ᠪᠠᠷᠭᠤ ᠪᠦᠰᠡᠬᠦ᠋ᠢᠴᠦᠳ ᠤᠨ ᠰᠦᠬᠦᠬᠡᠢ ᠭᠤᠳᠤᠯ ᠲᠠᠳᠠᠬᠤ ᠲᠤᠬᠠᠢ
ᠨᠡᠶᠢᠲᠡᠯᠡᠭᠰᠡᠨ ᠴᠠᠭ᠄
2019/3/13
     ᠪᠠᠷᠭᠤᠴᠤᠳ ᠰᠦᠬᠦᠭᠡᠢ ᠭᠤᠳᠤᠯ᠂ ᠢᠰᠡᠭᠡᠢ ᠭᠤᠳᠤᠯ᠂ ᠲᠡᠭᠳᠡᠢ ᠵᠡᠷᠭᠡ ᠤᠯᠠᠨ ᠶᠠᠩᠵᠦ ᠶᠢᠨ ᠭᠤᠲᠤᠯ ᠡᠮᠦᠰᠳᠡᠭ᠃ ᠰᠦᠬᠦᠭᠡᠢ ᠭᠤᠲᠤᠯ ᠪᠤᠯ ᠪᠠᠷᠭᠤᠴᠤᠳ ᠤᠨ ᠠᠵᠢᠯᠴᠢ ᠬᠤᠶᠠᠷ ᠭᠠᠷ ᠢᠶᠠᠷ ᠢᠶᠠᠨ ᠤᠷᠠᠯᠠᠨ ᠤᠶᠤᠵᠤ ᠪᠦᠲᠦᠭᠡᠳᠡᠭ ᠦᠪᠡᠷᠮᠢᠴᠡ ᠤᠨᠴᠠᠯᠢᠭ ᠪᠦᠬᠦᠢ ᠭᠤᠲᠤᠯ ᠪᠤᠯᠬᠤ ᠶᠤᠮ᠃ ᠪᠠᠷᠭᠤᠴᠤᠳ ᠢ ᠰᠢᠨ᠎ᠡ ᠪᠠᠷᠭᠤ᠂ ᠬᠠᠭᠤᠴᠢᠨ ᠪᠠᠷᠭᠤ ᠬᠡᠵᠦ ᠬᠤᠪᠢᠶᠠᠳᠠᠭ᠃ ᠬᠠᠭᠤᠴᠢᠨ ᠪᠠᠷᠭᠤᠴᠤᠳ ᠨᠢ ᠤᠳᠤ ᠴᠦ ᠮᠦᠨ ᠰᠦᠬᠦᠭᠡᠢ ᠭᠤᠳᠤᠯ ᠤᠶᠤᠵᠤ᠂ ᠤᠶᠤᠩᠭᠤᠯᠠᠨ ᠡᠮᠦᠰᠴᠦ ᠪᠤᠢ᠃ ᠲᠡᠳᠡ ᠰᠦᠬᠦᠭᠡᠢ ︵ᠬᠦᠬᠦᠭᠡᠢ xooxii ᠭᠡᠵᠤ ᠠᠪᠢᠶᠠᠯᠠᠳᠠᠭ︶ ᠭᠤᠳᠤᠯ ᠢᠶᠠᠨ ᠪᠠᠰᠠ ᠬᠦᠮ ᠭᠤᠳᠤᠯ ᠴᠦ ᠬᠡᠳᠡᠭ᠃ ᠰᠦᠬᠦᠬᠡᠢ ᠭᠤᠲᠤᠯ ᠤᠨ ᠤᠯᠠ ᠶᠢ ᠨᠢ ᠬᠦᠮ ᠢᠶᠠᠷ ᠬᠢᠳᠡᠭ᠃ ᠲᠦᠷᠡᠢ ᠶᠢ ᠨᠢ ᠬᠦᠳᠤᠰᠤ ᠪᠤᠶᠤ ᠪᠦᠰ ᠢᠶᠠᠷ ᠬᠢᠳᠡᠭ᠃ ᠬᠦᠳᠤᠰᠤᠨ ᠲᠦᠷᠡᠶᠢᠲᠠᠢ ᠭᠤᠲᠤᠯ ᠢ ᠬᠦᠢᠲᠡᠨ ᠤ ᠡᠷᠢᠨ ᠳᠤ ᠡᠮᠤᠰᠴᠦ᠂ ᠪᠦᠰ ᠲᠦᠷᠡᠶᠢᠲᠠᠢ ᠭᠤᠲᠤᠯ ᠢ ᠲᠤᠯᠠᠭᠠᠨ ᠤ ᠡᠷᠢᠨ ᠳᠤ ᠡᠮᠦᠰᠳᠡᠭ᠃ ᠰᠦᠬᠦᠭᠡᠢ ᠭᠤᠲᠤᠯ ᠬᠢᠬᠦ ᠶᠢ ᠬᠠᠭᠤᠴᠢᠨ ᠪᠠᠷᠭᠤᠴᠤᠳ ᠭᠤᠲᠤᠯ ᠲᠠᠲᠠᠨ᠎ᠠ ᠭᠡᠵᠤ ᠬᠡᠯᠡᠳᠡᠭ᠃ ᠰᠦᠬᠦᠬᠡᠢ ᠭᠤᠲᠤᠯ ᠲᠠᠳᠠᠬᠤ ᠳᠤ ᠭᠤᠤᠯᠳᠠᠭᠤ ᠬᠦᠳᠦᠰᠤ᠂ ᠴᠠᠭᠠᠨ ᠪᠦᠰ᠂ ᠭᠦᠮ᠂ ᠬᠠᠷ᠎ᠠ ᠬᠢᠯᠢᠩ᠂ ᠰᠠᠪᠢᠬᠢ᠂ ᠨᠤᠭᠤᠭᠠᠨ ᠬᠠᠷᠢᠭᠤ᠂ ᠲᠠᠮᠤᠭᠰᠠᠨ ᠰᠢᠷᠪᠤᠰᠤ ᠵᠡᠷᠭᠡ ᠶᠢ ᠬᠡᠷᠡᠭᠰᠡᠳᠡᠭ᠃      ᠰᠦᠬᠦᠭᠡᠢ ᠭᠤᠲᠤᠯ ᠲᠠᠳᠠᠬᠤ ᠶᠡᠷᠤᠩᠬᠡᠢ ᠠᠯᠬᠤᠮ ᠳᠠᠷᠠᠭ᠎ᠠ ᠨᠢ ᠬᠡᠪᠡᠯ᠄ ᠲᠦᠷᠡᠢ ᠡᠰᠭᠡᠨ᠎ᠡ᠃ ᠲᠦᠷᠡᠢ ᠤᠶᠤᠨ᠎ᠠ᠃ ᠤᠯᠠ ᠦᠭᠡᠯᠡᠨ᠎ᠡ᠃ ᠭᠤᠲᠤᠯ ᠲᠠᠳᠠᠨ᠎ᠠ᠃ ᠭᠤᠲᠤᠯ ᠬᠡᠪᠯᠡᠨ᠎ᠡ᠃ ᠨᠠᠷᠢᠨ ᠪᠦᠲᠦᠴᠡ ᠨᠢ ᠲᠤᠤᠷᠡᠬᠢ ᠮᠡᠲᠤ᠄      ⒈ ᠲᠦᠷᠡᠢ ᠬᠢᠬᠦ ᠡᠳ᠋ ᠰᠤᠩᠭᠤᠨ᠎ᠠ᠃ ᠪᠦᠰ ᠲᠦᠷᠡᠶᠢᠳᠠᠢ ᠬᠦᠮ ᠭᠤᠲᠤᠯ ᠬᠢᠬᠦ ᠳᠤ᠂ ᠭᠠᠳᠠᠷᠯᠠᠬᠤ ᠰᠢᠨ᠎ᠡ ᠴᠠᠭᠠᠨ ᠪᠦᠰ ᠪᠠ ᠲᠤᠲᠤᠷᠯᠠᠬᠤ ᠪᠦᠰ ︵ᠬᠡᠳᠦᠨ ᠲᠠᠪᠬᠤᠷ ᠪᠦᠰ ᠬᠡᠷᠡᠭᠰᠡᠳᠡᠭ︶ ᠰᠤᠩᠭᠤᠨ᠎ᠠ᠃ ᠭᠦᠳᠦᠰᠤᠨ ᠳᠦᠷᠡᠶᠢᠳᠠᠢ ᠬᠦᠮ ᠭᠤᠲᠤᠯ ᠬᠢᠬᠦ ᠳᠤ᠂ ᠬᠤᠨᠢ ᠢᠮᠠᠭᠠᠨ ᠤ ᠠᠷᠠᠰᠤ ᠶᠢ ᠰᠤᠩᠭᠤᠨ ᠡᠯᠳᠡᠵᠤ᠂ ᠦᠰᠤ ᠶᠢ ᠨᠢ ᠬᠠᠶᠢᠴᠢᠯᠠᠵᠤ᠂ ᠤᠲᠤᠵᠤ ᠰᠢᠷᠡᠯᠠᠭᠤᠯᠤᠨ᠎ᠠ᠃      ⒉ ᠲᠦᠷᠡᠢ ᠡᠰᠭᠡᠨ᠎ᠡ᠃ ᠡᠳ᠋ ᠰᠤᠩᠭᠤᠵᠤ ᠪᠠᠷᠠᠭᠠᠳ ᠲᠦᠷᠡᠢ ᠡᠰᠭᠡᠬᠦ ᠳᠤ ᠦᠯᠢᠭᠡᠷ ᠢᠶᠠᠷ ᠡᠰᠭᠡᠬᠦ ᠪᠤᠶᠤ ᠰᠢᠭᠤᠳ ᠲᠦᠭᠡᠯᠡᠵᠤ ᠡᠰᠭᠡᠬᠦ ᠴᠤ ᠪᠤᠢ᠃ ᠡᠭᠦᠨ ᠳᠤ᠂ ᠲᠤᠮᠦ ᠭᠤᠲᠤᠯ ᠤᠨ ᠲᠦᠷᠡᠢ ᠶᠢ ᠲᠤᠬᠤᠢ ᠢᠯᠡᠭᠦᠤ ᠦᠨᠳᠦᠷ᠂ ᠪᠠᠭ᠎ᠠ ᠭᠤᠲᠤᠯ ᠤᠨ ᠬᠢ ᠶᠢ ᠲᠡᠭᠦᠨ ᠠᠴᠠ ᠪᠤᠭᠤᠨᠢᠪᠳᠤᠷ᠂ ᠰᠢᠯᠪᠢ ᠳᠤ ᠵᠤᠬᠢᠴᠠᠭᠰᠠᠨ ᠦᠷᠭᠡᠨ᠂ ᠲᠦᠷᠪᠡᠨ ᠬᠡᠰᠡᠭ ᠢ ᠠᠳᠠᠯᠢ ᠪᠠᠷ ᠡᠰᠭᠡᠳᠡᠭ᠃      ⒊ ᠲᠦᠷᠡᠢ ᠤᠶᠤᠨ᠎ᠠ᠃ ᠪᠦᠰ ᠲᠦᠷᠡᠢ ᠬᠢᠬᠦ ᠳᠤ 6 -7 ᠲᠠᠪᠬᠤᠷ ᠪᠦᠰ ᠬᠡᠷᠡᠭᠯᠡᠳᠡᠭ᠃ ᠡᠬᠦᠨ ᠳᠤ᠂ ᠭᠠᠳᠠᠷᠯᠠᠬᠤ ᠲᠤᠳᠤᠷᠯᠠᠬᠤ ᠰᠢᠨ᠎ᠡ ᠴᠠᠭᠠᠨ ᠪᠦᠰ᠂ ᠲᠤᠮᠳᠠ ᠨᠢ ᠰᠢᠨ᠎ᠡ ᠪᠤᠶᠤ ᠬᠠᠭᠤᠴᠢᠨ ᠪᠦᠰ ᠬᠠᠪᠴᠢᠨ᠎ᠠ᠃ ᠭᠠᠳᠠᠷᠯᠠᠬᠤ ᠭᠤᠷᠪᠠᠨ ᠲᠠᠪᠬᠤᠷ ᠢ ᠰᠢᠷᠢᠵᠤ ᠤᠶᠤᠨ᠎ᠠ᠃ ᠰᠢᠷᠢᠬᠦ ᠳᠡᠭᠡᠨ᠂ ᠤᠷᠢᠳᠠᠪᠠᠷ ᠲᠦᠷᠡᠢ ᠶᠢᠨ ᠠᠷᠤ ᠭᠤᠤᠯ  ᠠᠴᠠ ᠡᠬᠢᠯᠡᠨ ᠡᠮᠦᠨ᠎ᠡ ᠤᠮᠤᠭ ᠦᠭᠡᠳᠡ ᠨᠢ ᠵᠢᠰᠢᠬᠦᠦ ᠪᠠᠷ ᠰᠢᠷᠢᠵᠤ᠂ ᠲᠠᠷᠠᠭ᠎ᠠ ᠨᠢ ᠬᠤᠶᠠᠷ ᠲᠡᠰᠢ ᠨᠢ ᠵᠢᠭᠳᠡ ᠵᠠᠢ ᠲᠠᠢ ᠰᠢᠷᠢᠨ᠎ᠡ᠃ ᠰᠢᠷᠢᠵᠤ ᠪᠠᠷᠠᠪᠠᠯ ᠳᠡᠭᠡᠷ᠎ᠡ ᠨᠢ ᠳᠠᠬᠢᠭᠠᠳ ᠲᠤᠲᠤᠷᠯᠠᠬᠤ ᠪᠦᠰ 3-4 ᠲᠠᠪᠬᠤᠷ ᠨᠠᠭᠠᠨ᠎ᠠ᠃ ᠨᠠᠠᠭᠠᠬᠤ ᠳᠤ ᠭᠤᠯᠢᠷ ᠤᠨ ᠨᠠᠭᠠᠯᠳᠠ ᠬᠡᠷᠡᠭᠯᠡᠳᠡᠭ᠃ ᠰᠢᠷᠢᠭᠰᠡᠨ ᠲᠦᠷᠡᠢ ᠪᠠ ᠬᠦᠳᠦᠰᠦᠨ ᠲᠦᠷᠡᠢ ᠶᠢᠨ ᠤᠶᠤᠬᠤ ᠶᠠᠪᠤᠴᠠ ᠪᠠ ᠠᠷᠭ᠎ᠠ ᠨᠢ ᠠᠳᠠᠯᠢ ᠪᠠᠶᠢᠳᠠᠭ᠃      ᠲᠤᠬᠠᠶᠢᠯᠠᠪᠠᠯ᠄      ⑴ ᠡᠰᠭᠡᠭᠰᠡᠨ ᠲᠦᠷᠪᠡᠨ ᠬᠡᠰᠡᠭ ᠢ ᠬᠠᠷᠢᠯᠴᠠᠨ ᠲᠡᠩᠴᠡᠭᠦᠯᠤᠨ ᠦᠭᠡᠯᠡᠵᠤ ᠵᠠᠰᠠᠨ᠎ᠠ᠃      ⑵ ᠭᠤᠤᠯ ᠢ ᠨᠢ ᠤᠶᠤᠨ᠎ᠠ᠃ ᠡᠨᠡ ᠨᠢ ᠲᠦᠷᠡᠢ ᠶᠢᠨ ᠬᠤᠶᠠᠷ ᠬᠡᠰᠡᠭ ᠢ ᠲᠡᠩᠴᠡᠭᠦᠤ ᠪᠠᠷᠢᠵᠤ᠂ ᠦᠪᠤᠷ ᠭᠤᠤᠯ ᠳᠤᠨᠢ ᠬᠠᠷ᠎ᠠ ᠬᠢᠯᠢᠩ ᠬᠠᠪᠴᠢᠨ ᠨᠡᠶᠢᠯᠡᠬᠦᠯᠵᠦ ᠤᠶᠤᠬᠤ ᠶᠢ ᠬᠡᠯᠡᠵᠦ ᠪᠠᠶᠢᠨ᠎ᠠ᠃      ⑶ ᠬᠦᠪᠡᠭᠡ ᠡᠮᠵᠢᠶᠡᠷᠢᠯᠡᠨ᠎ᠡ᠃ ᠡᠬᠦᠨ ᠳᠤ᠂ ᠤᠶᠤᠬᠤ ᠠᠯᠬᠤᠮ ᠲᠠᠷᠠᠭ᠎ᠠ ᠨᠢ ᠲᠤᠤᠷᠠᠬᠢ ᠮᠠᠳᠦ᠄      ① ᠬᠠᠷ᠎ᠠ ᠬᠢᠯᠢᠩ ᠢᠶᠠᠷ ᠬᠦᠪᠡᠭᠡ ᠱᠠᠭᠯᠠᠳᠠᠭ᠃ ᠬᠦᠪᠡᠭᠡ ᠭᠡᠳᠡᠭ ᠨᠢ ᠬᠠᠷ᠎ᠠ ᠬᠢᠯᠢᠩ ᠢ 2 — 3 ᠬᠤᠷᠤᠭᠤ ᠬᠢᠷᠢᠳᠠᠢ ᠦᠷᠭᠡᠨ ᠬᠠᠶᠢᠴᠢᠯᠠᠵᠤ᠂ ᠲᠦᠷᠡᠢ ᠶᠢᠨ ᠤᠮᠤᠭ ᠠᠴᠠ ᠭᠤᠷᠪᠠᠨ ᠬᠤᠷᠤᠭᠤ ᠬᠢᠷᠢᠲᠠᠢ ᠲᠤᠷᠤᠭᠰᠢ ᠬᠦᠪᠡᠭᠡᠯᠡᠭᠰᠡᠨ ᠡᠮᠵᠢᠶᠡᠷᠢ ᠶᠢ ᠵᠢᠭᠠᠵᠤ ᠪᠠᠶᠢᠨ᠎ᠠ᠃ ᠡᠭᠦᠨ ᠤ ᠪᠠᠨ ᠳᠡᠭᠡᠷ᠎ᠡ ᠨᠢ ᠨᠤᠭᠤᠭᠠᠨ ᠬᠠᠷᠢᠭᠤ ᠪᠠᠷ ᠬᠢᠭᠰᠡᠨ ᠲᠡᠮᠡᠭᠡᠯᠵᠢᠭᠡᠨ᠎ᠡ ᠬᠤᠸᠠᠷ ᠤᠨ ᠤᠭᠠᠯᠵᠠ ᠶᠢ ᠱᠠᠭᠯᠠᠳᠠᠭ᠃ ᠤᠮᠤᠭ ᠭᠡᠳᠡᠭ ᠨᠢ ᠲᠦᠷᠡᠢ ᠶᠢᠨ ᠢᠷᠮᠡᠭ ᠢ ᠵᠢᠭᠠᠵᠤ ᠪᠠᠶᠢᠨ᠎ᠠ᠃ ᠨᠤᠭᠤᠭᠠᠨ ᠬᠠᠷᠢᠭᠤ ᠭᠡᠳᠡᠭ ᠨᠢ ᠬᠤᠨᠢ ᠢᠮᠠᠭᠠᠨ ᠤ ᠴᠠᠪᠢ ᠬᠡᠰᠡᠭ ᠤᠨ ᠠᠷᠠᠰᠤ ᠶᠢ ᠡᠯᠳᠡᠵᠤ᠂ ᠦᠰᠦ ᠶᠢ ᠨᠢ ᠬᠠᠶᠢᠴᠢᠯᠠᠵᠤ᠂ ᠬᠦᠷᠦᠰᠤ ᠶᠢ ᠨᠢ ᠨᠤᠭᠤᠭᠠᠨ ᠪᠤᠳᠤᠭ ᠢᠶᠠᠷ ᠪᠤᠳᠤᠭᠰᠠᠨ ᠨᠢᠮᠭᠡᠨ  ᠭᠦᠳᠦᠰᠦ ᠪᠤᠯᠤᠨ᠎ᠠ᠃      ② ᠬᠤᠯᠢᠭᠤ ᠱᠠᠭᠯᠠᠨ᠎ᠠ᠃ ᠬᠤᠯᠢᠭᠤ ᠭᠡᠳᠡᠭ ᠨᠢ ᠭᠦᠪᠡᠭᠡ ᠠᠴᠠ ᠪᠠᠭ᠋ᠠᠨ ᠲᠤᠭᠤᠭᠰᠢ ᠪᠠᠷᠤᠭ ᠬᠤᠷᠤᠭᠤ ᠢᠯᠡᠭᠦᠤ ᠦᠷᠭᠡᠨ ᠬᠤᠷᠭᠤᠢ ᠲᠡᠪᠢᠰᠭᠡᠷ ᠲᠡᠭᠡᠷ᠎ᠡ ᠨᠠᠷᠢᠨ ᠬᠠᠶᠢᠴᠢᠯᠠᠭᠰᠠᠨ ᠨᠤᠭᠤᠭᠠᠨ ᠬᠠᠷᠢᠭᠤ ᠪᠠᠷ ᠰᠤᠯᠢᠪᠴᠠᠭᠤᠯᠤᠨ ᠬᠤᠸᠠᠷᠯᠠᠭᠰᠠᠨ ᠤᠭᠠᠯᠵᠠ ᠶᠢ ᠬᠡᠯᠡᠵᠤ ᠪᠠᠶᠢᠨ᠎ᠠ᠃      ③ ᠬᠤᠰᠢᠶ᠎ᠠ ᠱᠠᠭᠯᠠᠨ᠎ᠠ᠃ ᠬᠤᠰᠢᠶ᠎ᠠ ᠭᠡᠳᠡᠭ ᠨᠢ ᠨᠠᠪ ᠨᠠᠷᠢᠨ ᠬᠠᠶᠢᠴᠢᠯᠠᠭᠰᠠᠨ ᠬᠠᠷ᠎ᠠ ᠰᠠᠪᠢᠬᠢ ᠶᠢ ᠬᠤᠯᠢᠭᠤ ᠠᠴᠠ ᠪᠠᠭᠠᠬᠠᠨ ᠲᠤᠭᠤᠭᠰᠢ ᠱᠠᠭᠯᠠᠵᠤ ᠤᠶᠤᠭᠰᠠᠨ ᠡᠮᠵᠢᠶᠡᠷᠢ ᠪᠤᠯᠤᠨ᠎ᠠ᠃      ④ ᠡᠮᠵᠢᠶᠡᠷᠢ ᠱᠠᠭᠯᠠᠨ᠎ᠠ᠃ ᠡᠮᠵᠢᠶᠡᠷᠢ ᠭᠡᠳᠡᠭ ᠨᠢ ᠨᠤᠭᠤᠭᠠᠨ ᠬᠠᠷᠢᠭᠤ ᠪᠠᠷ ᠬᠦᠪᠡᠭᠡ ᠶᠢ ᠵᠠᠯᠭᠠᠵᠤ᠂ ᠲᠡᠭᠡᠭᠰᠢ ᠪᠠᠨ ᠢᠷᠮᠡᠭ ᠲᠤᠨᠢ ᠲᠤᠯᠭᠠᠨ ᠡᠮᠵᠢᠵᠤ ᠤᠶᠤᠭᠰᠠᠨ ᠬᠦᠪᠡᠭᠡ ᠪᠤᠯᠤᠨ᠎ᠠ᠃      ⑤ ᠲᠦᠷᠡᠢ ᠮᠤᠨᠳᠤᠷᠬᠠᠶᠢᠯᠠᠨ᠎ᠠ᠃ ᠡᠨᠡ ᠨᠢ ᠨᠤᠭᠤᠭᠠᠨ ᠬᠠᠷᠢᠭᠤ ᠪᠠᠷ ᠡᠮᠵᠢᠶᠡᠷᠢ ᠶᠢ ᠵᠠᠯᠭᠠᠬᠤ ᠪᠦᠭᠡᠳ ᠲᠦᠷᠡᠢ ᠶᠢᠨ ᠤᠮᠤᠭ ᠢᠶᠠᠨ ᠮᠤᠨᠳᠤᠷᠬᠠᠢ ᠢᠮᠡᠭᠦᠷᠳᠡᠵᠤ ᠡᠮᠵᠢᠬᠦ ᠶᠢ ᠬᠡᠯᠡᠵᠤ ᠪᠠᠶᠢᠨ᠎ᠠ᠃ ᠢᠩᠬᠢᠵᠤ ᠬᠢᠪᠡᠯ ᠭᠤᠲᠤᠯ ᠤᠨ ᠲᠦᠷᠡᠢ ᠭᠤᠶᠤ ᠮᠦᠷᠲᠡᠭᠡᠨ ᠲᠦᠪ ᠲᠠᠢ ᠪᠤᠯᠳᠠᠭ᠃ ᠡᠨᠡᠬᠦ ᠡᠮᠵᠢᠶᠡᠷᠢᠯᠡᠵᠤ ᠱᠠᠭᠯᠠᠭᠰᠠᠨ ᠪᠦᠬᠦ᠋ᠢᠯᠡ ᠬᠡᠰᠡᠭ ᠢ ᠲᠦᠷᠡᠢ ᠶᠢᠨ ᠬᠦᠪᠡᠭᠡ ᠭᠡᠵᠤ ᠨᠡᠷᠡᠯᠡᠳᠡᠭ᠃      ⑷ ᠤᠭᠠᠯᠵᠠ ᠱᠠᠭᠯᠠᠵᠤ᠂ ᠬᠤᠸᠠᠷ ᠬᠠᠳᠬᠤᠨ᠎ᠠ᠃ ᠲᠦᠷᠡᠢ ᠶᠢᠨ ᠬᠦᠪᠡᠭᠡ ᠳᠤᠨᠢ ᠭᠤᠤᠯᠳᠠᠭᠤ ᠲᠡᠮᠡᠭᠡᠯᠵᠢᠭᠡᠨ᠎ᠡ ᠬᠤᠸᠠᠷ᠂ ᠬᠤᠯᠢᠭᠤ ᠪᠤᠶᠤ ᠠᠪᠳᠠᠷᠠᠨ ᠬᠤᠸᠠᠷ ᠱᠠᠭᠯᠠᠵᠤ᠂ ᠲᠦᠷᠡᠢ ᠶᠢᠨ ᠲᠤᠮᠳᠠᠬᠢ ᠬᠡᠰᠡᠭ ᠲᠤᠨᠢ ᠭᠤᠷᠪᠠᠯᠵᠢᠨ ᠲᠦᠷᠪᠡᠯᠵᠢᠨ ᠪᠡᠯᠦ ᠱᠠᠭᠯᠠᠵᠤ᠂ ᠲᠦᠷᠡᠢ ᠶᠢᠨ ᠠᠷᠤ ᠰᠢᠭᠰᠢᠭ ᠲᠤᠨᠢ ᠯᠠᠨᠽᠢ ᠪᠤᠶᠤ ᠲᠤᠭᠤᠷᠭᠠᠨ ︵d gBrgBn᠂ ᠲᠦᠬᠦᠷᠢᠭ︶ ᠤᠭᠠᠯᠵᠠ᠂ ᠦᠯᠵᠡᠢ ᠤᠳᠠᠰᠤ ᠲᠠᠢ ᠬᠡ ᠤᠭᠠᠯᠵᠠ ᠵᠡᠷᠭᠡ ᠶᠢ ᠱᠠᠭᠯᠠᠳᠠᠭ᠃ ᠬᠤᠸᠠᠷ ᠬᠠᠳᠬᠤᠬᠤ ᠳᠤ ᠡᠷᠪᠡᠬᠡᠢ ᠬᠤᠸᠠᠷ᠂ ᠡᠭᠦᠯᠡᠨ ᠬᠤᠸᠠᠷ ᠵᠡᠷᠭᠡ ᠶᠢ ᠬᠠᠳᠬᠤᠬᠤ ᠨᠢ ᠭᠤᠤᠯᠳᠠᠢ ᠪᠠᠶᠢᠳᠠᠭ᠃      ⑸ᠲᠦᠷᠡᠢ ᠪᠢᠲᠡᠭᠦᠯᠡᠨ᠎ᠡ᠃ ᠲᠦᠷᠡᠢ ᠪᠢᠳᠡᠬᠦᠯᠡᠨ᠎ᠡ ᠬᠡᠳᠡᠭ ᠨᠢ ᠲᠡᠷᠤᠢ ᠲᠦᠷᠡᠢ ᠶᠢᠨ ᠠᠷᠤ ᠭᠤᠤᠯ ᠳᠤᠨᠢ ᠬᠠᠷ᠎ᠠ ᠬᠢᠯᠢᠩ ᠪᠤᠶᠤ ᠦᠩᠭᠡ ᠲᠠᠢ ᠲᠤᠷᠭ᠎ᠠ ᠪᠠᠷ ᠬᠠᠪᠴᠢᠶᠠᠷᠢ ᠪᠠᠷᠢᠵᠤ ᠨᠡᠶᠢᠯᠡᠭᠦᠯᠡᠵᠤ ᠤᠶᠤᠬᠤ ᠶᠢ ᠬᠡᠯᠡᠵᠦ ᠪᠠᠶᠢᠨ᠎ᠠ᠃ ᠬᠠᠪᠴᠢᠶᠠᠷᠢ ᠨᠢ ᠨᠢᠭᠡᠯᠡ ᠪᠠᠶᠢᠳᠠᠭ᠃      ⑹ ᠦᠯᠮᠡᠢ ᠲᠠᠳᠠᠨ᠎ᠠ᠃ ᠦᠯᠮᠡᠢ ᠭᠡᠳᠡᠭ ᠨᠢ ᠨᠤᠭᠤᠭᠠᠨ ᠬᠠᠷᠢᠭᠤ ᠪᠠᠷ ᠪᠦᠭᠡᠷᠡᠩᠬᠡᠢ ᠢᠮᠡᠭᠦᠷᠳᠡᠵᠤ ᠤᠶᠤᠭᠰᠠᠨ 3 ᠲᠤᠭ᠎ᠠ ᠮᠡᠲᠦ ᠬᠡᠯᠪᠡᠷᠢ ᠲᠠᠢ ᠵᠢᠵᠢᠭᠭᠡᠨ ᠵᠦᠢᠯ᠃ ᠡᠬᠦᠨ ᠢ ᠡᠰᠬᠡᠬᠦ ᠪᠠ ᠤᠶᠤᠬᠤ ᠵᠡᠷᠭᠡ ᠨᠢ ᠲᠤᠩ ᠨᠠᠷᠢᠯᠢᠭ ᠪᠠᠶᠢᠳᠠᠭ᠃ ᠲᠤᠮᠳᠠᠬᠢ ᠶᠢ ᠨᠢ ᠦᠯᠮᠡᠢ ᠶᠢᠨ ᠬᠠᠷᠠᠭ᠎ᠠ ᠭᠡᠵᠤ᠂ ᠬᠤᠶᠠᠷ ᠬᠠᠵᠠᠭᠤ ᠶᠢ ᠨᠢ ᠦᠯᠮᠡᠢ ᠶᠢᠨ ᠰᠢᠯᠪᠢ ᠭᠡᠳᠡᠭ᠃ ᠲᠦᠷᠡᠢ ᠶᠢᠨ ᠬᠤᠩᠰᠢᠶᠠᠷ ᠢ ᠲᠦᠷᠡᠢ ᠶᠢᠨ ᠬᠠᠷᠠᠭ᠎ᠠ ᠭᠡᠳᠡᠭ᠃ ᠦᠯᠮᠡᠢ ᠲᠠᠳᠠᠨ᠎ᠠ ᠭᠡᠳᠡᠭ ᠨᠢ ᠲᠠᠷᠤᠢ ᠦᠯᠮᠡᠢ ᠪᠠᠨ ᠲᠦᠷᠡᠢ ᠶᠢᠨ ᠬᠠᠷᠠᠭ᠎ᠠ ᠳᠡᠭᠡᠷ᠎ᠡ ᠲᠠᠷᠤᠭᠤᠯᠵᠤ ᠤᠶᠤᠬᠤ ᠶᠢ ᠬᠡᠯᠡᠵᠤ ᠪᠠᠶᠢᠨ᠎ᠠ᠃ ᠤᠶᠤᠬᠤ ᠳᠠᠭᠠᠨ ᠦᠯᠮᠡᠢ ᠶᠢᠨ ᠬᠠᠷᠠᠭ᠎ᠠ ᠪᠠᠨ ᠲᠦᠷᠡᠢ ᠶᠢᠨ ᠬᠤᠩᠰᠢᠶᠠᠷ ᠤᠨ ᠭᠤᠤᠯ ᠳᠤᠨᠢ ᠲᠠᠭᠠᠷᠠᠭᠤᠯᠵᠦ ᠤᠶᠤᠨ᠎ᠠ᠃ ᠦᠯᠮᠡᠢ ᠶᠢ ᠲᠠᠳᠠᠵᠦ ᠪᠠᠷᠠᠪᠠᠯ ᠲᠠᠷᠤᠢ ᠲᠦᠷᠡᠢ ᠶᠢ ᠤᠶᠤᠵᠤ ᠲᠠᠭᠤᠰᠤᠨ᠎ᠠ᠃      ⒋ ᠭᠤᠲᠤᠯ ᠲᠠᠳᠠᠨ᠎ᠠ᠃ ᠭᠤᠲᠤᠯ ᠲᠠᠳᠠᠨ᠎ᠠ ᠭᠡᠳᠡᠭ ᠨᠢ ᠤᠯᠠ ᠦᠭᠡᠯᠡᠵᠤ᠂ ᠲᠠᠨᠤᠭ᠎ᠠ ᠭᠠᠷᠭᠠᠵᠤ᠂ ᠬᠤᠩᠰᠢᠶᠠᠷ ᠲᠠᠳᠠᠵᠤ᠂ ᠦᠰᠦᠭᠡᠢ ᠭᠠᠷᠭᠠᠵᠤ᠂ ᠲᠦᠷᠡᠢ ᠤᠯᠠ ᠬᠤᠶᠠᠷ ᠢ ᠵᠠᠯᠭᠠᠵᠤ ᠭᠤᠲᠤᠯ ᠢᠶᠠᠨ ᠤᠶᠤᠵᠤ ᠲᠠᠭᠤᠰᠬᠠᠬᠤ ᠪᠦᠬᠦ᠋ᠢᠯᠨ ᠦᠢᠯᠡ ᠤᠶᠤᠳᠠᠯ ᠢ ᠵᠢᠭᠠᠵᠤ ᠪᠠᠶᠢᠬᠤ ᠶᠤᠮ᠃ ᠪᠤᠳᠠᠳᠠᠶᠢᠴᠢᠯᠠᠪᠠᠯ᠄      ⑴ ᠤᠯᠠ ᠦᠭᠡᠯᠡᠨ᠎ᠡ᠃ ᠤᠯᠠ ᠶᠢ ᠬᠦᠮ ᠢᠶᠠᠷ ᠬᠢᠳᠡᠭ᠃ ᠤᠯᠠ ᠡᠰᠭᠡᠬᠦ ᠶᠢ ᠤᠯᠡ ᠦᠭᠡᠯᠡᠨ᠎ᠡ ᠭᠡᠵᠤ ᠬᠡᠯᠡᠳᠡᠭ᠃ ᠤᠯᠡ ᠦᠭᠡᠯᠡᠬᠦ ᠳᠡᠭᠡᠨ᠂ ᠶᠡᠷᠤ ᠶᠢᠨ ᠪᠠᠶᠢᠳᠠᠯ ᠳᠤ᠂ ᠨᠢᠭᠡ ᠲᠤᠬᠤᠢ ᠤᠷᠳᠤ᠂ ᠬᠠᠭᠠᠰ ᠲᠤᠬᠤᠢ ᠦᠷᠭᠡᠨ ᠬᠠᠶᠢᠴᠢᠯᠠᠵᠤ ᠠᠪᠳᠠᠭ᠃ ᠰᠦᠬᠦᠬᠡᠢ ᠭᠤᠲᠤᠯ ᠤᠨ ᠤᠯᠠ ᠨᠢ ᠪᠤᠰᠤᠳ ᠭᠤᠳᠤᠯ ᠤᠨ ᠤᠯᠡ ᠲᠠᠢ ᠠᠳᠠᠯᠢ ᠦᠭᠡᠢ ᠪᠠᠶᠢᠳᠠᠭ᠃ ᠲᠡᠷᠡ ᠨᠢ ᠤᠯᠠ ᠶᠢ ᠨᠢ ᠲᠡᠭᠡᠭᠰᠢ ᠪᠠᠨ ᠮᠠᠳᠠᠶᠢᠯᠭᠠᠵᠤ᠂ ᠲᠦᠷᠡᠢ ᠲᠠᠢ ᠨᠢ ᠨᠡᠶᠢᠯᠡᠭᠦᠯᠵᠤ ᠤᠶᠤᠳᠠᠭ ᠲᠤᠯᠠ ᠡᠰᠭᠡᠬᠦ ᠳᠡᠭᠡᠨ ᠢᠯᠡᠭᠦᠤ ᠬᠠᠶᠢᠴᠢᠯᠠᠵᠤ ᠠᠪᠳᠠᠭ᠃      ⑵ ᠲᠠᠨᠤᠭ᠎ᠠ ᠭᠠᠷᠭᠠᠨ᠎ᠠ᠃ ᠲᠠᠨᠤᠭ᠎ᠠ ᠭᠠᠷᠭᠠᠨ᠎ᠠ ᠭᠡᠳᠡᠭ ᠨᠢ ᠤᠯᠡ ᠶᠢᠨ ᠭᠤᠤᠯ ᠢᠶᠠᠷ ᠨᠤᠭᠤᠯᠠᠵᠤ᠂ ᠬᠤᠩᠰᠢᠶᠠᠷ ᠲᠤᠨᠢ ᠵᠢᠵᠢᠭᠭᠡᠨ ᠭᠤᠷᠪᠠᠯᠵᠢᠨ ᠬᠠᠶᠢᠴᠢᠯᠠᠵᠤ᠂ ᠬᠠᠶᠢᠴᠢᠯᠠᠭᠳᠠᠭᠰᠠᠨ ᠤᠨᠤ ᠶᠢᠨ ᠬᠤᠶᠠᠷ ᠲᠠᠯ᠎ᠠ ᠶᠢ ᠨᠡᠶᠢᠯᠡᠭᠦᠯᠡᠵᠤ ᠤᠶᠤᠬᠤ ᠶᠢ ᠬᠡᠯᠡᠵᠤ ᠪᠠᠶᠢᠨ᠎ᠠ᠃ ᠢᠩᠬᠢᠵᠤ ᠤᠯᠡ ᠶᠢᠨ ᠬᠤᠩᠰᠢᠶᠠᠷ ᠢ ᠪᠠᠭ᠎ᠠ ᠬᠠᠰᠤᠵᠤ ᠤᠶᠤᠭᠰᠠᠨ ᠬᠡᠰᠡᠭ ᠢᠶᠠᠨ ᠲᠠᠨᠤᠭ᠎ᠠ ᠭᠡᠳᠡᠭ᠃      ⑶ ᠬᠤᠩᠰᠢᠶᠠᠷ ᠲᠠᠳᠠᠨ᠎ᠠ᠃ ᠦᠯᠮᠡᠢ ᠦᠭᠡᠳᠡ ᠭᠤᠳᠤᠯ ᠲᠠᠳᠠᠨ᠎ᠠ ᠭᠡᠵᠤ ᠴᠦ ᠬᠡᠯᠡᠳᠡᠭ᠃ ᠡᠭᠦᠨ ᠳᠤ᠄      ① ᠦᠯᠮᠡᠢ ᠦᠭᠡᠳᠡ ᠲᠠᠳᠠᠬᠤ ᠬᠤᠩᠰᠢᠶᠠᠷ ᠢ ᠬᠡᠮᠵᠢᠶᠡᠯᠡᠵᠦ᠂ ᠦᠯᠮᠡᠢ ᠶᠢᠨ ᠬᠤᠶᠠᠷ ᠰᠢᠯᠪᠢ ᠶᠢᠨ ᠦᠨᠴᠤᠭ᠌ ᠪᠠ ᠦᠯᠮᠡᠢ ᠶᠢᠨ ᠬᠠᠷᠠᠭ᠎ᠠ ᠳᠤ ᠲᠤᠰᠪᠤᠷᠢ ᠨᠢᠭᠡ ᠵᠡᠬᠦᠦ ᠰᠢᠳᠡᠵᠦ ᠲᠤᠷᠭᠤᠭᠠᠨ᠎ᠠ᠃      ② ᠤᠯᠡ ᠶᠢ ᠦᠯᠮᠡᠢ ᠦᠭᠡᠳᠡ ᠴᠢᠩᠭ᠎ᠠ ᠲᠠᠳᠠᠵᠤ᠂ ᠦᠯᠮᠡᠢ ᠳᠡᠭᠡᠨ ᠰᠢᠩᠭᠡᠭᠡᠵᠤ ᠤᠶᠤᠨ᠎ᠠ᠃ ᠡᠭᠦᠨ ᠳᠤ᠂ ᠦᠯᠮᠡᠢ ᠶᠢᠨ ᠬᠠᠷᠠᠭ᠎ᠠ ᠠᠴᠠ ᠡᠬᠢᠯᠡᠵᠤ᠂ ᠬᠤᠶᠠᠷ ᠲᠡᠰᠢ ᠨᠢ ᠤᠶᠤᠬᠤ ᠪᠦᠭᠡᠳ ᠲᠤᠮᠤ ᠭᠤᠲᠤᠯ ᠪᠤᠯ ᠲᠠᠯ᠎ᠠ ᠪᠦᠷᠢ ᠳᠤᠨᠢ ᠤᠯᠡ ᠪᠠᠨ ᠭᠤᠷᠪᠠ ᠭᠤᠷᠪᠠ ᠨᠤᠭᠤᠯᠠᠭ᠎ᠠ ᠪᠠᠷ ᠬᠤᠮᠢᠵᠤ ︵ᠬᠤᠨᠢᠵᠤ︶ ᠦᠯᠮᠡᠢ ᠦᠭᠡᠳᠡ ᠲᠠᠳᠠᠬᠤ ᠪᠦᠭᠡᠳ ᠦᠯᠮᠡᠢ ᠳᠤ ᠰᠢᠩᠭᠡᠭᠡᠨ ︵ᠪᠠᠭ᠎ᠠ ᠭᠤᠲᠤᠯ ᠪᠤᠯ ᠪᠠᠶᠢᠳᠠᠯ ᠵᠶᠠᠨ ᠦᠵᠡᠵᠤ ᠰᠢᠩᠭᠡᠭᠡᠨ᠎ᠡ︶ ᠨᠡᠪᠲᠡᠯᠵᠡᠭᠡᠵᠦ ᠤᠶᠤᠨ᠎ᠠ᠃ ᠨᠡᠪᠳᠡᠯᠵᠡᠭᠡᠵᠦ ᠤᠶᠤᠨ᠎ᠠ ᠬᠡᠳᠡᠭ ᠨᠢ ᠤᠶᠤᠬᠤ ᠬᠤᠶᠠᠷ ᠡᠳ᠋ ᠶᠢ ᠵᠡᠷᠭᠡᠴᠡᠬᠦᠯᠦᠨ ᠪᠠᠷᠢᠵᠦ᠂ ᠵᠡᠬᠦᠦ ᠪᠠᠨ ᠨᠠᠭᠠᠨ᠎ᠠ ᠠᠴᠠ ᠨᠢ ᠴᠠᠭᠠᠰᠢ ᠨᠠᠪᠳᠡ ᠬᠠᠳᠬᠤᠵᠦ ᠴᠠᠭᠠᠨ᠎ᠠ ᠨᠢ ᠤᠳᠠᠰᠤ ᠵᠡᠬᠦᠦ ᠪᠠᠨ ᠲᠠᠳᠠᠯᠠᠭᠠᠳ᠂ ᠲᠠᠬᠢᠵᠦ ᠴᠠᠭᠠᠨ᠎ᠠ ᠠᠴᠠ ᠨᠢ ᠨᠠᠭᠠᠰᠢ ᠮᠥᠨ ᠠᠳᠠᠯᠢ ᠶᠤᠰᠤ ᠪᠠᠷ ᠤᠶᠤᠬᠤ ᠶᠢ ᠬᠡᠯᠡᠵᠦ ᠪᠠᠶᠢᠨ᠎ᠠ᠃ ᠰᠢᠩᠭᠡᠭᠡᠯᠲᠡ ᠨᠢᠭᠡᠪᠤᠷᠢ ᠶᠢᠨ ᠬᠤᠭᠤᠷᠤᠨᠳᠤᠬᠢ ᠵᠠᠢ ᠨᠢ ᠬᠤᠷᠤᠭᠤ ᠬᠢᠷᠢᠳᠠᠢ ᠪᠠᠶᠢᠳᠠᠭ᠃      ③ ᠬᠤᠨᠢᠵᠦ ᠦᠮᠦ᠋ᠢᠭᠰᠡᠨ ᠢ ᠨᠢ ᠡᠪᠯᠢᠭ ᠪᠤᠯᠭᠠᠬᠤ ᠭᠡᠵᠤ᠂ ᠬᠦᠨᠳᠡᠯᠡᠨ ᠢᠶᠠᠷ ᠰᠢᠷᠪᠤᠰᠤ ᠬᠦᠶᠦᠯᠬᠡᠨ᠎ᠡ᠃ ᠲᠠᠷᠤᠢ ᠰᠢᠷᠪᠤᠰᠤᠨ ᠤᠳᠠᠰᠤ ᠪᠠᠨ ᠬᠦᠮ ᠤᠨ ᠵᠠᠪᠰᠠᠷ ᠢᠶᠠᠷ ᠨᠢ ᠬᠤᠷᠤᠭᠤ ᠵᠠᠶᠢᠳᠠᠢ ᠪᠠᠷ ᠬᠦᠶᠦᠯᠬᠡᠨ ᠬᠠᠳᠬᠤᠵᠦ ᠤᠶᠤᠨ᠎ᠠ᠃ ᠡᠬᠦᠨ ᠳᠤ᠂ ᠤᠷᠢᠳᠠᠪᠠᠷ ᠲᠤᠳᠤᠷᠠᠬᠢ ᠶᠢ ᠨᠢ᠂ ᠲᠠᠷᠠᠭ᠎ᠠ ᠨᠢ ᠭᠠᠳᠠᠨ᠎ᠠ ᠨᠢ ᠮᠦᠨ ᠠᠳᠠᠯᠢ ᠠᠷᠭ᠎ᠠ ᠪᠠᠷ ᠰᠢᠷᠪᠤᠰᠤ ᠭᠦᠶᠦᠯᠭᠡᠨ᠎ᠡ᠃      ⑷ ᠦᠰᠦᠭᠡᠢ ᠭᠠᠷᠭᠠᠨ᠎ᠠ᠃ ᠦᠰᠦᠭᠡᠢ ᠶᠢ ᠭᠦᠬᠡᠢ ︵xugii︶ ᠭᠡᠳᠡᠭ᠃ ᠦᠰᠦᠭᠡᠢ ᠶᠢ ᠳᠠᠩ ᠦᠰᠦᠭᠡᠢ᠂ ᠲᠠᠪᠬᠤᠷ ᠦᠰᠦᠭᠡᠢ ᠭᠡᠵᠤ ᠬᠤᠶᠠᠷ ᠶᠠᠩᠵᠤ ᠪᠠᠷ ᠭᠠᠷᠭᠠᠵᠤ ᠪᠤᠯᠳᠠᠭ᠃ ᠳᠠᠪᠬᠤᠷ ᠦᠰᠦᠭᠡᠢ ᠶᠢ ᠬᠠᠶᠢᠴᠢᠯᠠᠬᠤ ᠪᠤᠶᠤ ᠵᠦᠰᠤᠵᠤ ᠭᠠᠷᠭᠠᠳᠠᠭ᠃ ᠲᠠᠩ ᠦᠰᠦᠭᠡᠢ ᠶᠢ ᠬᠤᠩᠬᠢᠵᠦ ᠭᠠᠷᠭᠠᠳᠠᠭ᠃ ᠤᠷᠢᠳᠠᠪᠡᠷ ᠡᠷᠬᠡᠪᠡᠰᠢ ᠬᠦᠮ ᠢᠶᠠᠨ ᠰᠠᠶᠢᠳᠤᠷ ᠲᠡᠪᠲᠤᠭᠡᠵᠦ ᠵᠦᠭᠡᠯᠡᠷᠡᠬᠦᠯᠬᠦ ᠬᠡᠷᠡᠭᠲᠠᠢ᠃ ᠤᠯᠠᠩᠬᠢ ᠳᠠᠭᠠᠨ ᠴᠠᠢ ᠶᠢᠨ ᠰᠢᠭᠠᠷᠦ ᠲᠤᠳᠤᠷ᠎ᠠ ᠲᠡᠪᠳᠦᠭᠡᠳᠡᠭ᠃ ᠦᠰᠦᠭᠡᠢ ᠶᠢ ᠤᠯᠡ ᠶᠢᠨ ᠠᠷᠤ ᠲᠠᠯ᠎ᠠ ᠳᠤ ᠭᠠᠷᠭᠠᠳᠠᠭ᠃ ᠡᠭᠦᠨ ᠳᠤ᠄      ① ᠤᠯᠡ ᠶᠢᠨ ᠤᠷᠲᠤ ᠶᠢᠨ ᠬᠡᠮᠵᠢᠶ᠎ᠡ ᠶᠢ ᠠᠪᠤᠨ᠎ᠠ᠃ ᠬᠡᠮᠵᠢᠬᠦ ᠳᠡᠭᠡᠨ ᠤᠯᠡ ᠪᠠᠨ ᠲᠦᠷᠡᠢ ᠶᠢᠨ ᠬᠤᠩᠰᠢᠶᠡᠷ ᠲᠠᠢ ᠨᠢ ᠬᠡᠮᠵᠢᠵᠤ ᠲᠡᠮᠲᠡᠭᠯᠡᠭᠡᠳ᠂ ᠬᠡᠮᠵᠢᠭᠰᠡᠨ ᠲᠡᠷᠡ ᠬᠡᠰᠡᠭ ᠲᠤ ᠬᠦᠨᠳᠡᠯᠡᠨ ᠢᠶᠠᠷ ᠵᠦᠰᠤᠵᠤ ︵ᠡᠰᠡᠬᠦᠯ᠎ᠡ ᠬᠠᠶᠢᠴᠢᠯᠠᠵᠦ︶᠂ ᠵᠦᠰᠦᠭᠰᠡᠨ ᠢᠶᠠᠨ ᠦᠭᠡᠯᠡᠨ᠎ᠡ᠃      ② ᠲᠡᠭᠡᠭᠡᠳ ᠲᠡᠪᠬᠡ ᠭᠠᠷᠭᠠᠵᠤ᠂ ᠲᠡᠪᠬᠡ ᠪᠠᠨ ᠨᠡᠪᠲᠡᠯᠵᠡᠭᠡᠵᠤ ᠤᠶᠤᠨ᠎ᠠ᠃      ③ ᠲᠡᠪᠬᠡ ᠶᠢᠨ ᠳᠡᠭᠡᠳᠦ ᠲᠠᠯ᠎ᠠ ᠶᠢᠨ ᠵᠠᠯᠭᠠᠵᠤ ᠪᠤᠢ ᠠᠩᠭᠠᠷᠬᠠᠢ ᠶᠢ ᠨᠡᠶᠢᠯᠡᠭᠦᠯᠵᠤ ᠤᠶᠤᠨ᠎ᠠ᠃ ᠡᠨᠡ ᠨᠢ ᠲᠠᠪᠬᠤᠷ ᠦᠰᠦᠭᠡᠢ ᠶᠢᠨ ᠲᠤᠳᠤᠷ ᠦᠰᠦᠭᠡᠢ ᠪᠤᠯᠳᠠᠭ᠃      ④ ᠭᠠᠳᠠᠷ ᠦᠰᠦᠭᠡᠢ ᠪᠠᠨ ᠲᠡᠭᠡᠭᠰᠢ ᠮᠠᠳᠠᠵᠦ᠂ ᠲᠤᠳᠤᠷ ᠦᠰᠦᠭᠡᠢ ᠲᠡᠭᠡᠷ᠎ᠡ ᠪᠠᠨ ᠲᠠᠪᠬᠤᠷᠯᠠᠵᠤ ᠤᠶᠤᠨ᠎ᠠ᠃ ᠡᠭᠦᠨ ᠳᠤ᠂ ᠲᠤᠮᠳᠠ ᠠᠴᠠ ᠡᠬᠢᠯᠡᠵᠤ ᠦᠷᠦᠭᠡᠰᠤᠯ ᠲᠡᠰᠢ ᠨᠢ ᠬᠠᠯᠢᠮᠯᠠᠨ ᠨᠡᠪᠳᠡᠯᠵᠡᠭᠡᠵᠦ ᠤᠶᠤᠭᠠᠳ᠂ ᠤᠷᠪᠠᠭᠤᠯᠵᠤ ᠲᠤᠳᠤᠷᠠᠬᠢ ᠶᠢ ᠨᠢ ᠤᠶᠤᠭᠠᠳ᠂ ᠲᠠᠬᠢᠵᠤ ᠤᠷᠪᠠᠭᠤᠯᠵᠤ ᠭᠠᠳᠠᠷᠬᠢ ᠶᠢ ᠨᠢ ᠲᠤᠤᠷ᠎ᠡ ᠠᠴᠠ ᠨᠢ ᠭᠤᠤᠯ ᠳᠤᠮᠳᠠ ᠲᠡᠰᠢ ᠨᠢ ᠮᠦᠨ ᠬᠠᠯᠢᠮᠯᠠᠨ ᠨᠠᠪᠲᠡᠯᠵᠡᠭᠡᠵᠦ ᠤᠶᠤᠨ᠎ᠠ᠃ ᠢᠩᠬᠢᠪᠡᠯ ᠲᠠᠪᠬᠤᠷ ᠦᠰᠦᠭᠡᠢ ᠭᠠᠷᠴᠢᠬᠠᠳᠠᠭ᠃      ⑤ ᠭᠤᠳᠤᠯ ᠵᠠᠯᠭᠠᠨ᠎ᠠ᠃ ᠡᠨᠡ ᠨᠢ ᠲᠦᠷᠡᠢ ᠪᠠ ᠤᠯᠡ ᠪᠠᠨ ᠨᠡᠶᠢᠯᠡᠭᠦᠯᠤᠨ ᠵᠠᠯᠭᠠᠵᠤ ᠤᠶᠤᠬᠤ ᠶᠢ ᠬᠡᠯᠡᠵᠤ ᠪᠤᠢ᠃ ᠤᠯᠡ ᠲᠦᠷᠡᠢ ᠬᠤᠶᠠᠷ ᠤᠨ ᠵᠠᠯᠭᠠᠭᠠᠰᠤ ᠶᠢ ᠭᠤᠲᠤᠯ ᠤᠨ ᠵᠠᠯᠭᠠᠭ᠎ᠠ ᠭᠡᠬᠦ ᠪᠤᠶᠤ ᠵᠠᠯᠭᠠᠭ᠎ᠠ ᠭᠡᠳᠡᠭ᠃ ᠤᠯᠡ ᠲᠦᠷᠡᠢ ᠬᠤᠶᠠᠷ ᠤᠨ ᠵᠠᠯᠭᠠᠭ᠎ᠠ ᠶᠢ ᠤᠶᠤᠬᠤ ᠳᠤ ᠤᠷᠢᠳᠠᠪᠡᠷ ᠠᠷᠤ ᠭᠤᠤᠯ ᠳᠤᠨᠢ ᠲᠦᠷᠡᠢ ᠤᠯᠡ ᠪᠠᠨ ᠨᠡᠶᠢᠯᠡᠭᠦᠯᠤᠨ ᠨᠢᠭᠡ ᠬᠤᠶᠠᠷ ᠵᠡᠬᠦᠦ ᠰᠢᠳᠡᠵᠤ᠂ ᠳᠠᠷᠠᠭ᠎ᠠ ᠨᠢ ᠬᠠᠷᠠᠭ᠎ᠠ ᠠᠴᠠ ᠨᠢ ᠡᠬᠢᠯᠡᠵᠤ ᠬᠤᠶᠠᠷ ᠲᠡᠰᠢ ᠨᠢ ᠨᠡᠪᠳᠡᠯᠵᠡᠭᠡᠵᠦ ᠤᠶᠤᠨ᠎ᠠ᠃      ⑥ ᠭᠤᠲᠤᠯ ᠬᠡᠪᠯᠡᠨ᠎ᠡ᠃ ᠭᠤᠲᠤᠯ ᠬᠡᠪᠯᠡᠨ᠎ᠡ ᠭᠡᠳᠡᠭ ᠨᠢ ᠭᠤᠲᠤᠯ ᠲᠤᠲᠤᠷ᠎ᠠ ᠦᠨᠡᠰᠦ ᠴᠢᠬᠢᠵᠤ᠂ ᠰᠠᠯᠬᠢ ᠨᠡᠪᠲᠡᠷᠡᠬᠦ ᠰᠡᠷᠢᠭᠦᠨ ᠭᠠᠵᠠᠷ 6 — 7 ᠡᠳᠤᠷ ᠲᠠᠯᠪᠢᠵᠤ᠂ ᠭᠤᠲᠤᠯ ᠤᠨ ᠤᠶᠤᠳᠠᠯ ᠢ ᠵᠠᠰᠠᠵᠤ ᠬᠡᠪ ᠤᠷᠤᠭᠤᠯᠬᠤ  ᠶᠢ ᠬᠡᠯᠡᠵᠤ ᠪᠠᠶᠢᠨ᠎ᠠ᠃ ᠡᠭᠦᠨ ᠳᠤ ᠡᠬᠢᠨ ᠤ ᠡᠳᠦᠷ ᠨᠢ ᠤᠯᠠ ᠶᠢᠨ ᠬᠦᠮ ᠢ ᠡᠪᠡᠷᠡᠭᠡᠵᠦ᠂ 2 — 3 ᠳ᠋ᠤᠭᠠᠷ ᠡᠳᠤᠷ ᠠᠴᠠ ᠡᠬᠢᠯᠡᠵᠤ᠂ ᠡᠳᠤᠷ ᠪᠦᠷᠢ ᠬᠡᠳᠦ ᠤᠳᠠᠭ᠎ᠠ ᠬᠠᠪᠲᠠᠭᠠᠢ ᠪᠤᠶᠤ ᠪᠦᠭᠡᠷᠡᠩᠭᠡᠢ ᠲᠡᠮᠦᠷ ᠢᠶᠠᠷ ᠦᠨᠡᠰᠦ ᠶᠢ ᠲᠦᠯᠬᠢᠵᠤ ᠲᠡᠭᠰᠢᠯᠡᠨ ᠭᠤᠲᠤᠯ ᠤᠨ ᠬᠡᠪ ᠤᠷᠤᠭᠤᠯᠵᠤ ᠵᠠᠰᠠᠳᠠᠭ᠃ ᠬᠦᠮ ᠤᠯᠡ ᠨᠢ ᠬᠠᠳᠠᠵᠤ᠂ ᠲᠦᠷᠡᠢ ᠨᠢ ᠲᠡᠭᠰᠢ ᠰᠠᠶᠢᠬᠠᠨ ᠪᠤᠯᠵᠤ᠂ ᠲᠦᠷᠡᠢ ᠤᠯᠡ ᠬᠤᠶᠠᠷ ᠤᠨ ᠵᠠᠯᠭᠠᠭ᠎ᠠ ᠶᠢᠨ ᠤᠶᠤᠳᠠᠯ ᠨᠢ ᠲᠤᠯᠢᠭᠠᠷ ᠪᠤᠯᠵᠤ᠂ ᠭᠤᠲᠤᠯ ᠨᠢ ᠬᠡᠪ ᠲᠡᠭᠡᠨ ᠤᠷᠤᠪᠠᠯ ᠲᠠᠷᠤᠢ ᠡᠮᠤᠰᠴᠦ ᠪᠤᠯᠤᠨ᠎ᠠ᠃ ᠪᠦᠰ ᠲᠦᠷᠡᠶᠢᠳᠡᠢ ᠬᠦᠮ ᠭᠤᠳᠤᠯ ᠢ ᠲᠠᠩ ᠤᠶᠢᠮᠤᠰᠤ ᠪᠠ ᠲᠠᠩ ᠪᠦᠰ ᠤᠷᠢᠶᠠᠯᠳᠠ ᠲᠠᠢ ᠡᠮᠦᠰᠴᠦ᠂ ᠬᠦᠳᠦᠰᠦᠨ ᠲᠦᠷᠡᠶᠢᠳᠡᠢ ᠬᠦᠮ ᠭᠤᠳᠤᠯ ᠢ ᠢᠰᠡᠭᠡᠢ ᠤᠶᠢᠮᠤᠰᠤ ᠲᠠᠢ ᠡᠮᠦᠰᠳᠡᠭ᠃ ᠰᠦᠬᠦᠬᠡᠢ ᠭᠤᠲᠤᠯ ᠳᠤ ᠵᠡᠭᠦᠨ ᠪᠠᠷᠠᠭᠤᠨ ᠬᠦᠯ ᠤᠨ ᠢᠯᠭᠠᠭ᠎ᠠ ᠦᠭᠡᠢ᠂ ᠨᠢᠭᠡ ᠬᠤᠤᠰ ᠭᠤᠲᠤᠯ ᠠᠪ ᠠᠳᠠᠯᠢ ᠪᠠᠶᠢᠳᠠᠭ᠃ ᠰᠦᠬᠦᠬᠡᠢ ᠭᠤᠳᠤᠯ ᠨᠢ ᠡᠮᠦᠰᠬᠦ ᠳᠤ ᠡᠪᠯᠢᠭ ᠬᠦᠩᠭᠡᠨ ᠮᠦᠷᠳᠡᠭᠡᠨ ᠲᠤᠯᠠᠭᠠᠨ᠂ ᠬᠦᠯ ᠤᠨ ᠤᠯᠡ ᠠᠴᠠ ᠴᠢᠭᠢᠭᠳᠡᠬᠦ ᠶᠢ ᠰᠡᠷᠭᠡᠶᠢᠯᠡᠬᠦ ᠴᠢᠳᠠᠮᠵᠢᠳᠠᠢ ᠪᠠᠶᠢᠳᠠᠭ᠃ ᠬᠡᠷᠡᠭᠰᠡᠬᠦ ᠮᠠᠲ᠋ᠧᠷᠢᠶᠠᠯ ᠤᠨ ᠤᠯᠠᠩᠭᠢ ᠶᠢ ᠨᠢ ᠦᠪᠡᠷᠰᠡᠳ ᠢᠶᠠᠨ ᠪᠤᠯᠪᠠᠰᠤᠷᠠᠭᠤᠯᠳᠠᠭ ᠲᠤᠯᠠ ᠬᠠᠩᠰᠢ ᠨᠢ ᠬᠢᠮᠳᠠ᠂ ᠴᠦᠮ ᠭᠠᠷ ᠢᠶᠠᠷ ᠤᠶᠤᠵᠦ ᠪᠦᠳᠦᠭᠡᠳᠡᠭ ᠪᠤᠯᠬᠤᠷ ᠭᠤᠶᠤ ᠪᠠᠶᠢᠳᠠᠭ᠃ ᠤᠷᠢᠳᠤ ᠳᠠᠭᠠᠨ ᠪᠠᠷᠭᠤᠴᠤᠳ ᠨᠡᠶᠢᠳᠡᠮ ᠰᠦᠬᠦᠬᠡᠢ ᠭᠤᠳᠤᠯ ᠡᠮᠦᠰᠳᠡᠭ ᠪᠠᠶᠢᠭᠰᠠᠨ ᠪᠦᠭᠡᠳ ᠡᠬᠦᠨ ᠤ ᠲᠤᠬᠠᠢ ᠮᠠᠭᠳᠠᠨ ᠲᠠᠭᠤᠯᠠᠭᠰᠠᠨ ᠠᠷᠠᠳ ᠤᠨ ᠲᠠᠭᠤᠤ ᠴᠦ ᠴᠦᠭᠡᠨ ᠪᠤᠰᠤ ᠪᠠᠶᠢᠯ᠎ᠠ ᠬᠡᠨ᠎ᠡ᠃ ᠬᠤᠵᠢᠮ ᠨᠢ ᠤᠯᠠᠨ ᠶᠠᠩᠵᠦ ᠶᠢᠨ ᠬᠤᠳᠠᠯᠳᠤᠭᠠᠨ ᠤ ᠭᠤᠳᠤᠯ ᠠᠪᠴᠦ ᠡᠮᠦᠰᠬᠦ ᠶᠢ ᠲᠠᠭᠠᠯᠳᠤᠨ ᠰᠦᠬᠦᠬᠡᠢ ᠭᠤᠳᠤᠯ ᠡᠮᠦᠰᠬᠦ ᠨᠢ ᠴᠦᠭᠡᠷᠡᠭᠰᠠᠨ ᠠᠴᠠ ᠲᠠᠭᠤᠤ ᠨᠤᠭᠤᠳ ᠨᠢ ᠴᠦ ᠮᠠᠷᠳᠠᠭᠳᠠᠵᠦ ᠤᠷᠭᠢᠭᠳᠠᠪᠠ᠃ ᠠᠳᠡ ᠤᠯᠳᠠᠭᠰᠠᠨ ᠠᠴᠠ ᠨᠢᠭᠡ ᠶᠢ ᠰᠡᠶᠢᠷᠡᠬᠦᠯᠪᠠᠯ᠄ ᠳ᠋ᠠᠯᠢᠩ ᠲᠦᠷᠡᠶᠢᠳᠡᠢ ᠬᠦᠬᠦᠭᠡᠢ ᠨᠢ ᠲᠠᠪᠬᠤᠷ ᠨᠠᠢᠮᠠᠨ ᠤᠭᠠᠯᠵᠠ ᠲᠠᠢ ᠲᠠᠪᠬᠤᠷ ᠨᠠᠢᠮᠠᠨ ᠤᠭᠠᠯᠵᠠ ᠨᠢ ᠳ᠋ᠠᠷᠢᠮ᠎ᠠ ᠠᠵᠢ ︵BBdVi ᠬᠡᠵᠦ ᠠᠪᠢᠶᠠᠯᠠᠳᠠᠭ᠂ ᠡᠭᠡᠴᠢ︶ ᠶᠢᠨ ᠬᠤᠷᠤᠭᠤ ᠳ᠋ᠠ      ᠰᠢᠷᠢᠮᠡᠯ ᠲᠦᠷᠡᠶᠢᠳᠡᠢ ᠬᠦᠬᠦᠬᠡᠢ ᠨᠢ      ᠰᠢᠭᠰᠢᠭ ᠨᠠᠢᠮᠠᠨ ᠤᠭᠠᠯᠵᠠ ᠲᠠᠢ      ᠰᠢᠭᠰᠢᠭ ᠨᠠᠢᠮᠠᠨ ᠤᠭᠠᠯᠵᠠ ᠨᠢ      ᠰᠢᠪᠰᠢᠩ ︵ᠴᠢᠪᠴᠢᠨ ᠤᠪᠤᠭ︶ ᠠᠵᠢ ᠶᠢᠨ ᠬᠤᠷᠤᠭᠤ ᠳ᠋ᠠᠲᠠᠪᠤᠤ ᠲᠦᠷᠡᠶᠢᠳᠡᠢ ᠬᠦᠬᠦᠬᠡᠢ ᠨᠢ ᠵᠤᠨ ᠳᠠᠭᠠᠨ ᠡᠮᠦᠰᠬᠦ ᠳᠤ ᠰᠡᠷᠢᠬᠦᠨ ᠳ᠋ᠠ ᠬᠦᠳᠦᠰᠤᠨ ᠲᠦᠷᠡᠶᠢᠳᠡᠢ ᠬᠦᠬᠦᠭᠡᠢ ᠨᠢ ᠬᠦᠳᠡᠭᠡ ᠡᠮᠦᠰᠬᠦ ᠳᠤ ᠲᠤᠯᠠᠭᠠᠨ ᠳ᠋ᠠ      ᠲᠤᠰ ᠲᠠᠭᠤᠤ ᠨᠢ ᠬᠤᠶᠠᠷ ᠵᠠᠭᠤᠭᠠᠳ ᠵᠢᠯ ᠤᠨ ᠡᠮᠦᠨ᠎ᠡ ᠲᠤᠯᠤᠨ ᠨᠠᠭᠤᠷ ᠤᠨ ᠲᠠᠶᠢᠨ ᠳᠤ ᠰᠦᠬᠦᠬᠡᠢ ᠭᠤᠳᠤᠯ ᠢᠶᠠᠨ ᠡᠮᠦᠰᠴᠦ ᠶᠠᠪᠤᠭᠰᠠᠨ ᠬᠠᠭᠤᠴᠢᠨ ᠪᠠᠷᠭᠤ ᠴᠡᠷᠢᠭ ᠡᠷ᠎ᠡ ᠨᠤᠳᠤᠭ ᠤᠰᠤ ᠪᠠᠨ ᠰᠠᠨᠠᠬᠤ ᠳᠠᠭᠠᠨ ᠲᠠᠭᠤᠯᠠᠭᠰᠠᠨ ᠲᠠᠭᠤᠤ ᠬᠡᠨ᠎ᠡ᠃ ᠡᠬᠦᠨ ᠠᠴᠠ ᠭᠠᠳᠠᠨ᠎ᠠ᠂ ᠬᠠᠭᠤᠴᠢᠨ ᠪᠠᠷᠭᠤ ᠠᠷᠠᠳ ᠤᠨ ᠠᠮᠠᠨ ᠵᠤᠬᠢᠶᠠᠯ ᠳᠤ ᠴᠦ ᠰᠦᠬᠦᠬᠡᠢ ᠭᠤᠳᠤᠯ ᠢᠶᠠᠨ ᠮᠠᠭᠳᠠᠨ ᠤᠶᠠᠩᠭᠠᠯᠠᠭᠰᠠᠨ ᠬᠡᠯᠡᠯᠭᠡ ᠴᠦᠭᠡᠨ ᠪᠤᠰᠤ ᠪᠠᠶᠢᠳᠠᠭ᠃ ᠲᠤᠬᠠᠶᠢᠯᠠᠪᠠᠯ᠂ ᠬᠠᠭᠤᠴᠢᠨ ᠪᠠᠷᠭᠤ ᠶᠢᠨ ᠪᠠᠭᠠᠳᠤᠷᠯᠢᠭ ᠲᠤᠤᠯᠢ ︽ᠠᠯᠳᠠᠨ ᠭᠠᠯᠠᠭᠤ︾ ᠳᠤ᠄ ︽ᠠᠯᠳᠠᠨ ᠭᠠᠯᠠᠭᠤ ᠬᠦᠦ᠂ ᠠᠰᠠᠷᠦ ᠤᠷᠳᠤᠨ ᠳᠠᠭᠠᠨ ᠤᠷᠤᠵᠦ᠂ ᠬᠦᠨᠳᠦ ᠲᠤᠭᠤᠯᠠᠭ᠎ᠠ ᠪᠠᠨ ᠡᠮᠦᠰᠴᠦ᠂ ᠬᠦᠬᠦᠭᠡᠢ ︵ᠬᠦᠮ︶ ᠭᠤᠳᠤᠯ ᠢᠶᠠᠨ ᠢᠰᠬᠦᠯᠵᠦ︾ ᠬᠡᠬᠦ ᠵᠡᠷᠭᠡ ᠬᠡᠯᠡᠯᠭᠡ ᠪᠤᠢ᠃      ᠬᠤᠷᠢᠶᠠᠩᠭᠤᠶᠢᠯᠠᠪᠠᠯ᠂ ᠤᠷᠢᠳᠤ ᠠᠴᠠ ᠤᠯᠠᠮᠵᠢᠯᠠᠯ ᠲᠠᠢ ᠰᠦᠬᠦᠬᠡᠢ ᠭᠤᠳᠤᠯ ᠢᠶᠠᠨ ᠪᠠᠷᠭᠤᠴᠤᠳ ᠤᠳᠤ ᠴᠦ ᠮᠥᠨ ᠤᠶᠤᠵᠤ ᠪᠦᠳᠦᠭᠡᠵᠦ ᠪᠠᠶᠢᠬᠤ ᠪᠦᠭᠡᠳ ᠤᠶᠤᠩᠭᠤᠯᠠᠨ ᠡᠮᠦᠰᠴᠦ ᠪᠠᠶᠢᠬᠤ ᠶᠤᠮ᠃ ᠪᠠᠷᠭᠤ ᠪᠦᠰᠡᠬᠦ᠋ᠢᠴᠤᠳ ᠭᠤᠳᠤᠯ ᠤᠨ ᠰᠤᠶᠤᠯ ᠢ ᠦᠶ᠎ᠡ ᠵᠠᠯᠭᠠᠨ ᠠᠴᠢᠶᠠᠯᠠᠵᠦ᠂ ᠤᠯᠠᠮᠵᠢᠯᠠᠵᠦ ᠢᠷᠡᠭᠰᠡᠨ ᠪᠦᠭᠡᠳ ᠤᠶᠤᠳᠠᠯ ᠬᠢᠬᠦ ᠰᠡᠳᠬᠢᠴᠨ ᠨᠢ ᠤᠷᠠᠨ᠂ ᠭᠤᠳᠤᠯ ᠲᠠᠳᠠᠬᠤ ᠤᠨᠴᠠᠯᠢᠭ ᠨᠢ ᠦᠪᠡᠷᠮᠢᠴᠡ ᠪᠠᠶᠢᠳᠠᠭ᠃ ᠪᠠᠷᠭᠤ ᠪᠦᠰᠡᠬᠦ᠋ᠢᠴᠦᠳ ᠤᠨ ᠤᠷᠠᠯᠠᠵᠦ ᠤᠶᠤᠭᠰᠠᠨ ᠰᠦᠬᠦᠬᠡᠢ ᠭᠤᠳᠤᠯ ᠨᠢ ᠰᠤᠶᠤᠯ ᠤᠨ ᠦᠷᠳᠡᠭ ᠪᠦᠬᠦᠢ ᠭᠤᠴᠦ ᠪᠦᠳᠦᠭᠡᠯ ᠪᠤᠯᠬᠤ ᠶᠤᠮ᠃      ᠬᠦᠯᠦᠨ ᠪᠤᠶᠢᠷ ᠲᠡᠭᠡᠳᠦ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠲᠡᠭᠡᠳᠦ ᠰᠤᠷᠭᠠᠭᠤᠯᠢ ᠶᠢᠨ ᠲᠡᠳ᠋ ᠫᠷᠤᠹᠧᠰᠰᠤᠷ      ᠰ᠊· ᠬᠠᠰᠳᠤᠶᠠᠭ᠎ᠠ                      
 
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠦᠨᠳᠦᠰᠦᠳᠡᠨ ᠤ ᠲᠤᠮᠳᠠᠳᠤ ᠰᠤᠷᠭᠠᠭᠤᠯᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号