ᠬᠦᠯᠤᠨ ᠰᠤᠮᠤᠨ ᠤ ᠨᠤᠳᠤᠭ ᠲᠡᠪᠢᠰᠬᠡᠷ ᠤᠨ ᠭᠠᠳᠠᠷᠭᠤ ᠪᠠ ᠡᠪᠡᠰᠦ  ᠤᠷᠭᠤᠮᠠᠯ  ᠤᠳ
ᠨᠡᠶᠢᠲᠡᠯᠡᠭᠰᠡᠨ ᠴᠠᠭ᠄
2017/9/21
ᠬᠦᠢᠴᠡᠯᠢᠭ ᠠ᠊ · ᠪᠣᠷᠤᠭᠦᠦ       ᠬᠦᠯᠤᠨ ᠰᠤᠮᠤᠨ ᠤ ᠨᠤᠳᠤᠭ ᠲᠡᠪᠢᠰᠬᠡᠷ ᠤᠨ       ᠭᠠᠳᠠᠷᠭᠤ  ᠪᠠ  ᠡᠪᠡᠰᠦ  ᠤᠷᠭᠤᠮᠠᠯ  ᠤᠳ       ᠬᠦᠯᠤᠨ ᠰᠤᠮᠤᠨ ︵ᠤᠤᠯ ᠤᠨ ᠬᠡᠷᠤᠯᠤᠨ ᠮᠠᠯᠵᠢᠬᠤ ᠲᠠᠯᠠᠪᠠᠢ︶ ᠤ ᠨᠤᠳᠤᠭ ᠲᠡᠪᠢᠰᠬᠡᠷ ᠤᠨ ᠬᠤᠶᠢᠳᠤ ᠲᠠᠯ᠎ᠠ ᠠᠴᠠ ᠪᠠᠨ ᠡᠮᠤᠨᠡᠰᠢ ᠪᠠᠨ 110 — 125 ᠺᠢᠯᠤᠮᠧᠲᠷ ᠤᠷᠳᠤ᠂ ᠦᠷᠬᠡᠨ ᠨᠢ 15 — 20 ᠺᠢᠯᠤᠮᠧᠲᠷ ᠨᠠᠷᠢᠨ ᠤᠷᠳᠤ ᠰᠤᠨᠤᠭᠰᠠᠨ ᠨᠤᠳᠤᠭ ᠶᠤᠮ᠃ ᠨᠤᠳᠤᠭ ᠲᠡᠪᠢᠰᠬᠡᠷ ᠤᠨ ᠭᠠᠳᠠᠷᠭᠤ ᠨᠢ ᠶᠡᠷᠤᠩᠬᠡᠢ ᠳᠤ ᠪᠠᠨ ᠲᠤᠪᠤᠷᠬᠠᠭ ᠲᠠᠯ᠎ᠠ ᠨᠤᠳᠤᠭ ᠪᠢᠯᠠ᠃ ᠨᠤᠳᠤᠭ ᠪᠡᠯᠴᠢᠬᠡᠷ ᠨᠢ ᠲᠠᠴᠢᠷ ᠨᠢᠮᠬᠡᠨ ᠪᠤᠯᠪᠠᠴᠦ ᠤᠷᠭᠤᠮᠠᠯ ᠨᠢ ᠰᠢᠮ᠎ᠠ ᠲᠠᠢ ᠬᠤᠵᠢᠷ ᠬᠤᠭᠤᠯᠠᠢ ᠡᠯᠪᠡᠭ ᠲᠠᠢ᠂ ᠮᠠᠯ ᠳᠤ ᠶᠠᠬ ᠲᠤᠬᠢᠷᠠᠬᠤ ᠪᠠᠯᠴᠢᠬᠡᠷ ᠲᠠᠢ ᠶᠤᠮ᠂ ᠨᠤᠳᠤᠭ ᠤᠨ ᠬᠤᠶᠢᠳᠤ ᠲᠠᠯ᠎ᠠ ᠪᠠᠷ ᠨᠢ ᠬᠡᠷᠤᠯᠤᠨ ᠭᠤᠤᠯ ᠤᠷᠤᠰᠤᠨ ᠦᠡᠭᠬᠡᠷᠡᠵᠦ ᠪᠠᠶᠢᠳᠠᠭ ᠪᠤᠯᠬᠤᠷ ᠨᠠᠮ ᠲᠤᠤᠷ᠎ᠠ ᠭᠠᠵᠠᠷ ᠭᠤᠤᠯ ᠠᠴᠠ ᠡᠮᠤᠨᠡᠰᠢ ᠪᠠᠨ ᠶᠠᠪᠤᠬᠤ ᠳᠤ ᠲᠠᠯᠠᠷᠠᠵᠦ ᠴᠠᠭᠠᠨ ᠬᠤᠰᠢᠭᠤ ᠬᠦᠷᠳᠦ ᠬᠦᠷᠤᠬᠡᠳ ᠭᠠᠵᠠᠷ ᠨᠢ ᠦᠨᠳᠤᠷᠵᠢᠵᠦ ᠡᠬᠢᠯᠠᠬᠡᠳ ᠪᠤᠭᠳᠠ ᠠᠭᠤᠯᠠ ᠶᠢᠨ ᠰᠢᠯᠢ ᠪᠤᠯᠵᠦ ᠤᠰᠤ ᠦᠬᠡᠢ ᠰᠢᠯᠢ ᠨᠤᠳᠤᠭ ᠪᠤᠯᠤᠨ᠎ᠠ᠃ ᠵᠡᠬᠦᠨ ᠠᠴᠠ ᠪᠠᠷᠠᠭᠤᠨᠰᠢ ᠪᠠᠨ ᠪᠤᠭᠳᠠ ᠠᠭᠤᠯᠠ᠂ ᠴᠠᠭᠠᠨ ᠲᠤᠯᠤᠭᠠᠢ᠂ ᠦᠵᠢ ᠶᠢᠨ ᠤᠪᠤᠭ᠎ᠠ᠂ ᠴᠢᠯᠠᠭᠤᠳᠤ ᠬᠤᠸᠠ ᠂ ᠬᠠᠰᠢᠶᠠᠳᠤ ᠶᠢᠨ ᠭᠤᠵᠤᠭᠤᠷ᠂ ᠴᠠᠬᠢᠯᠳᠠᠭ ᠤᠨ ᠭᠤᠵᠤᠭᠤᠷ᠂ ᠲᠡᠷᠬᠡᠳᠤ ᠬᠤᠸᠠ ᠵᠡᠷᠬᠡ ᠠᠭᠤᠯᠠ ᠦᠨᠳᠤᠷ ᠤᠳ ᠦᠷᠬᠦᠯᠵᠢᠯᠠᠵᠦ᠂ ᠠᠷᠤ ᠲᠠᠯ᠎ᠠ ᠨᠢ ᠰᠢᠯᠢ ᠨᠤᠳᠤᠭ ᠪᠤᠯᠬᠤᠷ ᠡᠪᠡᠰᠦ ᠨᠢ ᠦᠨᠳᠤᠷ᠂ ᠨᠢᠭᠳᠠ ᠪᠠᠶᠢᠳᠠᠭ ᠠᠴᠠ ᠬᠦᠯᠤᠨ ᠰᠤᠮᠤᠨ ᠤ ᠬᠠᠳᠤᠯᠠᠩ ᠤᠨ ᠭᠠᠵᠠᠷ ᠪᠤᠯᠪᠠ᠃ ᠡᠨᠡ ᠨᠢ ᠪᠠᠷᠤᠭ 20 ᠲᠦᠮᠡᠨ ᠮᠦ ᠪᠡᠯᠴᠢᠬᠡᠷ ᠶᠤᠮ᠃ ᠡᠳᠡᠬᠡᠷ ᠦᠨᠳᠤᠷ ᠠᠴᠠ ᠡᠮᠤᠨᠡᠰᠢ ᠪᠠᠨ ᠡᠩᠬᠡᠷᠳᠡᠵᠦ ᠶᠠᠪᠤᠬᠤ ᠲᠤᠳᠤᠮ ᠢᠶᠠᠨ ᠲᠤᠷᠤᠭᠰᠢᠯᠠᠵᠦ ᠬᠠᠷ᠎ᠠ ᠬᠤᠭᠤᠯᠠᠢ ᠬᠦᠷᠦᠨ᠎ᠡ᠃ ᠡᠨᠡ ᠨᠤᠳᠤᠭ ᠨᠢ ᠲᠠᠴᠢᠷ ᠨᠢᠮᠬᠡᠨ ᠬᠤᠭᠤᠯᠠᠢ ᠬᠤᠵᠢᠷ ᠨᠠᠭᠤᠷ ᠤᠯᠠᠨ ᠲᠠᠢ ᠪᠤᠯᠪᠠᠴᠦ ᠶᠡᠭᠡ ᠰᠢᠮ᠎ᠠ ᠲᠠᠢ ᠨᠤᠳᠤᠭ ᠪᠡᠯᠴᠢᠬᠡᠷ ᠪᠢᠯᠠ᠃ ᠬᠠᠷ᠎ᠠ ᠬᠤᠭᠤᠯᠠᠢ ᠶᠢᠨ ᠡᠮᠤᠨ᠎ᠠ ᠢᠷᠮᠡᠭ ᠠᠴᠠ ᠪᠠᠭ᠎ᠠ ᠦᠨᠳᠤᠷᠵᠢᠵᠦ ᠮᠠᠨᠠᠩ ᠤᠨ ᠲᠠᠯ᠎ᠠ ᠪᠤᠯᠵᠦ ᠦᠷᠬᠦᠯᠵᠢᠯᠠᠪᠠ᠃ ᠠᠳᠡ ᠤᠰᠤ ᠬᠤᠪᠤᠷ ᠰᠢᠯᠢ ᠨᠤᠳᠤᠭ ᠪᠤᠯᠬᠤᠷ ᠡᠪᠡᠰᠦ ᠤᠷᠭᠤᠮᠠᠯ ᠨᠢ ᠨᠡᠯᠢᠶᠠᠳ ᠦᠨᠳᠤᠷ᠂ ᠨᠢᠭᠳᠠ ᠰᠢᠮ᠎ᠠ ᠰᠠᠶᠢᠳᠠᠢ ᠨᠤᠳᠤᠭ ᠪᠠᠯᠴᠢᠬᠡᠷ ᠶᠤᠮ᠃ ᠡᠶᠢᠮᠤ ᠠᠴᠠ ᠬᠦᠯᠤᠨ ᠰᠤᠮᠤᠨ ᠤ ᠡᠪᠤᠯᠵᠢᠶ᠎ᠠ ᠨᠤᠳᠤᠭ ᠪᠤᠯᠵᠠᠢ᠃ ᠡᠨᠡᠬᠦ ᠨᠤᠳᠤᠭ ᠨᠢ ᠪᠠᠷᠤᠭ 80 ᠲᠦᠮᠠᠨ ᠮᠤ᠋ ᠪᠡᠯᠴᠢᠬᠡᠷ ᠪᠢᠯᠠ᠃      ᠬᠦᠯᠤᠨ ᠰᠤᠮᠤ ᠶᠢᠨ ᠨᠤᠳᠤᠭ ᠡᠮᠤᠨ᠎ᠠ ᠲᠠᠯ᠎ᠠ ᠪᠠᠷ ᠢᠶᠠᠨ ᠤᠯᠤᠰ ᠤᠨ ᠬᠢᠯᠢ ᠲᠠᠢ᠂ ᠤᠯᠤᠰ ᠤᠨ ᠬᠢᠯᠢ ᠶᠢᠨ 592 ᠳ᠋ᠤᠭᠠᠷ ᠪᠠᠭᠠᠨ᠎ᠠ ᠠᠴᠠ ᠪᠠᠷᠠᠭᠤᠨᠰᠢ ᠪᠠᠨ 595 ᠳ᠋ᠤᠭᠠᠷ ᠤᠯᠤᠰ ᠤᠨ ᠪᠠᠭᠠᠨ᠎ᠠ ᠬᠦᠷᠳᠡᠯᠡᠬᠢ ᠤᠯᠤᠰ ᠤᠨ ᠬᠢᠯᠢ ᠲᠠᠢ᠃ ᠪᠠᠷᠠᠭᠤᠨ ᠲᠠᠯ᠎ᠠ ᠪᠠᠷ ᠢᠶᠠᠨ ᠤᠯᠤᠰ ᠤᠨ ᠬᠢᠯᠢ ᠠᠴᠠ ᠬᠡᠷᠤᠯᠤᠨ ᠭᠤᠤᠯ ᠬᠦᠷᠳᠠᠯ᠎ᠠ ᠤᠳᠤ ᠶᠢᠨ ᠬᠠᠨ ᠠᠭᠤᠯᠠ ᠰᠤᠮᠤ ᠶᠢᠨ ᠨᠤᠳᠤᠭ ᠲᠠᠢ ᠵᠠᠬ᠎ᠠ ᠨᠠᠶᠢᠯᠠᠵᠦ ᠪᠠᠶᠢᠳᠠᠭ᠃ ᠵᠡᠬᠦᠨ ᠲᠠᠯ᠎ᠠ ᠪᠠᠷ ᠢᠶᠠᠨ ᠤᠯᠤᠰ ᠤᠨ ᠬᠢᠯᠢ ᠠᠴᠠ ᠪᠠᠷᠠᠭᠤᠨ ᠲᠠᠤᠯᠠᠶᠢᠳᠦ ᠶᠢᠨ ᠨᠠᠭᠤᠷ ᠬᠦᠷᠳᠠᠯ᠎ᠠ ᠤᠳᠤ ᠶᠢᠨ ᠪᠤᠭᠳᠠᠠᠭᠤᠯᠠ ᠰᠤᠮᠤᠨ ᠤ ᠨᠤᠳᠤᠭ ᠲᠠᠢ ᠵᠠᠬ᠎ᠠ ᠨᠠᠶᠢᠯᠠᠵᠦ᠂ ᠵᠡᠬᠦᠨ ᠬᠤᠶᠢᠳᠤ ᠲᠠᠯ᠎ᠠ ᠪᠠᠷ ᠢᠶᠠᠨ ᠬᠦᠯᠤᠨ ᠨᠠᠭᠤᠷ ︵ᠳᠠᠯᠠᠢ ᠨᠠᠭᠤᠷ︶ ᠲᠠᠢ ᠵᠠᠯᠭᠠᠵᠦ ᠪᠠᠶᠢᠳᠠᠭ᠂ ᠪᠦᠬᠦ ᠨᠠᠶᠢᠳᠠ 237.1 ᠲᠦᠮᠡᠨ ᠮᠤ᠋ ᠨᠤᠳᠤᠭ᠂ ᠠᠰᠢᠭᠯᠠᠵᠦ ᠪᠤᠯᠬᠤ ᠨᠤᠳᠤᠭ ᠪᠠᠯᠴᠢᠬᠡᠷ 182.3 ᠲᠦᠮᠠᠨ ᠮᠤ᠋ ᠨᠤᠳᠤᠭ ᠲᠡᠪᠢᠰᠬᠡᠷ ᠲᠠᠢ ᠪᠤᠯᠤᠯ᠎ᠠ᠃ ᠡᠨᠡ ᠨᠤᠳᠤᠭ ᠲᠠᠬᠢ ᠮᠠᠯ ᠳᠤ ᠠᠰᠢᠭ ᠲᠠᠢ ᠡᠪᠡᠰᠦ ᠤᠷᠭᠤᠮᠠᠯ᠂ ᠬᠤᠵᠢᠷ ᠤᠨ ᠲᠦᠷᠦᠯ ᠵᠦᠢᠯ ᠬᠡᠪᠡᠯ᠄     1. ᠬᠦᠮᠡᠯᠢ — ᠰᠢᠯᠢ ᠭᠠᠵᠠᠷ ᠤᠷᠭᠤᠳᠠᠭ᠂ ᠪᠦᠬᠡᠷᠡᠩᠬᠡᠢ ᠤᠷᠳᠤ ᠭᠤᠤᠯ ᠲᠠᠢ ᠭᠤᠤᠯ ᠤᠨ ᠢᠶᠠᠨ ᠤᠷᠤᠢ ᠲᠡᠬᠡᠷ᠎ᠡ ᠴᠠᠭᠠᠨ ᠶᠠᠭᠠᠨ ᠬᠤᠸᠠᠷ ᠲᠠᠯᠬᠡᠷᠡᠨ ᠤᠷᠭᠤᠳᠠᠭ ᠨᠢᠬᠡ ᠦᠨᠳᠤᠰᠤᠨ ᠲᠡᠬᠡᠷ᠎ᠠ ᠬᠤᠶᠠᠷ ᠠᠴᠠ ᠲᠡᠬᠡᠭᠰᠢ ᠤᠯᠠᠨ ᠰᠠᠯᠠᠭ᠎ᠠ ᠲᠠᠢ ᠲᠠᠭᠠᠨ᠎ᠠ ᠰᠢᠭ᠋ ᠡᠪᠡᠰᠦ ᠪᠤᠯᠤᠨ᠎ᠠ᠃ ᠲᠠᠪᠤᠨ ᠬᠤᠰᠢᠭᠤ ᠮᠠᠯ ᠪᠦᠷ ᠢᠳᠡᠳᠡᠭ ᠠᠮᠳᠠᠳᠠᠢ ᠪᠦᠬᠡᠳ ᠰᠢᠮ᠎ᠠ ᠰᠠᠶᠢᠨ ᠲᠠᠢ ᠮᠠᠯ ᠤᠨ ᠲᠠᠷᠭᠤ ᠠᠪᠬᠤ ᠪᠠ ᠡᠪᠡᠳᠴᠢᠨ ᠵᠠᠰᠠᠳᠠᠭ ᠲᠤᠰᠤᠷᠬᠠᠭ ᠤᠷᠭᠤᠮᠠᠯ ᠶᠤᠮ᠃ ᠮᠠᠯ ᠢᠳᠡᠪᠡᠯ ᠢᠳᠡᠭᠰᠠᠨ ᠮᠠᠯ ᠤᠨ ᠡᠷᠡᠤ ᠤᠷᠤᠭᠤᠯ ᠨᠢ ᠤᠯᠠᠶᠢᠵᠦ ᠪᠤᠳᠤᠭᠰᠠᠨ ᠶᠤᠮ ᠰᠢᠭ᠋ ᠪᠤᠯᠳᠠᠭ᠃ ᠮᠠᠯ ᠤᠨ ᠴᠠᠩᠭᠠᠭ᠎ᠠ ᠶᠢ ᠲᠠᠶᠢᠯᠵᠦ᠂ ᠤᠮᠳᠠ ᠶᠢ ᠲᠠᠷᠤᠳᠠᠭ᠃ 2 — 7 ᠡᠳᠤᠷ ᠡᠨᠡ ᠨᠤᠳᠤᠭ ᠲᠤ ᠮᠠᠯ ᠬᠠᠷᠢᠭᠤᠯᠬᠤ ᠳᠤ ᠤᠰᠤᠯᠠᠬᠤ ᠦᠬᠡᠢ ᠦᠨᠵᠢᠵᠦ ᠪᠤᠯᠳᠠᠭ᠃ ᠬᠦᠢᠬᠡᠨ ᠦᠨᠳᠤᠰᠦ ᠲᠠᠢ᠃     2. ᠮᠠᠩᠬᠢᠷ — ᠨᠢᠬᠡ ᠦᠨᠳᠤᠰᠦ ᠠᠴᠠ ᠨᠡᠯᠢᠶᠡᠳ ᠬᠡᠳᠤᠨ ᠰᠠᠯᠠᠭ᠎ᠠ ᠤᠷᠭᠤᠳᠠᠭ ᠬᠠᠪᠳᠠᠭᠠᠢ ᠤᠷᠳᠤ ᠪᠠᠶ᠎ᠠ ᠲᠠᠢ ᠤᠰᠤᠷᠬᠠᠭ ᠤᠷᠭᠤᠮᠠᠯ᠂ ᠬᠦᠮᠤᠨ ᠮᠠᠯ ᠢᠳᠡᠵᠦ ᠪᠤᠯᠳᠠᠭ᠂ ᠵᠡᠷᠯᠢᠭ ᠰᠤᠩᠬᠢᠨ᠎ᠠ ᠬᠡᠵᠦ ᠲᠠᠭᠤᠳᠠᠳᠠᠭ ᠴᠦ ᠪᠤᠢ᠃ ᠡᠬᠦᠨ ᠢ ᠢᠳᠡᠭᠰᠠᠨ ᠮᠠᠯ ᠤᠰᠤᠯᠠᠬᠤ ᠦᠬᠡᠢ ᠬᠡᠳᠤ ᠬᠤᠨᠤᠭ ᠦᠨᠵᠢᠵᠦ ᠪᠤᠯᠳᠠᠭ᠃ ᠮᠠᠯ ᠤᠨ ᠲᠠᠷᠭᠤ ᠬᠦᠴᠦ ᠶᠢ ᠤᠯᠭᠤᠳᠠᠭ ᠪᠠ ᠮᠠᠯ ᠤᠨ ᠲᠤᠳᠤᠷ ᠰᠢᠮᠡᠬᠦᠷ ᠬᠤᠷᠤᠬᠠᠢ᠂ ᠬᠠᠳᠠᠶᠢᠷ ᠵᠡᠷᠬᠡ ᠶᠢ ᠲᠠᠭᠤᠵᠦ ᠡᠮᠨᠡᠳᠡᠭ ᠡᠪᠡᠰᠦ ᠶᠤᠮ᠃ ᠬᠦᠢᠬᠡᠨ ᠦᠨᠳᠤᠰᠦ ᠲᠠᠢ᠃    3. ᠭᠤᠭᠤᠳ — ᠭᠤᠷᠪᠠᠯᠵᠢᠨ ᠪᠠᠶ᠎ᠠ ᠲᠠᠢ ᠬᠦᠢᠬᠡᠨ ᠦᠨᠳᠤᠰᠦ ᠲᠠᠢ᠂ ᠭᠤᠤᠯ ᠨᠢ ᠪᠦᠳᠤᠬᠦᠪᠳᠤᠷ ᠪᠦᠬᠡᠳ ᠤᠷᠤᠢ ᠲᠠᠬᠡᠷ᠎ᠠ ᠪᠠᠨ ᠴᠠᠭᠠᠨ ᠶᠠᠭᠠᠨ ᠬᠤᠸᠠᠷ ᠤᠷᠭᠤᠳᠠᠭ᠂ ᠡᠨᠡ ᠬᠤᠸᠠᠷ ᠪᠤᠶᠤ ᠨᠠᠪᠴᠢ ᠶᠢ ᠨᠢ ᠬᠦᠮᠤᠨ ᠮᠠᠯ ᠪᠦᠷ ᠢᠳᠡᠨ᠎ᠠ᠂ ᠶᠡᠭᠡ ᠰᠢᠮ᠎ᠠ ᠲᠠᠢ ᠮᠠᠯ ᠠᠮᠠᠷᠬᠠᠨ ᠲᠠᠷᠭᠤ ᠠᠪᠳᠠᠭ᠃ ᠰᠢᠨ᠎ᠠ ᠤᠷᠭᠤᠭᠰᠠᠨ ᠭᠤᠭᠤᠳ ᠨᠢ ᠤᠰᠤᠷᠬᠠᠭ ᠰᠢᠮᠰᠢᠵᠦ ᠴᠢᠳᠠᠭ᠎ᠠ ᠦᠬᠡᠢ ᠦᠶ᠎ᠠ ᠳᠤ ᠭᠠᠰᠢᠭᠤᠨ ᠬᠦᠴᠦᠯᠢᠭ ᠪᠠᠶᠢᠳᠠᠭ ᠪᠤᠯᠬᠤᠷ ᠮᠠᠯ ᠢᠳᠡᠬᠦ ᠦᠬᠡᠢ᠂ ᠦᠵᠦᠬᠦᠷ ᠨᠢ ᠴᠠᠭᠠᠷᠠᠵᠦ ᠬᠤᠪᠢᠷᠠᠵᠦ ᠢᠷᠡᠪᠡᠯ ᠢᠳᠡᠬᠦ ᠪᠤᠯᠤᠨ᠎ᠠ᠃ ᠡᠨᠡ ᠦᠶ᠎ᠡ ᠳᠤ ᠮᠠᠯ ᠢᠳᠡᠪᠡᠯ ᠠᠮᠠᠷᠬᠠᠨ ᠲᠠᠷᠭᠤᠯᠠᠨ᠎ᠠ᠃ ᠨᠠᠮᠤᠷ ᠡᠪᠡᠰᠦ ᠬᠠᠳᠠᠵᠦ ᠬᠤᠪᠢᠷᠠᠬᠤ ᠦᠶ᠎ᠠ ᠳᠤ ᠦᠨᠳᠤᠰᠦ ᠮᠠᠭᠤ ᠲᠠᠢ ᠠᠴᠠ ᠬᠠᠳᠠᠵᠦ ᠦᠬᠡᠢ ᠪᠤᠯᠳᠠᠭ᠃ ᠵᠤᠨ ᠨᠠᠮᠤᠷ ᠤᠨ ᠴᠠᠭ ᠲᠤ ᠬᠠᠳᠠᠵᠦ ᠬᠤᠪᠠᠭ᠋ᠠᠶᠢᠷᠠᠬᠤ ᠠᠴᠠ ᠡᠮᠤᠨ᠎ᠠ ᠲᠡᠬᠦᠵᠦ ᠠᠪᠤᠭᠠᠳ ᠬᠠᠳᠠᠭᠠᠵᠤ᠂ ᠡᠪᠤᠯ ᠤᠨ ᠡᠷᠡᠨ ᠳᠤ ᠡᠴᠡᠵᠦ ᠲᠤᠷᠠᠭᠰᠠᠨ ᠮᠠᠯ ᠢ ᠲᠡᠵᠢᠬᠡᠳᠡᠭ᠂ ᠡᠪᠤᠯ ᠤᠨ ᠡᠷᠡᠨ ᠳᠤ ᠦᠵᠦᠬᠦᠷ ᠨᠤᠳᠤᠭ ᠲᠤ ᠭᠤᠭᠤᠳ ᠰᠢᠮ᠎ᠠ ᠲᠠᠢ ᠴᠦᠯ ᠲᠠᠢ ᠪᠠᠶᠢᠭᠠᠳ ᠮᠠᠯ ᠢᠳᠡᠪᠡᠯ ᠡᠮ᠎ᠠ ᠬᠤᠨᠢ ᠰᠢᠬᠡᠯᠬᠡᠳᠡᠭ ᠪᠦᠬᠡᠳ ᠬᠤᠳᠠ ᠱᠠᠯ ᠨᠤᠷᠳᠠᠭ ᠪᠢᠯᠠ᠃    4. ᠲᠠᠭᠠᠨ᠎ᠠ — ᠨᠢᠬᠡᠨ ᠦᠨᠳᠤᠰᠤᠨ ᠳᠤ ᠤᠯᠠᠨ ᠰᠠᠯᠠᠭ᠎ᠠ ᠲᠠᠢ ᠤᠷᠭᠤᠳᠠᠭ ᠪᠦᠬᠡᠷᠡᠩᠬᠡᠢ ᠤᠷᠳᠤᠪᠳᠤᠷ ᠪᠠᠶ᠎ᠠ ᠲᠠᠢ ᠪᠦᠬᠡᠳ ᠮᠦᠨ ᠴᠦ ᠴᠠᠭᠠᠨ ᠶᠠᠭᠠᠨ ᠬᠤᠸᠠᠷ ᠤᠷᠤᠢ ᠲᠡᠬᠡᠷ᠎ᠠ ᠨᠢ ᠲᠡᠯᠬᠡᠷᠡᠳᠡᠭ ᠤᠰᠤᠯᠢᠭ ᠦᠨᠳᠤᠰᠦ ᠬᠦᠢᠬᠡᠨ ᠤᠷᠭᠤᠮᠠᠯ ᠶᠤᠮ᠃ ᠬᠦᠮᠤᠨ ᠮᠠᠯ ᠪᠦᠷ ᠢᠳᠡᠨ᠎ᠠ᠃ ᠰᠢᠨ᠎ᠠ ᠤᠷᠭᠤᠵᠦ ᠪᠠᠶᠢᠬᠤ ᠳᠤ ᠮᠠᠯ ᠪᠠᠷᠤᠭ ᠢᠳᠡᠬᠦ ᠦᠬᠡᠢ᠂ ᠬᠠᠭᠠᠰ ᠬᠤᠪᠠᠭ᠋ᠠᠶᠢᠷᠠᠬᠤ ᠦᠶ᠎ᠠ ᠳᠤ ᠰᠢᠮ᠎ᠡ ᠰᠠᠭᠤᠵᠦ ᠮᠠᠯ ᠢᠳᠡᠪᠡᠯ ᠠᠮᠠᠷᠬᠠᠨ ᠲᠠᠷᠭᠤᠯᠠᠵᠦ ᠲᠤᠰᠤᠨ ᠲᠠᠷᠭᠤ ᠠᠪᠳᠠᠭ ᠶᠤᠮ᠃ ᠵᠤᠨ ᠨᠠᠮᠤᠷ ᠤᠨ ᠴᠠᠭ ᠲᠤ ᠦᠡᠭᠬᠡ ᠨᠢ ᠪᠠᠭ᠎ᠠ ᠬᠤᠪᠢᠷᠠᠵᠦ ᠢᠳᠡᠬᠡᠰᠢᠭᠰᠡᠨ ᠡᠷᠡᠨ ᠳᠤ ᠲᠡᠬᠦᠵᠦ ᠠᠪᠴᠦ ᠬᠠᠳᠠᠭᠠᠭᠠᠳ ᠡᠪᠤᠯ ᠮᠠᠯ ᠶᠠᠳᠠᠷᠠᠵᠦ ᠲᠤᠷᠠᠬᠤ ᠳᠤ ᠲᠡᠵᠢᠬᠡᠳᠡᠭ᠃ ᠡᠪᠤᠯ ᠤᠨ ᠡᠷᠡᠨ ᠳᠤ ᠦᠵᠦᠬᠦᠷ ᠨᠤᠳᠤᠭ ᠲᠤ ᠪᠠᠶᠢᠭᠰᠠᠨ ᠲᠠᠭᠠᠨ᠎ᠠ ᠨᠢ ᠰᠢᠮ᠎ᠠ ᠲᠠᠢ ᠴᠦᠯ ᠲᠠᠢ ᠪᠤᠯᠬᠤᠷ ᠡᠮ᠎ᠠ ᠬᠤᠨᠢ ᠢᠳᠡᠪᠡᠯ ᠰᠢᠬᠡᠯᠬᠡᠵᠦ ᠬᠤᠳᠠ ᠱᠠᠯ ᠨᠤᠷᠳᠠᠭ᠂ ᠰᠢᠮ᠎ᠠ ᠮᠠᠭᠤ ᠲᠠᠢ ᠪᠤᠯ ᠬᠤᠪᠢᠷᠠᠵᠦ ᠬᠤᠪᠠᠭ᠋ᠠᠶᠢᠷᠠᠵᠦ ᠬᠡᠶᠢᠰᠴᠦ ᠦᠬᠡᠢ ᠪᠤᠯᠳᠠᠭ᠃    5. ᠠᠯᠳᠠᠨ ᠠᠬᠢ — ᠰᠢᠷᠠᠪᠳᠤᠷ ᠦᠡᠭᠬᠡ ᠲᠠᠢ᠂ ᠵᠢᠵᠢᠭ ᠨᠠᠪᠴᠢ ᠲᠠᠢ ᠨᠢᠬᠡ ᠦᠨᠳᠤᠰᠤᠨ ᠳᠤ ᠬᠡᠳᠤᠨ ᠰᠠᠯᠠᠭ᠎ᠠ ᠲᠠᠢ᠂ ᠬᠠᠷᠠᠬᠤ ᠳᠤ ᠨᠠᠷᠢᠨ ᠬᠠᠷᠭᠠᠨ᠎ᠠ ᠰᠢᠭ᠋ ᠬᠠᠷᠠᠭᠳᠠᠳᠠᠭ᠂ ᠰᠢᠯᠢ ᠭᠠᠵᠠᠷ᠂ ᠲᠤᠯᠤᠭᠠᠢ ᠶᠢᠨ ᠤᠷᠤᠢ᠂ ᠠᠭᠤᠯᠠᠨ ᠳᠤ᠂ ᠬᠠᠳᠠ ᠲᠠᠢ ᠭᠠᠵᠠᠷ ᠤᠷᠭᠤᠨ᠎ᠠ᠂ ᠮᠠᠯ ᠢᠳᠡᠪᠡᠯ ᠠᠮᠠᠷᠬᠠᠨ ᠲᠠᠷᠭᠤᠯᠠᠳᠠᠭ ᠰᠢᠮ᠎ᠠ ᠰᠠᠶᠢᠨ ᠲᠠᠢ ᠤᠷᠭᠤᠮᠠᠯ ᠶᠤᠮ᠃ ᠶᠡᠭᠡ ᠬᠤᠪᠤᠷ ᠤᠷᠭᠤᠳᠠᠭ᠃    6. ᠮᠤᠷᠢᠨ ᠠᠬᠢ — ᠴᠠᠭᠠᠨ ᠪᠤᠭᠤᠷᠤᠯ ᠦᠡᠭᠬᠡ ᠲᠠᠢ᠂ ᠤᠯᠠᠨ ᠵᠢᠵᠢᠭ ᠰᠠᠯᠠᠭ᠎ᠠ ᠬᠡᠰᠢᠬᠦᠦ ᠲᠠᠢ᠂ ᠪᠠᠰᠠ ᠦᠷ᠎ᠡ ᠲᠠᠢ᠂ ᠬᠡᠯᠪᠡᠷᠢ ᠪᠠᠶᠢᠳᠠᠯ ᠨᠢ ᠱᠠᠷᠢᠯᠵᠠᠭ᠎ᠠ ᠰᠢᠭ᠋᠂ ᠭᠠᠰᠢᠭᠤᠨ ᠬᠦᠴᠦᠯᠢᠭ ᠠᠮᠳᠠ ᠲᠠᠢ᠂ ᠪᠤᠳᠠ ᠮᠠᠯ ᠢᠯᠡᠬᠦᠦ ᠢᠳᠡᠳᠡᠭ ᠪᠤᠭ ᠮᠠᠯ ᠪᠠᠰᠠ ᠪᠠᠭ᠎ᠠ ᠰᠢᠭ᠋ ᠢᠳᠡᠳᠡᠭ᠂ ᠪᠦᠳᠦᠬᠦᠯᠢᠭ ᠮᠠᠶ᠋ᠢᠭ ᠤᠨ ᠡᠪᠡᠰᠦ ᠶᠤᠮ᠃ 20 — 30 ᠰᠠᠨᠲ᠋ᠢᠮᠧᠲᠷ ᠦᠨᠳᠤᠷ ᠪᠤᠯᠬᠤᠷ ᠤᠷᠭᠤᠮᠠᠯ ᠤᠨ ᠪᠦᠷᠬᠦᠴᠠ ᠶᠢ ᠬᠠᠮᠠᠭᠠᠯᠠᠳᠠᠭ᠃ ᠮᠠᠯ ᠤᠨ ᠲᠠᠷᠭᠤ ᠬᠦᠴᠦ ᠶᠢ ᠲᠤᠭᠳᠠᠭᠠᠨ ᠴᠢᠩᠭᠠᠷᠠᠭᠤᠯᠳᠠᠭ᠃ ᠬᠤᠯᠠ ᠠᠴᠠ ᠬᠠᠷᠠᠬᠤ ᠳᠤ ᠪᠤᠭᠤᠷᠤᠯᠳᠤᠨ ᠬᠠᠷᠠᠭᠳᠠᠨ᠎ᠠ᠃ ᠡᠪᠤᠯ ᠤᠨ ᠡᠷᠡᠨ ᠳᠤ ᠮᠠᠯ ᠢᠳᠡᠬᠦ ᠲᠤᠷᠠᠳᠠᠢ᠃ ᠰᠢᠮ᠎ᠠ ᠲᠠᠢ ᠡᠪᠡᠰᠦ ᠶᠤᠮ᠃ ᠮᠠᠯ ᠢ ᠤᠳᠤᠵᠦ᠂ ᠤᠤᠭᠤᠯᠭᠠᠬᠤ ᠵᠡᠷᠬᠡ ᠠᠷᠭ᠎ᠠ ᠪᠠᠷ ᠡᠮᠨᠡᠳᠡᠭ᠃    7. ᠬᠤᠷᠠᠭᠠᠨ ᠠᠬᠢ — ᠲᠡᠬᠡᠷᠡᠬᠢ ᠮᠤᠷᠢᠨ ᠠᠬᠢ ᠲᠠᠢ ᠠᠳᠠᠯᠢ ᠪᠤᠯᠬᠤᠷ ᠮᠠᠯ ᠳᠤ ᠶᠡᠭᠡ ᠠᠰᠢᠭᠳᠠᠢ ᠤᠷᠭᠤᠮᠠᠯ ᠶᠤᠮ᠃ ᠮᠦᠨᠴᠦ ᠴᠠᠭᠠᠨ ᠪᠤᠭᠤᠷᠤᠯ ᠦᠡᠭᠬᠡ ᠲᠠᠢ ᠭᠠᠵᠠᠷ ᠤᠨ ᠬᠦᠷᠦᠰᠤ ᠪᠠᠷ ᠲᠠᠷᠢᠯᠳᠤᠨ ᠤᠷᠭᠤᠳᠠᠭ᠃ ᠬᠤᠷᠠᠭ᠎ᠠ ᠢᠰᠢᠬᠡ ᠢᠳᠡᠬᠦ ᠲᠤᠷᠠᠳᠠᠢ᠂ ᠬᠠᠭᠤᠷᠠᠢ ᠰᠢᠯᠢ ᠭᠠᠵᠠᠷ ᠤᠷᠭᠤᠨ᠎ᠠ᠃    8. ᠪᠤᠷᠤ ᠲᠤᠯᠤᠭᠠᠢ ᠲᠠᠢ ᠵᠦᠯᠬᠡ — ᠭᠤᠤᠯᠳᠠᠭᠤ ᠴᠢᠬᠢᠭ ᠲᠠᠢ ᠪᠤᠶᠤ ᠤᠰᠤ ᠲᠤᠭᠳᠠᠳᠠᠭ ᠬᠤᠳᠤᠭᠤᠷ ᠭᠠᠵᠠᠷ ᠤᠷᠭᠤᠨ᠎ᠠ᠃ 5 — 6 ᠰᠠᠨᠲ᠋ᠢᠮᠧᠲᠷ ᠦᠨᠳᠤᠷ ᠤᠷᠭᠤᠨ᠎ᠠ᠃ ᠮᠠᠯ ᠳᠤ ᠲᠡᠵᠢᠬᠡᠯᠳᠠᠢ ᠰᠢᠮ᠎ᠡ ᠲᠠᠢ ᠨᠠᠷᠢᠯᠢᠭ ᠤᠷᠭᠤᠮᠠᠯ ᠪᠤᠯᠤᠨ᠎ᠠ᠃ ᠬᠠᠪᠤᠷ ᠤᠨ ᠡᠷᠡᠨ ᠳᠤ ᠨᠤᠭᠤᠭ᠎ᠠ ᠤᠷᠭᠤᠵᠦ ᠪᠠᠶᠢᠬᠤ ᠦᠶ᠎ᠡ ᠳᠤ ᠡᠩ ᠤᠨ ᠡᠷᠡᠨ ᠳᠤ ᠴᠦ ᠮᠠᠯ ᠤᠨ ᠲᠠᠷᠭᠤ ᠠᠪᠬᠤ ᠳᠤ ᠴᠢᠬᠤᠯᠠ ᠤᠷᠭᠤᠮᠠᠯ᠂ ᠨᠠᠩ ᠴᠦ ᠡᠶᠢᠮᠤ ᠵᠦᠯᠬᠡ ᠲᠠᠢ ᠭᠠᠵᠠᠷ ᠪᠠᠶᠢᠪᠠᠯ ᠦᠨᠳᠤᠰᠤᠨ ᠲᠠᠷᠭᠤ᠂ ᠲᠠᠷᠤᠢ ᠬᠠᠷ᠎ᠠ ᠮᠢᠬᠠᠨ ᠲᠠᠷᠭᠤ ᠰᠠᠭᠤᠳᠠᠭ ᠶᠤᠮ᠃    9. ᠵᠦᠯᠬᠡ — ᠲᠡᠬᠡᠷᠡᠬᠢ ᠪᠤᠷᠤ ᠲᠤᠯᠤᠭᠠᠢ ᠲᠠᠢ ᠵᠦᠯᠬᠡ ᠲᠠᠢ ᠴᠢᠨᠠᠷ ᠢᠶᠠᠷ ᠪᠠᠷᠤᠭ ᠠᠳᠠᠯᠢ᠂ ᠮᠠᠯ ᠢᠳᠡᠳᠡᠭ ᠨᠠᠷᠢᠯᠢᠭ ᠤᠷᠭᠤᠮᠠᠯ ᠪᠤᠯᠤᠨ᠎ᠠ᠃ ᠵᠢᠯ ᠤᠨ ᠲᠦᠷᠪᠡᠨ ᠤᠯᠠᠷᠢᠯ ᠳᠤ ᠪᠦᠷ ᠲᠤᠰᠠᠳᠠᠢ᠂ ᠡᠶᠢᠮᠤ ᠭᠠᠵᠠᠷ ᠪᠠᠶᠢᠪᠠᠯ ᠮᠠᠯ ᠰᠠᠶᠢᠨ ᠲᠠᠷᠭᠤᠯᠠᠳᠠᠭ᠂ ᠪᠠᠰᠠ ᠡᠪᠤᠯ᠂ ᠬᠠᠪᠤᠷ ᠪᠤᠯ ᠴᠦᠯ ᠲᠠᠢ ᠰᠢᠮ᠎ᠡ ᠲᠠᠢ ᠪᠠᠶᠢᠳᠠᠭ᠃   10. ᠬᠢᠶᠠᠭ — ᠬᠠᠪᠳᠠᠭᠠᠢ ᠤᠷᠳᠤᠯᠵᠢᠨ ᠨᠠᠷᠢᠨ ᠪᠠᠶ᠎ᠡ ᠲᠠᠢ᠂ ᠬᠦᠪᠡᠭᠡ ᠨᠢ ᠢᠷ ᠲᠠᠢ᠂ ᠨᠢᠬᠡ ᠦᠨᠳᠤᠰᠦ ᠳᠤ 2 — 3 ᠠᠴᠠ ᠲᠡᠬᠡᠭᠰᠢ ᠰᠠᠯᠠᠭ᠎ᠠ ᠭᠠᠷᠳᠠᠭ᠂ ᠪᠦᠬᠦ ᠮᠠᠯ ᠢᠳᠡᠳᠡᠭ᠂ ᠰᠢᠮ᠎ᠡ ᠲᠠᠢ ᠤᠷᠭᠤᠮᠠᠯ᠂ 5 — 10 ᠰᠠᠨᠲ᠋ᠢᠮᠧᠲᠷ ᠦᠨᠳᠤᠷ ᠤᠷᠭᠤᠳᠠᠭ᠂ ᠤᠰᠤ ᠪᠤᠶᠤ ᠬᠠᠭᠤᠷᠠᠢ ᠳᠤ ᠪᠦᠷ ᠤᠷᠭᠤᠨ᠎ᠠ᠃   11. ᠴᠡᠩᠬᠡᠷ ᠬᠢᠶᠠᠭ — ᠲᠡᠬᠡᠷᠡᠬᠢ ᠬᠢᠶᠠᠭ ᠲᠠᠢ ᠠᠳᠠᠯᠢᠪᠳᠤᠷ ᠪᠤᠯᠪᠠᠴᠦ ᠴᠡᠩᠬᠡᠷ ᠦᠡᠭᠬᠡ ᠲᠠᠢ ᠮᠠᠯ ᠳᠤ ᠲᠤᠰᠠ ᠦᠬᠡᠢ᠂ ᠰᠢᠮ᠎ᠡ ᠪᠠᠷ ᠠᠨᠠᠢ ᠤᠷᠭᠤᠮᠠᠯ᠂ ᠡᠶᠢᠮᠤ ᠬᠢᠶᠠᠭ ᠲᠠᠢ ᠨᠤᠳᠤᠭ ᠲᠤ ᠴᠢᠳᠠᠪᠠᠯ ᠮᠠᠯ ᠬᠠᠷᠢᠭᠤᠯᠬᠤ ᠦᠭᠡᠢ ᠶᠢ ᠬᠢᠴᠢᠶᠡᠳᠡᠭ᠃   12. ᠠᠴᠠ ᠲᠠᠢ ᠬᠢᠶᠠᠭ — ᠬᠢᠶᠠᠭ ᠡᠪᠡᠰᠦ ᠲᠠᠢ ᠠᠳᠠᠯᠢ ᠪᠤᠯᠪᠠᠴᠦ ᠦᠵᠦᠬᠦᠷ ᠲᠤ ᠪᠠᠨ ᠠᠴᠠ ᠲᠠᠢ᠂ ᠡᠨᠡ ᠬᠢᠶᠠᠭ ᠰᠢᠮ᠎ᠡ ᠪᠠᠷ ᠮᠠᠭᠤ᠂ ᠴᠢᠳᠠᠪᠠᠯ ᠲᠠᠶᠢᠮᠤ ᠨᠤᠳᠤᠭ ᠲᠤ ᠤᠳᠠᠭᠠᠨ ᠪᠠᠶᠢᠬᠤ ᠦᠬᠡᠢ ᠨᠢ ᠲᠡᠬᠡᠷ᠎ᠡ᠃   13. ᠪᠤᠳᠢᠤᠯ ᠡᠪᠡᠰᠦ — ᠰᠢᠯᠢ ᠭᠠᠵᠠᠷ ᠤᠷᠭᠤᠳᠠᠭ ᠦᠨᠳᠤᠰᠦ ᠶᠡᠭᠡ᠃ ᠰᠠᠭᠰᠠᠭᠠᠷ ᠨᠠᠷᠢᠨ ᠰᠠᠯᠠᠭ᠎ᠠ ᠲᠠᠢ ᠵᠦᠬᠡᠯᠡᠨ᠂ 4 — 5 ᠰᠠᠨᠲ᠋ᠢᠮᠧᠲᠷ ᠤᠷᠳᠤ ᠤᠷᠭᠤᠳᠠᠭ ᠦᠨᠳᠤᠰᠦᠯᠢᠭ ᠤᠷᠭᠤᠮᠠᠯ᠂ ᠰᠢᠮ᠎ᠠ ᠰᠠᠶᠢᠨ ᠲᠠᠢ᠂ ᠡᠶᠢᠮᠤ ᠨᠤᠳᠤᠭ ᠲᠤ ᠬᠠᠪᠤᠷ᠂ ᠨᠠᠮᠤᠷ᠂ ᠨᠡᠩ ᠴᠦ ᠡᠪᠤᠯ ᠨᠤᠳᠤᠭᠯᠠᠪᠠᠯ ᠴᠦᠯ ᠲᠠᠢ᠂ ᠰᠢᠮ᠎ᠡ ᠲᠠᠢ᠂ ᠮᠠᠯ ᠳᠤ ᠰᠠᠶᠢᠨ ᠂ ᠮᠨᠯ ᠤᠨ ᠲᠠᠷᠭᠤ ᠬᠦᠴᠦ ᠶᠢ ᠬᠠᠮᠠᠭᠠᠯᠠᠵᠦ ᠴᠢᠳᠠᠳᠠᠭ ᠰᠠᠶᠢᠨ ᠤᠷᠭᠤᠮᠠᠯ ᠶᠤᠮ᠃   14. ᠬᠠᠵᠠᠭᠠᠷ ᠡᠪᠡᠰᠦ — ᠦᠨᠳᠤᠰᠦ ᠮᠠᠭᠤᠳᠠᠢ᠂ ᠬᠠᠷᠢᠯᠴᠠᠨ ᠬᠡᠯᠬᠢᠯᠳᠦᠭᠰᠠᠨ ᠡᠪᠡᠰᠦ᠂ ᠨᠤᠭᠤᠭᠠᠨ ᠪᠠᠶᠢᠬᠤ ᠳᠤ ᠨᠢ ᠮᠠᠯ ᠪᠠᠭ᠎ᠠ ᠢᠳᠡᠨ᠎ᠠ᠂ ᠶᠠᠭᠠᠨ᠂ ᠤᠯᠠᠭᠠᠨ ᠪᠤᠯᠵᠦ ᠰᠢᠮᠡᠵᠢᠬᠦ ᠦᠶ᠎ᠡ ᠳᠤ ᠨᠢ ᠢᠳᠡᠪᠡᠯ ᠮᠠᠯ ᠲᠤᠳᠤᠷᠯᠠᠨ᠎ᠠ᠂ ᠡᠶᠢᠮᠤ ᠠᠴᠠ ᠮᠠᠯᠴᠢᠳ ᠤᠷᠤᠯᠳᠤᠭᠠᠨ ᠤ ᠤᠶᠠᠭᠠᠨ ᠤ ᠮᠤᠷᠢ ᠪᠠᠨ ᠡᠨᠡ ᠦᠶ᠎ᠡ ᠳᠤ ᠭᠠᠯᠭᠢᠭᠤᠨ ᠤᠨᠤᠵᠦ ᠲᠤᠳᠤᠷ ᠦᠬᠡᠯᠡᠬᠦ ᠶᠢ ᠰᠡᠷᠬᠡᠶᠢᠯᠡᠳᠡᠭ᠂ ᠠᠳᠤᠭᠤ ᠲᠤᠩ ᠲᠤᠷᠠᠳᠠᠢ᠂ ᠡᠨᠡ ᠬᠤᠭᠤᠴᠠᠭ᠎ᠠ ᠦᠡᠭᠬᠡᠷᠡᠪᠡᠯ ᠬᠠᠳᠠᠵᠦ ᠬᠤᠪᠠᠭ᠋ᠠᠶᠢᠷᠠᠵᠦ ᠬᠦᠴᠤᠳᠠᠢ ᠰᠠᠯᠬᠢᠨ ᠳᠤ ᠦᠨᠳᠤᠰᠦ ᠪᠠᠷ ᠮᠤᠯᠳᠤᠷᠠᠨ ᠬᠡᠶᠢᠰᠴᠦ ᠶᠠᠪᠤᠨ᠎ᠠ᠂ ᠲᠠᠷᠠᠰᠦ ᠪᠤᠶᠤ ᠬᠤᠭᠤᠯᠢ ᠭᠠᠵᠠᠷ ᠰᠢᠷ᠎ᠠ ᠪᠤᠳᠠᠷᠠᠭᠠᠨ᠎ᠠ᠂ ᠤᠯᠠᠭᠠᠨ ᠵᠠᠯᠠᠭ᠎ᠠ ᠵᠡᠷᠬᠡ ᠡᠪᠡᠰᠤᠨ ᠳᠤ ᠤᠴᠢᠵᠦ ᠲᠤᠭᠳᠠᠭᠠᠭᠠᠳ ᠪᠠᠰᠠ ᠮᠠᠯ ᠢᠳᠡᠬᠦ ᠪᠤᠯᠪᠠᠴᠦ ᠰᠢᠮ᠎ᠠ ᠦᠬᠡᠢ᠃   15. ᠨᠠᠷᠢᠨ ᠬᠢᠯᠭᠠᠨ᠎ᠠ — ᠰᠢᠯᠢ ᠭᠠᠵᠠᠷ ᠤᠷᠭᠤᠳᠠᠭ᠂ ᠦᠨᠳᠤᠰᠤ ᠴᠢᠩᠭ᠎ᠠ ᠲᠠᠢ᠂ ᠦᠨᠳᠤᠰᠤ ᠠᠴᠠ ᠪᠠᠨ ᠤᠯᠠᠨ ᠨᠠᠷᠢᠨ ᠤᠷᠳᠤ ᠰᠠᠯᠠᠭ᠎ᠠ ᠤᠷᠭᠤᠨ᠎ᠠ᠂ ᠬᠦᠷᠦᠰᠤ ᠶᠢ ᠲᠤᠭᠳᠠᠭᠠᠳᠠᠭ ᠦᠢᠯᠡᠳᠦᠯ ᠲᠠᠢ᠂ ᠪᠤᠳᠠ ᠮᠠᠯ ᠢᠳᠡᠬᠦ ᠲᠤᠷᠠᠳᠠᠢ᠂ ᠰᠢᠮ᠎ᠠ ᠪᠠᠷ ᠵᠦᠬᠡᠷ ᠤᠷᠭᠤᠮᠠᠯ ᠶᠤᠮ᠃ 10 — 20 ᠰᠠᠨᠲ᠋ᠢᠮᠧᠲᠷ ᠤᠷᠭᠤᠳᠠᠭ᠂ ᠡᠪᠤᠯ ᠬᠠᠪᠤᠷ ᠤᠨ ᠡᠷᠡᠨ ᠳᠤ ᠰᠠᠯᠬᠢ ᠴᠠᠰᠦ ᠶᠢ ᠬᠤᠷᠢᠭᠯᠠᠨ ᠨᠦᠮᠤᠷᠢ ᠪᠤᠯᠳᠠᠭ ᠡᠪᠡᠰᠦ᠂ ᠬᠤᠯᠠ ᠠᠴᠠ ᠬᠠᠷᠠᠬᠤ ᠳᠤ ᠬᠦᠷᠡᠩᠳᠡᠵᠦ ᠤᠯᠠᠶᠢᠵᠦ ᠬᠠᠷᠠᠭᠳᠠᠵᠦ ᠪᠠᠶᠢᠪᠠᠯ ᠰᠢᠮ᠎ᠡ ᠲᠠᠢ ᠰᠠᠶᠢᠨ ᠪᠠᠶᠢᠭ᠎ᠠ ᠨᠢ ᠲᠠᠷᠠ᠂ ᠬᠡᠷᠪᠡ ᠴᠠᠶᠢᠷᠠᠵᠦ ᠬᠠᠷᠠᠭᠳᠠᠵᠦ ᠪᠠᠶᠢᠪᠠᠯ ᠰᠢᠮ᠎ᠠ ᠮᠠᠭᠤ ᠲᠠᠢ ᠪᠠᠶᠢᠭ᠎ᠠ ᠨᠢ ᠳᠡᠷᠡ᠂ ᠡᠶᠢᠮᠤ ᠭᠠᠵᠠᠷ ᠴᠢᠳᠠᠪᠠᠯ ᠤᠳᠠᠭᠠᠨ ᠰᠠᠭᠤᠵᠦ ᠪᠤᠯᠬᠤ ᠦᠬᠡᠢ᠂ ᠨᠠᠷᠢᠨ ᠬᠢᠯᠭᠠᠨ᠎ᠠ ᠶᠡᠭᠡ ᠤᠷᠭᠤᠭᠰᠠᠨ ᠨᠤᠳᠤᠭ ᠪᠤᠯ ᠡᠪᠤᠯ ᠤᠨ ᠴᠠᠭ ᠲᠤ ᠰᠠᠶᠢᠨ ᠨᠤᠳᠤᠭ ᠪᠤᠯᠤᠨ᠎ᠠ᠃  16. ᠮᠤᠳᠤᠨ ᠬᠢᠯᠭᠠᠨ᠎ᠠ — ᠨᠠᠷᠢᠨ ᠬᠢᠯᠭᠠᠨ᠎ᠠ ᠶᠢᠨ ᠭᠤᠤᠯ ᠳᠤ ᠤᠷᠭᠤᠭᠰᠠᠨ ᠮᠤᠳᠤᠯᠢᠭ ᠡᠰᠢ᠂ ᠤᠷᠤᠢ ᠲᠡᠬᠡᠷ᠎ᠡ ᠪᠠᠨ ᠰᠠᠭᠰᠠᠭᠠᠷ ᠵᠠᠯᠠᠭ᠎ᠠ ᠲᠠᠢ᠂ ᠵᠠᠯᠠᠭᠠᠨ ᠳᠤ ᠰᠢᠪᠡᠭᠡ ᠬᠡᠳᠡᠭ ᠵᠡᠬᠦᠦ ᠰᠢᠭ ᠦᠵᠦᠬᠦᠷ ᠲᠠᠢ᠂ ᠡᠬᠦᠨ ᠠᠴᠠ ᠲᠡᠬᠡᠭᠰᠢ ᠨᠢᠬᠡ ᠬᠤᠶᠠᠷ ᠰᠠᠯᠠᠭ᠎ᠠ ᠲᠠᠢ᠂ ᠲᠡᠷᠡ ᠨᠢ ᠠᠳᠤᠷᠢᠯᠳᠤᠭᠰᠠᠨ ᠪᠠᠶ᠎ᠡ ᠲᠠᠢ᠂ ᠬᠡᠤᠬᠡᠳ ᠪᠠᠶᠢᠬᠤ ᠦᠶ᠎ᠡ ᠳᠤ ᠨᠢᠬᠡ ᠨᠢᠬᠡ ᠶᠢ ᠪᠠᠷᠢᠭᠠᠳ ᠬᠤᠭᠤᠷᠤᠨᠳᠤ ᠨᠢ ᠡᠷᠴᠢᠯᠡᠬᠦᠯᠵᠦ᠂ ᠤᠷᠢᠶᠠᠯᠭᠠᠭᠠᠳ ᠬᠤᠶᠠᠷ ᠲᠡᠰᠢ ᠨᠢ ᠲᠠᠳᠡᠪᠠᠯ ᠠᠯᠢ ᠨᠢ ᠲᠦᠷᠦᠬᠦᠨ ᠲᠠᠰᠤᠷᠠᠪᠠᠯ ᠲᠡᠷᠡ ᠨᠢ ᠲᠠᠶᠢᠯᠦᠭᠳᠡᠵᠦ ᠪᠠᠶᠢᠨ᠎ᠠ ᠬᠡᠳ ᠪᠦᠬᠡ ᠪᠠᠷᠢᠯᠳᠤᠭᠤᠯᠵᠦ ᠨᠠᠭᠠᠳᠳᠠᠭ ᠪᠠᠶᠢᠭᠰᠠᠨ᠂ ᠡᠨᠡ ᠰᠢᠪᠡᠭᠡ ᠨᠢ ᠮᠠᠯ ᠤᠨ ᠠᠷᠠᠰᠦ᠂ ᠬᠦᠮᠤᠨ ᠤ ᠬᠤᠪᠴᠠᠰᠤᠨ ᠳᠤ ᠬᠠᠳᠬᠤᠪᠠᠯ ᠲᠤᠳᠤᠭᠰᠢ ᠪᠠᠨ ᠤᠷᠤᠬᠤ ᠠᠴᠠ ᠪᠢᠰᠢ ᠭᠠᠷᠴᠦ ᠢᠷᠡᠳᠡᠭ ᠦᠬᠡᠢ᠂ ᠤᠴᠢᠷ ᠨᠢ ᠰᠢᠪᠡᠬᠡᠨ ᠤ ᠵᠡᠬᠦᠦ ᠰᠢᠭ ᠦᠵᠦᠬᠦᠷ ᠲᠤ ᠦᠵᠦᠬᠦᠷ ᠤᠨ ᠡᠰᠡᠷᠬᠦ ᠲᠠᠯ᠎ᠠ ᠦᠬᠡᠳᠡ ᠬᠠᠨᠳᠤᠨ ᠤᠷᠭᠤᠭᠰᠠᠨ ᠭᠤᠬ᠎ᠠ ᠰᠢᠭ᠋ ᠶᠠᠭᠤᠮ᠎ᠠ ᠲᠠᠢ ᠪᠤᠯᠬᠤᠷ ᠬᠠᠳᠬᠤᠭᠠᠳ ᠤᠷᠤᠪᠠᠯ ᠡᠷᠬᠢᠵᠦ ᠭᠠᠷᠴᠦ ᠢᠷᠡᠬᠦ ᠦᠬᠡᠢ᠂ ᠰᠠᠯᠬᠢᠨ ᠤ ᠬᠦᠴᠤᠨ ᠳᠤ ᠤᠯᠠᠮ ᠲᠤᠳᠤᠭᠰᠢ ᠤᠷᠤᠨ᠎ᠠ᠂ ᠡᠨᠡᠬᠦ ᠰᠢᠪᠡᠭᠡ ᠬᠠᠳᠠᠵᠦ ᠬᠤᠪᠠᠭ᠋ᠠᠶᠢᠷᠠᠵᠤ ᠤᠨᠠᠬᠤ ᠦᠶ᠎ᠠ ᠳᠤ ᠡᠶᠢᠮᠤ ᠭᠠᠵᠠᠷ ᠮᠠᠯ ᠬᠠᠷᠢᠭᠤᠯᠬᠤ ᠦᠬᠡᠢ ᠪᠠᠶᠢᠪᠠᠯ ᠰᠠᠶᠢᠨ᠂ ᠤᠷᠭᠤᠵᠦ ᠪᠤᠯᠪᠠᠰᠤᠷᠠᠵᠦ ᠪᠠᠶᠢᠬᠤ ᠳᠤ ᠮᠠᠯ ᠢᠳᠡᠬᠦ ᠲᠤᠷᠠᠳᠠᠢ ᠪᠠᠶᠢᠳᠠᠭ᠂ ᠡᠨᠡᠬᠦ ᠮᠤᠳᠤᠨ ᠬᠢᠯᠭᠠᠨ᠎ᠠ ᠪᠠᠷᠤᠭ ᠶᠡᠭᠡ ᠪᠤᠷᠤᠭᠠᠨ ᠲᠠᠢ ᠡᠷᠡᠨ ᠳᠤ 1 — 1.5 ᠮᠧᠲᠷ ᠦᠨᠳᠤᠷ ᠤᠷᠭᠤᠳᠠᠭ᠂ ᠡᠶᠢᠮᠤ ᠡᠪᠡᠰᠤ ᠰᠠᠶᠢᠨ ᠤᠷᠭᠤᠭᠰᠠᠨ ᠨᠤᠳᠤᠭ ᠲᠤ ᠪᠠᠶᠢᠪᠠᠯ ᠰᠠᠯᠬᠢ ᠴᠠᠰᠦ ᠶᠢ ᠬᠤᠷᠢᠭᠯᠠᠵᠦ ᠨᠦᠮᠤᠷᠢ ᠲᠠᠢ ᠪᠠᠶᠢᠳᠠᠭ᠃ ᠬᠡᠪᠡᠴᠦ ᠮᠠᠯᠴᠢᠳ ᠡᠨᠡᠬᠦ ᠰᠢᠪᠡᠭᠡ ᠡᠪᠡᠰᠦ ᠶᠢ ᠮᠠᠯ ᠤᠨ ᠲᠦᠷᠪᠡᠨ ᠬᠤᠤᠷᠳᠠᠨ ᠬᠡᠳᠡᠭ᠂ ᠬᠠᠪᠤᠷ ᠭᠠᠴᠢᠭ᠂ ᠬᠤᠪᠠᠯᠵᠠ᠂ ᠵᠤᠨ ᠢᠯᠠᠭ᠎ᠠ᠂ ᠪᠠᠳᠠᠭᠠᠨ᠎ᠠ᠂ ᠨᠠᠮᠤᠷ ᠰᠢᠪᠡᠭᠡ᠂ ᠡᠪᠤᠯ ᠴᠠᠩ ᠪᠤᠯᠵᠦ ᠬᠤᠪᠢᠷᠠᠨ ᠮᠠᠯ ᠢ ᠲᠠᠷᠴᠢᠯᠭᠠᠨ ᠵᠤᠪᠠᠭᠠᠳᠠᠭ᠂ ᠲᠠᠷᠭᠤ ᠬᠦᠴᠦ ᠶᠢ ᠨᠢ ᠲᠤᠷᠠᠭᠠᠳᠠᠭ ᠬᠤᠤᠷᠳᠠᠨ ᠶᠤᠮ᠃ ᠡᠶᠢᠮᠤ ᠠᠴᠠ ᠡᠨᠡ ᠲᠦᠷᠪᠡᠨ ᠤᠯᠠᠷᠢᠯ ᠳᠤ ᠤᠨᠴᠠ ᠠᠩᠬᠠᠷᠴᠦ ᠨᠤᠳᠤᠭᠯᠠᠬᠤ ᠬᠡᠷᠡᠭᠳᠠᠢ᠂ 50 — 64 ᠤᠨ ᠤ ᠦᠶ᠎ᠠ ᠳᠤ ᠤᠯᠠᠨ ᠵᠢᠯ ᠤᠷᠭᠤᠵᠦ ᠬᠤᠷᠠᠭᠰᠠᠨ ᠮᠤᠳᠤᠨ ᠬᠢᠯᠭᠠᠨ᠎ᠠ ᠶᠢᠨ ᠲᠤᠳᠤᠷ᠎ᠠ ᠮᠤᠷᠢᠳᠠᠢ ᠬᠦᠮᠤᠨ ᠶᠠᠪᠤᠬᠤ ᠳᠤ ᠮᠤᠷᠢᠳᠠᠢ ᠬᠦᠮᠤᠨ ᠤ ᠲᠦᠷᠦᠬᠡ ᠰᠢᠬᠦᠷᠳᠡᠭ ᠲᠡᠶᠢᠮᠤ ᠦᠨᠳᠤᠷ ᠤᠷᠭᠤᠳᠠᠭ ᠪᠠᠶᠢᠭᠰᠠᠨ᠂ ᠰᠢᠪᠡᠭᠡ ᠶᠡᠭᠡ ᠤᠷᠭᠤᠭᠰᠠᠨ ᠭᠠᠵᠠᠷ ᠪᠠ ᠶᠡᠭᠡ ᠰᠢᠪᠡᠭᠡ ᠲᠠᠢ ᠪᠤᠷᠳᠤᠭ᠎ᠠ ᠶᠢ ᠶᠠᠳᠠᠷᠠᠵᠦ ᠲᠤᠷᠠᠭᠰᠠᠨ ᠮᠠᠯ ᠢᠳᠡᠪᠡᠯ ᠲᠠᠩᠨᠠᠢ ᠵᠠᠪᠠᠵᠢ ᠳᠤ ᠨᠢ ᠬᠠᠳᠬᠤᠵᠦ ᠢᠳᠡᠬᠡᠯᠡᠵᠦ ᠬᠠᠪᠤᠳᠤᠭᠠᠳ ᠡᠪᠡᠰᠦ ᠢᠳᠡᠵᠦ ᠴᠢᠳᠠᠬᠤ ᠦᠬᠡᠢ ᠪᠤᠯᠳᠠᠭ᠂ ᠲᠡᠬᠦᠨ ᠢ ᠲᠡᠬᠦᠵᠦ ᠠᠪᠴᠦ ᠦᠭᠬᠦ ᠦᠬᠡᠢ ᠪᠤᠯ ᠲᠡᠷᠡ ᠮᠠᠯ ᠦᠬᠦᠳᠡᠭ ᠶᠤᠮ᠃   17. ᠬᠤᠨᠭ᠍ᠭᠤᠷ ᠵᠤᠯᠠ — ᠮᠤᠳᠤᠯᠢᠭ ᠡᠰᠢ ᠲᠠᠢ ᠦᠨᠳᠤᠷ ᠤᠷᠭᠤᠳᠠᠭ ᠤᠷᠭᠤᠮᠠᠯ᠂ ᠤᠷᠤᠢ ᠲᠡᠬᠡᠷ᠎ᠡ ᠨᠢ ᠪᠠᠶᠢᠳᠠᠭ ᠲᠡᠬᠡᠭᠰᠢ ᠪᠠᠨ ᠬᠠᠨᠳᠤᠭᠰᠠᠨ ᠪᠤᠷᠬᠠᠨ ᠤ ᠵᠤᠯᠠ ᠰᠢᠭ᠋ ᠬᠡᠯᠪᠡᠷᠢ ᠲᠠᠢ ᠲᠤᠳᠤᠷ᠎ᠠ ᠨᠢ ᠦᠷ᠎ᠡ ᠲᠠᠢ ᠬᠤᠸᠠᠷ ᠪᠠᠶᠢᠳᠠᠭ᠃ ᠳᠡᠬᠦᠨ ᠢ ᠬᠤᠨᠭ᠍ᠭᠤᠷ ᠵᠤᠯᠠ ᠬᠡᠬᠦ ᠪᠡ ᠵᠤᠯᠠ ᠡᠪᠡᠰᠦ ᠬᠡᠵᠦ ᠨᠠᠷᠠᠶᠢᠳᠳᠡᠭ ᠪᠠᠶᠢᠵᠠᠢ᠃ ᠤᠷᠭᠤᠵᠤ ᠪᠠᠶᠢᠬᠤ ᠳᠤᠨᠢ ᠨᠠᠪᠴᠢ ᠶᠢ ᠨᠢ ᠮᠠᠯ ᠢᠳᠡᠳᠡᠭ ᠪᠠ ᠪᠤᠯᠪᠠᠰᠤᠷᠠᠭᠰᠠᠨ ᠬᠤᠶᠢᠨ᠎ᠠ ᠬᠤᠨᠭ᠍ᠭᠤᠷ ᠵᠤᠯᠠ ᠶᠢ ᠴᠤ ᠢᠳᠡᠳᠡᠭ ᠶᠤᠮ᠃ ᠨᠠᠪᠴᠢ ᠶᠢ ᠨᠢ ᠴᠤ ᠢᠳᠡᠳᠡᠭ᠃ ᠳᠡᠭᠡᠷ᠎ᠠ ᠦᠶ᠎ᠠ ᠳᠤ ᠶᠡᠭᠡ ᠦᠨᠳᠦᠷ ᠤᠷᠭᠤᠳᠠᠭ᠂ ᠨᠠᠶᠢᠷ ᠤᠨ ᠤᠷᠤᠯᠳᠤᠭᠠᠨ ᠤ ᠮᠤᠷᠢ ᠤᠨᠤᠭᠰᠠᠨ ᠪᠦᠳᠦᠬᠦᠪᠳᠤᠷ ᠬᠡᠦᠭᠡᠳ ᠤᠨ ᠬᠦᠯ ᠤᠨ ᠬᠤᠷᠤᠭᠤ ᠶᠢᠨ ᠰᠠᠯᠠᠭ᠎ᠠ ᠶᠢ ᠰᠢᠪᠳᠤᠷᠳᠠᠭ ᠪᠠᠶᠢᠭᠰᠠᠨ᠃  18. ᠭᠠᠨᠭ᠍ᠭ᠎ᠠ ᠡᠪᠡᠰᠦ — ᠡᠨᠡ ᠡᠪᠡᠰᠦ ᠶᠡᠭᠡ ᠰᠠᠶᠢᠬᠠᠨ ᠦᠨᠦᠷ ᠲᠠᠢ᠂ ᠮᠠᠯ ᠳᠤ ᠰᠠᠩ ᠳᠠᠯᠪᠢᠳᠠᠭ᠃ ᠪᠠᠰᠠ ᠡᠪᠡᠳᠴᠢᠨ ᠢ ᠰᠠᠷᠭᠡᠶᠢᠯᠡᠬᠦ ᠪᠤᠶᠤ ᠡᠮᠨᠡᠳᠡᠭ᠃ ᠡᠨᠡ ᠡᠪᠡᠰᠦ ᠬᠠᠳᠠ ᠲᠠᠢ ᠦᠨᠳᠦᠷ ᠪᠤᠶᠤ ᠳᠤᠯᠤᠭᠠᠢ ᠶᠢᠨ ᠤᠷᠤᠢ ᠪᠠᠷ ᠤᠷᠭᠤᠳᠠᠭ᠃ ᠵᠢᠵᠢᠭᠡᠪᠳᠤᠷ ᠨᠠᠪᠴᠢ ᠲᠠᠢ᠃  19. ᠵᠡᠭᠡᠷᠭᠡᠨ᠎ᠠ ᠡᠪᠡᠰᠦ — ᠡᠨᠡ ᠡᠪᠡᠰᠦ ᠠᠯᠳᠠᠨ ᠠᠬᠢ ᠶᠢᠨ ᠴᠢᠨᠡᠭᠡ᠂ ᠬᠠᠳᠠᠳᠠᠢ ᠭᠠᠵᠠᠷ᠂ ᠦᠨᠳᠦᠷ ᠠᠭᠤᠯᠠ᠂ ᠳᠤᠯᠤᠭᠠᠢ ᠶᠢᠨ ᠤᠷᠤᠢ ᠪᠠᠷ ᠤᠷᠭᠤᠳᠠᠭ᠃ ᠰᠠᠶᠢᠬᠠᠨ ᠰᠢᠷᠡᠪᠳᠤᠷ ᠬᠦᠷᠡᠩ ᠦᠡᠭᠬᠡ ᠲᠠᠢ᠂ ᠭᠡᠦᠭᠡᠨᠴᠦᠳ ᠦᠰᠦ ᠪᠠᠨ ᠤᠬᠢᠶᠠᠪᠠᠯ ᠦᠰᠦ ᠨᠢ ᠤᠷᠳᠤ ᠤᠷᠭᠤᠨ᠎ᠠ ᠭᠡᠵᠦ ᠤᠬᠢᠶᠠᠳᠠᠭ ᠪᠠᠶᠢᠭᠰᠠᠨ᠃ ᠮᠠᠯ ᠤᠨ ᠡᠪᠡᠳᠴᠢᠨ ᠰᠢᠷᠬᠠᠨ ᠳᠤ ᠳᠠᠯᠪᠢᠳᠠᠭ᠂ ᠤᠬᠢᠶᠠᠨ ᠴᠠᠪᠠᠷᠯᠠᠨ ᠠᠷᠢᠭᠤᠳᠬᠠᠳᠠᠭ᠃   20. ᠳᠡᠮᠡᠭᠡᠨ ᠬᠦᠬᠦ — ᠬᠤᠨᠭ᠍ᠭᠤᠷ ᠵᠤᠯᠠ ᠲᠠᠢ ᠠᠳᠠᠯᠢᠪᠳᠤᠷ ᠮᠤᠳᠤᠯᠢᠭ ᠤᠷᠭᠤᠮᠠᠯ᠂ ᠮᠧᠲᠷ ᠰᠢᠬᠠᠭᠤ ᠦᠨᠳᠦᠷ ᠤᠷᠭᠤᠨ᠎ᠠ᠃ ᠨᠠᠪᠴᠢ ᠶᠢ ᠨᠢ ᠮᠠᠯ ᠢᠳᠡᠨ᠎ᠠ᠃ ᠡᠰᠢ ᠶᠢᠨ ᠬᠢᠨᠢ ᠦᠵᠦᠬᠦᠷ ᠲᠤ ᠤᠷᠭᠤᠭᠰᠠᠨ ᠮᠠᠯ ᠤᠨ ᠬᠦᠬᠦ‍ ᠰᠢᠭ ᠤᠭᠵᠢᠭᠤᠷ ᠪᠦᠭᠡᠷᠡᠩᠬᠡᠢ ᠵᠢᠮᠢᠰ ᠠᠴᠠ ᠨᠢ ᠴᠠᠭᠠᠨ ᠰᠦ ᠰᠢᠭ ᠰᠢᠩᠬᠡᠨ ᠵᠦᠢᠯ ᠭᠠᠷᠳᠠᠭ᠃ ᠬᠦᠮᠦᠨ ᠪᠠᠰᠠ ᠢᠳᠡᠵᠦ ᠪᠤᠯᠤᠨ᠎ᠠ᠃ ᠪᠤᠯᠪᠠᠰᠤᠷᠠᠭᠰᠠᠨ ᠬᠤᠶᠢᠨ᠎ᠠ ᠨᠢ ᠮᠠᠯ ᠢᠳᠡᠳᠡᠭ᠃   21. ᠬᠤᠷᠭᠤᠯᠵᠢ — ᠵᠦᠯᠬᠡ ᠡᠪᠡᠰᠦ ᠰᠢᠭ ᠵᠢᠵᠢᠭ ᠦᠷᠬᠦᠯᠵᠢᠯᠡᠭᠰᠡᠨ ᠬᠦᠷᠦᠰᠦ ᠲᠠᠢ᠂ ᠬᠤᠳᠤᠭᠤᠷ ᠤᠰᠤ ᠳᠤᠭᠳᠠᠳᠠᠭ ᠭᠠᠵᠠᠷ ᠪᠤᠶᠤ ᠭᠤᠤᠯ᠂ ᠪᠤᠯᠠᠭ᠂ ᠨᠠᠭᠤᠷ ᠤᠨ ᠬᠦᠪᠡᠭᠡ ᠪᠠᠷ ᠤᠷᠭᠤᠳᠠᠭ᠃ ᠪᠠᠰᠠ ᠳᠤᠭᠳᠠᠭᠰᠠᠨ ᠤᠰᠤᠨ ᠳᠤ ᠴᠤ ᠤᠷᠭᠤᠳᠠᠭ᠂ ᠮᠠᠯ ᠢᠳᠡᠬᠦ ᠳᠤᠷᠠᠳᠠᠢ ᠤᠷᠭᠤᠮᠠᠯ ᠤᠨ ᠨᠢᠬᠡ ᠶᠤᠮ᠃   22. ᠭᠡᠷᠡᠰ — ᠭᠤᠤᠯ᠂ ᠨᠠᠭᠤᠷ᠂ ᠪᠤᠯᠠᠭ ᠤᠨ ᠬᠦᠪᠡᠭᠡ ᠪᠠᠷ ᠬᠤᠵᠢᠷᠳᠠᠢ ᠭᠠᠵᠠᠷ ᠤᠷᠭᠤᠳᠠᠭ᠃ ᠵᠦᠯᠬᠡ ᠲᠠᠢ ᠠᠳᠠᠯᠢᠪᠳᠤᠷ ᠤᠷᠭᠤᠮᠠᠯ ᠶᠤᠮ᠃ ᠮᠠᠯ ᠢᠳᠡᠳᠡᠭ᠂ ᠬᠤᠵᠢᠷ ᠲᠠᠢ ᠪᠤᠯᠬᠤᠷ ᠮᠠᠯ ᠤᠨ ᠬᠤᠵᠢᠷᠰᠠᠭ᠎ᠠ ᠶᠢ ᠳᠠᠶᠢᠯᠳᠠᠭ᠃   23. ᠰᠢᠷ᠎ᠠ ᠪᠤᠵᠠᠮᠠᠭ — ᠰᠢᠷ᠎ᠠ ᠦᠡᠭᠬᠡᠳᠡᠢ ᠬᠤᠵᠢᠷᠯᠢᠭ ᠡᠪᠡᠰᠦ᠂ ᠰᠢᠷ᠎ᠠ ᠪᠤᠳᠠᠷᠭᠠᠨ᠎ᠠ ᠶᠢᠨ ᠰᠠᠯᠠᠭ᠎ᠠ ᠰᠢᠭ᠋ ᠪᠡᠶ᠎ᠠ ᠲᠠᠢ᠂ ᠮᠠᠯ ᠤᠨ ᠬᠤᠵᠢᠷᠰᠠᠭ᠎ᠠ ᠶᠢ ᠳᠠᠶᠢᠯᠳᠠᠭ ᠤᠷᠭᠤᠮᠠᠯ᠂ ᠤᠯᠠᠭᠠᠨ ᠵᠠᠯᠠᠭ᠎ᠠ ᠲᠠᠢ ᠠᠳᠠᠯᠢᠪᠳᠤᠷ᠃   24. ᠬᠠᠷ᠎ᠠ ᠪᠤᠵᠠᠮᠠᠭ — ᠦᠡᠭᠬᠡ ᠨᠢ ᠬᠠᠷ᠎ᠠ᠂ ᠳᠡᠭᠡᠷᠡᠬᠢ ᠰᠢᠷ᠎ᠠ ᠪᠤᠵᠠᠮᠠᠭ ᠲᠠᠢ ᠠᠳᠠᠯᠢ ᠴᠢᠨᠠᠷ ᠲᠠᠢ ᠡᠪᠡᠰᠦ᠃ ᠮᠠᠯ ᠤᠨ ᠬᠤᠵᠢᠷᠰᠠᠭ᠎ᠠ ᠶᠢ ᠳᠠᠶᠢᠯᠤᠨ᠎ᠠ᠃   25. ᠤᠯᠠᠭᠠᠨ ᠵᠠᠯᠠᠭ᠎ᠠ ︵ᠤᠯᠠᠭᠠᠨ ᠪᠤᠳᠠᠷᠠᠭᠠᠨ᠎ᠠ︶ — ᠬᠦᠢᠰ ᠬᠦᠢᠰ᠂ ᠬᠡᠰᠡᠭ ᠬᠡᠰᠡᠭ ᠤᠷᠭᠤᠳᠠ᠊ ‍ᠭ ᠤᠯᠠᠭᠠᠨ ᠦᠷ᠎ᠡ ᠲᠠᠢᠠ ᠬᠤᠵᠢᠷᠯᠢᠭ ᠡᠪᠡᠰᠦ ᠮᠠᠯ ᠢᠳᠡᠪᠡᠯ ᠬᠤᠵᠢᠷᠰᠠᠭ᠎ᠠ ᠨᠢ ᠭᠠᠷᠳᠠᠭ᠂ ᠬᠠᠪᠤᠷ ᠡᠷᠳᠡ ᠭᠤᠤᠯᠯᠠᠳᠠᠭ ᠃ ᠲᠡᠷᠤᠢ ᠦᠨᠳᠤᠰᠦ ᠰᠠᠯᠠᠭ᠎ᠠ ᠨᠢ ᠡᠷᠳᠠ ᠭᠤᠤᠯ ᠢᠶᠠᠷ ᠢᠶᠠᠨ ᠨᠤᠭᠤᠭᠠᠷᠠᠳᠠᠭ᠃ ᠡᠪᠡᠰᠦ ᠬᠤᠪᠤᠷ᠂ ᠪᠡᠯᠴᠢᠬᠡᠷ ᠮᠠᠭᠤ ᠨᠤᠳᠤᠭ ᠲᠠᠢ ᠡᠷᠡᠨ ᠳᠤ ᠡᠶᠢᠮᠤ ᠭᠠᠵᠠᠷ ᠬᠠᠪᠤᠷᠵᠢᠪᠠᠯ ᠡᠬᠡ ᠮᠠᠯ ᠤᠨ ᠰᠦ ᠲᠤᠳᠠᠳᠠᠭ ᠦᠬᠡᠢ᠂ ᠲᠦᠯ ᠮᠠᠯ ᠤᠨ ᠪᠤᠶᠢᠵᠢᠯᠳᠠ ᠴᠦ ᠰᠠᠶᠢᠨ ᠪᠠᠶᠢᠳᠠᠭ᠂ ᠡᠶᠢᠮᠤ ᠭᠠᠵᠠᠷ ᠬᠠᠷᠠᠬᠤ ᠳᠤ ᠡᠪᠡᠰᠦ ᠦᠬᠡᠢ ᠰᠢᠭ ᠪᠠᠶᠢᠳᠠᠯ᠎ᠠ ᠮᠠᠯ ᠰᠠᠶᠢᠨ ᠪᠠᠶᠢᠳᠠᠭ ᠤᠨ ᠤᠴᠢᠷ ᠨᠢ ᠤᠯᠠᠭᠠᠨ ᠵᠠᠯᠠᠭᠠᠨ ᠤᠨ ᠦᠨᠳᠤᠰᠦ ᠳᠤ ᠬᠡᠶᠢᠰᠴᠦ ᠢᠷᠡᠭᠰᠠᠨ ᠡᠯ᠎ᠠ ᠵᠦᠢᠯ ᠤᠨ ᠡᠪᠡᠰᠦᠨ ᠦᠷ᠎ᠠ ᠪᠠ ᠡᠪᠡᠰᠦ᠂ ᠬᠠᠵᠠᠭᠠᠷ ᠡᠪᠡᠰᠦ ᠵᠡᠷᠬᠡ ᠴᠤᠭᠯᠠᠷᠠᠵᠦ ᠮᠠᠯ ᠳᠤ ᠢᠳᠡᠰᠢ ᠪᠤᠯᠵᠦ ᠪᠠᠶᠢᠳᠠᠭ᠃ ᠡᠬᠦᠨ ᠢ ᠤᠯᠠᠭᠠᠨ ᠵᠠᠯᠠᠭᠠᠨ ᠤ ᠰᠢᠪᠳᠠᠰᠤ ᠬᠡᠳᠡᠭ᠃   26. ᠰᠢᠷ᠎ᠠ ᠪᠤᠳᠠᠷᠠᠭᠠᠨ᠎ᠠ — ᠪᠤᠳᠠᠯᠢᠭ ᠬᠦᠢᠰ ᠬᠦᠢᠰ ᠢᠶᠠᠷ ᠤᠷᠭᠤᠳᠠᠭ᠂ ᠰᠢᠷ᠎ᠠ ᠦᠡᠭᠬᠡ ᠲᠠᠢ ᠬᠤᠵᠢᠷ ᠲᠠᠢ ᠡᠪᠡᠰᠦ ᠶᠤᠮ᠃ ᠤᠯᠠᠭᠠᠨ ᠵᠠᠯᠠᠭᠠᠨ ᠠᠴᠠ ᠦᠨᠳᠤᠷ ᠤᠷᠭᠤᠳᠠᠭ ᠪᠠ ᠪᠤᠳᠠ ᠨᠢ ᠪᠦᠳᠦᠬᠦᠨ ᠪᠠᠶᠢᠳᠠᠭ᠂ ᠮᠠᠯ ᠬᠤᠵᠢᠷᠰᠠᠭᠠᠳ ᠰᠢᠷ᠎ᠠ ᠪᠤᠳᠠᠷᠠᠭᠠᠨ᠎ᠠ ᠳᠤ ᠤᠷᠤᠭᠠᠳ ᠲᠠᠮᠠᠢ ᠬᠡᠳᠦ ᠢᠳᠡᠯ ᠦᠬᠡᠢ ᠭᠠᠷᠳᠠᠭ᠂ ᠤᠴᠢᠷ ᠨᠢ ᠬᠤᠵᠢᠷ ᠨᠢ ᠲᠤᠩ ᠶᠡᠭᠡ ᠲᠠᠪᠤᠰᠦ ᠲᠠᠢ ᠪᠠᠶᠢᠳᠠᠭ᠂ ᠶᠡᠷᠤ ᠳᠤ ᠪᠠᠨ ᠡᠪᠡᠰᠤᠨ ᠬᠤᠵᠢᠷ ᠲᠤ ᠮᠠᠯ ᠬᠤᠵᠢᠷᠯᠠᠬᠤ ᠳᠤ ᠴᠠᠭᠠᠨ ᠡᠪᠡᠰᠦ ᠪᠠᠶᠢᠬᠤ ᠦᠬᠡᠢ ᠪᠤᠯᠬᠤ ᠦᠬᠡᠢ᠂ ᠨᠢᠬᠡ ᠪᠠᠭ᠎ᠠ ᠢᠳᠡᠬᠡᠳ ᠮᠠᠯ ᠦᠪᠡᠷ ᠲᠤ ᠪᠠᠨ ᠭᠠᠷᠤᠭᠠᠳ ᠶᠠᠪᠤᠨ᠎ᠠ ᠂ ᠴᠠᠭᠠᠨ ᠡᠪᠡᠰᠤᠨ ᠳᠤᠨᠢ ᠨᠢᠬᠡ ᠬᠡᠰᠡᠭ ᠢᠳᠡᠭᠰᠠᠨ ᠤ ᠲᠠᠷᠠᠭ᠎ᠠ ᠲᠠᠬᠢᠨ ᠬᠤᠵᠢᠷ ᠲᠤ ᠤᠷᠤᠨ᠎ᠠ᠂ ᠢᠡᠭᠬᠢᠵᠦ ᠬᠤᠵᠢᠷᠯᠠᠨ᠎ᠠ᠃ ᠡᠪᠤᠯ ᠤᠨ ᠭᠤᠷᠪᠠᠨ ᠶᠢᠰᠦ ᠶᠢᠨ ᠲᠤᠮᠳᠠ ᠢᠳᠡᠬᠦᠯᠳᠡᠭ ᠦᠬᠡᠢ᠂ ᠰᠢᠷ᠎ᠠ ᠪᠤᠳᠠᠷᠠᠭᠠᠨ᠎ᠠ ᠶᠢᠨ ᠭᠤᠤᠯ ᠨᠢ ᠬᠦᠯᠳᠡᠬᠦᠦ ᠬᠡᠳᠡᠭ᠃ ᠭᠤᠷᠪᠠᠨ ᠶᠢᠰᠤ ᠦᠡᠭᠬᠡᠷᠡᠪᠡᠯ ᠰᠢᠷ᠎ᠠ ᠪᠤᠳᠠᠷᠠᠭᠠᠨ᠎ᠠ ᠶᠢᠨ ᠭᠤᠤᠯ ᠬᠡᠰᠴᠦ ᠨᠤᠭᠤᠭᠠᠷᠠᠳᠠᠭ᠃ ᠨᠡᠩ ᠴᠦ ᠤᠷᠢ ᠤᠷᠤᠪᠠᠯ ᠪᠤᠳᠠᠷᠠᠭᠠᠨ᠎ᠠ ᠬᠤᠭᠤᠯᠠ ᠪᠤᠯᠤᠨ᠎ᠠ ᠬᠡᠳᠡᠭ᠂ ᠰᠢᠷ᠎ᠠ ᠪᠤᠳᠠᠷᠠᠭᠠᠨ᠎ᠠ ᠲᠤᠳᠤᠷ᠎ᠠ ᠬᠤᠵᠢᠷ ᠨᠢ ᠶᠡᠭᠡ ᠬᠦᠴᠤᠳᠠᠢ ᠪᠤᠯᠬᠤᠷ ᠡᠯᠳᠡᠪ ᠶᠠᠩᠵᠦ ᠶᠢᠨ ᠴᠠᠭᠠᠨ ᠡᠪᠡᠰᠦ ᠲᠠᠮᠠᠢ ᠤᠷᠭᠤᠵᠦ ᠴᠢᠳᠠᠳᠠᠭ ᠦᠬᠡᠢ᠂ ᠬᠠᠷᠢᠨ ᠪᠤᠷᠤᠭᠠᠨ ᠶᠡᠭᠡ ᠵᠢᠯ ᠵᠦᠯᠬᠡ᠂ ᠬᠢᠶᠠᠭ᠂ ᠬᠢᠯᠭᠠᠨ᠎ᠠ ᠵᠡᠷᠬᠡ ᠴᠠᠭᠠᠨ ᠡᠪᠡᠰᠤ ᠤᠷᠭᠤᠳᠠᠭ᠃   27. ᠬᠡᠷᠢᠶ᠋ᠨᠨ ᠨᠢᠳᠤ — ᠤᠯᠠᠭᠠᠨ ᠦᠷᠢᠯ ᠲᠠᠢ᠂ ᠨᠠᠷᠢᠨ ᠮᠦᠴᠢᠷ ᠲᠠᠢ᠂ ᠮᠠᠯ ᠪᠠᠭ᠎ᠠ ᠢᠳᠡᠨ᠎ᠠ᠂ ᠶᠡᠭᠡ ᠬᠤᠪᠤᠷ ᠴᠤᠬᠠᠭ ᠡᠪᠡᠰᠦ ᠶᠤᠮ᠃   28. ᠨᠤᠬᠠᠢ ᠶᠢᠨ ᠬᠤᠰᠢᠭᠤ — ᠬᠠᠭᠤᠷᠠᠢ ᠰᠢᠯᠢ ᠭᠠᠵᠠᠷ ᠤᠷᠭᠤᠨ᠎ᠠ᠂ ᠮᠠᠯ ᠪᠠᠭ᠎ᠠ ᠢᠳᠡᠳᠡᠭ ᠪᠠᠰᠠ ᠬᠤᠪᠤᠷ ᠴᠤᠬᠠᠭ ᠡᠪᠡᠰᠦ ᠶᠤᠮ᠃   29. ᠰᠢᠬᠢᠷ ᠡᠪᠡᠰᠦ — ᠰᠢᠯᠢ ᠭᠠᠵᠠᠷ ᠤᠷᠭᠤᠳᠠᠭ᠂ ᠦᠨᠳᠤᠰᠦ ᠨᠢ ᠯᠤᠤᠪᠠᠩ ᠰᠢᠭ᠋ ᠬᠡᠯᠪᠡᠷᠢ ᠲᠠᠢ᠂ ᠬᠡᠪᠡᠴᠦ ᠵᠢᠵᠢᠭᠡᠪᠳᠦᠷ ᠦᠨᠳᠤᠰᠦ ᠲᠠᠢ᠂ ᠢᠳᠡᠵᠦ ᠦᠵᠡᠬᠦ ᠳᠤ ᠰᠢᠬᠢᠷᠯᠢᠭ ᠠᠮᠳᠠ ᠲᠠᠢ᠂ ᠬᠦᠮᠤᠨ ᠮᠠᠯ ᠤᠨ ᠡᠪᠡᠳᠴᠢᠨ ᠵᠠᠰᠠᠬᠤ ᠳᠤ ᠬᠡᠷᠡᠭᠯᠡᠳᠡᠭ᠂ ᠨᠠᠪᠴᠢ ᠶᠢ ᠨᠢ ᠮᠠᠯ ᠢᠳᠡᠳᠡᠭ᠃   30. ᠴᠠᠢ ᠡᠪᠡᠰᠦ — ᠰᠢᠯᠢ ᠨᠤᠳᠤᠭ ᠲᠤ ᠤᠷᠭᠤᠳᠠᠭ᠂ ᠮᠠᠯ ᠢᠳᠡᠳᠡᠭ᠂ ᠬᠡᠪᠡᠴᠦ ᠶᠡᠭᠡ ᠬᠤᠪᠤᠷ ᠴᠤᠬᠠᠭ ᠡᠪᠡᠰᠤ ᠶᠤᠮ᠃   31. ᠰᠢᠪᠠᠭᠤᠨ ᠬᠦᠯ — ᠲᠠᠭᠠᠨ᠎ᠠ ᠶᠢ ᠪᠤᠳᠤᠪᠠᠯ ᠢᠯᠡᠬᠦᠦ ᠬᠡᠳᠤᠨ ᠰᠠᠯᠠᠭ᠎ᠠ ᠲᠠᠢ ᠬᠤᠪᠤᠷ ᠴᠤᠬᠠᠭ ᠡᠪᠡᠰᠦ ᠶᠤᠮ᠂ ᠮᠠᠯ ᠢᠳᠡᠳᠡᠭ᠃   32. ᠰᠤᠷᠤᠭᠤᠳᠠᠭ — ᠲᠠᠭᠠᠨ᠎ᠠ ᠠᠴᠠ ᠦᠨᠳᠤᠷ ᠦᠬᠡᠢ᠂ ᠨᠠᠮᠤᠷ ᠤᠷᠭᠤᠳᠠᠭ᠂ ᠬᠤᠨᠢ ᠢᠳᠡᠪᠡᠯ ᠠᠮᠠᠷᠬᠠᠨ ᠲᠠᠷᠭᠤᠯᠠᠳᠠᠭ᠂ ᠶᠡᠭᠡ ᠬᠤᠪᠤᠷ ᠤᠷᠭᠤᠮᠠᠯ ᠶᠤᠮ᠃  33. ᠰᠡᠷᠪᠡᠭ — ᠠᠯᠳᠠᠨ ᠠᠬᠢ ᠲᠠᠢ ᠪᠠᠷᠤᠭ᠂ ᠬᠠᠬᠢᠷ ᠭᠠᠵᠠᠷ᠂ ᠬᠤᠭᠤᠯᠠᠢ ᠨᠤᠳᠤᠭ ᠲᠤ ᠤᠷᠭᠤᠳᠠᠭ᠂ ᠪᠠᠰᠠ ᠲᠠᠯᠠᠩ ᠬᠤᠸᠠ ᠶᠢᠨ ᠤᠷᠤᠢ ᠲᠡᠬᠡᠬᠦᠷ ᠤᠷᠭᠤᠳᠠᠭ ᠮᠠᠯ ᠤᠨ ᠲᠠᠷᠭᠤ ᠠᠪᠬᠤ ᠳᠤ ᠲᠤᠰᠠᠳᠠᠢ᠂ ᠬᠤᠨᠢ ᠶᠡᠭᠡ ᠢᠳᠡᠬᠦ ᠲᠤᠷᠠᠳᠠᠢ ᠤᠷᠭᠤᠮᠠᠯ᠂ ᠶᠡᠭᠡ ᠬᠤᠪᠤᠷ᠃  34. ᠪᠤᠵᠤᠮᠤᠯᠢᠭ — ᠨᠠᠮᠤᠷ ᠦᠨᠳᠤᠷ ᠤᠷᠭᠤᠳᠠᠭ᠂ ᠰᠢᠯᠢ ᠭᠠᠵᠠᠷ᠂ ᠬᠠᠳᠠ ᠲᠠᠢ ᠭᠠᠵᠠᠷ ᠤᠷᠭᠤᠨ᠎ᠠ᠂ ᠤᠷᠤᠢ ᠲᠡᠬᠡᠷ᠎ᠡ ᠨᠢ ᠰᠢᠷ᠎ᠠ ᠬᠤᠸᠠᠷ ᠲᠠᠢ᠂ ᠴᠠᠰᠤ ᠤᠷᠤᠩᠭᠤᠳᠠ ᠮᠠᠯ ᠢᠳᠡᠬᠦ ᠲᠤᠷᠠᠳᠠᠢ᠂ ᠬᠤᠪᠤᠷ ᠴᠤᠬᠠᠭ ᠤᠷᠭᠤᠮᠠᠯ ᠶᠤᠮ᠃  35. ᠤᠳᠤᠭᠠᠳᠠᠨ — ᠦᠶᠡᠳᠤ ᠰᠢᠭ ᠤᠷᠭᠤᠳᠠᠭ᠂ ᠲᠤᠯᠤᠭᠠᠢ ᠶᠢᠨ ᠦᠵᠦᠬᠦᠷ ᠲᠤ ᠪᠠᠨ ᠰᠠᠯᠠᠭᠠᠯᠠᠭᠰᠠᠨ ᠨᠠᠪᠴᠢ ᠲᠠᠢ᠂ ᠬᠠᠷᠠᠬᠤ ᠳᠤ ᠡᠷᠳᠠᠨ ᠤ ᠤᠳᠤᠭ᠎ᠠ ᠵᠢᠩᠰᠠ ᠲᠠᠢ ᠬᠦᠮᠤᠨ ᠰᠢᠭ ᠪᠤᠯᠬᠤᠷ ᠤᠳᠤᠭᠠᠳᠠᠨ ᠡᠪᠡᠰᠦ ᠬᠡᠳᠡᠭ ᠶᠤᠮ᠃ ᠮᠠᠯ ᠲᠠᠮᠠᠢ ᠢᠳᠡᠬᠦ ᠦᠬᠡᠢ ᠰᠢᠮ᠎ᠠ ᠮᠠᠭᠤ ᠲᠠᠢ ᠤᠷᠭᠤᠮᠠᠯ᠂ ᠮᠠᠯᠴᠢᠳ ᠬᠡᠯᠡᠬᠦ ᠳᠤ ᠪᠠᠨ ᠡᠶᠢᠮᠤ ᠡᠪᠡᠰᠦ ᠶᠡᠭᠡ ᠤᠷᠭᠤᠭᠰᠠᠨ ᠵᠢᠯ ᠵᠤᠤᠨᠯᠠᠨ᠎ᠠ ᠬᠡᠵᠤ ᠶᠠᠷᠢᠵᠠᠭᠠᠳᠠᠭ᠃  36. ᠪᠤᠷᠤᠳᠦᠯᠡᠭ — ᠦᠶᠡᠳᠦ ᠰᠢᠭ ᠤᠷᠭᠤᠳᠠᠭ᠂ ᠮᠠᠯ ᠳᠤ ᠲᠤᠰᠠ ᠲᠠᠢ ᠪᠤᠯᠪᠠᠴᠤ ᠶᠡᠭᠡ ᠬᠤᠪᠤᠷ ᠤᠷᠭᠤᠨ᠎ᠠ᠂ ᠬᠤᠪᠤᠷ ᠴᠤᠬᠠᠭ ᠤᠷᠭᠤᠮᠠᠯ ᠶᠤᠮ᠃  37. ᠬᠠᠳᠠᠶᠢᠷ ᠡᠪᠡᠰᠦ — ᠴᠢᠬᠢᠭᠯᠢᠭ ᠭᠠᠵᠠᠷ ᠤᠷᠭᠤᠨ᠎ᠠ᠂ ᠡᠪᠡᠰᠤᠨ ᠤ ᠰᠠᠯᠠᠭᠠᠨ ᠳᠤ ᠪᠠᠨ ᠴᠠᠭᠠᠨ ᠦᠷ᠎ᠠ ᠲᠠᠢ᠂ ᠡᠬᠦᠨ ᠢ ᠨᠢ ᠮᠠᠯ ᠢᠳᠡᠪᠡᠯ ᠬᠠᠳᠠᠶᠢᠷ ᠬᠤᠷᠤᠬᠠᠢ ᠲᠠᠢ ᠪᠤᠯᠤᠨ᠎ᠠ᠂ ᠨᠡᠩ ᠴᠦ ᠢᠮᠠᠭ᠎ᠠ ᠢᠳᠡᠬᠦ ᠲᠤᠷᠠᠳᠠᠢ ᠂ ᠡᠶᠢᠮᠤ ᠬᠠᠳᠠᠶᠢᠷ ᠡᠪᠡᠰᠦ ᠲᠠᠢ ᠨᠤᠳᠤᠭ ᠲᠤ ᠮᠠᠯ ᠬᠠᠷᠢᠭᠤᠯᠬᠤ ᠦᠬᠡᠢ ᠪᠤᠯ ᠰᠠᠶᠢᠨ᠂ ᠡᠨᠡ ᠡᠪᠡᠰᠦ ᠬᠠᠶᠠ ᠬᠠᠶᠠ ᠭᠠᠵᠠᠷ ᠤᠷᠭᠤᠳᠠᠭ᠂ ᠵᠠᠷᠢᠮ ᠵᠢᠯ ᠶᠡᠭᠡ ᠤᠷᠭᠤᠵᠤ᠂ ᠤᠯᠠᠩᠬᠢ ᠵᠢᠯ ᠲᠠᠮᠠᠢ ᠤᠷᠭᠤᠬᠤ ᠦᠬᠡᠢ᠃  38. ᠦᠬᠡᠷ ᠱᠦᠯᠬᠡᠢ — ᠴᠠᠭᠠᠨ ᠪᠤᠭᠤᠷᠤᠯ ᠦᠡᠭᠬᠡ ᠲᠠᠢ᠂ ᠬᠦᠨᠳᠠᠢ ᠪᠡᠶ᠎ᠡ ᠲᠠᠢ ᠮᠠᠯ ᠲᠠᠮᠠᠢ ᠢᠳᠡᠬᠦ ᠦᠬᠡᠢ᠂ ᠦᠬᠡᠷ ᠱᠦᠯᠬᠡᠢ ᠶᠡᠭᠡ ᠤᠷᠭᠤᠭᠰᠠᠨ ᠵᠢᠯ ᠵᠤᠳ ᠪᠤᠯᠤᠨ᠎ᠠ ᠬᠡᠵᠦ ᠮᠠᠯᠴᠢᠳ ᠬᠡᠯᠡᠳᠡᠭ᠃  39. ᠦᠶᠡᠳᠦ — ᠤᠰᠤ ᠲᠤᠬᠳᠠᠳᠠᠭ ᠭᠠᠵᠠᠷ ᠪᠤᠶᠤ ᠴᠢᠬᠢᠭ ᠲᠠᠢ ᠭᠠᠵᠠᠷ ᠤᠷᠭᠤᠨ᠎ᠠ᠂ ᠪᠠᠰᠠ ᠲᠤᠭᠳᠠᠭᠰᠠᠨ ᠤᠰᠤᠨ ᠲᠤᠳᠤᠷ᠎ᠠ ᠴᠦ ᠤᠷᠭᠤᠨ᠎ᠠ᠂ ᠨᠡᠯᠢᠶᠡᠳ ᠦᠨᠳᠤᠷ ᠤᠷᠭᠤᠨ᠎ᠠ᠂ 30 — 50 ᠰᠠᠨᠲ᠋ᠢᠮᠧᠲᠷ ᠦᠨᠳᠤᠷ᠂ ᠰᠢᠮ᠎ᠠ ᠮᠠᠭᠤ ᠬᠦᠨᠳᠠᠢ ᠡᠪᠡᠰᠤ ᠶᠤᠮ᠃  40. ᠲᠦᠷᠪᠡᠭᠡ ᠡᠪᠡᠰᠦ — ᠬᠤᠨᠢᠨ ᠤ ᠪᠠᠭᠤᠴᠠᠨ ᠤ ᠰᠢᠭᠵᠢᠷ ᠲᠤᠭᠤᠤᠷ ᠦᠨᠳᠤᠰᠦ ᠪᠠᠷ ᠢᠶᠠᠨ ᠵᠠᠯᠭᠠᠯᠳᠤᠨ ᠤᠷᠭᠤᠳᠠᠭ᠂ ᠦᠶᠡᠳᠦ ᠠᠳᠠᠯᠢ ᠦᠶ᠎ᠡ ᠲᠠᠢ ᠤᠷᠭᠤᠮᠠᠯ ᠶᠤᠮ᠂ ᠰᠢᠳᠠᠭᠠᠬᠤ ᠳᠤ ᠹᠢᠳ ᠹᠢᠳ ᠲᠤᠤᠭᠠᠷᠳᠠᠭ ᠪᠦᠬᠡᠳ ᠮᠠᠯ ᠪᠠᠰᠠ ᠢᠳᠡᠳᠡᠭ ᠶᠤᠮ᠃  41. ᠵᠠᠩᠭᠤᠤ — ᠬᠠᠳᠠᠭᠤᠯᠢᠭ ᠪᠠᠶ᠎ᠡ ᠲᠠᠢ᠂ ᠪᠡᠶ᠎ᠠ ᠳᠤ ᠪᠠᠨ ᠬᠡᠰᠡᠭ ᠬᠡᠰᠡᠭ ᠦᠷᠬᠡᠰᠦ ᠲᠠᠢ ᠦᠷ᠎ᠠ ᠲᠠᠢ᠂ ᠡᠬᠦᠨ ᠢ ᠮᠠᠯ ᠢᠳᠡᠬᠦ ᠦᠬᠡᠢ᠂ ᠡᠨᠡ ᠦᠷ᠎ᠡ ᠨᠢ ᠬᠦᠮᠤᠨ ᠤ ᠲᠡᠪᠡᠯ ᠬᠤᠪᠴᠠᠰᠤᠨ ᠳᠤ ᠨᠠᠭᠠᠯᠳᠤᠪᠠᠯ ᠰᠠᠯᠬᠤ ᠦᠬᠡᠢ᠃  42. ᠱᠦᠬᠦᠷ ᠡᠪᠡᠰᠦ — ᠮᠤᠳᠤᠯᠢᠭ ᠪᠠᠶ᠎ᠡ ᠲᠠᠢ ᠤᠯᠠᠨ ᠰᠠᠯᠠᠭ᠎ᠠ ᠲᠠᠢ ᠤᠷᠭᠤᠮᠠᠯ᠂ ᠮᠠᠯ ᠦᠵᠦᠬᠦᠷ ᠢ ᠨᠢ ᠰᠢᠷᠪᠢᠵᠦ ᠢᠳᠡᠳᠡᠭ᠂ ᠡᠨᠡ ᠡᠪᠡᠰᠦ ᠢ ᠲᠠᠬᠦᠵᠤ ᠠᠪᠤᠭᠠᠳ᠂ ᠲᠤᠭᠤᠭᠠᠨ ᠤ ᠱᠦᠬᠦᠷ᠂ ᠭᠠᠵᠠᠷ ᠤᠨ ᠱᠦᠬᠦᠷ ᠬᠢᠵᠦ ᠪᠤᠯᠳᠠᠭ ᠪᠤᠯᠬᠤᠷ ᠱᠦᠬᠦᠷ ᠡᠪᠡᠰᠦ ᠬᠡᠵᠠᠢ᠃  43. ᠬᠠᠮᠬᠤᠤᠯ — ᠤᠨᠳᠤᠰᠦ ᠮᠠᠭᠤᠳᠠᠢ᠂ ᠨᠢᠬᠡ ᠦᠨᠳᠤᠰᠦ ᠲᠠᠬᠡᠷ᠎ᠡ ᠤᠯᠠᠨ ᠰᠠᠯᠠᠭ᠎ᠠ ᠲᠠᠢ ᠤᠷᠭᠤᠳᠠᠭ᠂ ᠬᠠᠳᠠᠵᠦ ᠬᠤᠪᠠᠭ᠋ᠠᠶᠢᠷᠠᠪᠠᠯ ᠰᠠᠯᠬᠢᠨ ᠳᠤ ᠦᠨᠳᠤᠰᠦ ᠪᠠᠷ ᠢᠶᠠᠨ ᠪᠤᠯᠭᠠᠷᠠᠵᠦ ᠬᠡᠶᠢᠰᠴᠦ ᠶᠠᠪᠤᠨ᠎ᠠ᠂ ᠰᠢᠮ᠎ᠠ ᠲᠠᠢ ᠪᠠᠶᠢᠬᠤ ᠳᠤ ᠨᠢ ᠬᠠᠳᠤᠵᠦ ᠬᠤᠷᠢᠶᠠᠪᠠᠯ ᠮᠠᠯ ᠲᠡᠵᠢᠬᠡᠬᠦ ᠳᠤ ᠪᠤᠯᠤᠨ᠎ᠠ᠃  44. ᠱᠠᠷᠢᠯᠵᠠ — ᠭᠤᠤᠯᠳᠠᠭᠤ ᠬᠦᠨᠳᠠᠢ᠂ ᠵᠢᠯᠠᠭ᠎ᠠ ᠭᠠᠵᠠᠷ ᠶᠡᠭᠡ ᠵᠤᠵᠠᠭᠠᠨ ᠤᠷᠭᠤᠨ᠎ᠠ᠂ ᠪᠠᠰᠠ ᠬᠤᠯᠤᠭᠠᠨ᠎ᠠ ᠶᠢᠨ ᠨᠦᠬᠡ ᠦᠯᠢ ᠲᠠᠢ ᠭᠠᠵᠠᠷ ᠪᠦᠬᠡᠮ ᠢᠶᠠᠷ ᠤᠷᠭᠤᠨ᠎ᠠ᠂ ᠭᠠᠨᠭ᠍ᠳᠠᠭᠤ ᠡᠷᠡᠨ ᠳᠤ ᠶᠡᠭᠡ ᠤᠷᠭᠤᠨ᠎ᠠ᠂ ᠦᠨᠳᠤᠷ ᠤᠷᠭᠤᠮᠠᠯ ᠮᠠᠯ ᠲᠠᠮᠠᠢ ᠢᠳᠡᠬᠦ ᠦᠬᠡᠢ᠂ ᠦᠷ᠎ᠠ ᠨᠠᠪᠴᠢ ᠶᠢ ᠨᠢ ᠬᠤᠨᠢ ᠢᠮᠠᠭ᠎ᠠ ᠢᠳᠡᠳᠡᠭ᠂ ᠶᠡᠭᠡ ᠤᠷᠭᠤᠭᠰᠠᠨ ᠭᠠᠵᠠᠷ ᠨᠦᠮᠤᠷᠢ ᠲᠠᠢ᠂ ᠵᠤᠵᠠᠭᠠᠨ ᠤᠷᠭᠤᠭᠰᠠᠨ ᠭᠠᠵᠠᠷ ᠪᠤᠷᠤᠭᠠᠨ ᠤ ᠤᠰᠤ ᠶᠢ ᠬᠠᠯᠬᠠᠯᠠᠵᠦ ᠲᠤᠳᠤᠷ᠎ᠠ ᠨᠢ ᠤᠷᠭᠤᠭᠰᠠᠨ ᠡᠪᠠᠰᠤᠨ ᠤᠨ ᠴᠦᠯ ᠢ ᠬᠠᠮᠠᠭᠠᠯᠠᠬᠤ ᠦᠢᠯᠡᠳᠤᠯ ᠲᠠᠢ᠂ ᠰᠠᠯᠬᠢ ᠴᠠᠰᠦ ᠶᠢ ᠬᠠᠯᠬᠠᠯᠠᠵᠦ ᠨᠦᠮᠤᠷᠢ ᠲᠠᠢ ᠪᠠᠶᠢᠳᠠᠭ᠃  45. ᠯᠤᠤᠯᠢ — ᠱᠠᠷᠢᠯᠵᠠᠨ ᠤ ᠲᠦᠷᠦᠯ᠂ ᠬᠡᠪᠡᠴᠦ ᠵᠦᠬᠡᠯᠡᠨ ᠰᠢᠭ ᠶᠠᠩᠵᠦ ᠲᠠᠢ᠂ ᠮᠠᠯ ᠤᠨ ᠪᠠᠭᠤᠴᠠ ᠬᠦᠨᠳᠠᠢ ᠵᠢᠯᠠᠭ᠎ᠠ ᠳᠤ ᠤᠷᠭᠤᠳᠠᠭ᠂ ᠰᠠᠯᠠᠭ᠎ᠠ ᠮᠦᠴᠢᠷ ᠲᠤ ᠪᠠᠨ ᠦᠷ᠎ᠡ ᠲᠠᠢ ᠤᠷᠭᠤᠮᠠᠯ᠂ ᠨᠤᠭᠤᠭᠠᠨ ᠦᠡᠭᠬᠡ ᠲᠠᠢ ᠪᠠᠷ ᠨᠢ ᠭᠠᠭ᠋ᠠᠢ ᠲᠡᠵᠢᠬᠡᠳᠡᠭ᠂ ᠪᠠᠰᠠ ᠮᠠᠯ ᠢᠳᠡᠨ᠎ᠠ᠂ ᠴᠡᠩᠬᠡᠷ ᠦᠡᠭᠬᠡ ᠲᠠᠢ ᠶᠢ ᠨᠢ ᠮᠠᠯ ᠢᠳᠡᠬᠦ ᠦᠬᠡᠢ  46. ᠬᠠᠯᠠᠭᠠᠢ ᠨᠤᠭᠤᠭ᠎ᠠ — ᠱᠠᠷᠢᠯᠵᠠ ᠲᠠᠢ ᠠᠳᠠᠯᠢᠪᠳᠤᠷ᠂ ᠭᠠᠷ ᠬᠦᠷᠪᠡᠯ ᠬᠠᠯᠠᠭᠠᠨ ᠰᠢᠳᠠᠭᠠᠳᠠᠭ ᠪᠤᠯᠬᠤᠷ ᠬᠠᠯᠠᠭᠠᠢ ᠨᠤᠭᠤᠭ᠎ᠠ ᠬᠡᠳᠡᠭ᠂ ᠬᠦᠮᠤᠨ ᠢᠳᠡᠨ᠎ᠠ᠂ ᠶᠡᠭᠡ ᠬᠠᠯᠠᠭᠤᠨ ᠴᠢᠨᠠᠷ ᠲᠠᠢ ᠤᠷᠭᠤᠮᠠᠯ᠂ ᠡᠪᠡᠳᠴᠢᠨ ᠢ ᠵᠠᠰᠠᠳᠠᠭ  47. ᠤᠯᠠᠯᠵᠢ — ᠤᠯᠠᠭᠠᠨ ᠦᠡᠭᠬᠡ ᠲᠠᠢ᠂ ᠱᠠᠷᠢᠯᠵᠠ ᠰᠢᠭ᠋ ᠨᠢᠬᠡ ᠦᠨᠳᠤᠰᠦ ᠲᠠᠢ ᠤᠯᠠᠨ ᠰᠠᠯᠠᠭ᠎ᠠ ᠲᠠᠢ᠂ 30 — 50 ᠰᠠᠨᠲ᠋ᠢᠮᠧᠲᠷ ᠥᠨᠳᠦᠷ ᠤᠷᠭᠤᠳᠠᠭ᠂ ᠦᠨᠳᠤᠰᠦᠯᠢᠭ ᠤᠷᠭᠤᠮᠠᠯ᠂ ᠮᠠᠯ ᠤᠷᠤᠢ ᠶᠢ ᠨᠢ ᠪᠠᠭ᠎ᠠ ᠢᠳᠡᠳᠡᠭ᠂ ᠬᠦᠷᠦᠰᠦ ᠶᠢ ᠬᠠᠮᠨᠭᠠᠯᠠᠵᠦ᠂ ᠰᠠᠯᠬᠢ᠂ ᠴᠠᠰᠤ ᠶᠢ ᠬᠠᠯᠬᠠᠯᠠᠬᠤ ᠦᠢᠯᠡᠳᠤᠯ ᠲᠠᠢ᠃  48. ᠴᠠᠬᠢᠯᠳᠠᠭ — ᠨᠠᠭᠤᠷ᠂ ᠪᠤᠯᠠᠭ ᠤᠨ ᠬᠦᠪᠡᠭᠡ ᠪᠠᠷ ᠪᠤᠳᠠᠯᠢᠭ ᠤᠷᠭᠤᠳᠠᠭ᠂ ᠤᠯᠠᠨ ᠰᠠᠯᠠᠭ᠎ᠠ ᠲᠠᠢ᠂ ᠦᠨᠳᠤᠰᠦ ᠵᠤᠵᠠᠭᠠᠨ ᠤᠷᠭᠤᠮᠠᠯ᠂ ᠤᠷᠳᠤ ᠬᠠᠪᠳᠠᠭᠠᠢ ᠨᠠᠪᠴᠢ ᠲᠠᠢ᠂ ᠬᠠᠪᠤᠷ ᠤᠨ ᠡᠷᠡᠨ ᠳᠤ ᠨᠢᠬᠡ ᠯᠡ ᠰᠠᠷ᠎ᠠ ᠴᠡᠴᠡᠭᠯᠠᠵᠦ ᠴᠡᠩᠬᠡᠷ ᠬᠤᠸᠠᠷ ᠲᠡᠯᠬᠡᠷᠡᠳᠡᠭ᠂ ᠡᠨᠡ ᠦᠶ᠎ᠡ ᠳᠤ ᠮᠠᠯ ᠢᠳᠡᠬᠦ ᠲᠤᠷᠠᠳᠠᠢ᠃  49. ᠨᠤᠬᠠᠢ ᠰᠤᠨᠳᠤᠤᠯ — ᠨᠠᠭᠤᠷ᠂ ᠪᠤᠯᠠᠭ ᠤᠨ ᠬᠦᠪᠡᠭᠡ ᠪᠠᠷ ᠬᠤᠵᠢᠷ ᠲᠠᠢ ᠭᠠᠵᠠᠷ ᠲᠤᠪᠤᠭᠤᠷ ᠲᠤᠪᠤᠭᠤᠷ ᠤᠪᠤᠶᠢᠭᠰᠠᠨ ᠰᠢᠪᠠᠷ ᠤᠰᠤ ᠲᠠᠢ ᠴᠢᠬᠢᠭᠯᠢᠭ ᠲᠠᠭᠠᠭᠰᠠᠨ ᠬᠤᠵᠢᠷ ᠲᠠᠢ ᠭᠠᠵᠠᠷ ᠪᠠᠶᠢᠳᠠᠭ᠂ ᠡᠬᠦᠨ ᠤ ᠲᠤᠳᠤᠭᠤᠷ ᠬᠢᠶᠠᠭ ᠭᠤᠤᠯ ᠲᠠᠢ ᠤᠰᠤᠨ ᠳᠤ ᠤᠷᠭᠤᠳᠠᠭ ᠤᠷᠭᠤᠮᠠᠯ ᠤᠷᠭᠤᠵᠦ᠂ ᠡᠬᠦᠨ ᠢ ᠨᠢ ᠮᠠᠯ ᠢᠳᠡᠳᠡᠭ᠂ ᠲᠠᠷᠬᠡ ᠲᠠᠮᠡᠭᠡ ᠲᠠᠢ ᠬᠦᠮᠤᠨ ᠶᠠᠪᠤᠵᠦ ᠴᠢᠳᠠᠬᠤ ᠦᠬᠡᠢ᠂ ᠪᠤᠯᠳᠤᠷᠤᠤ ᠲᠠᠢ ᠭᠠᠵᠠᠷ ᠶᠤᠮ᠃  50. ᠬᠠᠷᠭᠠᠨ᠎ᠠ — ᠪᠤᠳᠠᠯᠢᠭ ᠤᠷᠭᠤᠮᠠᠯ᠂ ᠮᠤᠳᠤᠯᠢᠭ᠂ ᠨᠡᠯᠢᠶᠠᠳ ᠦᠨᠳᠤᠷ ᠤᠷᠭᠤᠨ᠎ᠠ᠂ ᠨᠠᠷᠢᠨ ᠬᠡᠰᠡᠭ ᠪᠠ ᠦᠵᠦᠬᠦᠷ ᠨᠠᠪᠴᠢ ᠶᠢ ᠨᠢ ᠢᠮᠠᠭ᠎ᠠ ᠲᠡᠮᠡᠭᠡ ᠢᠳᠡᠬᠦ ᠲᠤᠷᠠᠳᠠᠢ᠂ ᠨᠤᠳᠤᠭ ᠤᠨ ᠬᠦᠷᠦᠰᠦ ᠶᠢ ᠬᠠᠮᠠᠭᠠᠯᠠᠵᠦ᠂ ᠴᠠᠰᠤ ᠰᠠᠯᠬᠢᠨ ᠳᠤ ᠨᠦᠮᠤᠷᠢ ᠲᠠᠢ ᠤᠷᠭᠤᠮᠠᠯ ᠶᠤᠮ᠂ ᠰᠠᠯᠠᠭᠠᠨ ᠳᠤ ᠪᠠᠨ ᠬᠠᠳᠬᠤᠳᠠᠭ ᠦᠷᠬᠡᠰᠦ ᠲᠠᠢ᠃  51. ᠠᠯᠳᠠᠨ ᠬᠠᠷᠭᠠᠨ᠎ᠠ — ᠲᠡᠬᠡᠷᠡᠬᠢ ᠬᠠᠷᠭᠠᠨ᠎ᠠ ᠲᠠᠢ ᠠᠳᠠᠯᠢᠪᠳᠤᠷ ᠪᠤᠯᠪᠠᠴᠦ ᠵᠢᠵᠢᠭ ᠨᠠᠷᠢᠨ ᠪᠡᠶ᠎ᠡ ᠲᠠᠢ᠂ ᠮᠠᠯ ᠲᠤᠩ ᠢᠳᠡᠬᠦ ᠲᠤᠷᠠᠳᠠᠢ᠂ ᠠᠭᠤᠯᠠᠨ ᠤᠷᠤᠢ᠂ ᠬᠠᠳᠠᠳᠠᠢ ᠲᠤᠯᠤᠭᠠᠢ ᠶᠢᠨ ᠤᠷᠤᠢ ᠪᠠᠷ ᠤᠷᠭᠤᠳᠠᠭ᠂ ᠬᠤᠪᠤᠷ ᠴᠤᠬᠠᠭ ᠤᠷᠭᠤᠮᠠᠯ᠃  52. ᠤᠯᠠᠭᠠᠨ ᠬᠠᠷᠭᠠᠨ᠎ᠠ — ᠠᠯᠳᠠᠨ ᠬᠠᠷᠭᠠᠨ᠎ᠠ ᠠᠴᠠ ᠪᠠᠭ᠎ᠠ ᠪᠦᠳᠤᠬᠦᠨ᠂ ᠨᠡᠯᠢᠶᠠᠳ ᠦᠨᠳᠤᠷ᠂ ᠰᠢᠯᠢ ᠭᠠᠵᠠᠷ ᠪᠠ ᠠᠭᠤᠯᠠ ᠲᠤᠯᠤᠭᠠᠢ ᠪᠠᠷ ᠤᠷᠭᠤᠳᠠᠭ ᠮᠠᠯ ᠪᠠᠰᠠ ᠢᠳᠡᠨ᠎ᠠ᠃  53. ᠪᠤᠳᠠᠯᠢᠭ ᠬᠠᠷᠭᠠᠨ᠎ᠠ — ᠨᠡᠯᠢᠶᠠᠳ ᠦᠨᠳᠤᠷ ᠪᠦᠳᠤᠬᠦᠨ᠂ ᠪᠤᠳᠠ ᠪᠤᠳᠠ ᠪᠠᠷ ᠤᠷᠭᠤᠨ᠎ᠠ᠂ ᠭᠤᠤᠯᠳᠠᠭᠤ ᠡᠯᠡᠰᠦ ᠲᠠᠢ ᠭᠠᠵᠠᠷ ᠶᠡᠭᠡ ᠤᠷᠭᠤᠨ᠎ᠠ᠂ ᠨᠠᠪᠴᠢ ᠵᠢᠵᠢᠭ ᠮᠦᠴᠢᠷ ᠢ ᠨᠢ ᠮᠠᠯ ᠢᠳᠡᠨ᠎ᠠ᠃  54. ᠤᠨᠠᠭᠠᠨ ᠲᠤᠭᠤᠷᠠᠢ — ᠤᠰᠤᠨ ᠲᠤᠳᠤᠷ᠎ᠠ ᠤᠷᠭᠤᠨ᠎ᠠ᠂ ᠤᠰᠤ ᠬᠡᠳᠤᠢ ᠬᠦᠨ ᠪᠤᠯ ᠲᠠᠳᠤᠢ ᠤᠷᠳᠤ ᠤᠷᠭᠤᠵᠦ᠂ ᠤᠰᠤᠨ ᠲᠡᠬᠡᠷ᠎ᠡ ᠮᠤᠷᠢᠨ ᠲᠤᠭᠤᠷᠠᠢ ᠰᠢᠭ᠋ ᠨᠠᠪᠴᠢ ᠤᠳ ᠭᠠᠷᠴᠦ ᠢᠷᠡᠳᠡᠭ ᠪᠤᠯᠬᠤᠷ ᠡᠶᠢᠮᠤ ᠭᠠᠵᠠᠷ ᠬᠡᠤᠬᠡᠳ ᠢ ᠪᠢᠳᠠᠬᠡᠢ ᠨᠠᠭᠠᠳ᠂ ᠤᠰᠤ ᠨᠢ ᠬᠦᠨ ᠬᠡᠳᠡᠭ᠂ ᠡᠨᠡ ᠡᠪᠡᠰᠦ ᠪᠠᠷᠤᠭ ᠬᠦᠨ ᠪᠦᠷᠢᠳᠤᠨ ᠤ ᠤᠰᠤᠨ ᠳᠤ ᠤᠷᠭᠤᠳᠠᠭ᠂ ᠦᠬᠡᠷ᠎ᠡ ᠭᠠᠵᠠᠷ ᠪᠠᠷᠤᠭ ᠪᠠᠶᠢᠬᠤ ᠦᠬᠡᠢ᠃ ᠵᠠᠮᠠᠭ ᠡᠪᠡᠰᠦ — ᠤᠰᠤᠨ ᠲᠤᠳᠤᠷ᠎ᠠ ᠤᠷᠭᠤᠭᠰᠠᠨ ᠡᠪᠡᠰᠦᠨ ᠤ ᠵᠠᠮᠠᠭ ᠶᠤᠮ᠃ ᠡᠨᠡ ᠵᠠᠮᠠᠭ ᠢ ᠵᠢᠭᠠᠰᠦ ᠢᠳᠡᠨ᠎ᠠ ᠂ ᠬᠦᠮᠤᠨ ᠤ ᠦᠶ᠎ᠡ ᠬᠡᠰᠢᠬᠦᠦ ᠶᠢᠨ ᠡᠪᠡᠳᠴᠢᠨ ᠳᠤ ᠲᠠᠯᠪᠢᠨ ᠵᠠᠰᠠᠳᠠᠭ᠃  56. ᠦᠯᠦᠨ ᠡᠪᠡᠰᠦ — ᠭᠤᠤᠯ᠂ ᠨᠠᠭᠤᠷ᠂ ᠳᠠᠯᠠᠢ ᠶᠢᠨ ᠬᠦᠪᠡᠭᠡ ᠪᠠᠷ 30 — 50 ᠰᠠᠨᠲ᠋ᠢᠮᠧᠲᠷ ᠦᠨᠳᠤᠷ ᠤᠷᠭᠤᠳᠠᠭ᠂ ᠬᠠᠪᠳᠠᠭᠠᠢ ᠤᠷᠳᠤ ᠬᠢᠶᠠᠭ ᠰᠢᠭ᠋ ᠡᠪᠡᠰᠦ ᠭᠤᠤᠯ ᠤᠨ ᠠᠷᠠᠯ᠂ ᠨᠠᠭᠤᠷ ᠤᠨ ᠲᠤᠮᠳᠠ ᠨᠡᠩ ᠦᠨᠳᠤᠷ ᠤᠷᠭᠤᠳᠠᠭ ᠡᠪᠡᠰᠦ ᠶᠤᠮ᠃ ᠤᠰᠤᠨ ᠲᠤᠳᠤᠷ᠎ᠠ ᠴᠦ ᠤᠷᠭᠤᠨ᠎ᠠ᠂ ᠮᠠᠯ ᠢᠳᠡᠳᠡᠭ᠂ ᠤᠰᠤᠨ ᠤ ᠭᠠᠳᠠᠨ᠎ᠠ ᠬᠠᠭᠤᠷᠠᠢ ᠭᠠᠵᠠᠷ ᠤᠷᠭᠤᠭᠰᠠᠨ ᠨᠢ ᠰᠠᠶᠢᠨ᠂ ᠮᠠᠯ ᠢᠳᠡᠬᠦ ᠳᠤ ᠰᠢᠮ᠎ᠠ ᠲᠠᠢ᠂ ᠤᠰᠤᠨ ᠳᠤ ᠤᠷᠭᠤᠭᠰᠠᠨ ᠨᠢ ᠤᠰᠤᠨ ᠳᠤ ᠦᠬᠦᠭᠰᠠᠨ ᠰᠢᠮ᠎ᠠ ᠮᠠᠭᠤ ᠲᠠᠢ ᠮᠠᠯ ᠳᠤ ᠲᠤᠰᠠ ᠦᠬᠡᠢ᠂ ᠬᠠᠭᠤᠷᠠᠢ ᠭᠠᠵᠠᠷ ᠪᠤᠯ ᠮᠠᠯ ᠳᠤ ᠬᠡᠪᠳᠠᠷᠢ ᠪᠠ ᠨᠦᠮᠤᠷᠢ ᠪᠤᠯᠬᠤ ᠰᠠᠶᠢᠨ ᠲᠠᠢ᠃  57. ᠲᠠᠷᠠᠰᠦ — ᠬᠡᠰᠡᠭ ᠬᠡᠰᠡᠭ ᠲᠤᠪᠤᠷᠤᠤ ᠰᠢᠭ᠋ ᠤᠷᠭᠤᠳᠠᠭ ᠪᠦᠬᠡᠳ ᠬᠡᠯᠬᠡᠢ ᠦᠷᠬᠦᠯᠵᠢᠯᠠᠨ ᠤᠷᠭᠤᠳᠠᠭ ᠴᠦ ᠪᠤᠢ᠂ ᠦᠨᠳᠤᠷ ᠨᠢ 1.5 ᠮᠧᠲᠷ — 2 ᠮᠧᠲᠷ ᠦᠨᠳᠤᠷ ᠤᠷᠭᠤᠨ᠎ᠠ᠂ ᠭᠤᠤᠯᠳᠠᠭᠤ ᠨᠠᠭᠤᠷ᠂ ᠪᠤᠯᠠᠭ᠂ ᠭᠤᠤᠯ ᠤᠨ ᠬᠦᠪᠡᠭᠡ᠂ ᠤᠰᠤᠨ ᠤ ᠴᠢᠬᠢᠭ ᠲᠠᠢ ᠭᠠᠵᠠᠷ ᠤᠷᠭᠤᠨ᠎ᠠ᠂ ᠮᠠᠯ ᠳᠤ ᠶᠡᠭᠡ ᠨᠦᠮᠤᠷᠢ ᠲᠠᠢ᠂ ᠰᠠᠯᠬᠢ ᠴᠠᠰᠤ ᠶᠢ ᠬᠠᠯᠬᠠᠯᠠᠳᠠᠭ᠂ ᠮᠠᠯ ᠪᠠᠰᠠ ᠤᠷᠤᠢ ᠶᠢᠨ ᠬᠢᠨᠢ ᠴᠠᠴᠤᠭ ᠢ ᠢᠳᠡᠬᠦ ᠪᠤᠶᠤ ᠲᠠᠷᠠᠰᠤᠨ ᠤ ᠰᠠᠬᠠᠯ ᠢ ᠴᠦ ᠢᠳᠡᠨ᠎ᠠ᠂ ᠭᠤᠤᠯ ᠨᠢ ᠬᠦᠨᠳᠠᠢ ᠤᠷᠭᠤᠮᠠᠯ ᠶᠤᠮ᠃  58. ᠬᠤᠯᠤᠰᠤ ᠱᠠᠭᠱᠤᠤᠷᠭ᠎ᠠ — ᠨᠠᠭᠤᠷ᠂ ᠪᠤᠯᠠᠭ᠂ ᠭᠤᠤᠯ᠂ ᠳᠠᠯᠠᠢ ᠶᠢᠨ ᠬᠦᠪᠡᠭᠡ ᠪᠠᠷ ᠤᠰᠤᠨ ᠲᠤᠳᠤᠷ᠎ᠠ ᠤᠷᠭᠤᠨ᠎ᠠ᠂ ᠤᠰᠤ ᠦᠬᠡᠢ ᠪᠤᠯᠪᠠᠴᠦ ᠤᠰᠤᠨ ᠤ ᠴᠢᠬᠢᠭ ᠲᠤ ᠤᠷᠭᠤᠨ᠎ᠠ᠂ ᠬᠦᠨᠳᠠᠢ ᠪᠡᠶ᠎ᠡ ᠲᠠᠢ᠂ ᠦᠨᠳᠤᠷ ᠨᠢ 1.5 — 3 ᠮᠧᠲᠷ ᠦᠨᠳᠤᠷ ᠤᠷᠭᠤᠳᠠᠭ᠂ ᠴᠠᠴᠤᠭ ᠲᠠᠢ᠂ ᠨᠠᠪᠴᠢ ᠲᠠᠢ᠂ ᠨᠠᠷᠢᠨ ᠪᠦᠳᠤᠬᠦᠨ ᠠᠳᠠᠯᠢ ᠦᠬᠡᠢ ᠪᠠᠶᠢᠳᠠᠭ᠂ ᠴᠠᠴᠤᠭ᠂ ᠨᠠᠪᠴᠢ᠂ ᠨᠠᠷᠢᠨ ᠢ ᠨᠢ ᠮᠠᠯ ᠢᠳᠡᠨ᠎ᠠ᠂ ᠮᠠᠯ ᠳᠤ ᠬᠡᠪᠳᠠᠷᠢ᠂ ᠢᠳᠠᠰᠢ᠂ ᠨᠦᠮᠤᠷᠢ ᠬᠢᠵᠦ ᠪᠤᠯᠤᠨ᠎ᠠ᠃  59. ᠪᠤᠷᠤ ᠪᠤᠷᠭᠠᠰᠦ — ᠪᠤᠳᠠᠯᠢᠭ ᠤᠷᠭᠤᠮᠠᠯ᠂ ᠭᠤᠤᠯ ᠤᠨ ᠬᠦᠪᠡᠭᠡ ᠠᠷᠠᠯ ᠲᠤᠳᠤᠷ᠎ᠠ ᠤᠷᠭᠤᠳᠠᠭ᠂ ᠳᠠᠯᠠᠢ ᠶᠢᠨ ᠵᠠᠬ᠎ᠠ ᠪᠠᠷ ᠴᠦ ᠤᠷᠭᠤᠳᠠᠭ᠂ ᠡᠨᠡ ᠪᠤᠷᠭᠠᠰᠦ ᠦᠨᠳᠤᠷ ᠤᠷᠳᠤ ᠤᠷᠭᠤᠳᠠᠭ ᠪᠤᠯᠬᠤᠷ ᠮᠠᠯ ᠳᠤ ᠨᠦᠮᠤᠷᠢ ᠲᠠᠢ᠂ ᠰᠠᠯᠬᠢ᠂ ᠴᠠᠰᠦ ᠶᠢ ᠬᠠᠮᠠᠭᠠᠯᠠᠳᠠᠭ᠂ ᠲᠤᠳᠤᠷ᠎ᠠ ᠨᠢ ᠦᠯᠦᠩ ᠡᠪᠡᠰᠦ ᠶᠡᠭᠡ ᠤᠷᠭᠤᠳᠠᠭ ᠪᠤᠯᠬᠤᠷ ᠮᠠᠯ ᠢᠳᠡᠨ᠎ᠠ᠃  60. ᠡᠮ ᠤᠨ ᠡᠪᠡᠰᠦ — ᠰᠢᠷ᠎ᠠ ᠨᠠᠪᠴᠢ ᠵᠡᠷᠬᠡ ᠤᠯᠠᠨ ᠲᠦᠷᠦᠯ ᠤᠨ ᠡᠪᠡᠰᠦᠨ ᠡᠮ ᠤᠨ ᠤᠷᠭᠤᠮᠠᠯ ᠪᠠᠶᠢᠳᠠᠭ ᠂ ᠪᠢ ᠲᠠᠨᠢᠬᠤ ᠦᠬᠡᠢ ᠪᠤᠯᠬᠤᠷ ᠰᠤᠨᠤᠰᠤᠭᠰᠠᠨ ᠢᠶᠠᠨ ᠪᠢᠴᠢᠯ᠎ᠠ᠂ ᠡᠬᠦᠨ ᠠᠴᠠ ᠭᠠᠳᠠᠨ᠎ᠠ ᠪᠠᠰᠠ ᠡᠮ ᠳᠤ ᠬᠡᠷᠡᠭᠯᠡᠳᠡᠭ ᠵᠤᠩᠰᠢ ᠴᠢᠯᠠᠭᠤ ᠪᠠᠶᠢᠳᠠᠭ᠂ ᠡᠶᠢᠮᠤ ᠡᠮ ᠳᠤ ᠤᠷᠤᠳᠠᠭ ᠴᠢᠯᠠᠭᠤ ᠡᠯᠪᠡᠭ ᠪᠠᠶᠢᠨ᠎ᠠ ᠬᠡᠵᠦ ᠰᠤᠨᠤᠰᠤᠯ᠎ᠠ᠃  61. ᠡᠪᠡᠰᠦᠨ ᠤᠷᠭᠤᠮᠠᠯ ᠠᠴᠠ ᠭᠠᠳᠠᠨ᠎ᠠ ᠮᠠᠯ ᠢᠳᠡᠳᠡᠭ ᠱᠤ᠋ ᠰᠢᠷᠤᠢ ᠶᠢᠨ ᠬᠤᠵᠢᠷ ᠪᠠᠶᠢᠳᠠᠭ᠃ ︵1︶ ᠰᠠᠭᠠᠮᠠᠯ — ᠲᠠᠯᠬᠠᠨ ᠨᠤᠨᠳᠠᠭ ᠪᠠᠶ᠎ᠡ ᠲᠠᠢ᠂ ᠮᠠᠯ ᠲᠤᠯᠢᠶᠠᠬᠤ ᠲᠤᠷᠠᠳᠠᠢ᠂ ᠴᠠᠭᠠᠨ ᠬᠤᠵᠢᠷ᠂ ᠮᠠᠯ ᠤᠨ ᠬᠤᠵᠢᠷᠰᠠᠭ᠎ᠠ ᠶᠢ ᠭᠠᠷᠭᠠᠳᠠᠭ᠂ ᠲᠠᠯᠬᠠᠨ ᠬᠤᠵᠢᠷ ᠢ ᠰᠠᠭᠠᠮᠠᠯ ᠬᠡᠵᠦ ᠬᠡᠯᠡᠨ᠎ᠠ᠂ ᠨᠠᠭᠤᠷ ᠤᠨ ᠬᠦᠪᠡᠭᠡ᠂ ᠪᠤᠯᠠᠭ ᠤᠨ ᠬᠦᠪᠡᠭᠡ᠂ ᠱᠠᠭᠠᠵᠢᠩ ᠭᠠᠵᠠᠷ ᠪᠤᠷᠤᠭᠠᠨ ᠤ ᠲᠠᠷᠠᠭ᠎ᠠ ᠴᠢᠬᠢᠭ ᠨᠦᠢᠳᠠᠨ ᠠᠴᠠ ᠨᠠᠷᠠᠨ ᠳᠤ ᠤᠷᠭᠤᠳᠠᠭ᠂ ᠮᠠᠯ ᠢ ᠡᠨᠡᠬᠦ ᠰᠠᠭᠠᠮᠠᠯ ᠲᠤᠳᠤᠭᠤᠷ ᠰᠠᠯᠬᠢ ᠤᠷᠤᠭᠤ ᠰᠢᠷᠤᠬᠦᠨ ᠪᠦᠬᠡᠮ ᠢᠶᠠᠷ ᠲᠠᠭᠤᠪᠠᠯ ᠬᠤᠵᠢᠷ ᠱᠤᠤ ᠶᠢᠨ ᠨᠤᠨᠳᠠᠭ ᠪᠤᠳᠠᠷᠠᠨ ᠲᠠᠬᠡᠭᠰᠢᠯᠠᠵᠦ ᠮᠠᠯ ᠤᠨ ᠬᠠᠮᠠᠷ ᠢᠶᠠᠷ ᠤᠷᠤᠵᠦ᠂ ᠮᠠᠯ ᠢ ᠲᠤᠷᠬᠢᠭᠤᠯᠤᠨ ᠨᠠᠶᠢᠳᠠᠭᠠᠯᠭᠠᠵᠤ ᠬᠠᠮᠠᠷ ᠲᠤ ᠨᠢ ᠪᠠᠶᠢᠭᠰᠠᠨ ᠦᠳᠤ ᠬᠤᠷᠤᠬᠠᠢ ᠶᠢ ᠨᠢ ᠤᠨᠠᠭᠠᠨ᠎ᠠ᠂ ᠢᠡᠭᠬᠢᠬᠡᠳ ᠮᠠᠯ ᠤᠨ ᠬᠤᠷᠤᠬᠠᠢ ᠶᠢ ᠠᠷᠢᠯᠭᠠᠨ ᠡᠪᠡᠳᠴᠢᠨ ᠵᠠᠰᠠᠳᠠᠭ᠂ ᠲᠡᠷᠡ ᠰᠠᠭᠠᠮᠠᠯ ᠲᠤᠳᠤᠭᠤᠷ ᠰᠢᠷᠤᠬᠦᠨ ᠲᠠᠭᠤᠵᠦ ᠰᠠᠭᠠᠮᠠᠯ ᠢ ᠪᠤᠳᠠᠷᠠᠭᠠᠪᠠᠯ ᠮᠠᠨ ᠤᠨ ᠦᠰᠦ ᠵᠢᠰᠦ ᠨᠢ ᠴᠡᠪᠡᠷᠰᠢᠵᠦ᠂ ᠦᠡᠭᠬᠡ ᠵᠢᠰᠦ ᠤᠷᠤᠨ᠎ᠠ᠃ ︵2︶ ᠱᠤ᠋ ᠶᠢᠨ ᠬᠤᠵᠢᠷ — ᠨᠠᠭᠤᠷ ᠲᠤᠳᠤᠷ᠎ᠠ ᠤᠷᠭᠤᠳᠠᠭ ᠪᠦᠬᠡᠳ ᠪᠤᠷᠤᠭ᠎ᠠ ᠦᠬᠡᠢ ᠡᠷᠡᠨ ᠨᠠᠷᠠᠨ ᠳᠤ ᠰᠢᠷᠠᠭᠳᠠᠨ ᠬᠠᠳᠠᠭᠤᠷᠠᠵᠦ ᠮᠦᠰᠦ ᠰᠢᠭ ᠬᠠᠳᠠᠭᠤ ᠪᠠᠶᠡᠳᠦ ᠪᠤᠯᠤᠨ᠎ᠠ᠂ ᠡᠬᠦᠨ ᠢ ᠮᠠᠯ ᠲᠤᠯᠢᠶᠠᠪᠠᠯ ᠮᠠᠯ ᠤᠨ ᠬᠤᠵᠢᠷᠰᠠᠭ᠎ᠠ ᠭᠠᠷᠴᠦ ᠦᠡᠭᠬᠡ ᠵᠢᠰᠦ ᠤᠷᠤᠨ᠎ᠠ᠂ ᠬᠡᠪᠡᠴᠦ ᠶᠡᠭᠡ ᠢᠳᠡᠬᠦᠯᠵᠦ ᠪᠤᠯᠬᠤ ᠦᠬᠡᠢ᠂ ᠶᠡᠭᠡ ᠢᠳᠡᠪᠡᠯ ᠡᠷᠬᠢᠬᠡᠳ ᠡᠪᠡᠳᠴᠢᠨ ᠪᠤᠯᠵᠦ ᠦᠬᠦᠨ᠎ᠠ᠂ ᠡᠬᠦᠨ ᠢ ᠬᠢᠴᠢᠶᠡᠬᠦ ᠬᠡᠷᠡᠭᠳᠠᠢ᠃ ︵3︶ ᠯᠠᠰᠠᠩ ᠬᠤᠵᠢᠷ — ᠨᠠᠭᠤᠷ ᠲᠤᠮᠳᠠ 50 ᠰᠠᠨᠲ᠋ᠢᠮᠧᠲᠷ ᠤᠷᠴᠢᠮ ᠮᠠᠯᠳᠠᠪᠠᠯ ᠲᠤᠤᠷ᠎ᠡ ᠠᠴᠠ ᠨᠢ ᠬᠠᠷ᠎ᠠ ᠦᠡᠭᠬᠡ ᠲᠠᠢ ᠨᠢᠯᠠᠭᠠᠷ ᠰᠢᠪᠠᠷ ᠰᠢᠭ᠋ ᠶᠠᠭᠤᠮ᠎ᠠ ᠭᠠᠷᠴᠤ ᠢᠷᠡᠨ᠎ᠡ᠃ ᠡᠨᠡ ᠪᠤᠯ ᠲᠠᠷᠤᠢ ᠯᠠᠰᠠᠩ ᠬᠤᠵᠢᠷ ᠮᠦᠨ᠂ ᠡᠪᠤᠯ ᠤᠨ ᠡᠷᠡᠨ ᠳᠤ ᠬᠦᠯᠳᠡᠬᠦ ᠦᠬᠡᠢ᠂ ᠡᠬᠦᠨ ᠢ ᠲᠡᠬᠡᠬᠡᠵᠦ ᠠᠪᠴᠢᠷᠠᠨ ᠮᠠᠯ ᠳᠤ ᠪᠠᠨ ᠲᠠᠯᠪᠢᠪᠠᠯ ᠮᠠᠯ ᠲᠤᠯᠢᠶᠠᠵᠦ ᠮᠠᠯ ᠤᠨ ᠬᠤᠵᠢᠷᠰᠠᠭ᠎ᠠ ᠭᠠᠷᠴᠦ ᠦᠡᠭᠬᠡ ᠤᠷᠤᠳᠠᠭ᠂ ᠡᠬᠦᠨ ᠢ ᠲᠤᠯᠢᠶᠠᠪᠠᠯ ᠪᠡᠶ᠎ᠠ ᠨᠢ ᠲᠤᠯᠠᠭᠠᠴᠠᠳᠠᠭ᠃   ᠲᠡᠬᠡᠷᠡᠬᠢ ᠪᠠᠷ ᠬᠦᠯᠦᠨ ᠰᠤᠮᠤᠨ ᠤᠨ ᠨᠤᠳᠤᠭ ᠲᠠᠪᠢᠰᠬᠡᠷ ᠲᠤ ᠬᠢ ᠠᠰᠢᠭᠯᠠᠵᠤ ᠪᠤᠯᠬᠤ ᠡᠪᠡᠰᠦ ᠤᠷᠭᠤᠮᠠᠯ᠂ ᠬᠤᠵᠢᠷ᠂ ᠲᠠᠪᠤᠰᠦ᠂ ᠱᠤ᠋ ᠶᠢᠨ ᠨᠠᠷᠠᠰ᠂ ᠦᠢᠯᠡᠳᠤᠯ ᠪᠠ ᠲᠦᠷᠰᠦ ᠬᠡᠯᠪᠡᠷᠢ ᠶᠢ ᠨᠢ ᠮᠡᠳᠡᠬᠦ ᠶᠢᠨ ᠬᠡᠪᠴᠢᠶ᠎ᠡ ᠪᠠᠷ ᠢᠶᠠᠨ ᠪᠢᠴᠢᠯ᠎ᠠ᠂ ᠦᠨᠡᠨ ᠳᠤ ᠪᠠᠨ ᠡᠪᠡᠰᠦ ᠤᠷᠭᠤᠮᠠᠯ ᠤᠨ ᠲᠦᠷᠦᠯ ᠵᠦᠢᠯ ᠲᠤᠩ ᠤᠯᠠᠨ ᠪᠠᠶᠢᠪᠠᠴᠦ ᠮᠢᠨᠤ ᠲᠠᠨᠢᠵᠦ ᠮᠡᠳᠡᠭᠰᠠᠨ ᠡᠶᠢᠮᠤᠬᠡᠨ ᠯᠠ᠃ ᠨᠠᠳᠠ ᠳᠤ ᠬᠡᠯᠡᠵᠦ ᠦᠭᠬᠦ ᠠᠬᠠᠮᠠᠳ ᠲᠤᠮᠤᠭᠠᠳᠠᠳ ᠬᠤᠪᠤᠷᠳᠠᠭᠰᠠᠨ᠂ ᠴᠠᠭ ᠠᠭᠤᠷ ᠲᠤᠯᠠᠭᠠᠷᠠᠵᠦ᠂ ᠰᠡᠷᠢᠬᠦᠨ ᠤ ᠴᠠᠭ ᠤᠷᠳᠤ᠂ ᠬᠠᠯᠠᠭᠤᠨ᠂ ᠬᠦᠢᠳᠠᠨ ᠤᠯᠠᠷᠢᠯ ᠤᠬᠤᠷ᠂ ᠬᠤᠷ᠎ᠠ ᠲᠤᠨᠤᠳᠠᠰᠦ ᠪᠠᠭᠠᠰᠴᠦ᠂ ᠭᠠᠩ ᠬᠠᠭᠤᠷᠠᠢ ᠦᠷᠬᠦᠯᠵᠢᠯᠡᠭᠰᠠᠨ ᠦᠶ᠎ᠡ ᠳᠤ ᠵᠠᠷᠢᠮ ᠡᠪᠡᠰᠦ ᠤᠷᠭᠤᠮᠠᠯ ᠬᠤᠪᠤᠷᠳᠠᠨ ᠤᠰᠠᠳᠴᠦ ᠪᠠᠶᠢᠨ᠎ᠠ᠂ ᠡᠶᠢᠮᠤ ᠠᠴᠠ ᠤᠳᠤ ᠶᠢᠨ ᠢᠳᠡᠷ ᠵᠠᠯᠠᠭᠤᠴᠤᠳ᠂ ᠡᠷᠳᠡᠬᠡᠨ ᠠᠬᠠᠮᠠᠳ ᠲᠤᠮᠤᠭᠠᠳᠠᠨ ᠠᠴᠠ ᠪᠠᠨ ᠠᠰᠠᠭᠤᠨ ᠤᠢᠢᠯᠠᠭᠠᠵᠦ᠂ ᠲᠠᠮᠳᠡᠭᠯᠠᠨ ᠬᠤᠶᠢᠴᠢ ᠦᠶ᠎ᠡ ᠳᠤ ᠪᠠᠨ ᠦᠯᠡᠳᠡᠬᠡᠬᠦ ᠨᠢ ᠲᠤᠩ ᠴᠢᠬᠤᠯᠠ ᠪᠢᠯᠠ᠃                                    ᠵᠣᠬᠢᠶᠠᠭᠴᠢ ᠶᠢᠨ ᠬᠠᠶ᠋ᠢᠭ᠄ ᠰᠢᠨ᠎ᠡ ᠪᠠᠷᠭᠤ ᠪᠠᠷᠠᠭᠤᠨ                                    ᠬᠤᠰᠢᠭᠤᠨ ᠤ ᠮᠠᠯ ᠠᠵᠤ ᠠᠬᠤᠢ ᠶᠢᠨ ᠲᠣᠪᠴᠢᠶ᠎ᠠ
 
ᠢᠷᠡᠯᠲᠡ᠄ ᠣᠤᠠᠬ᠎ᠠ ᠤᠷᠠᠯᠢᠭ ᠤᠨ ᠬᠤᠯᠪᠤᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号