ᠲᠠᠬᠢᠯᠭ᠎ᠠ ᠶᠢᠨ ᠰᠤᠳᠤᠷ ᠤᠨ ᠲᠤᠬᠠᠢ ᠥᠭᠦᠯᠡᠬᠦ ᠨᠢ᠄ | ︵ᠨᠢᠭᠡ︶ ᠲᠠᠬᠢᠯᠭ᠎ᠠ ᠶᠢᠨ ᠰᠤᠳᠤᠷ ᠤᠨ ᠵᠣᠬᠢᠶᠠᠭᠰᠠᠨ ᠴᠠᠭ ᠦᠶ᠎ᠡ ᠪᠠ ᠵᠣᠬᠢᠶᠠᠭᠰᠠᠨ ᠬᠥᠮᠥᠨ | ᠲᠠᠬᠢᠯᠭ᠎ᠠ ᠶᠢᠨ ᠰᠤᠳᠤᠷ ᠤᠨ ᠰᠡᠭᠦᠯ ᠳᠤ ᠡᠶᠢᠮᠦ ᠨᠢᠭᠡᠨ ᠲᠡᠮᠳᠡᠭᠯᠡᠯ ᠪᠣᠢ᠃ | ︽ᠪᠠᠷᠭᠤ ᠶᠢᠨ ᠬᠥᠪᠡᠭᠡᠲᠦ ᠴᠠᠭᠠᠨ ᠬᠤᠰᠢᠭᠤᠨ ᠤ ᠶᠡᠭᠡ ᠰᠠᠪᠳᠠᠭ ᠳᠠᠭ᠎ᠠ ᠶᠢᠨ ᠳᠡᠯ ᠭᠡᠵᠤ ᠠᠯᠳᠠᠷ ᠨᠡᠷ᠎ᠡ | ᠭᠠᠷᠤᠭᠴᠢ ᠡᠭᠦᠨ ᠤ ᠢᠯᠡᠷᠬᠡᠢ ᠣᠨᠤᠯ ᠬᠠᠨᠤᠯ ᠨᠠᠮᠠᠨᠴᠢᠯᠠᠯ᠂ ᠦᠢᠯᠡᠰ ᠤᠨ ᠳᠠᠭᠠᠳᠬᠠᠯ ᠵᠡᠷᠭᠡ ᠦᠯᠥ ᠵᠣᠬᠢᠯᠳᠤᠬᠤ | ᠶᠢᠨ ᠬᠠᠷᠠᠩᠭᠤᠢ ᠶᠢ ᠠᠷᠢᠯᠭᠠᠭᠴᠢ ᠰᠢᠳᠢᠰ ᠤᠨ ᠨᠠᠷᠠ ᠬᠡᠮᠡᠭᠳᠡᠬᠦ ᠡᠭᠦᠨ ᠢ ᠮᠢᠨᠦ ᠥᠪᠡᠷ ᠤᠨ ᠠᠴᠢᠲᠤ ᠢᠵᠠᠭᠤᠷ ᠤᠨ | ᠯᠠᠮᠠ ᠢᠨᠠᠭ ᠪᠠᠭᠰᠢ ᠬᠠᠮᠪᠤ ᠡᠷᠳᠡᠨᠢ ᠮᠡᠷᠭᠡᠨ ᠪᠠᠨᠳᠢᠳᠠ ᠶᠢᠨ ᠨᠣᠮ ᠢ ᠦᠨᠳᠦᠰᠦᠯᠡᠵᠦ᠂ ᠥᠪᠡᠷ ᠤᠨ ᠣᠶᠤᠨ ᠳᠤ | ᠠᠯᠢ ᠲᠥᠷᠥᠭᠳᠡᠭᠰᠡᠨ ᠢᠶᠠᠨ ᠦᠰᠦᠭ ᠢᠶᠠᠷ ᠴᠢᠮᠡᠵᠦ᠂ ᠪᠢᠮᠪᠠᠼᠧᠩᠳᠡ ᠪᠠᠷ ᠣᠯᠠᠨ ᠠᠮᠢᠲᠠᠨ᠎ᠠ ᠲᠤᠰᠠᠯᠠᠬᠤ ᠶᠢ | ᠪᠣᠳᠤᠵᠤ ᠨᠠᠶᠢᠷᠠᠭᠤᠯᠪᠠ᠃ ᠡᠭᠦᠨ ᠢ ᠪᠢᠴᠢᠭᠰᠡᠨ ᠨᠢ ᠱᠠᠪᠷᠤᠩ ᠵᠢᠭᠮᠡᠳᠳᠠᠩᠽᠠᠨ ᠪᠤᠯᠠᠢ᠃ ᠡᠭᠦᠨ ᠢᠶᠠᠷ ᠥᠪᠡᠷ | ᠪᠤᠰᠤᠳ ᠤᠨ ᠬᠦᠰᠡᠭᠰᠡᠨ ᠬᠡᠷᠡᠭ ᠪᠦᠲᠦᠬᠦ ᠪᠣᠯᠲᠤᠭᠠᠢ︾ ᠭᠡᠰᠡᠨ ᠪᠠᠶᠢᠳᠠᠭ᠃ | ᠪᠢᠳᠡ ᠡᠨᠡᠬᠦ ᠲᠡᠮᠳᠡᠭᠯᠡᠯ ᠢᠶᠠᠷ ᠰᠦᠪᠡᠭᠴᠢ ᠪᠣᠯᠭᠠᠵᠤ ᠳᠠᠭ᠎ᠠ ᠶᠢᠨ ᠳᠡᠯ ᠠᠭᠤᠯᠠ ᠶᠢᠨ ᠲᠠᠬᠢᠯᠭ᠎ᠠ ᠶᠢᠨ ᠰᠤᠳᠤᠷ ᠤᠨ | ᠵᠣᠬᠢᠶᠠᠭᠳᠠᠭᠰᠠᠨ ᠴᠠᠭ ᠦᠶ᠎ᠡ ᠪᠠ ᠵᠣᠬᠢᠶᠠᠭᠰᠠᠨ ᠬᠥᠮᠥᠨ ᠢ ᠣᠯᠵᠤ ᠮᠡᠳᠡᠵᠦ ᠪᠣᠯᠤᠨ᠎ᠠ᠃ | ᠠᠳᠡ ᠳᠤᠷᠠᠳᠴᠤ ᠪᠠᠶᠢᠭ᠎ᠠ ︽ᠬᠠᠮᠪᠤ ᠡᠷᠳᠡᠨᠢ ᠮᠡᠷᠭᠡᠨ ᠪᠠᠨᠳᠢᠳᠠ︾ ᠪᠠ ᠮᠡᠨᠡᠩ ᠤᠨ ᠪᠣᠭᠳᠠ ᠠᠭᠤᠯᠠ ᠶᠢᠨ | ᠲᠠᠬᠢᠯᠭ᠎ᠠ ᠶᠢᠨ ᠰᠤᠳᠤᠷ ᠲᠤ ᠭᠠᠷᠴᠤ ᠪᠠᠶᠢᠭ᠎ᠠ ︽ᠡᠷᠳᠡᠨᠢ ᠪᠠᠨᠳᠢᠳᠠ ᠶᠢᠨ ᠴᠣᠯᠠ ᠶᠢ ᠬᠠᠮᠠᠭᠠᠯᠠᠭᠰᠠᠨ︾ ᠬᠥᠮᠥᠨ | ᠪᠣᠯ ᠨᠢᠭᠡ ᠬᠥᠮᠥᠨ ᠮᠥᠨ᠃ ᠥᠭᠡᠷ᠎ᠡ ᠪᠠᠷ ᠬᠡᠯᠡᠪᠡᠯ ᠫᠤᠩᠴᠤᠭᠨᠠᠮᠵᠢᠯ ᠪᠣᠯᠤᠨ᠎ᠠ᠃ ᠱᠠᠪᠷᠤᠩ ᠵᠢᠭᠮᠡᠳᠳᠠᠩᠽᠠᠨ ︽ | ᠢᠨᠠᠭ ᠪᠠᠭᠰᠢ ᠬᠠᠮᠪᠤ ᠡᠷᠳᠡᠨᠢ ᠮᠡᠷᠭᠡᠨ ᠪᠠᠨᠳᠢᠳᠠ ᠶᠢᠨ ᠨᠣᠮ ᠢ ᠦᠨᠳᠦᠰᠦᠯᠡᠵᠦ︾ ᠭᠡᠳᠡᠭ ᠨᠢ ᠬᠡᠷᠡᠭ ᠳᠡᠭᠡᠷ᠎ᠡ ᠪᠠᠨ | ᠫᠤᠩᠴᠤᠭᠨᠠᠮᠵᠢᠯ ᠤᠨ ︽ᠮᠡᠨᠡᠩ ᠤᠨ ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ︾ ᠢ ᠦᠨᠳᠦᠰᠦᠯᠡᠵᠦ ᠭᠡᠰᠡᠨ | ᠦᠭᠡ ᠭᠡᠵᠤ ᠪᠢ ᠦᠵᠡᠵᠦ ᠪᠠᠶᠢᠨ᠎ᠠ᠃ ᠶᠠᠭᠠᠬᠢᠭᠠᠳ ᠭᠡᠪᠡᠯ ᠳᠠᠯᠠᠩᠭᠤᠳ ᠭᠦᠪᠡᠷᠢ ᠶᠢᠨ ︽ᠪᠣᠭᠳᠠ ᠠᠭᠤᠯᠠ ᠶᠢᠨ | ᠣᠩᠭᠤ ᠳᠠᠭᠤᠳᠠᠯᠭ᠎ᠠ︾ ᠭᠡᠬᠦ ᠥᠭᠦᠯᠡᠯ ᠳᠤ ︽ᠳᠠᠷᠬᠠᠨ ᠰᠦᠮᠪᠦᠷ ᠬᠠᠨ ᠤ ᠳᠡᠭᠦᠦ᠂ ᠳᠠᠭ᠎ᠠ ᠶᠢᠨ ᠳᠡᠯ ᠠᠭᠤᠯᠠ | ᠮᠢᠨᠢ︾᠂ ︽ᠳᠡᠭᠡᠳᠦ ᠲᠡᠭᠷᠢ ᠶᠢᠨ ᠬᠤᠪᠢ ᠵᠣᠬᠢᠶᠠᠯ ᠢᠶᠠᠷ ᠳᠡᠯ ᠠᠭᠤᠯᠠ ᠳᠡᠭᠦᠦ ᠨᠠᠷ ᠲᠠᠢ︾ ᠭᠡᠵᠤ ᠳᠤᠷᠠᠳᠴᠤ | ᠪᠠᠶᠢᠭ᠎ᠠ ᠪᠥᠭᠡᠳ ᠪᠠᠰᠠ ᠮᠡᠨᠡᠩ ᠤᠨ ᠪᠣᠭᠳᠠ ᠠᠭᠤᠯᠠ ᠪᠣᠯᠤᠨ ᠳᠠᠭ᠎ᠠ ᠶᠢᠨ ᠳᠡᠯ ᠠᠭᠤᠯᠠ ᠶᠢ ᠠᠬ᠎ᠠ ᠳᠡᠭᠦᠦ ᠬᠤᠶᠠᠷ | ᠠᠭᠤᠯᠠ ᠶᠤᠮ ᠭᠡᠳᠡᠭ ᠶᠠᠷᠢᠶ᠎ᠠ ᠠᠷᠠᠳ ᠤᠨ ᠳᠤᠮᠳᠠ ᠤᠯᠠᠮᠵᠢᠯᠠᠭᠳᠠᠭᠰᠠᠭᠠᠷ ᠢᠷᠡᠭᠰᠡᠨ ᠪᠢᠯᠡ᠃ | ᠢᠩᠭᠢᠵᠦ ᠲᠦᠯᠬᠢᠨ ᠪᠣᠳᠤᠪᠠᠯ ᠱᠠᠪᠷᠤᠩ ᠵᠢᠭᠮᠡᠳᠳᠠᠩᠽᠠᠨ ᠪᠠᠭᠰᠢ ᠫᠤᠩᠴᠤᠭᠨᠠᠮᠵᠢᠯ ᠤᠨ ᠵᠣᠬᠢᠶᠠᠭᠰᠠᠨ ᠲᠠᠬᠢᠯᠭ᠎ᠠ | ᠶᠢᠨ ᠰᠤᠳᠤᠷ ᠢ ᠦᠨᠳᠦᠰᠦᠯᠡᠵᠦ ᠮᠡᠨᠡᠩ ᠤᠨ ᠪᠣᠭᠳᠠ ᠠᠭᠤᠯᠠ ᠶᠢᠨ ᠳᠡᠭᠦᠦ ᠠᠭᠤᠯᠠ ᠳᠠᠭ᠎ᠠ ᠶᠢᠨ ᠳᠡᠯ ᠠᠭᠤᠯᠠᠨ | ᠳᠤ ᠲᠠᠬᠢᠯᠭ᠎ᠠ ᠶᠢᠨ ᠰᠤᠳᠤᠷ ᠵᠣᠬᠢᠶᠠᠵᠤ ᠥᠭᠪᠡ ᠭᠡᠳᠡᠭ ᠢ ᠢᠲᠡᠭᠡᠬᠦ ᠦᠭᠡᠢ ᠪᠠᠶᠢᠬᠤ ᠶᠢᠨ ᠠᠷᠭ᠎ᠠ ᠦᠭᠡᠢ᠃ | ᠱᠠᠪᠷᠤᠩ ᠵᠢᠭᠮᠡᠳᠳᠠᠩᠽᠠᠨ ᠢ ᠬᠥᠪᠡᠭᠡᠲᠦ ᠴᠠᠭᠠᠨ ᠬᠤᠰᠢᠭᠤᠨ ᠤ ᠬᠥᠮᠥᠨ ᠭᠡᠳᠡᠭ ᠶᠠᠷᠢᠶ᠎ᠠ ᠴᠦ ᠪᠠᠶᠢᠳᠠᠭ᠃ ᠲᠤᠰ | ᠬᠥᠮᠥᠨ 1832 ᠣᠨ ᠳᠤ ᠵᠣᠬᠢᠶᠠᠭᠳᠠᠭᠰᠠᠨ ᠮᠡᠨᠡᠩ ᠤᠨ ᠪᠣᠭᠳᠠ ᠠᠭᠤᠯᠠ ᠶᠢᠨ ᠲᠠᠬᠢᠯᠭ᠎ᠠ ᠶᠢᠨ ᠰᠤᠳᠤᠷ ᠤᠨ | ᠳᠠᠷᠠᠭ᠎ᠠ ᠳᠠᠭ᠎ᠠ ᠶᠢᠨ ᠳᠡᠯ ᠠᠭᠤᠯᠠ ᠶᠢᠨ ᠲᠠᠬᠢᠯᠭ᠎ᠠ ᠶᠢᠨ ᠰᠤᠳᠤᠷ ᠢ ᠵᠣᠬᠢᠶᠠᠭᠰᠠᠨ ᠪᠣᠯᠬᠤᠷ 19 ᠳ᠋ᠤᠭᠡᠷ ᠵᠠᠭᠤᠨ ᠤ | ᠳᠤᠮᠳᠠᠴᠢ ᠦᠶ᠎ᠡ ᠪᠠᠷ ᠠᠮᠢᠳᠤᠷᠠᠵᠤ ᠪᠠᠶᠢᠭᠰᠠᠨ ᠬᠥᠮᠥᠨ ᠪᠠᠶᠢᠵᠤ ᠲᠠᠭᠠᠷᠠᠨ᠎ᠠ᠃ | ︵ᠬᠤᠶᠠᠷ︶ ᠰᠤᠳᠤᠷ ᠲᠤ ᠲᠠᠬᠢᠯᠭ᠎ᠠ ᠶᠢ ᠶᠠᠭᠠᠬᠢᠵᠤ ᠪᠢᠴᠢᠭᠰᠡᠨ ᠪᠣᠢ︖ | ᠲᠠᠬᠢᠯᠭ᠎ᠠ ᠶᠢᠨ ᠰᠤᠳᠤᠷ ᠢ ︽ᠶᠡᠭᠡ ᠴᠢᠳᠠᠯᠲᠤ ᠰᠠᠪᠳᠠᠭ ᠪᠣᠯᠬᠤ ᠳᠠᠭ᠎ᠠ ᠶᠢᠨ ᠳᠡᠯ ᠤᠨ ᠬᠠᠨᠤᠯ ᠨᠠᠮᠠᠨᠴᠢᠯᠠᠯ | ᠦᠯᠦ ᠵᠣᠬᠢᠬᠤ ᠬᠠᠷᠠᠩᠭᠤᠢ ᠶᠢ ᠠᠷᠢᠯᠭᠠᠭᠴᠢ ᠰᠢᠳᠢ ᠶᠢᠨ ᠨᠠᠷᠠ︾ ᠬᠡᠮᠡᠵᠡᠢ᠃ | ᠡᠬᠢᠯᠡᠭᠡᠳ ︽ᠠᠳᠡ ᠤᠮᠠᠷ᠎ᠠ ᠵᠦᠭ ᠤᠨ ᠶᠡᠭᠡ ᠰᠠᠪᠳᠠᠭ ᠳᠠᠭ᠎ᠠ ᠶᠢᠨ ᠳᠡᠯ ᠭᠡᠵᠤ ᠶᠡᠭᠡ ᠠᠯᠳᠠᠷ ᠮᠠᠨᠳᠤᠭᠰᠠᠨ ᠡᠭᠦᠨ | ᠤ ᠢᠯᠡᠷᠬᠡᠢ ᠣᠨᠤᠯ ᠬᠠᠨᠤᠯ ᠨᠠᠮᠠᠨᠴᠢᠯᠠᠯ᠂ ᠦᠢᠯᠡᠰ ᠤᠨ ᠳᠠᠷᠠᠭᠠᠯᠠᠯ ᠢ ᠪᠢᠴᠢᠬᠦ ᠳᠤ ᠬᠠᠮᠤᠭ ᠲᠡᠷᠢᠭᠦᠨ ᠳᠤ ᠭᠤᠷᠪᠠᠨ | ᠳᠠᠪᠬᠤᠷ ᠵᠤᠤᠬ᠎ᠠ ᠪᠠᠵᠠᠭᠠᠵᠤ᠂ ᠲᠡᠭᠦᠨ ᠤ ᠳᠡᠭᠡᠷ᠎ᠡ ᠲᠠᠬᠢᠯ ᠲᠠᠯᠪᠢᠨ᠎ᠠ᠃ ᠨᠢᠭᠡᠳᠦᠭᠡᠷ ᠳᠠᠪᠬᠤᠷ ᠲᠤ ᠳᠥᠷᠪᠡᠨ | ᠢᠳᠡᠭᠡᠨ᠂ ᠬᠤᠶᠠᠳᠤᠭᠠᠷ ᠲᠤ ᠭᠤᠯᠢᠷ ᠢᠶᠠᠷ ᠬᠢᠭᠰᠡᠨ ᠵᠤᠯᠠ ᠶᠢ ᠲᠠᠪᠤ ᠪᠠ ᠲᠣᠭᠤᠷᠢᠭᠤᠯᠤᠭᠠᠳ ᠦᠴᠦᠬᠡᠨ ᠲᠣᠰᠤᠨ | ᠷᠢᠯᠦ ᠶᠢ ᠲᠠᠯᠪᠢᠨ᠎ᠠ᠃ ᠭᠤᠷᠪᠠᠳᠤᠭᠠᠷ ᠲᠤ ᠠᠷᠪᠠᠨ ᠬᠤᠶᠠᠷ ᠷᠢᠯᠤ ᠶᠢᠨ ᠲᠠᠬᠢᠯ ᠢ ᠲᠠᠯᠪᠢᠵᠤ᠂ ᠲᠡᠭᠦᠨ ᠤ ᠭᠠᠳᠠᠭᠤᠷ | ᠠᠯᠢ ᠡᠷᠭᠡᠶᠢᠪᠠᠴᠢ ᠶᠢᠨ ᠲᠠᠬᠢᠯ᠂ ᠡᠯᠳᠡᠪ ᠵᠦᠢᠯ ᠤᠨ ᠢᠳᠡᠭᠡᠨ ᠢ ᠥᠷᠦᠬᠦ᠂ ᠪᠠᠷᠠᠭᠤᠨ᠎ᠠ ᠡᠮ᠂ ᠵᠡᠭᠦᠨ᠎ᠡ ᠴᠢᠰᠤ᠂ | ᠡᠮᠦᠨ᠎ᠡ ᠲᠠᠯ᠎ᠠ ᠳᠤᠨᠢ ᠰᠡᠷᠵᠢᠮ᠂ ᠲᠠᠩᠭᠠᠷᠢᠭ ᠤᠨ ᠡᠳ᠋ ᠲᠡᠷᠢᠭᠦᠲᠡᠨ ᠲᠠᠬᠢᠯ ᠪᠠᠯᠢᠩ ᠨᠤᠭᠤᠳ ᠢ ᠬᠤᠲᠠᠯᠠ ᠪᠦᠷᠢᠨ | ᠪᠣᠯᠭᠠᠵᠤ ᠰᠠᠶᠢᠬᠠᠨ ᠪᠡᠯᠡᠳᠬᠡᠨ᠎ᠡ︾ ᠭᠡᠵᠡᠢ᠃ | ︽ᠮᠣᠷᠢ᠂ ᠦᠬᠡᠷ᠂ ᠢᠮᠠᠭ᠎ᠠ᠂ ᠬᠤᠨᠢ ᠵᠡᠷᠭᠡ ᠪᠠᠶᠢᠪᠠᠯ ᠲᠦᠢᠳᠬᠡᠷ ᠢ ᠬᠥᠭᠡᠭᠡᠬᠦ ᠶᠢᠨ ᠲᠥᠯᠥᠭᠡ ᠲᠣᠷᠭ᠎ᠠ | ᠳᠤᠷᠳᠤᠩ ᠤᠨ ᠵᠦᠢᠯ ᠢ ᠬᠦᠵᠦᠭᠦᠨ ᠳᠤᠨᠢ ᠤᠶᠠᠨ᠎ᠠ᠃ ᠬᠥᠭᠵᠢᠮ ᠤᠨ ᠵᠦᠢᠯ ᠢ ᠥᠷᠥᠵᠦ ᠲᠠᠯᠪᠢᠨ ᠁︾ | ᠭᠡᠵᠡᠢ᠃ | ᠳᠠᠷᠠᠭ᠎ᠠ ᠨᠢ ︽ᠠᠷᠢᠭᠤᠳᠬᠠᠬᠤ ᠲᠠᠷᠨᠢ︾᠂ ︽ᠠᠷᠪᠢᠵᠢᠬᠤ ᠲᠠᠷᠨᠢ︾᠂ ︽ᠷᠠᠰᠢᠶᠠᠨ ᠪᠣᠯᠭᠠᠬᠤ ᠲᠠᠷᠨᠢ︾᠂ ︽ | ᠬᠦᠰᠡᠯ ᠢ ᠪᠦᠲᠦᠭᠡᠬᠦ ᠲᠠᠷᠨᠢ︾᠂ ︽ᠪᠦᠭᠦᠳᠡ ᠶᠢ ᠣᠯᠬᠤ ᠲᠠᠷᠨᠢ︾᠂ ︽ᠰᠠᠴᠠᠭᠤ ᠣᠯᠬᠤ ᠲᠠᠷᠨᠢ︾ ᠬᠢᠨ᠎ᠡ᠃ | ᠪᠠᠰᠠ ︽ᠴᠠᠭ ᠤᠨ ᠡᠴᠦᠰ ᠤᠨ ᠰᠠᠯᠬᠢᠨ ᠰᠢᠭ᠋ ᠠᠵᠢᠨᠠᠢ ᠬᠦᠯᠥᠭ ᠯᠠᠪᠠᠢ ᠶᠢᠨ ᠥᠩᠭᠡᠲᠦ᠂ ᠠᠯᠲᠠᠨ ᠡᠮᠡᠭᠡᠯ᠂ | ᠮᠣᠭᠠᠢ ᠶᠢᠨ ᠬᠤᠳᠠᠷᠭ᠎ᠠ ᠬᠥᠮᠥᠯᠳᠦᠷᠭᠡ ᠪᠠ ᠬᠠᠵᠠᠭᠠᠷ ᠨᠣᠭᠲᠤ ᠬᠢᠭᠰᠡᠨ᠂ ᠳᠡᠯ ᠤᠨ ᠬᠠᠯᠬᠠᠪᠴᠢ ᠪᠣᠯᠤᠨ ᠭᠡᠳᠡᠰᠦᠨ | ᠤ ᠬᠠᠯᠬᠠᠪᠴᠢ ᠶᠢ ᠡᠷᠳᠡᠨᠢ ᠶᠢᠨ ᠴᠢᠮᠡᠭ ᠢᠶᠠᠷ ᠴᠢᠮᠡᠭᠯᠡᠭᠰᠡᠨ᠂ ᠲᠡᠭᠦᠨ ᠤ ᠳᠡᠭᠡᠷ᠎ᠡ ᠬᠦᠴᠦᠨ ᠴᠢᠳᠠᠯ ᠤᠨ ᠡᠷᠬᠡ | ᠪᠠᠶᠠᠯᠢᠭ ᠰᠦᠯᠳᠡ ᠲᠡᠭᠷᠢ ᠶᠢᠨ ᠭᠤᠣᠯ ᠪᠣᠯᠬᠤ ᠳᠠᠭ᠎ᠠ ᠶᠢᠨ ᠡᠵᠡᠨ ᠤ ᠪᠡᠶ᠎ᠡ ᠲᠣᠳᠤᠷᠠᠭᠰᠠᠨ᠂ ᠬᠥᠮᠥᠰᠬᠡ ᠰᠠᠬᠠᠯ ᠨᠢ | ᠤᠯᠠᠭᠠᠨ ᠰᠢᠷᠭᠠᠯ᠂ ᠭᠠᠯ ᠠᠳᠠᠯᠢ ᠪᠠᠳᠠᠷᠠᠭᠰᠠᠨ᠂ ᠵᠡᠭᠦᠨ ᠲᠠᠯ᠎ᠠ ᠳᠤᠨᠢ ᠶᠡᠭᠦᠵᠡᠷ ᠤᠳ ᠢ ᠡᠨᠡᠷᠢᠬᠦ ᠮᠡᠯᠮᠡᠢ ᠶᠢᠨ | ᠥᠨᠴᠦᠭ ᠤᠨ ᠳᠦᠷᠢ ᠪᠠᠷ ᠠᠵᠢᠶᠠᠷᠠᠭᠰᠠᠨ᠂ ᠪᠠᠷᠠᠭᠤᠨ ᠮᠤᠲᠤᠷ ᠲᠠᠭᠠᠨ ᠬᠡᠷᠡᠭ ᠬᠦᠰᠡᠯ ᠪᠦᠬᠦᠨ ᠢ ᠰᠣᠶᠤᠷᠬᠠᠬᠤ | ᠴᠢᠨᠳᠠᠮᠤᠨᠢ ᠡᠷᠳᠡᠨᠢ ᠪᠠᠷᠢᠭᠰᠠᠨ ᠪᠠ ᠵᠡᠭᠦᠨ ᠮᠤᠲᠤᠷ ᠲᠠᠭᠠᠨ ᠴᠡᠯᠮᠠ ᠴᠢᠮᠡᠭᠲᠦ ᠰᠤᠮᠤᠨ ᠢ ᠰᠣᠯᠢᠪᠴᠢᠯᠠᠨ | ᠠᠳᠬᠤᠭᠰᠠᠨ᠂ ᠪᠡᠶ᠎ᠡ ᠳᠤᠷ ᠬᠡᠷᠢᠰ ᠤᠨ ᠬᠤᠶᠠᠭ ᠳᠤᠭᠤᠯᠠᠭ᠎ᠠ ᠡᠮᠦᠰᠴᠦ᠂ ᠰᠤᠳᠤ ᠲᠣᠷᠭᠠᠨ ᠵᠠᠩᠴᠢ ᠶᠢ ᠵᠣᠭᠤᠭᠯᠠᠨ | ᠂ ᠪᠠᠷᠰ ᠤᠨ ᠠᠷᠠᠰᠤ ᠪᠠᠷ ᠳᠣᠣᠷ᠎ᠠ ᠪᠡᠶ᠎ᠡ ᠪᠠᠨ ᠣᠷᠢᠶᠠᠵᠤ᠂ ᠥᠯᠮᠡᠢ ᠳᠤᠷ ᠪᠤᠯᠢᠭᠠᠷᠢ ᠶᠢᠨ ᠭᠤᠲᠤᠯ ᠢᠰᠬᠦᠯᠦᠨ᠂ | ᠳᠠᠶᠢᠰᠤᠨ ᠲᠦᠢᠳᠬᠡᠷ ᠢ ᠳᠠᠷᠤᠭᠰᠠᠨ ᠭᠤᠷᠪᠠᠨ ᠬᠦᠷᠳᠦᠨ ᠢ ᠪᠡᠯᠬᠡᠭᠦᠰᠦᠨ ᠳᠡᠭᠡᠨ ᠵᠡᠭᠦᠭᠰᠡᠨ ᠪᠡᠶ᠎ᠡ ᠠᠴᠠ ᠬᠤᠪᠢᠯᠭᠠᠨ | ᠡᠯᠴᠢ ᠰᠠᠯᠬᠤ ᠪᠤᠯᠠᠢ︾ ᠭᠡᠵᠤ ᠳᠠᠭ᠎ᠠ ᠶᠢᠨ ᠳᠡᠯ ᠠᠭᠤᠯᠠ ᠶᠢᠨ ᠰᠦᠷᠲᠦ ᠳᠦᠷᠬᠦ ᠶᠢ ᠢᠯᠡᠳᠬᠡᠨ᠎ᠡ᠃ | ᠵᠠᠯᠭᠠᠭᠠᠳ ᠱᠠᠰᠢᠨ ᠤ ᠳᠦᠷᠢᠮ ᠭᠤᠷᠢᠮ ᠢᠶᠠᠷ ᠲᠠᠬᠢᠯᠭ᠎ᠠ ᠶᠢᠨ ᠠᠵᠢᠯ ᠤᠳ ᠶᠠᠪᠤᠭᠳᠠᠨ᠎ᠠ᠃ | ᠲᠠᠬᠢᠯᠭ᠎ᠠ ᠶᠢᠨ ᠰᠤᠳᠤᠷ ᠤᠨ ᠲᠡᠭᠦᠰᠬᠡᠯ ᠤᠨ ᠬᠡᠰᠡᠭ ᠲᠤ᠄ | ︽ᠳᠡᠭᠡᠳᠦᠰ ᠤᠨ ᠣᠪᠢᠳᠠᠰ ᠢ ᠰᠣᠨᠤᠰᠤᠭᠰᠠᠨ ᠦᠭᠡᠢ ᠪᠥᠭᠡᠳ | ᠮᠡᠷᠭᠡᠳ ᠤᠨ ᠰᠡᠳᠬᠢᠯ ᠤᠨ ᠨᠢᠭᠤᠴᠠ ᠶᠢ ᠦᠵᠡᠯ ᠦᠭᠡᠢ | ᠪᠦᠳᠦᠭᠦᠯᠢᠭ ᠰᠢᠯᠦᠭ ᠨᠠᠶᠢᠷᠠᠭ ᠤᠨ ᠵᠠᠶᠢᠳᠠᠭᠤ ᠦᠭᠡ ᠪᠠᠷ | ᠲᠤᠭᠤᠷᠪᠢᠭᠰᠠᠨ ᠠᠯᠵᠢᠶᠠᠯ ᠨᠢ ᠮᠢᠨᠦ ᠮᠤᠩᠬᠠᠭ ᠣᠶᠤᠨ︾ ᠭᠡᠰᠡᠨ ᠨᠢ ᠰᠤᠳᠤᠷ ᠢ ᠵᠣᠬᠢᠶᠠᠭᠴᠢ ᠰᠠᠨᠠᠭ᠎ᠠ ᠪᠠᠨ | ᠢᠯᠡᠳᠬᠡᠭᠰᠡᠨ ᠤᠶᠠᠩᠭᠠᠯᠠᠯ ᠪᠣᠯᠪᠠᠤ︕ | ᠮᠢᠨᠦ ᠳᠡᠭᠡᠷ᠎ᠡ ᠳᠤᠷᠠᠳᠤᠭᠰᠠᠨ ᠵᠦᠢᠯ ᠤᠳ ᠪᠣᠯ ᠵᠥᠪᠬᠡᠨ ᠰᠢᠨ᠎ᠡ ᠪᠠᠷᠭᠤᠴᠤᠳ ᠤᠨ 19 ᠳ᠋ᠤᠭᠡᠷ ᠵᠠᠭᠤᠨ ᠤ | ᠳᠤᠮᠳᠠᠴᠢ ᠦᠶ᠎ᠡ ᠠᠴᠠ ᠬᠤᠶᠢᠰᠢᠬᠢ ᠰᠢᠷ᠎ᠠ ᠶᠢᠨ ᠱᠠᠰᠢᠨ ᠤ ᠳᠦᠷᠢᠮ ᠭᠤᠷᠢᠮ ᠢᠶᠠᠷ ᠡᠨᠡᠬᠦ ᠭᠤᠷᠪᠠᠨ ᠠᠭᠤᠯᠠ ᠶᠢ | ᠲᠠᠬᠢᠭᠰᠠᠨ ᠲᠤᠬᠠᠢ ᠮᠡᠭᠦᠰ ᠮᠥᠴᠢᠳ ᠣᠶᠢᠯᠠᠭᠠᠯᠲᠠ ᠪᠣᠯᠤᠨ᠎ᠠ᠃ | ᠡᠨᠡ ᠭᠤᠷᠪᠠᠨ ᠠᠭᠤᠯᠠ ᠶᠢᠨ ᠲᠠᠬᠢᠯᠭ᠎ᠠ ᠶᠢᠨ ᠵᠠᠩ ᠦᠢᠯᠡ ᠶᠢ ᠶᠡᠷᠦ ᠨᠢ ᠡᠶᠢᠮᠦᠷᠬᠦᠦ ᠳᠥᠭᠦᠮᠬᠡᠨ | ᠣᠶᠢᠯᠠᠭᠠᠵᠤ ᠪᠣᠯᠬᠤ ᠦᠭᠡᠢ ᠶᠤᠮ᠃ | ᠳᠠᠯᠠᠩᠭᠤᠳ ᠭᠦᠪᠡᠷᠢ ᠶᠢᠨ ︽ᠪᠣᠭᠳᠠ ᠠᠭᠤᠯᠠ ᠶᠢᠨ ᠠᠭᠤᠯᠠ ᠶᠢᠨ ᠣᠩᠭᠤ ᠳᠠᠭᠤᠳᠠᠯᠭ᠎ᠠ︾ ᠬᠡᠮᠡᠬᠦ | ᠥᠭᠦᠯᠡᠯ ᠳᠤ ︽ᠰᠣᠨᠤᠰᠪᠠᠰᠤ᠂ ᠬᠥᠯᠥᠨ ᠪᠣᠶᠢᠷ ᠭᠠᠵᠠᠷ ᠣᠷᠤᠨ ᠪᠣᠯᠪᠠᠰᠤ ᠡᠷᠳᠡ ᠳᠡᠭᠡᠲᠦ ᠳᠡᠭᠡᠨ ᠬᠡᠷᠡᠮ ᠤᠨ | ᠭᠠᠳᠠᠨᠠᠬᠢ ᠤᠮᠠᠷᠠᠲᠤ ᠣᠯᠠᠨ ᠤᠯᠤᠰ᠂ ᠠᠶᠢᠮᠠᠭ ᠤᠭᠰᠠᠭᠠᠲᠠᠨ ᠣᠷᠢᠳ ᠬᠤᠵᠢᠳ ᠵᠠᠯᠭᠠᠯᠳᠤᠭ᠎ᠠ ᠪᠠᠷ ᠥᠩᠭᠡᠷᠡᠭᠰᠡᠨ | ᠪᠤᠶᠤ ᠪᠣᠭᠤᠨᠢ ᠬᠤᠭᠤᠴᠠᠭ᠎ᠠ ᠣᠷᠤᠰᠢᠨ ᠰᠠᠭᠤᠭᠰᠠᠨ ᠣᠷᠤᠨ ᠨᠤᠲᠤᠭ ᠪᠤᠯᠠᠢ᠃ | ᠁ ᠣᠨᠴᠠᠭᠠᠶᠢᠯᠠᠨ ᠳᠥᠷᠪᠡᠨ ᠵᠦᠭ ᠨᠠᠢᠮᠠᠨ ᠵᠣᠪᠬᠢᠰ ᠲᠠᠭᠠᠨ ᠨᠡᠷ᠎ᠡ ᠠᠯᠳᠠᠷᠰᠢᠭᠰᠠᠨ ᠪᠠᠷᠭᠤ ᠶᠢᠨ ᠭᠤᠷᠪᠠᠨ | ᠪᠣᠭᠳᠠ ᠠᠭᠤᠯᠠ ᠶᠢ ᠡᠯ᠎ᠡ ᠠᠶᠢᠮᠠᠭ ᠤᠭᠰᠠᠭ᠎ᠠ᠂ ᠣᠪᠤᠭ ᠲᠥᠷᠥᠯ ᠤᠨ ᠲᠡᠦᠬᠡ ᠱᠠᠰᠲᠢᠷ ᠪᠤᠶᠤ ᠪᠥᠭᠡ ᠶᠢᠨ ᠣᠩᠭᠤ | ᠳᠠᠭᠤᠳᠠᠯᠭ᠎ᠠ ᠵᠡᠷᠭᠡ ᠠᠴᠠ ᠮᠥᠴᠢᠳ ᠬᠤᠷᠢᠶᠠᠩᠭᠤᠶᠢᠯᠠᠨ ᠳᠤᠷᠠᠳᠪᠠᠰᠤ᠄ ︿ᠨᠠᠷᠠᠨ ᠬᠠᠨ﹀᠂ ︿ᠳᠥᠯᠥᠨ ᠬᠠᠷ᠎ᠠ﹀᠂ | ︿ᠭᠤᠷᠪᠠᠨ ᠰᠦᠮᠪᠦᠷ﹀᠂ ︿ᠡᠷᠭᠡ ᠪᠠᠭᠠᠲᠤᠷ﹀᠂ ︿ᠵᠠᠩᠵᠤᠨ ᠪᠦᠷᠭᠦᠳ﹀᠂ ︿ᠥᠨᠳᠦᠷ ᠭᠤᠷᠪᠠᠨ ᠪᠠᠭᠠᠲᠤᠷ﹀᠂ ︿ | ᠮᠥᠩᠭᠡ ᠲᠣᠭᠲᠠᠨᠢᠬᠤᠢ ᠣᠷᠤᠨ﹀᠂ ︿ᠬᠦᠢᠲᠡᠨ ᠬᠠᠷ᠎ᠠ﹀᠂ ︿ᠪᠠᠶᠠᠨᠮᠥ᠋ᠩᠬᠡ﹀᠂ ︿ᠬᠠᠶᠢᠷᠬᠠᠨ ᠠᠭᠤᠯᠠ﹀ ᠬᠡᠮᠡᠨ | ᠬᠦᠨᠳᠦᠯᠡᠭᠳᠡᠨ ᠬᠠᠶᠢᠷᠠᠯᠠᠭᠳᠠᠵᠤ ᠢᠷᠡᠭᠰᠡᠨ ᠁︾ ᠭᠡᠵᠤ ᠲᠡᠮᠳᠡᠭᠯᠡᠭᠰᠡᠨ ᠪᠠᠶᠢᠳᠠᠭ᠃ | ᠡᠭᠦᠨ ᠠᠴᠠ ᠦᠵᠡᠪᠡᠯ ᠮᠡᠨᠡᠩ ᠤᠨ ᠪᠣᠭᠳᠠ ᠠᠭᠤᠯᠠ᠂ ᠳᠠᠭ᠎ᠠ ᠶᠢᠨ ᠳᠡᠯ ᠠᠭᠤᠯᠠ ᠨᠢ ᠡᠷᠳᠡ ᠳᠡᠭᠡᠳᠦ ᠠᠴᠠ | ᠣᠩᠭᠤ ᠳᠠᠭᠤᠳᠠᠯᠭ᠎ᠠ ᠲᠠᠢ ᠲᠠᠬᠢᠯᠭᠠᠲᠤ ᠠᠭᠤᠯᠠ ᠤᠳ ᠪᠠᠶᠢᠭᠰᠠᠨ ᠢ ᠮᠡᠳᠡᠵᠦ ᠪᠣᠯᠤᠨ᠎ᠠ᠃ ᠮᠣᠭᠠᠶᠢᠲᠤ ᠶᠢᠨ ᠪᠣᠭᠳᠠ | ᠠᠭᠤᠯᠠ ᠶᠢ ︽ᠮᠣᠩᠭᠤᠯ ᠤᠨ ᠨᠢᠭᠤᠴᠠ ᠲᠣᠪᠴᠢᠶᠠᠨ︾ ᠳᠤ ︽ᠮᠠᠤ ᠥᠨᠳᠦᠷ︾ ᠬᠡᠮᠡᠨ ᠪᠢᠴᠢᠭᠰᠡᠨ ᠪᠠᠶᠢᠳᠠᠭ᠃ | ᠤᠩᠰᠢᠭᠴᠢᠳ ᠮᠠᠨᠢ ᠠᠩᠬᠠᠷᠤᠯ ᠳᠠᠭᠠᠨ ᠠᠪᠬᠤ ᠪᠣᠯᠪᠠᠤ︕ | ᠵᠣᠬᠢᠶᠠᠭᠴᠢ ᠶᠢᠨ ᠬᠠᠶ᠋ᠢᠭ᠄ ᠬᠥᠯᠥᠨ ᠪᠣᠶᠢᠷ ᠬᠤᠲᠠ ᠶᠢᠨ | ᠨᠢᠭᠡᠳᠦᠮᠡᠯ ᠹᠷᠤᠨᠲ ᠤᠨ ᠬᠡᠯᠲᠡᠰ | |