5 ᠶᠡᠭᠡ ᠰᠢᠮ᠎ᠠ ᠲᠡᠵᠢᠭᠡᠯ ᠤᠨ ᠡᠳ᠋ ᠨᠢ ᠡᠭᠡᠯᠢᠯᠡᠬᠦ ᠴᠢᠳᠠᠯ ᠢ ᠲᠡᠭᠡᠭᠰᠢᠯᠡᠬᠦᠯᠤᠨ᠎ᠠ
ᠨᠡᠶᠢᠲᠡᠯᠡᠭᠰᠡᠨ ᠴᠠᠭ᠄
2018/6/4
ᠢᠳᠡᠭᠡᠨ ᠤᠮᠳᠠᠭᠠᠨ ᠪᠤᠯ ᠡᠭᠡᠯᠢᠯᠡᠬᠦ ᠴᠢᠳᠠᠯ ᠢ ᠰᠠᠶᠢᠵᠢᠷᠠᠭᠤᠯᠬᠤ ᠴᠢᠬᠤᠯᠠ ᠬᠠᠪᠰᠤᠷᠤᠭᠴᠢ ᠮᠦᠨ᠃ ᠠᠮᠢᠳᠤᠷᠠᠯ ‍ᠤᠨ‌‍ᠲ᠋ᠤᠮᠳᠠ᠂ ᠤᠯᠠᠨ ᠢᠶᠠᠷ ᠢᠶᠠᠨ ᠲᠤᠤᠷᠡᠬᠢ ᠴᠢᠬᠤᠯᠠ ᠰᠢᠮ᠎ᠠ ᠲᠡᠵᠢᠭᠡᠯ ᠤᠨ ᠡᠳ᠋ ᠢ ᠢᠯᠡᠬᠦᠭᠡᠨ ᠰᠢᠩᠭᠡᠭᠡᠬᠦ   ᠶᠢ ᠤᠨᠴᠠᠭᠠᠶᠢᠯᠠᠨ‌ᠠᠩᠬᠠᠷᠪᠠᠯ ᠵᠤᠬᠢᠨ᠎ᠠ᠃ ᠤᠭᠤᠷᠠᠭ ᠪᠤᠯ ᠡᠰᠡᠷᠬᠦᠴᠡᠭᠴᠢ ᠶᠢ ᠪᠤᠢ ᠪᠤᠯᠭᠠᠬᠤ《ᠰᠠᠭᠤᠷᠢᠯᠠᠭᠴᠢ︾ᠮᠦᠨ᠃ ᠬᠥᠮᠤᠨ   ᠤ ᠪᠡᠶ᠎ᠡ ᠭᠠᠳᠠᠭᠠᠳᠤ ᠤᠷᠴᠢᠨ ᠲᠠᠢ ᠲᠡᠮᠡᠴᠡᠯᠳᠤᠵᠤ ᠡᠭᠡᠯᠢᠯᠡᠬᠦ ᠴᠢᠳᠠᠯ ᠢᠶᠠᠨ ᠬᠠᠮᠠᠭᠠᠯᠠᠬᠤ ᠶᠠᠪᠤᠴᠠ ᠳᠤ ᠡᠰᠡᠷᠬᠦᠴᠡᠭᠴᠢ ᠪᠤᠯ ᠲᠤᠳᠠᠭᠳᠠᠵᠤ ᠪᠤᠯᠤᠰᠢ ᠦᠭᠡᠢ ᠵᠡᠪᠰᠡᠭ ᠮᠦᠨ᠃ ᠤᠭᠤᠷᠠᠭ ᠪᠤᠯ ᠡᠰᠡᠷᠬᠦᠴᠡᠭᠴᠢ ᠶᠢ ᠪᠤᠢ  ᠪᠤᠯᠭᠠᠬᠤ  ᠰᠠᠭᠤᠷᠢ  ᠮᠦᠨ᠂ ᠤᠭᠤᠷᠠᠭ ᠲᠤᠳᠠᠭᠳᠠᠪᠠᠯ ᠡᠰᠡᠷᠬᠦᠴᠡᠭᠴᠢ ᠶᠢᠨ ᠨᠡᠶᠢᠯᠡᠯ ᠢ ᠰᠢᠭᠤᠳ ᠨᠦᠯᠤᠭᠡᠯᠡᠳᠡᠭ᠂ ᠡᠨᠡ ᠨᠢ ᠶᠠᠭ ᠪᠠᠶᠢᠯᠳᠤᠬᠤ ᠳᠠᠭᠠᠨ ᠫᠤᠤ ᠵᠡᠪᠰᠡᠭ ᠦᠭᠡᠢ ᠲᠠᠢ ᠠᠳᠠᠯᠢ ᠶᠤᠮ᠃ ᠤᠭᠤᠷᠠᠭ ᠡᠯᠪᠡᠭ ᠠᠭᠤᠯᠤᠬᠳᠠᠬᠤ ᠢᠳᠡᠭᠡᠨ ᠮᠠᠰᠢ ᠤᠯᠠᠨ ᠪᠠᠶᠢᠳᠠᠭ᠂ ᠦᠨᠢᠶᠡᠨ ᠰᠦ᠂ ᠲᠠᠬᠢᠶᠠᠨ ᠦᠨᠳᠡᠭᠡ᠂ ᠬᠠᠷ᠎ᠠ ᠮᠢᠬ᠎ᠠ᠂ ᠰᠢᠷ᠎ᠠ ᠪᠤᠷᠴᠠᠭ ᠵᠡᠷᠭᠡ ᠳᠤ ᠴᠦᠮ ᠴᠢᠨᠠᠷ ᠰᠠᠶᠢᠳᠠᠢ ᠤᠭᠤᠷᠠᠭ ᠡᠯᠪᠡᠭ ᠠᠭᠤᠯᠤᠭᠳᠠᠵᠤ ᠪᠠᠶᠢᠳᠠᠭ᠃ ᠸᠢᠲ᠋ᠠᠮᠢᠨC ᠪᠤᠯ ᠡᠰᠡᠷᠬᠦᠴᠡᠭᠴᠢ ᠶᠢ ᠪᠤᠢ ᠪᠤᠯᠭᠠᠬᠤ《ᠲᠦᠷᠭᠡᠳᠭᠡᠬᠦᠷ》 ᠮᠦᠨ᠃ ᠢᠰᠤᠯᠳᠤᠬᠦ ᠶᠢ  ᠲᠠᠭᠠᠭᠠᠬᠤ‌‍ᠪᠤᠳᠡᠰ ᠸᠢᠲ᠋ᠠᠮᠢᠨ C ᠨᠢ ᠭᠠᠳᠠᠭᠠᠳᠤ ᠤᠷᠴᠢᠨ ᠤ ᠬᠥᠮᠤᠨ ᠤ ᠪᠡᠶ᠎ᠡ ᠶᠢᠨ ᠡᠰ ᠤᠨ ᠲᠡᠩᠴᠡᠬᠦᠷᠢᠰᠢᠯ ᠳᠤ ᠦᠵᠡᠬᠦᠯᠬᠦ ᠬᠠᠷᠰᠢᠯᠠᠯ‌ᠢ ᠪᠠᠭᠠᠰᠬᠠᠵᠤ᠂ ᠡᠰᠡᠷᠬᠦᠴᠡᠭᠴᠢ ᠶᠢᠨ ᠪᠤᠢ ᠪᠤᠯᠬᠤ ᠶᠢ ᠠᠬᠢᠭᠤᠯᠤᠨ᠂ ᠭᠡᠪ ᠤᠨ ᠡᠭᠡᠯᠢᠯᠡᠬᠦ ᠴᠢᠳᠠᠯ ᠢ ᠬᠠᠮᠠᠭᠠᠯᠠᠳᠠᠭ᠃ ᠰᠢᠨ᠎ᠠ‌‍ᠰᠤᠷᠭᠤᠭ ᠵᠢᠮᠢᠰ ᠨᠤᠭᠤᠭ᠎ᠠ ᠳᠤ ᠸᠢᠲ᠋ᠠᠮᠢᠨ C ᠪᠠᠶᠠᠯᠢᠭ ᠠᠭᠤᠯᠤᠭᠳᠠᠵᠤ ᠪᠠᠶᠢᠳᠠᠭ᠂ ᠵᠢᠱᠢᠶᠡᠯᠡᠪᠡᠯ ᠢᠳᠡᠰᠢᠨ ᠨᠤᠭᠤᠭ᠎ᠠ  ᠳ᠋ᠠᠬᠢ‌ᠨᠤᠭᠤᠭᠠᠨ ᠴᠡᠴᠡᠭᠳᠤ ᠴᠠᠭᠠᠨ ᠨᠤᠭᠤᠭ᠎ᠠ᠂ ᠴᠠᠭᠠᠨ ᠨᠤᠭᠤᠭ᠎ᠠ᠂ ᠲᠦᠪᠡᠳ ᠬᠠᠰᠢ ᠵᠡᠷᠭᠡ ᠳᠤ ᠸᠢᠲ᠋ᠠᠮᠢᠨ C  ᠴᠦᠮ  ᠨᠡᠯᠢᠶᠡᠳ‌ᠠᠷᠪᠢᠨ ᠠᠭᠤᠯᠤᠬᠳᠠᠵᠤ ᠪᠠᠶᠢᠳᠠᠭ︔ ᠵᠢᠮᠢᠰ ᠳᠠᠬᠢ ᠲᠤᠯᠤᠨᠤ᠂ ᠲᠤᠰᠢᠯᠤᠭ᠂ ᠭᠠᠳᠢᠷ᠎ᠠ᠂  ᠬᠥᠵᠡᠯᠵᠡᠭᠡᠨ᠎ᠠ  ᠵᠡᠷᠭᠡ   ᠳᠤ  ᠪᠠᠰᠠ‌‍ᠸᠢᠲ᠋ᠠᠮᠢᠨ C ᠨᠡᠯᠢᠶᠡᠳ ᠠᠷᠪᠢᠨ ᠠᠭᠤᠯᠤᠬᠳᠠᠵᠤ ᠪᠠᠶᠢᠨ᠎ᠠ᠃ ᠭᠡᠬᠦ ᠳᠡᠭᠡᠨ ᠠᠩᠬᠠᠷᠬᠤ ᠴᠢᠬᠤᠯᠠᠳᠠᠢ ᠵᠦᠢᠯ  ᠭᠡᠪᠡᠯ᠂  ᠸᠢᠲ᠋ᠠᠮᠢᠨC ᠨᠢ ᠮᠠᠰᠢ ᠬᠡᠪᠡᠷᠡᠭ ᠪᠤᠯᠬᠤᠷ ᠤᠷᠳᠤ ᠬᠤᠭᠤᠴᠠᠭ᠎ᠠ ᠪᠠᠷ ᠬᠠᠯᠠᠭᠠᠪᠠᠯ ᠠᠮᠠᠷᠬᠠᠨ ᠡᠪᠳᠡᠭᠳᠡᠳᠡᠭ᠂ ᠡᠶᠢᠮᠤ   ᠠᠴᠠ  ᠬᠠᠭᠤᠷᠴᠤ‌ᠬᠠᠭᠠᠷᠢᠬᠤ ᠳᠠᠭᠠᠨ ᠤᠰᠤ ᠪᠠᠷ ᠪᠤᠷᠤᠯᠠᠭᠤᠯᠵᠤ᠂ ᠲᠦᠷᠭᠡᠨ ᠬᠠᠭᠤᠷᠪᠠᠯ ᠬᠠᠮᠤᠭ ᠤᠨ ᠰᠠᠶᠢᠨ᠃ ᠸᠢᠲ᠋ᠠᠮᠢᠨ A ᠪᠤᠯ  ᠨᠢᠭᠡᠳᠤᠭᠡᠷ ᠰᠡᠷᠭᠡᠶᠢᠯᠡᠯᠳᠡ ᠶᠢᠨ ᠱᠤᠭᠤᠮ  ᠤᠨ《ᠪᠠᠳᠤᠯᠠᠨ ᠬᠠᠮᠠᠭᠠᠯᠠᠭᠴᠢ︾ᠮᠦᠨ᠃ ᠸᠢᠲ᠋ᠠᠮᠢᠨ A ᠲᠤᠳᠠᠭᠳᠠᠪᠠᠯ ᠠᠮᠠᠷᠬᠠᠨ ᠢᠶᠠᠷ ᠠᠮᠢᠰᠬᠤᠯ ᠤᠨ ᠵᠠᠮ ᠤᠨ ᠰᠠᠯᠢᠰᠤᠳᠤ ᠪᠦᠷᠬᠦᠪᠴᠢ ᠲᠡᠭᠡᠷᠡᠬᠢ ᠠᠷᠠᠰᠤᠨ ᠤ ᠡᠰ  ᠢ‌ᠠᠪᠴᠢᠭᠤᠯᠵᠤ᠂ ᠰᠤᠷᠮᠤᠤᠰᠤᠯᠢᠭ ᠦᠰᠤ ᠶᠢᠨ ᠬᠡᠮᠵᠢᠶ᠎ᠡ ᠶᠢ ᠪᠠᠭᠠᠰᠬᠠᠳᠠᠭ᠂ ᠢᠩᠬᠢᠪᠡᠯ ᠬᠥᠮᠤᠨ ᠤ ᠪᠡᠶ᠎ᠡ   ᠶᠢᠨ ᠭᠠᠳᠠᠭᠠᠳᠤ ᠤᠷᠴᠢᠨ ᠠᠴᠠ ᠰᠡᠷᠭᠡᠶᠢᠯᠡᠬᠦ ᠨᠢᠭᠡᠳᠤᠭᠡᠷ ᠰᠡᠷᠭᠡᠶᠢᠯᠡᠯᠳᠡ ᠶᠢᠨ ᠱᠤᠭᠤᠮ ᠨᠢ ᠰᠠᠶᠢᠨ ᠠᠵᠢᠯᠯᠠᠵᠤ ᠴᠢᠳᠠᠬᠤ ᠦᠭᠡᠢ  ᠪᠤᠯᠬᠤ ᠵᠢᠨ‌ᠤᠯᠠᠮ ᠠᠴᠠ ᠡᠪᠡᠳᠴᠢᠨ ᠤ ᠪᠠᠺᠲ᠋ᠧᠷᠢ ᠪᠡᠶ᠎ᠡ ᠳᠤ ᠬᠠᠯᠳᠠᠪᠤᠷᠢᠯᠠᠳᠠᠭ᠃ ᠸᠢᠲ᠋ᠠᠮᠢᠨ A ᠨᠢ ᠠᠮᠢᠳᠡᠡ ᠤ ᠪᠡᠶ᠎ᠡ ᠳᠤ ᠠᠷᠪᠢᠨ‌ᠠᠭᠤᠯᠤᠭᠳᠠᠳᠠᠭ᠂ ᠵᠢᠱᠢᠶᠡᠯᠡᠪᠠᠯ ᠠᠮᠢᠳᠠᠨ ᠤ ᠡᠯᠢᠭᠡ᠂ ᠵᠢᠭᠠᠰᠤᠨ ᠡᠯᠢᠭᠡᠨ ᠤ ᠲᠤᠰᠤ ᠳᠤ ᠠᠷᠪᠢᠨ ᠠᠭᠤᠯᠤᠭᠳᠠᠳᠠᠭ᠃ ᠸᠢᠲ᠋ᠠᠮᠢᠨA ᠶᠢᠨ ᠤᠷᠭᠤᠮᠠᠯ ᠳᠠᠬᠢ ᠠᠭᠤᠯᠤᠭᠳᠠᠬᠤᠨ ᠨᠢ ᠲᠡᠬᠦᠨ ᠤ ᠦᠩᠭᠡ ᠲᠠᠢ ᠵᠤᠬᠢᠬᠤ ᠬᠤᠯᠪᠤᠭ᠎ᠠ ᠲᠠᠢ ᠪᠠᠶᠢᠳᠠᠭ᠂  ᠶᠡᠷᠤ  ᠳ᠋ᠡᠭᠡᠨ‌ᠤᠯᠠᠪᠳᠤᠷ ᠰᠢᠷ᠎ᠠ ᠦᠩᠭᠡ ᠪᠤᠶᠤ ᠬᠠᠷᠠᠪᠳᠤᠷ ᠨᠤᠭᠤᠭᠠᠨ ᠦᠩᠭᠡ ᠲᠠᠢ ᠨᠤᠭᠤᠭ᠎ᠠ ᠵᠢᠮᠢᠰ  ︵ᠰᠢᠷ᠎ᠠ ᠯᠤᠤᠪᠠᠩ᠂ ᠯᠠᠩᠭᠤᠸᠠ᠂ᠨᠤᠭᠤᠭᠠᠨ ᠴᠡᠴᠡᠭᠳᠤ ᠴᠠᠭᠠᠨ ᠨᠤᠭᠤᠭ᠎ᠠ᠂ ᠦᠷᠭᠡᠰᠤᠳᠤ ᠨᠤᠭᠤᠭ᠎ᠠ︶ ᠤᠨ ᠬᠠᠩᠭᠠᠬᠤ βᠰᠢᠷ᠎ᠠ  ᠯᠤᠤᠪᠠᠩ  ᠤᠨ ᠡᠳ᠋ ᠨᠢ ᠬᠥᠮᠤᠨ ᠤ ᠪᠡᠶ᠎ᠡ ᠳᠤ ᠸᠢᠲ᠋ᠠᠮᠢᠨ ᠪᠤᠯᠵᠤ ᠬᠤᠪᠢᠷᠠᠳᠠᠭ᠃ ᠴᠠᠶᠢᠷ ᠪᠤᠯ ᠡᠭᠡᠯᠢᠯᠡᠬᠦ ᠴᠢᠳᠠᠯ ᠢ ᠲᠤᠬᠢᠷᠠᠭᠤᠯᠬᠤ《ᠰᠠᠶᠢᠨ ᠬᠠᠪᠰᠤᠷᠤᠭᠴᠢ》ᠮᠦᠨ᠃ ᠴᠠᠶᠢᠷ ᠪᠤᠯ  ᠬᠥᠮᠤᠨ  ‍ᠤ‌‍ᠪᠡᠶ᠎ᠡ ᠳᠠᠬᠢ 100 ᠭᠠᠷᠤᠢ ᠵᠦᠢᠯ  ᠤᠨ ᠢᠰᠭᠡᠬᠦᠷ ᠤᠨ ᠪᠦᠷᠢᠯᠳᠤᠬᠦᠨ ᠭᠡᠰᠢᠬᠦᠨ ᠮᠦᠨ᠂ ᠢᠯᠠᠩᠭᠤᠶ᠎ᠠ ᠡᠭᠡᠯᠢᠯᠡᠬᠦ ᠰᠢᠰᠲ᠋ᠧᠮ‌‍ᠤᠨ ᠪᠤᠶᠢᠵᠢᠯᠳᠠ ᠪᠠ ᠬᠡᠪ  ᠤᠨ ᠡᠭᠡᠯᠢᠯᠡᠬᠦ ᠴᠢᠳᠠᠮᠵᠢ ᠪᠠᠨ ᠪᠠᠳᠤᠯᠠᠬᠤ ᠳᠤ ᠤᠮᠳᠤᠭᠠᠶᠢᠯᠠᠵᠤ  ᠪᠤᠯᠤᠰᠢ  ᠦᠭᠡᠢ  ᠦᠢᠯᠡᠳᠤᠯ ᠦᠵᠡᠬᠦᠯᠳᠡᠭ᠃ ᠴᠠᠶᠢᠷ ᠡᠯᠪᠡᠭ ᠠᠭᠤᠯᠤᠭᠳᠠᠳᠠᠭ ᠢᠳᠡᠭᠡᠨ ᠤ ᠵᠦᠢᠯ ᠳᠤ ᠭᠤᠤᠯᠳᠠᠭᠤ ᠬᠤᠶᠠᠷ ᠶᠡᠭᠡ ᠲᠦᠷᠤᠯ  ᠪᠤᠢ᠄ ᠲᠠᠯᠠᠢ ᠶᠢᠨ ᠭᠠᠷᠤᠯᠳᠠ ᠳᠠᠬᠢ ᠬᠢᠰᠤᠭ᠎ᠠ ᠶᠢᠨ ᠵᠦᠢᠯ ᠪᠠ ᠮᠦᠬᠦ ᠶᠢᠨ ᠲᠦᠷᠤᠯ᠂ ᠡᠬᠦᠨ ᠠᠴᠠ ᠭᠠᠳᠠᠨ᠎ᠠ ᠠᠮᠢᠳᠠᠨ ᠤ ᠡᠯᠢᠭᠡ᠂ ᠬᠠᠷ᠎ᠠ‌ᠮᠢᠬ᠎ᠠ᠂ ᠬᠠᠭᠠᠷᠬᠠᠢ ᠬᠤᠰᠢᠭ᠎ᠠ ᠵᠡᠷᠭᠡ ᠢᠳᠡᠭᠡᠨ ᠳᠤ ᠪᠠᠰᠠ ᠨᠡᠯᠢᠶᠡᠳ ᠡᠯᠪᠡᠭ ᠠᠭᠤᠯᠤᠭᠳᠠᠵᠤ ᠪᠠᠶᠢᠳᠠᠭ᠃ ᠲᠡᠮᠤᠷ ᠪᠤᠯ ᠡᠰᠡᠷᠬᠦᠴᠡᠭᠴᠢ ᠶᠢ ᠪᠤᠢ ᠪᠤᠯᠭᠠᠬᠤ ᠬᠥᠴᠤᠳᠠᠢ ᠲᠦᠰᠢᠭ ᠮᠦᠨ᠃ ᠲᠡᠮᠤᠷ ᠲᠤᠳᠠᠭᠳᠠᠪᠠᠯ ᠡᠭᠡᠯᠢᠯᠡᠭᠡ ᠵᠢᠨ‌ᠡᠰ ᠤᠨ ᠲᠤᠭ᠎ᠠ ᠶᠢ ᠪᠠᠭᠠᠰᠬᠠᠬᠤ ᠶᠢᠨ ᠤᠯᠠᠮ ᠠᠴᠠ ᠡᠰᠡᠷᠬᠦᠴᠡᠭᠴᠢ ᠶᠢᠨ ᠪᠤᠢ ᠪᠤᠯᠬᠤ ᠶᠢ  ᠨᠦᠯᠤᠭᠡᠯᠡᠵᠤ᠂  ᠡᠭᠡᠯᠢᠯᠡᠭᠡ  ᠵᠢᠨ‌‍ᠲ᠋ᠤᠰᠬᠠᠯ ᠢ ᠲᠤᠳᠠᠭᠤ ᠲᠤᠷᠭᠤᠨ ᠪᠤᠯᠭᠠᠳᠠᠭ᠃ ᠡᠶᠢᠮᠤ ᠠᠴᠠ ᠠᠮᠢᠳᠠᠨ ᠤ ᠡᠯᠢᠭᠡ᠂ ᠠᠮᠢᠳᠠᠨ ᠤ ᠴᠢᠰᠤ᠂ ᠮᠢᠬ᠎ᠠ ︵ᠭᠠᠭ᠋ᠠᠢ  ᠵᠢᠨ‌ᠬᠠᠷ᠎ᠠ ᠮᠢᠬ᠎ᠠ᠂ ᠦᠭᠡᠷ ᠤᠨ ᠮᠢᠬ᠎ᠠ᠂ ᠬᠤᠨᠢᠨ ᠮᠢᠬ᠎ᠠ︶ ᠵᠡᠷᠭᠡ ᠲᠡᠮᠤᠷ ᠡᠯᠪᠡᠭ ᠠᠭᠤᠯᠤᠭᠳᠠᠬᠤ  ᠢᠳᠡᠭᠡᠨ ᠢ ᠵᠤᠬᠢᠰᠳᠠᠢ  ᠪᠡᠷ‌ᠢᠯᠡᠬᠦᠤ ᠰᠢᠭ ᠢᠳᠡᠵᠤ ᠪᠤᠯᠤᠨ᠎ᠠ᠃ ᠲᠡᠮᠤᠷ ᠨᠦᠬᠦᠪᠤᠷᠢᠯᠡᠬᠦ ᠳᠤ ᠪᠠᠰᠠ ᠨᠢᠭᠡᠨ ᠠᠷᠭ᠎ᠠ ᠲᠡᠮ ᠪᠤᠢ᠄ ᠸᠢᠲ᠋ᠠᠮᠢᠨ C ᠨᠢ ᠲᠡᠮᠤᠷ ᠰᠢᠩᠭᠡᠭᠡᠬᠦ ᠶᠢ ᠠᠬᠢᠭᠤᠯᠬᠤ ᠤᠴᠢᠷ ᠠᠴᠠ ᠲᠡᠮᠤᠷ ᠡᠯᠪᠡᠭ ᠠᠭᠤᠯᠤᠭᠳᠠᠬᠤ ᠢᠳᠡᠭᠡᠨ ᠢᠳᠡᠬᠦ ᠳᠡᠭᠡᠨ᠂  ᠸᠢᠲ᠋ᠠᠮᠢᠨ  C  ᠡᠯᠪᠡᠭ ᠠᠭᠤᠯᠤᠭᠳᠠᠬᠤ ᠢᠳᠡᠭᠡᠨ ᠢ ᠬᠠᠪᠰᠤᠷᠭᠠᠪᠠᠯ ᠬᠠᠷᠢᠯᠴᠠᠨ ᠲᠤᠰᠠᠯᠠᠬᠤ ᠦᠢᠯᠡᠳᠤᠯ ᠢ ᠭᠠᠷᠭᠠᠵᠤ ᠴᠢᠳᠠᠨ᠎ᠠ᠃
 
ᠢᠷᠡᠯᠲᠡ᠄ ᠠᠷᠠᠤᠨ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号